ᠡᠬᠡ ᠬᠡᠯᠡ ᠪᠣᠰᠤᠭ᠎ᠠ ᠮᠣᠩᠭᠣᠯ ᠦᠰᠦᠭ ᠪᠢᠴᠢᠭ ᠮᠢᠨᠢ ᠡᠭᠦᠷᠢᠳᠡ ᠣᠷᠣᠰᠢᠬᠤ ᠪᠣᠯᠲᠤᠭᠠᠢ
ᠡᠬᠡ ᠬᠡᠯᠡ ᠪᠣᠰᠤᠭ᠎ᠠ ᠮᠣᠩᠭᠣᠯ ᠦᠰᠦᠭ ᠪᠢᠴᠢᠭ ᠮᠢᠨᠢ ᠡᠭᠦᠷᠢᠳᠡ ᠣᠷᠣᠰᠢᠬᠤ ᠪᠣᠯᠲᠤᠭᠠᠢ
ᠵᠥᠪ ᠪᠢᠴᠢᠯᠭᠡ ᠶᠢᠰᠦᠳᠦᠭᠡᠷ ᠰᠦᠯᠳᠡ ᠬᠣᠯᠪᠣᠭ᠎ᠠ ᠶ᠋ᠢᠨ ᠭᠡᠰᠢᠭᠦᠳ᠄
1. ᠪᠠᠶᠠᠨ ᠬᠠᠩᠭᠠᠢ᠄
ᠪᠤᠴᠠᠯᠵᠤ ᠪᠠᠢᠭ᠎ᠠ ᠴᠢᠰᠤ ᠮᠢᠨᠢ ᠮᠣᠩᠭᠣᠯ᠂
ᠪᠣᠷᠣ ᠤᠯᠠᠭᠠᠨ ᠵᠢᠷᠦᠬᠡ ᠮᠢᠨᠢ ᠮᠣᠩᠭᠣᠯ᠃
2. ᠲᠠᠰᠢᠮᠠ 9
ᠮᠢᠨᠦ ᠨᠤᠲᠤᠭ ᠤ᠋ᠨ ᠭᠠᠵᠠᠷ ᠰᠢᠷᠣᠢ ᠶ᠋ᠢ ᠪᠤᠷᠬᠠᠨ ᠭᠤᠶᠤᠭᠰᠠᠨ ᠴᠤ᠌ ᠪᠤᠤ ᠥᠭ᠂ ᠮᠢᠨᠦ ᠮᠣᠩᠭᠣᠯ ᠤ᠋ᠨ ᠡᠬᠡ ᠬᠡᠯᠡ ᠶ᠋ᠢ ᠲᠩᠷᠢ ᠡᠴᠡ ᠴᠠᠭᠠᠵᠠᠯᠠᠭᠰᠠᠨ ᠴᠤ᠌ ᠪᠢᠲᠡᠭᠡᠢ ᠵᠥᠪᠰᠢᠶᠡᠷᠡ᠃
3. ᠬᠥᠭᠵᠢᠯᠲᠦ 9
ᠡᠪ ᠢ᠋ ᠴᠢᠨᠢ ᠣᠯᠵᠤ ᠰᠡᠪ ᠢ᠋ ᠴᠢᠨᠢ
ᠨᠢᠭᠤᠵᠤ ᠶᠠᠪᠤᠳᠠᠭ ᠬᠥᠮᠦᠨ ᠢ᠋
ᠬᠠᠨᠢ ᠢᠵᠢᠯᠢ ᠭᠡᠳᠡᠭ ᠶᠦᠮ
4. ᠰᠠᠴᠤᠷᠠ᠄
ᠬᠡᠯᠡ ᠪᠡᠨ ᠮᠠᠷᠲᠠᠪᠠᠯ ᠬᠡᠯᠡᠭᠡᠢ
ᠰᠣᠶᠣᠯ ᠢ᠋ᠶ᠋ᠠᠨ ᠮᠠᠷᠲᠠᠪᠠᠯ ᠰᠣᠬᠣᠷ
5. ᠰᠢᠷᠦᠨᠴᠢᠮᠡᠭ
ᠳᠡᠯᠡᠬᠡᠢ ᠳ᠋ᠡᠭᠡᠨ ᠪᠢ ᠬᠠᠢᠷᠠᠲᠠᠢ᠂
ᠳᠡᠭᠡᠷ᠎ᠡ ᠨᠢ ᠮᠣᠩᠭᠣᠯ ᠬᠡᠯᠡ ᠪᠣᠢ᠃
6. ᠬᠠᠨ ᠂ᠲᠤᠶᠠᠭ᠎ᠠ9
ᠥᠩᠭᠡᠲᠦ ᠶᠢᠷᠲᠢᠨᠴᠦ ᠳ᠋ᠦ᠍ ᠰᠠᠢᠬᠠᠨ ᠭᠠᠵᠠᠷ ᠣᠯᠠᠨ ᠪᠣᠢ᠂ ᠥᠯᠥᠭᠡᠢ ᠨᠤᠲᠤᠭ ᠠ᠋ᠴᠠ ᠮᠢᠨᠢ ᠢᠯᠡᠭᠦᠦ ᠰᠠᠢᠬᠠᠨ ᠭᠠᠵᠠᠷ ᠦᠭᠡᠢ᠃ ᠡᠷᠳᠡᠮ ᠰᠤᠷᠬᠤ ᠳ᠋ᠤ᠌ ᠬᠡᠯᠡ ᠪᠦᠬᠦᠨ ᠰᠠᠢᠬᠠᠨ ᠪᠣᠢ ᠂
ᠡᠬᠡ ᠬᠡᠯᠡ ᠶ᠋ᠢ ᠮᠢᠨᠢ ᠭᠦᠢᠴᠡᠬᠦ ᠰᠠᠢᠬᠠᠨ ᠬᠡᠯᠡ ᠦᠭᠡᠢ᠃
7. ᠪᠠᠶᠠᠨ ᠳᠡᠯᠭᠡᠷ9
ᠡᠬᠡ ᠬᠡᠯᠡ ᠪᠣᠰᠤᠭ᠎ᠠ ᠮᠣᠩᠭᠣᠯ ᠦᠰᠦᠭ ᠮᠢᠨᠢ ᠡᠭᠦᠷᠢᠳᠡ ᠪᠣᠰᠤᠭ᠎ᠠ ᠪᠠᠷ ᠪᠠᠢᠵᠤ ᠨᠡᠩ ᠢᠯᠡᠭᠦᠦ ᠬᠥᠭᠵᠢᠨ ᠮᠠᠨᠳᠤᠬᠤ ᠪᠣᠯᠲᠤᠭᠠᠢ!
8. ᠰᠡᠴᠡᠨᠲᠦ9
ᠪᠣᠰᠤᠭ᠎ᠠ ᠮᠣᠩᠭᠣᠯ ᠦᠰᠦᠭ ᠢ᠋ᠶ᠋ᠡᠨ ᠪᠢᠴᠢᠶ᠎ᠡ ᠮᠣᠩᠭᠣᠯᠴᠤᠳ ᠮᠠᠨᠢ! ᠪᠦᠭᠦᠳᠡᠭᠡᠷ ᠢ᠋ᠶ᠋ᠡᠨ ᠰᠤᠷᠤᠯᠴᠠᠶ᠎ᠠ ᠮᠣᠩᠭᠣᠯᠴᠤᠳ ᠮᠠᠨᠢ᠂ ᠥᠪᠡᠷ ᠢ᠋ᠶ᠋ᠡᠨ ᠴᠢᠷᠮᠠᠢᠬᠤ ᠦᠭᠡᠢ᠂ ᠪᠤᠰᠤᠳ ᠦᠨᠳᠦᠰᠦᠲᠡᠨ ᠬᠡᠷᠡᠭᠯᠡᠬᠦ ᠦᠭᠡᠢ ᠰᠢᠦ᠁
9. ᠤᠷᠠᠨᠭᠡᠷᠡᠯ 9
ᠬᠥᠮᠦᠨ ᠪᠦᠬᠦᠨ ᠠᠮᠤᠭᠤᠯᠠᠩ ᠪᠠᠢᠭᠠᠰᠠᠢ᠂ ᠬᠥᠳᠡᠯᠮᠦᠷᠢ ᠦᠢᠯᠡᠰ ᠥᠭᠡᠳᠡ ᠪᠡᠨ ᠪᠠᠢᠭᠠᠰᠠᠢ᠂ ᠬᠦᠰᠡᠭᠰᠡᠨ ᠠᠮᠢᠳᠤᠷᠠᠯ ᠰᠠᠢᠬᠠᠨ ᠪᠠᠢᠭᠠᠰᠠᠢ᠂ ᠬᠦᠷᠬᠦ ᠢᠷᠡᠭᠡᠳᠦᠢ ᠰᠠᠷᠠᠭᠤᠯᠬᠠᠨ ᠪᠠᠢᠭᠠᠰᠠᠢ᠃
10. ᠭᠡᠷᠡᠯᠲᠤᠶᠠᠭ᠎ᠠ
ᠬᠥᠮᠦᠨ ᠶᠠᠪᠤᠪᠠᠯ ᠨᠡᠷ᠎ᠡ ᠪᠡᠨ᠂ ᠭᠠᠯᠠᠭᠤ ᠶᠠᠪᠤᠪᠠᠯ ᠳᠠᠭᠤ ᠪᠠᠨ
11. ᠶᠦᠨ ᠰᠤᠮᠢᠶ᠎ᠠ9
ᠮᠣᠩᠭᠣᠯ ᠦᠨᠳᠦᠰᠦᠲᠡᠨ ᠦ᠌ ᠥᠪ ᠰᠣᠶᠣᠯ ᠢ᠋ᠶ᠋ᠠᠨ ᠬᠥᠭᠵᠢᠭᠦᠯᠵᠦ ᠶᠠᠪᠤᠶ᠎ᠠ᠂ ᠳᠡᠯᠡᠬᠡᠢ ᠳ᠋ᠦ᠍ ᠬᠣᠣᠰ ᠦᠭᠡᠢ ᠮᠣᠩᠭᠣᠯ ᠦᠰᠦᠭ ᠢ᠋ᠶ᠋ᠡᠨ ᠳᠡᠭᠡᠳᠦᠯᠡᠵᠦ ᠶᠠᠪᠤᠶ᠎ᠠ!
12. ᠱ᠌ᠢᠷᠦ
ᠡᠷᠬᠡ ᠶ᠋ᠢ ᠰᠤᠷᠬᠤ ᠪᠠᠷ ᠪᠡᠷᠬᠡ ᠶ᠋ᠢ ᠰᠤᠷ᠃
13. ᠭᠡᠷᠡᠯᠴᠡᠴᠡᠭ9
ᠡᠳ᠋ ᠢ᠋ᠶ᠋ᠡᠷ ᠪᠡᠶ᠎ᠡ ᠪᠡᠨ ᠴᠢᠮᠡᠬᠦ ᠪᠡᠷ ᠡᠷᠳᠡᠮ ᠢ᠋ᠶ᠋ᠡᠷ ᠪᠡᠶ᠎ᠡ ᠪᠡᠨ ᠴᠢᠮ᠎ᠡ!
14. ᠳᠣᠷᠵᠢ 9
ᠰᠣᠶᠣᠯ ᠰᠣᠶᠣᠯ ᠤ᠋ᠨ ᠢᠵᠠᠭᠤᠷ ᠲᠡᠦᠬᠡ
ᠰᠦᠨ ᠳᠠᠯᠠᠢ ᠠ᠋ᠴᠠ ᠭᠦᠨ ᠪᠣᠯᠪᠠᠴᠤ
ᠰᠦᠷᠯᠢᠭ ᠮᠣᠩᠭᠣᠯ ᠤ᠋ᠨ ᠤᠳᠤᠮ ᠲᠡᠦᠬᠡ
ᠰᠦᠮᠪᠦᠷ ᠠᠭᠤᠯᠠ ᠰᠢᠭ᠋ ᠥᠨᠳᠥᠷ ᠣᠷᠭᠢᠯ ᠲᠠᠢ
ᠤᠭᠰᠠᠭ᠎ᠠ ᠲᠦᠮᠡᠨ ᠦ᠌ ᠭᠣᠯᠣᠮᠲᠠ ᠲᠡᠦᠬᠡ
ᠦᠷ ᠦ᠋ᠨ ᠴᠣᠯᠮᠣᠨ ᠰᠢᠭ᠋ ᠭᠢᠯᠠᠯᠵᠠᠭᠠᠳ ᠪᠠᠢᠳᠠᠭ
ᠮᠥᠩᠬᠡ ᠲᠩᠷᠢ ᠶ᠋ᠢᠨ ᠣᠳᠣᠨ ᠳ᠋ᠤ᠌ ᠰᠡᠢᠯᠦᠭᠰᠡᠨ
ᠮᠣᠩᠭᠣᠯ ᠠᠷᠠᠳ ᠤ᠋ᠨ ᠬᠡᠢᠮᠣᠷᠢ ᠰᠦᠯᠳᠡ ᠲᠡᠢ
15. ᠬᠦᠬᠡᠴᠡᠴᠡᠭ
ᠮᠡᠳᠡᠳᠡᠭ ᠲᠦ᠍ ᠮᠡᠷᠭᠡᠨ ᠴᠣᠬᠣᠷ ᠮᠡᠳᠡᠬᠦ ᠦᠭᠡᠢ ᠳ᠋ᠦ᠍ ᠡᠷᠢᠶᠡᠨ ᠴᠣᠬᠣᠷ᠃
16. ᠪᠣᠳᠢᠪᠣᠶᠠᠨ
ᠦᠭᠡ ᠣᠯᠠᠳᠠᠵᠤ᠂ ᠦᠬᠡᠷ ᠬᠣᠯᠠᠳᠠᠬᠤ᠃
ᠡᠨᠡ ᠨᠣᠶᠠᠨ ᠤ᠋ ᠳᠣᠣᠷ᠎ᠠ ᠯᠣᠣᠵᠢᠨ ᠢᠳᠡᠵᠦ ᠰᠠᠭᠤᠬᠤ ᠪᠠᠷ ᠢ᠋ᠶ᠋ᠠᠨ᠂ ᠡᠮᠡᠭᠡᠯ ᠦ᠋ᠨ ᠫᠦᠰᠡᠨ ᠳ᠋ᠦ᠍ ᠣᠴᠢᠵᠤ ᠬᠦᠴᠦ ᠶᠠᠪᠤᠶ᠎ᠠ᠃
17. ᠮᠣᠩᠭᠣᠯ ᠄
ᠪᠣᠰᠤᠭ᠎ᠠ ᠮᠣᠩᠭᠣᠯ ᠪᠢᠴᠢᠭ ᠦᠰᠦᠭ ᠢ᠋ᠶ᠋ᠡᠨ ᠴᠠᠬᠢᠮ ᠣᠷᠴᠢᠨ ᠳ᠋ᠤ᠌ ᠲᠦᠭᠡᠭᠡᠨ ᠳᠡᠯᠭᠡᠷᠡᠭᠦᠯᠦᠶ᠎ᠡ᠂
18. ᠤᠶᠤᠨᠬᠤᠸᠠᠷ
ᠡᠪᠦᠭᠡ ᠳᠡᠭᠡᠳᠦᠰ ᠡᠴᠡ ᠤᠯᠠᠮᠵᠢᠯᠠᠭᠰᠠᠨ ᠡᠬᠡ ᠬᠡᠯᠡ᠂
ᠡᠭᠦᠷᠢᠳᠡ ᠮᠠᠷᠲᠠᠵᠤ ᠪᠣᠯᠣᠰᠢ ᠦᠭᠡᠢ ᠮᠣᠩᠭᠣᠯ ᠬᠡᠯᠡ᠂
ᠦᠶ᠎ᠡ ᠶ᠋ᠢᠨ ᠦᠶ᠎ᠡ ᠪᠡᠷ ᠢ᠋ᠶ᠋ᠡᠨ ᠰᠤᠷᠴᠤ ᠡᠵᠡᠮᠰᠢᠭᠰᠡᠨ ᠲᠥᠷᠥᠯᠬᠢ ᠬᠡᠯᠡ᠂
ᠥᠨᠢ ᠡᠭᠦᠷᠢᠳᠡ ᠮᠠᠨᠳᠤᠬᠤ ᠪᠣᠯᠲᠤᠭᠠᠢ!
19. ᠴᠡᠴᠡᠭᠮ᠎ᠠ 9
ᠲᠡᠮᠦᠷ ᠠᠶᠠᠭ᠎ᠠ ᠨᠢᠭᠡᠨ ᠦᠶ᠎ᠡ
ᠲᠥᠷᠥᠯᠬᠢ ᠬᠡᠯᠡ ᠲᠦᠮᠡᠨ ᠦᠶ᠎ᠡ᠃
20. ᠮᠠᠰᠢᠪᠠᠲᠤ
ᠥᠷᠯᠥᠭᠡ ᠡᠷᠲᠡ ᠳ᠋ᠦ᠍ ᠵᠠᠮ ᠬᠥᠭᠡᠭᠡᠬᠦ ᠰᠠᠢᠬᠠᠨ
ᠦᠳᠡᠯᠦᠭᠡ ᠨᠠᠰᠤᠨ ᠳ᠋ᠤ᠌ ᠡᠷᠳᠡᠮ ᠰᠤᠷᠬᠤ ᠰᠠᠢᠬᠠᠨ
21. ᠪᠠᠲᠤ 9
ᠨᠣᠮ ᠤ᠋ᠨ ᠤᠳᠬ᠎ᠠ ᠨᠢ ᠲᠩᠷᠢ ᠮᠡᠲᠦ ᠠᠭᠤᠤ᠂ ᠳᠡᠯᠡᠬᠡᠢ ᠮᠡᠲᠦ ᠥᠷᠭᠡᠨ᠂ ᠳᠠᠯᠠᠢ ᠮᠡᠲᠦ ᠭᠦᠨ᠂ ᠨᠣᠮ ᠢ᠋ ᠤᠩᠰᠢᠬᠤ ᠨᠢ ᠲᠩᠷᠢ ᠳ᠋ᠦ᠍ ᠨᠢᠰᠴᠦ᠂ ᠳᠡᠯᠡᠬᠡᠢ ᠶ᠋ᠢ ᠲᠣᠭᠣᠷᠢᠵᠤ᠂ ᠳᠠᠯᠠᠢ ᠳ᠋ᠤ᠌ ᠱᠤᠩᠪᠠᠬᠤ ᠮᠡᠲᠦ᠃
22. ᠴᠢ᠊᠂ ᠰᠠᠷᠠᠨ
ᠠᠮᠢᠳᠤᠷᠠᠯ ᠢ᠋ ᠠᠵᠢᠯᠯᠠᠬᠤ ᠪᠠᠷ
ᠠᠮᠵᠢᠯᠲᠠ ᠶ᠋ᠢ ᠴᠢᠷᠮᠠᠢᠬᠤ ᠪᠠᠷ
23. ᠵᠠᠭᠤᠨᠨᠠᠰᠤᠲᠤ᠄
ᠮᠣᠩᠭᠣᠯ ᠰᠣᠶᠣᠯ ᠨᠠᠨᠳᠢᠨ ᠲᠡᠦᠬᠡ
ᠮᠣᠩᠭᠣᠯ ᠪᠤᠳᠠᠭ᠎ᠠ ᠮᠣᠯᠣᠷ ᠡᠷᠳᠡᠨᠢ
24. ᠭᠠᠩᠬᠤᠶᠠᠭ9
ᠵᠠᠮ ᠢ᠋ᠶ᠋ᠠᠨ ᠣᠯᠪᠠᠯ ᠬᠦᠷᠬᠦ ᠦᠭᠡᠢ ᠭᠠᠵᠠᠷ ᠪᠠᠢᠬᠤ ᠦᠭᠡᠢ᠂
ᠵᠣᠷᠢᠭ ᠪᠠᠢᠪᠠᠯ ᠪᠦᠲᠦᠬᠦ ᠦᠭᠡᠢ ᠦᠢᠯᠡ ᠪᠠᠢᠬᠤ ᠦᠭᠡᠢ᠃
25 ᠲᠡᠮᠦᠷᠭᠣᠣᠯᠳᠣ
ᠪᠢᠳᠡ ᠮᠣᠩᠭᠣᠯ ᠦᠰᠦᠭ ᠪᠢᠴᠢᠭ ᠢ᠋ᠶ᠋ᠡᠨ ᠨᠠᠨᠳᠢᠩᠨᠠᠨ ᠦᠷᠭᠦᠯᠵᠢ ᠬᠡᠷᠡᠭᠯᠡᠬᠦ ᠶ᠋ᠢ ᠥᠪᠡᠷ ᠦ᠋ᠨ ᠤᠬᠠᠮᠰᠠᠷᠲᠤ ᠠᠵᠢᠯᠯᠠᠭ᠎ᠠ ᠪᠠᠨ ᠪᠣᠯᠭᠠᠪᠠᠯ ᠵᠣᠬᠢᠨ᠎ᠠ
26. ᠷᠠᠪᠳᠠᠨ
ᠠᠵᠢᠯ ᠬᠢᠪᠡᠯ ᠳᠠᠭᠤᠰᠲᠠᠯ᠎ᠠ᠂ ᠳᠠᠪᠤᠰᠤ ᠬᠢᠪᠡᠯ ᠠᠭᠤᠰᠲᠠᠯ᠎ᠠ᠃
27. ᠶᠠᠩ ᠲᠤᠶᠠᠭ᠎ᠠ
ᠮᠢᠨᠦ ᠦᠷ᠎ᠡ ᠤᠳᠤᠮ ᠳ᠋ᠤ᠌ ᠪᠠᠨ ᠦᠯᠡᠳᠡᠭᠡᠬᠦ ᠭᠡᠷᠢᠶᠡᠰ᠂ ᠥᠪ ᠬᠥᠷᠥᠩᠭᠡ ᠮᠢᠨᠢ— ᠡᠬᠡ ᠬᠡᠯᠡ᠃ ᠮᠢᠨᠦ ᠠᠮᠢᠳᠤ ᠶᠠᠪᠤᠭ᠎ᠠ ᠶ᠋ᠢᠨ ᠪᠠᠬᠠᠷᠬᠠᠯ᠂ ᠵᠢᠪᠬᠤᠯᠠᠩᠲᠤ ᠠᠶᠠᠯᠭᠤ— ᠮᠣᠩᠭᠣᠯ ᠬᠡᠯᠡ᠃
28. ᠣᠳᠬᠠᠨᠴᠡᠴᠡᠭ
ᠤᠨᠠᠭᠰᠠᠨ ᠰᠢᠷᠣᠢ ᠪᠣᠯ ᠠᠯᠲᠠ ᠶᠤᠮ ᠭᠡᠵᠦ ᠠᠪᠤ ᠮᠢᠨᠢ ᠰᠤᠷᠭᠠᠳᠠᠭ ᠰᠠᠨ᠂ ᠤᠤᠭᠤᠭᠰᠠᠨ ᠤᠰᠤ ᠪᠣᠯ ᠷᠠᠰᠢᠶᠠᠨ ᠶᠤᠮ ᠭᠡᠵᠦ ᠡᠵᠢ ᠮᠢᠨᠢ ᠵᠠᠬᠢᠳᠠᠭ ᠰᠠᠨ᠂ ᠠᠪᠤ ᠶ᠋ᠢᠨ ᠮᠢᠨᠢ ᠰᠤᠷᠭᠠᠯ᠂ ᠡᠵᠢ ᠶ᠋ᠢᠨ ᠮᠢᠨᠢ ᠵᠠᠬᠢᠶ᠎ᠠ ᠠᠯᠲᠠ ᠠ᠋ᠴᠠ ᠴᠤᠬᠠᠭ ᠡᠷᠳᠡᠨᠢ ᠠᠳᠠᠯᠢᠬᠠᠨ᠃
29. ᠰ᠂ ᠪᠠᠶᠠᠷ9
ᠪᠤᠰᠤᠳ ᠤ᠋ᠨ ᠬᠡᠯᠡ ᠪᠠᠭᠠᠵᠢ ᠪᠣᠯᠬᠤ ᠳ᠋ᠤ᠌
ᠡᠬᠡ ᠬᠡᠯᠡ ᠮᠢᠨᠢ ᠠᠮᠢᠨ ᠰᠦᠨᠡᠰᠦ ᠪᠣᠯᠳᠠᠭ ᠶᠤᠮ ᠰᠢᠦ
ᠡᠳᠦᠷ ᠪᠦᠷᠢ ᠡᠬᠡ ᠬᠡᠯᠡ ᠲᠡᠢ ᠪᠡᠨ ᠴᠣᠭ ᠪᠠᠢᠶ᠎ᠠ
30. ᠰᠠᠷᠠᠨ9
ᠳᠠᠭᠤᠳᠠᠬᠤ ᠨᠡᠷ᠎ᠡ ᠶ᠋ᠢ ᠠᠪᠤ ᠡᠵᠢ ᠥᠭᠳᠡᠭ᠂ ᠳᠠᠭᠤᠷᠢᠰᠬᠤ ᠨᠡᠷ᠎ᠡ ᠶ᠋ᠢ ᠥᠪᠡᠷ ᠢ᠋ᠶ᠋ᠡᠨ ᠣᠯᠳᠠᠭ᠃
31. ᠪᠠᠲᠤᠰᠥ᠋ᠬᠡ
ᠬᠥᠮᠦᠨ ᠦ᠌ ᠰᠠᠢᠨ ᠢ᠋ ᠬᠠᠨᠢᠯᠠᠨ ᠪᠠᠢᠵᠤ ᠮᠡᠳᠡᠨ᠎ᠡ ᠂ ᠬᠦᠯᠦᠭ ᠦ᠋ᠨ ᠰᠠᠢᠨ ᠢ᠋ ᠵᠠᠮ ᠤ᠋ᠨ ᠬᠣᠯᠠ ᠳ᠋ᠤ᠌ ᠮᠡᠳᠡᠨ᠎ᠡ! ᠪᠡᠶ᠎ᠡ ᠪᠡᠨ ᠮᠡᠳᠡᠪᠡᠯ ᠬᠥᠮᠦᠨ ᠂ ᠪᠡᠯᠴᠢᠭᠡᠷ ᠢ᠋ᠶ᠋ᠡᠨ ᠮᠡᠳᠡᠪᠡᠯ ᠮᠠᠯ
32. ᠪᠠᠶᠠᠨ ᠬᠣᠷᠸ᠎ᠠ 9
ᠦᠶ᠎ᠡ ᠶ᠋ᠢᠨ ᠦᠶ᠎ᠡ ᠶ᠋ᠢᠨ ᠮᠣᠩᠭᠣᠯ ᠦᠨᠳᠦᠰᠦ ᠪᠣᠯᠤᠭᠰᠠᠨ ᠬᠡᠯᠡ ᠮᠢᠨᠢ ᠦᠷ᠎ᠡ ᠶ᠋ᠢᠨ ᠦᠷ᠎ᠡ ᠶ᠋ᠢᠨ ᠬᠣᠢᠴᠢ ᠳ᠋ᠤ᠌ ᠥᠪ ᠪᠣᠯᠤᠭᠰᠠᠨ ᠬᠡᠯᠡ ᠮᠢᠨᠢ ᠥᠪᠡᠷ ᠪᠤᠰᠤᠳ ᠠ᠋ᠴᠠ ᠢᠯᠭᠠᠷᠠᠬᠤ ᠳ᠋ᠤ᠌ ᠬᠢᠯᠢ ᠪᠣᠯᠤᠭᠰᠠᠨ ᠬᠡᠯᠡ ᠮᠢᠨᠢ ᠥᠪᠡᠷ ᠦ᠋ᠨ ᠥᠩᠭᠡ ᠪᠡᠷ ᠰᠣᠯᠣᠩᠭᠠᠷᠠᠬᠤ ᠳ᠋ᠤ᠌ ᠠᠮᠢ ᠪᠣᠯᠤᠭᠰᠠᠨ ᠬᠡᠯᠡ ᠮᠢᠨᠢ
33. ᠠᠮᠢᠨ ᠤᠷᠲᠤ9
ᠠᠢᠯ ᠠ᠋ᠴᠠ ᠪᠠᠨ ᠡᠷᠢᠬᠦ ᠪᠡᠷ ᠠᠪᠳᠠᠷ᠎ᠠ ᠠ᠋ᠴᠠ ᠪᠠᠨ ᠡᠷᠢ᠃
ᠬᠢᠨᠠᠭᠴᠢ᠄ ᠰᠠᠷᠠᠨ᠎ᠠ᠂ ᠣᠳᠬᠠᠨᠰᠠᠸ᠋ᠠ