ᠠᠵᠢᠷᠭᠠᠨ ᠤ᠋ ᠳᠡᠯ ᠢ᠋ ᠠᠪᠳᠠᠭ ᠦᠭᠡᠢ ᠪᠣᠯᠤᠭᠰᠠᠨ ᠤ᠋ ᠤᠴᠢᠷAzargany deliig avdaggüi bolsny uchir Азарганы дэлийг авдаггүй болсны учир
ᠠᠵᠢᠷᠭᠠᠨ ᠤ᠋ ᠳᠡᠯ ᠢ᠋ ᠠᠪᠳᠠᠭ ᠦᠭᠡᠢ ᠪᠣᠯᠤᠭᠰᠠᠨ ᠤ᠋ ᠤᠴᠢᠷ
ᠮᠣᠩᠭᠣᠯ ᠠᠷᠠᠳ ᠤ᠋ᠨ ᠳᠣᠮᠣᠭ
ᠡᠷᠲᠡ ᠤᠷᠢᠳᠤ ᠴᠠᠭ ᠲᠤ᠌ ᠣᠯᠠᠨ ᠠᠳᠤᠭᠤ ᠲᠠᠢ᠂ ᠬᠢᠯᠢᠩ ᠬᠠᠷ᠎ᠠ ᠠᠵᠢᠷᠭ᠎ᠠ ᠲᠠᠢ ᠨᠢᠭᠡᠨ ᠠᠳᠤᠭᠤᠴᠢᠨ ᠡᠷ᠎ᠡ ᠪᠠᠢᠵᠠᠢ᠃ ᠥᠷᠯᠥᠭᠡ ᠪᠦᠷᠢ ᠠᠳᠤᠭᠤᠨ ᠰᠦᠷᠦᠭ ᠢ᠋ᠶ᠋ᠡᠨ ᠬᠤᠷᠢᠶᠠᠵᠤ ᠪᠦᠷᠢᠳᠬᠡᠳᠡᠭ ᠪᠠᠢᠯ᠎ᠠ᠃
ᠨᠢᠭᠡᠨ ᠥᠷᠯᠥᠭᠡ ᠡᠷᠲᠡᠯᠡᠨ ᠳᠠᠪᠬᠢᠵᠤ ᠣᠴᠢᠪᠠᠯ᠂ ᠠᠳᠤᠭᠤᠨ ᠤ᠋ ᠬᠢᠨᠢ ᠪᠡᠯᠴᠢᠭᠡᠷ ᠲᠦ᠍᠂ ᠨᠢᠭᠡᠨ ᠰᠠᠭᠠᠷᠠᠯ ᠴᠢᠨᠣ᠎ᠠ ᠦᠬᠦᠴᠢᠬᠡᠭᠰᠡᠨ ᠬᠡᠪᠲᠡᠵᠦ ᠪᠠᠢᠨ᠎ᠠ ᠭᠡᠨ᠎ᠡ᠃ ᠮᠠᠨᠢ ᠡᠷ᠎ᠡ ᠤᠴᠢᠷ ᠢ᠋ ᠡᠰᠡ ᠣᠯᠤᠭᠰᠠᠨ ᠴᠤ᠌ ᠥᠨᠥᠬᠢ ᠴᠢᠨᠣ᠎ᠠ ᠶ᠋ᠢ ᠭᠠᠨᠵᠤᠭᠠᠯᠠᠭᠠᠳ ᠬᠠᠷᠢᠵᠠᠢ᠃ ᠮᠠᠷᠭᠠᠰᠢ ᠥᠷᠯᠥᠭᠡ ᠨᠢ ᠢᠷᠡᠬᠦ ᠳ᠋ᠦ᠍ ᠂ ᠳᠠᠬᠢᠨ ᠨᠢᠭᠡ ᠴᠢᠨᠣ᠎ᠠ ᠦᠬᠦᠭᠰᠡᠨ ᠪᠠᠢᠬᠤ ᠶ᠋ᠢ ᠬᠠᠷᠠᠭᠠᠳ ᠶᠡᠬᠡᠳᠡ ᠭᠠᠢᠬᠠᠵᠤ᠂ ᠴᠣᠬᠣᠮ ᠶᠠᠮᠠᠷ ᠠᠮᠢᠲᠠᠨ ᠢᠩᠭᠢᠵᠦ ᠴᠢᠨᠣ᠎ᠠ ᠶ᠋ᠢ ᠪᠠᠷᠢᠭᠠᠳ ᠪᠠᠢᠭ᠎ᠠ ᠤᠴᠢᠷ ᠢ᠋ ᠣᠯᠬᠤ ᠪᠠᠷ ᠠᠳᠤᠭᠤ ᠪᠠᠨ ᠮᠠᠨᠠᠵᠤ ᠬᠣᠨᠣᠵᠠᠢ᠃ ᠲᠡᠭᠡᠲᠡᠯ᠎ᠡ ᠦᠷ ᠦ᠋ᠨ ᠴᠠᠭᠠᠨ ᠭᠡᠭᠡᠨ ᠢ᠋ᠶ᠋ᠡᠷ ᠬᠡᠳᠦᠨ ᠴᠢᠨᠣ᠎ᠠ ᠠᠳᠤᠭᠤ ᠤᠷᠤᠭᠤ ᠨᠢ ᠣᠢᠷᠠᠲᠤᠵᠤ ᠢᠷᠡᠬᠦ ᠳ᠋ᠦ᠍᠂ ᠬᠢᠯᠢᠩ ᠬᠠᠷ᠎ᠠ ᠠᠵᠢᠷᠭ᠎ᠠ ᠨᠢ ᠠᠳᠤᠭᠤ ᠪᠠᠨ ᠬᠠᠩᠭᠢᠨᠠᠲᠠᠯ᠎ᠠ ᠬᠤᠷᠢᠶᠠᠭᠠᠳ᠂ ᠥᠨᠥᠬᠢ ᠴᠢᠨᠣ᠎ᠠ ᠨᠤᠭᠤᠳ ᠲᠠᠢ ᠦᠵᠡᠯᠴᠡᠵᠦ ᠪᠠᠢᠨ᠎ᠠ ᠭᠡᠨ᠎ᠡ᠃ ᠲᠡᠭᠡᠬᠦ ᠳ᠋ᠡᠭᠡᠨ ᠰᠡᠷᠪᠡᠭᠡᠨ ᠳᠡᠭᠡᠷ᠎ᠡ ᠨᠢ ᠬᠠᠷᠠᠢᠨ ᠭᠠᠷᠤᠭᠰᠠᠨ ᠴᠢᠨᠣ᠎ᠠ ᠶ᠋ᠢ ᠤᠷᠲᠤ ᠳᠡᠯ ᠳ᠋ᠡᠭᠡᠨ ᠣᠷᠢᠶᠠᠴᠠᠯᠳᠤᠭᠤᠯᠤᠨ ᠭᠠᠵᠠᠷ ᠰᠠᠪᠠᠵᠤ ᠠᠯᠠᠬᠤ ᠶ᠋ᠢ ᠬᠠᠷᠠᠵᠠᠢ᠃ ᠠᠳᠤᠭᠤᠴᠢᠨ ᠡᠷ᠎ᠡ ᠳᠠᠬᠢᠨ ᠨᠢᠭᠡ ᠴᠢᠨᠣ᠎ᠠ ᠭᠠᠨᠵᠤᠭᠠᠯᠠᠭᠠᠳ ᠠᠳᠤᠭᠤ ᠪᠠᠨ ᠳᠠᠭᠤᠨ ᠭᠡᠷ ᠲᠡᠭᠡᠨ ᠬᠠᠷᠢᠵᠠᠢ ᠭᠡᠨ᠎ᠡ᠃ ᠲᠡᠷᠡ ᠡᠷ᠎ᠡ ᠴᠢᠨᠣ᠎ᠠ ᠶ᠋ᠢᠨ ᠠᠪᠠ ᠳ᠋ᠤ᠌ ᠰᠡᠳᠬᠢᠯ ᠨᠢ ᠰᠢᠨᠤᠵᠤ ᠡᠢᠨᠬᠦ ᠪᠣᠳᠣᠵᠠᠢ᠄《ᠴᠢᠨᠣ᠎ᠠ ᠠᠪᠠᠯᠠᠬᠤ ᠳ᠋ᠤ᠌ ᠠᠵᠢᠷᠭᠠᠨ ᠤ᠋ ᠮᠢᠨᠢ ᠳᠡᠯ ᠨᠢ ᠰᠠᠭᠠᠳ ᠪᠣᠯᠤᠭᠠᠳ ᠪᠠᠢᠳᠠᠭ ᠶᠤᠮ ᠪᠠᠢᠨ᠎ᠠ᠂ ᠳᠡᠯ ᠢ᠋ ᠨᠢ ᠳᠠᠭᠠᠷᠢᠵᠤ ᠠᠪᠬᠤ ᠬᠡᠷᠡᠭᠲᠡᠢ᠂ ᠲᠡᠭᠡᠪᠡᠯ ᠬᠠᠷ᠎ᠠ ᠠᠵᠢᠷᠭ᠎ᠠ ᠮᠢᠨᠢ ᠴᠢᠨᠣ᠎ᠠ ᠨᠤᠭᠤᠳ ᠢ᠋ ᠪᠥᠭᠡᠮ ᠪᠥᠭᠡᠮ ᠢ᠋ᠶ᠋ᠡᠷ ᠨᠢ ᠪᠠᠷᠢᠬᠤ ᠶᠤᠮ ᠪᠠᠢᠨ᠎ᠠ᠃》 ᠭᠡᠮᠡᠨ ᠰᠡᠳᠬᠢᠵᠡᠢ᠃ ᠲᠡᠭᠡᠭᠡᠳ ᠠᠵᠢᠷᠭ᠎ᠠ ᠪᠠᠨ ᠪᠠᠷᠢᠵᠤ ᠠᠪᠤᠭᠠᠳ ᠳᠡᠯ ᠢ᠋ ᠨᠢ ᠳᠠᠭᠠᠷᠢᠴᠢᠬᠠᠭᠠᠳ ᠠᠳᠤᠭᠤᠨ ᠳ᠋ᠤᠨᠢ ᠪᠤᠴᠠᠭᠠᠨ ᠲᠠᠯᠪᠢᠵᠠᠢ᠃ ᠬᠠᠷ᠎ᠠ ᠠᠵᠢᠷᠭ᠎ᠠ ᠮᠢᠨᠢ ᠬᠡᠳᠦᠨ ᠴᠢᠨᠣ᠎ᠠ ᠪᠠᠷᠢᠭᠰᠠᠨ ᠪᠣᠯ ᠠ᠋! ᠭᠡᠵᠦ ᠪᠣᠳᠣᠬᠤ ᠠ᠋ᠴᠠ ᠨᠣᠢᠷ ᠨᠢ ᠬᠤᠯᠵᠢᠭᠰᠠᠨ ᠵᠠᠯᠠᠭᠤ ᠂ ᠥᠷᠯᠥᠭᠡ ᠡᠷᠲᠡᠯᠡᠨ ᠪᠣᠰᠴᠤ ᠠᠳᠤᠭᠤᠨ ᠳᠡᠭᠡᠷ᠎ᠡ ᠪᠡᠨ ᠳᠠᠪᠬᠢᠨ ᠬᠦᠷᠪᠡᠯ ᠂ ᠬᠢᠯᠢᠩ ᠬᠠᠷ᠎ᠠ ᠠᠵᠢᠷᠭᠠᠨ ᠤ᠋ ᠬᠢᠨᠢ ᠰᠡᠷᠪᠡᠭᠡᠨ ᠳ᠋ᠦ᠍ ᠴᠢᠨᠣ᠎ᠠ ᠶ᠋ᠢᠨ ᠰᠣᠶᠣᠭ᠎ᠠ ᠨᠡᠪᠲᠡ ᠣᠷᠣᠵᠤ ᠂ ᠤᠯᠠᠮ ᠢ᠋ᠶ᠋ᠠᠷ ᠠᠵᠢᠷᠭ᠎ᠠ ᠨᠢ ᠦᠬᠦᠴᠢᠬᠡᠭᠰᠡᠨ ᠪᠠᠢᠵᠠᠢ᠃ ᠤᠴᠢᠷ ᠨᠢ ᠬᠠᠷ᠎ᠠ ᠠᠵᠢᠷᠭᠠᠨ ᠤ᠋ ᠭᠠᠭᠴᠠ ᠵᠡᠪᠰᠡᠭ ᠨᠢ ᠲᠡᠭᠦᠨ ᠦ᠌ ᠰᠦᠷ ᠵᠢᠪᠬᠤᠯᠠᠩᠲᠤ ᠳᠡᠯ ᠨᠢ ᠪᠠᠢᠭᠰᠠᠨ ᠪᠠ! ᠳᠡᠯ ᠦ᠋ᠨ ᠢ᠋ᠶ᠋ᠡᠨ ᠠᠴᠢ ᠪᠠᠷ ᠬᠡᠭᠡᠷ᠎ᠡ ᠶ᠋ᠢᠨ ᠠᠷᠢᠶᠠᠲᠠᠨ ᠨᠤᠭᠤᠳ ᠠ᠋ᠴᠠ ᠢᠵᠢᠯᠢ ᠰᠦᠷᠦᠭ ᠢ᠋ᠶ᠋ᠡᠨ ᠬᠠᠮᠠᠭᠠᠯᠠᠵᠤ ᠪᠠᠢᠭᠰᠠᠨ ᠪᠠᠢᠵᠠᠢ᠃ ᠡᠨᠡ ᠶᠠᠪᠤᠳᠠᠯ ᠠ᠋ᠴᠠ ᠬᠣᠢᠰᠢ ᠠᠳᠤᠭᠤᠨ ᠰᠦᠷᠦᠭ ᠦ᠋ᠨ ᠮᠠᠩᠯᠠᠢ ᠠᠵᠢᠷᠭᠠᠨ ᠤ᠋ ᠳᠡᠯ ᠢ᠋ ᠠᠪᠬᠤ ᠪᠠᠨ ᠪᠣᠯᠢᠭᠰᠠᠨ ᠭᠡᠳᠡᠭ᠃
ᠦᠰᠦᠭ ᠬᠠᠳᠠᠭᠴᠢ᠄ ᠵᠢᠷᠠᠨᠲᠠᠢ
ᠦᠰᠦᠭ ᠠᠮᠢᠯᠠᠭᠤᠯᠤᠭᠴᠢ᠄ ᠵᠢᠷᠠᠨᠲᠠᠢ
ᠬᠢᠨᠠᠭᠴᠢ᠄ ᠤᠤᠭᠠᠨᠵᠢᠳ
