ᠠᠲᠠᠢ ᠬᠠᠭᠠᠨAatai khaanАатай хаан
ᠠᠲᠠᠢ ᠬᠠᠭᠠᠨ
ᠨᠠᠢᠷᠠᠭᠤᠯᠤᠭᠰᠠᠨ ᠨᠢ ᠄ ᠱ · ᠴᠸᠶᠢᠨ — ᠣᠢᠳᠤᠪ
ᠬᠢᠶᠠᠳ ᠪᠣᠷᠵᠢᠭᠢᠨ ᠣᠪᠣᠭᠲᠤ ᠠᠲᠠᠢ ᠶ᠋ᠢᠨ ᠥᠨᠳᠥᠷ ᠡᠪᠦᠭᠡ ᠲᠣᠭᠣᠨᠳᠡᠮᠤᠷ᠂ ᠡᠴᠢᠭᠡ ᠨᠢ ᠬᠠᠷᠭᠤᠴᠠᠭ ᠳᠦᠭᠦᠷᠡᠩ ᠲᠠᠢᠵᠢ ᠶᠤᠮ᠃
1441 ᠣᠨ ᠳ᠋ᠤ᠌ ᠬᠠᠭᠠᠨ ᠣᠷᠣ ᠰᠠᠭᠤᠭᠰᠠᠨ ᠳᠡᠯᠪᠡᠭ ᠢ᠋ 1415 ᠣᠨ ᠳ᠋ᠤ᠌ ᠨᠠᠰᠤ ᠪᠠᠷᠠᠭᠰᠠᠨ ᠤ᠋ ᠳᠠᠷᠠᠭ᠎ᠠ ᠣᠢᠷᠠᠳ ᠤ᠋ᠨ ᠥᠭᠡᠴᠢ ᠬᠠᠰᠢᠬ᠎ᠠ ᠬᠠᠭᠠᠨ ᠤ᠋ ᠬᠦᠦ ᠡᠰᠡᠬᠦ ᠣᠢᠷᠠᠳ ᠲᠤ᠌ ᠮᠣᠩᠭᠣᠯ ᠤ᠋ᠨ ᠬᠠᠭᠠᠨ ᠰᠢᠷᠡᠭᠡ ᠶ᠋ᠢ ᠪᠤᠯᠢᠶᠠᠵᠤ ᠠᠪᠤᠭᠰᠠᠨ ᠪᠠᠢᠨ᠎ᠠ᠃ ᠬᠠᠷᠢᠨ ᠡᠰᠡᠬᠦ ᠶ᠋ᠢ ᠨᠠᠰᠤ ᠪᠠᠷᠠᠭᠰᠠᠨ ᠤ᠋ ᠳᠠᠷᠠᠭ᠎ᠠ ᠵᠢᠩᠬᠢᠨᠢ ᠠᠯᠲᠠᠨ ᠤᠷᠤᠭ ᠤ᠋ᠨ ᠬᠥᠮᠦᠨ ᠬᠠᠷᠭᠤᠴᠠᠭ ᠲᠠᠢᠵᠢ ᠶ᠋ᠢᠨ ᠬᠦᠦ ᠠᠲᠠᠢ ᠲᠠᠢᠵᠢ ᠶ᠋ᠢ1426 ᠣᠨ ᠳ᠋ᠤ᠌ ᠶᠡᠬᠡ ᠬᠠᠭᠠᠨ ᠰᠠᠭᠤᠷᠢᠨ ᠳ᠋ᠤ᠌ ᠰᠠᠭᠤᠯᠭᠠᠵᠠᠢ᠃ ᠠᠲᠠᠢ ᠬᠠᠭᠠᠨ ᠪᠣᠯ ᠮᠣᠩᠭᠣᠯ ᠬᠠᠭᠠᠨᠲᠤ ᠤᠯᠤᠰ ᠤ᠋ᠨ 23 ᠳ᠋ᠠᠬᠢ ᠬᠠᠭᠠᠨ ᠪᠢᠯᠡ᠃
ᠣᠢᠷᠠᠳ ᠤ᠋ᠨ ᠪᠠᠲᠤᠯᠠ ᠴᠢᠩᠰᠠᠩ ᠤ᠋ᠨ ᠬᠦᠴᠦᠨ ᠢ᠋ ᠳᠠᠷᠤᠬᠤ ᠪᠠᠷ ᠵᠡᠭᠦᠨ ᠮᠣᠩᠭᠣᠯ ᠤ᠋ᠨ ᠠᠷᠤᠭᠲᠠᠢ ᠲᠠᠢᠵᠢ᠂ ᠬᠠᠰᠠᠷ ᠤ᠋ᠨ ᠤᠳᠤᠮ ᠤ᠋ᠨ ᠹᠧᠣᠳᠠᠯ ᠢᠵᠠᠭᠤᠷᠲᠠᠨ ᠲᠠᠢ ᠵᠥᠪᠯᠡᠵᠦ10 ᠲᠦᠮᠡᠨ ᠰᠢᠯᠢᠳᠡᠭ ᠴᠡᠷᠢᠭ ᠳᠠᠢᠴᠢᠯᠠᠵᠤ ᠵᠡᠯᠮ᠎ᠡ( ᠣᠳᠣ ᠶ᠋ᠢᠨ ᠰᠢᠨᠵᠢᠶᠠᠩ ᠤ᠋ᠨ ᠬᠠᠮᠢᠯ ᠤ᠋ᠨ ᠵᠡᠭᠦᠨᠲᠡᠢ ᠶᠠᠷᠬᠠᠨ ᠠᠭᠤᠯᠠ) ᠬᠠᠨ ᠭᠡᠳᠡᠭ ᠭᠠᠵᠠᠷ ᠬᠣᠶᠠᠷ ᠡᠲᠡᠭᠡᠳ ᠰᠢᠷᠦᠭᠦᠨ ᠪᠠᠢᠯᠳᠤᠵᠤ ᠣᠢᠷᠠᠳ ᠤ᠋ᠨ ᠪᠠᠲᠤᠯᠠ ᠴᠢᠩᠰᠠᠩ᠂ ᠥᠭᠡᠴᠢ ᠬᠠᠰᠢᠬ᠎ᠠ ᠨᠠᠷ ᠢ᠋ ᠪᠠᠷᠢᠵᠤ ᠠᠯᠠᠭᠠᠳ᠂ ᠪᠠᠲᠤᠯᠠ ᠴᠢᠩᠰᠠᠩ ᠤ᠋ᠨ ᠬᠠᠲᠤᠨ ᠰᠠᠮᠤᠷ ᠭᠦᠩᠵᠦ ᠶ᠋ᠢ ᠣᠯᠵᠠᠯᠠᠵᠠᠢ᠃ ᠰᠠᠮᠤᠷ ᠭᠦᠩᠵᠦ ᠪᠣᠯ ᠡᠯᠪᠡᠭ ᠨᠢᠭᠦᠯᠡᠰᠦᠭᠴᠢ ᠬᠠᠭᠠᠨ ᠤ᠋ ᠥᠬᠢᠨ᠂ᠡᠯᠪᠡᠭ ᠨᠢᠭᠦᠯᠡᠰᠦᠭᠴᠢ ᠬᠠᠭᠠᠨ ᠣᠢᠷᠠᠳ ᠤ᠋ᠨ ᠬᠤᠤᠬᠠᠢ ᠲᠦᠰᠢᠮᠡᠯ ᠢ᠋ ᠬᠢᠯᠢᠰ ᠢ᠋ᠶ᠋ᠡᠷ ᠬᠣᠷᠣᠭᠠᠭᠰᠠᠨ ᠶᠠᠪᠤᠳᠠᠯ ᠳ᠋ᠤ᠌ ᠭᠡᠮᠰᠢᠵᠦ ᠬᠤᠤᠬᠠᠢ ᠶ᠋ᠢᠨ ᠬᠦᠦ ᠪᠠᠲᠤᠯᠠ ᠳ᠋ᠤ᠌ ᠥᠪᠡᠷ ᠦ᠋ᠨ ᠥᠬᠢᠨ ᠭᠦᠩᠵᠦ ᠪᠡᠨ ᠥᠭᠴᠦ ᠲᠠᠪᠤᠨᠠᠩ ᠪᠣᠯᠭᠠᠵᠤ ᠪᠠᠲᠤᠯᠠ ᠳ᠋ᠤ᠌ ᠴᠢᠩᠰᠠᠩ ᠴᠣᠯᠠ ᠬᠦᠷᠲᠡᠭᠡᠵᠦ ᠣᠢᠷᠠᠳ ᠢ᠋ ᠵᠠᠬᠢᠷᠤᠭᠤᠯᠤᠭᠰᠠᠨ ᠪᠢᠯᠡ᠃ ᠠᠲᠠᠢ ᠬᠠᠭᠠᠨ ᠣᠯᠵᠠᠯᠠᠭᠰᠠᠨ ᠰᠠᠮᠤᠷ ᠭᠦᠩᠵᠦ ᠶ᠋ᠢ ᠥᠪᠡᠷ ᠦ᠋ᠨ ᠬᠠᠲᠤᠨ ᠢ᠋ᠶ᠋ᠠᠨ ᠪᠣᠯᠭᠠᠵᠤ ᠪᠠᠬᠠᠮᠤ ᠶ᠋ᠢ ᠠᠷᠤᠭᠲᠠᠢ ᠲᠠᠢᠰᠢ ᠳ᠋ᠤ᠌ ᠥᠭᠴᠦ ᠶᠠᠭᠠᠬᠢᠬᠤ ᠪᠠᠨ ᠴᠢ ᠥᠪᠡᠷ ᠢ᠋ᠶ᠋ᠡᠨ ᠮᠡᠳᠡ ᠭᠡᠰᠡᠨ ᠭᠡᠳᠡᠭ᠃ ᠲᠡᠭᠡᠭᠡᠳ ᠠᠷᠤᠭᠲᠠᠢ ᠲᠠᠢᠰᠢ ᠪᠠᠲᠤᠯᠠ ᠴᠢᠩᠰᠠᠩ ᠲᠡᠭᠦᠨ ᠢ᠋ ᠠᠷᠤᠭ ᠳᠣᠣᠷ᠎ᠠ ᠬᠥᠮᠥᠷᠢᠵᠦ ᠵᠣᠪᠠᠭᠠᠵᠤ᠂ ᠠᠷᠤᠭᠲᠠᠢ ᠭᠡᠳᠡᠭ ᠨᠡᠷ᠎ᠡ ᠥᠭᠭᠦᠭᠰᠡᠨ ᠢ᠋ ᠪᠣᠳᠣᠭᠠᠳ ᠬᠦᠦ ᠪᠠᠬᠠᠮᠤ ᠶ᠋ᠢ ᠨᠢ ᠲᠣᠭᠣᠭᠠᠨ ᠳᠣᠣᠷ᠎ᠠ ᠬᠥᠮᠥᠷᠢᠵᠦ《ᠲᠣᠭᠣᠭᠠᠨ》 ᠭᠡᠳᠡᠭ ᠨᠡᠷ᠎ᠡ ᠥᠭᠴᠦ ᠵᠠᠷᠤᠴᠠ ᠪᠣᠯᠭᠠᠨ ᠭᠡᠷ ᠲᠦ᠍ ᠪᠡᠨ ᠠᠪᠴᠠᠢ᠃
ᠠᠲᠠᠢ ᠬᠠᠭᠠᠨ ᠰᠠᠮᠤᠷ ᠬᠠᠲᠤᠨ ᠤ᠋ ᠪᠠᠨ ᠬᠦᠦ ᠶ᠋ᠢ ᠥᠷᠥᠰᠢᠶᠡᠬᠦ ᠶ᠋ᠢ ᠭᠤᠶᠤᠴᠢᠯᠠᠭᠰᠠᠨ ᠢ᠋ ᠵᠥᠪᠰᠢᠶᠡᠷᠡᠵᠦ᠂ ᠢᠯᠴᠢ ᠲᠣᠮᠢᠯᠠᠭᠤᠯᠤᠨ ᠲᠣᠭᠣᠨ ᠢ᠋ ᠬᠠᠮᠠᠭᠠᠯᠠᠭᠤᠯᠤᠨ ᠣᠢᠷᠠᠳ ᠲᠤ᠌ ᠬᠦᠷᠭᠡᠪᠡ᠃
ᠲᠣᠭᠣᠨ ᠣᠢᠷᠠᠳ ᠲᠤ᠌ ᠪᠠᠨ ᠪᠤᠴᠠᠵᠤ ᠡᠴᠢᠭᠡ ᠪᠠᠲᠤᠯᠠ ᠴᠢᠩᠰᠠᠩ ᠤ᠋ᠨ ᠴᠣᠯᠠ ᠬᠡᠷᠬᠡᠮ ᠢ᠋ ᠵᠠᠯᠭᠠᠮᠵᠢᠯᠠᠵᠤ᠂ ᠣᠢᠷᠠᠳ᠂ ᠥᠭᠡᠯᠦᠨ᠂ ᠲᠠᠢᠴᠢᠭᠤᠳ᠂ ᠬᠣᠢᠳ ᠤ᠋ᠨ ᠳᠥᠷᠪᠡᠨ ᠶᠡᠬᠡ ᠠᠢᠮᠠᠭ ᠢ᠋ ᠵᠠᠬᠢᠷᠴᠤ ᠵᠡᠭᠦᠨ ᠮᠣᠩᠭᠣᠯ ᠢ᠋ ᠳᠠᠢᠯᠠᠬᠤ ᠪᠠᠷ ᠰᠢᠢᠳᠦᠭᠰᠡᠨ ᠶᠦᠮ᠃
1434 ᠣᠨ ᠳ᠋ᠤ᠌ ᠠᠲᠠᠢ ᠬᠠᠭᠠᠨ ᠤ᠋ ᠰᠢᠳᠠᠷ ᠠᠷᠤᠭᠲᠠᠢ ᠲᠡᠢᠰᠢ ᠡᠴᠢᠭᠡ ᠬᠥᠪᠡᠭᠦᠨ ᠬᠣᠶᠠᠭᠤᠯᠠ ᠣᠢᠷᠠᠳ
ᠤ᠋ᠨ ᠲᠣᠭᠣᠨ ᠴᠢᠩᠰᠠᠩ ᠳ᠋ᠤ᠌ ᠠᠯᠠᠭᠳᠠᠭᠰᠠᠨ ᠪᠠᠢᠨ᠎ᠠ᠃
1435—1436 ᠬᠦᠷᠲᠡᠯ᠎ᠡ ᠠᠲᠠᠢ ᠬᠠᠭᠠᠨ ᠪᠣᠯᠤᠨ ᠲᠣᠷᠵᠢᠪᠠᠢ ᠴᠢᠩᠰᠠᠩ ᠨᠠᠷ ᠤᠳᠠᠭ᠎ᠠ ᠳᠠᠷᠠᠭᠠᠯᠠᠨ ᠮᠢᠩ ᠤᠯᠤᠰ᠂ ᠣᠢᠷᠠᠳ ᠤ᠋ᠳ ᠲᠠᠢ ᠳᠠᠢᠳᠤᠵᠤ ᠪᠠᠢᠪᠠ᠃
1438 ᠣᠨ ᠳ᠋ᠤ᠌ ᠠᠲᠠᠢ ᠬᠠᠭᠠᠨ᠂ ᠳᠣᠷᠵᠢᠪᠠᠢ ᠴᠢᠩᠰᠠᠩ ᠨᠠᠷ ᠮᠢᠩ ᠤᠯᠤᠰ ᠤ᠋ᠨ ᠴᠡᠷᠢᠭ ᠪᠣᠯᠤᠨ ᠲᠣᠭᠣᠨ ᠴᠢᠩᠰᠠᠩ ᠲᠠᠢ ᠰᠢᠷᠦᠭᠦᠨ ᠪᠠᠢᠯᠳᠤᠵᠤ᠂ ᠬᠦᠴᠦᠨ ᠮᠡᠬᠦᠰᠳᠡᠵᠦ ᠳᠣᠷᠵᠢᠪᠠᠢ ᠴᠢᠩᠰᠠᠩ ᠠᠯᠠᠭᠳᠠᠵᠤ᠂ ᠠᠲᠠᠢ ᠬᠠᠭᠠᠨ ᠪᠠᠷᠢᠪᠴᠢᠯᠠᠭᠳᠠᠵᠠᠢ᠃ ᠠᠲᠠᠢ ᠬᠠᠭᠠᠨ ᠠᠮᠢ ᠶ᠋ᠢ ᠨᠢ ᠥᠷᠥᠰᠢᠶᠡᠵᠦ ᠶᠠᠪᠤᠭᠤᠯᠤᠭᠰᠠᠨ ᠢ᠋ ᠰᠠᠨᠠᠵᠤ ᠪᠠᠢᠬᠤ ᠭᠡᠮᠡᠨ ᠬᠡᠯᠡᠬᠦ ᠳ᠋ᠦ᠍ ᠲᠣᠭᠣᠨ ᠴᠢᠩᠰᠠᠩ ᠮᠠᠰᠢ ᠬᠢᠯᠢᠩᠨᠡᠵᠦ《ᠡᠴᠢᠭᠡ ᠶ᠋ᠢ ᠮᠢᠨᠢ ᠠᠯᠠᠵᠤ᠂ ᠡᠬᠡ ᠶ᠋ᠢ ᠡᠷ᠎ᠡ ᠦᠭᠡᠢ ᠪᠣᠯᠭᠠᠵᠤ᠂ ᠨᠠᠮ᠎ᠠ ᠶ᠋ᠢ ᠡᠴᠢᠭᠡ ᠦᠭᠡᠢ ᠪᠣᠯᠭᠠᠭᠰᠠᠨ》 ᠭᠡᠵᠦ ᠥᠰᠢᠶᠡᠷᠬᠡᠨ ᠠᠲᠠᠢ ᠬᠠᠭᠠᠨ ᠢ᠋ ᠬᠣᠷᠣᠭᠠᠭᠰᠠᠨ ᠪᠠᠢᠨ᠎ᠠ᠃
ᠠᠲᠠᠢ ᠬᠠᠭᠠᠨ1426—1438 ᠣᠨ ᠬᠦᠷᠲᠡᠯ᠎ᠡ ᠬᠠᠭᠠᠨ ᠰᠢᠷᠡᠭᠡᠨ ᠳ᠋ᠦ᠍13 ᠵᠢᠯ ᠰᠠᠭᠤᠭᠠᠳ39 ᠨᠠᠰᠤᠲᠠᠢ ᠳ᠋ᠤ᠌ ᠪᠠᠨ ᠣᠢᠷᠠᠳ ᠤ᠋ᠨ ᠴᠡᠷᠢᠭ ᠦ᠋ᠨ ᠵᠠᠩᠵᠤᠨ ᠲᠣᠭᠣᠨ ᠴᠢᠩᠰᠠᠩ ᠳ᠋ᠤ᠌ ᠠᠯᠠᠭᠳᠠᠵᠤ ᠨᠠᠰᠤ ᠪᠠᠷᠠᠭᠰᠠᠨ ᠪᠠᠢᠨ᠎ᠠ᠃
ᠡᠷᠬᠡ ᠠᠰᠢᠭ ᠪᠤᠯᠢᠶᠠᠯᠳᠤᠵᠤ᠂ ᠡᠳ᠋ ᠬᠥᠷᠥᠩᠭᠡ ᠬᠡᠷᠬᠡᠮ ᠵᠡᠷᠭᠡ ᠪᠡᠷ ᠲᠦᠷᠢᠮᠡᠬᠡᠢᠯᠡᠵᠦ᠂ ᠡᠶ᠎ᠡ ᠡᠪᠳᠡᠷᠡᠭᠰᠡᠨ ᠮᠣᠩᠭᠣᠯᠴᠤᠳ ᠳᠣᠲᠣᠷ᠎ᠠ ᠪᠠᠨ ᠨᠢᠭᠡᠨ ᠨᠢᠭᠡᠨ ᠢ᠋ ᠪᠡᠨ ᠳᠠᠢᠰᠤᠩᠨᠠᠵᠤ᠂ ᠦᠰ ᠠᠪᠬᠤ ᠬᠤᠪᠢ ᠪᠠᠨ ᠪᠣᠳᠣᠵᠤ᠂ ᠳᠣᠪᠣ ᠪᠠᠨ ᠰᠢᠷᠠᠯᠠᠭᠤᠯᠬᠤ ᠡᠨᠡ ᠮᠡᠲᠦ ᠪᠤᠰᠤᠴᠢᠷ ᠶᠠᠪᠤᠳᠠᠯ ᠤ᠋ᠳ ᠨᠢ ᠮᠣᠩᠭᠣᠯᠴᠤᠳ ᠤ᠋ᠨ ᠳᠣᠷᠣᠢᠲᠠᠯ ᠢ᠋ ᠤᠯᠠᠮ ᠨᠢᠭᠡ ᠠᠯᠬᠤᠮ ᠬᠠᠷᠠᠭᠤᠯᠤᠭᠰᠠᠨ ᠪᠠᠢᠨ᠎ᠠ᠃
ᠢᠷᠡᠯᠲᠡ᠄《ᠮᠣᠩᠭᠣᠯ ᠤ᠋ᠨ ᠭᠤᠴᠢᠨ ᠵᠢᠷᠭᠤᠭᠠᠨ ᠬᠠᠭᠠᠳ ᠤ᠋ᠨ ᠲᠣᠪᠴᠢ ᠨᠠᠮᠲᠠᠷ》 ᠨᠣᠮ ᠠ᠋ᠴᠠ ᠨᠠᠢᠷᠠᠭᠤᠯᠤᠨ ᠰᠣᠩᠭᠣᠵᠤ ᠰᠡᠢᠷᠡᠭᠦᠯᠪᠡ᠃
ᠦᠰᠦᠭ ᠠᠮᠢᠯᠠᠭᠤᠯᠤᠭᠰᠠᠨ ᠨᠢ᠄ ᠴᠢ᠊ · ᠤᠷᠠᠨᠴᠡᠴᠡᠭ