ᠮᠣᠩᠭᠣᠯ ᠲᠡᠮᠡᠭᠡ-ᠲᠠᠪᠤᠨ ᠬᠣᠰᠢᠭᠤ ᠮᠠᠯ ᠤ᠋ᠨ ᠲᠣᠪᠴᠢ ᠲᠠᠨᠢᠯᠴᠠᠭᠤᠯᠭ᠎ᠠ-ᠳᠣᠯᠣᠳ • ᠨᠠᠮᠵᠢᠯMongol temeeМонгол тэмээ-Таван хушуу малын товч танилчуулга
ᠲᠠᠪᠤᠨ ᠬᠣᠰᠢᠭᠤ ᠮᠠᠯ ᠤ᠋ᠨ ᠲᠣᠪᠴᠢ ᠲᠠᠨᠢᠯᠴᠠᠭᠤᠯᠭ᠎ᠠ
ᠳᠣᠯᠣᠳ• ᠨᠠᠮᠵᠢᠯ
ᠮᠣᠩᠭᠣᠯ ᠲᠡᠮᠡᠭᠡ᠂ ᠲᠡᠮᠡᠭᠡᠨ ᠦ᠌ ᠡᠭᠦᠯᠳᠡᠷ ᠦ᠋ᠨ ᠠᠩᠭᠢᠯᠠᠯ ᠳ᠋ᠤ᠌᠂ ᠣᠨᠣᠯᠭ᠎ᠠ᠂ ᠠᠴᠢᠶ᠎ᠠ᠂ ᠨᠣᠣᠰᠣ ᠨᠣᠯᠤᠤᠷ ᠵᠡᠷᠭᠡ ᠶᠡᠷᠦᠩᠬᠡᠢᠯᠡᠭᠰᠡᠨ ᠡᠳ᠋ᠯᠡᠯ ᠬᠡᠷᠡᠭᠴᠡᠭᠡᠲᠦ ᠬᠣᠣᠰ ᠪᠥᠬᠦᠲᠦ ᠡᠷᠲᠡᠨ ᠦ᠌ ᠡᠭᠦᠯᠳᠡᠷ ᠦ᠋ᠨ ᠬᠠᠷᠢᠶᠠᠨ ᠳ᠋ᠤ᠌ ᠬᠠᠷᠢᠶᠠᠯᠠᠭᠳᠠᠨ᠎ᠠ᠃
ᠮᠣᠩᠭᠣᠯ ᠲᠡᠮᠡᠭᠡ ᠶ᠋ᠢ ᠮᠣᠩᠭᠣᠯᠴᠤᠳ᠂ᠠᠭᠤᠷ ᠠᠮᠢᠰᠬᠤᠯ ᠡᠷᠡᠰ ᠳᠡᠰ ᠬᠤᠪᠢᠷᠠᠯ ᠶᠡᠬᠡᠲᠡᠢ ᠮᠣᠩᠭᠣᠯ ᠤ᠋ᠨ ᠥᠨᠳᠥᠷᠯᠢᠭ ᠦ᠋ᠨ ᠣᠷᠴᠢᠨ ᠳ᠋ᠠᠬᠢ ᠪᠡᠷᠬᠡ ᠬᠠᠲᠠᠭᠤ ᠪᠠᠢᠭᠠᠯᠢ ᠶ᠋ᠢᠨ ᠨᠥᠬᠥᠴᠡᠯ ᠪᠠᠢᠳᠠᠯ ᠪᠣᠯᠤᠨ ᠭᠠᠩᠳᠠᠮᠠᠯ ᠬᠠᠭᠤᠷᠠᠢ᠂ ᠡᠪᠡᠰᠦ ᠤᠷᠭᠤᠮᠠᠯ ᠲᠠᠴᠢᠷ ᠨᠢᠮᠭᠡᠨ ᠴᠥᠯᠡᠷᠬᠡᠭ ᠭᠠᠵᠠᠷ ᠪᠤᠶᠤ ᠡᠯᠡᠰᠦ ᠮᠠᠩᠬ᠎ᠠ ᠲᠠᠢ ᠡᠪᠡᠰᠦ ᠪᠡᠯᠴᠢᠭᠡᠷ ᠢ᠋ᠶ᠋ᠡᠷ ᠪᠠᠷᠤᠭᠲᠠᠢ ᠭᠠᠵᠠᠷ ᠨᠤᠲᠤᠭ ᠤ᠋ᠳ ᠲᠤ᠌ ᠵᠢᠯ ᠲᠤᠷᠰᠢ ᠶ᠋ᠢᠨ ᠪᠡᠯᠴᠢᠭᠡᠷ ᠦ᠋ᠨ ᠬᠠᠷᠢᠭᠤᠯᠭ᠎ᠠ ᠮᠠᠯᠯᠠᠭ᠎ᠠ ᠪᠠᠷ ᠤᠷᠲᠤ ᠤᠳᠠᠭᠠᠨ ᠬᠤᠭᠤᠴᠠᠭᠠᠨ ᠤ᠋ ᠪᠠᠢᠭᠠᠯᠢ ᠶ᠋ᠢᠨ ᠰᠢᠭᠰᠢᠯᠲᠡ ᠬᠢᠭᠡᠳ ᠰᠠᠨᠠᠭᠠᠴᠢᠯᠭᠠᠲᠣ ᠰᠢᠯᠢᠯᠲᠡ ᠪᠡᠷ ᠪᠣᠢᠵᠢᠭᠤᠯᠤᠭᠰᠠᠨ ᠣᠨᠣᠯᠭ᠎ᠠ ᠪᠣᠯᠤᠨ ᠠᠴᠢᠶ᠎ᠠ ᠵᠥᠭᠡᠭᠡᠪᠦᠷᠢ ᠳ᠋ᠦ᠍ ᠵᠣᠬᠢᠴᠠᠭᠰᠠᠨ᠂ ᠨᠣᠣᠰᠣ ᠨᠣᠯᠤᠤᠷ᠂ ᠰᠦ᠂ ᠮᠢᠬ᠎ᠠ ᠵᠡᠷᠭᠡ ᠣᠯᠠᠨ ᠵᠦᠢᠯ ᠦ᠋ᠨ ᠶᠡᠷᠦᠩᠬᠡᠢᠯᠡᠭᠰᠡᠨ ᠭᠠᠷᠤᠯᠲᠠ ᠲᠠᠢ᠂ ᠣᠯᠠᠨ ᠲᠠᠯ᠎ᠠ ᠶ᠋ᠢᠨ ᠡᠳ᠋ᠯᠡᠯ ᠬᠡᠷᠡᠭᠴᠡᠭᠡᠲᠦ ᠰᠢᠯᠢᠳᠡᠭ ᠰᠠᠢᠨ ᠬᠣᠣᠰ ᠪᠥᠬᠦᠲᠦ ᠡᠷᠲᠡᠨ ᠦ᠌ ᠡᠭᠦᠯᠳᠡᠷ ᠦ᠋ᠨ ᠲᠡᠮᠡᠭᠡ ᠶᠦᠮ᠃
ᠮᠣᠩᠭᠣᠯ ᠲᠡᠮᠡᠭᠡᠨ ᠦ᠌ ᠰᠢᠨᠵᠢ ᠪᠠᠢᠳᠠᠯ᠄ ᠲᠣᠯᠣᠭᠠᠢ ᠨᠢ ᠳᠤᠮᠳᠠ ᠵᠡᠷᠭᠡ᠂ ᠮᠠᠩᠨᠠᠢ ᠥᠷᠭᠡᠨ᠂ ᠲᠣᠯᠣᠭᠠᠢ ᠶ᠋ᠢᠨ ᠣᠷᠣᠢ ᠳᠡᠭᠡᠷ᠎ᠡ ᠪᠡᠨ ᠣᠪᠣᠭ᠎ᠠ ᠰᠢᠭ᠋ ᠰᠠᠭᠰᠠᠢᠭᠰᠠᠨ ᠪᠣᠰᠤᠭ᠎ᠠ ᠦᠰᠦ ᠲᠡᠢ᠂ ᠬᠠᠮᠠᠷ ᠤ᠋ᠨ ᠬᠢᠩᠭ᠎ᠠ ᠨᠢ ᠰᠢᠯᠤᠭᠤᠪᠲᠤᠷ᠂ ᠬᠣᠩᠰᠢᠶᠠᠷ ᠱᠥᠮᠪᠥᠭᠡᠷ᠂ ᠳᠡᠭᠡᠳᠦ ᠤᠷᠤᠭᠤᠯ ᠨᠢ ᠰᠡᠲᠡᠷᠬᠡᠢ᠂ ᠳᠣᠣᠷᠠᠲᠤ ᠤᠷᠤᠭᠤᠯ ᠨᠢ ᠪᠠᠭ᠎ᠠ ᠵᠡᠷᠭᠡ ᠤᠨᠵᠢᠭᠢᠷ᠂ ᠠᠷᠤᠨᠰᠢ ᠪᠠᠨ ᠳᠡᠯᠳᠡᠭᠡᠷ ᠪᠣᠭᠣᠨᠢᠪᠲᠤᠷ ᠴᠢᠬᠢ ᠲᠡᠢ᠂ ᠬᠦᠵᠦᠭᠦᠦ ᠤᠷᠲᠤᠪᠲᠤᠷ ᠪᠥᠭᠡᠳ ᠭᠡᠳᠡᠷᠭᠡᠨ᠂ ᠵᠣᠭᠳᠣᠷ ᠤᠷᠲᠤ ᠵᠤᠵᠠᠭᠠᠨ᠂ ᠴᠡᠭᠡᠵᠢ ᠥᠷᠭᠡᠨ ᠲᠡᠨᠢᠭᠦᠨ᠂ ᠨᠢᠷᠤᠭᠤ ᠲᠡᠭᠰᠢ ᠥᠷᠭᠡᠨ᠂ ᠪᠣᠰᠤᠭ᠎ᠠ ᠬᠣᠶᠠᠷ ᠥᠨᠳᠥᠷ ᠪᠦᠬᠦ ᠨᠢ ᠲᠡᠩᠴᠡᠭᠦᠬᠡᠨ ᠵᠠᠢᠲᠠᠢ᠂ ᠶᠡᠬᠡ ᠪᠡᠶ᠎ᠡ ᠤᠷᠲᠤᠯᠢᠭ᠂ ᠬᠣᠨᠳᠣᠯᠠᠢ ᠲᠠᠰᠢᠭᠤ᠂ ᠤᠭ ᠤᠷᠤᠭᠤ ᠪᠠᠨ ᠪᠦᠳᠦᠭᠦᠪᠲᠦᠷ ᠪᠣᠭᠣᠨᠢ ᠰᠡᠭᠦᠯ ᠲᠡᠢ᠂ ᠳᠥᠷᠪᠡᠨ ᠬᠥᠯ ᠦ᠋ᠨ ᠭᠢᠰᠬᠢᠯᠲᠡ ᠲᠥᠪ ᠬᠦᠴᠦᠯᠢᠭ᠂ ᠡᠪᠦᠳᠦᠭ ᠦ᠋ᠨ ᠦᠰᠦ ᠥᠳᠬᠡᠨ ᠪᠥᠭᠡᠳ ᠤᠷᠲᠤ᠂ ᠬᠥᠯ ᠦᠨ ᠲᠠᠪᠠᠭ ᠨᠢ ᠪᠦᠳᠦᠭᠦᠨ᠂ ᠰᠠᠢᠷ ᠰᠠᠢᠲᠠᠢ᠂ ᠴᠢᠭᠢᠷᠠᠭ ᠪᠡᠶ᠎ᠡ ᠴᠣᠭᠴᠠᠰ ᠲᠠᠢ᠃
ᠵᠢᠰᠦ᠄ ᠮᠣᠩᠭᠣᠯ ᠲᠡᠮᠡᠭᠡᠨ ᠦ᠌ ᠣᠯᠠᠩᠬᠢ ᠨᠢ ᠬᠦᠷᠡᠩ᠂ ᠤᠯᠠᠭᠠᠨ᠂ ᠰᠢᠷᠠᠪᠲᠤᠷ᠂ ᠴᠠᠭᠠᠨ ᠵᠡᠷᠭᠡ ᠵᠢᠰᠦᠲᠡᠢ᠂ ᠡᠭᠦᠨ ᠡᠴᠡ ᠥᠭᠡᠷ᠎ᠡ ᠪᠤᠰᠤᠳ ᠵᠦᠢᠯ ᠦ᠋ᠨ ᠵᠢᠰᠦᠮ ᠲᠡᠢ ᠲᠡᠮᠡᠭᠡᠳ ᠪᠠᠰᠠ ᠪᠣᠢ᠃
ᠲᠠᠷᠬᠠᠯᠲᠠ ᠶ᠋ᠢᠨ ᠬᠡᠪᠴᠢᠶ᠎ᠡ᠄ ᠮᠣᠩᠭᠣᠯ ᠲᠡᠮᠡᠭᠡᠨ ᠦ᠌ ᠲᠠᠷᠬᠠᠯᠲᠠ ᠶ᠋ᠢᠨ ᠬᠡᠪᠴᠢᠶ᠎ᠡ ᠶᠡᠬᠡ ᠥᠷᠭᠡᠨ᠂ ᠲᠣᠭ᠎ᠠ ᠲᠣᠯᠣᠭᠠᠢ ᠪᠠᠷ ᠣᠯᠠᠨ ᠪᠠᠢᠳᠠᠭ᠃ ᠮᠠᠨ ᠤ᠋ ᠤᠯᠤᠰ ᠲᠤ᠌᠂ ᠥᠪᠥᠷ ᠮᠣᠩᠭᠣᠯ ᠤ᠋ᠨ ᠥᠪᠡᠷᠲᠡᠭᠡᠨ ᠵᠠᠰᠠᠬᠤ ᠣᠷᠣᠨ ᠳ᠋ᠤ᠌ ᠮᠣᠩᠭᠣᠯ ᠲᠡᠮᠡᠭᠡ ᠶ᠋ᠢ ᠨᠡᠢᠳᠡᠮ ᠮᠠᠯᠵᠢᠵᠤ ᠪᠠᠢᠬᠤ ᠠ᠋ᠴᠠ ᠭᠠᠳᠠᠨ᠎ᠠ᠂ ᠰᠢᠨᠵᠢᠶᠠᠩ᠂ ᠬᠥᠬᠡᠨᠠᠭᠤᠷ᠂ ᠭᠠᠨᠰᠦ᠂ ᠯᠢᠶᠣᠤᠨᠢᠩ᠂ ᠬᠢᠷᠢᠨ᠂ ᠬᠠᠷᠠᠮᠦ᠋ᠷᠡᠨ ᠵᠡᠷᠭᠡ ᠮᠣᠵᠢ ᠣᠷᠣᠨ ᠳ᠋ᠤ᠌ ᠠᠳᠠᠯᠢ ᠪᠤᠰᠤ ᠬᠡᠮᠵᠢᠶ᠎ᠡ ᠪᠡᠷ ᠮᠠᠯᠵᠢᠵᠤ ᠪᠠᠢᠨ᠎ᠠ᠃ ᠤᠯᠤᠰ ᠤ᠋ᠨ ᠭᠠᠳᠠᠭᠠᠳᠤ ᠳ᠋ᠤ᠌ ᠮᠣᠩᠭᠣᠯ ᠤᠯᠤᠰ ᠪᠣᠯᠤᠨ ᠣᠷᠣᠰ ᠵᠡᠷᠭᠡ ᠤᠯᠤᠰ ᠣᠷᠣᠨ ᠨᠤᠭᠤᠳ ᠲᠤ᠌ ᠮᠠᠯᠵᠢᠵᠤ ᠪᠠᠢᠨ᠎ᠠ᠃ ᠮᠣᠩᠭᠣᠯ ᠲᠡᠮᠡᠭᠡᠨ ᠦ᠌ ᠮᠠᠯᠵᠢᠭᠳᠠᠵᠣ ᠪᠠᠢᠭ᠎ᠠ ᠭᠠᠵᠠᠷ ᠣᠷᠣᠨ ᠤ᠋ ᠪᠠᠢᠭᠠᠯᠢ ᠶ᠋ᠢᠨ ᠨᠥᠬᠥᠴᠡᠯ ᠪᠠᠢᠳᠠᠯ ᠤ᠋ᠨ ᠠᠳᠠᠯᠢ ᠪᠤᠰᠤ ᠵᠡᠷᠭᠡ ᠣᠯᠠᠨ ᠵᠦᠢᠯ ᠦ᠋ᠨ ᠰᠢᠯᠲᠠᠭᠠᠨ ᠠ᠋ᠴᠠ ᠪᠣᠯᠵᠤ᠂ ᠪᠡᠶ᠎ᠡ ᠪᠢᠯᠳᠠᠷ ᠤ᠋ᠨ ᠶᠡᠬᠡ ᠪᠠᠭ᠎ᠠ᠂ ᠵᠢᠰᠦ᠂ ᠨᠣᠣᠰᠣ ᠨᠣᠯᠤᠤᠷ ᠤ᠋ᠨ ᠭᠠᠷᠤᠯᠲᠠ ᠵᠡᠷᠭᠡ ᠲᠠᠯ᠎ᠠ ᠪᠠᠷ ᠬᠣᠭᠣᠷᠣᠨᠳᠣ ᠪᠠᠨ ᠨᠡᠯᠢᠶᠡᠳ ᠵᠥᠷᠢᠶ᠎ᠡ ᠲᠡᠢ ᠪᠣᠯᠵᠠᠢ᠃ ᠤᠯᠤᠰ ᠤ᠋ᠨ ᠳᠣᠲᠣᠭᠠᠳᠤ ᠪᠠᠷ ᠵᠢᠱ᠌ᠢᠶᠡᠯᠡᠪᠡᠯ᠂ ᠠᠯᠠᠱᠠ ᠲᠡᠮᠡᠭᠡ᠂ ᠭᠣᠪᠢ ᠶ᠋ᠢᠨ ᠤᠯᠠᠭᠠᠨ ᠲᠡᠮᠡᠭᠡ᠂ ᠰᠥᠨᠢᠳ ᠲᠡᠮᠡᠭᠡ᠂ ᠬᠥᠯᠥᠨ ᠪᠤᠢᠷ ᠲᠡᠮᠡᠭᠡ᠂ ᠰᠢᠨᠵᠢᠶᠠᠩ ᠲᠡᠮᠡᠭᠡ ᠵᠡᠷᠭᠡ ᠠᠰ ᠠᠰ ᠤ᠋ᠨ ᠥᠪᠡᠷᠮᠢᠴᠡ ᠰᠢᠨᠵᠢ ᠣᠨᠴᠠᠯᠢᠭ ᠪᠦᠬᠦᠢ ᠭᠠᠵᠠᠷ ᠣᠷᠣᠨ ᠤ᠋ ᠰᠢᠯᠢᠳᠡᠭ ᠡᠭᠦᠯᠳᠡᠷ ᠦ᠋ᠨ ᠲᠡᠮᠡᠭᠡ ᠨᠦ᠍ᠭᠦᠳ ᠪᠣᠢ᠃
ᠡᠯ᠎ᠡ ᠭᠠᠵᠠᠷ ᠳᠠᠬᠢ ᠮᠣᠩᠭᠣᠯ ᠲᠡᠮᠡᠭᠡᠨ ᠦ᠌ ᠪᠡᠶ᠎ᠡ ᠪᠢᠯᠳᠠᠷ ᠤ᠋ᠨ ᠶᠡᠬᠡ ᠪᠠᠭ᠎ᠠ ᠨᠢ ᠬᠣᠭᠣᠷᠣᠨᠳᠣ ᠪᠠᠨ ᠨᠡᠯᠢᠶᠡᠳ ᠵᠥᠷᠢᠶ᠎ᠡ ᠲᠡᠢ ᠰᠢᠭ ᠪᠣᠯᠪᠠᠴᠤ᠂ ᠶᠡᠬᠡ ᠲᠥᠯᠥᠪ ᠲᠡᠭᠡᠨ ᠪᠤᠤᠷ᠎ᠠ ᠶ᠋ᠢᠨ ᠠᠮᠢᠳᠤ ᠶ᠋ᠢᠨ ᠵᠢᠩ ᠨᠢ 500—600 ᠺᠢᠯᠣᠭ᠌ᠷᠠᠮ ᠣᠷᠴᠢᠮ︔ ᠢᠩᠭᠡᠨ ᠦ᠌ ᠠᠮᠢᠳᠤ ᠶ᠋ᠢᠨ ᠵᠢᠩ 400—500 ᠺᠢᠯᠣᠭ᠌ᠷᠠᠮ ᠣᠷᠴᠢᠮ ᠪᠠᠢᠳᠠᠭ᠃ ᠪᠣᠲᠣᠭᠣ᠂ ᠰᠠᠶᠢ ᠪᠣᠳᠣᠭᠤᠯᠤᠭᠰᠠᠨ ᠤ᠋ ᠳᠠᠷᠠᠭᠠᠬᠢ ᠨᠢᠯᠬ᠎ᠠ ᠦᠶ᠎ᠡ ᠶ᠋ᠢᠨ ᠪᠡᠶ᠎ᠡ ᠶ᠋ᠢᠨ ᠵᠢᠩ ᠨᠢ 35 ᠺᠢᠯᠣᠭ᠌ᠷᠠᠮ ᠣᠷᠴᠢᠮ᠃
ᠮᠣᠩᠭᠣᠯ ᠲᠡᠮᠡᠭᠡᠨ ᠦ᠌ ᠪᠡᠶ᠎ᠡ ᠶ᠋ᠢᠨ ᠬᠡᠮᠵᠢᠯᠲᠡ ᠶ᠋ᠢᠨ ᠳᠤᠮᠳᠠᠴᠢᠯᠠᠭᠰᠠᠨ ᠬᠡᠮᠵᠢᠭᠳᠡᠯ ᠄
ᠪᠦᠳᠦᠭᠦᠨ ᠪᠤᠤᠷ᠎ᠠ᠄ ᠪᠡᠶ᠎ᠡ ᠶ᠋ᠢᠨ ᠥᠨᠳᠥᠷ 175.2 ᠰᠡᠨᠲ᠋ᠢᠮᠧᠲ᠋ᠷ᠂ ᠪᠡᠶ᠎ᠡ ᠶ᠋ᠢᠨ ᠲᠠᠰᠢᠭᠤ ᠤᠷᠲᠤ 153.2 ᠰᠡᠨᠲ᠋ᠢᠮᠧᠲ᠋ᠷ᠂ ᠴᠡᠭᠡᠵᠢᠨ ᠪᠦᠰᠡᠯᠡᠭᠦᠷ 210.7 ᠰᠡᠨᠲ᠋ᠢᠮᠧᠲ᠋ᠷ︔
ᠪᠦᠳᠦᠭᠦᠨ ᠢᠩᠭᠡ ᠄ ᠪᠡᠶ᠎ᠡ ᠶ᠋ᠢᠨ ᠥᠨᠳᠥᠷ 168 ᠰᠡᠨᠲ᠋ᠢᠮᠧᠲ᠋ᠷ᠂ ᠪᠡᠶ᠎ᠡ ᠶ᠋ᠢᠨ ᠲᠠᠰᠢᠭᠤ ᠤᠷᠲᠤ 146.9 ᠰᠡᠨᠲ᠋ᠢᠮᠧᠲ᠋ᠷ᠂ ᠴᠡᠭᠡᠵᠢᠨ ᠪᠦᠰᠡᠯᠡᠭᠦᠷ 198 ᠰᠡᠨᠲ᠋ᠢᠮᠧᠲ᠋ᠷ︔
ᠪᠦᠳᠦᠭᠦᠨ ᠠᠳᠠ ᠄ ᠪᠡᠶ᠎ᠡ ᠶ᠋ᠢᠨ ᠥᠨᠳᠥᠷ 179.3 ᠰᠡᠨᠲ᠋ᠢᠮᠧᠲ᠋ᠷ᠂ ᠪᠡᠶ᠎ᠡ ᠶ᠋ᠢᠨ ᠲᠠᠰᠢᠭᠤ ᠤᠷᠲᠤ 163.8 ᠰᠡᠨᠲ᠋ᠢᠮᠧᠲ᠋ᠷ᠂ ᠴᠡᠭᠡᠵᠢᠨ ᠪᠦᠰᠡᠯᠡᠭᠦᠷ 208.5 ᠰᠡᠨᠲ᠋ᠢᠮᠧᠲ᠋ᠷ᠃
ᠣᠨᠣᠯᠭ᠎ᠠ᠂ ᠠᠴᠢᠶ᠎ᠠ ᠵᠥᠭᠡᠭᠡᠪᠦᠷᠢ᠄ ᠮᠣᠩᠭᠣᠯ ᠲᠡᠮᠡᠭᠡ ᠶ᠋ᠢ ᠣᠨᠣᠯᠭᠠᠨ ᠳ᠋ᠤ᠌ ᠬᠡᠷᠡᠭᠯᠡᠬᠦ ᠳ᠋ᠦ᠍ ᠬᠤᠷᠳᠤᠴᠠ ᠰᠠᠢᠲᠠᠢ ᠪᠥᠭᠡᠳ ᠣᠨᠣᠯᠭ᠎ᠠ ᠪᠠ ᠠᠴᠢᠶ᠎ᠠ ᠵᠥᠭᠡᠭᠡᠪᠦᠷᠢ ᠳ᠋ᠦ᠍ ᠲᠡᠰᠪᠦᠷᠢ ᠳᠠᠭᠠᠭᠠᠴᠠ ᠨᠢ ᠣᠨᠴᠠᠭᠠᠢ ᠰᠠᠢᠨ ᠪᠠᠢᠳᠠᠭ᠃ ᠲᠡᠮᠡᠭᠡ ᠶ᠋ᠢ ᠤᠨᠤᠵᠤ ᠠᠶᠠᠯᠠᠬᠤ ᠳ᠋ᠤ᠌ ᠬᠤᠷᠳᠤᠴᠠ ᠨᠢ ᠮᠣᠷᠢ ᠲᠠᠢ ᠠᠳᠠᠯᠢᠪᠲᠤᠷ᠂ ᠠᠲᠠᠨ ᠲᠡᠮᠡᠭᠡᠨ ᠳ᠋ᠦ᠍ 150—200 ᠺᠢᠯᠣᠭ᠌ᠷᠠᠮ ᠬᠦᠨᠳᠦ ᠶᠠᠭᠤᠮ᠎ᠠ ᠠᠴᠢᠭᠠᠳ ᠡᠳᠦᠷ ᠲᠦ᠍ 60—70 ᠺᠢᠯᠣᠮᠧᠲ᠋ᠷ ᠶᠠᠪᠤᠬᠤ ᠳ᠋ᠤ᠌ ᠠᠵᠢᠭ ᠴᠤ᠌ ᠦᠭᠡᠢ ᠶᠠᠪᠤᠵᠤ ᠯᠠ ᠪᠠᠢᠳᠠᠭ᠂ 350—400 ᠺᠢᠯᠣᠭ᠌ᠷᠠᠮ ᠬᠦᠨᠳᠦ ᠲᠡᠭᠡᠭᠡᠰᠢ ᠲᠡᠢ ᠲᠡᠷᠭᠡᠨ ᠳ᠋ᠦ᠍ ᠨᠢᠭᠡ ᠠᠳᠠ ᠬᠥᠯᠦᠭᠡᠳ ᠡᠳᠦᠷᠵᠢᠨ ᠣᠢᠷ᠎ᠠ ᠵᠠᠭᠤᠷ᠎ᠠ ᠶ᠋ᠢᠨ ᠵᠥᠭᠡᠭᠡᠪᠦᠷᠢ ᠬᠢᠬᠦ ᠳ᠋ᠦ᠍ ᠶᠡᠷᠦ ᠬᠦᠴᠢᠷᠳᠡᠬᠦ ᠦᠭᠡᠢ ᠪᠠᠢᠳᠠᠭ᠃
ᠨᠣᠣᠰᠣ ᠨᠣᠯᠤᠤᠷ ᠤ᠋ᠨ ᠭᠠᠷᠤᠯᠲᠠ᠄ ᠲᠡᠮᠡᠭᠡᠨ ᠦ᠌ ᠨᠣᠣᠰᠣ ᠨᠣᠯᠤᠤᠷ(ᠨᠣᠯᠤᠤᠷ ᠪᠣᠯᠤᠨ ᠬᠢᠯᠭᠠᠰᠤ᠂ ᠰᠤᠷ) ᠢ᠋ ᠠᠷᠠᠳ ᠤ᠋ᠨ ᠶᠡᠷᠦ ᠶ᠋ᠢᠨ ᠬᠡᠯᠡᠯᠭᠡ ᠪᠡᠷ ᠲᠡᠮᠡᠭᠡᠨ ᠤᠩᠭᠤᠰᠤ ᠭᠡᠵᠦ ᠬᠡᠯᠡᠳᠡᠭ᠃ ᠮᠣᠩᠭᠣᠯ ᠲᠡᠮᠡᠭᠡᠨ ᠦ᠌ ᠨᠣᠣᠰᠣ ᠨᠣᠯᠤᠤᠷ ᠤ᠋ᠨ ᠭᠠᠷᠴᠠ ᠶ᠋ᠢᠨ ᠬᠡᠮᠵᠢᠶ᠎ᠡ ᠨᠢ ᠨᠡᠢᠳᠡᠮ ᠳ᠋ᠡᠭᠡᠨ ᠶᠡᠬᠡ ᠰᠠᠢᠨ᠃ ᠠᠯᠠᠱᠠ ᠲᠡᠮᠡᠭᠡᠨ ᠦ᠌ ᠨᠣᠣᠰᠣ ᠨᠣᠯᠤᠤᠷ ᠨᠢ ᠬᠠᠷᠢᠴᠠᠩᠭᠤᠢ ᠪᠠᠷ ᠨᠠᠷᠢᠨ᠂ ᠰᠥᠨᠢᠳ ᠲᠡᠮᠡᠭᠡ ᠨᠣᠣᠰᠣ ᠨᠣᠯᠤᠤᠷ ᠤ᠋ᠨ ᠭᠠᠷᠴᠠ ᠪᠠᠷ ᠶᠡᠬᠡ ᠪᠥᠭᠡᠳ ᠪᠡᠶ᠎ᠡ ᠪᠢᠯᠳᠠᠷ ᠢ᠋ᠶ᠋ᠠᠷ ᠪᠠᠰᠠ ᠪᠦᠳᠦᠭᠦᠨ ᠪᠠᠢᠳᠠᠭ᠃ ᠶᠡᠬᠡᠩᠬᠢ ᠮᠣᠩᠭᠣᠯ ᠲᠡᠮᠡᠭᠡᠨ ᠦ᠌ ᠨᠣᠣᠰᠣ ᠨᠣᠯᠤᠤᠷ ᠤ᠋ᠨ ᠭᠠᠷᠴᠠ ᠨᠢ ᠶᠡᠷᠦᠩᠬᠡᠢ ᠳ᠋ᠡᠭᠡᠨ 5—8 ᠺᠢᠯᠣᠭ᠌ᠷᠠᠮ ᠣᠷᠴᠢᠮ ᠪᠠᠢᠵᠤ᠂ 10 ᠺᠢᠯᠣᠭ᠌ᠷᠠᠮ ᠠ᠋ᠴᠠ ᠳᠡᠭᠡᠭᠰᠢ ᠭᠠᠷᠴᠠ ᠲᠠᠢ ᠲᠡᠮᠡᠭᠡ ᠪᠠᠰᠠ ᠨᠡᠯᠢᠶᠡᠳ ᠪᠣᠢ᠃
ᠮᠢᠬᠠᠨ ᠭᠠᠷᠤᠯᠲᠠ᠄ ᠮᠣᠩᠭᠣᠯ ᠲᠡᠮᠡᠭᠡᠨ ᠦ᠌ ᠮᠢᠬ᠎ᠠ᠂ ᠡᠯᠳᠡᠪ ᠵᠦᠢᠯ ᠦ᠋ᠨ ᠮᠠᠭᠤᠬᠠᠢ ᠰᠢᠩᠭᠡᠭ ᠦᠨᠦᠷ ᠠᠮᠲᠠ ᠦᠭᠡᠢ᠂ ᠰᠢᠮ᠎ᠡ ᠲᠡᠵᠢᠭᠡᠯ ᠦ᠋ᠨ ᠠᠭᠤᠯᠠᠭᠳᠠᠴᠠ ᠨᠢ ᠪᠦᠷᠢᠨ ᠲᠡᠭᠦᠯᠳᠡᠷ᠂ ᠢᠳᠡᠬᠦ ᠳ᠋ᠦ᠍ ᠠᠮᠲᠠᠲᠠᠢ᠂ ᠥᠭᠡᠬᠦ ᠪᠠᠭ᠎ᠠ᠂ ᠬᠠᠷ᠎ᠠ ᠮᠢᠬ᠎ᠠ ᠶᠡᠬᠡᠲᠡᠢ᠂ ᠮᠢᠬᠠᠨ ᠳ᠋ᠠᠬᠢ ᠤᠭᠤᠷᠠᠭ ᠤ᠋ᠨ ᠠᠭᠤᠯᠠᠭᠳᠠᠴᠠ ᠨᠢ ᠦᠬᠡᠷ ᠦ᠋ᠨ ᠮᠢᠬ᠎ᠠ ᠲᠠᠢ ᠣᠢᠷᠠᠯᠴᠠᠭ᠎ᠠ᠃ ᠳᠤᠮᠳᠠ ᠵᠡᠷᠭᠡ ᠶ᠋ᠢᠨ ᠲᠠᠷᠭᠤ ᠲᠠᠢ ᠠᠲᠠᠨ ᠤ᠋ ᠴᠣᠯ ᠮᠢᠬᠠᠨ ᠤ᠋ ᠭᠠᠷᠴᠠ ᠨᠢ ᠳᠤᠮᠳᠠᠴᠢ ᠪᠠᠷ 200 ᠺᠢᠯᠣᠭ᠌ᠷᠠᠮ ᠣᠷᠴᠢᠮ᠂ ᠰᠠᠢᠨ ᠲᠠᠷᠭᠤ ᠲᠠᠢ ᠪᠦᠳᠦᠭᠦᠨ ᠠᠲᠠᠨ ᠠ᠋ᠴᠠ 400 ᠢᠯᠡᠭᠦᠦ ᠺᠢᠯᠣᠭ᠌ᠷᠠᠮ ᠴᠣᠯ ᠮᠢᠬ᠎ᠠ ᠭᠠᠷᠤᠭᠰᠠᠨ ᠲᠡᠮᠳᠡᠭᠯᠡᠯ ᠪᠠᠰᠠ ᠪᠣᠢ᠃ ᠨᠢᠲᠤᠯᠭᠠ ᠶ᠋ᠢᠨ ᠭᠠᠷᠴᠠ ᠶᠡᠷᠦ ᠶ᠋ᠢᠨ ᠪᠠᠢᠳᠠᠯ ᠳ᠋ᠤ᠌ 54% ᠡᠴᠡ ᠳᠡᠭᠡᠭᠰᠢ᠃
ᠰᠦᠨ ᠦ᠌ ᠭᠠᠷᠤᠯᠲᠠ᠄ ᠮᠣᠩᠭᠣᠯ ᠲᠡᠮᠡᠭᠡᠨ ᠦ᠌ ᠢᠩᠭᠡᠨ ᠰᠦ ᠥᠳᠬᠡᠨ ᠪᠥᠭᠡᠳ ᠤᠭᠤᠷᠠᠭ᠂ ᠲᠣᠰᠣᠯᠢᠭ᠂ ᠡᠷᠦᠳᠡᠰᠦ ᠪᠣᠳᠠᠰ ᠤ᠋ᠨ ᠠᠭᠤᠯᠤᠭᠳᠠᠴᠠ ᠨᠢ ᠦᠨᠢᠶᠡᠨ ᠰᠦᠨ ᠡᠴᠡ ᠥᠨᠳᠥᠷ᠂ ᠰᠦᠨ ᠦ᠌ ᠲᠣᠰᠣᠯᠢᠭ ᠤ᠋ᠨ ᠮᠥᠬᠥᠯᠢᠭ ᠨᠢ ᠵᠢᠵᠢᠭ ᠪᠠᠢᠳᠠᠭ᠃ ᠢᠩᠭᠡᠨ ᠰᠦ ᠨᠢ ᠬᠥᠮᠦᠨ ᠦ᠌ ᠪᠡᠶ᠎ᠡ ᠳ᠋ᠦ᠍ ᠶᠡᠬᠡ ᠵᠣᠬᠢᠮᠵᠢᠲᠠᠢ ᠪᠡᠶ᠎ᠡ ᠲᠡᠩᠬᠡᠵᠢᠭᠦᠯᠬᠦ ᠨᠢᠭᠡᠨ ᠵᠦᠢᠯ ᠦ᠋ᠨ ᠤᠮᠳᠠᠭᠠᠨ ᠪᠣᠯᠬᠤ ᠪᠠᠷ ᠪᠠᠷᠠᠬᠤ ᠦᠭᠡᠢ᠂ ᠡᠭᠦᠨ ᠢ᠋ᠶ᠋ᠡᠷ ᠣᠯᠠᠨ ᠵᠦᠢᠯ ᠦ᠋ᠨ ᠰᠠᠢᠬᠠᠨ ᠦᠨᠦᠷ ᠠᠮᠲᠠᠲᠤ ᠴᠠᠭᠠᠨ ᠢᠳᠡᠭᠡ ᠬᠢᠵᠦ ᠪᠣᠯᠳᠠᠭ᠃ ᠪᠣᠳᠣᠭᠤᠯᠤᠭᠰᠠᠨ ᠢᠩᠭᠡ ᠶ᠋ᠢ 8—11 ᠰᠠᠷ᠎ᠠ ᠣᠷᠴᠢᠮ ᠰᠠᠭᠠᠵᠤ ᠪᠣᠯᠤᠨ᠎ᠠ᠂ ᠨᠢᠭᠡ ᠢᠩᠭᠡᠨ ᠡᠴᠡ ᠡᠳᠦᠷ ᠲᠦ᠍ ᠳᠤᠮᠳᠠᠴᠢ ᠪᠠᠷ 1—1.5 ᠺᠢᠯᠣᠭ᠌ᠷᠠᠮ ᠰᠦ ᠰᠠᠭᠠᠵᠤ ᠳᠡᠢᠯᠦᠨ᠎ᠡ᠃
ᠦᠷᠡᠵᠢᠯᠲᠡ ᠪᠣᠢᠵᠢᠯᠲᠠ᠄ ᠮᠣᠩᠭᠣᠯ ᠲᠡᠮᠡᠭᠡᠨ ᠦ᠌ ᠦᠷᠡᠵᠢᠯᠲᠡ ᠶ᠋ᠢᠨ ᠨᠣᠷᠮ᠎ᠠ ᠳᠡᠮᠡᠢ ᠥᠨᠳᠥᠷ ᠪᠢᠰᠢ᠂ ᠶᠡᠷᠦ ᠶ᠋ᠢᠨ ᠵᠢᠯ ᠳ᠋ᠦ᠍᠂ 40% ᠭᠠᠷᠤᠢ ᠯᠠ ᠪᠠᠢᠳᠠᠭ᠃ ᠪᠣᠲᠣᠭᠣᠨ ᠤ᠋ ᠪᠣᠢᠵᠢᠯᠲᠠ ᠶ᠋ᠢᠨ ᠨᠣᠷᠮ᠎ᠠ ᠶ᠋ᠢᠨ ᠥᠨᠳᠥᠷ ᠡᠰᠡᠬᠦ ᠨᠢ ᠲᠤᠬᠠᠢ ᠶ᠋ᠢᠨ ᠭᠠᠵᠠᠷ ᠤ᠋ᠨ ᠪᠠᠢᠭᠠᠯᠢ ᠣᠷᠴᠢᠨ ᠤ᠋ ᠪᠠᠢᠳᠠᠯ ᠪᠣᠯᠤᠨ ᠠᠷᠠᠴᠢᠯᠠᠭ᠎ᠠ ᠮᠠᠯᠯᠠᠭ᠎ᠠ ᠲᠠᠢ ᠰᠢᠭᠤᠳ ᠬᠣᠯᠪᠣᠭᠳᠠᠯ ᠲᠠᠢ᠂ ᠶᠡᠷᠦ ᠶ᠋ᠢᠨ ᠪᠠᠢᠳᠠᠯ ᠳ᠋ᠤ᠌᠂ 90% ᠠ᠋ᠴᠠ ᠳᠡᠭᠡᠭᠰᠢ ᠪᠠᠢᠳᠠᠭ᠃
ᠮᠣᠩᠭᠣᠯ ᠲᠡᠮᠡᠭᠡ᠂ ᠰᠥᠷᠦᠭᠴᠢ ᠢᠵᠢᠯᠢᠰᠡᠭ ᠵᠠᠩ ᠴᠢᠨᠠᠷ ᠢ᠋ᠶ᠋ᠠᠷ ᠣᠨᠴᠠᠭᠠᠢ ᠰᠠᠢᠨ ᠪᠠᠢᠳᠠᠭ᠂ ᠵᠠᠷᠢᠮ ᠦᠶ᠎ᠡ ᠳ᠋ᠦ᠍ ᠲᠡᠮᠡᠭᠡᠨ ᠰᠦᠷᠦᠭ ᠨᠦ᠍ᠭᠦᠳ ᠨᠢᠭᠡᠨ ᠭᠠᠵᠠᠷ ᠬᠣᠭᠣᠷᠣᠨᠳᠣ ᠪᠠᠨ ᠨᠡᠢᠯᠡᠨ ᠬᠣᠯᠢᠯᠳᠤᠭᠰᠠᠨ ᠴᠤ᠌᠂ ᠰᠠᠯᠤᠨ ᠶᠠᠪᠤᠬᠤ ᠳ᠋ᠠᠭᠠᠨ ᠢᠵᠢᠯᠢ ᠪᠡᠷ ᠢ᠋ᠶ᠋ᠡᠨ ᠥᠪᠡᠷ ᠥᠪᠡᠷ ᠦ᠋ᠨ ᠰᠦᠷᠦᠭ ᠢ᠋ᠶ᠋ᠡᠨ ᠳᠠᠭᠠᠵᠤ ᠢᠯᠭᠠᠷᠠᠵᠤ ᠶᠠᠪᠤᠳᠠᠭ᠂ ᠪᠤᠤᠷ᠎ᠠ ᠨᠢ ᠬᠤᠷᠢᠶᠠᠭᠰᠠᠨ ᠰᠦᠷᠦᠭ ᠦ᠋ᠨ ᠢ᠋ᠶ᠋ᠡᠨ ᠲᠡᠮᠡᠭᠡᠳ ᠢ᠋ ᠵᠢᠯ ᠲᠤᠷᠰᠢᠲᠠ ᠠᠵᠢᠭᠯᠠᠨ ᠠᠩᠬᠠᠷᠴᠤ᠂ ᠰᠠᠯᠵᠤ ᠪᠤᠲᠠᠷᠠᠬᠤ ᠶ᠋ᠢ ᠰᠡᠷᠡᠮᠵᠢᠯᠡᠨ ᠦᠷᠭᠦᠯᠵᠢ ᠬᠤᠷᠢᠶᠠᠵᠤ᠂ ᠬᠠᠮᠠᠭᠠᠯᠠᠨ ᠶᠠᠪᠤᠳᠠᠭ᠃
ᠮᠣᠩᠭᠣᠯ ᠲᠡᠮᠡᠭᠡ᠂ ᠪᠤᠰᠤᠳ ᠲᠥᠷᠥᠯ ᠦ᠋ᠨ ᠮᠠᠯ ᠵᠣᠬᠢᠴᠠᠬᠤ ᠪᠠᠷ ᠪᠠᠷᠤᠭᠲᠠᠢᠬᠠᠨ ᠰᠢᠭ᠋ ᠭᠠᠩᠳᠠᠮᠠᠯ ᠬᠠᠭᠤᠷᠠᠢ ᠲᠠᠴᠢᠷ ᠨᠢᠮᠭᠡᠨ ᠡᠪᠡᠰᠦ ᠪᠡᠯᠴᠢᠭᠡᠷ ᠲᠡᠢ ᠨᠤᠲᠤᠭ ᠣᠷᠣᠨ ᠵᠢᠴᠢ ᠡᠯᠡᠰᠦᠷᠬᠡᠭ᠂ ᠴᠥᠯᠡᠷᠬᠡᠭ ᠭᠠᠵᠠᠷ ᠣᠷᠣᠨ ᠤ᠋ ᠬᠠᠲᠠᠭᠤ ᠪᠡᠷᠬᠡ ᠣᠷᠴᠢᠨ ᠠᠬᠤᠢ ᠳ᠋ᠤ᠌ ᠲᠤᠢᠯ ᠤ᠋ᠨ ᠲᠡᠰᠪᠦᠷᠢ ᠳᠠᠭᠠᠭᠠᠴᠠ ᠲᠠᠢ ᠪᠠᠷ ᠰᠠᠢᠨ ᠵᠣᠬᠢᠴᠠᠨ᠂ ᠪᠠᠢᠭᠠᠯᠢ ᠶ᠋ᠢᠨ ᠨᠥᠬᠥᠴᠡᠯ ᠬᠡᠳᠦᠢ ᠠᠨᠠᠢ ᠪᠠᠢᠭᠰᠠᠨ ᠴᠤ᠌᠂ ᠵᠢᠯ ᠲᠤᠷᠰᠢᠳᠠ ᠬᠡᠭᠡᠷᠡᠯᠡᠨ ᠬᠣᠯᠠ ᠣᠢᠷ᠎ᠠ ᠶ᠋ᠢᠨ ᠪᠡᠯᠴᠢᠭᠡᠷ ᠭᠡᠵᠦ ᠢᠯᠭᠠᠯ ᠦᠭᠡᠢ ᠨᠠᠭᠠᠰᠢ ᠴᠠᠭᠠᠰᠢ ᠵᠣᠷᠴᠢᠨ ᠴᠢᠳᠠᠮᠠᠭᠠᠢ ᠰᠠᠢᠬᠠᠨ ᠠᠰᠢᠭᠯᠠᠵᠤ᠂ ᠬᠡᠪ ᠦ᠋ᠨ ᠪᠠᠢᠳᠠᠯ ᠢ᠋ᠶ᠋ᠠᠷ ᠥᠰᠴᠦ ᠲᠥᠯᠵᠢᠨ ᠦᠷᠡᠵᠢᠵᠦ ᠪᠠᠢᠳᠠᠭ᠂ ᠲᠡᠭᠦᠨ ᠢ᠋ ᠪᠤᠰᠤᠳ ᠲᠥᠷᠥᠯ ᠦ᠋ᠨ ᠮᠠᠯ ᠲᠠᠢ ᠨᠢᠭᠡᠨ ᠭᠠᠵᠠᠷ ᠨᠤᠲᠤᠭ ᠲᠤ᠌ ᠬᠠᠮᠲᠤ ᠪᠡᠯᠴᠢᠷᠯᠡᠭᠦᠯᠦᠭᠰᠡᠨ ᠴᠦ᠍ ᠪᠤᠰᠤᠳ ᠲᠥᠷᠥᠯ ᠦ᠋ᠨ ᠮᠠᠯ ᠲᠠᠢ ᠡᠪᠡᠰᠦ ᠲᠡᠵᠢᠭᠡᠯ ᠪᠤᠯᠢᠶᠠᠯᠴᠠᠯᠳᠤᠬᠤ ᠦᠭᠡᠢ᠂ ᠬᠠᠷᠢᠨ ᠪᠡᠯᠴᠢᠭᠡᠷ ᠨᠤᠲᠤᠭ ᠲᠠᠬᠢ ᠮᠣᠳᠣᠨ ᠤ᠋ ᠨᠠᠪᠴᠢ ᠮᠥᠴᠢᠷ᠂ ᠪᠤᠲᠠ᠂ ᠪᠤᠳᠤᠷᠭᠠᠨ᠎ᠠ᠂ ᠰᠢᠷᠠᠯᠵᠢ᠂ ᠬᠠᠮᠬᠤᠤᠯ᠂ ᠬᠠᠷᠭᠠᠨ᠎ᠠ᠂ ᠬᠠᠯᠠᠭᠠᠢ ᠭᠡᠬᠦ ᠮᠡᠲᠦ ᠶ᠋ᠢᠨ ᠪᠤᠰᠤᠳ ᠲᠥᠷᠥᠯ ᠦ᠋ᠨ ᠮᠠᠯ ᠳᠡᠮᠡᠢ ᠢᠳᠡᠵᠦ ᠠᠰᠢᠭᠯᠠᠳᠠᠭ ᠦᠭᠡᠢ ᠪᠦᠳᠦᠭᠦᠯᠢᠭ ᠪᠤᠶᠤ ᠮᠣᠳᠣᠯᠢᠭ ᠲᠥᠷᠥᠯ ᠵᠦᠢᠯ ᠦ᠋ᠨ ᠡᠪᠡᠰᠦ ᠤᠷᠭᠤᠮᠠᠯ ᠢ᠋ ᠨᠢ ᠭᠣᠯᠣᠬᠤ ᠦᠭᠡᠢ ᠢᠳᠡᠳᠡᠭ᠃
ᠮᠣᠩᠭᠣᠯ ᠲᠡᠮᠡᠭᠡ ᠪᠣᠯ ᠠᠷᠠᠴᠢᠯᠠᠭ᠎ᠠ ᠮᠠᠯᠵᠢᠯᠭ᠎ᠠ ᠶ᠋ᠢᠨ ᠪᠡᠯᠡ ᠣᠷᠣᠭᠤᠯᠤᠯᠲᠠ ᠲᠤᠩ ᠪᠠᠭ᠎ᠠ᠂ ᠪᠡᠯᠴᠢᠭᠡᠷ ᠡᠪᠡᠰᠦᠨ ᠳ᠋ᠦ᠍ ᠭᠠᠮᠲᠠᠢ᠂ ᠨᠣᠣᠰᠣ ᠨᠣᠯᠤᠤᠷ᠂ ᠰᠦ᠂ ᠮᠢᠬ᠎ᠠ ᠵᠡᠷᠭᠡ ᠣᠨᠴᠠ ᠰᠢᠯᠢᠳᠡᠭ ᠰᠠᠢᠨ ᠣᠯᠠᠨ ᠵᠦᠢᠯ ᠦ᠋ᠨ ᠭᠠᠷᠤᠯᠲᠠ ᠲᠠᠢ᠂ ᠮᠠᠯᠵᠢᠬᠤ ᠳ᠋ᠤ᠌ ᠠᠰᠢᠭ ᠣᠯᠵᠠᠪᠤᠷᠢ ᠶᠡᠬᠡᠲᠡᠢ᠂ ᠪᠠᠢᠭᠠᠯᠢ ᠣᠷᠴᠢᠨ ᠠᠬᠤᠢ ᠶ᠋ᠢᠨ ᠨᠥᠬᠥᠴᠡᠯ ᠮᠠᠭᠤᠲᠠᠢ ᠭᠠᠵᠠᠷ ᠣᠷᠣᠨ ᠳ᠋ᠤ᠌ ᠮᠠᠯᠵᠢᠵᠤ ᠪᠣᠯᠬᠤ ᠵᠡᠷᠭᠡ ᠣᠯᠠᠨ ᠠᠷᠪᠢᠨ ᠳᠠᠪᠠᠭᠤᠯᠢᠭ ᠲᠠᠯ᠎ᠠ ᠲᠠᠢ᠂ ᠳᠡᠯᠡᠬᠡᠢ ᠳ᠋ᠦ᠍ ᠬᠣᠪᠣᠷᠬᠠᠨ ᠰᠢᠯᠢᠳᠡᠭ ᠰᠠᠢᠨ ᠡᠭᠦᠯᠳᠡᠷ ᠦ᠋ᠨ ᠲᠡᠮᠡᠭᠡ ᠪᠣᠯᠬᠣᠷ᠂ ᠬᠣᠢᠰᠢᠳᠠ᠂ ᠲᠡᠭᠦᠨ ᠦ᠌ ᠡᠳᠡᠭᠡᠷ ᠬᠣᠪᠣᠷ ᠨᠠᠨᠳᠢᠨ ᠳᠠᠪᠠᠭᠤᠯᠢᠭ ᠲᠠᠯ᠎ᠠ ᠶ᠋ᠢ ᠨᠢ ᠲᠤᠬᠠᠢ ᠶ᠋ᠢᠨ ᠭᠠᠵᠠᠷ ᠣᠷᠣᠨ ᠤ᠋ ᠪᠠᠨ ᠬᠡᠷᠡᠭᠴᠡᠭᠡ ᠱᠠᠭᠠᠷᠳᠠᠯᠭ᠎ᠠ ᠳ᠋ᠠᠭᠠᠨ ᠵᠣᠬᠢᠴᠠᠭᠤᠯᠤᠨ ᠤᠯᠠᠮ ᠰᠠᠢᠨ ᠢ᠋ᠶ᠋ᠠᠷ ᠠᠰᠢᠭᠯᠠᠬᠤ ᠶ᠋ᠢ ᠠᠩᠬᠠᠷᠤᠯ ᠳ᠋ᠠᠭᠠᠨ ᠠᠪᠴᠤ᠂ ᠡᠭᠦᠯᠳᠡᠷ ᠦ᠋ᠨ ᠳᠣᠲᠣᠷ᠎ᠠ ᠨᠢ ᠰᠢᠯᠢᠨ ᠰᠣᠩᠭᠣᠵᠤ ᠪᠣᠢᠵᠢᠭᠤᠯᠤᠨ᠂ ᠲᠡᠭᠦᠨ ᠦ᠌ ᠰᠢᠯᠢᠳᠡᠭ ᠰᠠᠢᠨ ᠤᠳᠤᠮᠰᠢᠯ ᠤ᠋ᠨ ᠰᠢᠨᠵᠢ ᠴᠢᠨᠠᠷ ᠢ᠋ ᠨᠢ ᠴᠡᠪᠡᠷ ᠢ᠋ᠶ᠋ᠡᠷ ᠨᠢ ᠬᠠᠮᠠᠭᠠᠯᠠᠨ ᠬᠠᠳᠠᠭᠠᠯᠠᠬᠤ ᠶ᠋ᠢ ᠴᠢᠬᠤᠯᠴᠢᠯᠠᠵᠣ᠂ ᠶᠠᠰᠤ ᠴᠢᠨᠠᠷ ᠢ᠋ ᠨᠢ ᠤᠯᠠᠮ ᠰᠠᠢᠵᠢᠷᠠᠭᠤᠯᠤᠨ ᠰᠢᠯᠢᠳᠡᠭᠵᠢᠭᠦᠯᠵᠦ ᠰᠠᠢᠲᠤᠷ ᠠᠰᠢᠭᠯᠠᠪᠠᠯ ᠵᠣᠬᠢᠨ᠎ᠠ᠃
ᠮᠣᠩᠭᠣᠯ ᠲᠡᠮᠡᠭᠡ Монгол Тэмээ
ᠬᠢᠲᠠᠳ ᠨᠡᠷ᠎ᠡ᠄ 蒙古骆驼
ᠦᠰᠦᠭ ᠠᠮᠢᠯᠠᠭᠤᠯᠤᠭᠴᠢ᠄ ᠳᠣᠯᠣᠳ • ᠨᠠᠮᠵᠢᠯ
ᠬᠢᠨᠠᠭᠴᠢ᠄ ᠣᠳᠬᠠᠨᠰᠣ᠎ᠠ