ᠮᠣᠩᠭᠣᠯ ᠬᠡᠯᠡ ᠮᠢᠨᠢ ᠡᠭᠦᠷᠢᠳᠡ ᠣᠷᠣᠰᠢᠬᠤ ᠪᠣᠯᠲᠤᠭᠠᠢMongol khel mini üürd orshikh boltugaiМонгол хэл минь үүрд орших болтугай ᠲᠣᠷᠭᠠᠨ ᠵᠢᠯᠣᠭᠣ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠣᠩᠭᠣᠯ ᠬᠡᠯᠡ ᠮᠢᠨᠢ ᠡᠭᠦᠷᠢᠳᠡ ᠣᠷᠣᠰᠢᠬᠤ ᠪᠣᠯᠲᠤᠭᠠᠢMongol khel mini üürd orshikh boltugaiМонгол хэл минь үүрд орших болтугай

ᠮᠣᠩᠭᠣᠯ ᠬᠡᠯᠡ ᠮᠢᠨᠢ ᠡᠭᠦᠷᠢᠳᠡ ᠣᠷᠣᠰᠢᠬᠤ ᠪᠣᠯᠲᠤᠭᠠᠢMongol khel mini üürd orshikh boltugaiМонгол хэл минь үүрд орших болтугай

2025-10-09

167

1. ᠨᠤᠮᠤᠴᠢᠨ ᠪᠢᠯᠢᠭ 
ᠮᠣᠩᠭᠣᠯ ᠬᠡᠯᠡ ᠮᠢᠨᠢ ᠡᠭᠦᠷᠢᠳᠡ ᠣᠷᠣᠰᠢᠬᠤ ᠪᠣᠯᠲᠤᠭᠠᠢ!
2. ᠪᠠᠶᠠᠨᠬᠠᠩᠭᠠᠢ 
ᠪᠢ ᠮᠣᠩᠭᠣᠯ ᠬᠥᠮᠦᠨ
ᠥᠰᠴᠦ ᠲᠥᠷᠥᠭᠰᠡᠨ ᠨᠤᠲᠤᠭ ᠮᠢᠨᠢ ᠮᠣᠩᠭᠣᠯ
ᠥᠰᠬᠡᠵᠦ ᠪᠣᠢᠵᠢᠭᠤᠯᠤᠭᠰᠠᠨ ᠠᠪᠤ ᠡᠵᠢ ᠮᠢᠨᠢ ᠮᠣᠩᠭᠣᠯ
ᠥᠭᠦᠯᠡᠵᠦ ᠰᠤᠷᠭᠠᠭᠰᠠᠨ ᠪᠠᠭᠰᠢ ᠮᠢᠨᠢ ᠮᠣᠩᠭᠣᠯ
3.ᠠᠷᠢᠭᠤᠨ ᠴᠠᠭᠠᠨ                            
ᠲᠥᠷᠥ ᠶ᠋ᠢᠨ ᠬᠡᠯᠡ ᠪᠡᠨ ᠰᠤᠷᠬᠤ ᠨᠢ ᠱᠠᠭᠠᠷᠳᠠᠯᠭ᠎ᠠ ᠪᠣᠯᠠᠢ᠂ ᠲᠥᠷᠥᠯᠬᠢ ᠬᠡᠯᠡ ᠪᠡᠨ ᠬᠡᠷᠡᠭᠯᠡᠬᠦ ᠨᠢ ᠴᠢᠨᠠᠷ ᠪᠣᠯᠠᠢ᠃
4. ᠣᠳᠣᠨᠲᠤᠶᠠᠭ᠎ᠠ                                  
ᠪᠤᠶᠠᠨ ᠬᠢᠵᠦ ᠶᠠᠪᠤ! ᠪᠤᠷᠬᠠᠨ ᠴᠢᠮᠠᠶ᠋ᠢ  ᠵᠥᠩᠳᠡᠭᠡᠨ ᠰᠠᠢᠨ ᠬᠥᠮᠦᠰ ᠲᠡᠢ ᠤᠴᠠᠷᠠᠭᠤᠯᠤᠨ᠎ᠠ᠂ 
ᠤᠴᠢᠷ ᠨᠢ ᠲᠠ ᠥᠪᠡᠷ ᠢ᠋ᠶ᠋ᠡᠨ ᠪᠤᠷᠬᠠᠨ ᠰᠢᠭ᠋ ᠬᠥᠮᠦᠨ ᠪᠣᠯᠴᠢᠬᠠᠭᠰᠠᠨ ᠶᠤᠮ ᠴᠢᠨᠢ᠁
ᠥᠪᠡᠷ ᠦ᠋ᠨ ᠶᠠᠭᠤᠮ᠎ᠠ ᠪᠠᠨ ᠥᠪᠡᠷᠲᠡᠭᠡᠨ ᠬᠡᠷᠡᠭᠯᠡᠵᠦ ᠥᠪᠡᠷ ᠢ᠋ᠶ᠋ᠡᠨ ᠥᠮᠴᠢᠯᠡᠵᠦ ᠶᠠᠪᠤ! 
5.  ᠠᠷᠢᠭᠤᠨ
 ᠵᠢᠪᠡ ᠵᠢᠩᠬᠢᠨᠢ ᠡᠷᠬᠡ ᠴᠢᠯᠥᠭᠡ ᠭᠡᠳᠡᠭ ᠦᠨᠡᠨᠳᠡᠭᠡᠨ ᠳᠣᠲᠣᠭᠠᠳᠤ ᠰᠡᠳᠬᠢᠯ ᠦ᠋ᠨ ᠠᠮᠤᠷ ᠠᠮᠤᠭᠤᠯᠠᠩ ᠪᠣᠯᠤᠨ᠎ᠠ᠃
6. ᠠᠶᠣᠷᠽᠠᠨ᠎ᠠ
 ᠥᠪ ᠰᠣᠶᠣᠯ ᠢ᠋ᠶ᠋ᠠᠨ ᠡᠷᠬᠢᠮᠯᠡᠨ ᠳᠡᠭᠡᠳᠦᠯᠡᠵᠦ᠂ ᠦᠰᠦᠭ ᠪᠢᠴᠢᠭ ᠢ᠋ᠶ᠋ᠡᠨ ᠪᠠᠬᠠᠷᠬᠠᠨ ᠪᠢᠴᠢᠭᠯᠡᠵᠦ ᠶᠠᠪᠤᠶ᠎ᠠ ᠮᠣᠩᠭᠣᠯᠴᠤᠳ ᠮᠢᠨᠢ ᠠ᠋!
7. ᠮᠣᠩᠭᠣᠯ ᠰᠦᠨᠡᠰᠦ 
ᠮᠥᠩᠬᠡ ᠲᠩᠷᠢ ᠶ᠋ᠢᠨ ᠳᠣᠣᠷ᠎ᠠ ᠮᠢᠩᠭᠠᠨ ᠮᠢᠩᠭᠠᠨ ᠬᠠᠪᠤᠷ᠂
ᠮᠢᠨᠦ ᠮᠣᠩᠭᠣᠯ ᠤ᠋ᠨ ᠲᠠᠪᠢᠯᠠᠩ ᠥᠨᠢ ᠡᠭᠦᠷᠢᠳᠡ ᠥᠭᠡᠳᠡ!
8. ᠲᠣᠳᠣᠭᠡᠷᠡᠯ 
ᠥᠪ ᠰᠣᠶᠣᠯ ᠦᠭᠡ ᠬᠡᠯᠡ ᠦᠰᠦᠭ ᠪᠢᠴᠢᠭ ᠢ᠋ᠶ᠋ᠡᠨ ᠬᠠᠢᠷᠠᠯᠠᠵᠤ ᠬᠠᠮᠠᠭᠠᠯᠠᠵᠤ ᠬᠥᠭᠵᠢᠭᠦᠯᠵᠦ ᠪᠠᠳᠠᠷᠠᠭᠤᠯᠵᠤ᠂ ᠬᠣᠢᠴᠢᠰ  ᠳ᠋ᠦ᠍  ᠪᠠᠨ ᠦᠯᠡᠳᠡᠭᠡᠵᠦ ᠦᠷᠭᠦᠯᠵᠢᠯᠡᠭᠦᠯᠵᠦ ᠶᠠᠪᠤᠵᠠᠭᠠᠶ᠎ᠠ!
9. ᠲᠦᠮᠡᠨ᠌ᠥ᠌ᠯᠵᠡᠢ 
ᠵᠦᠢᠷ ᠰᠡᠴᠡᠨ ᠦᠭᠡ 
ᠠ ᠠ᠋ ᠦᠰᠦᠭ ᠨᠣᠮ ᠤ᠋ᠨ ᠡᠬᠢ᠂ᠠᠷᠭ᠎ᠠ ᠪᠢᠯᠢᠭ ᠶᠢᠷᠲᠢᠨᠴᠦ ᠶ᠋ᠢᠨ ᠡᠬᠢ᠃
ᠠᠭᠠᠰᠢ ᠶᠡᠬᠡᠳᠪᠡᠯ ᠬᠡᠷᠡᠭᠦᠯ ᠪᠣᠯᠬᠤ᠂ᠨᠠᠷᠠ ᠬᠦᠷᠢᠶᠡᠯᠡᠪᠡᠯ ᠰᠠᠯᠬᠢ ᠪᠣᠯᠬᠤ᠃
ᠠᠷᠢᠬᠢ ᠳᠡᠷᠡᠰᠦᠨ ᠳ᠋ᠦ᠍ ᠪᠤᠤ ᠠᠪᠲᠠ᠂ᠠᠳᠬᠠᠭ ᠰᠡᠳᠬᠢᠯ ᠢ᠋ ᠥᠨᠢ ᠳᠠᠪᠴᠢ᠃
10. ᠠᠯᠲᠠᠨᠴᠢᠮᠡᠭ 
ᠭᠤᠷᠪᠠᠨ ᠳᠡᠭᠡᠷ᠎ᠡ
ᠰᠣᠨᠣᠰᠤᠭᠰᠠᠨ ᠠ᠋ᠴᠠ ᠦᠵᠡᠭᠰᠡᠨ ᠨᠢ ᠳᠡᠭᠡᠷ᠎ᠡ
ᠦᠵᠡᠭᠰᠡᠨ ᠡᠴᠡ ᠬᠢᠭᠰᠡᠨ ᠨᠢ ᠳᠡᠭᠡᠷ᠎ᠡ
ᠰᠠᠭᠤᠭᠰᠠᠨ ᠠ᠋ᠴᠠ ᠶᠠᠪᠤᠭᠰᠠᠨ ᠨᠢ ᠳᠡᠭᠡᠷ᠎ᠡ
11. ᠴᠢ᠊ · ᠤᠷᠠᠨᠴᠡᠴᠡᠭ 
ᠬᠥᠮᠦᠨ ᠶᠡᠷᠦ ᠳ᠋ᠡᠭᠡᠨ ᠦᠷᠭᠦᠯᠵᠢ ᠮᠤᠨᠳᠠᠭ᠂ ᠰᠢᠯᠢᠳᠡᠭ ᠪᠠᠢᠬᠤ ᠠᠯᠪᠠ ᠦᠭᠡᠢ ᠰᠢᠦ ᠳᠡ᠂
ᠬᠠᠷᠢᠨ ᠬᠥᠮᠦᠨ ᠰᠢᠭ ᠬᠥᠮᠦᠨ ᠪᠠᠢᠬᠤ ᠳ᠋ᠤ᠌ ᠯᠠ ᠬᠠᠩᠭᠠᠯᠲᠠᠲᠠᠢ ᠁᠁
12. ᠢᠯᠠᠯᠲᠠ 
ᠬᠥᠮᠦᠨ ᠵᠣᠪᠠᠯᠠᠩ ᠳᠤᠮᠳᠠᠭᠤᠷ ᠵᠣᠷᠢᠭᠲᠠᠢ ᠠᠯᠬᠤᠵᠤ ᠵᠢᠷᠭᠠᠯ ᠳᠤᠮᠳᠠᠭᠤᠷ ᠤᠬᠠᠭᠠᠨᠲᠠᠢ ᠠᠯᠬᠤᠬᠤ ᠬᠡᠷᠡᠭᠲᠡᠢ᠃
13. ᠡᠷᠳᠡᠨᠢᠰᠤᠪᠤᠳ 
ᠠᠭᠤᠯᠠᠨ ᠳ᠋ᠤ᠌ ᠨᠠᠷᠠᠰᠤ ᠨᠣᠭᠣᠭᠠᠨ
ᠤᠰᠤᠨ ᠳ᠋ᠤ᠌ ᠵᠠᠮᠠᠭ ᠨᠣᠭᠣᠭᠠᠨ
14. ᠲᠦᠮᠡᠨᠴᠡᠴᠡᠭ 
ᠶᠡᠬᠡ ᠵᠢᠷᠭᠠᠯ᠂ ᠶᠡᠬᠡ ᠴᠡᠩᠭᠡᠯ᠂ ᠶᠡᠬᠡ ᠰᠢᠨᠤᠯ ᠵᠣᠪᠠᠯᠠᠩ ᠤ᠋ᠨ ᠰᠢᠯᠲᠠᠭᠠᠨ ᠪᠣᠯᠳᠠᠭ᠂ ᠲᠡᠭᠦᠨ ᠳ᠋ᠦ᠍ ᠪᠤᠤ ᠠᠪᠲᠠᠭᠲᠤᠨ᠃
ᠪᠤᠳ᠋ᠳ᠋ᠾᠠ᠂ ᠬᠥᠮᠦᠨ ᠳ᠋ᠦ᠍ ᠲᠤᠰᠠᠯᠠᠬᠤ ᠶ᠋ᠢᠨ ᠲᠤᠯᠠᠳᠠ ᠵᠠᠪᠠᠯ ᠪᠠᠶᠠᠨ᠂ ᠬᠦᠴᠦᠲᠡᠢ ᠪᠠᠢᠬᠤ ᠠᠯᠪᠠ ᠦᠭᠡᠢ᠃ ᠬᠠᠷᠢᠨ ᠬᠥᠮᠦᠨ ᠴᠢᠨᠠᠷ᠂ ᠨᠢᠩᠵᠢᠨ ᠰᠡᠳᠬᠢᠯ ᠲᠡᠢ ᠪᠠᠢᠬᠤ ᠳ᠋ᠤ᠌ ᠯᠠ ᠪᠣᠯᠤᠨ᠎ᠠ᠃
15. ᠪᠠᠶᠠᠷᠲᠤ 
ᠨᠠᠢ᠍ᠮᠠᠨ ᠰᠠᠷ᠎ᠠ ᠶ᠋ᠢᠨ ᠭᠠᠩ ᠨᠢᠭᠡ ᠬᠡᠴᠡᠭᠦᠦ᠂
ᠨᠠᠶᠠᠨ ᠨᠠᠰᠤᠨ ᠤ᠋ ᠵᠣᠪᠠᠯᠠᠩ ᠨᠢᠭᠡ ᠬᠡᠴᠡᠭᠦᠦ᠃
16. ᠢᠯᠠᠯᠲᠠ 
ᠮᠣᠳᠣᠨ ᠠ᠋ᠴᠠ ᠵᠢᠮᠢᠰ ᠬᠦᠯᠢᠶᠡᠵᠦ ᠪᠠᠢᠪᠠᠯ ᠮᠥᠴᠢᠷ ᠢ᠋ ᠨᠢ ᠪᠤᠤ ᠬᠤᠭᠤᠯ ᠬᠥᠮᠦᠨ  ‍ᠦ ᠡᠴᠡ ᠰᠡᠳᠬᠢᠯ ᠬᠦᠯᠢᠶᠡᠵᠦ ᠪᠠᠢᠪᠠᠯ ᠢᠲᠡᠭᠡᠯ ᠢ᠋ ᠨᠢ ᠪᠤᠤ ᠠᠯᠲᠠ᠃
17. ᠨᠠᠪᠴᠢ 
ᠠᠮᠠᠬᠠᠷᠬᠤ᠂ ᠠᠶᠤᠯᠭᠠᠬᠤ᠂  ᠢᠯᠡᠭᠦᠦ(ᠡᠯᠪᠡᠭ ) ᠨᠠᠷᠢᠯᠠᠬᠤ᠂ ᠪᠢᠳ ᠦᠭᠡᠢ᠂ ᠣᠶᠣᠭᠯᠠᠬᠤ᠂ ᠪᠣᠩᠨᠤᠬᠤ᠂ ᠪᠠᠷᠠᠳᠠᠬᠤ᠂ ᠮᠠᠷᠠᠬᠤ᠂ ᠬᠤᠪᠢᠯᠬᠤ᠂ ᠬᠥᠷᠥᠬᠦ᠂ ᠵᠥᠭᠡᠰᠭᠡᠬᠦ ᠭᠢᠷᠠᠩᠬ᠎ᠡ ᠦᠭᠡᠢ᠂ ᠵᠢᠩᠬᠢᠭᠡᠨ ᠳ᠋ᠦ᠍  ᠴᠦ᠍ ᠦᠭᠡᠢ᠂ ᠴᠢᠴᠠᠭ᠎ᠠ᠂ ᠵᠥᠭᠡᠰᠡᠬᠦ᠂ ᠵᠦᠩᠬᠤᠢᠳᠠᠬᠤ᠂ ᠬᠥᠩᠭᠡᠨ᠂ ᠬᠦᠰᠡᠭᠦᠷᠬᠡᠬᠦ᠂ ᠡᠬᠠᠢ᠂ ᠬᠠᠱᠠᠩ᠂ ᠡᠮᠦᠭᠦᠯᠬᠦ᠂ ᠰᠢᠯᠦᠭᠳᠡᠬᠦ᠂ ᠴᠠᠯᠭᠢᠬᠤ᠂ ᠵᠢᠰᠡᠬᠦ᠂ ᠲᠤᠰᠢᠭᠤᠨ᠂ ᠰᠢᠪᠲᠤᠷᠠᠬᠤ᠂ ᠬᠠᠪᠬᠠᠷ᠂ ᠲᠣᠮᠵᠢᠶ᠎ᠠ᠂ ᠠᠭᠠᠯᠵᠢᠩ ᠭᠤᠯᠵᠢᠩ᠂ ᠤᠯᠲᠤᠷᠤᠤ ᠦᠭᠡᠢ᠂  ᠪᠢᠲᠡᠭᠦᠦ ᠁᠁
18. ᠰᠤᠳᠤᠯ 
 ᠠᠵᠠ ᠵᠢᠷᠭᠠᠯ ᠭᠡᠳᠡᠭ ᠪᠣᠯ ᠠᠮᠢᠳᠤᠷᠠᠯ ᠢ᠋ ᠵᠥᠪ ᠥᠨᠴᠥᠭ ᠡᠴᠡ ᠬᠠᠷᠠᠬᠤ ᠣᠶᠤᠨ ᠤᠬᠠᠭᠠᠨ ᠤ᠋ ᠬᠠᠨᠳᠤᠯᠭ᠎ᠠ ᠶᠤᠮ᠃
 19. ᠬᠠᠰᠠᠠᠭᠣᠯᠠ 
ᠭᠠᠵᠠᠷ ᠪᠣᠯᠭᠠᠨ ᠳ᠋ᠤ᠌ ᠰᠦ ᠪᠠᠢᠳᠠᠭ ᠴᠤ᠌᠂ ᠭᠠᠭᠴᠠᠬᠠᠨ ᠮᠣᠩᠭᠣᠯ ᠳ᠋ᠤ᠌ ᠯᠠ ᠥᠷᠥᠮ᠎ᠡ ᠰᠠᠭᠤᠳᠠᠭ᠂ ᠤᠯᠤᠰ ᠪᠣᠯᠭᠠᠨ ᠳ᠋ᠤ᠌ ᠬᠡᠯᠡ ᠪᠠᠢᠳᠠᠭ  ᠴᠤ᠌᠂ ᠣᠨᠴᠠ ᠯᠠ ᠮᠣᠩᠭᠣᠯ ᠳ᠋ᠤ᠌ ᠪᠣᠰᠤᠭ᠎ᠠ ᠪᠢᠴᠢᠭᠳᠡᠳᠡᠭ!  (ᠮᠡᠷᠭᠡᠳ ᠦ᠋ᠨ ᠦᠭᠡ) 
20. ᠬᠡᠷᠡᠢᠳ ᠨᠠᠷᠠᠰᠤ 
ᠠᠷᠠᠳ ᠣᠯᠠᠨ ᠢ᠋ᠶ᠋ᠠᠨ ᠠᠮᠤᠷᠵᠢᠭᠤᠯᠬᠤ ᠠᠷᠠᠳᠴᠢᠯᠠᠯ ᠤ᠋ᠨ ᠭᠦᠷᠦᠨ ᠪᠠᠢᠭᠤᠯᠤᠭᠳᠠᠲᠤᠭᠠᠢ᠂ ᠠᠭᠤᠤ ᠮᠣᠩᠭᠣᠯ ᠤ᠋ᠨ ᠰᠣᠶᠣᠯ ᠨᠢ ᠠᠷᠴᠢᠭᠳᠠᠰᠢ ᠦᠭᠡᠢ ᠦᠷᠭᠦᠯᠵᠢᠯᠡᠲᠦᠭᠡᠢ
ᠲᠦᠮᠡᠨ ᠣᠯᠠᠨ ᠢ᠋ᠶ᠋ᠠᠨ ᠲᠦᠪᠰᠢᠳᠬᠡᠬᠦ ᠲᠥᠷᠥ ᠭᠦᠷᠦᠨ ᠭᠠᠷᠴᠢᠷᠠᠲᠤᠭᠠᠢ ᠲᠦᠮᠡᠨ ᠦᠶ᠎ᠡ ᠶ᠋ᠢᠨ ᠮᠣᠩᠭᠣᠯ ᠰᠣᠶᠣᠯ ᠪᠠᠯᠠᠷᠠᠭᠳᠠᠰᠢ ᠦᠭᠡᠢ ᠪᠠᠳᠠᠷᠠᠲᠤᠭᠠᠢ!
 ᠬᠤᠷᠤᠢ ᠬᠤᠷᠤᠢ ᠬᠤᠷᠤᠢ!
21. ᠠᠯᠲᠠᠨᠴᠢᠮᠡᠭ 
ᠠᠴᠢᠯᠠᠯ ᠵᠢᠷᠤᠮ ᠠᠯᠲᠠ ᠠ᠋ᠴᠠ ᠦᠨᠡᠲᠡᠢ᠃
22. ᠡᠷᠬᠡ 
ᠪᠢ ᠮᠣᠩᠭᠣᠯ ᠳ᠋ᠠᠭᠠᠨ ᠲᠥᠷᠥᠭᠰᠡᠨ᠃
23. ᠪᠠᠶᠠᠰᠤᠯᠳᠤ 
ᠵᠢᠷᠦᠬᠡᠨ ᠳ᠋ᠡᠭᠡᠨ ᠲᠠᠮᠢᠷ ᠲᠠᠢ ᠬᠥᠮᠦᠨ᠂ ᠮᠢᠩᠭᠠᠨ ᠬᠦᠴᠢᠷ ᠢ᠋ ᠲᠤᠭᠤᠯᠵᠤ᠂
ᠵᠢᠭᠦᠷ ᠲᠡᠭᠡᠨ ᠬᠦᠴᠦᠲᠡᠢ᠂ ᠰᠢᠪᠠᠭᠤ ᠮᠢᠩᠭᠠᠨ ᠠᠭᠤᠯᠠ ᠶ᠋ᠢ ᠳᠠᠪᠠᠨ᠎ᠠ᠃
24. ᠠ᠊· ᠰᠠᠷᠠᠨᠭᠡᠷᠡᠯ  
ᠦᠭᠡ ᠬᠡᠯᠡ ᠦᠰᠦᠭ ᠪᠢᠴᠢᠭ ᠢ᠋ᠶ᠋ᠡᠨ ᠦᠷ᠎ᠡ ᠬᠡᠦᠬᠡᠳ ᠲᠡᠭᠡᠨ ᠵᠠᠯᠭᠠᠮᠵᠢᠯᠠᠭᠤᠯᠬᠤ ᠨᠢ ᠡᠴᠢᠭᠡ ᠡᠬᠡ ᠪᠣᠯᠣᠭᠰᠠᠳ ᠤ᠋ᠨ ᠵᠠᠢᠯᠠᠭᠤᠯᠵᠤ ᠪᠣᠯᠣᠰᠢ ᠦᠭᠡᠢ ᠡᠭᠦᠷᠭᠡ ᠬᠠᠷᠢᠭᠤᠴᠠᠯᠭ᠎ᠠ ᠪᠣᠯᠤᠨ᠎ᠠ᠃ ᠥᠭᠡᠷ᠎ᠡ ᠬᠡᠨ ᠳ᠋ᠦ᠍ ᠴᠦ᠍ ᠨᠠᠢᠳᠠᠬᠤ ᠤᠴᠢᠷ ᠪᠠᠢᠬᠤ ᠦᠭᠡᠢ᠃ ᠦᠷ᠎ᠡ ᠬᠡᠦᠬᠡᠳ ᠢ᠋ᠶ᠋ᠡᠨ ᠪᠣᠳᠣᠪᠠᠯ ᠥᠪᠡᠷ ᠦ᠋ᠨ ᠪᠡᠶ᠎ᠡ ᠪᠡᠨ ᠴᠢᠩᠭ᠎ᠠ ᠱᠠᠭᠠᠷᠳᠠ!
25. ᠠᠯᠲᠠᠨᠨᠠᠪᠴᠢ 
ᠥᠭᠭᠦᠭᠰᠡᠨ ᠴᠦ᠍᠂ ᠠᠪᠤᠭᠰᠠᠨ ᠴᠤ᠌ ᠲᠡᠭᠦᠨ ᠳ᠋ᠡᠭᠡᠨ ᠪᠦᠦ ᠤᠶᠠᠭᠳᠠ᠃ ᠬᠠᠷᠢᠭᠤ ᠭᠣᠷᠢᠳᠠᠯᠭ᠎ᠠ᠂ ᠬᠠᠷᠠᠮᠵᠢ ᠲᠣᠭᠠᠴᠠᠭ᠎ᠠ ᠡᠪᠦᠷᠯᠡᠬᠦ ᠬᠡᠷᠡᠭ ᠦᠭᠡᠢ᠃ ᠵᠦᠭᠡᠷ ᠯᠡ ᠤᠴᠠᠷᠠᠯ ᠭᠡᠮᠡᠨ ᠬᠦᠯᠢᠶᠡᠨ ᠵᠥᠪᠰᠢᠶᠡᠷᠡᠴᠢᠬᠡ᠃ ᠤᠴᠠᠷᠠᠬᠤ ᠦᠢᠯᠡᠳᠬᠦ ᠬᠣᠶᠠᠷ ᠠᠰᠤᠷᠤ ᠢᠯᠭᠠᠭ᠎ᠠ ᠲᠠᠢ᠃ 
26. ᠰᠠᠷᠲᠠᠭᠤᠯ᠂ ᠳᠡᠯᠭᠡᠷᠪᠠᠲᠦ
ᠬᠡᠷᠡᠭᠯᠡᠭᠡᠳ ᠬᠠᠨᠤᠰᠢ ᠦᠭᠡᠢ ᠲᠦᠭᠡᠮᠡᠯ ᠣᠶᠤᠨᠲᠤ ᠡᠷᠳᠡᠨᠢ
ᠬᠡᠯᠡᠯᠴᠡᠭᠡᠳ ᠪᠠᠷᠠᠰᠢ ᠦᠭᠡᠢ ᠵᠢᠷᠤᠮ ᠤ᠋ᠨ ᠦᠨᠡᠨ ᠨᠥᠬᠥᠷ
ᠬᠡᠨ ᠴᠦ᠍ ᠡᠪᠳᠡᠰᠢ ᠦᠭᠡᠢ ᠠᠷᠢᠭᠤᠨ ᠰᠠᠨᠠᠭᠠᠨ ᠤ᠋ ᠨᠠᠢᠵᠠ (ᠨᠣᠮ)
27. ᠬᠠᠰᠠᠠᠭᠣᠯᠠ 
ᠥᠩᠭᠡᠲᠦ ᠶᠢᠷᠲᠢᠨᠴᠦ ᠳ᠋ᠦ᠍ ᠰᠠᠢᠬᠠᠨ ᠭᠠᠵᠠᠷ ᠣᠯᠠᠨ  ᠴᠤ᠌᠂
ᠡᠬᠡ ᠨᠤᠲᠤᠭ ᠢ᠋ ᠮᠢᠨᠢ ᠭᠦᠢᠴᠡᠬᠦ ᠰᠠᠢᠬᠠᠨ ᠭᠠᠵᠠᠷ ᠦᠭᠡᠢ᠂ 
ᠡᠷᠳᠡᠮ ᠰᠤᠷᠬᠤ ᠳ᠋ᠤ᠌ ᠬᠡᠯᠡ ᠪᠦᠬᠦᠨ ᠰᠠᠢᠬᠠᠨ ᠴᠤ᠌᠂ 
ᠡᠬᠡ ᠬᠡᠯᠡ ᠶ᠋ᠢ ᠮᠢᠨᠢ ᠭᠦᠢᠴᠡᠬᠦ ᠰᠠᠢᠬᠠᠨ ᠬᠡᠯᠡ ᠦᠭᠡᠢ!
(ᠪᠢᠮᠪᠠ ᠶ᠋ᠢᠨ ᠷᠢᠨᠴᠢᠨ ᠦ᠌ ᠰᠢᠯᠦᠭ ᠡᠴᠡ)
28. ᠨᠠᠷᠠᠨᠲᠣᠭᠣᠰ 
ᠲᠥᠷᠥ ᠶ᠋ᠢᠨ ᠬᠡᠯᠡ᠂ ᠦᠰᠦᠭ ᠢ᠋ ᠰᠤᠷᠬᠤ ᠨᠢ ᠱᠠᠭᠠᠷᠳᠠᠯᠭ᠎ᠠ ᠶᠤᠮ᠂
ᠲᠥᠷᠥᠯᠬᠢ ᠬᠡᠯᠡ᠂ ᠦᠰᠦᠭ ᠢ᠋ᠶ᠋ᠡᠨ ᠰᠤᠷᠬᠤ ᠨᠢ ᠤᠬᠠᠮᠰᠠᠷ ᠶᠤᠮ᠃
ᠲᠦᠮᠡᠨ ᠦ᠌ ᠬᠡᠯᠡ᠂ ᠦᠰᠦᠭ ᠢ᠋ ᠰᠤᠷᠬᠤ ᠨᠢ ᠴᠢᠳᠠᠪᠤᠷᠢ ᠶᠤᠮ᠂
ᠲᠡᠭᠦᠰ ᠲᠡᠭᠦᠯᠳᠡᠷ ᠶᠠᠪᠤᠭᠠᠷᠠᠢ ᠦᠷᠡᠰ ᠮᠢᠨᠢ!
29. ᠳᠠᠯᠠᠨᠲᠠᠢ 
ᠪᠣᠯᠭᠠᠨ ᠲᠤᠭᠤᠷᠠᠢ ᠬᠡᠢᠰᠬᠡᠵᠦ ᠶᠠᠪᠤ
ᠪᠤᠶᠠᠨ ᠬᠡᠰᠢᠭ ᠨᠢ ᠨᠡᠮᠡᠭᠳᠡᠵᠦ ᠶᠠᠪᠤ
ᠪᠠᠶᠠᠨ ᠲᠠᠷᠭᠤᠨ ᠵᠢᠷᠭᠠᠵᠤ ᠶᠠᠪᠤ
ᠪᠦᠭᠦᠳᠡ ᠣᠯᠠᠨ ᠳ᠋ᠠᠭᠠᠨ ᠬᠦᠨᠳᠦᠲᠡᠢ ᠶᠠᠪᠤ
ᠬᠠᠯᠢᠭᠤᠨ ᠲᠤᠭᠤᠷᠠᠢ ᠬᠡᠢᠰᠬᠡᠵᠦ ᠶᠠᠪᠤ
ᠬᠡᠰᠢᠭ ᠪᠤᠶᠠᠨ ᠨᠢ ᠲᠣᠭᠲᠠᠵᠤ ᠶᠠᠪᠤ
ᠬᠥᠭᠰᠢᠨ ᠨᠠᠰᠤᠲᠠᠳ ᠢ᠋ᠶ᠋ᠠᠨ ᠬᠦᠨᠳᠦᠯᠡᠵᠦ ᠶᠠᠪᠤ
ᠬᠡᠵᠢᠶ᠎ᠡ ᠡᠭᠦᠷᠢᠳᠡ ᠵᠢᠷᠭᠠᠵᠤ ᠶᠠᠪᠤ
30. ᠵᠢᠩᠯᠢᠬᠣᠸᠠᠷ                                    
ᠴᠡᠴᠡᠭ ᠪᠦᠬᠦᠨ ᠢ᠋ ᠵᠡᠷᠭᠡ ᠪᠡᠷ ᠳᠡᠯᠭᠡᠷᠡᠭᠦᠯᠵᠦ᠂ ᠡᠷᠳᠡᠮᠲᠡᠨ ᠪᠦᠬᠦᠨ ᠢ᠋ ᠴᠢᠯᠥᠭᠡ ᠲᠡᠢ ᠶᠠᠷᠢᠯᠴᠠᠭᠤᠯᠬᠤ
31. ᠰᠡᠷᠡᠩᠳᠣᠷᠵᠢ 
ᠡᠬᠡ ᠬᠡᠯᠡ ᠮᠢᠨᠢ ᠡᠭᠦᠷᠢᠳᠡ ᠮᠣᠩᠭᠣᠯ ᠢ᠋ᠶ᠋ᠠᠷ ᠢ᠋ᠶ᠋ᠠᠨ ᠪᠠᠢᠭᠠᠰᠠᠢ!
32. ᠮᠥᠩᠭᠥᠨ ᠄
ᠬᠣᠯᠪᠣᠭ᠎ᠠ ᠦᠭᠡᠰ᠄
ᠰᠠᠭᠤᠵᠤ— ᠵᠢᠮᠢᠰ ᠰᠠᠭᠤᠵᠤ᠂
ᠳᠠᠷᠤᠭ᠎ᠠ ᠰᠠᠭᠤᠵᠤ᠂
ᠰᠠᠨᠳᠠᠯᠢ ᠳᠡᠭᠡᠷ᠎ᠡ ᠰᠠᠭᠤᠵᠤ᠂
ᠤᠷᠤᠭᠤ— ᠤᠷᠤᠭᠤ ᠲᠠᠲᠠᠬᠤ᠂
ᠤᠷᠤᠭᠤ ᠴᠢᠷᠠᠢᠯᠠᠬᠤ᠂ ᠰᠠᠯᠬᠢ ᠤᠷᠤᠭᠤ
ᠣᠪᠣᠭ᠎ᠠ— ᠣᠪᠣᠭ᠎ᠠ ᠲᠠᠬᠢᠬᠤ᠂
ᠣᠪᠣᠭ᠎ᠠ ᠰᠠᠢᠨ᠂ ᠬᠣᠭ ᠤ᠋ᠨ ᠣᠪᠣᠭ᠎ᠠ᠂ 
ᠶᠠᠳᠠᠨ— ᠰᠠᠯᠵᠤ ᠶᠠᠳᠠᠨ᠂ ᠶᠠᠳᠠᠨ ᠵᠦᠳᠡᠨ
33. ᠠᠯᠲᠠᠨᠴᠢᠮᠡᠭ ᠄
ᠬᠥᠮᠦᠨ ᠮᠣᠩᠭᠣᠯ ᠢ᠋ᠶ᠋ᠠᠨ ᠳᠡᠪᠡᠯ ᠢ᠋ᠶ᠋ᠡᠷ ᠪᠢᠰᠢ
ᠲᠡᠪᠡᠷᠢᠵᠦ ᠪᠠᠢᠭ᠎ᠠ ᠵᠢᠷᠦᠬᠡ ᠪᠡᠷ ᠨᠢ ᠲᠠᠨᠢ
ᠬᠡᠯᠡ ᠮᠣᠩᠭᠣᠯ ᠢ᠋ᠶ᠋ᠠᠨ ᠳᠡᠯᠡᠬᠡᠢ ᠪᠢᠰᠢ
ᠳᠡᠷᠭᠡᠳᠡ ᠡᠴᠡ ᠪᠡᠨ ᠡᠬᠢᠯᠡᠵᠦ ᠬᠠᠢᠷᠠᠯᠠ!
34. ᠲᠣᠳᠣᠭᠡᠷᠡᠯ 
ᠰᠠᠷᠠ ᠲᠡᠷᠭᠡᠯ ᠰᠠᠨᠠᠭ᠎ᠠ ᠲᠡᠷᠭᠡᠯ ᠠᠮᠢᠳᠤᠷᠠᠯ ᠲᠡᠷᠭᠡᠯ ᠥᠯᠵᠡᠢᠲᠦ ᠡᠳᠦᠷ ᠦ᠋ᠨ ᠠᠮᠤᠷ ᠠᠮᠤᠭᠤᠯᠠᠩ ᠠᠢᠯᠠᠳᠬᠠᠨ ᠳᠡᠪᠰᠢᠭᠦᠯᠦᠶ᠎ᠡ
35. ᠢᠯᠠᠯᠲᠠ 
ᠵᠢᠭᠠᠰᠤ ᠵᠢᠷᠠᠭᠠᠬᠠᠢ ᠪᠠᠨ ᠵᠠᠯᠭᠢᠳᠠᠭ ᠬᠥᠮᠦᠨ ᠳᠣᠷᠣᠢ ᠪᠠᠨ ᠲᠣᠭᠯᠠᠳᠠᠭ᠃
36. ᠭᠠᠸᠠ
《ᠬᠡᠯᠡᠨ ᠦ᠌ ᠠᠮᠢᠨ ᠰᠦᠨᠡᠰᠦ ᠨᠢ ᠬᠡᠷᠡᠭᠯᠡᠭᠡᠨ ᠳ᠋ᠦ᠍ ᠪᠣᠢ ᠬᠡᠯᠡ ᠶ᠋ᠢ ᠥᠭᠦᠯᠡᠵᠦ ᠪᠠᠢᠵᠤ ᠠᠮᠢ ᠣᠷᠣᠭᠤᠯᠳᠠᠭ᠂ ᠬᠡᠷᠡᠭᠯᠡᠵᠦ ᠪᠠᠢᠵᠤ ᠬᠥᠯ ᠳ᠋ᠦ᠍ ᠣᠷᠣᠭᠤᠯᠳᠠᠭ᠂ ᠬᠠᠷᠢᠯᠴᠠᠵᠤ ᠪᠠᠢᠵᠤ ᠬᠦᠯᠦᠭ ᠪᠣᠯᠭᠠᠳᠠᠭ ᠬᠠᠮᠠᠭᠠᠯᠠᠵᠤ ᠪᠠᠢᠵᠤ ᠮᠥᠩᠬᠡ ᠣᠷᠣᠰᠢᠭᠤᠯᠳᠠᠭ᠃》
37. ᠨᠠ᠊᠂ ᠴᠠᠭᠠᠨ 
ᠮᠣᠩᠭᠣᠯ ᠦᠰᠦᠭ ᠪᠢᠴᠢᠭ ᠢ᠋ᠶ᠋ᠡᠨ ᠪᠢᠴᠢᠶ᠎ᠡ
ᠮᠣᠩᠭᠣᠯ ᠰᠦᠯᠵᠢᠶ᠎ᠡ ᠪᠡᠨ ᠬᠡᠷᠡᠭᠯᠡᠶ᠎ᠡ 
ᠮᠣᠩᠭᠣᠯ ᠵᠠᠩᠰᠢᠯ ᠢ᠋ᠶ᠋ᠠᠨ ᠪᠠᠷᠢᠮᠲᠠᠯᠠᠶ᠎ᠠ 
ᠮᠣᠩᠭᠣᠯ ᠬᠡᠦᠬᠡᠳ ᠢ᠋ᠶ᠋ᠡᠨ ᠬᠥᠮᠦᠵᠢᠭᠦᠯᠦᠶ᠎ᠡ
38. ᠬᠠᠰᠠᠠᠭᠣᠯᠠ 
ᠲᠡᠦᠬᠡ ᠶ᠋ᠢᠨ ᠤᠷᠲᠤ ᠤᠳᠠᠭᠠᠨ ᠶᠠᠪᠤᠴᠠ ᠳ᠋ᠤ᠌ ᠨᠢᠭᠡ ᠤᠭᠰᠠᠭᠠᠲᠠᠨ ᠳ᠋ᠤ᠌ ᠰᠣᠶᠣᠯ ᠠ᠋ᠴᠠ ᠪᠠᠨ ᠣᠨᠳᠣᠣ ᠮᠥᠩᠬᠡᠷᠡᠨ ᠦᠯᠡᠳᠡᠬᠦ ᠦᠨ᠎ᠡ ᠴᠠᠨ᠎ᠠ ᠲᠠᠢ ᠶᠠᠭᠤᠮ᠎ᠠ ᠭᠡᠵᠦ ᠥᠭᠡᠷ᠎ᠡ ᠪᠠᠢᠬᠤ ᠦᠭᠡᠢ ᠶᠦᠮ᠃ (ᠭᠠ᠊᠂ ᠰᠢᠷᠡᠪᠵᠡᠮᠰᠤ)
39. ᠨᠠᠴᠢᠨ 
ᠤᠷᠭᠤᠬᠤ ᠨᠠᠷᠠ ᠲᠠᠢ ᠤᠷᠤᠯᠳᠤᠵᠤ ᠶᠠᠪᠤᠶ᠎ᠠ✊
40. ᠸᠢᠢᠰᠢᠩᠬᠤᠸᠠᠷ 
ᠰᠢᠯᠦᠭ᠄ ᠪᠢ ᠮᠣᠩᠭᠣᠯ ᠬᠥᠮᠦᠨ
ᠠᠷᠭᠠᠯ ᠤ᠋ᠨ ᠤᠲᠤᠭ᠎ᠠ ᠪᠤᠷᠭᠢᠯᠤᠭᠰᠠᠨ
ᠮᠠᠯᠴᠢᠨ ᠤ᠋ ᠭᠡᠷ ᠲᠦ᠍ ᠲᠥᠷᠥᠭᠰᠡᠨ ᠪᠢ
ᠠᠲᠠᠷ ᠬᠡᠭᠡᠷ᠎ᠡ ᠨᠤᠲᠤᠭ ᠢ᠋ᠶ᠋ᠠᠨ ᠥᠯᠥᠭᠡᠢ ᠮᠢᠨᠢ ᠭᠡᠵᠦ ᠪᠣᠳᠣᠳᠠᠭ᠃
41. ᠵᠢᠷᠠᠨᠲᠠᠢ 
ᠰᠠᠢᠨ ᠰᠠᠨᠠᠭ᠎ᠠ ᠪᠠᠷ ᠢ᠋ᠶ᠋ᠠᠨ ᠵᠣᠷᠢᠯᠭ᠎ᠠ ᠳ᠋ᠠᠭᠠᠨ ᠬᠦᠷᠦᠭᠰᠡᠨ ᠬᠥᠮᠦᠨ ᠵᠢᠷᠭᠠᠨ᠎ᠠ᠃
ᠮᠠᠭᠤ ᠰᠠᠨᠠᠭ᠎ᠠ ᠪᠠᠷ ᠢ᠋ᠶ᠋ᠠᠨ ᠵᠣᠷᠢᠯᠭ᠎ᠠ ᠳ᠋ᠠᠭᠠᠨ ᠬᠦᠷᠦᠭᠰᠡᠨ ᠬᠥᠮᠦᠨ ᠵᠣᠪᠠᠨ᠎ᠠ᠃
ᠬᠢᠪᠡᠰᠦ ᠵᠣᠬᠢᠬᠤ ᠰᠠᠢᠨ ᠬᠡᠷᠡᠭ ᠪᠠᠢᠪᠠᠰᠤ
ᠪᠠᠭᠠᠲᠤᠷᠯᠢᠭ ᠢ᠋ᠶ᠋ᠠᠷ ᠬᠢᠬᠦ ᠬᠡᠷᠡᠭᠲᠡᠢ᠃
ᠭᠠᠭᠴᠠᠬᠦ ᠦᠨᠡᠨ ᠪᠣᠳᠠᠲᠤ ᠵᠦᠢᠯ ᠪᠣᠯ ᠰᠠᠢ
ᠬᠠᠮᠤᠭ ᠤ᠋ᠨ ᠭᠣᠶᠣ ᠰᠠᠢᠬᠠᠨ ᠪᠠᠢᠳᠠᠭ᠃
42. ᠰᠡᠴᠡᠨᠪᠠᠭᠠᠳᠤᠷ 
ᠨᠤᠲᠤᠭ ᠪᠡᠯᠴᠢᠭᠡᠷ ᠮᠢᠨᠢ ᠣᠩᠭᠣᠨ ᠪᠠᠢᠭᠠᠰᠠᠢ
ᠲᠠᠪᠤᠨ ᠬᠣᠰᠢᠭᠤ ᠮᠠᠯ ᠮᠢᠨᠢ ᠲᠠᠭᠠᠲᠠᠢ ᠪᠡᠯᠴᠢᠨ᠎ᠡ
43. ᠨᠠᠮᠵᠢᠯ 
ᠨᠤᠲᠤᠭ ᠤ᠋ᠨ ᠰᠢᠷᠣᠢ ᠠᠯᠲᠠ᠃
44. ᠴᠢ᠊ · ᠤᠷᠠᠨᠴᠡᠴᠡᠭ 
ᠢᠨᠠᠪᠠᠴᠤ ᠱᠥᠯᠥ ᠨᠡᠢᠯᠡᠬᠦ ᠦᠭᠡᠢ 
ᠦᠬᠦᠪᠡᠴᠦ ᠶᠠᠰᠤ ᠨᠡᠢᠯᠡᠬᠦ ᠦᠭᠡᠢ   (ᠠᠷᠠᠳ ᠤ᠋ᠨ ᠰᠡᠴᠡᠨ ᠦᠭᠡ) 
45. ᠣᠢᠷᠠᠯᠴᠠᠭ᠎ᠠ ᠤᠳᠬ᠎ᠠ ᠲᠠᠢ ᠦᠭᠡᠰ ᠵᠢᠬᠡᠭᠦᠨ— ᠬᠦᠢᠲᠡᠨ
ᠴᠢᠷᠮᠠᠢᠨ — ᠮᠡᠷᠡᠢᠨ
ᠪᠡᠭᠡᠷᠡᠬᠦ— ᠲᠠᠭᠠᠷᠠᠭᠤᠯᠤᠨ
ᠲᠠᠩᠳᠠ— ᠢᠮᠠᠭᠲᠠ
ᠠᠶᠠᠳᠠᠵᠤ— ᠨᠠᠮᠬᠠᠷᠠᠵᠤ
ᠵᠠᠬᠢᠶ᠎ᠠ— ᠵᠢᠭᠠᠪᠤᠷᠢ᠂ ᠵᠠᠬᠢᠳᠠᠯ
ᠬᠣᠷᠴᠠᠶ᠋ᠢᠭᠰᠠᠨ— ᠠᠲᠤᠷᠢᠭᠰᠠᠨ
46. ᠠᠯᠲᠠᠨᠨᠠᠪᠴᠢ 
ᠮᠣᠩᠭᠣᠯ ᠰᠣᠶᠣᠯ ᠤ᠋ᠨ ᠠᠴᠢᠶᠠᠯᠠᠭᠴᠢ ᠪᠣᠯᠤᠭᠰᠠᠨ ᠮᠣᠩᠭᠣᠯ ᠬᠡᠦᠬᠡᠳ ᠦ᠋ᠳ ᠮᠣᠩᠭᠣᠯ ᠢ᠋ᠶ᠋ᠠᠷ ᠬᠡᠯᠡ ᠳ᠋ᠦ᠍ ᠣᠷᠣᠬᠤ ᠨᠢ ᠮᠠᠰᠢ ᠴᠢᠬᠤᠯᠠ᠃ ᠬᠡᠯᠡ ᠪᠡᠨ ᠮᠡᠳᠡᠬᠦ ᠦᠭᠡᠢ ᠪᠣᠯ ᠦᠰᠦᠭ ᠪᠢᠴᠢᠭ ᠪᠠᠢᠯ᠎ᠠ  ᠴᠤ᠌ ᠬᠡᠷᠡᠭᠯᠡᠬᠦ ᠬᠥᠮᠦᠨ ᠦᠭᠡᠢ᠂ ᠤᠩᠰᠢᠬᠤ ᠬᠥᠮᠦᠨ ᠦᠭᠡᠢ ᠴᠢᠨᠠᠭᠰᠢ ᠶᠠᠭᠠᠬᠢᠵᠤ ᠬᠥᠭᠵᠢᠬᠦ ᠪᠣᠢ᠃
47. ᠵᠠᠭᠤᠡᠨᠠᠰᠤᠳᠤ 
ᠮᠠᠨᠢ ᠲᠣᠭᠠᠯᠠᠬᠤ ᠪᠠᠷ
ᠮᠠᠯ ᠢ᠋ᠶ᠋ᠠᠨ ᠤᠰᠤᠯᠠ!
48. ᠢᠲᠡᠭᠡᠯ 
ᠪᠦᠲᠦᠨ ᠳᠦᠭᠦᠷᠡᠩ ᠠᠮᠢᠳᠤᠷᠠᠬᠤ ᠶ᠋ᠢ ᠬᠦᠰᠡᠵᠦ ᠪᠠᠢᠪᠠᠯ᠂ ᠲᠠ ᠬᠥᠮᠦᠨ ᠴᠢᠨᠠᠷ ᠢ᠋ ᠪᠣᠯᠪᠠᠰᠤᠷᠠᠯ ᠢ᠋ᠶ᠋ᠠᠨ ᠪᠣᠯᠭᠠᠬᠤ ᠨᠢ ᠰᠣᠩᠭᠣᠯᠲᠠ᠃
49. ᠤᠤᠭᠠᠨᠵᠢᠳ                      
    ᠡᠬᠡ ᠬᠡᠯᠡ ᠲᠡᠢ ᠪᠣᠯᠬᠣᠷ ᠡᠯᠢᠭᠡ ᠪᠦᠲᠦᠨ ᠪᠠᠢᠳᠠᠭ᠂ ᠦᠰᠦᠭ ᠪᠢᠴᠢᠭ ᠲᠡᠢ ᠪᠣᠯᠬᠣᠷ ᠦᠨᠳᠦᠰᠦᠲᠡᠨ ᠪᠦᠲᠦᠨ ᠪᠠᠢᠳᠠᠭ᠃ ᠮᠠᠯ ᠠᠳᠤᠭᠤᠰᠤ ᠬᠦᠷᠲᠡᠯ᠎ᠡ ᠨᠤᠲᠤᠭ ᠪᠡᠯᠴᠢᠭᠡᠷ  ᠢ᠋ᠶ᠋ᠡᠨ ᠮᠠᠷᠲᠠᠬᠤ ᠦᠭᠡᠢ ᠪᠠᠢᠲᠠᠯ᠎ᠠ᠂ ᠮᠣᠩᠭᠣᠯ ᠬᠥᠮᠦᠨ ᠪᠣᠯᠵᠤ ᠲᠥᠷᠥᠭᠡᠳ ᠬᠡᠷᠬᠢᠨ ᠡᠬᠡ ᠬᠡᠯᠡ ᠰᠣᠶᠣᠯ ᠢ᠋ᠶ᠋ᠠᠨ ᠮᠠᠷᠲᠠᠵᠤ ᠣᠷᠬᠢᠵᠤ ᠪᠣᠯᠬᠤ ᠤᠤ⁉
50.ᠬᠤᠷᠴᠠ
ᠬᠥᠮᠦᠨ ᠦ᠌ ᠰᠡᠳᠬᠢᠯ ᠳ᠋ᠦ᠍ ᠨᠠᠷᠠ ᠮᠠᠨᠳᠤᠭᠤᠯᠵᠤ
ᠪᠣᠳᠣᠯ ᠳ᠋ᠤ᠌ ᠨᠢ ᠴᠡᠴᠡᠭ ᠤᠷᠭᠤᠭᠤᠯᠵᠤ
ᠬᠦᠰᠡᠯ ᠳ᠋ᠦ᠍ ᠨᠢ ᠬᠦᠴᠦ ᠨᠡᠮᠡᠨ᠎ᠡ ᠭᠡᠳᠡᠭ
ᠬᠠᠮᠤᠭ ᠤ᠋ᠨ ᠰᠠᠢᠬᠠᠨ ᠪᠤᠶᠠᠨ ᠶᠤᠮ᠃
51. ᠭᠠᠷᠮ᠎ᠠ 
ᠮᠣᠩᠭᠣᠯ ᠬᠡᠯᠡ ᠮᠢᠨᠢ ᠡᠭᠦᠷᠢᠳᠡ ᠣᠷᠣᠰᠢᠬᠤ ᠪᠣᠯᠲᠤᠭᠠᠢ!
52. ᠠᠯᠲᠠᠨᠴᠢᠮᠡᠭ
ᠥᠨᠢᠷ ᠬᠥᠮᠦᠨ ᠡᠶ᠎ᠡ ᠦᠭᠡᠢ ᠪᠣᠯᠪᠠᠯ ᠥᠨᠥᠴᠢᠨ ᠬᠥᠮᠦᠨ ᠦ᠌ ᠡᠯᠡᠭ
ᠣᠯᠠᠨ ᠬᠥᠮᠦᠨ ᠡᠶ᠎ᠡ ᠦᠭᠡᠢ ᠪᠣᠯᠪᠠᠯ ᠣᠭᠣᠷᠴᠣᠭ ᠬᠥᠮᠦᠨ ᠦ᠌ ᠢᠳᠡᠰᠢ᠃
53. ᠰᠡᠴᠡᠨᠪᠠᠭᠠᠳᠤᠷ
ᠮᠣᠩᠭᠣᠯ ᠦᠰᠦᠭ ᠢ᠋ᠶ᠋ᠡᠨ ᠡᠳᠦᠷ ᠪᠣᠯᠭᠠᠨ ᠴᠢᠷᠮᠠᠢᠨ ᠠᠵᠢᠯᠯᠠᠵᠤ ᠰᠤᠷᠤᠯᠴᠠᠵᠤ ᠪᠠᠢᠭ᠎ᠠ ᠪᠦᠬᠦ ᠬᠥᠮᠦᠰ ᠲᠦ᠍ ᠪᠠᠶᠠᠷᠯᠠᠯ᠎ᠠ
54. ᠦᠵᠢᠶᠡᠳ ᠡᠷᠳᠡᠨᠢᠴᠡᠴᠡᠭ
ᠮᠣᠩᠭᠣᠯ ᠶᠣᠰᠣ ᠵᠠᠩᠰᠢ᠂ ᠳᠠᠰᠠᠮᠳᠠᠵᠤ ᠬᠥᠪᠡᠭᠡᠯᠡᠵᠦ ᠣᠶᠣᠳᠠᠭ ᠲᠠᠰᠢᠭᠤᠷᠳᠠᠵᠤ ᠭᠤᠶᠠᠳᠠᠵᠤ ᠱᠠᠯᠠᠳᠠᠭ ᠳᠡᠰ ᠨᠢᠰ ᠬᠥᠯᠳᠡᠳᠡᠭ