ᠪᠥᠭᠡᠷᠡᠯᠵᠢᠭᠡᠨ᠎ᠡBööröljtönöБөөрөлжтөнө ᠡᠪᠡᠰᠦ ᠤᠷᠭᠤᠮᠠᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠪᠥᠭᠡᠷᠡᠯᠵᠢᠭᠡᠨ᠎ᠡBööröljtönöБөөрөлжтөнө

ᠪᠥᠭᠡᠷᠡᠯᠵᠢᠭᠡᠨ᠎ᠡBööröljtönöБөөрөлжтөнө

2025-10-07

52

ᠪᠥᠭᠡᠷᠡᠯᠵᠢᠭᠡᠨ᠎ᠡ

   ᠲᠤᠰ ᠡᠮ ᠪᠣᠯ ᠴᠠᠩᠬᠤᠢ ᠴᠡᠴᠡᠭ ᠦ᠋ᠨ ᠢᠵᠠᠭᠤᠷ ᠤ᠋ᠨ ᠤᠷᠭᠤᠮᠠᠯ ᠪᠣᠯᠬᠤ ᠴᠠᠢᠪᠤᠷ ᠪᠥᠭᠡᠷᠡᠯᠵᠢᠭᠡᠨ᠎ᠡ ᠶ᠋ᠢᠨ ᠡᠰᠢ ᠮᠥᠨ᠃ ᠪᠠᠰᠠ ᠭᠠᠨᠳᠠᠭᠠᠷᠢ᠂ ᠰᠧᠩᠼᠧᠷ ᠭᠡᠳᠡᠭ᠃
   [ ᠤᠤᠯ ᠤᠷᠭᠤᠮᠠᠯ] ᠪᠤᠲᠠ ᠮᠣᠳᠣ᠃ 1m ᠣᠷᠴᠢᠮ ᠥᠨᠳᠥᠷ᠂ ᠡᠰᠢ ᠨᠢ ᠰᠢᠯᠤᠭᠤᠨ᠂ ᠮᠠᠲᠠᠷᠢᠨ ᠨᠤᠭᠤᠷᠠᠭᠰᠠᠨ ᠵᠥᠭᠡᠯᠡᠨ ᠦᠰᠦ ᠪᠣᠯᠤᠨ ᠬᠠᠯᠢᠰᠤᠨ ᠥᠷᠭᠡᠰᠦ ᠲᠡᠢ᠃ ᠭᠤᠷᠪᠠᠯᠠᠭᠰᠠᠨ ᠥᠳᠥᠯᠢᠭ ᠨᠡᠢᠯᠡᠮᠡᠯ ᠨᠠᠪᠴᠢ ᠲᠠᠢ᠂ ᠴᠤᠪᠤᠷᠠᠨ ᠤᠷᠭᠤᠨ᠎ᠠ᠂5~15cm ᠤᠷᠲᠤ᠃ ᠨᠠᠪᠴᠢᠨ ᠪᠠᠷᠢᠭᠤᠯ ᠨᠢ 2~8cm ᠤᠷᠲᠤ᠂ ᠮᠠᠲᠠᠷᠢᠨ ᠨᠤᠭᠤᠷᠠᠭᠰᠠᠨ ᠵᠥᠭᠡᠯᠡᠨ ᠦᠰᠦ ᠪᠠ ᠲᠠᠷᠠᠮᠠᠭ ᠰᠢᠯᠤᠭᠤᠨ ᠥᠷᠭᠡᠰᠦ ᠲᠡᠢ᠂ ᠬᠠᠶᠠ ᠪᠤᠯᠴᠢᠷᠬᠠᠢ ᠦᠰᠦ ᠬᠣᠯᠢᠯᠳᠤᠨ ᠤᠷᠭᠤᠭᠰᠠᠨ ᠪᠠᠢᠳᠠᠭ᠃ ᠣᠷᠣᠢ ᠳ᠋ᠠᠬᠢ ᠵᠢᠵᠢᠭ ᠨᠠᠪᠴᠢ ᠨᠢ ᠬᠠᠵᠠᠭᠤ ᠶ᠋ᠢᠨ ᠵᠢᠵᠢᠭ ᠨᠠᠪᠴᠢ ᠠ᠋ᠴᠠ ᠪᠠᠨ ᠲᠣᠮᠣ᠂ ᠵᠢᠵᠢᠭ ᠨᠠᠪᠴᠢ ᠨᠢ ᠥᠨᠳᠡᠭᠡᠯᠵᠢᠨ᠂ ᠥᠷᠭᠡᠨ ᠥᠨᠳᠡᠭᠡᠯᠵᠢᠨ ᠪᠤᠶᠤ ᠬᠠᠪᠲᠠᠭᠠᠢ ᠲᠡᠪᠡᠨᠡᠯᠢᠭ ᠥᠨᠳᠡᠭᠡᠯᠵᠢᠨ ᠬᠡᠯᠪᠡᠷᠢ ᠲᠡᠢ᠂ 3~10cm ᠤᠷᠲᠤ᠂ 1.5~6cm ᠥᠷᠭᠡᠨ ᠱᠣᠪᠲᠣᠭᠣᠷ ᠦᠵᠦᠭᠦᠷ ᠲᠡᠢ᠂ ᠲᠣᠭᠣᠷᠢᠭ ᠪᠤᠶᠤ ᠵᠢᠷᠦᠬᠡᠨ ᠬᠡᠯᠪᠡᠷᠢ ᠰᠢᠭ ᠤᠭ ᠲᠠᠢ᠂ ᠬᠢᠷᠥᠭᠡᠨ ᠰᠢᠳᠦᠨ ᠬᠥᠪᠡᠭᠡ ᠲᠡᠢ᠂ ᠲᠣᠮᠣ ᠬᠢᠷᠥᠭᠡᠨ ᠰᠢᠳᠦᠨ ᠬᠥᠪᠡᠭᠡ ᠲᠡᠢ ᠨᠢ ᠴᠥᠭᠡᠨ ᠪᠥᠭᠡᠳ ᠰᠢᠳᠦᠨ ᠦ᠌ ᠦᠵᠦᠭᠦᠷ ᠲᠤᠨᠢ ᠬᠤᠷᠴᠠ ᠥᠷᠭᠡᠰᠦ ᠲᠡᠢ᠂ ᠨᠠᠪᠴᠢᠨ ᠤ᠋ ᠥᠪᠥᠷ ᠨᠢ ᠨᠣᠭᠣᠭᠠᠨ ᠥᠩᠭᠡ ᠲᠡᠢ᠂ ᠣᠬᠣᠷ ᠵᠥᠭᠡᠯᠡᠨ ᠦᠰᠦ ᠲᠡᠢ ᠪᠤᠶᠤ ᠪᠠᠷᠤᠭ ᠦᠰᠦ ᠦᠭᠡᠢ᠂ ᠠᠷᠤ ᠳ᠋ᠤᠨᠢ ᠢᠰᠡᠭᠡᠢᠯᠢᠭ ᠴᠠᠭᠠᠨ ᠦᠰᠦ ᠲᠡᠢ ᠪᠥᠭᠡᠳ ᠨᠠᠪᠴᠢᠨ ᠰᠤᠳᠠᠯ ᠢ᠋ᠶ᠋ᠠᠨ ᠳᠠᠭᠠᠭᠠᠳ ᠵᠢᠵᠢᠭ ᠥᠷᠭᠡᠰᠦ ᠲᠡᠢ᠂ ᠣᠷᠣᠢ ᠳ᠋ᠠᠬᠢ ᠵᠢᠵᠢᠭ ᠨᠠᠪᠴᠢ ᠨᠢ ᠤᠷᠲᠤ ᠪᠠᠷᠢᠭᠤᠯ ᠲᠠᠢ᠂ ᠬᠠᠵᠠᠭᠤ ᠶ᠋ᠢᠨ ᠵᠢᠵᠢᠭ ᠨᠠᠪᠴᠢ ᠨᠢ ᠪᠠᠷᠢᠭᠤᠯ ᠦᠭᠡᠢ ᠪᠤᠶᠤ ᠮᠠᠰᠢ ᠣᠬᠣᠷ ᠪᠠᠷᠢᠭᠤᠯ ᠲᠠᠢ᠃ ᠲᠣᠰᠬᠣᠭᠤᠷ ᠨᠠᠪᠴᠢ ᠨᠢ ᠱᠣᠷᠣᠯᠵᠢᠨ ᠬᠡᠯᠪᠡᠷᠢ ᠲᠡᠢ᠂ 3~5mm ᠤᠷᠲᠤ᠂ ᠮᠠᠲᠠᠷᠢᠨ ᠨᠤᠭᠤᠷᠠᠭᠰᠠᠨ ᠵᠥᠭᠡᠯᠡᠨ ᠦᠰᠦ᠂ ᠪᠤᠯᠴᠢᠷᠬᠠᠢ ᠦᠰᠦ ᠪᠠ ᠥᠷᠭᠡᠰᠦ ᠲᠡᠢ᠃ ᠴᠡᠴᠡᠭ ᠦ᠋ᠨ ᠳ᠋ᠢᠶᠠᠮᠧᠲ᠋ᠷ ᠨᠢ 2cm ᠣᠷᠴᠢᠮ᠂ ᠴᠡᠴᠡᠭ ᠦ᠋ᠨ ᠲᠣᠭᠳᠣᠢ ᠶ᠋ᠢᠨ ᠭᠠᠳᠠᠷ ᠲᠠᠯ᠎ᠠ ᠳ᠋ᠤᠨᠢ ᠨᠢᠭ ᠮᠠᠲᠠᠷᠢᠨ ᠨᠤᠭᠤᠷᠠᠭᠰᠠᠨ ᠵᠥᠭᠡᠯᠡᠨ ᠦᠰᠦ᠂ ᠪᠤᠯᠴᠢᠷᠬᠠᠢ ᠦᠰᠦ ᠪᠣᠯᠤᠨ ᠥᠷᠭᠡᠰᠦ ᠲᠡᠢ᠂ ᠲᠣᠭᠳᠣᠢ ᠶ᠋ᠢᠨ ᠬᠣᠭᠣᠯᠠᠢ ᠨᠢ ᠲᠠᠪᠠᠭ ᠬᠡᠯᠪᠡᠷᠢ ᠲᠡᠢ᠂ ᠲᠣᠭᠳᠣᠢ ᠢᠯᠲᠠᠰᠤ ᠨᠢ ᠤᠷᠲᠤ ᠭᠤᠷᠪᠠᠯᠵᠢᠨ ᠬᠡᠯᠪᠡᠷᠢ ᠲᠡᠢ᠂5mm ᠣᠷᠴᠢᠮ ᠤᠷᠲᠤ᠂ ᠣᠷᠣᠢ ᠳ᠋ᠤᠨᠢ ᠤᠷᠲᠤ ᠰᠤᠷ ᠲᠠᠢ᠂ ᠳᠣᠲᠣᠷ᠎ᠠ ᠲᠠᠯ᠎ᠠ ᠳ᠋ᠤᠨᠢ ᠬᠥᠪᠥᠩ ᠦᠰᠦ ᠲᠡᠢ᠃ ᠴᠡᠴᠡᠭ ᠦ᠋ᠨ ᠬᠡᠯᠲᠡᠰ ᠨᠢ ᠴᠠᠭᠠᠨ᠂ ᠲᠣᠩᠭᠣᠷᠤᠤ ᠬᠠᠪᠲᠠᠭᠠᠢ ᠲᠡᠪᠡᠨᠡ ᠬᠡᠯᠪᠡᠷᠢ ᠲᠡᠢ᠂8mm ᠣᠷᠴᠢᠮ ᠤᠷᠲᠤ᠂ ᠣᠯᠠᠨ ᠡᠷ᠎ᠡ ᠲᠣᠭᠣᠷᠴᠣᠭ ᠲᠠᠢ᠂ ᠡᠮ᠎ᠡ ᠲᠣᠭᠣᠷᠴᠣᠭ ᠨᠢ ᠰᠠᠯᠤᠩᠭᠢ ᠪᠥᠭᠡᠳ ᠭᠣᠣᠯ ᠳ᠋ᠠᠬᠢ ᠪᠥᠮᠪᠥᠭᠡᠯᠢᠭ ᠬᠡᠯᠪᠡᠷᠢ ᠲᠡᠢ ᠴᠡᠴᠡᠭ ᠦ᠋ᠨ ᠰᠠᠭᠤᠳᠠᠯ ᠳᠡᠭᠡᠷ᠎ᠡ ᠤᠷᠭᠤᠨ᠎ᠠ᠃ ᠴᠡᠴᠡᠭ ᠦ᠋ᠨ ᠪᠠᠭᠠᠨ᠎ᠠ ᠨᠢ ᠣᠷᠣᠢ ᠣᠷᠴᠢᠮ ᠳ᠋ᠤᠨᠢ ᠤᠷᠭᠤᠨ᠎ᠠ᠃ ᠨᠡᠢᠯᠡᠮᠡᠯ ᠵᠢᠮᠢᠰ ᠲᠡᠢ᠂ ᠮᠠᠰᠢ ᠣᠯᠠᠨ ᠤᠯᠠᠭᠠᠨ ᠥᠩᠭᠡ ᠲᠡᠢ ᠵᠢᠵᠢᠭ ᠶᠠᠰᠤᠲᠤ ᠵᠢᠮᠢᠰ ᠲᠡᠢ᠃ 6~7 ᠳ᠋ᠤᠭᠠᠷ ᠰᠠᠷ᠎ᠠ ᠳ᠋ᠤ᠌ ᠴᠡᠴᠡᠭᠯᠡᠵᠦ᠂ 8~9 ᠳ᠋ᠦ᠍ᠭᠡᠷ ᠰᠠᠷ᠎ᠠ ᠳ᠋ᠤ᠌ ᠵᠢᠮᠢᠰᠯᠡᠨ᠎ᠡ᠃
   [ ᠤᠷᠭᠤᠬᠤ ᠣᠷᠴᠢᠨ ᠬᠢᠭᠡᠳ ᠲᠠᠷᠬᠠᠴᠠ] ᠠᠭᠤᠯᠠᠨ ᠣᠷᠣᠨ ᠤ᠋ ᠣᠢ ᠶ᠋ᠢᠨ ᠳᠣᠣᠷ᠎ᠠ᠂ ᠣᠢ ᠶ᠋ᠢᠨ ᠬᠥᠪᠡᠭᠡ ᠶ᠋ᠢᠨ ᠪᠤᠲᠠ ᠮᠣᠳᠣ ᠪᠣᠯᠤᠨ ᠠᠭᠤᠯᠠᠨ ᠭᠣᠣ ᠳ᠋ᠤ᠌ ᠤᠷᠭᠤᠨ᠎ᠠ᠃ ᠬᠠᠷᠠᠮᠦ᠋ᠷᠡᠨ᠂ ᠬᠢᠷᠢᠨ᠂ ᠯᠢᠶᠣᠤᠨᠢᠩ᠂ ᠥᠪᠥᠷ ᠮᠣᠩᠭᠣᠯ᠂ ᠾᠧᠪᠧᠢ᠂ ᠭᠠᠨᠰᠦ᠂ ᠬᠥᠬᠡᠨᠠᠭᠤᠷ ᠰᠢᠨᠵᠢᠶᠠᠩ ᠳ᠋ᠤ᠌ ᠲᠠᠷᠬᠠᠴᠠ ᠲᠠᠢ᠃
   [ ᠲᠡᠭᠦᠵᠦ ᠪᠣᠯᠪᠠᠰᠤᠷᠠᠭᠤᠯᠬᠤ] ᠵᠤᠨ᠂ ᠨᠠᠮᠤᠷ ᠡᠰᠢ ᠶ᠋ᠢ ᠨᠢ ᠬᠠᠳᠤᠵᠤ ᠠᠪᠤᠭᠠᠳ ᠬᠡᠷᠴᠢᠮᠯᠡᠵᠦ ᠨᠠᠷᠠᠨ ᠳ᠋ᠤ᠌ ᠬᠠᠲᠠᠭᠠᠨ᠎ᠠ᠃
   [ ᠠᠮᠲᠠ᠂ ᠴᠢᠨᠠᠷ᠂ ᠡᠷᠳᠡᠮ] ᠠᠮᠲᠠᠯᠢᠭ᠂ ᠥᠴᠦᠬᠡᠨ ᠭᠤᠱᠤᠭᠤᠨ ᠠᠮᠲᠠ ᠲᠠᠢ; ᠲᠡᠭᠰᠢ ᠴᠢᠨᠠᠷ ᠲᠠᠢ ; ᠵᠥᠭᠡᠯᠡᠨ ᠡᠷᠳᠡᠮ ᠲᠡᠢ᠃
   [ ᠴᠢᠳᠠᠯ ᠪᠠ ᠭᠣᠣᠯᠳᠠᠭᠤ ᠵᠠᠰᠠᠬᠤ] ᠬᠢᠵᠢᠭ ᠢ᠋ ᠪᠣᠯᠪᠠᠰᠤᠷᠠᠭᠤᠯᠬᠤ᠂ ᠬᠠᠨᠢᠶᠠᠬᠤ ᠶ᠋ᠢ ᠵᠣᠭᠰᠣᠭᠠᠬᠤ᠂ ᠮᠠᠬᠠᠪᠣᠳ ᠢ᠋ ᠲᠡᠭᠰᠢᠳᠬᠡᠬᠦ ᠴᠢᠳᠠᠯ ᠲᠠᠢ᠃ ᠭᠣᠣᠯᠳᠠᠭᠤ ᠡᠰᠡ ᠪᠣᠯᠪᠠᠰᠤᠷᠠᠭᠰᠠᠨ ᠬᠠᠯᠠᠭᠤᠨ᠂ ᠬᠢᠮᠤᠷᠠᠭᠰᠠᠨ ᠬᠠᠯᠠᠭᠤᠨ᠂ ᠬᠡᠢ ᠬᠠᠪᠰᠤᠷᠤᠭᠰᠠᠨ ᠬᠠᠯᠠᠭᠤᠨ᠂ ᠲᠠᠭᠰᠢᠭᠤᠷ ᠬᠠᠨᠢᠶᠠᠳᠤ ᠵᠡᠷᠭᠡ ᠶ᠋ᠢ ᠵᠠᠰᠠᠬᠤ ᠳ᠋ᠤ᠌ ᠬᠡᠷᠡᠭᠯᠡᠨ᠎ᠡ᠃

   ᠬᠢᠲᠠᠳ ᠨᠡᠷ᠎ᠡ᠄悬钩子木、库页悬钩子木
   ᠠᠩᠭ᠌ᠯᠢ ᠨᠡᠷ᠎ᠡ᠄Rubus sachalinensis Leueille

   ᠦᠰᠦᠭ ᠠᠮᠢᠯᠠᠭᠤᠯᠤᠭᠴᠢ᠄ ᠡᠷᠳᠡᠨᠢᠭᠣᠸ᠎ᠠ
   ᠬᠢᠨᠠᠭᠴᠢ᠄ ᠴᠡᠪᠡᠷᠴᠡᠴᠡᠭ