ᠴᠠᠭ ᠲᠥᠷᠥ ᠶᠢᠨ ᠦᠢᠮᠡᠭᠡᠨ – ᠳ᠋᠂ ᠨᠠᠮᠲᠠᠭ - ᠠᠮᠢᠳᠤᠷᠠᠯ ᠤᠨ ᠵᠠᠮ ᠂ ᠨᠢᠭᠡᠳᠦᠭᠡᠷ ᠪᠦᠯᠦᠭ 〔ᠭᠤᠴᠢ〕 Цаг төрийн үймээн – Д ᠂ Намдаг - Амьдралын зам ᠂ нэгдүгээр бүлэг - 30
ᠰᠢᠨ᠎ᠡ ᠶᠢᠨ ᠳᠥᠷᠪᠡᠨ ᠬᠠᠷ᠎ᠠ ᠡᠳᠦᠷ
ᠰᠢᠨ᠎ᠡ ᠶ᠋ᠢᠨ ᠳᠦᠷᠪᠡᠨᠡ ᠪᠠᠯᠳᠠᠨᠴᠡᠷᠢᠩ ᠦᠳᠡ ᠡᠴᠡ ᠬᠣᠢᠰᠢ ᠭᠡᠷ ᠡᠴᠡ ᠭᠠᠷᠤᠨ ᠵᠡᠭᠦᠨ ᠲᠡᠢᠰᠢ ᠶᠠᠪᠤᠯ᠎ᠠ᠃ ᠰᠡᠳᠬᠢᠯ ᠳ᠋ᠦ᠍ᠨᠢ ᠭᠠᠭᠴᠠ ᠬᠦ᠌ ᠮᠠᠷᠭᠠᠰᠢ ᠶ᠋ᠢᠨ ᠶᠠᠪᠤᠳᠠᠯ᠂ ᠪᠣᠭᠳᠠ ᠳ᠋ᠤ᠌ ᠪᠠᠷᠠᠯᠬᠠᠨ ᠵᠠᠷᠯᠢᠭ ᠪᠠᠭᠤᠯᠠᠭᠠᠭᠤᠯᠬᠤ ᠭᠡᠵᠦ ᠪᠠᠢᠭ᠎ᠠ ᠨᠢ ᠪᠠᠶᠠᠷ ᠪᠠᠬᠠᠳᠤᠯ ᠪᠣᠯᠤᠨ ᠡᠷᠭᠢᠯᠳᠦᠬᠦ ᠪᠥᠭᠡᠳ ᠶᠡᠷᠦ ᠡᠭᠦᠨ ᠢ᠋ ᠪᠠᠯᠳᠠᠨᠴᠡᠷᠢᠩ ᠣᠶᠤᠨᠳᠠᠷᠢ ᠳ᠋ᠤ᠌ ᠮᠡᠳᠡᠭᠳᠡᠬᠦ ᠦᠭᠡᠢ ᠪᠠᠢᠵᠤ ᠴᠢᠳᠠᠬᠤ ᠦᠭᠡᠢ ᠳ᠋ᠡᠭᠡᠨ ᠭᠡᠷ ᠡᠴᠡ ᠭᠠᠷᠤᠭᠰᠠᠨ ᠠᠵᠢ᠃
ᠲᠩᠷᠢ ᠶ᠋ᠢᠨ ᠪᠠᠢᠳᠠᠯ ᠮᠠᠰᠢ ᠰᠠᠢᠬᠠᠨ᠂ ᠠᠯᠢ ᠥᠷᠯᠥᠭᠡ ᠡᠴᠡ ᠠᠪᠤᠨ ᠳᠡᠭᠡᠷ᠎ᠡ ᠡᠭᠡᠭᠡᠭᠰᠡᠨ ᠨᠠᠷᠠᠨ ᠤ᠋ ᠭᠡᠷᠡᠯ ᠳ᠋ᠦ᠍ ᠣᠷᠣᠨ ᠪᠠᠢᠰᠢᠩ ᠤ᠋ᠨ ᠴᠠᠰᠤ ᠬᠠᠢᠯᠤᠮᠬᠠᠲᠤᠨ ᠬᠠᠪᠤᠷ ᠤ᠋ᠨ ᠠᠭᠤᠷ ᠠᠮᠢᠰᠬᠤᠯ ᠢᠷᠡᠵᠦ ᠪᠠᠢᠨ᠎ᠠ ᠤᠤ? ᠭᠡᠮᠡᠷ ᠰᠠᠨᠠᠭᠳᠠᠨ᠎ᠠ᠃ ᠲᠡᠷᠡ ᠳᠤᠮᠳᠠᠭᠤᠷ ᠬᠠᠮᠢᠭ᠎ᠠ ᠯᠠ ᠪᠣᠯ ᠬᠠᠮᠢᠭ᠎ᠠ ᠭᠣᠶᠣ ᠭᠠᠩᠭᠠᠨ ᠬᠤᠪᠴᠠᠰᠤ ᠡᠮᠦᠰᠦᠭᠰᠡᠨ ᠬᠥᠮᠦᠰ ᠬᠡᠳᠦ ᠭᠤᠷᠪᠠ ᠪᠠᠷ ᠢ᠋ᠶ᠋ᠠᠨ ᠬᠡᠯᠬᠢᠯᠳᠦᠨ ᠪᠠᠶᠠᠷ ᠪᠠᠶᠠᠰᠬᠤᠯᠠᠩ ᠲᠠᠢ ᠶᠠᠭᠤᠮ᠎ᠠ ᠬᠡᠯᠡᠯᠴᠡᠨ ᠶᠠᠪᠤᠨ᠎ᠠ᠃ ᠢᠩᠭᠢᠬᠦ ᠳ᠋ᠦ᠍ ᠲᠡᠳᠡᠨ ᠦ᠌ ᠳᠤᠮᠳᠠ ᠪᠡᠯᠡᠭ ᠰᠡᠯᠲᠡ ᠶ᠋ᠢᠨ ᠶᠠᠭᠤᠮ᠎ᠠ ᠪᠠᠷᠢᠭ᠎ᠠ ᠦᠭᠡᠢ᠂ ᠭᠠᠷ ᠴᠢᠯᠥᠭᠡ ᠲᠡᠢ ᠬᠥᠮᠦᠨ ᠨᠢᠭᠡ ᠴᠦ᠍ ᠦᠭᠡᠢ ᠪᠥᠭᠡᠳ ᠢᠯᠠᠩᠭᠤᠶ᠎ᠠ ᠬᠡᠦᠬᠡᠳ ᠪᠠᠭᠠᠴᠤᠳ ᠡᠷᠡᠭᠡ ᠴᠡᠭᠡᠷ ᠦᠭᠡᠢ ᠠᠢᠯ ᠬᠡᠰᠦᠵᠦ ᠣᠯᠤᠭᠰᠠᠨ ᠪᠡᠯᠡᠭ ᠦ᠋ᠨ ᠢ᠋ᠶ᠋ᠡᠨ ᠶᠠᠭᠤᠮ᠎ᠠ ᠶ᠋ᠢ ᠡᠪᠦᠷ ᠲᠡᠭᠡᠨ ᠬᠢᠨ ᠬᠡᠰᠦᠭᠰᠡᠭᠡᠷ ᠪᠠᠭᠲᠠᠬᠤ ᠪᠠᠨ ᠪᠣᠯᠢᠬᠤ ᠪᠠᠷ ᠬᠣᠷᠮᠣᠢᠯᠠᠨ ᠭᠦᠶᠦᠵᠦ ᠶᠠᠪᠤᠭ᠎ᠠ ᠦᠵᠡᠭᠳᠡᠨ᠎ᠡ᠃ ᠭᠡᠪᠡᠴᠦ ᠰᠡᠳᠬᠢᠯ ᠬᠠᠩᠬᠤ ᠶᠠᠭᠠᠬᠢᠭ᠎ᠠ ᠴᠤ᠌ ᠦᠭᠡᠢ ᠪᠣᠯᠤᠯᠲᠠᠢ᠂ ᠨᠢᠭᠡ ᠬᠠᠰᠢᠶᠠᠨ ᠠ᠋ᠴᠠ ᠭᠠᠷᠤᠭᠠᠳ ᠨᠥᠭᠦᠭᠡ ᠬᠠᠰᠢᠶᠠᠨ ᠳ᠋ᠤ᠌ ᠣᠷᠣᠬᠤ ᠵᠠᠭᠤᠷ᠎ᠠ ᠤᠨᠠᠨ ᠲᠣᠰᠣᠨ ᠭᠦᠶᠦᠬᠦ ᠠᠵᠢ᠃
ᠡᠢᠨ ᠬᠦ᠌ ᠪᠦᠬᠦ ᠬᠦᠷᠢᠶ᠎ᠡ ᠳᠠᠶᠠᠭᠠᠷ ᠶᠡᠬᠡ ᠪᠠᠶᠠᠷ ᠪᠠᠶᠠᠰᠬᠤᠯᠠᠩ ᠪᠣᠯᠵᠤ ᠪᠠᠢᠬᠤ ᠳ᠋ᠤ᠌ ᠺᠤᠨᠰᠤᠯ ᠳᠡᠨᠵᠢ᠂ ᠮᠠᠢᠮᠠᠢ ᠬᠣᠶᠠᠷ ᠤ᠋ᠨ ᠬᠣᠭᠣᠷᠣᠨᠳᠣ ᠭᠠᠮᠢᠩ ᠤ᠋ᠳ ᠢ᠋ᠶ᠋ᠠᠷ ᠮᠠᠨᠠᠭᠤᠯᠤᠭᠰᠡᠨ ᠪᠠᠬᠠᠨ ᠬᠥᠭᠡᠷᠦᠬᠦᠢ ᠬᠥᠮᠦᠰ ᠬᠣᠭ ᠴᠡᠪᠡᠷᠯᠡᠵᠦ ᠪᠠᠢᠯ᠎ᠠ᠃ ᠡᠳᠡ ᠪᠣᠯ ᠬᠡᠳᠦᠨ ᠰᠠᠷ᠎ᠠ ᠶ᠋ᠢᠨ ᠡᠮᠦᠨ᠎ᠡ ᠪᠠᠯᠳᠠᠨᠴᠡᠷᠢᠩ ᠲᠡᠢ ᠳᠤᠮᠳᠠ ᠭᠣᠣᠯ ᠤ᠋ᠨ ᠭᠦᠦᠷ ᠳᠡᠭᠡᠷ᠎ᠡ ᠳᠠᠭᠠᠷᠢᠯᠳᠤᠭᠰᠠᠨ ᠴᠠᠬᠠᠷ ᠴᠡᠷᠢᠭ ᠦ᠋ᠳ ᠪᠥᠭᠡᠳ᠂ ᠡᠳᠦᠭᠡ ᠲᠡᠳᠡ ᠴᠠᠭᠠᠨ ᠰᠠᠷ᠎ᠠ ᠪᠣᠯᠪᠠ ᠭᠡᠵᠦ ᠬᠥᠮᠦᠨ ᠦ᠌ ᠤᠷᠮ᠎ᠠ ᠳ᠋ᠤ᠌ ᠭᠠᠭᠴᠠ ᠤᠳᠠᠭ᠎ᠠ ᠭᠡᠳᠡᠰᠦ ᠴᠠᠳᠤᠭᠰᠠᠨ ᠦᠭᠡᠢ᠂ ᠵᠥᠪᠬᠡᠨ ᠦᠮᠡᠬᠡᠢ ᠵᠣᠭᠣᠷᠢᠨ ᠱᠣᠷᠣᠩ ᠠ᠋ᠴᠠ ᠲᠦᠷ ᠭᠠᠷᠤᠨ᠂ ᠭᠠᠵᠠᠷ ᠱᠦᠭᠦᠷᠳᠡᠬᠦ ᠯᠡ ᠠᠵᠠ ᠵᠠᠪᠰᠢᠶᠠᠨ ᠲᠣᠬᠢᠶᠠᠯᠳᠤᠭᠰᠠᠨ ᠨᠢ ᠲᠡᠷᠡ ᠠᠵᠢ᠃ ᠭᠠᠮᠢᠩ ᠤ᠋ᠳ ᠲᠡᠳᠡᠨ ᠢ᠋ ᠠᠯᠳᠠᠬᠤ ᠠ᠋ᠴᠠ ᠪᠣᠯᠭᠣᠮᠵᠢᠯᠠᠬᠤ ᠳ᠋ᠠᠭᠠᠨ ᠭᠤᠷᠪᠠ ᠭᠤᠷᠪᠠ ᠪᠠᠷ ᠨᠢ ᠬᠦᠵᠦᠭᠦᠦ ᠬᠣᠯᠪᠣᠨ ᠭᠢᠨᠵᠢᠯᠡᠭᠰᠡᠨ ᠪᠠᠢᠯ᠎ᠠ᠃ ᠬᠣᠭᠣᠷᠣᠨᠳᠣ ᠶ᠋ᠢᠨ ᠵᠠᠢ ᠨᠢ ᠨᠢᠭᠡ ᠲᠣᠬᠣᠢ ᠤᠴᠢᠷ᠂ ᠶᠣᠰᠣᠲᠠᠢ ᠨᠢᠭᠡ ᠬᠥᠮᠦᠨ ᠰᠢᠭ ᠬᠥᠳᠡᠯᠦᠨ᠎ᠡ᠃
ᠪᠠᠯᠳᠠᠨᠴᠡᠷᠢᠩ ᠲᠡᠳᠡᠨ ᠦ᠌ ᠳᠤᠮᠳᠠᠭᠤᠷ ᠶᠠᠪᠤᠯ᠎ᠠ᠃ ᠬᠥᠭᠡᠷᠦᠬᠦᠢ ᠲᠡᠳᠡ᠂ ᠬᠥᠮᠦᠨ ᠥᠭᠡᠳᠡ ᠰᠢᠷᠣᠢ ᠲᠣᠭᠣᠰᠣ ᠮᠠᠨᠠᠷᠠᠭᠤᠯᠬᠤ ᠦᠭᠡᠢ ᠶ᠋ᠢ ᠬᠢᠴᠢᠶᠡᠬᠦ ᠳ᠋ᠡᠭᠡᠨ ᠭᠠᠵᠠᠷ ᠤ᠋ᠨ ᠱᠦᠭᠦᠷ ᠢ᠋ᠶ᠋ᠡᠨ ᠲᠡᠳᠡᠨ᠂ ᠶᠠᠳᠠᠷᠠᠭᠰᠠᠨ ᠪᠡᠶ᠎ᠡ ᠪᠡᠨ ᠲᠡᠨᠢᠢᠯᠭᠡᠨ ᠵᠣᠭᠰᠣᠨ᠎ᠠ᠃ ᠠᠵᠢᠪᠠᠰᠤ᠂ ᠡᠮᠦᠰᠦᠭᠰᠡᠨ ᠬᠤᠪᠴᠠᠰᠤ ᠨᠢ ᠶᠠᠩᠵᠤ ᠪᠦᠷᠢ ᠪᠣᠯᠪᠠᠴᠤ ᠤᠷᠠᠭᠳᠠᠨ ᠰᠠᠯᠪᠠᠷᠠᠭᠰᠠᠨ ᠨᠢ ᠠᠪ ᠠᠳᠠᠯᠢ᠂ ᠪᠡᠶᠡᠰ ᠨᠢ ᠴᠦ᠍ ᠥᠭᠡᠷ᠎ᠡ ᠴᠦ᠍ ᠦᠭᠡᠢ ᠨᠢᠭᠡᠨ ᠵᠢᠭᠳᠡ ᠲᠤᠷᠠᠩᠬᠠᠢ᠂ ᠬᠦᠢᠲᠡᠨ ᠦ᠌ ᠤᠯᠠᠷᠢᠯ ᠳ᠋ᠤ᠌ ᠳᠣᠲᠣᠷ᠎ᠠ ᠭᠠᠳᠠᠨ᠎ᠠ ᠬᠣᠶᠠᠷ ᠠ᠋ᠴᠠ ᠪᠠᠨ ᠨᠡᠪᠲᠡ ᠲᠠᠭᠠᠷᠠᠭᠰᠠᠨ ᠵᠢᠪᠡᠬᠡᠢ ᠨᠢᠭᠤᠷ ᠢ᠋ᠶ᠋ᠠᠨ ᠨᠢᠳᠦᠨ ᠳ᠋ᠦ᠍ ᠲᠤᠰᠬᠠᠨ ᠥᠯᠥᠰᠬᠦᠯᠡᠩ ᠳ᠋ᠦ᠍ ᠳᠠᠷᠤᠭᠳᠠᠭᠰᠠᠨ ᠬᠤᠷᠴᠠ ᠨᠢᠳᠦ ᠪᠡᠷ ᠢ᠋ᠶ᠋ᠡᠨ ᠰᠢᠷᠳᠡᠬᠦ ᠨᠢ ᠶᠡᠷᠦ ᠭᠡᠨᠡᠳᠲᠡ ᠳᠠᠭᠠᠷᠢᠨ ᠪᠠᠷᠢᠵᠤ ᠢᠳᠡᠬᠦ ᠶ᠋ᠢ ᠪᠣᠳᠣᠵᠤ ᠪᠠᠢᠭ᠎ᠠ ᠪᠣᠯᠪᠠ ᠤᠤ ᠭᠡᠮᠡᠷ ᠵᠢᠪᠡᠭᠦᠦ ᠲᠡᠢ ᠦᠵᠡᠭᠳᠡᠨ᠎ᠡ᠃ ᠭᠡᠲᠡᠯ᠎ᠡ ᠲᠡᠳᠡᠨ ᠦ᠌ ᠳᠤᠮᠳᠠ ᠪᠤᠰᠤᠳ ᠲᠠᠢ ᠬᠣᠯᠪᠣᠭ᠎ᠠ ᠦᠭᠡᠢ ᠪᠣᠯᠪᠠᠴᠤ ᠭᠠᠷ ᠬᠥᠯ ᠢ᠋ᠶ᠋ᠡᠨ ᠭᠢᠨᠵᠢᠭᠦᠯᠦᠭᠰᠡᠨ ᠨᠠᠪᠲᠠᠭᠠᠷᠬᠠᠨ ᠪᠡᠶ᠎ᠡ ᠲᠡᠢ ᠥᠷᠭᠡᠨ ᠴᠡᠭᠡᠵᠢ ᠲᠡᠢ ᠡᠷ᠎ᠡ ᠪᠠᠢᠯ᠎ᠠ᠃ ᠲᠡᠷᠡ ᠨᠢ ᠭᠡᠪᠡᠯ ᠪᠦᠷ ᠠᠶᠤᠮᠠᠷ᠂ ᠶᠠᠭ ᠵᠠᠮ ᠳᠡᠭᠡᠷ᠎ᠡ ᠥᠭᠡᠳᠡ ᠡᠴᠡ ᠬᠠᠷᠠᠨ ᠵᠣᠭᠰᠣᠵᠤ ᠪᠠᠢᠭ᠎ᠠ ᠶ᠋ᠢ ᠨᠢ ᠠᠵᠢᠬᠤ ᠳ᠋ᠤ᠌ ᠮᠠᠩᠨᠠᠢ ᠳᠡᠭᠡᠷ᠎ᠡ ᠪᠡᠨ ᠵᠤᠷᠪᠤᠰ ᠰᠠᠷᠠᠨ ᠤ᠋ ᠬᠡᠯᠪᠡᠷᠢ ᠪᠦᠬᠦᠢ ᠬᠢᠯᠭᠠᠨ ᠰᠣᠷᠪᠢ ᠲᠠᠢ ᠪᠥᠭᠡᠳ ᠲᠡᠷᠡ ᠰᠣᠷᠪᠢ ᠠᠩᠬ᠎ᠠ ᠡᠳᠡᠭᠡᠷᠡᠬᠦ ᠳ᠋ᠡᠭᠡᠨ ᠮᠠᠩᠨᠠᠢ ᠶ᠋ᠢᠨ ᠪᠦᠬᠦ ᠠᠷᠠᠰᠤ ᠶ᠋ᠢ ᠰᠦᠷᠡᠬᠡᠢ ᠲᠠᠲᠠᠭᠰᠠᠨ ᠪᠣᠯᠤᠯᠲᠠᠢ᠂ ᠬᠣᠶᠠᠷ ᠨᠢᠳᠦ ᠨᠢ ᠴᠢᠨᠣ᠎ᠠ ᠶ᠋ᠢᠨ ᠬᠢ ᠰᠢᠭ ᠵᠢᠬᠠᠭᠠᠷ᠂ ᠭᠡᠪᠡᠴᠦ ᠪᠠᠯᠳᠠᠨᠴᠡᠷᠢᠩ ᠲᠡᠭᠦᠨ ᠦ᠌ ᠭᠠᠮᠢᠩ ᠤ᠋ᠳ ᠲᠤ᠌ ᠣᠨᠴᠠ ᠥᠰᠢᠭᠳᠡᠭᠰᠡᠨ ᠢ᠋ ᠮᠡᠳᠡᠨ ᠶᠡᠬᠡᠳᠡ ᠦᠷᠦ ᠡᠪᠡᠳᠪᠡ᠃ ᠶᠠᠮᠠᠷ ᠨᠢᠭᠡᠨ ᠲᠤᠰᠠᠯᠠᠮᠵᠢ ᠦᠵᠡᠭᠦᠯᠬᠦ ᠰᠠᠨ ᠭᠡᠬᠦ ᠳ᠋ᠡᠭᠡᠨ ᠡᠪᠦᠷ ᠲᠡᠭᠡᠨ ᠭᠠᠷ ᠢ᠋ᠶ᠋ᠠᠨ ᠬᠢᠯ᠎ᠡ᠃ ᠲᠡᠭᠡᠭᠡᠳ ᠬᠣᠶᠠᠷ ᠶᠠᠩᠴᠢᠶᠠᠨ ᠲᠠᠢ ᠶᠠᠪᠤᠭ᠎ᠠ ᠶ᠋ᠢᠨ ᠢ᠋ᠶ᠋ᠡᠨ ᠨᠢᠭᠡ ᠶ᠋ᠢ ᠠᠪᠤᠨ ᠬᠠᠵᠠᠭᠤ ᠪᠠᠷ ᠨᠢ ᠭᠠᠷᠤᠩᠭᠤᠲᠠ ᠪᠠᠨ ᠳᠣᠷᠣᠭᠰᠢ ᠤᠨᠠᠭᠠᠪᠠ᠃ ᠶᠠᠩᠴᠢᠶᠠᠨ ᠴᠢᠯᠠᠭᠤᠨ ᠳᠡᠭᠡᠷ᠎ᠡ ᠲᠣᠰᠣᠨ ᠬᠠᠩ ᠶᠠᠩ ᠳᠤᠤᠭᠠᠷᠤᠭᠠᠳ ᠴᠠᠭᠠᠰᠢ ᠥᠩᠬᠥᠷᠢᠨ ᠡᠮᠦᠨ᠎ᠡ ᠨᠢ ᠬᠦᠷᠬᠦ ᠰᠢᠭ ᠪᠣᠯᠬᠤ ᠳ᠋ᠤ᠌ ᠪᠠᠯᠳᠠᠨᠴᠡᠷᠢᠩ ᠪᠠᠶᠠᠷᠯᠠᠪᠠ᠃
ᠭᠡᠲᠡᠯ᠎ᠡ ᠡᠮᠦᠨᠡᠬᠢ ᠡᠷ᠎ᠡ《ᠬᠥᠶᠢ ᠡᠷᠬᠢᠮ ᠠ᠋!》 ᠭᠡᠵᠦ ᠳᠠᠭᠤᠳᠠᠪᠠ᠃ ᠬᠠᠷᠢᠭᠤ ᠳᠤᠤᠭᠠᠷᠤᠯ ᠦᠭᠡᠢ ᠶᠠᠪᠤᠯᠲᠠ ᠪᠠᠨ ᠬᠤᠷᠳᠤᠰᠬᠠᠬᠤ ᠳ᠋ᠤ᠌᠄
— ᠬᠥᠶᠢ ᠡᠷᠬᠢᠮ ᠠ᠋! ᠲᠠ ᠶᠠᠭᠤᠮ᠎ᠠ ᠪᠠᠨ ᠭᠡᠭᠡᠯᠡ ᠭᠡᠵᠦ ᠳᠠᠬᠢᠨ ᠳᠠᠭᠤᠳᠠᠨ ᠭᠢᠨᠵᠢ ᠪᠡᠨ ᠬᠠᠵᠢᠭᠢᠨᠠᠭᠤᠯᠤᠨ ᠭᠦᠶᠦᠬᠦ ᠴᠢᠮᠡᠭᠡ ᠰᠣᠨᠣᠰᠳᠠᠪᠠ᠃
ᠡᠨᠡ ᠳᠠᠷᠤᠢ ᠭᠠᠮᠢᠩ ᠤ᠋ᠳ《ᠬᠠᠢ ᠵᠣᠭᠰᠣ》 ᠭᠡᠵᠦ ᠬᠠᠰᠬᠢᠷᠪᠠ᠃ ᠨᠢᠭᠡ ᠨᠢ ᠪᠦᠷ ᠫᠤᠤ ᠪᠠᠨ ᠮᠥᠷᠦᠨ ᠡᠴᠡ ᠪᠡᠨ ᠠᠪᠤᠨ ᠤᠷᠢᠲᠠᠢ ᠪᠠᠨ ᠪᠠᠷᠢᠨ ᠭᠦᠶᠦᠨ ᠢᠷᠡᠪᠡ᠃ ᠪᠠᠯᠳᠠᠨᠴᠡᠷᠢᠩ ᠣᠳᠣ ᠮᠥᠩᠭᠥᠨ ᠶᠠᠩᠴᠢᠶᠠᠨ ᠭᠠᠮᠢᠩ ᠤ᠋ᠨ ᠭᠠᠷ ᠳᠤ ᠣᠷᠣᠬᠤ ᠶ᠋ᠢ ᠰᠠᠨᠠᠨ ᠡᠷᠭᠢᠨ ᠬᠠᠷᠠᠪᠠ᠃ ᠥᠨᠥᠬᠢ ᠡᠷ᠎ᠡ᠂ ᠭᠠᠮᠢᠩ ᠳ᠋ᠤ᠌ ᠭᠠᠷ ᠲᠠᠭᠠᠨ ᠪᠠᠷᠢᠭᠰᠠᠨ ᠶᠠᠩᠴᠢᠶᠠᠨ ᠢ᠋ᠶ᠋ᠠᠨ ᠦᠵᠡᠭᠦᠯᠦᠨ᠄《ᠡᠨᠡ ᠬᠥᠮᠦᠨ ᠭᠡᠭᠡᠭᠰᠡᠨ ᠶᠦᠮ》 ᠭᠡᠳ ᠪᠦᠯᠢᠶᠡᠨ ᠠᠪᠬᠤ ᠶ᠋ᠢ ᠵᠠᠪᠳᠤᠬᠤ ᠳ᠋ᠤᠨᠢ᠂
— ᠮᠠᠢ ᠡᠷᠬᠢᠮ ᠠ᠋᠂ ᠡᠨᠡ ᠲᠠᠨ ᠤ᠋ ᠮᠥᠩᠭᠥ ᠭᠡᠵᠦ ᠭᠢᠨᠵᠢᠲᠦ ᠡᠷ᠎ᠡ ᠭᠠᠷ ᠢ᠋ᠶ᠋ᠠᠨ ᠰᠤᠩᠭᠠᠨ ᠤᠷᠤᠭᠰᠢ ᠵᠢᠳᠬᠦᠪᠡ᠃《ᠦᠭᠡᠢ ᠴᠢ ᠠᠪ! ᠴᠢᠮᠠᠶ᠋ᠢ ᠠᠪᠤᠭ ᠭᠡᠵᠦ ᠤᠨᠠᠭᠠᠭᠰᠠᠨ ᠶᠤᠮ》 ᠭᠡᠵᠦ ᠬᠡᠯᠡᠶ᠎ᠡ ᠭᠡᠲᠡᠯ᠎ᠡ᠂ ᠭᠠᠮᠢᠩ ᠮᠣᠩᠭᠣᠯ ᠬᠡᠯᠡ ᠭᠠᠳᠠᠷᠯᠠᠳᠠᠭ ᠪᠣᠯᠤᠯᠲᠠᠢ᠂ ᠭᠢᠨᠵᠢᠲᠦ ᠡᠷ᠎ᠡ᠂ ᠲᠡᠭᠦᠨ ᠦ᠌ ᠭᠠᠷ ᠳᠠᠬᠢ ᠶᠠᠩᠴᠢᠶᠠᠨ᠂ ᠪᠠᠯᠳᠠᠨᠴᠡᠷᠢᠩ ᠭᠤᠷᠪᠠ ᠶ᠋ᠢ ᠡᠭᠡᠯᠵᠢᠯᠡᠭᠦᠯᠦᠨ ᠬᠠᠷᠠᠨ᠎ᠠ᠃
— ᠪᠢ ᠬᠡᠭᠡᠯᠡ ᠭᠡᠵᠢ ᠤᠤ? ᠭᠡᠵᠦ ᠪᠠᠯᠳᠠᠨᠴᠡᠷᠢᠩ ᠡᠪᠦᠷ ᠲᠡᠭᠡᠨ ᠭᠠᠷ ᠢ᠋ᠶ᠋ᠠᠨ ᠬᠢᠨ ᠬᠣᠶᠠᠳᠠᠬᠢ ᠶᠠᠩᠴᠢᠶᠠᠨ ᠢ᠋ᠶ᠋ᠠᠨ ᠠᠪᠤᠪᠠ᠃ ᠲᠡᠭᠡᠭᠡᠳ ᠮᠥᠩᠭᠥ ᠦᠭᠡᠢᠯᠡᠬᠦ ᠪᠠᠢᠳᠠᠯ ᠢ᠋ᠶ᠋ᠠᠷ ᠨᠡᠭᠡᠷᠡᠨ ᠲᠡᠢᠮᠦ ᠪᠠᠢᠨ᠎ᠠ ᠭᠡᠳ ᠠᠪᠤᠭᠰᠠᠨ ᠶᠠᠩᠴᠢᠶᠠᠨ ᠢ᠋ᠶ᠋ᠠᠨ ᠭᠠᠷ ᠳᠡᠭᠡᠷ᠎ᠡ ᠨᠢ ᠲᠠᠯᠪᠢᠩᠭᠤᠲᠠ ᠪᠠᠨ᠄《ᠠᠳᠬᠤ》 ᠭᠡᠵᠦ ᠬᠡᠯᠡ ᠠᠮᠠ ᠪᠠᠨ ᠵᠢᠮᠢᠢᠪᠡ᠃ ᠬᠥᠭᠡᠷᠦᠬᠦᠢ ᠡᠷ᠎ᠡ ᠤᠴᠢᠷ ᠢ᠋ ᠣᠢᠯᠠᠭᠠᠯ᠎ᠠ᠃ ᠭᠠᠷ ᠢ᠋ᠶ᠋ᠠᠨ ᠬᠣᠢᠰᠢ ᠶᠠᠭᠠᠷᠠᠨ ᠲᠠᠲᠠᠪᠠ᠃ ᠴᠢᠷᠠᠢ ᠨᠢ ᠬᠠᠴᠢᠨ ᠪᠣᠯᠤᠨ ᠤᠷᠤᠭᠤᠯ ᠨᠢ ᠴᠡᠴᠡᠬᠢᠨᠡᠨ《ᠮᠢᠨᠦ ᠨᠡᠷ᠎ᠡ ᠭᠤᠤᠵᠤᠤ ᠪᠠᠭᠠᠲᠤᠷ》 ᠭᠡᠵᠦ ᠬᠡᠯᠡᠪᠡ᠃ ᠪᠠᠯᠳᠠᠨᠴᠡᠷᠢᠩ ᠬᠠᠷᠢᠭᠤ ᠳᠤᠤᠭᠠᠷᠤᠯ ᠦᠭᠡᠢ ᠡᠷᠭᠢᠨ ᠶᠠᠪᠤᠯ᠎ᠠ᠃ ᠨᠡᠯᠢᠶᠡᠳ ᠶᠠᠪᠤᠭᠠᠳ ᠡᠷᠭᠢᠨ ᠬᠠᠷᠠᠬᠤ ᠳ᠋ᠤ᠌ ᠭᠤᠤᠵᠤᠤ ᠪᠠᠭᠠᠲᠤᠷ ᠪᠤᠰᠤᠳ ᠨᠤᠭᠤᠳ ᠤ᠋ᠨ ᠢ᠋ᠶ᠋ᠠᠨ ᠰᠢᠷᠣᠢ ᠮᠠᠨᠠᠷᠠᠭᠤᠯᠤᠨ ᠭᠠᠵᠠᠷ ᠱᠦᠭᠦᠷᠳᠡᠵᠦ ᠪᠠᠢᠭ᠎ᠠ ᠶ᠋ᠢᠨ ᠳᠤᠮᠳᠠ ᠭᠠᠭᠴᠠᠭᠠᠷ ᠵᠣᠭᠰᠣᠨ ᠪᠠᠯᠳᠠᠨᠴᠡᠷᠢᠩ ᠢ᠋ ᠰᠢᠷᠳᠡᠭᠰᠡᠭᠡᠷ ᠪᠠᠢᠭ᠎ᠠ ᠦᠵᠡᠭᠳᠡᠨ᠎ᠡ᠃ ᠡᠨᠡ ᠨᠢ ᠲᠡᠭᠦᠨ ᠦ᠌ ᠦᠨᠡᠬᠡᠷ ᠪᠠᠶᠠᠷᠯᠠᠭᠰᠠᠨ ᠤ᠋ ᠰᠢᠨᠵᠢ ᠲᠡᠮᠳᠡᠭ ᠮᠥᠨ ᠦ᠌ ᠤᠴᠢᠷ ᠪᠠᠯᠳᠠᠨᠴᠡᠷᠢᠩ ᠳ᠋ᠦ᠍ ᠬᠥᠮᠦᠨ ᠪᠣᠯᠤᠭᠰᠠᠭᠠᠷ ᠬᠠᠮᠤᠭ ᠤ᠋ᠨ ᠳᠡᠭᠡᠳᠦ ᠶ᠋ᠢᠨ ᠢ᠋ᠶ᠋ᠡᠨ ᠦᠢᠯᠡ ᠶ᠋ᠢ ᠬᠢᠭᠰᠡᠨ ᠰᠢᠭ ᠰᠠᠨᠠᠭᠳᠠᠪᠠ᠃
ᠲᠡᠨᠳᠡ ᠡᠴᠡ ᠪᠠᠯᠳᠠᠨᠴᠡᠷᠢᠩ ᠮᠠᠢᠮᠠᠢ ᠬᠣᠲᠠ ᠤᠷᠤᠭᠤ ᠣᠷᠣᠬᠤ ᠵᠠᠭᠤᠷ᠎ᠠ ᠪᠠᠨ᠄ ᠣᠶᠤᠨᠳᠠᠷᠢ ᠶ᠋ᠢᠨ ᠰᠠᠭᠤᠳᠠᠭ ᠭᠡᠷ ᠲᠦ᠍ ᠰᠢᠭᠤᠳ ᠣᠷᠣᠵᠤ᠂ ᠬᠡᠷᠪᠡ ᠭᠡᠷ ᠲᠦ᠋ᠨᠢ ᠬᠥᠮᠦᠨ ᠪᠠᠢᠪᠠᠰᠤ ᠠᠢᠯ ᠰᠤᠷᠠᠭᠠᠳ ᠭᠠᠷᠬᠤ᠂ ᠭᠠᠷᠤᠭᠰᠠᠨ ᠬᠣᠢᠨ᠎ᠠ ᠪᠠᠨ ᠣᠶᠤᠨᠳᠠᠷᠢ ᠶ᠋ᠢ ᠵᠠᠪᠠᠯ ᠭᠠᠷᠴᠤ ᠢᠷᠡᠬᠦ ᠪᠠᠢᠬᠤ ᠭᠡᠬᠦ ᠵᠡᠷᠭᠡ ᠶ᠋ᠢᠨ ᠪᠦᠲᠦᠮᠵᠢᠲᠡᠢ ᠰᠠᠢᠬᠠᠨ ᠢ᠋ ᠪᠣᠳᠣᠯ᠎ᠠ᠃ ᠣᠶᠤᠨᠳᠠᠷᠢ ᠶ᠋ᠢᠨ ᠬᠢᠨᠢ ᠰᠠᠭᠤᠳᠠᠭ ᠭᠤᠳᠤᠮᠵᠢ ᠣᠷᠣᠵᠤ ᠢᠷᠡᠬᠦ ᠳ᠋ᠦ᠍ ᠬᠠᠰᠢᠶ᠎ᠠ ᠠ᠋ᠴᠠ ᠨᠢ ᠬᠠᠷᠢᠭᠤ ᠦᠭᠡᠢ ᠮᠠᠭᠤ ᠬᠤᠪᠴᠠᠰᠤ ᠲᠠᠢ ᠡᠪᠦᠭᠡᠨ ᠬᠢᠲᠠᠳ ᠭᠠᠯᠵᠠᠭᠤ ᠮᠡᠲᠦ ᠪᠠᠷᠬᠢᠷᠠᠨ ᠭᠠᠷᠴᠤ ᠢᠷᠡᠪᠡ᠃《ᠠᠶ᠎ᠠ ᠶᠠᠭᠠᠬᠢᠭᠰᠠᠨ ᠬᠡᠴᠡᠭᠦᠦ ᠪᠣᠢ? ᠡᠨᠡ ᠶᠢᠷᠲᠢᠨᠴᠦ ᠶᠠᠭᠤᠲᠠᠢ ᠮᠠᠭᠤᠬᠠᠢ᠂ ᠵᠠᠯᠠᠭᠤ ᠪᠠᠢᠬᠤ ᠳ᠋ᠤ᠌ ᠨᠢᠳᠦ ᠮᠢᠨᠢ ᠰᠣᠬᠣᠷᠠᠭᠰᠠᠨ᠂ ᠡᠪᠦᠭᠡᠨ ᠪᠣᠯᠤᠭᠰᠠᠨ ᠬᠣᠢᠨ᠎ᠠ ᠳᠠᠬᠢᠨ ᠪᠠᠰᠠ ᠨᠢᠭᠡ ᠰᠣᠬᠣᠷᠠᠯᠠ᠃ ᠠᠶ᠎ᠠ᠂ ᠠᠶ᠎ᠠ ᠣᠳᠣ ᠨᠠᠳᠠ ᠣᠷᠴᠢᠯᠠᠩ ᠡᠭᠦᠷᠢᠳᠡ ᠬᠠᠷᠠᠩᠭᠤᠢ ᠪᠣᠯᠤᠯ᠎ᠠ ᠭᠡᠬᠦ ᠮᠡᠲᠦ ᠶ᠋ᠢᠨ ᠡᠬᠢ ᠠᠳᠠᠭ ᠦᠭᠡᠢ ᠶᠠᠭᠤᠮ᠎ᠠ ᠶ᠋ᠢ ᠬᠠᠰᠬᠢᠷᠤᠨ ᠬᠡᠯᠡᠵᠦ ᠪᠠᠷᠬᠢᠷᠠᠨ ᠲᠣᠯᠣᠭᠠᠢ ᠲᠦᠷᠦᠭᠦᠦ ᠪᠡᠨ ᠴᠢᠴᠢᠨ ᠭᠣᠢᠪᠠᠭᠠᠨᠠᠨᠠ᠃ ᠬᠠᠵᠠᠭᠤ ᠳ᠋ᠤᠨᠢ ᠠᠷᠠᠢ ᠳᠡᠭᠡᠷ᠎ᠡ ᠬᠤᠪᠴᠠᠰᠤ ᠲᠠᠢ ᠨᠢᠭᠡ ᠯᠤᠤ ᠬᠠᠨ ᠦᠭᠡ ᠳᠠᠭᠤ ᠦᠭᠡᠢ ᠳᠥᠰᠢᠨ ᠵᠡᠭᠦᠨ ᠲᠠᠢᠰᠢ ᠴᠢᠭᠯᠡᠭᠦᠯᠦᠨ ᠶᠠᠪᠤᠨ᠎ᠠ᠃ ᠬᠠᠰᠢᠶ᠎ᠠ ᠪᠦᠷᠢ ᠡᠴᠡ ᠬᠥᠮᠦᠨ ᠭᠠᠷᠴᠤ ᠭᠠᠷᠴᠤ ᠬᠠᠭᠠᠯᠭᠠᠨ ᠳᠡᠭᠡᠷ᠎ᠡ ᠪᠡᠨ ᠵᠣᠭᠰᠣᠨ ᠭᠤᠨᠢᠭᠲᠤ ᠴᠢᠷᠠᠢ ᠪᠠᠷ ᠠᠵᠢᠭᠯᠠᠨ᠎ᠠ᠃ ᠭᠠᠭᠴᠠ ᠬᠦ᠌ ᠣᠶᠤᠨᠳᠠᠷᠢ ᠶ᠋ᠢᠨ ᠬᠠᠰᠢᠶᠠᠨ ᠠ᠋ᠴᠠ ᠯᠠ ᠬᠥᠮᠦᠨ ᠭᠠᠷᠴᠤ ᠢᠷᠡᠬᠦ ᠦᠭᠡᠢ ᠪᠠᠢᠯ᠎ᠠ᠃ ᠪᠠᠯᠳᠠᠨᠴᠡᠷᠢᠩ ᠣᠶᠤᠨᠳᠠᠷᠢ ᠶ᠋ᠢ ᠭᠠᠷᠴᠤ ᠢᠷᠡᠵᠦ ᠮᠠᠭᠠᠳ ᠦᠭᠡᠢ ᠭᠡᠵᠦ ᠪᠣᠳᠣᠬᠤ ᠳ᠋ᠠᠭᠠᠨ ᠬᠠᠭᠠᠯᠭᠠᠨ ᠳᠡᠭᠡᠷ᠎ᠡ ᠨᠢ ᠵᠣᠭᠰᠣᠪᠠ᠃ ᠰᠣᠬᠣᠷ ᠬᠢᠲᠠᠳ ᠭᠤᠳᠤᠮᠵᠢ ᠶ᠋ᠢ ᠰᠢᠪᠲᠤᠷᠠᠨ ᠪᠤᠯᠤᠩ ᠲᠣᠭᠣᠷᠢᠵᠤ᠂ ᠬᠠᠰᠢᠶ᠎ᠠ ᠠ᠋ᠴᠠ ᠪᠠᠨ ᠭᠠᠷᠤᠭᠰᠠᠨ ᠬᠥᠮᠦᠰ ᠴᠥᠮ ᠡᠷᠭᠢᠨ ᠣᠷᠣᠵᠤ ᠤᠭ ᠭᠤᠳᠤᠮᠵᠢ ᠳᠠᠬᠢᠨ ᠠᠯᠢ ᠬᠤᠯᠡᠢ ᠪᠣᠯᠬᠤ ᠳ᠋ᠤ᠌ ᠪᠠᠯᠳᠠᠨᠴᠡᠷᠢᠩ᠂ ᠣᠶᠤᠨᠳᠠᠷᠢ ᠶ᠋ᠢᠨ ᠬᠠᠰᠢᠶᠠᠨ ᠤ᠋ ᠬᠠᠭᠠᠯᠭ᠎ᠠ ᠶ᠋ᠢ ᠠᠶᠠᠷᠬᠠᠨ ᠢ᠋ᠶ᠋ᠠᠷ ᠲᠦᠯᠬᠢᠨ ᠪᠣᠱᠣᠭ᠎ᠠ ᠶ᠋ᠢ ᠨᠢ ᠳᠠᠪᠠᠯ᠎ᠠ᠃ ᠭᠡᠲᠡᠯ᠎ᠡ ᠣᠶᠤᠨᠳᠠᠷᠢ ᠶ᠋ᠢᠨ ᠰᠠᠭᠤᠳᠠᠭ ᠭᠡᠷ ᠦ᠋ᠨ ᠡᠷᠦᠬᠡ ᠪᠦᠲᠦᠭᠡᠯᠭᠡ ᠲᠡᠢ᠂ ᠣᠭᠣᠰᠣᠷ ᠨᠢ ᠪᠤᠷᠤᠭᠤ ᠲᠠᠯ᠎ᠠ ᠳ᠋ᠠᠭᠠᠨ ᠤᠶᠠᠭᠠᠰᠤᠲᠠᠢ᠂ ᠡᠭᠦᠳᠡ ᠨᠢ ᠪᠦᠳᠦᠭᠦᠨ ᠬᠠᠷ᠎ᠠ ᠳᠡᠭᠡᠰᠦ ᠪᠡᠷ ᠳᠠᠷᠤᠭᠤᠯᠤᠭᠠᠰᠤᠲᠠᠢ ᠪᠠᠢᠭ᠎ᠠ ᠨᠢ ᠦᠵᠡᠭᠳᠡᠭᠰᠡᠨ ᠪᠥᠭᠡᠳ ᠡᠨᠡ ᠪᠣᠯ ᠲᠡᠷᠡ ᠭᠡᠷ ᠲᠦ᠍ ᠨᠠᠰᠤ ᠪᠠᠷᠠᠭᠰᠠᠨ ᠬᠥᠮᠦᠨ ᠪᠠᠢᠭ᠎ᠠ ᠶ᠋ᠢᠨ ᠲᠡᠮᠳᠡᠭ ᠪᠣᠯᠬᠤ ᠤᠴᠢᠷ ᠪᠠᠯᠳᠠᠨᠴᠡᠷᠢᠩ ᠦ᠋ᠨ ᠳᠣᠲᠣᠷ᠎ᠠ ᠫᠠᠯᠬᠢᠨ ᠠᠮᠢᠰᠬᠤᠯ ᠨᠢ ᠲᠠᠰᠤᠯᠳᠠᠪᠠ᠃ ᠭᠡᠷ ᠲᠦ᠍ ᠪᠠᠯᠳᠠᠨᠴᠡᠷᠢᠩ ᠴᠣᠬᠣᠮ ᠶᠠᠮᠠᠷ ᠤᠬᠠᠭᠠᠨ ᠢ᠋ᠶ᠋ᠠᠷ ᠬᠡᠷᠬᠢᠨ ᠣᠷᠣᠭᠰᠠᠨ ᠢ᠋ᠶ᠋ᠠᠨ ᠥᠪᠡᠷ ᠢ᠋ᠶ᠋ᠡᠨ ᠦᠯᠦ ᠮᠡᠳᠡᠨ᠎ᠡ᠃ ᠨᠢᠭᠡ ᠮᠡᠳᠡᠬᠦ ᠳ᠋ᠦ᠍ ᠪᠦᠷᠦᠭ ᠪᠠᠷᠤᠭ ᠤ᠋ᠨ ᠳᠤᠮᠳᠠ ᠬᠦᠷᠡᠩ ᠮᠣᠳᠣᠨ ᠭᠣᠣ ᠲᠠᠢ ᠵᠢᠷᠤᠮᠠᠯ ᠴᠠᠭᠠᠨ ᠳ᠋ᠠᠷᠢ ᠡᠬᠡ ᠶ᠋ᠢᠨ ᠤᠷᠢᠲᠠᠢ ᠨᠢ ᠭᠠᠭᠴᠠ ᠵᠤᠯᠠ᠂ ᠵᠤᠯᠠ ᠶ᠋ᠢᠨ ᠭᠡᠷᠡᠯ ᠳ᠋ᠦ᠍ ᠴᠠᠭᠠᠨ ᠳ᠋ᠠᠷᠢ ᠡᠬᠡ ᠤᠭ ᠤ᠋ᠨ ᠢ᠋ᠶ᠋ᠠᠨ ᠢᠨᠢᠶᠡᠮᠰᠦᠭᠯᠡᠭᠰᠡᠨ ᠪᠠᠶᠠᠰᠬᠤᠯᠠᠩᠲᠤ ᠳᠦᠷᠢ ᠪᠡᠷ ᠪᠢᠰᠢ᠂《ᠣᠷᠴᠢᠯᠠᠩ ᠬᠣᠷᠸ᠎ᠠ ᠭᠡᠵᠦ ᠶᠠᠭᠤ ᠪᠣᠢ? ᠬᠠᠷᠠᠵᠠᠭ᠎ᠠ! ᠡᠨᠡ ᠪᠠᠢᠨ᠎ᠠ》 ᠭᠡᠵᠦ ᠣᠢ ᠭᠠᠰᠢᠭᠤᠨ ᠳ᠋ᠤ᠌ ᠳᠠᠷᠤᠭᠳᠠᠨ ᠣᠷᠣᠭᠰᠢ ᠰᠢᠷᠲᠡᠬᠦ ᠮᠡᠲᠦ ᠪᠠᠢᠭ᠎ᠠ ᠨᠢ ᠨᠢᠳᠦᠨ ᠳ᠋ᠦ᠍ ᠲᠤᠰᠤᠭᠰᠠᠨ ᠪᠥᠭᠡᠳ ᠳᠠᠷᠠᠭ᠎ᠠ ᠨᠢ ᠲᠡᠭᠦᠨ ᠦ᠌ ᠤᠷᠢᠲᠠᠢ ᠮᠣᠳᠣᠨ ᠬᠠᠰᠢᠯᠭᠠᠲᠤ ᠮᠣᠩᠭᠣᠯ ᠣᠷᠣ᠂ ᠣᠷᠣᠨ ᠳᠡᠭᠡᠷ᠎ᠡ ᠨᠢᠭᠡ ᠬᠥᠮᠦᠨ᠂ ᠲᠣᠯᠣᠭᠠᠢ ᠨᠢ ᠴᠡᠩᠬᠡᠷ ᠬᠠᠳᠠᠭ ᠢ᠋ᠶ᠋ᠠᠷ ᠪᠥᠲᠡᠭᠡᠯᠭᠡᠰᠦᠲᠠᠢ ᠬᠡᠪᠲᠡᠵᠦ ᠪᠠᠢᠯ᠎ᠠ᠃ ᠡᠨᠡ ᠪᠣᠯ ᠣᠶᠤᠨᠳᠠᠷᠢ᠂ ᠤᠷᠲᠤ ᠬᠠᠷ᠎ᠠ ᠭᠡᠵᠢᠭᠡ ᠨᠢ ᠤᠯᠠᠭᠠᠨ ᠲᠣᠷᠭᠠᠨ ᠬᠥᠨᠵᠢᠯᠡ ᠶ᠋ᠢᠨ ᠢ᠋ᠶ᠋ᠡᠨ ᠳᠡᠭᠡᠳᠦ ᠲᠠᠯ᠎ᠠ ᠶ᠋ᠢ ᠪᠢᠲᠡᠭᠦᠦ ᠪᠦᠷᠬᠦᠨ ᠨᠠᠮᠢᠷᠠᠭᠰᠠᠨ ᠢ᠋ ᠬᠡᠯᠡᠬᠦ ᠤᠤ? ᠪᠠᠯᠳᠠᠨᠴᠡᠷᠢᠩ ᠡᠷᠡᠭᠡᠯᠡᠨ ᠴᠡᠭᠡᠷᠯᠡᠬᠦ᠂ ᠢᠴᠢᠨ ᠵᠣᠪᠠᠬᠤ ᠪᠦᠭᠦᠳᠡ ᠶ᠋ᠢ ᠮᠠᠷᠲᠠᠨ ᠬᠠᠳᠠᠭ ᠢ᠋ ᠰᠢᠭᠦᠷᠡᠨ ᠠᠪᠤᠯ᠎ᠠ᠃ ᠣᠶᠤᠨᠳᠠᠷᠢ ᠶ᠋ᠢᠨ ᠵᠢᠰᠦ ᠴᠢᠷᠠᠢ᠂ ᠲᠥᠷᠥᠯᠬᠢ ᠰᠠᠢᠬᠠᠨ ᠢ᠋ᠶ᠋ᠠᠨ ᠠᠯᠲᠠᠨ ᠬᠥᠬᠡᠷᠡᠵᠦ ᠵᠠᠷᠢᠮ ᠭᠠᠵᠠᠷ ᠢ᠋ᠶ᠋ᠠᠨ ᠬᠠᠷ᠎ᠠ ᠲᠣᠯᠪᠣ ᠨᠤᠭᠤᠳ ᠲᠠᠢ ᠪᠣᠯᠤᠭᠰᠠᠨ ᠪᠠᠢᠯ᠎ᠠ᠃ ᠭᠡᠪᠡᠴᠦ ᠶᠡᠷᠦ ᠠᠮᠢᠳᠤ᠂ ᠠᠮᠤᠭᠤᠯᠠᠩ ᠲᠠᠢᠪᠤᠩ ᠨᠣᠢᠷᠰᠤᠵᠤ ᠪᠠᠢᠭ᠎ᠠ ᠰᠢᠭ᠋ ᠪᠠᠢᠭ᠎ᠠ ᠨᠢ ᠨᠢᠳᠦᠨ ᠳ᠋ᠦ᠍ ᠲᠤᠰᠤᠨ᠎ᠠ᠃ ᠡᠭᠦᠨ ᠡᠴᠡ ᠴᠠᠭᠠᠰᠢ ᠨᠢᠭᠡ ᠬᠡᠰᠡᠭ ᠶᠠᠪᠤᠭᠰᠠᠨ ᠢ᠋ᠶ᠋ᠠᠨ ᠪᠡᠯᠳ᠋ᠠᠨᠴᠡᠷᠢᠩ᠂ ᠥᠪᠡᠷ ᠢ᠋ᠶ᠋ᠡᠨ ᠦᠯᠦ ᠮᠡᠳᠡᠨ᠎ᠡ᠃ ᠨᠢᠭᠡ ᠬᠥᠮᠦᠨ ᠣᠶᠤᠨᠳᠠᠷᠢ ᠶ᠋ᠢᠨ ᠴᠡᠭᠡᠵᠢ ᠶ᠋ᠢ ᠲᠠᠩᠨᠠᠨ ᠤᠨᠠᠭᠰᠠᠨ ᠢ᠋ ᠨᠢ ᠭᠡᠳᠡᠷᠭᠦ ᠲᠡᠳᠡᠨ ᠥᠨᠳᠡᠢᠯᠭᠡᠵᠦ ᠭᠠᠷ ᠲᠤ ᠠᠳᠬᠤᠭᠠᠰᠤᠲᠠᠢ ᠬᠠᠳᠠᠭ ᠢ᠋ ᠠᠪᠤᠨ ᠣᠶᠤᠨᠳᠠᠷᠢ ᠶ᠋ᠢᠨ ᠲᠣᠯᠣᠭᠠᠢ ᠶ᠋ᠢ ᠳᠠᠬᠢᠨ ᠪᠦᠲᠡᠭᠡᠯᠡ᠃ ᠡᠷᠭᠢᠵᠦ ᠬᠠᠷᠠᠪᠠᠯ ᠬᠥᠲᠥᠴᠢ ᠲᠦᠪᠰᠢᠨ᠂ ᠲᠦᠪᠰᠢᠨ ᠦ᠌ ᠠᠷᠤ ᠳ᠋ᠤ᠌ ᠪᠡᠶ᠎ᠡ ᠮᠢᠬᠠᠯᠢᠭ ᠪᠣᠯᠪᠠᠴᠤ ᠰᠢᠨᠵᠢ ᠲᠥᠷᠬᠦ ᠪᠡᠷ ᠢ᠋ᠶ᠋ᠡᠨ ᠣᠶᠤᠨᠳᠠᠷᠢ ᠲᠠᠢ ᠲᠥᠰᠲᠡᠢ ᠨᠢᠭᠡ ᠠᠪᠠᠭᠠᠢ ᠴᠠᠪᠴᠢᠯᠭ᠎ᠠ ᠦᠭᠡᠢ ᠨᠢᠳᠦ ᠪᠡᠷ ᠭᠥᠯᠢᠷᠡᠨ ᠰᠢᠷᠳᠡᠨ᠎ᠡ᠃ ᠲᠡᠭᠦᠨ ᠦ᠌ ᠳᠡᠭᠡᠳᠦ ᠲᠠᠯ᠎ᠠ ᠳ᠋ᠤ᠌ ᠭᠡᠷ ᠦ᠋ᠨ ᠬᠣᠢᠮᠣᠷ ᠲᠠᠪᠢ ᠣᠷᠴᠢᠮ ᠨᠠᠰᠤᠨ ᠤ᠋ ᠡᠷ᠎ᠡ ᠲᠣᠯᠣᠭᠠᠢ ᠤᠨᠵᠢᠭᠤᠯᠤᠨ ᠭᠠᠵᠠᠷ ᠰᠢᠷᠲᠡᠨ᠎ᠡ᠃ ᠡᠳᠡᠭᠡᠷ ᠦ᠋ᠨ ᠬᠡᠨ ᠪᠣᠯᠬᠤ ᠶ᠋ᠢ ᠪᠠᠯᠳᠠᠨᠴᠡᠷᠢᠩ ᠳᠣᠲᠣᠷ᠎ᠠ ᠪᠠᠨ ᠲᠠᠭᠠᠪᠤᠷᠢᠯᠠᠨ ᠮᠡᠳᠡᠪᠡ᠃ ᠭᠡᠪᠡᠴᠦ ᠬᠡᠯᠡᠬᠦ ᠶᠠᠷᠢᠬᠤ ᠶᠠᠭᠤᠮ᠎ᠠ ᠠᠯᠠᠭ᠎ᠠ᠃ ᠲᠣᠯᠣᠭᠠᠢ ᠪᠠᠨ ᠥᠨᠳᠡᠢᠯᠭᠡᠨ ᠡᠷᠭᠢᠵᠦ ᠬᠠᠷᠠᠪᠠᠯ ᠠᠷᠤ ᠳ᠋ᠤᠨᠢ ᠨᠢᠭᠡ ᠠᠪᠠᠭᠠᠢ《ᠥᠨᠥᠬᠢ ᠨᠢ ᠮᠥᠨ ᠤᠤ?》 ᠭᠡᠵᠦ ᠬᠡᠨ ᠨᠢᠭᠡᠨ ᠡᠴᠡ ᠠᠰᠠᠭᠤᠬᠤ ᠨᠢ ᠳᠠᠮ ᠲᠣᠮ ᠰᠣᠨᠣᠰᠤᠭᠳᠠᠪᠠ᠃ ᠬᠠᠵᠠᠭᠤ ᠳ᠋ᠤᠨᠢ ᠲᠦᠪᠰᠢᠨ᠄
— ᠮᠥᠨ ᠭᠡᠬᠦ ᠰᠢᠭ ᠪᠣᠯᠤᠯ᠎ᠠ᠃
ᠪᠠᠯᠳᠠᠨᠴᠡᠷᠢᠩ ᠦᠭᠡ ᠳᠠᠭᠤ ᠦᠭᠡᠢ ᠪᠥᠭᠡᠳ ᠡᠭᠦᠳᠡ ᠤᠷᠤᠭᠤ ᠶᠠᠪᠤᠪᠠ᠃ ᠤᠷᠳᠤᠭᠤᠷ ᠨᠢ ᠥᠨᠥ ᠠᠪᠠᠭᠠᠢ ᠣᠷᠣᠵᠤ ᠢᠷᠡᠨ ᠡᠮᠦᠨ᠎ᠡ ᠨᠢ ᠵᠣᠭᠰᠣᠪᠠ᠃ ᠪᠠᠯᠳᠠᠨᠴᠡᠷᠢᠩ ᠢ᠋ ᠦᠵᠡᠨ ᠶᠠᠳᠠᠬᠤ ᠪᠠᠢᠳᠠᠯ ᠢ᠋ᠶ᠋ᠠᠷ ᠰᠢᠷᠳᠡᠭᠰᠡᠨ ᠪᠥᠭᠡᠳ᠄
— ᠴᠢ ᠮᠢᠨᠦ ᠭᠠᠭᠴᠠ ᠥᠬᠢᠨ ᠢ᠋ ᠮᠢᠨᠢ ᠠᠯᠠᠭᠰᠠᠨ ᠭᠡᠵᠦ ᠰᠢᠪᠡᠨᠡᠨ ᠠᠮᠢᠰᠬᠤᠭᠠᠳᠠᠪᠠ᠃
ᠪᠠᠯᠳᠠᠨᠴᠡᠷᠢᠩ ᠭᠠᠢᠬᠠᠯ᠎ᠠ᠃ ᠪᠢ ᠪᠤᠷᠤᠭᠤ ᠳᠤᠭᠤᠯᠪᠠ ᠤᠤ ᠭᠡᠬᠦ ᠳ᠋ᠡᠭᠡᠨ᠄
— ᠲᠠ ᠶᠠᠭᠤ ᠬᠡᠯᠡᠨ᠎ᠡ ᠪᠣᠢ? ᠶᠠᠭᠠᠬᠢᠭᠠᠳ ᠲᠠ ᠨᠠᠳᠠ ᠡᠢᠮᠦ ᠦᠭᠡ ᠬᠡᠯᠡᠨ᠎ᠡ ᠪᠣᠢ? ᠭᠡᠳ ᠬᠣᠢᠰᠢ ᠤᠬᠤᠷᠢᠪᠠ᠃
ᠠᠪᠠᠭᠠᠢ ᠨᠢᠭᠤᠷ ᠢ᠋ᠶ᠋ᠠᠨ ᠳᠠᠷᠤᠨ ᠮᠡᠭᠰᠢᠨ ᠢᠩᠭᠢᠨᠡᠪᠡ᠃
— ᠶᠠᠭᠠᠬᠢᠭᠠᠳ ᠪᠢ ᠠᠯᠠᠭᠰᠠᠨ ᠪᠠᠢᠬᠤ ᠶᠤᠮ ᠪᠣᠢ? ᠭᠡᠵᠦ ᠡᠴᠢᠭᠡ ᠡᠴᠡ ᠨᠢ ᠠᠰᠠᠭᠤᠪᠠ᠃
ᠡᠴᠢᠭᠡ ᠳᠠᠭᠤ ᠦᠭᠡᠢ ᠲᠣᠯᠣᠭᠠᠢ ᠤᠨᠠᠭᠠᠨ ᠳᠣᠷᠣᠭᠰᠢ ᠰᠢᠷᠲᠡᠭᠰᠡᠨ ᠢ᠋ᠶ᠋ᠡᠨ ᠴᠦ᠍ ᠡᠰᠡ ᠥᠭᠡᠷᠡᠴᠢᠯᠡᠪᠡ᠃ ᠭᠡᠲᠡᠯ᠎ᠡ ᠲᠦᠪᠰᠢᠨ᠄
— ᠦᠭᠡᠢ᠂ ᠬᠦᠦ ᠮᠢᠨᠢ᠂ ᠥᠴᠥᠭᠡᠳᠦᠷ ᠡᠨᠡ ᠪᠤᠷᠬᠠᠨ ᠪᠣᠯᠤᠭᠴᠢ ᠴᠢᠨᠢ ᠲᠠᠨ ᠤ᠋ ᠳ᠋ᠤ᠌ ᠣᠴᠢᠭᠰᠠᠨ ᠰᠢᠦ ᠳᠡ ᠭᠡᠪᠡ᠃ ᠪᠠᠯᠳᠠᠨᠴᠡᠷᠢᠩ ᠣᠶᠤᠨᠳᠠᠷᠢ ᠶ᠋ᠢᠨ ᠲᠡᠷᠭᠡᠨ ᠳ᠋ᠦ᠍ ᠠᠩᠬ᠎ᠠ ᠰᠠᠭᠤᠨ ᠲᠠᠨᠢᠯᠴᠠᠭᠰᠠᠨ ᠠ᠋ᠴᠠ ᠠᠪᠤᠭᠠᠳ ᠡᠳᠦᠢ ᠬᠦᠷᠲᠡᠯ᠎ᠡ ᠪᠤᠰᠤᠳ ᠤ᠋ᠨ ᠬᠠᠰᠢᠶ᠎ᠠ ᠶ᠋ᠢ ᠥᠪᠡᠷ ᠦ᠋ᠨ ᠪᠣᠯᠭᠠᠨ ᠦᠨᠡᠮᠰᠢᠭᠦᠯᠦᠭᠰᠡᠭᠡᠷ ᠢᠷᠡᠭᠰᠡᠨ ᠨᠢ ᠰᠠᠨᠠᠭᠳᠠᠨ ᠭᠣᠣᠯ ᠨᠢ ᠬᠠᠷᠠᠯᠠᠪᠠ᠃
— ᠥᠴᠥᠭᠡᠳᠦᠷ ᠬᠡᠳᠦᠢ ᠳ᠋ᠦ᠍ ᠪᠣᠢ? ᠭᠡᠬᠦ ᠳ᠋ᠦ᠍ ᠲᠦᠪᠰᠢᠨ᠄
— ᠠ᠋ ᠬᠠᠷᠠᠯ᠎ᠠ! ᠴᠢ ᠭᠡᠷ ᠲᠡᠭᠡᠨ ᠪᠠᠢᠭ᠎ᠠ ᠦᠭᠡᠢ ᠶᠦᠮ ᠰᠠᠨ ᠤᠤ? ᠭᠡᠵᠦ ᠨᠢᠳᠦ ᠪᠡᠨ ᠲᠣᠮᠣ ᠪᠣᠯᠭᠠᠨ ᠨᠢᠭᠤᠷ ᠢ᠋ ᠨᠢ ᠰᠢᠷᠲᠡᠭᠡᠳ᠄
— ᠦᠳᠡ ᠡᠴᠡ ᠬᠣᠢᠰᠢᠳᠠ ᠪᠠᠨ ᠭᠡᠵᠦ ᠲᠦᠪᠰᠢᠨ ᠬᠡᠯᠡᠲᠡᠯ᠎ᠡ᠂
— ᠠ᠋ ᠴᠠᠪᠠᠰᠤ! ᠭᠡᠵᠦ ᠪᠠᠯᠳᠠᠨᠴᠡᠷᠢᠩ ᠳᠠᠭᠤ ᠠᠯᠳᠠᠪᠠ᠃ ᠦᠭᠡᠢ ᠶᠠᠭᠠᠬᠢᠬᠤ ᠭᠡᠵᠦ ᠮᠠᠨ ᠤ᠋ ᠬᠢ ᠤᠷᠤᠭᠤ ᠶᠠᠪᠤᠭᠰᠠᠨ ᠶᠤᠮ ᠪᠣᠢ?
— ᠣᠳᠣ ᠪᠦᠦ ᠮᠡᠳᠡ ᠳᠠ᠂ ᠪᠣᠭᠳᠠ ᠠ᠋ᠴᠠ ᠨᠢᠭᠡ ᠨᠣᠶᠠᠨ ᠤ᠋ ᠬᠦᠦ ᠲᠡᠢ ᠰᠠᠭᠤᠯᠭᠠᠬᠤ ᠭᠡᠰᠡᠨ ᠵᠠᠷᠯᠢᠭ ᠢ᠋ ᠬᠦᠷᠲᠡᠭᠡᠭᠰᠡᠨ ᠦ᠌ ᠪᠡᠨ ᠳᠠᠷᠠᠭ᠎ᠠ ᠯᠠ ᠴᠢᠮ᠎ᠠ ᠤᠷᠤᠭᠤ ᠶᠠᠪᠤᠬᠤ ᠪᠣᠯᠤᠭᠰᠠᠨ ᠶᠤᠮ᠂ ᠪᠣᠳᠣᠪᠠᠯ ᠬᠥᠭᠡᠷᠦᠬᠦᠢ ᠮᠢᠨᠢ ᠴᠣᠬᠣᠮ ᠪᠠᠢᠵᠤ ᠶᠠᠳᠠᠬᠤ ᠳ᠋ᠠᠭᠠᠨ ᠯᠠ ᠲᠡᠷᠡ ᠪᠠᠢᠭ᠎ᠠ᠃
ᠪᠠᠯᠳᠠᠨᠴᠡᠷᠢᠩ ᠰᠣᠢᠪᠣᠨ ᠯᠠᠮᠠ ᠶ᠋ᠢᠨ ᠰᠡᠳᠬᠢᠯ ᠵᠣᠪᠠᠭᠤᠷᠢᠲᠠᠢ ᠶᠠᠷᠢᠵᠤ ᠪᠠᠢᠭᠰᠠᠨ ᠶᠠᠷᠢᠶᠠᠨ ᠢ᠋ ᠰᠠᠨᠠᠪᠠ᠃ ᠤᠬᠠᠭᠠᠨ ᠨᠢ ᠰᠢᠨ᠎ᠡ ᠪᠡᠷ ᠪᠠᠯᠠᠷᠳᠠᠨ ᠶᠠᠭᠤ ᠶᠠᠭᠤ ᠦᠭᠡᠢ ᠤᠨᠠᠮᠠᠷ ᠪᠣᠯᠵᠤ ᠢᠷᠡᠬᠦ ᠳ᠋ᠦ᠍᠂ ᠭᠠᠷ ᠢ᠋ᠶ᠋ᠠᠨ ᠳᠡᠭᠡᠭᠰᠢ ᠡᠷᠭᠦᠨ ᠭᠡᠷ ᠦ᠋ᠨ ᠣᠨᠢ ᠶ᠋ᠢᠨ ᠨᠢᠭᠡ ᠶ᠋ᠢ ᠠᠳᠬᠤᠨ ᠠᠪᠤᠯ᠎ᠠ᠃ ᠰᠡᠳᠬᠢᠯ ᠳ᠋ᠦ᠍ᠨᠢ《ᠪᠣᠭᠳᠠ ᠠᠯᠠᠵᠠᠢ》 ᠭᠡᠳᠡᠭ ᠨᠢᠭᠡ ᠪᠣᠳᠣᠯ ᠣᠷᠣᠵᠤ ᠢᠷᠡᠭᠰᠡᠨ ᠪᠥᠭᠡᠳ ᠲᠡᠭᠦᠨ ᠢ᠋ᠶ᠋ᠡᠨ ᠪᠠᠷᠢᠵᠤ ᠦᠯᠦ ᠴᠢᠳᠠᠬᠤ ᠠᠵᠢ᠃
— ᠪᠢ ᠪᠢᠰᠢ᠂ ᠪᠣᠭᠳᠠ! ᠪᠣᠭᠳᠠ ᠠᠮᠠᠷᠠᠭ ᠢ᠋ ᠮᠢᠨᠢ ᠠᠯᠠᠵᠠᠢ ᠭᠡᠵᠦ ᠠᠮᠠᠨ ᠠ᠋ᠴᠠ ᠪᠠᠨ ᠭᠠᠷᠭᠠᠨ ᠬᠡᠯᠡᠵᠦ ᠣᠷᠬᠢᠪᠠ᠃ ᠲᠡᠨᠳᠡᠬᠢ ᠬᠥᠮᠦᠰ ᠰᠣᠴᠢᠵᠤ《ᠨᠡᠭᠡᠷᠡᠨ ᠲᠡᠢᠮᠦ!》 ᠭᠡᠬᠦ ᠮᠡᠲᠦ ᠪᠠᠯᠳᠠᠨᠴᠡᠷᠢᠩ ᠢ᠋ ᠬᠠᠷᠠᠪᠠ᠃ ᠳᠠᠷᠠᠭ᠎ᠠ ᠨᠢ ᠲᠡᠳᠡ᠄《ᠢᠩᠭᠢᠵᠦ ᠬᠡᠯᠡᠵᠦ ᠶᠠᠭᠠᠬᠢᠨ ᠪᠣᠯᠬᠤ ᠪᠢᠯᠡ?》 ᠭᠡᠬᠦ ᠪᠠᠢᠳᠠᠯ ᠢ᠋ᠶ᠋ᠠᠷ ᠪᠡᠶ᠎ᠡ ᠪᠡᠶ᠎ᠡ ᠪᠡᠨ ᠬᠠᠷᠠᠵᠠᠭᠠᠨ᠎ᠠ᠃ ᠳᠤᠮᠳᠠ ᠨᠢ ᠲᠡᠷᠡ ᠡᠬᠡ ᠤᠬᠠᠭᠠᠨ ᠦᠭᠡᠢ ᠪᠣᠯᠲᠠᠯ᠎ᠠ ᠪᠠᠨ ᠠᠶᠤᠬᠤ ᠪᠣᠯᠤᠯᠲᠠᠢ᠂ ᠴᠢᠷᠠᠢ ᠨᠢ ᠴᠠᠢᠷᠠᠨ ᠪᠠᠯᠳᠠᠨᠴᠡᠷᠢᠩ ᠦ᠋ᠨ ᠵᠠᠮ ᠢ᠋ ᠲᠠᠭᠯᠠᠨ ᠵᠣᠭᠰᠣᠵᠤ ᠪᠠᠢᠭᠰᠠᠨ ᠠ᠋ᠴᠠ ᠪᠠᠨ ᠬᠣᠢᠰᠢ ᠤᠬᠤᠷᠢᠪᠠ᠃ ᠭᠡᠪᠡᠴᠦ ᠪᠠᠯᠳᠠᠨᠴᠡᠷᠢᠩ ᠦ᠋ᠨ ᠭᠠᠷᠬᠤ ᠭᠡᠬᠦ ᠳ᠋ᠦ᠍ᠨᠢ ᠠᠷᠤ ᠠ᠋ᠴᠠ ᠨᠢ ᠲᠡᠳᠡᠨ᠄《 ᠡᠪᠡᠢ ᠮᠢᠨᠢ!》 ᠭᠡᠵᠦ ᠥᠪᠡᠷ ᠲᠡᠭᠡᠨ ᠥᠭᠦᠯᠡᠭᠡᠳ ᠳᠠᠷᠠᠭ᠎ᠠ ᠨᠢ᠄
— ᠥᠬᠢᠨ ᠲᠠ ᠬᠣᠶᠠᠷ ᠦᠨᠡᠬᠡᠷ ᠰᠡᠳᠬᠢᠯᠲᠡᠢ ᠪᠠᠢᠭᠰᠠᠨ ᠤᠤ? ᠭᠡᠵᠦ ᠰᠢᠪᠡᠨᠡᠪᠡ᠃
— ᠲᠡᠢᠮᠦ ᠠ᠋᠂ ᠴᠢᠩ ᠰᠡᠳᠬᠢᠯ ᠡᠴᠡ ᠪᠡᠨ ᠰᠡᠳᠬᠢᠯ ᠲᠡᠢ ᠪᠠᠢᠭᠰᠠᠨ᠃
— ᠡᠪᠡᠢ ᠮᠢᠨᠢ᠂ ᠴᠢ ᠲᠡᠭᠦᠨ ᠢ᠋ ᠮᠢᠨᠢ ᠦᠨᠦᠰᠴᠦ ᠪᠠᠢᠭᠰᠠᠨ ᠤᠤ ᠭᠡᠵᠦ ᠴᠢᠬᠢᠨ ᠳ᠋ᠦ᠍ ᠣᠢᠷᠠᠲᠤᠨ ᠰᠢᠪᠡᠨᠡᠪᠡ᠃
— ᠦᠨᠦᠰᠴᠦ ᠪᠠᠢᠭᠰᠠᠨ ᠭᠡᠬᠦ ᠳ᠋ᠦ᠍᠄
— ᠲᠡᠭᠡᠪᠡᠯ ᠪᠢᠳᠡ ᠴᠥᠮ ᠬᠤᠪᠢ ᠵᠠᠶᠠᠭ᠎ᠠ ᠦᠭᠡᠢ ᠤᠯᠤᠰ ᠶᠤᠮ ᠳᠠ ᠭᠡᠳ ᠠᠪᠠᠭᠠᠢ ᠨᠢᠳᠦ ᠪᠡᠨ ᠠᠨᠢᠨ ᠭᠤᠢᠪᠢᠭᠠᠨᠠᠨᠠ᠃
— ᠲᠡᠢᠮᠦ ᠠ᠋᠂ ᠪᠢᠳᠡ ᠴᠥᠮ ᠬᠤᠪᠢ ᠵᠠᠶᠠᠭ᠎ᠠ ᠦᠭᠡᠢ ᠤᠯᠤᠰ ᠭᠡᠳ ᠪᠠᠯᠳᠠᠨᠴᠡᠷᠢᠩ ᠭᠡᠷ ᠡᠴᠡ ᠭᠠᠷᠪᠠ᠃ ᠭᠠᠳᠠᠨ᠎ᠠ ᠲᠠᠭ ᠬᠠᠷᠠᠩᠭᠤᠢ ᠰᠥᠨᠢ ᠪᠣᠯᠤᠭᠰᠠᠨ ᠪᠠᠢᠯ᠎ᠠ᠃ ᠠᠷᠤ ᠠ᠋ᠴᠠ ᠨᠢ ᠨᠢᠭᠡ ᠬᠥᠮᠦᠨ ᠳ᠋ᠡᠭᠡᠨ ᠭᠠᠷᠴᠤ ᠢᠷᠡᠭᠰᠡᠨ ᠨᠢ ᠮᠥᠨ ᠯᠡ ᠡᠬᠡ᠄
— ᠢᠷᠡᠵᠦ ᠪᠠᠢᠭᠠᠷᠠᠢ! ᠢᠷᠡᠵᠦ ᠪᠠᠢᠭᠠᠷᠠᠢ ᠡᠳᠦᠷ ᠪᠦᠷᠢ ᠢᠷᠡᠵᠦ ᠡᠭᠦᠷᠢᠳᠡ ᠬᠠᠷᠠᠯᠠᠬᠤ ᠭᠣᠣᠯᠲᠤ ᠵᠢᠷᠦᠬᠡ ᠶ᠋ᠢ ᠮᠢᠨᠢ ᠵᠣᠬᠢᠶᠠᠵᠤ ᠪᠠᠢᠭᠠᠷᠠᠢ! ᠭᠡᠵᠦ ᠬᠠᠷᠠᠩᠭᠤᠢ ᠶ᠋ᠢᠨ ᠳᠤᠮᠳᠠ ᠰᠢᠪᠡᠨᠡᠨ ᠢᠩᠭᠢᠨᠡᠨ ᠤᠬᠢᠯᠠᠭᠰᠠᠭᠠᠷ ᠦᠯᠡᠳᠡᠪᠡ᠃
ᠦᠰᠦᠭ ᠠᠮᠢᠯᠠᠭᠤᠯᠤᠭᠰᠠᠨ ᠨᠢ᠄ ᠪᠠᠭᠠᠲᠤᠷ