ᠰᠢᠨ ᠰᠢᠶᠣᠤ(ᠰᠢᠨᠱᠣᠸᠠᠷ) - ᠴᠠᠭᠠᠨᠪᠠᠷᠰShin shyao(Shnshovaar)-TsagaanbarШин шяо(Шншоваар)-Цагаанбар ᠠᠷᠠᠳ ᠤᠨ ᠳᠠᠭᠤᠤ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠰᠢᠨ ᠰᠢᠶᠣᠤ(ᠰᠢᠨᠱᠣᠸᠠᠷ) - ᠴᠠᠭᠠᠨᠪᠠᠷᠰShin shyao(Shnshovaar)-TsagaanbarШин шяо(Шншоваар)-Цагаанбар

ᠰᠢᠨ ᠰᠢᠶᠣᠤ(ᠰᠢᠨᠱᠣᠸᠠᠷ) - ᠴᠠᠭᠠᠨᠪᠠᠷᠰShin shyao(Shnshovaar)-TsagaanbarШин шяо(Шншоваар)-Цагаанбар

2025-10-14

7

ᠰᠢᠨ ᠰᠢᠶᠣᠤ(ᠰᠢᠨᠱᠣᠸᠠᠷ)

   ᠴᠠᠭᠠᠨᠪᠠᠷᠰ ᠳᠠᠭᠤᠯᠠᠪᠠ 
      ᠬᠣᠷᠴᠢᠨ ᠠᠷᠠᠳ ᠤ᠋ᠨ ᠳᠠᠭᠤᠤ 

ᠲᠥᠷᠥᠭᠡᠳ ᠯᠡ ᠲᠡᠭᠡᠭᠰᠡᠨ ᠭᠠᠵᠠᠷ ᠮᠢᠨᠢ ᠠ᠋ ᠬᠦ ᠬᠦᠢ 
ᠵᠠᠰᠠᠭᠲᠤ ᠶ᠋ᠢᠨ ᠬᠣᠰᠢᠭᠤ ᠠᠵᠠ ᠨᠠᠷ ᠠ᠋ ᠬᠦ ᠬᠦᠢ 
ᠲᠦᠪᠡᠭᠳᠡᠭᠡᠳ ᠳᠣᠯᠣᠭᠠᠨ ᠬᠢᠭᠰᠡᠨ ᠭᠠᠵᠠᠷ ᠮᠢᠨᠢ ᠠ᠋ ᠬᠦ ᠬᠦᠢ 
ᠲᠦᠰᠢᠶᠡᠲᠦ ᠶ᠋ᠢᠨ ᠬᠤᠰᠢᠭᠤᠨ ᠤ᠋ ᠪᠤᠤᠵᠠᠢ ᠶᠤᠤᠷ ᠠ᠋ ᠬᠦ ᠬᠦᠢ 

ᠤᠤᠭᠤᠭᠠᠳ ᠯᠠ ᠲᠡᠭᠡᠭᠰᠡᠨ ᠤᠰᠤ ᠮᠢᠨᠢ ᠠ᠋ ᠬᠦ ᠬᠦᠢ 
ᠤᠷᠳᠤᠭᠤᠷ ᠨᠢ ᠤᠷᠤᠰᠴᠤ ᠪᠠᠢᠬᠤ ᠲᠣᠭᠣᠷ ᠤ᠋ᠨ ᠭᠣᠣᠯ ᠶᠠ ᠬᠦ ᠬᠦᠢ 
ᠤᠴᠠᠷᠠᠭᠠᠳ ᠳᠣᠯᠣᠭᠠᠨ ᠬᠢᠭᠰᠡᠨ ᠭᠠᠵᠠᠷ ᠮᠢᠨᠢ ᠠ᠋ ᠬᠦ ᠬᠦᠢ 
ᠲᠦᠰᠢᠶᠡᠲᠦ ᠶ᠋ᠢᠨ ᠬᠤᠰᠢᠭᠤᠨ ᠤ᠋ ᠪᠤᠤᠵᠠᠢ ᠶᠤᠤᠷ ᠠ᠋ ᠬᠦ ᠬᠦᠢ

ᠰᠢᠨ ᠰᠢᠶᠣᠤ ᠪᠣᠯ ᠬᠥᠮᠦᠨ ᠦ᠌ ᠭᠠᠭᠴᠠᠬᠠᠨ ᠬᠦᠦ ᠰᠢᠦ᠂ ᠠᠪᠠ ᠲᠠᠪᠠ ᠬᠢᠵᠦ ᠪᠠᠢᠭᠠᠳ᠂ ᠲᠦᠯᠡᠭᠡ ᠠᠪᠴᠤ ᠪᠠᠢᠭᠰᠠᠨ ᠯᠠᠮᠠ ᠶ᠋ᠢ ᠠᠯᠠᠭᠰᠠᠨ ᠶᠤᠮ ᠠ᠋᠂ ᠬᠥᠮᠦᠨ ᠢ᠋ ᠠᠯᠠᠭᠰᠠᠨ ᠬᠥᠮᠦᠨ ᠴᠢᠨᠢ᠂ ᠬᠡᠷᠡᠭ ᠲᠦ᠍ ᠣᠷᠣᠴᠢᠬᠠᠬᠤ ᠦᠭᠡᠢ ᠤᠤ ᠳᠠ ᠠᠬ᠎ᠠ ᠳᠡᠭᠦᠦ ᠪᠠᠷᠢᠵᠤ ᠪᠠᠢᠭᠠᠳ ᠬᠣᠩᠬᠣᠰ ᠪᠣᠯᠤᠭᠠᠳ ᠭᠠᠷᠤᠭᠰᠠᠨ ᠶᠤᠮ ᠂ ᠭᠡᠷ ᠨᠤᠲᠤᠭ ᠢ᠋ᠶ᠋ᠠᠨ ᠰᠠᠨᠠᠭᠠᠳ ᠭᠡᠮᠡᠷᠬᠡᠵᠦ ᠪᠠᠢᠭᠠᠳ ᠬᠡᠯᠡᠴᠢᠬᠡᠭᠰᠡᠨ ᠠ᠋᠄

ᠭᠡᠷᠡᠯ ᠨᠢ ᠰᠠᠴᠤᠷᠠᠭᠠᠳ ᠦᠵᠡᠭᠳᠡᠬᠦ ᠡᠴᠡ ᠬᠦ ᠬᠦᠢ
ᠬᠡᠮᠬᠢ ᠶ᠋ᠢᠨ ᠢᠦ ᠶᠡᠬᠡ ᠬᠠᠳᠠ ᠶᠠ ᠬᠦᠢ
ᠬᠡᠮᠬᠡᠷᠡᠲᠡᠯ᠎ᠡ ᠪᠡᠨ ᠰᠠᠨᠠᠭᠳᠠᠬᠤ ᠠ᠋ᠴᠠ ᠬᠦ ᠬᠦᠢ
ᠭᠡᠷ ᠰᠢᠦ ᠡᠷᠦᠬᠡ ᠬᠣᠶᠠᠷ ᠮᠢᠨᠢ ᠠ᠋ ᠬᠦᠢ

ᠰᠢᠷᠠᠯᠠᠭᠠᠳ ᠯᠠ ᠰᠠᠢᠬᠠᠨ ᠦᠵᠡᠭᠳᠡᠬᠦ ᠡᠴᠡ ᠬᠦ ᠬᠦᠢ
ᠰᠢᠷ᠎ᠠ ᠶ᠋ᠢᠨ ᠱᠠᠵᠢᠨ ᠤ᠋ ᠰᠦᠮ᠎ᠡ ᠶᠦᠮ ᠠ᠋ ᠬᠦᠢ
ᠬᠠᠪᠲᠠᠭᠠᠢ ᠴᠡᠭᠡᠵᠢᠨ ᠳ᠋ᠦ᠍ ᠰᠠᠨᠠᠭᠳᠠᠬᠤ ᠠ᠋ ᠬᠦ ᠬᠦᠢ
ᠠᠪᠤ ᠪᠣᠯᠤᠨ ᠮᠥᠮᠥ ᠬᠣᠶᠠᠭᠤᠯᠠ ᠮᠢᠨᠢ ᠠ᠋ ᠬᠦᠢ

ᠣᠯᠠᠨ ᠢ᠋ᠶ᠋ᠠᠷ ᠢ᠋ᠶ᠋ᠠᠨ ᠬᠡᠯᠡᠵᠦ ᠪᠠᠢᠨ᠎ᠠ᠂ ᠬᠡᠨ ᠦ᠌ ᠬᠢᠨᠢ ᠠᠪᠤ ᠡᠵᠢ ᠦᠭᠡᠢ ᠤᠤ ᠳᠠ᠂ ᠴᠢ ᠡᠨᠡ ᠶᠠᠩᠵᠤ ᠲᠠᠢ ᠪᠣᠯᠬᠤ ᠶᠤᠮ ᠤᠤ ᠶᠠᠪᠤᠶ᠎ᠠ ᠭᠡᠳ ᠶᠠᠪᠤᠵᠤ ᠪᠠᠢᠲᠠᠯ᠎ᠠ ᠰᠢᠨ ᠰᠢᠶᠣᠤ( ᠰᠢᠨᠱᠣᠸᠠᠷ) ᠪᠠᠰᠠ ᠳᠠᠬᠢᠭᠠᠳ ᠬᠡᠯᠡᠴᠢᠬᠡᠭᠰᠡᠨ ᠠ᠋᠄

ᠯᠠᠮᠠ ᠴᠤ᠌ ᠬᠥᠮᠦᠨ ᠢ᠋ ᠪᠡᠨ ᠠᠯᠠᠭᠰᠠᠨ ᠦᠭᠡᠢ ᠪᠣᠯ ᠬᠦ ᠬᠦᠢ
ᠯᠠᠮᠠ ᠪᠠ ᠨᠡᠷ᠎ᠡ ᠶ᠋ᠢ ᠪᠡᠨ ᠰᠣᠨᠣᠰᠤᠨ᠎ᠠ ᠶᠠ ᠬᠦᠢ
ᠯᠠᠮᠠ ᠪᠠ ᠪᠣᠯᠤᠭᠰᠠᠨ ᠦᠭᠡᠢ ᠪᠣᠯᠤᠶ᠎ᠠ ᠳᠠ ᠬᠦ ᠬᠦᠢ
ᠯᠠᠪᠳᠠᠭᠤᠨ ᠪᠡᠶ᠎ᠡ ᠪᠡᠨ ᠰᠥᠨᠥᠭᠡᠨ᠎ᠡ ᠤᠤ ᠶᠣ᠌ ᠬᠦ ᠬᠦᠢ

ᠬᠤᠸᠠᠷᠠᠭ ᠬᠥᠮᠦᠨ ᠢ᠋ ᠪᠡᠨ ᠠᠯᠠᠭᠰᠠᠨ ᠦᠭᠡᠢ ᠪᠣᠯ ᠬᠦ ᠬᠦᠢ
ᠬᠣᠩᠬᠣᠰ ᠨᠡᠷ᠎ᠡ ᠶ᠋ᠢ ᠪᠡᠨ ᠰᠣᠨᠣᠰᠤᠨ᠎ᠠ ᠤᠤ ᠶᠠ ᠬᠦᠢ
ᠬᠣᠩᠬᠣᠰ ᠨᠡᠷ᠎ᠡ ᠶ᠋ᠢ ᠪᠡᠨ ᠣᠯᠤᠭᠰᠠᠨ ᠦᠭᠡᠢ ᠪᠣᠯ ᠬᠦ ᠬᠦᠢ
ᠬᠠᠢᠷᠠᠬᠠᠨ ᠪᠡᠶ᠎ᠡ ᠪᠡᠨ ᠰᠥᠨᠥᠭᠡᠨ᠎ᠡ ᠤᠤ ᠶᠠ ᠬᠦᠢ

ᠰᠢᠨ ᠰᠢᠶᠣᠤ ᠠᠬ᠎ᠠ ᠳᠡᠭᠦᠦ ᠨᠠᠷ ᠨᠢ ᠬᠡᠳᠦᠢ ᠬᠡᠯᠡᠵᠦ ᠪᠠᠢᠪᠠᠴᠤ ᠠᠶᠤᠤᠯᠢᠬᠠᠢ ᠴᠡᠭᠡᠵᠢᠨ ᠳ᠋ᠦ᠍ ᠨᠢ ᠡᠪᠬᠡᠷᠡᠭᠡᠳ ᠪᠠᠢᠨ᠎ᠠ ᠰᠢᠦ ᠡᠷᠭᠢᠵᠦ ᠬᠠᠨᠳᠤᠭᠠᠳ ᠪᠠᠰᠠ ᠬᠡᠯᠡᠴᠢᠬᠡᠭᠰᠡᠨ ᠠ᠋᠄

ᠠᠳᠠᠯ ᠭᠡᠷ ᠲᠦ᠍ ᠪᠡᠨ ᠪᠠᠢᠵᠤ ᠪᠠᠢᠬᠤ ᠯᠠᠢ ᠬᠦ ᠬᠦᠢ
ᠠᠳᠤᠭᠤ ᠮᠠᠯ ᠢ᠋ᠶ᠋ᠠᠨ ᠠᠳᠣᠭᠣᠯᠣᠭᠰᠠᠨ ᠬᠥᠮᠦᠨ ᠶᠦᠮ ᠠ᠋ ᠬᠦᠢ
ᠠᠭᠲᠠ ᠰᠢᠦ ᠮᠣᠷᠢᠨ ᠳ᠋ᠤ᠌ ᠪᠠᠨ ᠮᠣᠷᠳᠠᠭᠠᠳ ᠠ᠋ ᠬᠦ ᠬᠦᠢ
ᠠᠯᠳᠠᠷᠲᠠᠢ ᠰᠢᠨ ᠰᠢᠶᠣᠤ ᠨᠡᠷ᠎ᠡ ᠲᠡᠢ ᠶᠠ ᠬᠦᠢ

ᠡᠷᠦᠬᠡ ᠯᠡ ᠭᠡᠷ ᠲᠡᠭᠡᠨ ᠪᠠᠢᠵᠤ ᠪᠠᠢᠬᠤ ᠯᠠᠢ ᠳᠠ ᠬᠦ ᠬᠦᠢ
ᠦᠨᠡᠨ ᠢ᠋ᠶ᠋ᠡᠷ ᠢ᠋ᠶ᠋ᠡᠨ ᠶᠠᠪᠤᠭᠰᠠᠨ ᠰᠠᠩᠪᠣ ᠰᠢᠦ ᠬᠦᠢ
ᠦᠷᠢᠶ᠎ᠡ ᠰᠢᠦ ᠮᠣᠷᠢᠨ ᠳ᠋ᠤ᠌ ᠪᠠᠨ ᠮᠣᠷᠳᠠᠭᠠᠳ ᠬᠦ ᠬᠦᠢ
ᠦᠨᠡᠨ ᠬᠦ ᠰᠢᠨ ᠰᠢᠶᠣᠤ ᠨᠡᠷᠡᠢᠳᠦᠯ᠎ᠡ ᠶᠠ ᠬᠦᠢ

ᠢᠩᠭᠢᠵᠦ ᠬᠡᠯᠡᠵᠦ ᠶᠠᠪᠤᠭᠰᠠᠭᠠᠷ ᠪᠠᠢᠭᠠᠳ ᠂ ᠲᠦᠰᠢᠶᠡᠲᠦ ᠬᠤᠰᠢᠭᠤᠨ ᠳ᠋ᠤ᠌ ᠣᠷᠣᠵᠤ ᠢᠷᠡᠭᠡᠳ ᠪᠤᠤᠵᠠᠢ ᠶᠤᠤᠷ ᠭᠡᠰᠡᠨ ᠭᠠᠵᠠᠷ ᠪᠠᠭᠤᠵᠠᠢ ᠂ ᠪᠤᠳᠠᠭ᠎ᠠ ᠲᠠᠷᠢᠶ᠎ᠠ ᠪᠠᠨ ᠢᠳᠡᠭᠡᠳ ᠲᠡᠷᠡ ᠣᠷᠣᠢ ᠨᠢ ᠲᠡᠨᠳᠡ ᠬᠣᠨᠣᠭᠰᠠᠨ ᠪᠠᠢᠨ᠎ᠠ᠃ ᠲᠦᠰᠢᠶᠡᠲᠦ ᠶ᠋ᠢᠨ ᠮᠤᠬᠤᠷ ᠴᠡᠷᠢᠭ ᠰᠥᠨᠢ ᠳᠤᠮᠳᠠ ᠶ᠋ᠢᠨ ᠦᠶ᠎ᠡ ᠳ᠋ᠦ᠍ ᠢᠷᠡᠭᠡᠳ ᠭᠠᠳᠠᠭᠤᠷ ᠨᠢ ᠪᠦᠰᠡᠯᠡᠭᠰᠡᠨ ᠶᠦᠮ ᠂ ᠭᠡᠨᠡᠳᠲᠡ ᠪᠠᠢᠭᠰᠠᠭᠠᠷ ᠫᠤᠤ ᠳᠤᠤᠭᠠᠷᠬᠤ ᠭᠡᠲᠡᠯ᠎ᠡ ᠰᠢᠨ ᠰᠢᠶᠣᠤ ᠶᠡᠬᠡ ᠰᠣᠴᠢᠵᠠᠢ᠂ ᠭᠦᠶᠦᠵᠦ ᠪᠣᠰᠤᠭᠠᠳ ᠬᠤᠪᠴᠠᠰᠤ ᠪᠠᠨ ᠡᠮᠦᠰᠦᠭᠡᠳ ᠭᠠᠷᠴᠤ ᠢᠷᠡᠭᠡᠳ ᠬᠡᠯᠡᠴᠢᠬᠡᠭᠰᠡᠨ ᠠ᠋᠄

ᠠᠭᠲᠠ ᠰᠢᠦ ᠮᠣᠷᠢᠨ ᠳ᠋ᠤ᠌ ᠪᠠᠨ ᠮᠣᠷᠳᠠᠵᠠᠭ᠎ᠠ ᠳᠠ ᠬᠦ ᠬᠦᠢ
ᠠᠯᠪᠠᠨ ᠤ᠋ ᠴᠡᠷᠢᠭ ᠦ᠋ᠳ ᠪᠦᠰᠡᠯᠡᠭᠰᠡᠨ ᠶᠦᠮ ᠠ᠋ ᠬᠦᠢ
ᠠᠷᠪᠠ ᠳᠤᠤᠭᠠᠷᠬᠤ ᠫᠤᠤ ᠶ᠋ᠢ ᠪᠡᠨ ᠠᠪᠴᠠᠭ᠎ᠠ ᠳᠠ ᠬᠦ ᠬᠦᠢ
ᠠᠲᠠᠭᠠᠲᠠᠨ ᠲᠠᠢ ᠲᠤᠯᠵᠤ ᠪᠠᠢᠭᠠᠳ ᠭᠠᠷᠴᠠᠭᠠᠶ᠎ᠠ ᠬᠦᠢ

ᠦᠷᠢᠶ᠎ᠡ ᠴᠦ᠍ ᠮᠣᠷᠢ ᠶ᠋ᠢ ᠪᠡᠨ ᠡᠮᠡᠭᠡᠯᠡᠯᠵᠡᠭᠡ ᠳᠡ ᠬᠦ ᠬᠦᠢ
ᠥᠨᠳᠥᠷ ᠫᠤᠤ ᠪᠠᠨ ᠠᠳᠬᠤᠵᠠᠭ᠎ᠠ ᠳᠠ ᠬᠦᠢ
ᠥᠰᠢᠶᠡᠲᠡᠨ ᠴᠡᠷᠢᠭ ᠴᠢᠨᠢ ᠪᠦᠰᠡᠯᠡᠴᠢᠬᠡᠪᠡ ᠬᠦ ᠬᠦᠢ
ᠡᠰᠡᠷᠭᠦᠴᠡᠨ ᠲᠤᠯᠵᠤ ᠪᠠᠢᠭᠠᠳ ᠭᠠᠷᠴᠠᠭᠠᠶ᠎ᠠ ᠬᠦᠢ

ᠣᠯᠠᠨ ᠢ᠋ᠶ᠋ᠠᠷ ᠢ᠋ᠶ᠋ᠠᠨ ᠮᠣᠷᠢ ᠮᠣᠷᠢᠨ ᠳ᠋ᠤ᠌ ᠪᠠᠨ ᠮᠣᠷᠳᠠᠭᠠᠳ ᠢᠷᠡᠭᠡᠳ ᠲᠤᠯᠵᠠᠭᠠᠯ᠎ᠠ ᠰᠢᠦ ᠂ ᠴᠡᠷᠢᠭ ᠠᠷᠪᠢᠨ ᠢᠷᠡᠭᠡᠳ ᠪᠦᠰᠡᠯᠡᠴᠢᠬᠡᠭᠰᠡᠨ ᠶᠦᠮ ᠡᠳᠡᠨᠥᠰ ᠰᠠᠢ ᠭᠤᠴᠢ ᠳᠥᠴᠢᠨ ᠬᠥᠮᠦᠨ ᠬᠠᠮᠢᠭ᠎ᠠ ᠨᠢ ᠪᠣᠯᠤᠨ᠎ᠠ ᠳᠠ ᠡᠨᠡ ᠫᠤᠤ ᠶ᠋ᠢᠨ ᠳᠤᠤᠭᠠᠷᠬᠤ ᠭᠡᠵᠦ ᠶᠠᠭ ᠪᠣᠯᠬᠤ ᠦᠭᠡᠢ ᠰᠢᠨ ᠰᠢᠶᠣᠤ ᠳᠠᠬᠢᠭᠠᠳ ᠬᠡᠯᠡᠴᠢᠬᠡᠭᠰᠡᠨ ᠠ᠋᠄

ᠪᠠᠷᠠᠭᠤᠨᠰᠢ ᠪᠠᠨ ᠭᠠᠷᠤᠭᠠᠳ ᠯᠠ ᠭᠠᠷᠤᠶ᠎ᠠ ᠭᠡᠬᠦ ᠯᠠᠢ ᠳᠠ ᠬᠦ ᠬᠦᠢ
ᠪᠠ ᠮᠥ ᠯᠢ ᠶ᠋ᠢᠨ ᠬᠢᠨᠢ ᠳᠤᠤᠭᠠᠷᠴᠤ ᠪᠠᠢᠬᠤ ᠨᠢ ᠠ᠋ ᠬᠦᠢ
ᠪᠠᠷᠤᠭ ᠲᠥᠯᠥᠪ ᠢ᠋ ᠨᠢ ᠦᠵᠡᠬᠦ ᠯᠠᠢ ᠳᠠ ᠬᠦ ᠬᠦᠢ
ᠪᠠᠷᠠᠭᠤᠨᠰᠢ ᠪᠠᠨ ᠪᠣᠯᠤᠭᠰᠠᠨ ᠦᠭᠡᠢ ᠠᠷᠪᠢᠨ ᠶᠤᠮ ᠪᠠ ᠬᠦᠢ

ᠵᠡᠭᠦᠨᠰᠢ ᠪᠡᠨ ᠭᠠᠷᠤᠶ᠎ᠠ ᠭᠡᠯᠡᠢ ᠳᠡ ᠬᠦ ᠬᠦᠢ
ᠵᠢᠭᠣᠸᠠᠨ ᠫᠤᠤ ᠶ᠋ᠢᠨ ᠬᠢᠨᠢ ᠵᠢᠵᠢᠭᠢᠨᠠᠵᠤ ᠪᠠᠢᠬᠤ ᠨᠢ ᠠ᠋ ᠬᠦᠢ
ᠵᠡᠷᠭᠡ ᠪᠠᠷᠤᠭ ᠢ᠋ ᠨᠢ ᠦᠵᠡᠬᠦ ᠯᠠᠢ ᠳᠠ ᠬᠦ ᠬᠦᠢ
ᠵᠢᠦᠢ ᠯᠢᠩ ᠦ᠋ᠨ ᠴᠡᠷᠢᠭ ᠴᠢᠨᠢ ᠪᠦᠰᠡᠯᠡᠭᠰᠡᠨ ᠶᠦᠮ ᠪᠠ ᠬᠦᠢ

ᠢᠩᠭᠢᠵᠦ ᠬᠡᠯᠡᠭᠡᠳ ᠬᠡᠳᠦᠢ ᠠᠯᠠᠭᠳᠠᠵᠤ ᠪᠠᠢᠪᠠᠴᠤ ᠱᠣᠩᠭᠣᠯᠣᠭᠰᠠᠭᠠᠷ ᠪᠠᠢᠭᠠᠳ ᠭᠠᠷᠤᠭᠠᠳ ᠢᠷᠡᠭᠰᠡᠨ ᠶᠦ᠍ᠮ ᠠ᠋᠂ ᠭᠠᠨ ᠬᠦᠦ ᠰᠢ ᠰᠧᠷ ᠬᠡᠯᠡᠵᠦ ᠪᠠᠢᠨ᠎ᠠ ᠬᠠᠳᠠᠨ ᠳᠠᠭᠠᠵᠤ ᠪᠠᠢᠨ᠎ᠠ᠂ ᠣᠯᠠᠨ ᠠᠬ᠎ᠠ ᠳᠡᠭᠦᠦ ᠨᠠᠷ ᠨᠢ ᠵᠦᠭ ᠵᠦᠭ ᠲᠡᠭᠡᠨ ᠪᠤᠲᠠᠷᠠᠭᠠᠳ ᠦᠭᠡᠢ ᠯᠠᠢ ᠪᠣᠯᠴᠢᠬᠠᠭᠰᠠᠨ ᠵᠡᠭᠦᠨ ᠲᠠᠯ᠎ᠠ ᠪᠠᠷ ᠢ᠋ᠶ᠋ᠠᠨ ᠳᠣᠪᠲᠣᠯᠵᠤ ᠭᠠᠷᠤᠭᠰᠠᠨ ᠰᠢᠨ ᠰᠢᠶᠣᠤ ᠶ᠋ᠢᠨ ᠳᠡᠭᠡᠷ᠎ᠡ ᠨᠢ ᠢᠷᠡᠭᠡᠳ ᠫᠤᠤ ᠳᠤᠤᠭᠠᠷᠤᠭᠰᠠᠨ ᠴᠢᠨᠢ ᠶᠠᠭ ᠴᠡᠭᠡᠵᠢ ᠪᠡᠷ ᠨᠢ ᠨᠡᠪᠲᠡᠯᠴᠡᠭᠰᠡᠨ ᠶᠦᠮ ᠮᠣᠷᠢᠨ ᠠ᠋ᠴᠠ ᠪᠠᠨ ᠰᠠᠯᠲᠤᠷᠬᠢᠯᠠᠨ ᠰᠠᠪᠠᠵᠤ ᠤᠨᠠᠬᠤ ᠶ᠋ᠢᠨ ᠦᠶᠡᠰ ᠭᠠᠨ ᠬᠦᠦ ᠰᠢ ᠰᠧᠷ ᠭᠦᠶᠦᠵᠦ ᠪᠠᠭᠤᠵᠤ ᠢᠷᠡᠭᠡᠳ ᠠᠪᠤ ᠶ᠋ᠢᠨ ᠢ᠋ᠶ᠋ᠡᠨ ᠬᠦᠵᠦᠭᠦᠦ ᠡᠴᠡ ᠲᠡᠪᠡᠷᠢᠭᠡᠳ ᠬᠡᠯᠡᠵᠦ ᠪᠠᠢᠨ᠎ᠠ ᠰᠢᠦ᠄

ᠦᠷᠢᠶ᠎ᠡ ᠴᠦ᠍ ᠮᠣᠷᠢᠨ ᠳ᠋ᠤ᠌ ᠪᠠᠨ ᠮᠣᠷᠳᠠᠬᠤ ᠦᠭᠡᠢ ᠤᠤ ᠶᠠ ᠬᠦ ᠬᠦᠢ
ᠥᠰᠢᠶᠡᠲᠡᠨ ᠦ᠌ ᠳᠤᠮᠳᠠ ᠠ᠋ᠴᠠ ᠪᠠᠨ ᠭᠠᠷᠴᠢᠬᠠᠶ᠎ᠠ ᠬᠦᠢ
ᠥᠪᠡᠷ ᠦ᠋ᠨ ᠪᠡᠶ᠎ᠡ ᠴᠢᠨᠢ ᠰᠢ ᠰᠧᠷ ᠳᠠ ᠬᠦ ᠬᠦᠢ
ᠥᠰᠢᠶ᠎ᠡ ᠪᠣᠯᠤᠨ ᠬᠣᠷᠣᠰᠤᠯ ᠢ᠋ ᠴᠢᠨᠢ ᠠᠪᠴᠤ ᠥᠭᠭᠦᠶ᠎ᠡ ᠬᠦᠢ

ᠠᠭᠲᠠ ᠰᠢᠦ ᠮᠣᠷᠢᠨ ᠳ᠋ᠤ᠌ ᠪᠠᠨ ᠮᠣᠷᠳᠠᠬᠤ ᠦᠭᠡᠢ ᠶᠠ ᠬᠦ ᠬᠦᠢ
ᠠᠲᠠᠭᠠᠲᠠᠨ ᠤ᠋ ᠳᠤᠮᠳᠠ ᠠ᠋ᠴᠠ ᠭᠠᠷᠴᠢᠬᠠᠶ᠎ᠠ ᠬᠦᠢ
ᠠᠩᠭ᠎ᠠ ᠴᠢᠨᠢ ᠰᠢ ᠰᠧᠷ ᠥᠭᠡᠯᠡᠢ ᠪᠣᠯᠪᠠᠯ ᠬᠦ ᠬᠦᠢ
ᠠᠪᠤ ᠶ᠋ᠢᠨ ᠢ᠋ᠶ᠋ᠡᠨ ᠥᠰᠢᠶ᠎ᠡ ᠶ᠋ᠢ ᠠᠪᠴᠤ ᠥᠭᠭᠦᠶ᠎ᠡ ᠬᠦᠢ

ᠰᠢᠨ ᠰᠢᠶᠣᠤ ᠦᠭᠡ ᠳᠤᠤᠭᠠᠷᠴᠤ ᠶᠤᠤᠯᠤᠬᠤ (ᠳᠡᠢᠯᠬᠦ ) ᠦᠭᠡᠢ᠂ ᠰᠢᠲᠦ ᠪᠡᠨ ᠵᠠᠭᠤᠭᠠᠳ ᠮᠢᠨᠦ ᠬᠦᠦ ᠴᠢ ᠰᠣᠨᠣᠰ ᠭᠡᠳ ᠠᠬᠢᠭᠠᠳ ᠬᠡᠯᠡᠵᠦ ᠪᠠᠢᠨ᠎ᠠ ᠰᠢᠦ᠂

ᠠᠭᠲᠠ ᠮᠣᠷᠢᠨ ᠳ᠋ᠤ᠌ ᠪᠠᠨ ᠮᠣᠷᠳᠠᠬᠤ ᠦᠭᠡᠢ ᠯᠠᠢ ᠬᠦ ᠬᠦᠢ
ᠠᠶᠤᠤᠯᠢᠬᠠᠢ ᠶ᠋ᠢ ᠨᠡᠪᠲᠡᠯᠦᠭᠡᠳ ᠭᠠᠷᠴᠢᠬᠠᠵᠠᠢ ᠬᠦᠢ
ᠠᠩᠭ᠎ᠠ ᠮᠢᠨᠢ ᠰᠢ ᠰᠧᠷ ᠴᠢ ᠰᠣᠨᠣᠰ ᠠ᠋ ᠬᠦ ᠬᠦᠢ
ᠠᠪᠤ ᠳ᠋ᠤ᠌ ᠪᠠᠨ ᠣᠴᠢᠪᠠᠯ ᠬᠡᠯᠡᠵᠦ ᠥᠭ ᠳᠠ ᠬᠦᠢ
ᠦᠷᠢᠶ᠎ᠡ ᠮᠣᠷᠢᠨ ᠳ᠋ᠤ᠌ ᠪᠠᠨ ᠮᠣᠷᠳᠠᠬᠤ ᠦᠭᠡᠢ ᠯᠠᠢ ᠬᠦ ᠬᠦᠢ
ᠡᠪᠴᠢᠭᠦᠦ ᠶ᠋ᠢ ᠰᠢᠪᠲᠤᠯᠤᠭᠠᠳ ᠭᠠᠷᠴᠢᠬᠠᠵᠠᠢ ᠬᠦᠢ
ᠦᠷ᠎ᠡ ᠮᠢᠨᠢ ᠰᠢ ᠰᠧᠷ ᠴᠢ ᠰᠣᠨᠣᠰ ᠠ᠋ ᠬᠦ ᠬᠦᠢ
ᠡᠮᠧ ᠳ᠋ᠦ᠍ ᠮᠢᠨᠢ ᠣᠴᠢᠪᠠᠯ ᠬᠡᠯᠡᠵᠦ ᠥᠭ ᠠ᠋ ᠬᠦᠢ

ᠰᠢ ᠰᠧᠷ ᠬᠡᠯᠡᠵᠦ ᠪᠠᠢᠨ᠎ᠠ᠂ ᠠᠪᠤ ᠠ᠋ ᠬᠣᠢᠨ᠎ᠠ ᠠ᠋ᠴᠠ ᠴᠡᠷᠢᠭ ᠨᠡᠬᠡᠭᠡᠳ ᠢᠷᠡᠯ᠎ᠡ ᠰᠢᠦ ᠂ ᠠᠷᠭᠠᠯᠠᠵᠤ ᠪᠠᠢᠭᠠᠳ ᠮᠣᠷᠢᠨ ᠳ᠋ᠤ᠌ ᠪᠠᠨ ᠮᠣᠷᠳᠠᠵᠤ ᠶᠤᠤᠯᠤᠬᠤ (ᠳᠡᠢᠯᠬᠦ) ᠦᠭᠡᠢ ᠤᠤ?ᠰᠢᠨ ᠰᠢᠶᠣᠤ ᠲᠣᠯᠣᠭᠠᠢ ᠪᠠᠨ ᠰᠠᠵᠢᠭᠠᠳ ᠳᠤᠤᠭᠠᠷᠴᠤ ᠶᠤᠤᠯᠤᠬᠤ (ᠳᠡᠢᠯᠬᠦ)ᠦᠭᠡᠢ ᠯᠠᠢ ᠪᠣᠯᠴᠢᠬᠠᠵᠠᠢ ᠂ ᠡᠨᠡ ᠪᠠᠷᠤᠭ ᠢ᠋ ᠮᠡᠳᠡᠭᠡᠳ ᠰᠢ ᠰᠧᠷ ᠡᠷᠭᠦᠵᠦ ᠠᠪᠴᠤ ᠪᠠᠢᠭᠠᠳ᠂ ᠮᠣᠷᠢᠨ ᠤ᠋ ᠪᠠᠨ ᠬᠣᠢᠲᠠᠢ ᠭᠠᠨᠵᠤᠭᠠᠨ ᠳᠡᠭᠡᠷ᠎ᠡ ᠳᠠᠷᠤᠵᠤ ᠪᠠᠢᠭᠠᠳ ᠳᠠᠪ ᠭᠡᠲᠡᠯ᠎ᠡ ᠮᠣᠷᠳᠠᠮᠠᠭᠴᠠ ᠰᠢᠪᠲᠤᠯᠤᠭᠠᠳ ᠭᠠᠷᠤᠭᠠᠳ ᠢᠷᠡᠯ᠎ᠡ ᠰᠢᠦ ᠳᠤᠲᠠᠭᠠᠭᠰᠠᠭᠠᠷ ᠪᠠᠢᠭᠠᠳ ᠴᠡᠷᠢᠭ ᠬᠥᠭᠡᠭᠡᠵᠦ ᠭᠦᠢᠴᠡᠭᠰᠡᠨ ᠦᠭᠡᠢ ᠂ ᠠᠷᠤ ᠶ᠋ᠢᠨ ᠵᠣ ᠳᠡᠭᠡᠷ᠎ᠡ ᠠᠪᠴᠢᠷᠠᠭᠠᠳ ᠠᠪᠤ ᠪᠠᠨ ᠲᠠᠯᠪᠢᠭᠠᠳ ᠠᠳᠠᠯ ᠭᠡᠷ ᠲᠦ᠍ ᠪᠡᠨ ᠳᠣᠪᠲᠣᠯᠤᠭᠠᠳ ᠬᠦᠷᠦᠭᠡᠳ ᠢᠷᠡᠭᠰᠡᠨ ᠶᠦ᠍ᠮ ᠂ ᠡᠭᠦᠳᠡᠨ ᠳᠡᠭᠡᠷ᠎ᠡ ᠢᠷᠡᠭᠡᠳ ᠮᠣᠷᠢᠨ ᠠ᠋ᠴᠠ ᠪᠠᠨ ᠪᠠᠭᠤᠬᠤ ᠳ᠋ᠤ᠌ ᠮᠥᠮᠥ ᠠᠪᠤ ᠨᠢ ᠣᠯᠤᠭᠠᠳ ᠦᠵᠡᠴᠢᠬᠡᠵᠡᠢ ᠭᠦᠶᠦᠭᠡᠳ ᠭᠠᠷᠤᠭᠠᠳ ᠢᠷᠡᠵᠡᠢ ᠂ ᠡᠶ᠎ᠡ ᠮᠢᠨᠦ ᠬᠦᠦ ᠴᠢ ᠶᠠᠭᠠᠬᠢᠭᠠᠳ ᠭᠠᠭᠴᠠᠭᠠᠷ ᠢ᠋ᠶ᠋ᠠᠨ ᠢᠷᠡᠭᠰᠡᠨ ᠪᠣᠢ ᠂ ᠠᠪᠤ ᠴᠢᠨᠢ ᠶᠠᠭᠠᠬᠢᠬᠤᠪ ᠳᠠ ᠭᠡᠬᠦ ᠯᠠᠢ ᠂ ᠰᠢ ᠰᠧᠷ ᠣᠬᠢᠯᠠᠴᠢᠬᠠᠭᠠᠳ ᠬᠡᠯᠡᠵᠦ ᠪᠠᠢᠨ᠎ᠠ ᠰᠢᠦ ᠂

ᠠᠭᠲᠠ ᠰᠢᠦ ᠮᠣᠷᠢ ᠮᠢᠨᠢ ᠬᠥᠯᠥᠰᠥ ᠲᠡᠢ ᠰᠢᠦ ᠬᠦ ᠬᠦᠢ
ᠠᠲᠠᠭᠠᠲᠠᠨ ᠤ᠋ ᠴᠡᠷᠢᠭ ᠲᠡᠢ ᠬᠠᠷᠭᠤᠪᠠ ᠬᠦᠢ
ᠠᠯᠠᠭ ᠯᠠ ᠨᠢᠳᠦ ᠮᠢᠨᠢ ᠨᠢᠯᠪᠤᠰᠤ ᠲᠠᠢ ᠶᠠ ᠬᠦ ᠬᠦᠢ
ᠠᠪᠤ ᠪᠠᠨ ᠠᠯᠠᠭᠳᠠᠭᠤᠯᠤᠭᠠᠳ ᠯᠠ ᠢᠷᠡᠯ᠎ᠡ ᠶᠠ ᠬᠦᠢ

ᠦᠷᠢᠶ᠎ᠡ ᠴᠦ᠍ ᠮᠣᠷᠢ ᠮᠢᠨᠢ ᠬᠥᠯᠥᠰᠥ ᠲᠡᠢ ᠶᠠ ᠬᠦ ᠬᠦᠢ
ᠥᠰᠢᠶᠡᠲᠡᠨ ᠦ᠌ ᠴᠡᠷᠢᠭ ᠲᠡᠢ ᠬᠠᠷᠭᠤᠪᠠ ᠬᠦᠢ
ᠦᠵᠡᠬᠦ ᠨᠢᠳᠦ ᠮᠢᠨᠢ ᠨᠢᠯᠪᠤᠰᠤ ᠲᠠᠢ ᠶᠠ ᠬᠦ ᠬᠦᠢ
ᠡᠴᠢᠭᠡ ᠶ᠋ᠢ ᠪᠡᠨ ᠡᠨᠳᠡᠭᠳᠡᠭᠦᠯᠦᠭᠡᠳ ᠢᠷᠡᠯ᠎ᠡ ᠶᠠ ᠬᠦᠢ

ᠡᠶᠢ ᠠᠪᠤ ᠨᠢ ᠰᠣᠨᠣᠰᠤᠭᠠᠳ ᠶᠡᠬᠡ ᠰᠠᠨᠳᠤᠷᠴᠤ ᠴᠢᠩᠭᠢᠭᠡᠳ ᠶᠠᠭᠠᠬᠢᠪᠠ ᠳᠠ ᠴᠡᠷᠢᠭ ᠦ᠋ᠨ ᠳᠤᠮᠳᠠ ᠬᠠᠶᠠᠵᠤ ᠥᠭᠭᠦᠭᠡᠳ ᠢᠷᠡᠭᠰᠡᠨ ᠶᠦᠮ ᠤᠤ? ᠦᠭᠡᠢ ᠪᠢ ᠠᠪᠴᠤ ᠭᠠᠷᠴᠤ ᠢᠷᠡᠭᠡᠳ ᠠᠷᠤ ᠶ᠋ᠢᠨ ᠵᠣ ᠳ᠋ᠤ᠌ ᠲᠠᠯᠪᠢᠭᠠᠳ ᠢᠷᠡᠵᠡᠢ᠂ ᠠᠢᠯ ᠠᠢᠮᠠᠭ ᠤ᠋ᠨ ᠬᠥᠮᠦᠨ ᠢ᠋ ᠳᠠᠭᠤᠳᠠᠭᠠᠳ᠂ᠠᠪᠰᠠ ᠭᠤᠸᠠᠨᠰᠠᠢ ᠠᠪᠴᠤ ᠢᠷᠡᠭᠡᠳ ᠠᠪᠰᠠᠨ ᠳ᠋ᠤ᠌ ᠨᠢ ᠬᠢᠭᠡᠳ ᠬᠡᠭᠦᠷ ᠣᠩᠭᠣᠨ ᠢ᠋ ᠨᠢ ᠲᠣᠭᠲᠠᠭᠠᠭᠠᠳ ᠮᠥᠮᠥ ᠠᠪᠤ ᠨᠢ ᠬᠡᠯᠡᠴᠢᠬᠡᠭᠰᠡᠨ ᠠ᠋᠄

ᠵᠢᠮᠢᠰ ᠦ᠋ᠨ ᠮᠣᠳᠣ ᠪᠠᠨ ᠵᠠᠢᠯᠠᠬᠤ ᠯᠠᠢ ᠳᠠ ᠬᠦ ᠬᠦᠢ
ᠵᠢᠮᠢᠰ ᠢ᠋ ᠨᠢ ᠢᠳᠡᠶ᠎ᠡ ᠰᠠᠨᠠᠭᠰᠠᠨ ᠶᠤᠮ ᠠ᠋ ᠬᠦᠢ
ᠵᠦᠢᠲᠡᠢ ᠬᠦᠦ ᠪᠡᠨ ᠥᠰᠬᠡᠬᠦ ᠯᠠᠢ ᠳᠠ ᠬᠦ ᠬᠦᠢ
ᠬᠦᠴᠦ ᠶ᠋ᠢ ᠨᠢ ᠢᠳᠡᠶ᠎ᠡ ᠭᠡᠵᠦ ᠰᠠᠨᠠᠭᠰᠠᠨ ᠶᠤᠮ ᠠ᠋ ᠬᠦᠢ

ᠦᠷᠢᠯ ᠦ᠋ᠨ ᠮᠣᠳᠣ ᠪᠠᠨ ᠵᠠᠢᠯᠠᠬᠤ ᠯᠠᠢ ᠳᠠ ᠬᠦ ᠬᠦᠢ
ᠦᠷᠢᠯ ᠢ᠋ ᠨᠢ ᠢᠳᠡᠶ᠎ᠡ ᠭᠡᠵᠦ ᠪᠣᠳᠣᠭᠰᠠᠨ ᠶᠤᠮ ᠠ᠋ ᠬᠦᠢ
ᠦᠷ᠎ᠡ ᠯᠡ ᠴᠢᠮ᠎ᠠ ᠶ᠋ᠢ ᠥᠰᠬᠡᠬᠦ ᠯᠠᠢ ᠳᠠ ᠬᠦ ᠬᠦᠢ
ᠬᠦᠴᠦ ᠶ᠋ᠢ ᠴᠢᠨᠢ ᠢᠳᠡᠶ᠎ᠡ ᠭᠡᠵᠦ ᠰᠠᠨᠠᠭᠰᠠᠨ ᠶᠤᠮ ᠠ᠋ ᠬᠦᠢ

ᠦᠷᠢᠯ ᠦ᠋ᠨ ᠮᠣᠳᠣ ᠮᠢᠨᠢ ᠬᠣᠬᠢᠷᠠᠯ᠎ᠠ ᠶᠠ ᠬᠦ ᠬᠦᠢ
ᠦᠷᠢᠯ ᠢ᠋ ᠨᠢ ᠰᠠᠭᠤᠬᠤ ᠠ᠋ᠴᠠ ᠬᠣᠯᠠᠳᠠᠪᠠ ᠬᠦᠢ
ᠦᠷ᠎ᠡ ᠮᠢᠨᠢ ᠭᠠᠯ ᠳ᠋ᠤᠷ ᠦᠬᠦᠯ᠎ᠡ ᠶᠠ ᠬᠦ ᠬᠦᠢ
ᠬᠦᠴᠦ ᠶ᠋ᠢ ᠨᠢ ᠢᠳᠡᠬᠦ ᠡᠴᠡ ᠬᠣᠯᠠᠳᠠᠯ᠎ᠠ ᠶᠠ ᠬᠦᠢ

ᠵᠢᠮᠢᠰ ᠦ᠋ᠨ ᠮᠣᠳᠣ ᠮᠢᠨᠢ ᠬᠤᠪᠠᠬᠠᠢᠷᠠᠴᠢᠬᠠᠵᠠᠢ ᠬᠦ ᠬᠦᠢ
ᠵᠢᠮᠢᠰ ᠨᠢ ᠰᠠᠭᠤᠬᠤ ᠠ᠋ᠴᠠ ᠬᠣᠯᠠᠳᠠᠪᠠ ᠬᠦᠢ
ᠵᠦᠢᠲᠡᠢ ᠦᠷ᠎ᠡ ᠮᠢᠨᠢ ᠦᠬᠦᠯ᠎ᠡ ᠶᠠ ᠬᠦ ᠬᠦᠢ
ᠬᠦᠴᠦ ᠶ᠋ᠢ ᠨᠢ ᠢᠳᠡᠬᠦ ᠡᠴᠡ ᠬᠣᠯᠠᠳᠠᠯ᠎ᠠ ᠶᠠ ᠬᠦᠢ

ᠮᠧᠨ ᠮᠧᠨ(ᠡᠭᠦᠨ) ᠢ᠋ᠶ᠋ᠡᠨ ᠬᠡᠯᠡᠵᠦ ᠪᠠᠷᠠᠭᠠᠳ ᠡᠷᠦᠬᠡ ᠭᠡᠷ ᠲᠦ᠍ ᠪᠡᠨ ᠬᠦᠷᠴᠦ ᠢᠷᠡᠵᠡᠢ ᠂ ᠦᠳᠡᠯᠦᠭᠡ ᠪᠣᠯᠤᠭᠰᠠᠨ ᠡᠷ᠎ᠡ ᠡᠮ᠎ᠡ ᠬᠣᠶᠠᠭᠤᠯᠠ  ᠬᠦᠦ ᠪᠡᠨ ᠪᠣᠳᠣᠨ ᠪᠣᠳᠣᠨ ᠭᠡᠮᠡᠷᠬᠡᠵᠦ ᠂ ᠤᠬᠢᠯᠠᠵᠤ ᠢᠷᠡᠭᠡᠳ ᠳᠠᠬᠢᠭᠠᠳ ᠬᠡᠯᠡᠴᠢᠬᠡᠭᠰᠡᠨ ᠠ᠋᠄

ᠦᠷᠢᠶ᠎ᠡ ᠰᠢᠦ ᠮᠣᠷᠢ ᠶ᠋ᠢ ᠪᠡᠨ ᠲᠡᠵᠢᠭᠡᠬᠦ ᠯᠠᠢ ᠬᠦ ᠬᠦᠢ
ᠡᠪᠡᠰᠦ ᠪᠣᠯᠣᠳ ᠬᠣᠭᠣᠯᠠ ᠪᠠᠷ ᠲᠡᠵᠢᠭᠡᠭᠰᠡᠨ ᠶᠦᠮ ᠠ ᠬᠦᠢ
ᠦᠷ᠎ᠡ ᠪᠠᠭ᠎ᠠ ᠰᠢᠨ ᠰᠢᠶᠣᠤ ᠶ᠋ᠢ ᠲᠡᠵᠢᠭᠡᠬᠦ ᠯᠠᠢ ᠳᠠ ᠬᠦ ᠬᠦᠢ
ᠡᠪᠴᠢᠭᠦᠦ ᠶ᠋ᠢᠨ ᠢ᠋ᠶ᠋ᠡᠨ ᠳᠡᠭᠡᠷ᠎ᠡ ᠪᠡᠨ ᠲᠡᠵᠢᠭᠡᠭᠰᠡᠨ ᠶᠦᠮ ᠠ᠋ ᠬᠦ ᠬᠦᠢ

ᠠᠭᠲᠠ ᠰᠢᠦ ᠮᠣᠷᠢ ᠶ᠋ᠢ ᠪᠡᠨ ᠲᠡᠵᠢᠭᠡᠬᠦ ᠯᠠᠢ ᠳᠠ ᠬᠦ ᠬᠦᠢ
ᠠᠮᠤ ᠪᠣᠯᠣᠳ ᠡᠪᠡᠰᠦ ᠪᠡᠷ ᠲᠡᠵᠢᠭᠡᠭᠰᠡᠨ ᠶᠦᠮ ᠬᠦᠢ
ᠠᠩᠭ᠎ᠠ ᠪᠠᠨ ᠰᠢᠨ ᠰᠢᠶᠣᠤ ᠶ᠋ᠢ ᠥᠰᠬᠡᠬᠦ ᠯᠠᠢ ᠳᠠ ᠬᠦ ᠬᠦᠢ
ᠠᠶᠤᠤᠯᠢᠬᠠᠢ ᠳᠡᠭᠡᠷ᠎ᠡ ᠪᠡᠨ ᠥᠰᠬᠡᠯ᠎ᠡ ᠶᠠ ᠬᠦᠢ᠁

  ᠦᠰᠦᠭ ᠠᠮᠢᠯᠠᠭᠤᠯᠵᠤ ᠬᠠᠲᠠᠭᠰᠠᠨ ᠨᠢ ᠄ ᠭᠠᠸᠠ
  ᠪᠢᠴᠢᠯᠭᠡ ᠶ᠋ᠢAI ᠪᠠᠷ ᠨᠠᠢᠷᠠᠭᠤᠯᠪᠠ
  ᠬᠢᠨᠠᠭᠴᠢ ᠄ ᠴᠢᠨᠳᠠᠮᠤᠨᠢ