ᠮᠢᠨᠦ ᠨᠤᠲᠤᠭ ᠰᠠᠢᠬᠠᠨ ᠣᠷᠣᠨ -ᠠ᠊᠂ ᠪᠠᠳᠮ᠎ᠠ Minii nutag saikhan oron-A,BadamМиний нутаг сайхан орон-А,Бадам
ᠮᠢᠨᠦ ᠨᠤᠲᠤᠭ ᠰᠠᠢᠬᠠᠨ ᠣᠷᠣᠨ
ᠦᠭᠡ᠄ ᠲᠤᠭᠴᠢ ᠯᠤᠪᠰᠠᠩ
ᠠᠶ᠎ᠠ᠄ ᠨᠠᠰᠤᠨ
ᠳᠠᠭᠤᠴᠢᠨ᠄ ᠠ᠊᠂ ᠪᠠᠳᠮ᠎ᠠ
ᠦᠨᠢᠶ᠎ᠡ ᠲᠤᠭᠤᠯ ᠮᠦᠭᠡᠷᠡᠯᠴᠡᠭᠰᠡ
ᠦᠨᠡᠭᠡ ᠲᠠᠤᠯᠠᠢ ᠶ᠋ᠢᠨ ᠬᠡᠪᠲᠡᠰᠢ ᠲᠡᠢ
ᠦᠵᠡᠮᠵᠢ ᠲᠠᠷᠭᠤᠨ ᠨᠤᠲᠤᠭ ᠮᠢᠨᠢ
ᠦᠨᠡᠬᠡᠷ ᠰᠠᠢᠬᠠᠨ ᠣᠷᠣᠨ ᠰᠢᠦ
ᠮᠥᠩᠭᠥᠨ ᠰᠠᠷ᠎ᠠ ᠲᠤᠶᠠᠭᠠᠷᠠᠭᠰᠠᠨ
ᠮᠥᠬᠥᠨ ᠴᠠᠭᠠᠨ ᠲᠣᠭᠣᠨᠣ ᠲᠠᠢ
ᠮᠥᠩᠬᠡ ᠶᠢᠨ ᠬᠠᠢᠷ᠎ᠠ ᠨᠤᠲᠤᠭ ᠮᠢᠨᠢ
ᠮᠥᠷᠥᠭᠡᠳᠦᠯ ᠦ᠋ᠨ ᠰᠠᠢᠬᠠᠨ ᠣᠷᠣᠨ ᠰᠢᠦ
ᠡᠯᠢᠶ᠎ᠡ ᠰᠢᠪᠠᠭᠤ ᠡᠭᠦᠷᠯᠡᠭᠰᠡᠨ
ᠡᠷᠭᠢ ᠬᠠᠳᠠᠨ ᠰᠡᠭᠦᠳᠡᠷ ᠲᠡᠢ
ᠡᠯᠢᠭᠡᠰᠡᠭ ᠬᠠᠯᠠᠭᠤᠨ ᠨᠤᠲᠤᠭ ᠮᠢᠨᠢ
ᠡᠨᠡᠷᠢᠯ ᠦ᠋ᠨ ᠰᠠᠢᠬᠠᠨ ᠣᠷᠣᠨ ᠰᠢᠦ
ᠠᠳᠤᠭᠤᠨ ᠰᠣᠶᠣᠯ ᠳᠡᠯᠭᠡᠷᠡᠭᠰᠡᠨ
ᠠᠭᠢ ᠠᠷᠴᠠᠨ ᠦᠨᠦᠷ ᠲᠡᠢ
ᠠᠷᠢᠭᠤᠨ ᠳᠠᠷᠬᠠᠨ ᠨᠤᠲᠤᠭ ᠮᠢᠨᠢ
ᠠᠷᠰᠢ ᠶ᠋ᠢᠨ ᠰᠠᠢᠬᠠᠨ ᠣᠷᠣᠨ ᠰᠢᠦ
ᠦᠰᠦᠭ ᠠᠮᠢᠯᠠᠭᠤᠯᠤᠭᠴᠢ᠄ ᠲᠤᠭᠴᠢ ᠯᠤᠪᠰᠠᠩ
ᠦᠰᠦᠭ ᠬᠠᠳᠠᠭᠴᠢ᠄ ᠪᠠᠢ ᠰᠠᠷᠠᠨ᠎ᠠ
ᠬᠢᠨᠠᠭᠴᠢ ᠪᠠᠭᠰᠢ᠄ ᠲᠤᠭᠴᠢ ᠯᠤᠪᠰᠠᠩ