ᠪᠦᠰᠡᠭᠦᠢ ᠬᠥᠮᠦᠨBüsgüi khümüünБүсгүй хүмүүн ᠨᠠᠢᠷᠠᠭᠤᠯᠤᠯ ᠥᠭᠦᠯᠡᠯᠭᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠪᠦᠰᠡᠭᠦᠢ ᠬᠥᠮᠦᠨBüsgüi khümüünБүсгүй хүмүүн

ᠪᠦᠰᠡᠭᠦᠢ ᠬᠥᠮᠦᠨBüsgüi khümüünБүсгүй хүмүүн

2025-10-08

151

ᠪᠦᠰᠡᠭᠦᠢ ᠬᠥᠮᠦᠨ

   ᠵᠣᠬᠢᠶᠠᠭᠴᠢ᠄ ᠵᠤᠯᠠ ᠶ᠋ᠢᠨ ᠪᠠᠲᠤᠠᠣᠳᠬᠠᠨ( ᠮᠣᠩᠭᠣᠯ ᠤᠯᠤᠰ ᠤ᠋ᠨ)
  ᠡᠮᠡᠭᠲᠡᠢ ᠬᠥᠮᠦᠨ ᠢ᠋ ᠭᠤᠷᠪᠠᠨ -ᠲᠦᠪᠰᠢᠨ ᠳ᠋ᠦ᠍ ᠬᠤᠪᠢᠶᠠᠳᠠᠭ᠄
ᠤᠯᠠᠮᠵᠢᠯᠠᠯ ᠳ᠋ᠤ᠌ ᠵᠣᠬᠢᠰᠲᠠᠢ ᠡᠷᠳᠡᠮ ᠤᠬᠠᠭᠠᠨ ᠢ᠋ ᠬᠠᠮᠤᠭ ᠤ᠋ᠨ ᠳᠣᠣᠷᠠᠲᠤ ᠲᠦᠪᠰᠢᠨ ᠳ᠋ᠦ᠍ ᠡᠵᠡᠮᠰᠢᠭᠰᠡᠨ ᠡᠮᠡᠭᠲᠡᠢ ᠶ᠋ᠢ ᠮᠠᠭᠤ ᠡᠮ᠎ᠡ ᠪᠤᠶᠤ ᠠᠪᠠᠭᠠᠢ ᠭᠡᠵᠦ ᠨᠡᠷᠡᠯᠡᠳᠡᠭ᠃ ᠠᠪᠠᠭᠠᠢ ᠭᠡᠳᠡᠭ ᠨᠢ ᠡᠷ᠎ᠡ ᠬᠥᠮᠦᠨ ᠳ᠋ᠦ᠍ ᠴᠢᠷᠦᠭᠳᠡᠵᠦ ᠠᠮᠢᠳᠤᠷᠠᠳᠠᠭ ᠪᠤᠶᠤ ᠵᠠᠪᠬᠠᠢ᠂ ᠬᠣᠪ ᠵᠢᠪ᠂ ᠬᠡᠷᠡᠭᠦᠯᠴᠢ᠂ ᠠᠭᠠᠰᠢ ᠮᠠᠭᠤᠲᠠᠢ᠂ ᠠᠲᠠᠭᠠᠴᠢ ᠵᠤᠲᠤᠭᠡᠴᠢ᠂ ᠰᠢᠨᠤᠬᠠᠢ ᠵᠡᠷᠭᠡ ᠨᠢ ᠲᠤᠰᠠ ᠳᠠᠮ᠂ ᠲᠦᠰᠢᠭ ᠲᠤᠯᠭᠠᠭᠤᠷᠢ ᠪᠣᠯᠬᠤ ᠠ᠋ᠴᠠ ᠪᠠᠨ ᠢᠯᠡᠭᠦᠦ ᠭᠠᠢ ᠪᠣᠯᠳᠠᠭ ᠡᠮᠡᠭᠲᠡᠢ ᠶ᠋ᠢ ᠠᠪᠠᠭᠠᠢ ᠭᠡᠳᠡᠭ᠃
  ᠤᠯᠠᠮᠵᠢᠯᠠᠯ ᠳ᠋ᠤ᠌ ᠵᠣᠬᠢᠰᠲᠠᠢ ᠡᠷᠳᠡᠮ ᠤᠬᠠᠭᠠᠨ ᠢ᠋ ᠬᠠᠮᠤᠭ ᠤ᠋ᠨ ᠳᠤᠮᠳᠠᠴᠢ ᠲᠦᠪᠰᠢᠨ ᠳ᠋ᠦ᠍ ᠰᠤᠷᠤᠯᠴᠠᠭᠰᠠᠨ ᠡᠮᠡᠭᠲᠡᠢ ᠶ᠋ᠢ ᠰᠠᠢᠨ ᠡᠬᠡᠨᠡᠷ᠂ ᠡᠬᠡᠨᠡᠷ ᠭᠡᠵᠦ ᠨᠡᠷᠡᠯᠡᠳᠡᠭ᠃ ᠡᠬᠡᠨᠡᠷ ᠭᠡᠳᠡᠭ ᠨᠢ ᠡᠷ᠎ᠡ ᠬᠥᠮᠦᠨ ᠢ᠋ ᠡᠬᠡ ᠰᠢᠭ ᠯᠡ ᠬᠠᠢᠷᠠᠯᠠᠳᠠᠭ ᠬᠠᠯᠠᠮᠵᠢᠯᠠᠳᠠᠭ ᠪᠤᠶᠤ ᠡᠷ᠎ᠡ ᠬᠥᠮᠦᠨ ᠦ᠌ ᠭᠡᠷ ᠢ᠋ ᠨᠢ ᠴᠡᠪᠡᠷᠯᠡᠵᠦ᠂ ᠬᠣᠭᠣᠯᠠ ᠶ᠋ᠢ ᠨᠢ ᠬᠢᠵᠦ᠂ ᠬᠤᠪᠴᠠᠰᠤ ᠶ᠋ᠢ ᠨᠢ ᠤᠬᠢᠶᠠᠵᠤ᠂ ᠠᠷᠤ ᠲᠠᠯ᠎ᠠ ᠶ᠋ᠢ ᠨᠢ ᠳᠠᠭᠠᠭᠠᠬᠤ ᠠ᠋ᠴᠠ ᠬᠡᠲᠦᠷᠡᠳᠡᠭ ᠦᠭᠡᠢ᠂ ᠡᠷ᠎ᠡ ᠬᠥᠮᠦᠨ ᠦ᠌ ᠡᠬᠡ ᠶ᠋ᠢ ᠣᠷᠣᠯᠠᠭᠴᠢ ᠡᠮᠡᠭᠲᠡᠢ ᠶ᠋ᠢ ᠡᠬᠡᠨᠡᠷ ᠭᠡᠳᠡᠭ᠃
  ᠤᠯᠠᠮᠵᠢᠯᠠᠯ ᠳ᠋ᠤ᠌ ᠵᠣᠬᠢᠰᠲᠠᠢ ᠡᠷᠳᠡᠮ ᠤᠬᠠᠭᠠᠨ ᠢ᠋ ᠬᠮᠭ ᠦ᠋ᠨ ᠳᠡᠭᠡᠳᠦ ᠲᠦᠪᠰᠢᠨ ᠳ᠋ᠦ᠍ ᠪᠣᠯᠪᠠᠰᠤᠷᠠᠭᠰᠠᠨ ᠡᠮᠡᠭᠲᠡᠢ ᠶ᠋ᠢ ᠭᠡᠷᠭᠡᠢ ᠪᠤᠶᠤ ᠭᠡᠷ ᠢ᠋ ᠭᠡᠢᠭᠦᠯᠦᠭᠴᠢ ᠭᠡᠵᠦ ᠨᠡᠷᠡᠯᠡᠳᠡᠭ᠃ ᠭᠡᠷᠭᠡᠢ ᠭᠡᠳᠡᠭ ᠨᠢ ᠥᠪᠡᠷ ᠦ᠋ᠨ ᠤᠬᠠᠭᠠᠨ᠂ ᠣᠶᠤᠨ ᠪᠢᠯᠢᠭ᠂ ᠰᠢᠢᠳᠪᠦᠷᠢ ᠰᠢᠢᠳᠦᠯ᠂ ᠠᠵᠢᠯ ᠬᠥᠳᠡᠯᠮᠦᠷᠢ᠂ ᠬᠢᠴᠢᠶᠡᠯ ᠵᠢᠳᠬᠦᠯ ᠭᠡᠬᠦ ᠮᠡᠲᠦ ᠠᠯᠢᠪᠠ ᠪᠦᠬᠦᠨ ᠢ᠋ᠶ᠋ᠡᠷ ᠢ᠋ᠶ᠋ᠡᠨ ᠡᠷ᠎ᠡ ᠬᠥᠮᠦᠨ ᠲᠡᠢ ᠬᠣᠷᠰᠢᠨ ᠬᠣᠣᠰᠯᠠᠵᠤ ᠴᠢᠳᠠᠳᠠᠭ᠂ ᠡᠷ᠎ᠡ ᠬᠥᠮᠦᠨ ᠦ᠌ ᠬᠠᠮᠲᠤᠷᠠᠭᠴᠢ ᠪᠠᠢᠵᠤ ᠡᠷᠦᠬᠡ ᠭᠡᠷ ᠦ᠋ᠨ ᠠᠴᠢᠶ᠎ᠠ ᠶ᠋ᠢ ᠡᠭᠦᠷᠦᠯᠴᠡᠵᠦ᠂ ᠠᠮᠢᠳᠤᠷᠠᠯ ᠢ᠋ ᠭᠡᠷᠡᠯᠲᠦᠭᠦᠯᠦᠨ ᠭᠡᠢᠭᠦᠯᠦᠭᠴᠢ ᠡᠮᠡᠭᠲᠡᠢ᠂ ᠠᠯᠢᠪᠠ ᠡᠷᠦᠬᠡ ᠭᠡᠷ ᠪᠦᠷ ᠬᠣᠶᠠᠷ ᠲᠤᠯᠭᠠᠭᠤᠷᠢ ᠪᠠᠭᠠᠨ᠎ᠠ ᠲᠠᠢ ᠪᠠᠢᠳᠠᠭ ᠪᠥᠭᠡᠳ ᠭᠡᠷᠭᠡᠢ ᠪᠣᠯ ᠲᠡᠭᠦᠨ ᠦ᠌ ᠨᠢᠭᠡ ᠪᠠᠭᠠᠨ᠎ᠠ ᠪᠤᠶᠤ ᠡᠷᠦᠬᠡ ᠭᠡᠷ ᠦ᠋ᠨ ᠭᠡᠭᠡᠷᠡᠯ ᠦ᠋ᠨ ᠡᠵᠡᠨ ᠂ᠤᠬᠠᠭᠠᠷᠠᠯ ᠭᠡᠭᠡᠷᠡᠯ᠂ ᠵᠥᠪ᠂ ᠰᠠᠢᠨ ᠰᠠᠢᠬᠠᠨ ᠪᠦᠬᠦᠨ ᠢ᠋ᠶ᠋ᠡᠷ ᠢ᠋ᠶ᠋ᠡᠨ ᠡᠷᠦᠬᠡ ᠭᠡᠷ ᠢ᠋ᠶ᠋ᠡᠨ ᠨᠠᠷᠠᠨ ᠠᠳᠠᠯᠢ ᠭᠡᠢᠭᠦᠯᠦᠭᠴᠢ᠂ ᠭᠡᠷᠡᠯᠲᠦᠭᠦᠯᠦᠭᠴᠢ ᠶ᠋ᠢ ᠭᠡᠷᠭᠡᠢ ᠭᠡᠳᠡᠭ᠃
ᠲᠡᠢᠮᠦ ᠡᠴᠡ ᠮᠣᠩᠭᠣᠯ ᠰᠤᠤ ᠤᠬᠠᠭᠠᠨ ᠳ᠋ᠤ᠌ ᠡᠮᠡᠭᠲᠡᠢ ᠬᠥᠮᠦᠨ ᠢ᠋
《ᠡᠮ᠎ᠡ ᠬᠥᠮᠦᠨ ᠡᠷ᠎ᠡ ᠬᠥᠮᠦᠨ ᠳ᠋ᠦ᠍ ᠬᠦᠷᠴᠦ ᠵᠢᠰᠦ ᠣᠷᠣᠳᠠᠭ
ᠡᠷ᠎ᠡ ᠬᠥᠮᠦᠨ ᠡᠮ᠎ᠡ ᠬᠥᠮᠦᠨ ᠳ᠋ᠦ᠍ ᠬᠦᠷᠴᠦ ᠵᠦᠭ ᠢ᠋ᠶ᠋ᠡᠨ ᠣᠯᠳᠠᠭ》 ᠭᠡᠵᠦ ᠰᠤᠷᠭᠠᠭᠰᠠᠨ ᠪᠣᠢ᠃

   ᠢᠷᠡᠯᠲᠡ᠄ ᠮᠣᠩᠭᠣᠯ ᠰᠤᠤ ᠤᠬᠠᠭᠠᠨ《ᠮᠣᠩᠭᠣᠯ ᠬᠠᠲᠤᠨ ᠤᠬᠠᠭᠠᠨ》 ᠨᠣᠮ ᠠ᠋ᠴᠠ ᠰᠣᠩᠭᠣᠨ ᠰᠡᠢᠷᠡᠭᠦᠯᠦᠭᠡᠳ ᠭᠠᠷᠴᠠᠭ ᠥᠭᠪᠡ᠃
   ᠦᠰᠦᠭ ᠠᠮᠢᠯᠠᠭᠤᠯᠤᠭᠰᠠᠨ ᠨᠢ ᠄ ᠴᠢ᠊· ᠤᠷᠠᠨᠴᠢᠴᠡᠭ