ᠡᠬᠡ ᠬᠡᠯᠡ ᠮᠢᠨᠢ- ᠤ᠊ · ᠳᠠᠰᠢᠪᠠᠯᠪᠠᠷЭх хэл минь-о · дашбалбар
ᠡᠬᠡ ᠬᠡᠯᠡ ᠮᠢᠨᠢ
ᠵᠣᠬᠢᠶᠠᠭᠴᠢ᠄ ᠳᠠᠰᠢᠪᠠᠯᠪᠠᠷ (ᠮᠣᠩᠭᠣᠯ)
ᠤᠶᠠᠩᠭᠠᠯᠠᠭᠴᠢ᠄
ᠪᠠᠶᠠᠷᠲᠤ᠂ ᠰᠢᠯᠢᠨᠴᠢᠮᠡᠭ᠂ ᠬᠤᠷᠴᠠ᠂
ᠬᠤᠸᠠᠷ᠂
ᠲᠡᠮᠦᠷᠬᠤᠶᠠᠭ᠂ ᠤᠶᠠᠩᠭ᠎ᠠ᠂ ᠮᠦᠰᠢᠶᠡᠯ᠂ ᠮᠠᠨᠢᠩᠭᠠ
ᠮᠢᠨᠦ
ᠬᠠᠮᠤᠭ ᠤ᠋ᠨ ᠦᠨᠡᠨᠴᠢ
ᠨᠠᠳᠠ ᠡᠴᠡ
ᠬᠡᠵᠢᠶ᠎ᠡ ᠴᠦ᠍ ᠦᠯᠦ ᠤᠷᠪᠠᠭᠴᠢ
ᠴᠣᠷ ᠤ᠋ᠨ
ᠭᠠᠭᠴᠠ ᠨᠥᠬᠥᠷ ᠮᠢᠨᠢ ᠡᠬᠡ ᠬᠡᠯᠡ!
ᠮᠢᠨᠦ
ᠵᠡᠪᠰᠡᠭ ᠪᠣᠯᠵᠤ
ᠲᠡᠢᠨ ᠦ᠌
ᠥᠭᠡᠳᠡ ᠡᠴᠡ
ᠵᠣᠷᠢᠭ᠍ᠲᠠᠢ
ᠪᠣᠰᠳᠠᠭ ᠢᠯᠳᠦ ᠮᠢᠨᠢ ᠡᠬᠡ ᠬᠡᠯᠡ!
ᠮᠢᠨᠦ
ᠦᠷ᠎ᠡ ᠤᠳᠤᠮ ᠳ᠋ᠠᠭᠠᠨ ᠦᠯᠡᠳᠡᠭᠡᠬᠦ
ᠭᠡᠷᠢᠶᠡᠰ
ᠥᠪ ᠡᠬᠡ ᠬᠡᠯᠡ
ᠮᠢᠨᠦ
ᠠᠮᠢᠳᠤ ᠶᠠᠪᠤᠭ᠎ᠠ ᠶ᠋ᠢᠨ ᠪᠠᠬᠠᠷᠬᠠᠯ
ᠵᠢᠪᠬᠤᠯᠠᠩᠲᠤ
ᠠᠶᠠᠯᠭᠤ ᠡᠬᠡ ᠬᠡᠯᠡ!
ᠮᠢᠨᠦ
ᠮᠥᠩᠬᠡ ᠶ᠋ᠢᠨ ᠦᠰᠦᠭ
ᠬᠠᠢᠷ᠎ᠠ ᠶ᠋ᠢᠨ
ᠠᠶᠠᠯᠭᠤ ᠡᠬᠡ ᠬᠡᠯᠡ
ᠮᠢᠨᠦ
ᠵᠢᠷᠦᠬᠡᠨ ᠡᠴᠡ ᠲᠥᠷᠥᠵᠦ
ᠮᠢᠨᠦ
ᠬᠠᠷᠠᠴᠠᠨ ᠡᠴᠡ ᠭᠡᠷᠡᠯᠲᠦᠭᠴᠢ ᠡᠬᠡ ᠬᠡᠯᠡ!
ᠮᠢᠨᠦ
ᠠᠷᠠᠪᠵᠠᠭᠠ ᠮᠢᠨᠦ ᠨᠠᠴᠤᠭᠳᠣᠷᠵᠢ ᠶ᠋ᠢᠨ
ᠨᠠᠳᠠ ᠳ᠋ᠤ᠌
ᠨᠠᠢᠳᠠᠭᠰᠠᠨ ᠡᠬᠡ ᠬᠡᠯᠡ
ᠨᠢᠰᠴᠦ
ᠶᠠᠪᠤᠭ᠎ᠠ ᠪᠦᠷᠭᠦᠳ ᠦ᠋ᠨ
ᠳᠠᠯᠠᠪᠴᠢᠨ ᠤ᠋
ᠴᠢᠮᠡᠭᠡ ᠲᠡᠢ᠃
ᠮᠢᠨᠦ
ᠡᠵᠢ ᠶ᠋ᠢᠨ ᠮᠢᠨᠦ ᠠᠪᠤ ᠶ᠋ᠢᠨ
ᠮᠢᠨᠦ
ᠡᠪᠦᠭᠡᠳ ᠦ᠋ᠨ ᠡᠬᠡ ᠬᠡᠯᠡ
ᠨᠤᠷᠠᠵᠤ
ᠪᠠᠢᠭ᠎ᠠ ᠶᠡᠬᠡ ᠴᠠᠰᠤᠨ ᠤ᠋ ᠴᠢᠮᠡᠭᠡ ᠲᠡᠢ᠃
ᠮᠢᠨᠦ
ᠬᠡᠯᠡ ᠮᠢᠨᠦ ᠥᠬᠢᠨ ᠦ᠌ ᠡᠬᠡ ᠬᠡᠯᠡ
ᠮᠢᠨᠦ
ᠮᠣᠩᠭᠣᠯ ᠬᠡᠯᠡ ᠡᠤᠷᠭᠤᠵᠤ ᠪᠠᠢᠭ᠎ᠠ
ᠡᠪᠡᠰᠦᠨ ᠦ᠌
ᠴᠢᠮᠡᠭᠡ ᠲᠡᠢ᠃
ᠮᠢᠨᠦ
ᠬᠡᠯᠡ ᠮᠢᠨᠦ ᠬᠦᠦ ᠶ᠋ᠢᠨ ᠡᠬᠡ ᠬᠡᠯᠡ
ᠮᠢᠨᠦ
ᠮᠣᠩᠭᠣᠯ ᠬᠡᠯᠡ ᠣᠷᠣᠵᠤ ᠪᠠᠢᠭ᠎ᠠ
ᠪᠣᠷᠣᠭᠠᠨ ᠤ᠋
ᠰᠢᠪᠡᠷᠡᠭᠡ ᠲᠡᠢ᠃
ᠡᠬᠡ
ᠬᠡᠯᠡ ᠮᠢᠨᠢ ᠨᠠᠮᠤᠷ ᠤ᠋ᠨ ᠦᠳᠡᠰᠢ
ᠲᠤᠯᠤᠭᠠᠳ ᠤ᠋ᠨ
ᠴᠠᠭᠠᠨ᠎ᠠ ᠭᠣᠩᠭᠢᠨᠠᠬᠤ ᠢᠩᠭᠡᠨ ᠳᠠᠭᠤ
ᠨᠠᠮ᠎ᠠ ᠶ᠋ᠢ
ᠣᠬᠢᠯᠠᠭᠤᠯᠤᠭᠰᠠᠨ ᠯᠢᠮᠪᠦ ᠶ᠋ᠢᠨ ᠡᠬᠡᠰᠢᠭ᠃
ᠡᠬᠡ
ᠬᠡᠯᠡ ᠮᠢᠨᠢ ᠨᠠᠰᠤᠨ ᠤ᠋ ᠪᠠᠭ᠎ᠠ ᠳ᠋ᠤ᠌
ᠡᠮᠧ ᠡᠴᠡ ᠪᠡᠨ
ᠰᠣᠨᠣᠰᠤᠭᠰᠠᠨ ᠦᠯᠢᠭᠡᠷ ᠦ᠋ᠨ ᠤᠳᠬ᠎ᠠ
ᠡᠬᠡ
ᠬᠡᠯᠡ ᠮᠢᠨᠢ ᠨᠡᠷᠡᠲᠦ ᠳ᠋ᠦ᠍ ᠣᠨ ᠢ᠋ ᠡᠯᠡᠭᠡᠭᠰᠡᠨ
ᠴᠡᠩᠬᠡᠷ
ᠠᠭᠤᠯᠠᠰ ᠤ᠋ᠨ ᠤᠶᠠᠩᠭ᠎ᠠ᠃
ᠠᠶ᠎ᠠ
ᠮᠣᠷᠢᠨ ᠲᠦᠪᠡᠷᠭᠡᠨ ᠮᠣᠷᠢᠨ ᠲᠦᠪᠡᠷᠭᠡᠨ
ᠠᠯᠲᠠᠨ
ᠰᠠᠢᠬᠠᠨ ᠡᠬᠡ ᠬᠡᠯᠡᠨ ᠦ᠌ ᠮᠢᠨᠢ ᠲᠦᠪᠡᠷᠭᠡᠨ᠃
ᠡᠬᠡ
ᠬᠡᠯᠡ ᠮᠢᠨᠢ ᠴᠢᠮ᠎ᠠ ᠳᠡᠭᠡᠷ᠎ᠡ ᠪᠡᠨ ᠮᠣᠷᠳᠠᠵᠤ
ᠡᠷᠳᠡᠨᠢ ᠶ᠋ᠢᠨ
ᠰᠠᠢᠬᠠᠨ ᠴᠤᠯᠪᠤᠭᠤᠷ ᠢ᠋ ᠴᠢᠨᠢ ᠠᠳᠬᠤᠵᠤ
ᠡᠨᠡᠬᠡᠨ
ᠽᠠᠮᠪᠤᠲᠢᠪ ᠤ᠋ᠨ ᠨᠠᠷᠠ ᠲᠠᠢ ᠳᠠᠪᠬᠢᠨᠠᠮ᠃
ᠡᠬᠡ
ᠬᠡᠯᠡ ᠮᠢᠨᠢ ᠨᠠᠮ᠎ᠠ ᠶ᠋ᠢ ᠬᠠᠮᠢᠭ᠎ᠠ ᠴᠤ᠌ ᠬᠦᠷᠭᠡᠭ
ᠡᠷᠬᠡᠰ
ᠭᠠᠷᠠᠭ ᠤ᠋ᠨ ᠭᠡᠷᠡᠯ ᠦ᠋ᠨ ᠠᠰᠬ᠎ᠠ ᠳ᠋ᠤ᠌ ᠴᠤ᠌
ᠡᠪ
ᠬᠠᠮᠲᠤ ᠶ᠋ᠢᠨ ᠣᠷᠭᠢᠯ ᠳ᠋ᠤ᠌ ᠴᠤ᠌
ᠡᠬᠡ
ᠬᠡᠯᠡ ᠲᠡᠢ ᠪᠡᠨ ᠪᠢ ᠣᠴᠢᠨ᠎ᠠ᠃
ᠭᠠᠭᠴᠠ
ᠦᠭᠡ ᠶ᠋ᠢ ᠴᠢᠨᠢ ᠬᠡᠯᠡᠬᠦ ᠳ᠋ᠦ᠍
ᠳᠠᠢᠰᠤᠨ
ᠵᠡᠪᠰᠡᠭ ᠢ᠋ᠶ᠋ᠡᠨ ᠬᠠᠶᠠᠵᠤ
ᠭᠠᠷ ᠢ᠋ᠶ᠋ᠠᠨ
ᠡᠷᠭᠦᠨ ᠪᠠᠭᠤᠵᠤ ᠥᠭᠳᠡᠭ
ᠭᠠᠢᠬᠠᠮᠰᠢᠭ᠍ᠲᠤ
ᠡᠬᠡ ᠬᠡᠯᠡ ᠮᠢᠨᠢ!
ᠡᠬᠡ
ᠬᠡᠯᠡ ᠮᠢᠨᠢ ᠬᠤᠷᠳᠤᠨ ᠮᠣᠷᠢᠨ ᠤ᠋ ᠲᠤᠭᠤᠷᠠᠢ ᠪᠠᠷ
ᠰᠢᠳᠡᠭᠳᠡᠭᠰᠡᠨ
ᠴᠢᠯᠠᠭᠤ ᠪᠢᠯᠡ
ᠬᠤᠭᠤᠷ ᠤ᠋ᠨ
ᠬᠣᠶᠠᠷ ᠴᠢᠪᠬᠠᠳᠠᠰᠤ ᠪᠠᠷ
ᠠᠮᠢᠯᠠᠭᠰᠠᠨ
ᠳᠠᠭᠤᠤ ᠪᠢᠯᠡ᠃
ᠵᠠᠭᠤᠴᠢᠯᠠᠵᠤ
ᠡᠪᠦᠭᠡ ᠲᠡᠢ ᠮᠢᠨᠢ
ᠠᠭᠤᠯᠵᠠᠭᠤᠯᠤᠭᠰᠠᠨ
ᠡᠬᠡ ᠬᠡᠯᠡ
ᠵᠠᠭᠤᠨ
ᠳᠡᠮᠵᠢᠭᠰᠡᠨ ᠠᠯᠲᠠᠨ ᠪᠠᠭᠤᠷᠢ
ᠬᠠᠢᠷ᠎ᠠ
ᠢᠯᠡᠴᠢᠯᠡᠭᠰᠡᠨ ᠶᠠᠲᠤᠭ᠎ᠠ ᠮᠢᠨᠢ ᠡᠬᠡ ᠬᠡᠯᠡ!
ᠬᠠᠷ᠎ᠠ
ᠨᠢᠳᠦᠨ ᠡᠴᠡ ᠪᠡᠨ ᠰᠣᠨᠣᠰᠤᠭᠰᠠᠨ ᠰᠢᠳᠢᠲᠦ ᠡᠬᠡᠰᠢᠭ ᠮᠢᠨᠢ
ᠬᠠᠮᠢᠭ᠎ᠠ
ᠴᠤ᠌ ᠬᠡᠵᠢᠶ᠎ᠡ ᠴᠦ᠍
ᠠᠮᠢᠨ
ᠰᠦᠨᠡᠰᠦ ᠮᠢᠨᠢ ᠡᠬᠡ ᠬᠡᠯᠡ!
ᠲᠦᠮᠡᠨ
ᠵᠢᠯ ᠦ᠋ᠨ ᠨᠢᠭᠤᠴᠠ ᠲᠠᠢ
ᠠᠯᠲᠠᠢ
ᠠᠭᠤᠷᠬᠠᠢ ᠡᠬᠡ ᠬᠡᠯᠡ ᠮᠢᠨᠢ
ᠲᠦᠨᠡᠷ
ᠬᠠᠷᠠᠩᠭᠤᠢ ᠳ᠋ᠤ᠌ ᠲᠤᠰᠤᠭᠰᠠᠨ
ᠣᠳᠣᠳ ᠤ᠋ᠨ
ᠳᠠᠭᠤᠯᠠᠯᠲᠤ ᠡᠬᠡ ᠬᠡᠯᠡ ᠮᠢᠨᠢ!
ᠪᠣᠯᠣᠷ
ᠬᠤᠨᠳᠠᠭᠠᠨ ᠳ᠋ᠤ᠌ ᠮᠡᠯᠮᠡᠯᠵᠡᠭᠰᠡᠨ
ᠷᠠᠰᠢᠶᠠᠨ
ᠤᠰᠤᠨ ᠡᠬᠡ ᠬᠡᠯᠡ ᠮᠢᠨᠢ
ᠪᠣᠷᠣᠭᠠᠨ ᠲᠠᠢ
ᠦᠳᠡᠰᠢ ᠲᠤᠯᠭᠠᠨ ᠳ᠋ᠤ᠌ ᠲᠣᠭᠲᠠᠭᠰᠠᠨ
ᠲᠦᠯᠡᠭᠡᠨ ᠦ᠌
ᠴᠢᠮᠡᠭᠡ ᠡᠬᠡ ᠬᠡᠯᠡ ᠮᠢᠨᠢ!
ᠪᠣᠷᠣᠭᠠᠨ
ᠰᠠᠯᠬᠢᠨ ᠳ᠋ᠤ᠌ ᠲᠠᠴᠢᠭᠢᠨᠠᠬᠤ
ᠲᠤᠭ ᠤ᠋ᠨ
ᠴᠢᠮᠡᠭᠡ ᠡᠬᠡ ᠬᠡᠯᠡ ᠮᠢᠨᠢ!
ᠣᠳᠣᠳ ᠤ᠋ᠨ
ᠲᠤᠶᠠᠭ᠎ᠠ ᠲᠠᠢ
ᠭᠠᠯ ᠤ᠋ᠨ
ᠠᠮᠢᠰᠬᠤᠯ ᠲᠠᠢ
ᠭᠠᠩ
ᠠᠳᠠᠯᠢ ᠬᠠᠲᠠᠭᠤ ᠴᠢᠮ᠎ᠠ ᠳ᠋ᠠᠭᠠᠨ
ᠰᠥᠭᠥᠳᠦᠨᠡᠮ
ᠰᠥᠬᠥᠷᠡᠨᠡᠮ!
ᠭᠠᠭᠴᠠᠬᠠᠨ
ᠴᠢᠮ᠎ᠠ ᠶ᠋ᠢ ᠮᠢᠨᠢ
ᠬᠡᠨ
ᠴᠦ᠍ ᠡᠮᠲᠡᠯᠵᠦ ᠳᠡᠢᠯᠬᠦ ᠦᠭᠡᠢ
ᠡᠬᠡ
ᠬᠡᠯᠡ ᠮᠢᠨᠢ!
ᠭᠠᠭᠴᠠᠬᠠᠨ
ᠴᠢᠮ᠎ᠠ ᠶ᠋ᠢ ᠮᠢᠨᠢ
ᠬᠡᠨ
ᠴᠦ᠍ ᠡᠮᠲᠡᠯᠵᠦ ᠳᠡᠢᠯᠬᠦ ᠦᠭᠡᠢ
ᠡᠬᠡ
ᠬᠡᠯᠡ ᠮᠢᠨᠢ ᠠ᠋!
ᠦᠰᠦᠭ ᠠᠮᠢᠯᠠᠭᠤᠯᠤᠭᠴᠢ ᠄ ᠮᠠᠨᠳᠠᠷᠠᠸ᠎ᠠ
