ᠪᠥᠬᠡ ᠪᠤᠭᠤᠷᠤᠯ ᠤ᠋ᠨ ᠳᠣᠮᠣᠭBökh Buuralyn domog Бөх Бууралын домог ᠳᠣᠮᠣᠭ ᠦᠯᠢᠭᠡᠷ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠪᠥᠬᠡ ᠪᠤᠭᠤᠷᠤᠯ ᠤ᠋ᠨ ᠳᠣᠮᠣᠭBökh Buuralyn domog Бөх Бууралын домог

ᠪᠥᠬᠡ ᠪᠤᠭᠤᠷᠤᠯ ᠤ᠋ᠨ ᠳᠣᠮᠣᠭBökh Buuralyn domog Бөх Бууралын домог

ᠠᠩᠭᠢᠯᠠᠯ:ᠳᠣᠮᠣᠭ ᠦᠯᠢᠭᠡᠷ
2025-10-12

1636

ᠪᠥᠬᠡ ᠪᠤᠭᠤᠷᠤᠯ ᠤ᠋ᠨ ᠳᠣᠮᠣᠭ

       ᠨᠤᠲᠤᠭ ᠤᠰᠤᠨ ᠤ᠋ ᠬᠢᠨ ᠳ᠋ᠦ᠍᠂ ᠪᠥᠬᠡ ᠪᠤᠭᠤᠷᠤᠯ ᠬᠡᠮᠡᠭᠴᠢ ᠡᠳᠦᠭᠡ ᠪᠣᠯᠲᠠᠯ᠎ᠠ ᠳᠣᠮᠣᠭ ᠬᠡᠯᠡ ᠶᠠᠷᠢᠭᠳᠠᠨ ᠪᠠᠢᠭ᠎ᠠ ᠭᠠᠢᠬᠠᠮᠰᠢᠭᠲᠤ ᠴᠢᠳᠠᠯ ᠲᠠᠢ ᠡᠨᠡ ᠡᠷ᠎ᠡ ᠳᠣᠯᠣᠭᠠᠨ ᠬᠣᠰᠢᠭᠤ ᠳᠠᠮᠵᠢᠭᠳᠠᠨ ᠡᠰᠡᠪᠡᠯ ᠠᠷᠪᠠᠨ ᠵᠠᠰᠠᠭ ᠤ᠋ᠨ ᠨᠠᠭᠠᠳᠤᠮ ᠳ᠋ᠤ᠌ ᠪᠠᠷᠢᠯᠳᠤᠨ ᠬᠠᠯᠬ᠎ᠠ ᠮᠣᠩᠭᠣᠯ ᠳᠠᠶᠠᠭᠠᠷ ᠲᠤ᠌ ᠨᠡᠷ᠎ᠡ ᠳ᠋ᠦ᠍ ᠭᠠᠷᠴᠤ ᠶᠠᠪᠤᠭᠰᠠᠨ ᠦᠭᠡᠢ ᠴᠦ᠍᠂ ᠨᠤᠲᠤᠭ ᠲᠠᠭᠠᠨ ᠨᠡᠷ᠎ᠡ ᠳ᠋ᠦ᠍ ᠭᠠᠷᠤᠭᠰᠠᠨ ᠰᠠᠢᠨ ᠪᠥᠬᠡ ᠪᠠᠢᠭᠰᠠᠨ ᠠᠵᠢ᠃
       ᠪᠤᠭᠤᠷᠤᠯ ᠤ᠋ᠨ ᠤᠤᠭᠠᠯ ᠨᠤᠲᠤᠭ ᠤᠬᠢᠶᠠᠭᠰᠠᠨ ᠤᠰᠤ ᠵᠡᠭᠦᠨ ᠠᠮᠪᠠᠨ ᠤ᠋ ᠬᠣᠰᠢᠭᠤ᠂ ᠲᠡᠭᠦᠨ ᠢ᠋ ᠠᠷᠪᠠᠨ ᠲᠠᠪᠤᠨ ᠨᠠᠰᠤᠲᠠᠢ ᠪᠠᠢᠬᠤ ᠳ᠋ᠤ᠌ ᠨᠢ ᠡᠵᠢ ᠬᠦᠦ ᠬᠣᠶᠠᠷ ᠠᠢᠯ ᠤ᠋ᠳ ᠤ᠋ᠨ ᠵᠠᠬ᠎ᠠ ᠪᠠᠷᠠᠭᠠᠳᠠᠨ ᠭᠠᠭᠴᠠ ᠭᠡᠷ ᠢ᠋ᠶ᠋ᠡᠷ ᠢ᠋ᠶ᠋ᠡᠨ ᠡᠪᠦᠯᠵᠢᠵᠦ ᠪᠠᠢᠵᠠᠢ᠃ ᠬᠣᠭᠣᠯᠠ ᠬᠦᠨᠡᠰᠦ ᠬᠣᠮᠰᠠ ᠶᠠᠳᠠᠷᠠᠬᠤ ᠶ᠋ᠢᠨ ᠤᠴᠢᠷ ᠪᠤᠭᠤᠷᠤᠯ ᠬᠦᠦ ᠨᠤᠲᠤᠭ ᠤ᠋ᠨ ᠨᠢᠭᠡᠨ ᠪᠠᠶᠠᠨ ᠤ᠋ ᠬᠣᠲᠠᠨ ᠠ᠋ᠴᠠ ᠦᠦᠷ ᠰᠥᠨᠢ ᠶ᠋ᠢᠨ ᠵᠠᠭᠠᠭ ᠢ᠋ᠶ᠋ᠠᠷ ᠰᠤᠪᠠᠢ ᠦᠨᠢᠶ᠎ᠡ ᠪᠠᠷᠢᠵᠤ᠂ ᠳᠥᠷᠪᠡᠨ ᠬᠥᠯ ᠢ᠋ ᠨᠢ ᠪᠣᠭᠣᠭᠠᠳ ᠡᠭᠦᠷᠴᠦ ᠭᠡᠷ ᠲᠡᠭᠡᠨ ᠢᠷᠡᠭᠡᠳ ᠬᠣᠭᠣᠯᠠ ᠲᠠᠢ ᠪᠣᠯᠵᠠᠢ᠃ ᠥᠷᠯᠥᠭᠡ ᠨᠢ ᠦᠬᠡᠷ ᠡᠴᠡ ᠪᠡᠨ ᠨᠢᠭᠡ ᠨᠢ ᠠᠯᠠᠭ᠎ᠠ ᠪᠣᠯᠤᠭᠰᠠᠨ ᠭᠡᠳᠡᠭ ᠢ᠋ ᠮᠡᠳᠡᠭᠰᠡᠨ ᠬᠥᠮᠦᠰ ᠮᠥᠷ ᠮᠥᠰᠬᠢᠭᠰᠡᠨ ᠪᠣᠯᠪᠠᠴᠤ ᠭᠠᠭᠴᠠ ᠶᠠᠪᠤᠭᠰᠠᠨ ᠬᠥᠮᠦᠨ ᠦ᠌ ᠮᠥᠷ ᠬᠣᠲᠠᠨ ᠤ᠋ ᠵᠠᠬ᠎ᠠ ᠠ᠋ᠴᠠ ᠭᠠᠷᠴᠤ ᠠᠯᠠᠭ᠎ᠠ ᠪᠣᠯᠵᠤ᠂ ᠦᠬᠡᠷ ᠲᠣᠭᠣᠭᠰᠠᠨ ᠶᠠᠮᠠᠷ ᠴᠤ᠌ ᠤᠯᠠ ᠮᠥᠷ ᠦᠯᠡᠳᠡᠭᠰᠡᠨ ᠦᠭᠡᠢ ᠠᠵᠢ᠃ ᠬᠣᠯᠠ ᠣᠢᠷ᠎ᠠ ᠠ᠋ᠴᠠ ᠰᠤᠷᠠᠭ ᠯᠠᠪᠯᠠᠭᠰᠠᠨ ᠪᠣᠯᠪᠠᠴᠤ ᠶᠠᠭᠤ ᠴᠤ᠌ ᠰᠣᠨᠣᠰᠤᠭᠰᠠᠨ ᠦᠭᠡᠢ ᠭᠠᠢᠬᠠᠰᠢ ᠠᠮᠠᠷᠠᠴᠢᠬᠠᠵᠠᠢ᠃ ᠵᠤᠨ ᠨᠢ ᠪᠠᠶᠠᠨ ᠡᠷ᠎ᠡ᠂ ᠪᠤᠭᠤᠷᠤᠯ ᠤ᠋ᠨ ᠡᠪᠦᠯᠵᠢᠭᠰᠡᠨ ᠭᠠᠵᠠᠷ ᠤ᠋ᠨ ᠬᠠᠪᠢ ᠠ᠋ᠴᠠ ᠠᠯᠳᠠᠭᠰᠠᠨ ᠦᠬᠡᠷ ᠦ᠋ᠨ ᠬᠡᠨ ᠲᠣᠯᠣᠭᠠᠢ᠂ ᠠᠷᠠᠰᠤ᠂ ᠶᠠᠰᠤ ᠶ᠋ᠢ ᠣᠯᠵᠤ ᠦᠵᠡᠭᠡᠳ ᠡᠵᠢ ᠳ᠋ᠦ᠍ ᠨᠢ᠂
      — ᠮᠢᠨᠦ ᠦᠬᠡᠷ ᠢ᠋ ᠲᠠᠨᠠᠷ ᠬᠤᠯᠠᠭᠠᠢᠯᠠᠨ ᠠᠪᠴᠠᠢ᠃ ᠶᠠᠮᠠᠷ ᠵᠠᠮ ᠢ᠋ᠶ᠋ᠠᠷ ᠬᠡᠨ ᠲᠠᠨᠠᠷ ᠲᠤ᠌ ᠠᠪᠴᠢᠷᠠᠵᠤ ᠥᠭᠪᠡ? ᠭᠡᠵᠦ ᠠᠰᠠᠭᠤᠵᠠᠢ᠃ ᠪᠤᠭᠤᠷᠤᠯ ᠤ᠋ᠨ ᠡᠬᠡ᠂
      — ᠬᠦᠦ ᠪᠢᠳᠡ ᠬᠣᠶᠠᠷ ᠥᠯᠪᠡᠷᠵᠦ ᠦᠬᠦᠬᠦ ᠶ᠋ᠢᠨ ᠲᠤᠯᠠᠳᠠ᠂ ᠦᠬᠡᠷ ᠢ᠋ ᠴᠢᠨᠢ ᠡᠭᠦᠷᠴᠦ ᠢᠷᠡᠭᠰᠡᠨ ᠶᠤᠮ᠃ ᠣᠳᠣ ᠲᠥᠯᠥᠵᠦ ᠥᠭᠬᠦ ᠬᠥᠷᠥᠩᠭᠡ ᠠᠯᠠᠭ᠎ᠠ᠂ ᠶᠠᠭᠠᠬᠢᠳᠠᠭ ᠪᠢᠯᠡ ᠭᠡᠵᠦ ᠰᠠᠨᠳᠤᠷᠴᠠᠢ᠃ ᠲᠡᠭᠡᠬᠦ ᠳ᠋ᠦ᠍ ᠨᠢ ᠪᠠᠶᠠᠨ᠂
      — ᠵᠠ ᠲᠡᠭᠡᠪᠡᠯ ᠲᠠᠨ ᠤ᠋ ᠬᠣᠶᠠᠷ ᠮᠠᠨ ᠤ᠋ ᠭᠠᠳᠠᠨ᠎ᠠ ᠪᠠᠭᠤ! ᠮᠠᠨ ᠤ᠋ ᠠᠵᠢᠯ ᠳ᠋ᠤ᠌ ᠬᠠᠮᠵᠢᠯᠴᠠᠵᠤ ᠲᠤᠰᠠᠯᠠᠯᠴᠠᠨ ᠶᠠᠪᠤ! ᠭᠡᠬᠦ ᠳ᠋ᠦ᠍ ᠲᠡᠳᠡ ᠵᠥᠪᠰᠢᠶᠡᠷᠡᠵᠡᠢ᠃
       ᠲᠡᠢᠨᠬᠦ ᠪᠠᠶᠠᠨ ᠤ᠋ ᠬᠡᠯᠡᠭᠰᠡᠨ ᠢ᠋ᠶ᠋ᠡᠷ ᠨᠡᠭᠦᠨ ᠣᠴᠢᠵᠤ᠂ ᠭᠡᠷ ᠮᠠᠯ ᠤ᠋ᠨ ᠠᠵᠢᠯ ᠳ᠋ᠤ᠌ ᠨᠢ ᠲᠤᠰᠠᠯᠠᠯᠴᠠᠵᠤ᠂ ᠭᠤᠷᠪᠠᠨ ᠵᠢᠯ ᠥᠩᠭᠡᠷᠡᠵᠦ᠂ ᠪᠤᠭᠤᠷᠤᠯ ᠬᠦᠦ ᠴᠦ᠍ ᠠᠷᠪᠠᠨ ᠨᠠᠢ᠍ᠮᠠᠨ ᠨᠠᠰᠤ ᠬᠦᠷᠪᠡ᠃ ᠵᠡᠭᠦᠨ ᠠᠮᠪᠠᠨ ᠤ᠋ ᠬᠣᠰᠢᠭᠤ ᠨᠣᠶᠠᠨ᠂ ᠵᠤᠨ ᠤ᠋ ᠡᠬᠢ ᠪᠡᠷ ᠨᠤᠲᠤᠭ ᠤ᠋ᠨ ᠢ᠋ᠶ᠋ᠠᠨ ᠵᠠᠯᠠᠭᠤᠰ ᠢ᠋ ᠤᠷᠢᠵᠤ ᠦᠷᠢᠶ᠎ᠡ ᠳᠠᠭ᠎ᠠ ᠪᠠᠨ ᠵᠠᠰᠠᠵᠤ ᠬᠥᠩᠭᠡᠯᠡᠬᠦ ᠵᠠᠷ ᠲᠠᠷᠬᠠᠵᠠᠢ᠃ ᠪᠠᠶᠠᠨ ᠡᠨᠡ ᠠᠵᠢᠯ ᠳ᠋ᠤ᠌ ᠣᠴᠢᠬᠤ ᠪᠠᠷ ᠶᠠᠪᠤᠬᠤ ᠳ᠋ᠤ᠌ ᠪᠠᠨ ᠪᠤᠭᠤᠷᠤᠯ ᠢ᠋ ᠳᠠᠭᠠᠭᠤᠯᠤᠨ ᠬᠦᠴᠦ ᠴᠢᠳᠠᠯ ᠢ᠋ᠶ᠋ᠠᠷ ᠢ᠋ᠶ᠋ᠠᠨ ᠭᠠᠢᠬᠠᠭᠤᠯᠬᠤ ᠬᠦᠰᠡᠯ ᠲᠥᠷᠥᠵᠡᠢ᠃ ᠲᠡᠳᠡᠨ ᠢ᠋ ᠣᠴᠢᠬᠤ ᠳ᠋ᠤ᠌ ᠵᠠᠯᠠᠭᠤᠰ ᠴᠤᠭᠯᠠᠷᠠᠵᠤ᠂ ᠰᠣᠷᠣᠨ ᠪᠤᠭᠤᠢᠯᠢ ᠪᠠᠷᠢᠨ ᠠᠷᠳᠠᠭ ᠳᠣᠭᠰᠢᠨ ᠮᠣᠷᠢᠳ ᠲᠠᠢ ᠨᠣᠴᠣᠯᠳᠤᠵᠤ ᠪᠠᠢᠬᠤ ᠪᠠᠢᠵᠠᠢ᠃ ᠪᠤᠭᠤᠷᠤᠯ ᠬᠦᠦ ᠳ᠋ᠦ᠍ ᠪᠤᠭᠤᠢᠯᠢ ᠪᠠᠢᠭᠰᠠᠨ ᠦᠭᠡᠢ᠂ ᠰᠢᠭᠤᠳ ᠯᠠ ᠡᠷ᠎ᠡ ᠰᠢᠬᠠᠭᠰᠠᠨ ᠠᠳᠤᠭᠤᠨ ᠳᠤᠮᠳᠠ ᠣᠷᠣᠵᠤ᠂ ᠡᠮᠨᠢᠭ ᠦᠷᠢᠶ᠎ᠡ ᠨᠤᠭᠦᠳ ᠢ᠋ ᠨᠢᠭᠡ ᠭᠠᠷ ᠢ᠋ᠶ᠋ᠠᠷ ᠴᠢᠬᠢᠳᠡᠨ᠂ ᠨᠥᠭᠦᠭᠡ ᠭᠠᠷ ᠢ᠋ᠶ᠋ᠠᠷ ᠰᠤᠭᠤᠳᠠᠨ ᠠᠪᠴᠢᠷᠠᠨ ᠲᠡᠪᠡᠷᠢᠵᠦ ᠰᠠᠭᠤᠭᠠᠳ ᠬᠦᠯᠢᠵᠦ ᠡᠬᠢᠯᠡᠬᠦ ᠳ᠋ᠦ᠍᠂ ᠣᠯᠠᠨ ᠪᠦᠭᠦᠳᠡ ᠭᠠᠢᠬᠠᠨ ᠱᠠᠭᠰᠢᠷᠠᠴᠢᠬᠠᠵᠠᠢ᠃ ᠵᠠᠯᠠᠭᠤ ᠬᠦᠦ ᠶ᠋ᠢᠨ ᠬᠦᠴᠦ ᠴᠢᠳᠠᠯ ᠢ᠋ ᠨᠡᠪᠲᠡ ᠦᠵᠡᠵᠦ ᠮᠠᠭᠲᠠᠭᠰᠠᠨ ᠬᠣᠰᠢᠭᠤ ᠨᠣᠶᠠᠨ᠂ ᠬᠠᠮᠢᠭ᠎ᠠ ᠠ᠋ᠴᠠ ᠢᠷᠡᠭᠰᠡᠨ ᠬᠡᠨ ᠦ᠌ ᠬᠦᠦ ᠪᠣᠯᠬᠤ ᠶ᠋ᠢ ᠠᠰᠠᠭᠤᠵᠤ ᠮᠡᠳᠡᠭᠡᠳ᠂ ᠪᠠᠶᠠᠨ ᠢ᠋ ᠳᠠᠭᠤᠳᠠᠨ ᠨᠤᠲᠤᠭ ᠬᠤᠰᠢᠭᠤᠨ ᠠ᠋ᠴᠠ ᠲᠥᠷᠥᠵᠦ ᠭᠠᠷᠤᠭᠰᠠᠨ ᠡᠢᠮᠦ ᠰᠠᠢᠬᠠᠨ ᠴᠢᠳᠠᠯ ᠲᠠᠢ ᠬᠦᠦ ᠶ᠋ᠢ ᠬᠡᠯᠡᠯᠡ ᠦᠭᠡᠢ ᠨᠢᠭᠤᠪᠠ ᠭᠡᠮᠡᠨ ᠵᠢᠮᠡᠯᠡᠵᠦ᠂ ᠥᠪᠡᠷ ᠦ᠋ᠨ ᠠᠯᠪᠠᠲᠤ ᠪᠣᠯᠭᠠᠨ ᠳᠡᠷᠭᠡᠳᠡ ᠪᠡᠨ ᠠᠪᠤᠨ᠎ᠠ ᠭᠡᠵᠡᠢ᠃ ᠪᠥᠬᠡ ᠳ᠋ᠦ᠍ ᠳᠤᠷᠠᠲᠠᠢ ᠰᠠᠢᠬᠠᠨ ᠰᠡᠳᠬᠢᠯᠲᠦ ᠡᠪᠦᠭᠡᠨ ᠨᠣᠶᠠᠨ ᠪᠤᠭᠤᠷᠤᠯ ᠳ᠋ᠤ᠌ ᠨᠤᠲᠤᠭ ᠤ᠋ᠨ ᠪᠥᠬᠡᠴᠦᠳ ᠢ᠋ᠶ᠋ᠡᠷ ᠮᠡᠬᠡ ᠵᠢᠭᠠᠯᠭᠠᠵᠤ ᠪᠠᠷᠢᠯᠳᠤᠬᠤ ᠤᠬᠠᠭᠠᠨ ᠰᠤᠷᠭᠠᠵᠤ᠂ ᠡᠵᠢ ᠶ᠋ᠢ ᠨᠢ ᠰᠠᠢᠨ ᠪᠥᠬᠡ ᠪᠣᠯᠬᠤ ᠬᠦᠦ ᠲᠥᠷᠥᠭᠦᠯᠪᠡ ᠭᠡᠵᠦ ᠰᠠᠢᠨ ᠢ᠋ᠶ᠋ᠠᠷ ᠠᠰᠠᠷᠠᠵᠠᠢ᠃
       ᠳᠠᠷᠠᠭ᠎ᠠ ᠵᠢᠯ ᠡᠴᠡ ᠨᠢ ᠡᠬᠢᠯᠡᠨ ᠪᠤᠭᠤᠷᠤᠯ ᠬᠦᠦ ᠶ᠋ᠢ ᠳᠠᠭᠠᠭᠤᠯᠤᠨ᠂ ᠣᠢᠷ᠎ᠠ ᠬᠣᠯᠠ ᠶ᠋ᠢᠨ ᠨᠠᠭᠠᠳᠤᠮ ᠤ᠋ᠳ ᠲᠤ᠌ ᠪᠠᠷᠢᠯᠳᠤᠭᠤᠯᠵᠠᠢ᠃ ᠪᠤᠭᠤᠷᠤᠯ ᠬᠦᠦ ᠴᠦ᠍ ᠡᠪᠦᠭᠡᠨ ᠨᠣᠶᠠᠨ ᠤ᠋ ᠪᠠᠨ ᠢᠲᠡᠭᠡᠯ ᠢ᠋ ᠠᠯᠳᠠᠭᠰᠠᠨ ᠦᠭᠡᠢ ᠰᠠᠢᠨ ᠪᠥᠬᠡ ᠪᠣᠯᠤᠨ《 ᠪᠥᠬᠡ ᠪᠤᠭᠤᠷᠤᠯ》 ᠭᠡᠮᠡᠨ ᠠᠯᠳᠠᠷᠰᠢᠵᠤ᠂ ᠣᠯᠠᠨ ᠵᠢᠯ ᠨᠠᠭᠠᠳᠤᠮ ᠤ᠋ᠨ ᠲᠦᠷᠦᠭᠦᠦ ᠠᠪᠴᠤ ᠵᠦᠩ ᠣᠯᠠᠨ ᠢ᠋ᠶ᠋ᠠᠨ ᠪᠠᠶᠠᠷᠯᠠᠭᠤᠯᠵᠠᠢ᠃ ᠲᠡᠭᠦᠨ ᠦ᠌ ᠲᠤᠬᠠᠢ ᠳᠣᠮᠣᠭ ᠶᠠᠷᠢᠶ᠎ᠠ ᠣᠢᠷ᠎ᠠ ᠬᠠᠪᠢ ᠶ᠋ᠢᠨ ᠬᠣᠰᠢᠭᠤ ᠨᠤᠭᠤᠳ ᠲᠤ᠌ ᠲᠦᠭᠡᠭᠡᠨ ᠳᠡᠯᠭᠡᠷᠡᠵᠦ ᠪᠠᠢᠵᠤ᠂
      — ᠡᠢᠮᠦ ᠰᠠᠢᠨ ᠪᠥᠬᠡ ᠪᠣᠯᠬᠤ ᠬᠦᠦ ᠪᠠᠭ᠎ᠠ ᠳ᠋ᠤ᠌ ᠪᠠᠨ ᠶᠠᠮᠠᠷ ᠬᠡᠦᠬᠡᠳ ᠪᠠᠢᠪᠠ? ᠭᠡᠵᠦ ᠡᠵᠢ ᠡᠴᠡ ᠪᠡᠨ ᠠᠰᠠᠭᠤᠬᠤ ᠳ᠋ᠤ᠌᠂
      — ᠪᠢ ᠶᠠᠭᠤ ᠮᠡᠳᠡᠬᠦ ᠪᠣᠢ? ᠭᠠᠭᠴᠠ ᠪᠡᠶ᠎ᠡ ᠠᠮᠢᠳᠤᠷᠠᠳᠠᠭ ᠶᠠᠳᠠᠭᠤ ᠤᠴᠢᠷ ᠠᠢᠯ ᠠᠮᠢᠲᠠᠨ ᠳ᠋ᠤ᠌ ᠵᠠᠷᠤᠴᠠᠯᠠᠭᠳᠠᠨ ᠨᠠᠰᠤ ᠪᠡᠶ᠎ᠡ ᠳ᠋ᠦ᠍ ᠬᠦᠷᠦᠭᠰᠡᠨ᠃ ᠭᠤᠷᠪᠠᠨ ᠨᠠᠰᠤ ᠬᠦᠷᠬᠦ ᠳ᠋ᠦ᠍ ᠠᠷᠭᠠᠯ ᠲᠡᠭᠦᠬᠦ ᠪᠡᠷ ᠶᠠᠪᠤᠬᠤ ᠳ᠋ᠠᠭᠠᠨ ᠬᠦᠦ ᠪᠡᠨ ᠥᠯᠥᠭᠡᠢ ᠳ᠋ᠦ᠍ ᠨᠢ ᠣᠷᠬᠢᠳᠠᠭ ᠪᠠᠢᠯ᠎ᠠ᠃ ᠠᠷᠭᠠᠯ ᠢ᠋ᠶ᠋ᠠᠨ ᠲᠡᠭᠦᠴᠢᠬᠡᠭᠡᠳ ᠪᠤᠴᠠᠵᠤ ᠢᠷᠡᠬᠦ ᠳ᠋ᠦ᠍ ᠬᠦᠦ ᠥᠯᠥᠭᠡᠢ ᠶ᠋ᠢᠨ ᠢ᠋ᠶ᠋ᠡᠨ ᠤᠶᠠᠭ᠎ᠠ ᠶ᠋ᠢ ᠲᠠᠰᠤᠷᠠᠲᠠᠯ᠎ᠠ᠂ ᠰᠤᠯᠠᠷᠠᠲᠠᠯ᠎ᠠ ᠲᠡᠢᠴᠢᠭᠢᠨᠡᠭᠰᠡᠨ ᠪᠠᠢᠳᠠᠭ ᠪᠠᠢᠭᠰᠠᠨ ᠭᠡᠮᠡᠨ ᠶᠠᠷᠢᠭᠰᠠᠨ ᠭᠡᠳᠡᠭ᠃

    ᠮᠣᠩᠭᠣᠯ ᠤᠷᠢᠶᠠᠩᠬᠠᠨ ᠠᠮᠠᠨ ᠵᠣᠬᠢᠶᠠᠯ
    ᠡᠮᠬᠢᠳᠬᠡᠭᠰᠡᠨ ᠨᠢ ᠳ᠋ᠢ ᠺᠡ ᠲᠤᠤ
    ᠤᠯᠠᠭᠠᠨᠪᠠᠭᠠᠲᠤᠷ
    ᠬᠣᠶᠠᠷ ᠮᠢᠩᠭ᠎ᠠ ᠠᠷᠪᠠᠨ ᠨᠢᠭᠡᠨ ᠣᠨ
    ᠤᠩᠰᠢᠭᠰᠠᠨ ᠨᠢ ᠠ᠋᠂ ᠪᠠᠲᠤᠳᠣᠷᠵᠢ
    ᠬᠣᠶᠠᠷ ᠮᠢᠩᠭ᠎ᠠ ᠬᠣᠷᠢᠨ ᠲᠠᠪᠤᠨ ᠣᠨ

ᠦᠰᠦᠭ ᠠᠮᠢᠯᠠᠭᠤᠯᠤᠭᠴᠢ᠄ ᠠᠯᠲᠠᠨᠴᠢᠮᠡᠭ
ᠦᠰᠦᠭ ᠬᠠᠲᠠᠭᠴᠢ᠄ ᠠᠯᠲᠠᠨᠴᠢᠮᠡᠭ