ᠮᠣᠩᠭᠣᠯ ᠦᠨᠳᠦᠰᠦᠲᠡᠨ ᠦ ᠰᠢᠯᠭᠠᠷᠠᠭᠰᠠᠨ ᠠᠷᠠᠳᠴᠢᠯᠠᠭᠰᠠᠨ ᠬᠤᠪᠢᠰᠬᠠᠯᠴᠢ ᠰᠢᠨᠡᠯᠠᠮ᠎ᠠ - ᠬᠣᠶᠠᠳᠤᠭᠠᠷ ᠪᠦᠯᠦᠭ᠂ᠥᠯᠵᠡᠢᠵᠢᠷᠭᠠᠯ– ᠭᠢᠯᠠᠯᠵᠠᠭᠰᠠᠨ ᠨᠢᠭᠡ ᠨᠠᠰᠤ7(1) Шинэлам – 2-р бүлэг᠂ Өлзийжаргал– гялалзсан нэг нас 7(1) ᠲᠡᠥᠬᠡ ᠰᠣᠶᠣᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠣᠩᠭᠣᠯ ᠦᠨᠳᠦᠰᠦᠲᠡᠨ ᠦ ᠰᠢᠯᠭᠠᠷᠠᠭᠰᠠᠨ ᠠᠷᠠᠳᠴᠢᠯᠠᠭᠰᠠᠨ ᠬᠤᠪᠢᠰᠬᠠᠯᠴᠢ ᠰᠢᠨᠡᠯᠠᠮ᠎ᠠ - ᠬᠣᠶᠠᠳᠤᠭᠠᠷ ᠪᠦᠯᠦᠭ᠂ᠥᠯᠵᠡᠢᠵᠢᠷᠭᠠᠯ– ᠭᠢᠯᠠᠯᠵᠠᠭᠰᠠᠨ ᠨᠢᠭᠡ ᠨᠠᠰᠤ7(1) Шинэлам – 2-р бүлэг᠂ Өлзийжаргал– гялалзсан нэг нас 7(1)

ᠮᠣᠩᠭᠣᠯ ᠦᠨᠳᠦᠰᠦᠲᠡᠨ ᠦ ᠰᠢᠯᠭᠠᠷᠠᠭᠰᠠᠨ ᠠᠷᠠᠳᠴᠢᠯᠠᠭᠰᠠᠨ ᠬᠤᠪᠢᠰᠬᠠᠯᠴᠢ ᠰᠢᠨᠡᠯᠠᠮ᠎ᠠ - ᠬᠣᠶᠠᠳᠤᠭᠠᠷ ᠪᠦᠯᠦᠭ᠂ᠥᠯᠵᠡᠢᠵᠢᠷᠭᠠᠯ– ᠭᠢᠯᠠᠯᠵᠠᠭᠰᠠᠨ ᠨᠢᠭᠡ ᠨᠠᠰᠤ7(1) Шинэлам – 2-р бүлэг᠂ Өлзийжаргал– гялалзсан нэг нас 7(1)

ᠠᠩᠭᠢᠯᠠᠯ:ᠲᠡᠥᠬᠡ ᠰᠣᠶᠣᠯ
2025-10-09

13

ᠳᠣᠯᠣᠭ᠎ᠠ᠂ ᠭᠠᠳᠠᠭᠠᠳᠤ ᠳ᠋ᠤ᠌ ᠰᠤᠷᠤᠯᠴᠠᠬᠤ ᠪᠠᠷ ᠶᠠᠪᠤᠭᠰᠠᠨ ᠨᠢ

(ᠨᠢᠭᠡ) ᠂ ᠠᠶᠠᠨ ᠤ᠋ ᠵᠠᠮ ᠳ᠋ᠠᠭᠠᠨ

 
       1924 ᠣᠨ ᠤ᠋8 ᠰᠠᠷ᠎ᠠ ᠳ᠋ᠤ᠌ ᠰᠢᠨᠠᠯᠠᠮ᠎ᠠ ᠪᠡᠭᠡᠵᠢᠩ ᠡᠴᠡ ᠥᠪᠡᠷ ᠦ᠋ᠨ ᠨᠤᠲᠤᠭ ᠭᠠᠯᠠᠭᠤᠲᠤ ᠶ᠋ᠢᠨ ᠪᠤᠵᠠᠢ ᠳ᠋ᠠᠭᠠᠨ ᠪᠤᠴᠠᠨ ᠢᠷᠡᠵᠡᠢ᠃ ᠲᠡᠭᠦᠨ ᠢ᠋ ᠬᠠᠷᠢᠵᠤ ᠢᠷᠡᠬᠦ ᠡᠴᠡ ᠡᠮᠦᠨ᠎ᠡ ᠨᠤᠲᠤᠭ ᠤ᠋ᠨ ᠬᠢᠨᠢ ᠲᠠᠨᠲᠠᠷ ᠲᠠᠢᠵᠢ ᠭᠡᠭᠴᠢ ᠬᠥᠮᠦᠨ ᠳᠤᠭᠤᠢᠯᠠᠩ ᠠ᠋ᠴᠠ ᠤᠷᠪᠠᠵᠤ ᠦᠦᠰᠢᠨ ᠨᠣᠶᠠᠨ ᠤ᠋ ᠲᠠᠪᠢᠨ ᠴᠡᠷᠢᠭ ᠦ᠋ᠨ ᠲᠣᠮᠢ ᠲᠦᠷᠦᠭᠦᠦ ᠪᠣᠯᠴᠢᠬᠠᠭᠠᠳ ᠰᠢᠨᠠᠯᠠᠮ᠎ᠠ ᠶ᠋ᠢ ᠬᠠᠷᠢᠵᠤ ᠢᠷᠡᠪᠡᠯ ᠴᠡᠷᠢᠭ ᠳᠠᠭᠠᠭᠤᠯᠤᠨ ᠪᠠᠷᠢᠪᠴᠢᠯᠠᠬᠤ ᠪᠠᠷ ᠭᠡᠲᠡᠨ ᠬᠦᠯᠢᠶᠡᠵᠦ ᠪᠠᠢᠵᠠᠢ᠃ ᠰᠢᠨᠡᠯᠡᠮ᠎ᠡ ᠶ᠋ᠢ ᠢᠷᠡᠮᠡᠭᠴᠡ ᠳᠤᠭᠤᠢᠯᠠᠩ ᠤ᠋ᠨ ᠨᠥᠬᠥᠳ ᠨᠢ ᠡᠨᠡ ᠪᠠᠢᠳᠠᠯ ᠢ᠋ ᠲᠡᠭᠦᠨ ᠳ᠋ᠦ᠍ ᠳᠠᠮᠵᠢᠭᠤᠯᠤᠭᠰᠠᠨ ᠳ᠋ᠤ᠌ ᠰᠢᠨᠡᠯᠡᠮ᠎ᠡ ᠴᠦ᠍ ᠰᠡᠷᠡᠮᠵᠢ ᠲᠡᠢ ᠪᠠᠢᠵᠤ ᠡᠳᠦᠷ ᠲᠦ᠍ ᠪᠤᠷᠭᠠᠰᠤᠨ ᠳᠥᠭᠥᠮ ᠪᠤᠶᠤ ᠳᠠᠯᠳᠠ ᠭᠠᠵᠠᠷ ᠢ᠋ᠶ᠋ᠠᠷ ᠨᠢᠭᠤᠵᠤ ᠰᠥᠨᠢ ᠨᠢ ᠳᠤᠭᠤᠢᠯᠠᠩ ᠤ᠋ᠨ ᠠᠨᠳᠠ ᠨᠥᠬᠥᠳ ᠦ᠋ᠨ ᠢ᠋ᠶ᠋ᠡᠨ ᠭᠡᠷ ᠡᠷᠦᠬᠡ ᠪᠡᠷ ᠨᠢᠭᠤᠨ ᠳᠠᠯᠳᠠᠯᠠᠵᠤ ᠲᠥᠷᠥ ᠶ᠋ᠢᠨ ᠡᠷᠬᠡ ᠶ᠋ᠢ ᠬᠡᠷᠬᠢᠨ ᠲᠡᠮᠡᠴᠡᠨ ᠣᠯᠬᠤ ᠬᠤᠪᠢᠰᠬᠠᠯ ᠤ᠋ᠨ ᠲᠤᠬᠠᠢ ᠣᠯᠠᠨ ᠳ᠋ᠠᠭᠠᠨ ᠤᠬᠠᠭᠤᠯᠵᠠᠢ᠃ ᠲᠤᠬᠠᠢ ᠶ᠋ᠢᠨ ᠦᠶ᠎ᠡ ᠳ᠋ᠦ᠍ ᠬᠠᠯᠬ᠎ᠠ ᠮᠣᠩᠭᠣᠯ ᠳ᠋ᠤ᠌ ᠬᠤᠪᠢᠰᠬᠠᠯ ᠢᠯᠠᠯᠲᠠ ᠣᠯᠤᠭᠰᠠᠨ ᠲᠤᠯᠠ ᠲᠡᠨᠳᠡ ᠣᠴᠢᠵᠤ ᠰᠤᠷᠤᠯᠴᠠᠬᠤ ᠲᠤᠬᠠᠢ ᠨᠥᠬᠥᠳ ᠲᠡᠢ ᠪᠡᠨ ᠵᠥᠪᠳᠡᠯᠴᠡᠵᠦ᠂ ᠨᠢᠭᠡ ᠪᠦᠯᠦᠭ ᠬᠥᠮᠦᠰ ᠢ᠋ ᠳᠠᠭᠠᠭᠤᠯᠵᠤ ᠶᠠᠪᠤᠬᠤ ᠪᠠᠷ ᠨᠢᠭᠤᠴᠠ ᠪᠠᠷ ᠪᠡᠯᠡᠳᠦᠯ᠎ᠡ᠃  
       8 ᠰᠠᠷ᠎ᠠ ᠶ᠋ᠢᠨ ᠰᠡᠭᠦᠯᠴᠢ ᠶ᠋ᠢᠨ ᠨᠢᠭᠡᠨ ᠥᠯᠵᠡᠢᠲᠦ ᠡᠳᠦᠷ ᠢ᠋ ᠰᠣᠩᠭᠣᠵᠤ ᠰᠠᠢᠰᠢᠩᠭ᠎ᠠ᠂ ᠮᠠᠨᠳᠤᠬᠤᠥ᠌ᠯᠵᠠᠢ᠂ ᠴᠣᠭᠲᠤ᠂ ᠰᠠᠷᠪᠠᠵᠠᠪ᠂(ᠬᠠᠯᠵᠠᠨ) ᠪᠠᠯᠳᠠᠨ᠂ ᠨᠢᠮᠠᠷᠢᠨᠴᠢᠨ᠂ ᠳᠠᠷᠢᠮ᠎ᠠ᠂ ᠰᠡᠷᠡᠩᠷᠤᠯᠮ᠎ᠠ᠂  ᠳᠠᠨᠽᠠᠨ᠂ ᠰᠠᠮᠪᠤᠤ᠂ ᡀᠠᠮᠥ᠋ᠵᠠᠪ᠂ ᠲᠡᠭᠦᠰᠵᠢᠷᠭᠠᠯᠠᠩ᠂ ᠲᠦᠪᠰᠢᠨ᠂ ᠰᠤᠩᠨᠠᠢ᠂ ᠭᠦᠩᠭ᠎ᠠ(ᠰᠢᠨᠠᠯᠠᠮ᠎ᠠ ᠶ᠋ᠢᠨ ᠬᠦᠦ᠂14 ᠨᠠᠰᠤᠲᠠᠢ) ᠪᠣᠯᠤᠨ ᠰᠢᠨᠠᠯᠠᠮ᠎ᠠ ᠲᠠᠢ ᠨᠡᠢᠲᠡ ᠠᠷᠪᠠᠨ ᠵᠢᠷᠭᠤᠭᠠᠨ ᠬᠥᠮᠦᠨ ᠰᠡᠮᠡᠬᠡᠷ ᠰᠢᠨᠡᠯᠡᠮ᠎ᠡ ᠶ᠋ᠢᠨ ᠭᠡᠷ(ᠥᠨᠥ ᠶ᠋ᠢᠨ ᠭᠠᠯᠠᠭᠤᠲᠤ ᠰᠤᠮᠤᠨ ᠤ᠋ ᠪᠤᠵᠠᠢ ᠭᠠᠴᠠᠭᠠᠨ ᠤ᠋ ᠬᠠᠰᠪᠠᠶᠠᠷ ᠤ᠋ᠨ ᠪᠡᠯᠴᠢᠭᠡᠷ ᠭᠠᠵᠠᠷ ᠲᠤ᠌ ᠪᠠᠢᠭ᠎ᠠ ᠰᠢᠨᠡᠯᠡᠮ᠎ᠡ ᠶ᠋ᠢᠨ ᠬᠠᠭᠤᠴᠢᠨ ᠨᠤᠲᠤᠭ) ᠲᠤ᠌ ᠴᠤᠭᠯᠠᠷᠠᠪᠠ᠃  ᠲᠡᠳᠡ ᠠᠶᠠᠨ ᠤ᠋ ᠬᠦᠨᠡᠰᠦ ᠬᠠᠭᠤᠷᠤᠭᠰᠠᠨ ᠠᠮᠤ᠂ ᠴᠥᠷᠮ᠎ᠡ ᠲᠣᠰᠣ᠂ ᠪᠤᠳᠠᠭ᠎ᠠ᠂ ᠬᠠᠲᠠᠭᠰᠠᠨ ᠮᠢᠬ᠎ᠠ ᠵᠡᠷᠭᠡ ᠪᠣᠯᠤᠨ ᠭᠠᠤᠯᠢᠨ ᠲᠣᠭᠣᠭ᠎ᠠ ᠰᠢᠨᠠᠭ᠎ᠠ ᠪᠠᠨ ᠮᠣᠷᠢᠨ ᠳ᠋ᠠᠭᠠᠨ ᠭᠠᠨᠵᠤᠭᠠᠯᠠᠵᠤ᠂ ᠰᠢᠨᠡᠯᠡᠮ᠎ᠡ ᠶ᠋ᠢᠨ ᠭᠡᠷ ᠦ᠋ᠨ ᠵᠡᠭᠦᠨ ᠬᠣᠢᠲᠤᠬᠢ ᠥᠨᠳᠥᠷ ᠬᠠᠷ᠎ᠠ ᠲᠣᠯᠣᠭᠠᠢ ᠶ᠋ᠢᠨ ᠣᠷᠣᠢ ᠳ᠋ᠠᠬᠢ ᠰᠢᠨᠠᠯᠠᠮ᠎ᠠ᠂ ᠪᠦᠷᠢᠨᠪᠠᠶᠠᠷ᠂ ᠳᠠᠮᠪᠠᠷᠠᠪᠰᠠᠯ ᠵᠡᠷᠭᠡ ᠡᠷᠦᠬᠡ ᠶ᠋ᠢᠨ ᠲᠠᠬᠢᠵᠤ ᠰᠢᠲᠦᠳᠡᠭ ᠡᠷᠲᠡᠨ ᠦ᠌ ᠮᠣᠩᠭᠣᠯᠴᠤᠳ ᠤ᠋ᠨ ᠪᠥᠬᠡ ᠮᠥᠷᠭᠥᠯ ᠦ᠋ᠨ ᠱᠠᠰᠢᠨ ᠤ᠋ ᠲᠤᠩᠭᠠᠯᠠᠭ ᠤ᠋ᠨ ᠣᠪᠣᠭᠠᠨ ᠳᠡᠭᠡᠷ᠎ᠡ ᠭᠠᠷᠴᠠᠭᠠᠪᠠ᠃ ᠣᠯᠠᠨ ᠢ᠋ᠶ᠋ᠠᠷ ᠢ᠋ᠶ᠋ᠠᠨ ᠬᠠᠷᠢ ᠭᠦᠷᠦᠨ ᠳ᠋ᠦ᠍ ᠠᠶᠠᠯᠠᠬᠤ ᠬᠣᠯᠠ ᠶ᠋ᠢᠨ ᠵᠠᠮ ᠳ᠋ᠤ᠌ ᠮᠣᠷᠳᠠᠬᠤ ᠠ᠋ᠴᠠ ᠪᠠᠨ ᠡᠮᠦᠨ᠎ᠡ ᠨᠤᠲᠤᠭ ᠤᠰᠤᠨ ᠤ᠋ ᠡᠵᠡᠳ ᠰᠠᠬᠢᠭᠤᠯᠰᠤᠨ ᠳ᠋ᠤ᠌ ᠵᠠᠯᠪᠠᠷᠢᠨ ᠮᠥᠷᠭᠥᠵᠦ ᠳᠠᠭᠠᠳᠬᠠᠯ ᠬᠢᠭᠡᠳ ᠬᠣᠢᠰᠢ ᠮᠣᠷᠳᠠᠵᠠᠢ᠃ ᠲᠡᠳᠡ ᠦᠦᠰᠢᠨ ᠬᠤᠰᠢᠭᠤᠨ ᠤ᠋ ᠭᠠᠵᠠᠷ ᠠ᠋ᠴᠠ ᠵᠠᠭᠤ ᠭᠠᠷᠤᠢ ᠭᠠᠵᠠᠷ ᠠᠶᠠᠯᠠᠵᠤ ᠣᠲᠣᠭ ᠬᠤᠰᠢᠭᠤᠨ ᠤ᠋ ᠬᠠᠷᠢᠶᠠᠨ ᠭᠠᠵᠠᠷ ᠲᠤ᠌ ᠬᠦᠷᠴᠡᠢ᠃  
       ᠲᠡᠳᠡ ᠠᠶᠠᠨ ᠵᠠᠮ ᠤ᠋ᠨ ᠲᠤᠷᠰᠢ ᠠᠢᠯ ᠡᠷᠦᠬᠡ ᠳ᠋ᠦ᠍ ᠣᠷᠣᠯ ᠦᠭᠡᠢ ᠬᠠᠭᠤᠷᠠᠢ ᠬᠦᠨᠡᠰᠦ ᠪᠡᠨ ᠢᠳᠡᠵᠦ ᠶᠠᠪᠤᠭᠰᠠᠭᠠᠷ ᠭᠤᠷᠪᠠᠳᠤᠭᠠᠷ ᠡᠳᠦᠷ ᠥᠨᠳᠥᠷ ᠠᠭᠤᠯᠠ ᠶ᠋ᠢ ᠳᠠᠪᠠᠵᠤ ᠬᠠᠷᠠᠬᠤᠯ᠎ᠠ ᠵᠡᠷᠭᠡᠯᠡᠳᠡᠭᠡ ᠬᠡᠳᠦᠨ ᠡᠷᠦᠬᠡ ᠶ᠋ᠢᠨ ᠰᠠᠭᠤᠷᠢᠰᠢᠯ ᠠ᠋ᠴᠠ ᠠᠷᠭᠠᠯ ᠤ᠋ᠨ ᠤᠲᠤᠭ᠎ᠠ ᠰᠤᠭᠤᠨᠠᠭᠯᠠᠨ ᠦᠵᠡᠭᠳᠡᠨ᠎ᠡ᠃ ᠲᠡᠳᠡᠨᠦᠰ ᠦ᠋ᠨ ᠳᠣᠲᠣᠷ᠎ᠠ ᠨᠠᠷᠠᠨ ᠭᠠᠷᠤᠭᠰᠠᠨ ᠰᠢᠭ᠋ ᠪᠠᠶᠠᠷᠯᠠᠯ᠎ᠠ᠂ ᠣᠳᠣ ᠲᠡᠷᠡ ᠠᠢᠯ ᠤ᠋ᠳ ᠲᠤ᠌ ᠣᠴᠢᠪᠠᠯ ᠤᠰᠤ ᠤᠤᠭᠤᠬᠤ ᠪᠠᠢᠲᠤᠭᠠᠢ ᠬᠣᠭᠣᠯᠠ ᠴᠤ᠌ ᠴᠢᠨᠠᠭᠠᠳ ᠪᠡᠯᠡᠳᠬᠡᠴᠢᠬᠡᠭᠰᠡᠨ ᠪᠠᠢᠬᠤ ᠰᠢᠭ᠋ ᠪᠣᠳᠣᠭᠳᠠᠨ᠎ᠠ᠃ ᠣᠴᠢᠵᠠᠭᠠᠶ᠎ᠠ ᠭᠡᠵᠦ ᠵᠢᠯᠣᠭᠣ ᠰᠤᠩᠭᠠᠬᠤ ᠳ᠋ᠤ᠌ ᠰᠢᠨᠡᠯᠡᠮ᠎ᠡ ᠡᠴᠡ᠄《 ᠴᠢ ᠪᠢᠳᠡ ᠬᠠᠲᠤᠨ ᠭᠣᠣᠯ ᠤ᠋ᠨ ᠵᠠᠬ᠎ᠠ ᠬᠥᠪᠡᠭᠡ ᠳ᠋ᠦ᠍ ᠬᠦᠷᠬᠦ ᠡᠴᠡ ᠡᠮᠦᠨ᠎ᠡ ᠠᠢᠯ ᠡᠷᠦᠬᠡ ᠳ᠋ᠦ᠍ ᠣᠷᠣᠵᠤ ᠪᠣᠯᠬᠤ ᠦᠭᠡᠢ᠂ ᠤᠴᠢᠷ ᠨᠢ ᠪᠢᠳᠡ ᠪᠤᠷᠤᠭᠤᠯᠠᠨ ᠶᠠᠪᠤᠵᠤ ᠪᠠᠢᠬᠤ ᠲᠤᠯᠠ ᠬᠥᠮᠦᠨ ᠳ᠋ᠦ᠍ ᠮᠡᠳᠡᠭᠳᠡᠴᠢᠬᠡᠪᠡᠯ ᠰᠠᠭᠠᠳ ᠲᠣᠬᠢᠶᠠᠯᠳᠤᠪᠠᠯ ᠶᠠᠭᠠᠬᠢᠨ᠎ᠠ?》 ᠭᠡᠬᠦ ᠳ᠋ᠦ᠍᠂ ᠲᠦᠪᠰᠢᠨ᠄《 ᠪᠢᠳᠡ ᠦᠦᠰᠢᠨ ᠬᠤᠰᠢᠭᠤᠨ ᠠ᠋ᠴᠠ ᠬᠣᠯᠠᠳᠤᠭᠰᠠᠨ ᠲᠤᠯᠠ ᠶᠠᠮᠠᠷ ᠬᠠᠮᠢᠶ᠎ᠠ ᠪᠠᠢᠨ᠎ᠠ ᠳᠠ? ᠴᠢ ᠪᠢᠳᠡ ᠣᠳᠣ ᠪᠠᠷᠢᠭᠳᠠᠬᠤ ᠠ᠋ᠴᠠ ᠥᠩᠭᠡᠷᠡᠴᠢᠬᠡᠭᠰᠡᠨ ᠰᠢᠦ》 ᠭᠡᠨ᠎ᠡ᠃ ᠰᠢᠨᠡᠯᠡᠮ᠎ᠡ ᠢᠨᠢᠶᠡᠮᠰᠦᠭᠯᠡᠨ᠄《ᠳᠤᠭᠤᠢᠯᠠᠩ ᠤ᠋ᠨ ᠳᠠᠢᠰᠤᠨ ᠭᠡᠭᠴᠢ ᠭᠠᠭᠴᠠ ᠦᠦᠰᠢᠨ ᠬᠤᠰᠢᠭᠤᠨ ᠳ᠋ᠤ᠌ ᠪᠠᠢᠳᠠᠭ ᠪᠢᠰᠢ ᠰᠢᠦ! ᠭᠠᠵᠠᠷ ᠪᠣᠯᠭᠠᠨ ᠳ᠋ᠤ᠌ ᠳᠤᠮᠳᠠᠳᠤ ᠤᠯᠤᠰ ᠤ᠋ᠨ ᠬᠡᠪᠴᠢᠶᠡᠨ ᠳ᠋ᠦ᠍ ᠪᠦᠷ ᠯᠡ ᠪᠠᠢᠬᠤ ᠳᠠ᠁》 ᠭᠡᠵᠦ ᠬᠠᠷᠢᠭᠤᠯᠬᠤ ᠳ᠋ᠤ᠌᠂ ᠲᠦᠪᠰᠢᠨ ᠴᠦ᠍ ᠳᠤᠭᠤᠢ ᠪᠣᠯᠵᠤ ᠪᠤᠰᠤᠳ ᠨᠥᠬᠥᠳ ᠴᠦ᠍ ᠤᠴᠢᠷ ᠢ᠋ ᠨᠢ ᠣᠢᠯᠠᠭᠠᠯ᠎ᠠ᠃ 
       ᠲᠡᠳᠡ ᠠᠶᠠᠯᠠᠯ ᠤ᠋ᠨ ᠵᠠᠮ ᠳ᠋ᠠᠭᠠᠨ ᠭᠠᠵᠠᠷ ᠮᠡᠳᠡᠬᠦ ᠦᠭᠡᠢ᠂ ᠵᠠᠮ ᠴᠦ᠍ ᠲᠠᠨᠢᠬᠤ ᠦᠭᠡᠢ ᠪᠡᠷ ᠵᠦᠭ ᠴᠢᠭ ᠢ᠋ᠶ᠋ᠡᠨ  ᠪᠠᠷᠤᠭᠴᠠᠭᠠᠯᠠᠰᠬᠢᠭᠠᠳ ᠶᠠᠪᠤᠵᠠᠭᠠᠨ᠎ᠠ᠃ ᠣᠯᠠᠩᠬᠢ ᠬᠥᠮᠦᠰ ᠨᠢ ᠡᠷᠦᠬᠡ ᠭᠡᠷ ᠡᠴᠡ ᠪᠡᠨ ᠰᠠᠯᠵᠤ ᠬᠣᠯᠠ ᠶᠠᠪᠤᠵᠤ ᠥᠩᠭᠡᠷᠡᠭᠰᠡᠨ ᠦᠭᠡᠢ ᠲᠤᠯᠠ ᠢᠩᠭᠢᠵᠦ ᠴᠠᠩᠭᠠᠵᠤ ᠵᠦᠳᠡᠷᠡᠬᠦ ᠶᠢ ᠶᠡᠷᠦ ᠦᠵᠡᠭᠡᠳᠦᠢ᠃ ᠬᠣᠭᠣᠯᠠᠢ ᠠᠮᠠ ᠨᠢ ᠬᠠᠲᠠᠭᠠᠳ ᠦᠭᠡ ᠶᠠᠷᠢᠯᠴᠠᠬᠤ ᠴᠤ᠌ ᠳᠤᠷ᠎ᠠ ᠦᠭᠡᠢ ᠪᠣᠯᠴᠢᠬᠠᠵᠠᠢ᠃ ᠵᠥᠪᠬᠡᠨ ᠥᠯ ᠳᠠᠷᠤᠬᠤ ᠶ᠋ᠢᠨ ᠲᠡᠳᠦᠢ ᠲᠤᠭᠤᠯ ᠤ᠋ᠨ ᠠᠷᠠᠰᠤᠨ ᠲᠤᠯᠤᠮ ᠲᠠᠢ ᠴᠥᠷᠮ᠎ᠡ ᠬᠠᠭᠤᠷᠤᠭᠰᠠᠨ ᠠᠮᠤ ᠪᠠᠨ ᠪᠠᠭ᠎ᠠ ᠰᠠᠭ᠎ᠠ ᠢᠳᠡᠭᠡᠳ《ᠭᠠᠢ ᠳ᠋ᠤ᠌ ᠭᠠᠷᠤᠭᠰᠠᠨ ᠬᠦᠨᠡᠰᠦ ᠪᠡᠨ ᠵᠠᠢ ᠳ᠋ᠤ᠌ ᠭᠠᠷᠴᠤ ᠢᠳᠡᠨ᠎ᠡ᠁》 ᠭᠡᠵᠦ ᠵᠠᠷᠢᠮ ᠨᠢᠭᠡᠨ ᠨᠢ ᠠᠭᠤᠷ ᠴᠤ᠌ ᠬᠦᠷᠴᠦ ᠶᠠᠪᠤᠨ᠎ᠠ᠃  
       ᠲᠡᠳᠡ ᠬᠠᠲᠤᠨ ᠭᠣᠣᠯ ᠤ᠋ᠨ ᠬᠥᠪᠡᠭᠡ ᠶ᠋ᠢ ᠳᠠᠭᠠᠨ ᠶᠠᠪᠤᠭᠰᠠᠭᠠᠷ ᠰᠠᠨ ᠱᠧᠩ ᠬᠦᠩ ᠣᠯᠣᠮ ᠢ᠋ᠶ᠋ᠠᠷ ᠬᠠᠲᠤᠨ ᠭᠣᠣᠯ ᠢ᠋ ᠭᠡᠲᠦᠯᠵᠦ ᠡᠯᠢᠭᠡᠨ ᠬᠠᠢᠷᠠᠲᠤ ᠣᠷᠳᠣᠰ ᠨᠤᠲᠤᠭ ᠠ᠋ᠴᠠ ᠪᠠᠨ ᠠᠶᠠᠷᠯᠠᠯ᠎ᠠ! 
       ᠲᠡᠳᠡ ᠬᠠᠲᠤᠨ ᠭᠣᠣᠯ ᠢ᠋ ᠭᠡᠲᠦᠯᠦᠭᠰᠡᠭᠡᠷ ᠳᠠᠯᠠᠢ ᠶ᠋ᠢᠨ ᠲᠦᠪᠰᠢᠨ ᠡᠴᠡ3500 ᠮᠧᠲ᠋ᠷ ᠥᠨᠳᠥᠷ ᠡᠷᠭᠦᠭᠳᠡᠭᠰᠡᠨ ᠠᠯᠠᠱᠠ ᠠᠭᠤᠯᠠ(ᠾᠧ ᠯᠠᠨ ᠱᠠᠨ ᠠᠭᠤᠯᠠ) ᠶ᠋ᠢᠨ ᠠᠷᠤ ᠶ᠋ᠢ ᠴᠢᠭᠯᠡᠨ ᠠᠯᠠᠱᠠ ᠶᠠᠮᠤᠨ ᠳᠠᠷᠤᠢ ᠳ᠋ᠢᠩ ᠶᠤᠸᠠᠨ ᠶᠢᠩ( ᠬᠣᠯᠠᠳᠠᠬᠢᠨ ᠢ᠋ ᠲᠣᠭᠲᠠᠭᠠᠭᠴᠢ ᠬᠣᠷᠢᠶ᠎ᠠ) ᠳ᠋ᠤ᠌ ᠬᠦᠷᠬᠦ ᠪᠡᠷ ᠠᠶᠠᠯᠠᠯ᠎ᠠ᠃ ᠬᠡᠷᠪᠡ ᠤᠯᠠᠭᠠᠨᠪᠠᠭᠠᠲᠤᠷ ᠵᠦᠭ ᠶᠠᠪᠤᠪᠠᠯ ᠵᠡᠭᠦᠨ ᠬᠣᠢᠰᠢ ᠶᠠᠪᠤᠬᠤ ᠲᠦᠳᠡ ᠵᠠᠮ ᠢ᠋ ᠰᠣᠩᠭᠣᠬᠤ  ᠤᠴᠢᠷ ᠲᠠᠢ ᠪᠠᠢᠵᠠᠢ᠃  
       ᠠᠯᠠᠱᠠ ᠶ᠋ᠢᠨ ᠪᠣᠷᠵᠢᠭᠢᠨ ᠣᠪᠣᠭᠲᠤ ᠢᠵᠠᠭᠤᠷᠲᠠᠨ ᠨᠣᠶᠠᠳ ᠨᠢ ᠪᠠᠷᠠᠭᠤᠨ ᠬᠣᠢᠲᠤ ᠶ᠋ᠢᠨ ᠴᠥᠭᠡᠨ ᠲᠣᠭᠠᠲᠤ ᠦᠨᠳᠦᠰᠦᠲᠡᠨ ᠦ᠌ ᠤᠷᠪᠠᠯᠭ᠎ᠠ ᠶ᠋ᠢ ᠣᠯᠠᠨ ᠤᠳᠠᠭ᠎ᠠ ᠲᠦᠪᠰᠢᠳᠬᠡᠭᠰᠡᠨ ᠴᠢᠰᠤᠨ ᠭᠠᠪᠢᠶ᠎ᠠ ᠲᠠᠢ ᠭᠡᠵᠦ ᠮᠠᠨᠵᠤ ᠴᠢᠩ ᠦ᠋ᠨ ᠬᠠᠭᠠᠨ ᠳ᠋ᠤ᠌ ᠰᠠᠢᠰᠢᠶᠠᠭᠳᠠᠭᠰᠠᠨ ᠠ᠋ᠴᠠ ᠠᠯᠠᠱᠠ ᠶ᠋ᠢᠨ ᠬᠣᠶᠠᠳᠤᠭᠠᠷ ᠨᠣᠶᠠᠨ ᠠᠪᠤᠤ ᠠ᠋ᠴᠠ ᠡᠬᠢᠯᠡᠭᠡᠳ ᠬᠠᠮᠤᠭ ᠰᠡᠭᠦᠯᠴᠢ ᠶ᠋ᠢᠨ ᠳ᠋ᠠᠨᠢᠵᠠᠨ᠎ᠠ ᠬᠦᠷᠲᠡᠯ᠎ᠡ ᠲᠥᠷᠥ ᠶ᠋ᠢᠨ ᠪᠡᠢᠯᠡ᠂ ᠵᠢᠶᠦ᠋ᠨ ᠸᠠᠩ᠂ ᠴᠢᠨ ᠸᠠᠩ ᠵᠡᠷᠭᠡ ᠬᠠᠢᠷ᠎ᠠ ᠶ᠋ᠢᠨ ᠲᠤᠰᠢᠶᠠᠯ ᠳ᠋ᠤ᠌ ᠡᠷᠭᠦᠮᠵᠢᠯᠡᠭᠳᠡᠵᠦ᠂ ᠮᠠᠨᠵᠤ ᠴᠢᠩ ᠤᠯᠤᠰ ᠤ᠋ᠨ ᠲᠥᠷᠥ ᠶ᠋ᠢᠨ ᠡᠹᠦ᠋(ᠬᠦᠷᠭᠡᠨ) ᠪᠣᠯᠵᠤ ᠬᠠᠭᠠᠨ ᠤ᠋ ᠭᠦᠩᠵᠦ ᠶ᠋ᠢ ᠪᠠᠭᠤᠯᠭᠠᠨ ᠠᠪᠴᠤ ᠲᠥᠷᠥ ᠶ᠋ᠢᠨ ᠭᠡᠭᠡ(ᠬᠠᠭᠠᠨ ᠤ᠋ ᠣᠢᠷ᠎ᠠ ᠲᠥᠷᠥᠯ ᠦ᠋ᠨ ᠥᠬᠢᠨ) ᠲᠡᠢ ᠤᠷᠤᠭ ᠬᠣᠯᠪᠣᠭᠰᠠᠭᠠᠷ ᠢᠷᠡᠭᠰᠡᠨ ᠪᠥᠭᠡᠳ ᠠᠯᠠᠱᠠ ᠰᠢᠭᠤᠳ ᠴᠢᠩ ᠤᠯᠤᠰ ᠤ᠋ᠨ ᠵᠠᠰᠠᠭ ᠤ᠋ᠨ ᠭᠠᠳᠠᠭᠠᠳᠤ ᠮᠣᠩᠭᠣᠯ ᠤ᠋ᠨ ᠲᠥᠷᠥ ᠶ᠋ᠢ ᠵᠠᠰᠠᠬᠤ ᠵᠤᠷᠭᠠᠨ ᠳ᠋ᠤᠷ ᠬᠠᠷᠢᠶᠠᠯᠠᠭᠳᠠᠵᠤ ᠪᠠᠢᠵᠠᠢ᠃ ᠡᠢᠮᠦ ᠡᠴᠡ ᠤᠷᠲᠤ ᠤᠳᠠᠭᠠᠨ ᠲᠡᠦᠬᠡ ᠲᠡᠢ ᠡᠨᠡ ᠬᠦ᠌ ᠳ᠋ᠢᠩ ᠶᠤᠸᠠᠨ ᠶᠢᠩ ᠳ᠋ᠦ᠍ ᠠᠯᠤᠰ ᠪᠡᠭᠡᠵᠢᠩ ᠦ᠋ᠨ ᠴᠢᠮᠡᠭᠡ᠂ ᠤᠯᠤᠰ ᠤ᠋ᠨ ᠭᠠᠳᠠᠭᠠᠳᠤ ᠳᠣᠲᠣᠭᠠᠳᠤ ᠶ᠋ᠢᠨ ᠴᠠᠭ ᠤ᠋ᠨ ᠪᠠᠢᠳᠠᠯ ᠲᠤᠩ ᠲᠦᠷᠭᠡᠨ ᠨᠡᠪᠲᠡᠷᠡᠵᠦ᠂ ᠬᠣᠯᠠ ᠣᠢᠷ᠎ᠠ ᠶ᠋ᠢᠨ ᠬᠥᠮᠦᠰ ᠭᠠᠳᠠᠭᠠᠳᠤ ᠳᠣᠲᠣᠭᠠᠳᠤ ᠶ᠋ᠢᠨ ᠵᠢᠭᠤᠯᠴᠢᠳ ᠢᠷᠡᠵᠦ ᠶᠠᠪᠤᠬᠤ ᠨᠢ ᠣᠯᠠᠨ ᠪᠠᠢᠳᠠᠭ ᠲᠤᠯᠠ ᠰᠢᠨᠠᠯᠠᠮ᠎ᠠ ᠳ᠋ᠢᠩ ᠶᠤᠸᠠᠨ ᠶᠢᠩ ᠳ᠋ᠦ᠍ ᠲᠤᠰᠬᠠᠢ ᠣᠴᠢᠵᠤ ᠪᠠᠢᠳᠠᠯ ᠣᠢᠯᠠᠭᠠᠬᠤ ᠪᠠᠷ ᠣᠴᠢᠭᠰᠠᠨ ᠪᠠᠢᠵᠤ ᠮᠡᠳᠡᠨ᠎ᠡ᠃ ᠲᠡᠳᠡ ᠪᠠᠰᠠ ᠬᠥᠬᠡᠨᠠᠭᠤᠷ ᠤ᠋ᠨ ᠭᠦᠮᠪᠦᠮ ᠯᠠᠪᠷᠤᠩ ᠳ᠋ᠤ᠌ ᠮᠥᠷᠭᠥᠯ ᠬᠢᠬᠦ ᠪᠠᠷ ᠶᠠᠪᠤᠵᠤ ᠪᠠᠢᠬᠤ ᠪᠠᠷ ᠬᠡᠯᠡᠵᠦ᠂ ᠡᠨᠡ ᠬᠦ᠌ ᠳ᠋ᠢᠩ ᠶᠤᠸᠠᠨ ᠶᠢᠩ ᠳ᠋ᠦ᠍ ᠨᠢᠭᠡ ᠬᠤᠭᠤᠴᠠᠭ᠎ᠠ ᠠᠮᠠᠷᠠᠵᠤ ᠪᠡᠶ᠎ᠡ ᠪᠡᠨ ᠰᠤᠪᠢᠯᠠᠪᠠ᠃ 
       ᠰᠢᠨᠡᠯᠡᠮ᠎ᠡ ᠵᠡᠷᠭᠡ ᠠᠷᠪᠠᠨ ᠵᠢᠷᠭᠤᠭᠠᠨ ᠬᠥᠮᠦᠨ ᠦ᠌ ᠮᠣᠩᠭᠣᠯ ᠤᠯᠤᠰ ᠲᠤ᠌ ᠰᠤᠷᠤᠯᠴᠠᠬᠤ ᠪᠠᠷ ᠣᠴᠢᠬᠤ ᠨᠢ ᠵᠠᠮ ᠤ᠋ᠨ ᠦᠵᠦᠭᠦᠷ ᠪᠣᠯᠬᠤ ᠠ᠋ᠴᠠ ᠪᠢᠰᠢ᠂ ᠬᠠᠷᠢᠨ ᠠᠯᠠᠱᠠ ᠳ᠋ᠤ᠌ ᠣᠴᠢᠵᠤ ᠳ᠋ᠢᠩ ᠶᠤᠸᠠᠨ ᠶᠢᠩ ᠢ᠋ᠶ᠋ᠡᠷ ᠵᠢᠭᠤᠯᠴᠢᠯᠠᠬᠤ ᠪᠢᠰᠢ ᠪᠠᠢᠵᠠᠢ᠃ ᠭᠡᠲᠡᠯ᠎ᠡ ᠶᠠᠭᠤᠨ ᠳ᠋ᠤ᠌ ᠠᠯᠠᠱᠠ ᠶ᠋ᠢᠨ ᠳ᠋ᠢᠩ ᠶᠤᠸᠠᠨ ᠶᠢᠩ ᠳ᠋ᠦ᠍ ᠨᠢᠭᠡᠨ ᠬᠤᠭᠤᠴᠠᠭ᠎ᠠ ᠰᠠᠭᠤᠬᠤ ᠶ᠋ᠢ ᠶᠡᠷᠦ ᠣᠢᠯᠠᠭᠠᠭᠳᠠᠰᠢ ᠦᠭᠡᠢ ᠪᠢᠯᠡ᠃ ᠲᠤᠬᠠᠢ ᠶ᠋ᠢᠨ ᠦᠶ᠎ᠡ ᠳ᠋ᠦ᠍ ᠳᠣᠲᠣᠭᠠᠳᠤ ᠮᠣᠩᠭᠣᠯ ᠤ᠋ᠨ ᠠᠷᠠᠳ ᠤ᠋ᠨ ᠬᠤᠪᠢᠰᠬᠠᠯᠲᠤ ᠨᠠᠮ ᠬᠠᠷᠠᠬᠠᠨ ᠪᠠᠢᠭᠤᠯᠤᠭᠳᠠᠭᠠᠳᠤᠢ᠂ ᠳᠣᠲᠣᠭᠠᠳᠤ ᠮᠣᠩᠭᠣᠯ ᠤ᠋ᠨ ᠠᠷᠠᠳ ᠤ᠋ᠨ ᠬᠤᠪᠢᠰᠬᠠᠯᠲᠤ ᠨᠠᠮ ᠤ᠋ᠨ ᠲᠥᠪ ᠬᠣᠷᠢᠶ᠎ᠠ ᠶ᠋ᠢᠨ ᠪᠠᠢᠭᠤᠯᠤᠮᠵᠢ1926 ᠣᠨ ᠤ᠋ ᠰᠡᠭᠦᠯᠴᠢ ᠪᠡᠷ ᠪᠤᠭᠤᠲᠤ ᠠ᠋ᠴᠠ ᠢᠷᠭᠠᠢ(ᠶᠢᠩᠴᠤᠸᠠᠨ) ᠳ᠋ᠤ᠌ ᠰᠢᠯᠵᠢᠨ ᠣᠴᠢᠭᠰᠠᠨ ᠨᠢ ᠰᠢᠨᠡᠯᠡᠮ᠎ᠡ ᠶ᠋ᠢᠨ ᠣᠴᠢᠬᠤ ᠠ᠋ᠴᠠ ᠬᠣᠵᠢᠭᠤ ᠬᠣᠶᠠᠷ ᠵᠢᠯ ᠦ᠋ᠨ ᠳᠠᠷᠠᠭᠠᠬᠢ ᠤᠴᠢᠷ ᠪᠣᠯᠤᠨ᠎ᠠ᠃ ᠠᠯᠠᠱᠠ ᠬᠤᠰᠢᠭᠤᠨ ᠤ᠋ ᠸᠠᠩ ᠬᠦᠩ ᠦ᠋ᠨ ᠨᠣᠶᠠᠷᠬᠠᠯ ᠢ᠋ ᠡᠰᠡᠷᠭᠦᠴᠡᠭᠰᠡᠨ ᠠᠷᠠᠳᠴᠢᠯᠠᠭᠰᠠᠨ ᠬᠥᠳᠡᠯᠭᠡᠭᠡᠨ《ᠰᠢᠶᠣᠤ ᠰᠠᠨ ᠶᠧ ᠶ᠋ᠢᠨ ᠬᠡᠷᠡᠭ》 ᠨᠢ ᠰᠢᠨᠠᠯᠠᠮ᠎ᠠ ᠠ᠋ᠴᠠ ᠬᠣᠵᠢᠳ ᠳᠥᠷᠪᠡᠨ ᠵᠢᠯ ᠦ᠋ᠨ ᠳᠠᠷᠠᠭᠠᠬᠢ ᠤᠴᠢᠷ ᠪᠣᠯᠤᠨ᠎ᠠ᠃ ᠡᠢᠮᠦ ᠡᠴᠡ ᠰᠢᠨᠡᠯᠡᠮ᠎ᠡ ᠠᠯᠠᠱᠠ ᠬᠤᠰᠢᠭᠤᠨ ᠤ᠋《ᠰᠢᠶᠣᠤ ᠰᠠᠨ ᠶᠧ ᠶ᠋ᠢᠨ ᠬᠡᠷᠡᠭ》 ᠦ᠋ᠨ ᠬᠡᠷᠡᠭ ᠬᠤᠪᠢᠰᠤᠯ ᠤ᠋ᠨ ᠲᠦᠷᠦᠭᠦᠦ ᠠᠯᠠᠱᠠ ᠬᠤᠰᠢᠭᠤᠨ ᠤ᠋ ᠢᠵᠠᠭᠤᠷᠲᠠᠨ ᠰᠢᠶᠣᠤ ᠰᠠᠨ ᠶᠧ(ᠳ᠋ᠸᠴᠢᠨ ᠢᠰᠢᠨᠤᠷᠪᠤ᠂ ᠬᠤᠰᠢᠭᠤᠨ ᠤ᠋ ᠳᠡᠳ᠋ ᠵᠠᠬᠢᠷᠤᠭᠴᠢ)᠂  ᠯᠦ᠍ ᠣᠭ᠌ᠶᠤ(ᠳᠡᠳ᠋ ᠮᠡᠢᠷᠡᠨ)᠂ ᠲᠢᠶᠠᠨ ᠵᠢᠢ ᠵᠡᠷᠭᠡ ᠠᠷᠠᠳᠴᠢᠯᠠᠭᠰᠠᠨ ᠬᠤᠪᠢᠰᠬᠠᠯ ᠤ᠋ᠨ ᠦᠵᠡᠯᠲᠡ ᠲᠡᠢ᠂ ᠣᠯᠠᠨ ᠬᠡᠯᠡ ᠳ᠋ᠦ᠍ ᠨᠡᠪᠲᠡᠷᠡᠭᠰᠡᠨ ᠳᠠᠪᠰᠢᠩᠭᠤᠢ ᠰᠡᠬᠡᠭᠡᠲᠡᠨ ᠲᠡᠢ ᠲᠠᠨᠢᠯᠴᠠᠵᠤ ᠨᠥᠬᠥᠷᠰᠡᠭ ᠬᠠᠷᠢᠴᠠᠭ᠎ᠠ ᠲᠠᠢ ᠪᠠᠢᠭᠰᠠᠨ ᠴᠤ᠌ ᠪᠣᠯᠪᠠᠤ ᠭᠡᠮᠡᠨ ᠦᠵᠡᠬᠦ ᠡᠴᠡ ᠪᠢᠰᠢ ᠪᠠᠲᠤᠲᠠᠢ ᠲᠡᠦᠬᠡ ᠶ᠋ᠢᠨ ᠡᠰᠢ ᠪᠠᠷᠢᠮᠲᠠ ᠦᠭᠡᠢ ᠲᠤᠯᠠ ᠲᠡᠭᠦᠨ ᠦ᠌ ᠠᠯᠠᠱᠠ ᠳ᠋ᠠᠬᠢ ᠤᠴᠢᠷ ᠨᠢ ᠲᠠᠢᠯᠪᠤᠷᠢᠯᠠᠭᠳᠠᠰᠢ ᠦᠭᠡᠢ ᠣᠨᠢᠰᠣᠭ᠎ᠠ ᠪᠠᠢᠭᠰᠠᠭᠠᠷ᠃ 
       ᠰᠢᠨᠠᠯᠠᠮ᠎ᠠ ᠵᠡᠷᠭᠡ ᠬᠥᠮᠦᠰ ᠦ᠋ᠨ ᠤᠨᠤᠵᠤ ᠶᠠᠪᠤᠭ᠎ᠠ ᠠᠭᠲᠠ ᠮᠣᠷᠢᠳ ᠤ᠋ᠨ ᠣᠯᠠᠩᠬᠢ ᠨᠢ ᠤᠰᠤᠨ ᠵᠢᠷᠣᠭ᠎ᠠ ᠮᠣᠷᠢ ᠶᠤᠮ᠃ ᠢᠯᠠᠩᠭᠤᠶ᠎ᠠ ᠳᠠᠨᠽᠠᠨ᠂ ᠲᠦᠪᠰᠢᠨ ᠬᠣᠶᠠᠷ ᠤ᠋ᠨ ᠮᠣᠷᠢ ᠪᠣᠯ ᠣᠨᠴᠠ ᠬᠤᠷᠳᠤᠴᠠ ᠲᠠᠢ ᠣᠷᠳᠣᠰ ᠵᠢᠷᠣᠭ᠎ᠠ ᠮᠣᠷᠢ ᠪᠣᠯᠬᠤ ᠪᠥᠭᠡᠳ ᠳᠠᠨᠽᠠᠨ ᠪᠣᠯ ᠲᠡᠭᠦᠨ ᠦ᠌ ᠬᠣᠷᠣᠬᠠᠢ ᠲᠠᠢ ᠲᠤᠯᠠ ᠠᠮᠠ ᠨᠡᠭᠡᠭᠡᠪᠡᠯ ᠵᠢᠷᠣᠭ᠎ᠠ ᠮᠣᠷᠢᠨ ᠤ᠋ ᠲᠤᠬᠠᠢ ᠶᠠᠷᠢᠵᠤ᠂ ᠮᠣᠷᠳᠠᠪᠠᠯ ᠵᠢᠷᠣᠭ᠎ᠠ ᠮᠣᠷᠢ ᠪᠠᠨ ᠪᠤᠰᠤᠳ ᠲᠤ᠌ ᠭᠠᠢᠬᠠᠭᠤᠯᠵᠤ ᠲᠣᠭᠣᠰᠣ ᠮᠠᠨᠠᠷᠠᠭᠤᠯᠳᠠᠭ ᠬᠥᠮᠦᠨ ᠪᠠᠢᠭᠰᠠᠨ ᠲᠤᠯᠠ ᠡᠳᠦᠷ ᠪᠦᠷᠢ ᠣᠰᠣᠯᠳᠠᠯ ᠦᠭᠡᠢ ᠬᠤᠷᠳᠤᠨ ᠵᠢᠷᠣᠭ᠎ᠠ ᠮᠣᠷᠢᠨ ᠤ᠋ ᠦᠵᠡᠬᠦᠯᠭᠡ ᠬᠢᠵᠦ ᠦᠵᠡᠭᠴᠢᠳ ᠦ᠋ᠨ ᠬᠣᠷᠣᠬᠠᠢ ᠶ᠋ᠢ ᠬᠥᠳᠡᠯᠭᠡᠳᠡᠭ ᠭᠡᠨ᠎ᠡ᠃ ᠠᠯᠠᠱᠠ ᠶᠠᠮᠤᠨ ᠤ᠋ ᠬᠥᠮᠦᠰ ᠣᠷᠳᠣᠰ ᠵᠢᠷᠣᠭ᠎ᠠ ᠮᠣᠷᠢ ᠳ᠋ᠤ᠌ ᠲᠤᠩ ᠪᠠᠬᠠᠲᠠᠢ ᠪᠠᠢᠵᠤ᠂ ᠢᠯᠠᠩᠭᠤᠶ᠎ᠠ ᠳᠠᠨᠽᠠᠨ  ᠲᠦᠪᠰᠢᠨ ᠦ᠌ ᠮᠣᠷᠢ ᠨᠢ ᠲᠤᠭᠤᠷᠠᠢ ᠶ᠋ᠢᠨ ᠰᠢᠷᠣᠢ ᠪᠠᠨ ᠮᠡᠨᠡᠷᠡᠲᠡᠯ᠎ᠡ ᠪᠤᠲᠠᠷᠠᠭᠤᠯᠳᠠᠭ ᠬᠤᠷᠳᠤᠨ ᠵᠢᠷᠣᠭ᠎ᠠ ᠪᠣᠯᠬᠤ ᠲᠤᠯᠠ ᠬᠥᠮᠦᠰ ᠦ᠋ᠨ ᠨᠢᠳᠦ ᠲᠣᠰᠴᠤ ᠬᠣᠷᠣᠬᠠᠢ ᠶ᠋ᠢ ᠬᠥᠳᠡᠯᠭᠡᠨ᠎ᠡ᠃ 
       ᠰᠢᠨᠡᠯᠡᠮ᠎ᠡ ᠴᠦ᠍ ᠤᠯᠠᠭᠠᠨᠪᠠᠭᠠᠲᠤᠷ ᠲᠤ᠌ ᠬᠦᠷᠬᠦ ᠵᠠᠮ ᠤ᠋ᠨ ᠬᠦᠵᠦᠭᠦᠦ ᠤᠷᠲᠤ ᠮᠥᠷᠲᠡᠭᠡᠨ ᠲᠤᠰ ᠵᠢᠯ ᠦ᠋ᠨ ᠡᠪᠡᠰᠦ ᠪᠡᠯᠴᠢᠭᠡᠷ ᠮᠠᠭᠤ ᠭᠠᠩ ᠭᠠᠴᠢᠭ ᠲᠠᠢ ᠲᠠᠴᠢᠷ ᠠᠭᠤᠯᠠ᠂ ᠭᠣᠪᠢ ᠴᠦᠯ᠂ ᠠᠢᠯ ᠡᠷᠦᠬᠡ ᠦᠭᠡᠢ ᠬᠥᠳᠡᠭᠡ ᠬᠡᠭᠡᠷ᠎ᠡ ᠭᠡᠳᠡᠭ ᠢ᠋ ᠠᠯᠠᠱᠠᠴᠤᠳ ᠠ᠋ᠴᠠ ᠣᠯᠵᠤ ᠰᠣᠨᠣᠰᠤᠭᠰᠠᠨ ᠲᠤᠯᠠ ᠪᠣᠷᠳᠣᠭ᠎ᠠ ᠡᠪᠡᠰᠦᠨ ᠳ᠋ᠦ᠍ ᠠᠷᠪᠢᠲᠠᠢ᠂ ᠬᠦᠴᠦ ᠳᠣᠷᠪᠢᠲᠠᠢ᠂ ᠤᠷᠲᠤ ᠶ᠋ᠢᠨ ᠠᠶᠠᠨ ᠳ᠋ᠤ᠌ ᠲᠡᠰᠪᠦᠷᠢᠲᠡᠢ ᠲᠡᠮᠡᠭᠡ ᠪᠡᠷ ᠮᠣᠷᠢ ᠪᠠᠨ ᠰᠣᠯᠢᠬᠤ ᠪᠣᠳᠣᠯ ᠣᠷᠣᠪᠠ᠃ ᠠᠯᠠᠱᠠ ᠶᠠᠮᠤᠨ ᠤ᠋ ᠬᠥᠮᠦᠰ ᠦ᠋ᠨ ᠰᠠᠨᠠᠭᠠᠨ ᠳ᠋ᠤ᠌ ᠲᠠᠭᠠᠷᠠᠵᠤ《ᠮᠤᠷᠤᠢ ᠬᠠᠯᠪᠠᠭ᠎ᠠ ᠠᠮᠠᠨ ᠲᠡᠢᠰᠢ》 ᠭᠡᠳᠡᠭᠴᠢᠯᠡᠨ ᠪᠣᠰᠤᠭ᠎ᠠ ᠪᠥᠬᠡ ᠲᠡᠢ ᠠᠲᠠᠨ ᠲᠡᠮᠡᠭᠡ ᠠᠪᠤᠨ᠎ᠠ ᠭᠡᠪᠡᠯ ᠪᠣᠰᠤᠭ᠎ᠠ ᠪᠥᠬᠡ ᠲᠡᠢ ᠰᠠᠢᠨ ᠲᠡᠮᠡᠭᠡ ᠥᠭᠴᠦ᠂ ᠳᠡᠭᠡᠷ᠎ᠡ ᠨᠢ ᠴᠠᠭᠠᠨ ᠲᠥᠭᠥᠷᠢᠭ ᠨᠡᠮᠡᠵᠦ ᠠᠪᠤᠨ᠎ᠠ ᠭᠡᠪᠡᠯ ᠴᠠᠭᠠᠨ ᠲᠥᠭᠥᠷᠢᠭ ᠥᠭᠴᠦ᠂ ᠭᠤᠯᠢᠷ ᠲᠤᠲᠤᠷᠭ᠎ᠠ ᠢᠳᠡᠰᠢ ᠬᠦᠨᠡᠰᠦ ᠪᠣᠯᠤᠨ ᠲᠡᠵᠢᠭᠡᠯ ᠪᠣᠷᠳᠣᠭ᠎ᠠ ᠶᠠᠭᠤ ᠠᠪᠤᠶ᠎ᠠ ᠭᠡᠪᠡᠯ ᠠᠮᠠᠨ  ᠪᠡᠯᠭᠡ ᠪᠡᠷ ᠪᠠᠢᠬᠤ ᠯᠠ ᠪᠤᠶᠠᠨ᠁ ᠳᠠᠷᠤᠢ ᠳ᠋ᠤᠨᠢ ᠨᠡᠮᠡᠵᠦ ᠠᠷᠠᠯᠵᠢᠶ᠎ᠠ ᠮᠠᠢᠮᠠᠢ ᠬᠣᠶᠠᠷ ᠲᠠᠯ᠎ᠠ ᠳ᠋ᠤ᠌ ᠠᠰᠢᠭᠲᠠᠢ ᠲᠤᠯᠠ ᠬᠠᠨᠴᠤᠨ ᠳᠣᠲᠣᠷ᠎ᠠ ᠬᠤᠷᠤᠭᠤ ᠬᠥᠳᠡᠯᠭᠡᠬᠦ ᠤᠴᠢᠷ ᠦᠭᠡᠢ ᠠᠷᠠᠯᠵᠢᠶ᠎ᠠ ᠪᠦᠲᠦᠮᠵᠢᠲᠡᠢ ᠪᠣᠯᠪᠠ᠃  
       ᠢᠩᠭᠢᠭᠡᠳ ᠲᠡᠮᠡᠭᠡ ᠤᠨᠤᠭᠰᠠᠨ ᠨᠢᠭᠡ ᠪᠦᠯᠦᠭ ᠮᠥᠷᠭᠥᠯᠴᠢᠨ ᠭᠦᠮᠪᠦᠮ ᠯᠠᠪᠷᠤᠩ ᠳ᠋ᠤ᠌ ᠮᠥᠷᠭᠥᠬᠦ ᠪᠡᠷ ᠬᠥᠬᠡᠨᠠᠭᠤᠷ ᠲᠥᠪᠡᠳ ᠦ᠋ᠨ ᠥᠨᠳᠥᠷᠯᠢᠭ ᠵᠦᠭ ᠶᠠᠪᠤᠬᠤ ᠪᠠᠷ ᠪᠡᠯᠡᠳᠬᠡᠨ᠎ᠡ᠃ ᠦᠨᠡᠨ ᠳ᠋ᠡᠭᠡᠨ ᠯᠠᠩ ᠶᠠ ᠱᠠᠨ ᠠᠭᠤᠯᠠ ᠶ᠋ᠢ ᠴᠢᠭᠯᠡᠨ ᠳ᠋ᠢᠩ ᠶᠤᠸᠠᠨ ᠶᠢᠩ ᠡᠴᠡ ᠵᠡᠭᠦᠨᠰᠢ ᠰᠥᠨᠢ ᠪᠡᠷ ᠠᠶᠠᠯᠠᠭᠰᠠᠨ ᠢ᠋ ᠬᠡᠨ ᠴᠦ᠍ ᠮᠡᠳᠡᠭᠡ ᠦᠭᠡᠢ᠃ 
       ᠦᠨᠡᠨ ᠦᠭᠡ ᠪᠡᠨ ᠨᠢᠭᠡ ᠵᠠᠮ ᠪᠤᠰᠤᠳ ᠲᠤ᠌ ᠯᠡᠪᠡᠷᠡᠭᠦᠯᠳᠡᠭ ᠦᠭᠡᠢ ᠲᠡᠳᠡᠭᠡᠷ ᠬᠥᠮᠦᠰ ᠤᠷᠠᠳ ᠬᠦᠩ ᠦ᠋ᠨ ᠬᠤᠰᠢᠭᠤᠨ ᠳ᠋ᠤ᠌ ᠣᠴᠢᠭᠰᠠᠨ ᠦᠭᠡᠢ ᠪᠡᠷ ᠯᠠᠩ ᠶᠠ ᠱᠠᠨ ᠤ᠋ ᠵᠡᠭᠦᠨ ᠵᠦᠭ ᠲᠦ᠍ ᠪᠠᠢᠷᠢᠰᠢᠵᠤ ᠪᠠᠢᠭ᠎ᠠ ᠴᠢᠶᠡᠯᠢ ᠶ᠋ᠢᠨ ᠰᠦᠮ᠎ᠡ(ᠥᠨᠥ ᠶ᠋ᠢᠨ ᠤᠷᠠᠳ ᠤ᠋ᠨ ᠳᠤᠮᠳᠠᠳᠤ ᠬᠣᠰᠢᠭᠤ) ᠳ᠋ᠤ᠌ ᠬᠦᠷᠪᠡ᠃ ᠲᠡᠨᠳᠡ ᠨᠢᠭᠡ ᠬᠤᠭᠤᠴᠠᠭ᠎ᠠ ᠤᠨᠤᠭ᠎ᠠ ᠮᠠᠯ ᠢ᠋ᠶ᠋ᠠᠨ ᠠᠮᠠᠷᠠᠭᠤᠯᠵᠤ᠂ ᠬᠥᠮᠦᠰ ᠨᠢ ᠴᠦ᠍ ᠵᠠᠮ ᠤ᠋ᠨ ᠶᠠᠳᠠᠷᠠᠭ᠎ᠠ ᠪᠠᠨ ᠲᠠᠢᠯᠵᠤ᠂ ᠭᠤᠲᠤᠯ ᠮᠠᠬᠠᠢ ᠬᠤᠪᠴᠠᠰᠤ ᠬᠤᠨᠠᠷ ᠤᠷᠠᠩᠬᠠᠢ ᠬᠠᠭᠠᠷᠬᠠᠢ ᠪᠠᠨ ᠣᠶᠣᠵᠤ ᠨᠥᠬᠥᠵᠦ ᠦᠷᠭᠦᠯᠵᠢᠯᠡᠨ ᠭᠣᠪᠢ ᠴᠦᠯ ᠢ᠋ᠶ᠋ᠡᠷ ᠬᠦᠴᠢᠷ ᠪᠡᠷᠬᠡᠰᠢᠶᠡᠯᠲᠦ ᠠᠶᠠᠯᠠᠯ ᠬᠢᠬᠦ ᠪᠡᠷ ᠪᠡᠯᠡᠳᠬᠡᠯ᠎ᠡ᠃ ᠲᠡᠳᠡ ᠡᠨᠡ ᠰᠦᠮ᠎ᠡ ᠳ᠋ᠦ᠍ ᠠᠮᠠᠷᠠᠯᠲᠠ ᠬᠢᠬᠦ ᠶᠠᠪᠤᠴᠠ ᠳ᠋ᠠᠭᠠᠨ ᠠᠷᠤ ᠮᠣᠩᠭᠣᠯ ᠪᠣᠯᠤᠨ ᠥᠪᠥᠷ ᠮᠣᠩᠭᠣᠯ ᠤ᠋ᠨ ᠬᠢᠯᠢ ᠶ᠋ᠢᠨ ᠵᠠᠭᠠᠭ ᠳᠠᠬᠢ ᠵᠠᠮ ᠱᠤᠭᠤᠮ ᠪᠣᠯᠤᠨ ᠪᠣᠭᠣᠮᠲᠠ ᠶ᠋ᠢᠨ ᠭᠠᠵᠠᠷ ᠤ᠋ᠨ ᠪᠠᠢᠴᠠ ᠶ᠋ᠢ ᠣᠢᠯᠠᠭᠠᠵᠤ᠂ ᠡᠭᠦᠳᠡ(ᠥᠨᠥ ᠶ᠋ᠢᠨ ᠡᠷᠢᠶᠡᠨ ᠲᠡᠢ ᠨᠡᠢᠯᠡᠵᠦ ᠪᠠᠢᠭ᠎ᠠ ᠵᠠᠮ ᠤ᠋ᠨ ᠡᠭᠦᠳᠡ ᠪᠣᠯᠤᠨ᠎ᠠ)᠂ ᠰᠤᠯᠢᠭᠡᠭᠡᠷ᠎ᠡ᠂ ᠡᠭᠡᠨᠰᠡᠪᠡᠰᠤᠳᠡᠢ᠂ ᠭᠠᠭᠴᠠ ᠮᠣᠳᠣ ᠪᠠᠷ ᠬᠠᠯᠬ᠎ᠠ ᠳ᠋ᠤ᠌ ᠶᠠᠪᠤᠬᠤ ᠤᠴᠢᠷ ᠲᠠᠢ ᠲᠤᠯᠠ ᠲᠡᠳᠡ ᠶᠠᠷᠢᠯᠴᠠᠭᠠᠳ ᠤᠷᠠᠳ ᠤ᠋ᠨ ᠬᠣᠢᠲᠤ ᠬᠤᠰᠢᠭᠤᠨ ᠠ᠋ᠴᠠ ᠬᠠᠮᠤᠭ ᠣᠢᠷ᠎ᠠ ᠪᠥᠭᠡᠳ ᠳᠡ ᠬᠦᠷᠢᠶ᠎ᠡ(ᠤᠯᠠᠭᠠᠨᠪᠠᠭᠠᠲᠤᠷ) ᠬᠦᠷᠬᠦ ᠳ᠋ᠦ᠍ ᠬᠠᠮᠤᠭ ᠤ᠋ᠨ ᠠᠰᠬᠠᠨ ᠵᠠᠮ ᠪᠣᠯ ᠡᠭᠡᠨᠰᠠᠪᠠᠰᠤᠳᠡᠢ ᠪᠡᠷ ᠶᠠᠪᠤᠪᠠᠯ ᠳᠡᠭᠡᠷ᠎ᠡ ᠭᠡᠵᠦ ᠰᠣᠩᠭᠣᠯ᠎ᠠ᠃ ᠲᠡᠳᠡ ᠦᠷᠭᠦᠯᠵᠢᠯᠡᠨ ᠠᠶᠠᠯᠠᠵᠤ ᠱᠠᠭᠠᠵᠠᠭᠠᠢᠲᠤ ᠶ᠋ᠢᠨ ᠳᠠᠪᠠᠭ᠎ᠠ ᠪᠠᠷ ᠭᠡᠲᠦᠯᠬᠦ ᠳ᠋ᠦ᠍ ᠬᠥᠪᠡᠭᠡ ᠬᠢᠵᠠᠭᠠᠷ ᠨᠢ ᠦᠵᠡᠭᠳᠡᠬᠦ ᠦᠭᠡᠢ ᠭᠣᠪᠢ ᠴᠦᠯ ᠦᠷᠭᠦᠯᠵᠢᠯᠡᠵᠦ ᠠᠢᠯ ᠡᠷᠦᠬᠡ ᠲᠤᠢᠯ ᠤ᠋ᠨ ᠴᠥᠭᠡᠬᠡᠨ ᠪᠠᠢᠯ᠎ᠠ᠃ ᠭᠡᠨᠡᠳᠲᠡ ᠲᠩᠷᠢ ᠬᠤᠪᠢᠯᠵᠤ ᠲᠡᠭ ᠡᠴᠡ ᠳᠣᠭᠣᠭᠰᠢ  ᠳᠥᠴᠢ ᠲᠠᠪᠢᠨ ᠭᠷᠠᠳᠦ᠋ᠰ ᠦ᠋ᠨ ᠬᠦᠢᠲᠡᠨ ᠪᠣᠯᠬᠤ ᠶ᠋ᠢ ᠬᠡᠨ ᠠᠯᠢ ᠨᠢ ᠪᠣᠳᠣᠵᠤ ᠣᠯᠤᠭᠰᠠᠨ ᠦᠭᠡᠢ ᠪᠢᠯᠡ᠃ ᠭᠡᠪᠡᠴᠦ ᠲᠡᠳᠡ ᠡᠪᠦᠯ ᠦ᠋ᠨ ᠳᠡᠪᠡᠯ ᠭᠤᠲᠤᠯ ᠢ᠋ᠶ᠋ᠠᠨ ᠳᠠᠪᠬᠤᠷᠯᠠᠵᠤ ᠤᠮᠠᠷᠠᠲᠤ ᠰᠢᠪᠧᠷᠢᠶ᠎ᠡ ᠶ᠋ᠢᠨ ᠬᠦᠢᠲᠡᠨ ᠤᠷᠤᠰᠬᠠᠯ ᠢ᠋ ᠰᠥᠷᠦᠨ ᠤᠷᠤᠭᠰᠢᠯᠠᠭᠰᠠᠭᠠᠷ ᠳᠤᠮᠳᠠᠳᠤ ᠮᠣᠩᠭᠣᠯ ᠤ᠋ᠨ ᠬᠢᠯᠢ ᠶ᠋ᠢᠨ ᠱᠤᠭᠤᠮ ᠢ᠋ ᠳᠠᠪᠠᠯ᠎ᠠ᠃  
       ᠠᠷᠤ ᠮᠣᠩᠭᠣᠯ ᠤ᠋ᠨ ᠭᠠᠵᠠᠷ ᠠᠢᠯ ᠡᠷᠦᠬᠡ ᠨᠡᠩ ᠴᠥᠭᠡᠬᠡᠨ᠂ ᠭᠠᠵᠠᠷ ᠤ᠋ᠨ ᠪᠠᠢᠴᠠ ᠪᠣᠯᠤᠨ ᠵᠠᠮ ᠱᠤᠭᠤᠮ ᠢ᠋ ᠮᠡᠳᠡᠳᠡᠭ ᠦᠭᠡᠢ ᠡᠳᠡᠭᠡᠷ ᠬᠥᠮᠦᠰ ᠠᠷᠭ᠎ᠠ ᠪᠤᠰᠤ ᠭᠣᠪᠢ ᠴᠦᠯ ᠢ᠋ᠶ᠋ᠡᠷ ᠬᠣᠨᠣᠭᠯᠠᠵᠤ᠂ ᠰᠥᠨᠢ ᠶ᠋ᠢᠨ ᠬᠠᠷᠠᠩᠭᠤᠢ ᠪᠣᠯᠪᠠᠯ ᠲᠡᠮᠡᠭᠡ ᠪᠡᠨ ᠳᠤᠭᠤᠢᠯᠠᠭᠤᠯᠤᠨ ᠬᠡᠪᠲᠡᠭᠦᠯᠵᠦ ᠥᠪᠡᠷᠰᠡᠳ ᠢ᠋ᠶ᠋ᠡᠨ ᠳᠤᠮᠳᠠ ᠨᠢ ᠳᠡᠪᠡᠯ ᠬᠤᠪᠴᠠᠰᠤ ᠪᠠᠨ ᠲᠠᠢᠯᠤᠯ ᠦᠭᠡᠢ ᠲᠦᠰᠢᠵᠦ ᠤᠨᠲᠠᠳᠠᠭ ᠪᠣᠯᠪᠠᠴᠤ ᠣᠯᠠᠩᠬᠢ ᠨᠥᠬᠥᠳ ᠨᠣᠢᠷ ᠬᠤᠯᠵᠢᠳᠠᠭ᠃ ᠴᠠᠭᠠᠨ ᠵᠤᠳ ᠤ᠋ᠨ ᠳᠤᠮᠳᠠᠭᠤᠷ ᠣᠯᠠᠩᠬᠢ ᠨᠥᠬᠥᠳ ᠦ᠋ᠨ ᠴᠢᠬᠢ ᠬᠠᠮᠠᠷ᠂ ᠬᠤᠷᠤᠭᠤ ᠨᠢ ᠬᠥᠯᠳᠡᠭᠰᠡᠨ ᠢ᠋ᠶ᠋ᠡᠷ ᠪᠠᠷᠠᠬᠤ ᠦᠭᠡᠢ ᠵᠠᠷᠢᠮ ᠤ᠋ᠨ ᠬᠢᠨᠢ ᠭᠤᠲᠤᠯ ᠬᠥᠯ ᠲᠡᠢ ᠨᠢ ᠨᠡᠢᠯᠡᠵᠦ ᠬᠥᠯᠳᠡᠴᠢᠬᠡᠭᠰᠡᠨ ᠪᠠᠢᠵᠠᠢ᠃  
       ᠰᠢᠨᠠᠯᠠᠮ᠎ᠠ ᠶ᠋ᠢᠨ ᠭᠠᠯᠠᠭᠤᠲᠤ ᠶ᠋ᠢᠨ ᠴᠢᠭᠤᠯᠭᠠᠨ ᠳᠡᠭᠡᠷ᠎ᠡ ᠬᠦᠨᠳᠦ ᠲᠠᠮᠤᠯᠠᠭᠳᠠᠭᠰᠠᠨ ᠠ᠋ᠴᠠ ᠬᠣᠴᠣᠷᠤᠭᠰᠠᠨ ᠠᠷᠬᠠᠭ ᠰᠢᠷᠬ᠎ᠠ ᠨᠢ ᠡᠨᠡ ᠬᠦ᠌ ᠴᠠᠭᠠᠨ ᠰᠢᠭᠤᠷᠭᠠᠨ ᠳᠤᠮᠳᠠᠭᠤᠷ ᠬᠡᠭᠡᠷ᠎ᠡ ᠭᠠᠳᠠᠨ᠎ᠠ ᠲᠠᠭᠠᠷᠠᠵᠤ ᠬᠣᠨᠣᠭᠯᠠᠭᠰᠠᠭᠠᠷ ᠪᠠᠢᠭᠠᠳ ᠬᠠᠭᠤᠴᠢᠨ ᠬᠡᠨᠡᠭᠡ ᠠᠷᠬᠠᠭ ᠨᠢ ᠤᠷᠪᠠᠭᠰᠠᠨ ᠢ᠋ᠶ᠋ᠠᠷ ᠪᠠᠷᠠᠬᠤ ᠦᠭᠡᠢ ᠬᠥᠯ ᠨᠢ ᠬᠥᠯᠳᠡᠵᠦ ᠪᠢᠴᠢᠬᠠᠨ ᠬᠦᠦ ᠭᠦᠩᠭ᠎ᠠ ᠶ᠋ᠢᠨ ᠭᠠᠷ ᠬᠤᠷᠤᠭᠤ ᠬᠥᠯ ᠨᠢ ᠴᠦ᠍ ᠬᠥᠯᠳᠡᠵᠦ ᠰᠢᠷᠬᠠᠲᠤᠵᠠᠢ᠃ ᠲᠡᠭᠡᠪᠡᠴᠦ ᠪᠦᠭᠦᠳᠡᠭᠡᠷ ᠢ᠋ᠶ᠋ᠡᠨ ᠬᠠᠲᠠᠭᠤ ᠵᠣᠷᠢᠭ ᠢ᠋ ᠪᠠᠷᠢᠵᠤ ᠡᠪᠡᠳᠴᠦ ᠲᠠᠭᠠᠷᠠᠬᠤ ᠶ᠋ᠢ ᠲᠡᠰᠪᠦᠷᠢᠯᠡᠵᠦ ᠶᠠᠪᠤᠵᠠᠭᠠᠨ᠎ᠠ᠃   
       ᠲᠡᠳᠡ ᠨᠠᠷ ᠤᠯᠠᠭᠠᠨᠪᠠᠭᠠᠲᠤᠷ ᠵᠦᠭ ᠦᠷᠭᠦᠯᠵᠢᠯᠡᠨ ᠠᠶᠠᠯᠠᠬᠤ ᠵᠠᠮ ᠳ᠋ᠠᠭᠠᠨ ᠵᠠᠷᠢᠮ ᠨᠢᠭᠡᠨ ᠦ᠌ ᠬᠢᠨᠢ ᠤᠨᠤᠭ᠎ᠠ ᠨᠢ ᠲᠣᠷᠴᠤ ᠲᠡᠭᠡᠭᠯᠡᠬᠦ ᠪᠤᠶᠤ ᠡᠪᠡᠳᠴᠢᠯᠡᠵᠦ ᠬᠣᠷᠣᠭᠳᠠᠯ᠎ᠠ᠃ ᠭᠡᠪᠡᠴᠦ ᠬᠥᠮᠦᠰ ᠨᠢ ᠦᠨᠳᠦᠰᠦᠨ ᠳ᠋ᠡᠭᠡᠨ ᠡᠷᠡᠭᠦᠯ ᠴᠢᠬᠢᠷᠠᠭ ᠲᠤᠯᠠ ᠠᠪᠴᠤ ᠶᠠᠪᠤᠭ᠎ᠠ ᠵᠦᠢᠯ ᠢ᠋ᠶ᠋ᠡᠨ ᠪᠤᠰᠤᠳ ᠤᠨᠤᠭ᠎ᠠ ᠳᠡᠭᠡᠷ᠎ᠡ ᠪᠡᠨ ᠠᠴᠢᠶᠠᠯᠠᠭᠠᠳ ᠶᠠᠪᠠᠭᠠᠨ ᠢ᠋ᠶ᠋ᠠᠷ ᠪᠤᠶᠤ ᠡᠭᠡᠯᠵᠢᠯᠡᠨ ᠤᠨᠤᠵᠤ ᠶᠠᠪᠤᠵᠠᠭᠠᠨ᠎ᠠ᠃   
       ᠲᠡᠳᠡ ᠨᠢᠭᠡ ᠰᠠᠷ᠎ᠠ ᠰᠢᠬᠠᠮ ᠤ᠋ᠨ ᠠᠶᠠᠯᠠᠯ ᠢ᠋ᠶ᠋ᠠᠷ ᠵᠣᠷᠢᠭᠰᠠᠨ ᠭᠠᠵᠠᠷ ᠤᠯᠠᠭᠠᠨᠪᠠᠭᠠᠲᠤᠷ ᠲᠤ᠌ ᠬᠦᠷᠦᠯ᠎ᠡ᠃ ᠮᠣᠩᠭᠣᠯ ᠤᠯᠤᠰ ᠤ᠋ᠨ ᠨᠡᠢᠰᠯᠡᠯ ᠤᠯᠠᠭᠠᠨᠪᠠᠭᠠᠲᠤᠷ ᠬᠣᠲᠠ ᠳ᠋ᠤ᠌ ᠲᠥᠪᠡᠳ ᠮᠣᠩᠭᠣᠯ ᠪᠠᠷᠢᠯᠭ᠎ᠠ ᠶ᠋ᠢᠨ ᠰᠣᠶᠣᠯ ᠢ᠋ ᠭᠠᠢᠬᠠᠭᠤᠯᠤᠭᠰᠠᠨ ᠰᠢᠵᠢᠷ ᠠᠯᠲᠠᠨ ᠡᠷᠲᠡᠨ ᠦ᠌ ᠰᠦᠮ᠎ᠡ ᠳᠤᠭᠠᠩ ᠤ᠋ᠳ ᠡᠨᠳᠡ ᠲᠡᠨᠳᠡ ᠰᠦᠨᠳᠡᠷᠯᠡᠵᠦ᠂ ᠠᠷᠭᠠᠯ ᠤ᠋ᠨ ᠤᠲᠤᠭ᠎ᠠ ᠰᠤᠭᠤᠨᠠᠭᠯᠠᠭᠰᠠᠨ ᠢᠰᠡᠭᠡᠢ ᠴᠠᠭᠠᠨ ᠮᠣᠩᠭᠣᠯ ᠭᠡᠷ ᠦ᠋ᠳ ᠵᠢᠭᠳᠡᠷᠡᠭᠰᠡᠨ᠂ ᠲᠠᠪᠤᠨ ᠬᠣᠰᠢᠭᠤ ᠮᠠᠯ ᠰᠦᠷᠦᠭ ᠲᠠᠭᠠᠲᠠᠢᠬᠠᠨ ᠢᠳᠡᠰᠢᠯᠡᠭᠰᠡᠨ ᠴᠤᠯᠤ ᠮᠣᠩᠭᠣᠯ ᠬᠣᠲᠠ ᠨᠢ ᠡᠷᠲᠡᠨ ᠦ᠌ ᠮᠣᠩᠭᠣᠯᠴᠤᠳ ᠤ᠋ᠨ ᠰᠣᠶᠣᠯ ᠲᠡᠦᠬᠡ ᠶ᠋ᠢᠨ ᠵᠠᠮᠬᠠᠷᠠᠰᠢ ᠦᠭᠡᠢ ᠦᠨᠡᠲᠦ ᠭᠡᠷᠡᠯ ᠵᠢᠷᠤᠭ ᠤ᠋ᠳ ᠪᠣᠯᠵᠤ᠂ ᠣᠷᠳᠣᠰ ᠠ᠋ᠴᠠ ᠣᠴᠢᠭᠰᠠᠨ ᠮᠣᠩᠭᠣᠯᠴᠤᠳ ᠤ᠋ᠨ ᠠᠶᠠᠨ ᠵᠠᠮ ᠤ᠋ᠨ ᠶᠠᠳᠠᠷᠠᠭ᠎ᠠ ᠴᠢᠯᠡᠭᠡ ᠶ᠋ᠢ ᠠᠷᠢᠯᠭᠠᠨ᠎ᠠ᠃   

— — — —
          ᠲᠣᠳᠣᠷᠬᠠᠢᠯᠠᠯ    
  《ᠰᠢᠨᠡᠯᠡᠮ᠎ᠡ ᠶ᠋ᠢᠨ ᠬᠤᠪᠢᠰᠬᠠᠯᠲᠤ ᠬᠥᠳᠡᠯᠭᠡᠭᠡᠨ ᠦ᠌ ᠮᠠᠲ᠋ᠧᠷᠢᠶᠠᠯ ᠤ᠋ᠨ ᠡᠮᠬᠢᠳᠬᠡᠯ》 ᠦ᠋ᠨ1 ᠳ᠋ᠦ᠍ᠭᠡᠷ ᠳᠡᠪᠲᠡᠷ ᠦ᠋ᠨ74 ᠳ᠋ᠦ᠍ᠭᠡᠷ ᠨᠢᠭᠤᠷ ᠲᠤ᠌《᠁ ᠭᠦᠩᠭ᠎ᠠ(14 ᠨᠠᠰᠤᠲᠠᠢ) ᠵᠡᠷᠭᠡ ᠶ᠋ᠢᠨ ᠠᠷᠪᠠᠨ ᠵᠢᠷᠭᠤᠭᠠᠨ ᠬᠥᠮᠦᠨ ᠬᠠᠮᠲᠤᠪᠠᠷ ᠮᠥᠷᠳᠡᠵᠦ1923 ᠣᠨ ᠤ᠋ ᠡᠪᠦᠯ ᠪᠣᠯᠬᠤ ᠳ᠋ᠤ᠌ ᠮᠣᠩᠭᠣᠯ ᠤᠯᠤᠰ ᠤ᠋ᠨ ᠲᠥᠪ ᠤᠯᠠᠭᠠᠨᠪᠠᠭᠠᠲᠤᠷ ᠬᠣᠲᠠ ᠳ᠋ᠤ᠌ ᠬᠦᠷᠴᠡᠢ》 ᠭᠡᠵᠦ ᠪᠢᠴᠢᠵᠦ ᠪᠣᠢ᠃ ᠪᠠᠰᠠ ᠨᠡᠯᠢᠶᠡᠳ ᠵᠣᠬᠢᠶᠠᠯ ᠪᠤᠶᠤ ᠮᠠᠲ᠋ᠧᠷᠢᠶᠠᠯ ᠤ᠋ᠳ ᠲᠤ᠌1923 ᠣᠨ ᠪᠤᠶᠤ ᠡᠰᠡᠬᠦᠯ᠎ᠡ1925 ᠣᠨ ᠭᠡᠵᠦ ᠲᠡᠮᠳᠡᠭᠯᠡᠵᠦ ᠪᠠᠢᠳᠠᠭ᠃ ᠡᠳᠡᠭᠡᠷ ᠨᠢ ᠪᠦᠷ ᠲᠠᠰᠢᠶᠠᠷᠠᠭᠰᠠᠨ ᠶᠤᠮ᠃  
       ᠡᠨᠳᠡ ᠪᠢ ᠶᠡᠬᠡ ᠵᠣᠣ ᠠᠢᠮᠠᠭ ᠤ᠋ᠨ ᠳᠠᠩᠰᠠ ᠡᠪᠬᠡᠮᠡᠯ ᠦ᠋ᠨ ᠰᠠᠩ ᠳ᠋ᠤ᠌ ᠤᠳᠠᠭᠠᠨ ᠵᠢᠯ ᠳᠠᠷᠤᠭ᠎ᠠ ᠪᠠᠷ ᠠᠵᠢᠯᠯᠠᠵᠤ ᠶᠠᠪᠤᠭᠰᠠᠨ ᠦᠦᠰᠢᠨ ᠨᠤᠲᠤᠭ ᠲᠠᠢ ᠡᠷᠬᠡᠭᠦᠳ ᠪᠤᠤ ᠰᠠᠨ(ᠸᠠᠩ ᠪᠤᠤ ᠰᠠᠨ) ᠨᠥᠬᠥᠷ ᠦ᠋ᠨ ᠤᠳᠠᠭᠠᠨ ᠵᠢᠯ ᠤᠷᠤᠯᠳᠤᠵᠤ ᠣᠨ ᠲᠣᠭᠠᠯᠠᠯ ᠪᠣᠯᠤᠨ ᠬᠥᠮᠦᠨ ᠬᠡᠷᠡᠭ ᠦ᠋ᠨ ᠲᠤᠬᠠᠢ ᠨᠢᠭᠲᠠᠯᠠᠨ ᠰᠤᠳᠤᠯᠵᠤ ᠬᠠᠷᠢᠴᠠᠭᠤᠯᠤᠨ ᠯᠠᠪᠯᠠᠵᠤ ᠭᠠᠷᠭᠠᠭᠰᠠᠨ ᠤ᠋ ᠰᠡᠭᠦᠯᠡᠷ ᠪᠢᠴᠢᠭᠰᠡᠨ《ᠰᠢᠨᠡᠯᠡᠮ᠎ᠡ ᠶ᠋ᠢᠨ ᠴᠢᠬᠤᠯᠠ ᠦᠢᠯᠡ ᠶᠠᠪᠤᠳᠠᠯ ᠤ᠋ᠨ ᠲᠣᠪᠴᠢᠶᠠᠨ》(1991 ᠣᠨ ᠤ᠋ ᠬᠡᠪᠯᠡᠯ᠂ ᠣᠷᠳᠣᠰ ᠰᠣᠶᠣᠯ ᠤ᠋ᠨ ᠥᠪ ᠦ᠋ᠨ ᠴᠤᠪᠤᠷᠠᠯ ᠤ᠋ᠨ6 ᠳ᠋ᠤᠭᠠᠷ ᠲᠤ᠌》 ᠶ᠋ᠢᠨ 48 ᠳ᠋ᠤᠭᠠᠷ ᠨᠢᠭᠤᠷ ᠲᠤ᠌(ᠣᠨ ᠳᠠᠷᠠᠭᠠᠯᠠᠭᠰᠠᠨ ᠲᠡᠮᠳᠡᠭᠯᠡᠯ ᠁ 1924 ᠣᠨ(ᠬᠥᠬᠡ ᠬᠤᠯᠤᠭᠠᠨ᠎ᠠ ᠵᠢᠯ) ᠢᠷᠭᠡᠨ ᠤᠯᠤᠰ ᠤ᠋ᠨ13 ᠣᠨ᠂7 ᠰᠠᠷ᠎ᠠ᠂ ᠰᠢᠨᠠᠯᠠᠮ᠎ᠠ ᠠᠷᠤ ᠬᠦᠷᠢᠶᠡᠨ ᠳ᠋ᠦ᠍ ᠣᠴᠢᠵᠤ ᠰᠤᠷᠤᠯᠴᠠᠬᠤ ᠪᠠ ᠲᠤᠰᠠᠯᠠᠮᠵᠢ ᠣᠯᠬᠤ ᠪᠠᠷ ᠲᠣᠭᠲᠠᠪᠤᠷᠢᠯᠠᠵᠤ᠂ ᠪᠡᠭᠡᠵᠢᠩ ᠡᠴᠡ ᠦᠦᠰᠢᠨ ᠳ᠋ᠡᠭᠡᠨ ᠬᠠᠷᠢᠵᠤ ᠢᠷᠡᠭᠡᠳ ᠣᠯᠠᠨ ᠢ᠋ ᠳᠠᠢᠴᠢᠯᠠᠨ ᠬᠥᠳᠡᠯᠭᠡᠭᠰᠡᠨ ᠳ᠋ᠦ᠍ ᠰᠠᠢᠰᠢᠩᠭ᠎ᠠ᠂ ᠮᠠᠨᠳᠤᠬᠤᠥ᠌ᠯᠵᠠᠢ᠂ ᠴᠣᠭᠲᠤ᠂ ᠰᠢᠷᠠᠪᠠᠵᠠᠪ᠂ ᠪᠠᠯᠳᠠᠨ᠂ ᠨᠢᠮᠠᠷᠢᠨᠴᠢᠨ᠂ ᠳᠠᠷᠢᠮ᠎ᠠ(ᠡᠮᠡᠭᠲᠡᠢ)᠂ ᠳᠠᠨᠽᠠᠨ᠂ ᠰᠠᠮᠪᠣ᠂ ᡀᠠᠮᠤᠵᠠᠪ᠂ ᠲᠡᠭᠦᠰᠵᠢᠷᠭᠠᠯᠠᠩ᠂ ᠲᠦᠪᠰᠢᠨ᠂ ᠰᠤᠩᠨᠠᠢ᠂ ᠭᠦᠩᠭ᠎ᠠ(ᠰᠢᠨᠡᠯᠡᠮ᠎ᠡ ᠶ᠋ᠢᠨ ᠬᠥᠪᠡᠭᠦᠨ14 ᠨᠠᠰᠤᠲᠠᠢ)᠂ ᠰᠡᠷᠡᠩᠷᠤᠯᠮ᠎ᠠ(ᠡᠮᠡᠭᠲᠡᠢ) ᠵᠡᠷᠭᠡ15 ᠬᠥᠮᠦᠨ ᠨᠡᠷ᠎ᠡ ᠪᠡᠨ ᠮᠡᠳᠡᠭᠦᠯᠵᠦ᠂ ᠰᠢᠨᠡᠯᠡᠮ᠎ᠡ ᠶ᠋ᠢ ᠳᠠᠭᠠᠵᠤ ᠠᠷᠤ ᠬᠦᠷᠢᠶᠡᠨ ᠳ᠋ᠦ᠍ ᠣᠴᠢᠵᠤ ᠰᠤᠷᠤᠯᠴᠠᠬᠤ ᠪᠠᠷ ᠪᠣᠯᠪᠠ》 ᠭᠡᠵᠦ ᠪᠢᠴᠢᠵᠦ ᠪᠣᠢ᠃ ᠡᠨᠳᠡ ᠲᠤᠰ ᠬᠥᠮᠦᠨ ᠦ᠌ ᠬᠡᠯᠡᠯᠭᠡ ᠵᠥᠪ ᠮᠥᠷᠲᠡᠭᠡᠨ ᠦᠨᠡᠨ ᠪᠠᠢᠳᠠᠯ ᠲᠠᠢ ᠨᠡᠢᠴᠡᠨ᠎ᠡ ᠭᠡᠵᠦ ᠦᠵᠡᠨ᠎ᠡ᠃ 
       ᠶᠡᠬᠡ ᠵᠣᠣ ᠠᠢᠮᠠᠭ ᠤ᠋ᠨ ᠤᠯᠤᠰ ᠲᠥᠷᠥ ᠶ᠋ᠢᠨ ᠵᠥᠪᠯᠡᠯᠭᠡᠨ ᠦ᠌ ᠰᠣᠶᠣᠯ ᠲᠡᠦᠬᠡ ᠶ᠋ᠢᠨ ᠠᠯᠪᠠᠨ ᠭᠡᠷ ᠡᠴᠡ ᠨᠠᠢᠷᠠᠭᠤᠯᠤᠭᠰᠠᠨ《ᠰᠢᠨᠠᠯᠠᠮ᠎ᠠ ᠶ᠋ᠢᠨ ᠤᠳᠤᠷᠢᠳᠤᠭᠰᠠᠨ ᠳᠤᠭᠤᠢᠯᠠᠩ ᠤ᠋ᠨ ᠬᠥᠳᠡᠯᠭᠡᠭᠡᠨ》(ᠬᠢᠲᠠᠳ ᠬᠡᠪᠯᠡᠯ) ᠭᠡᠬᠦ ᠥᠭᠦᠯᠡᠯ ᠳ᠋ᠦ᠍《᠁ ᠥᠪᠡᠷ ᠦ᠋ᠨ ᠠᠷᠪᠠᠨ ᠳᠥᠷᠪᠡᠨ ᠨᠠᠰᠤᠲᠠᠢ ᠬᠥᠪᠡᠭᠦᠨ ᠬᠦᠩᠭ᠎ᠠ ᠲᠠᠢ ᠪᠠᠨ ᠨᠡᠢᠲᠡ ᠠᠷᠪᠠᠨ ᠵᠢᠷᠭᠤᠭᠠᠨ ᠬᠥᠮᠦᠨ1924 ᠣᠨ ᠤ᠋ ᠡᠪᠦᠯ ᠪᠦᠭᠦᠳᠡ ᠨᠠᠢᠷᠠᠮᠳᠠᠬᠤ ᠮᠣᠩᠭᠣᠯ ᠠᠷᠠᠳ ᠤᠯᠤᠰ ᠤ᠋ᠨ ᠤᠯᠠᠭᠠᠨᠪᠠᠭᠠᠲᠤᠷ ᠲᠤ᠌ ᠬᠦᠷᠴᠡᠢ》 ᠭᠡᠵᠦ ᠪᠢᠴᠢᠵᠦ ᠪᠣᠢ᠃ ᠡᠨᠡ ᠵᠣᠬᠢᠶᠠᠯ ᠴᠤ᠌ ᠣᠯᠠᠨ ᠤᠳᠠᠭᠠᠨ ᠤ᠋ ᠬᠢᠨᠠᠯᠲᠠ ᠪᠠᠷ ᠳᠠᠮᠵᠢᠭᠰᠠᠨ ᠲᠤᠯᠠ ᠣᠨ ᠲᠣᠭᠠᠯᠠᠯ ᠪᠠ ᠬᠡᠷᠡᠭ ᠤᠴᠢᠷ ᠨᠢ ᠦᠨᠡᠨ ᠭᠡᠳᠡᠭ ᠢ᠋ ᠢᠲᠡᠭᠡᠬᠦ ᠤᠴᠢᠷ ᠲᠠᠢ᠃  

           ᠦᠰᠦᠭ ᠠᠮᠢᠯᠠᠭᠤᠯᠤᠭᠴᠢ᠄ ᠣᠶᠤᠨᠪᠢᠯᠢᠭ᠌᠂ ᠣᠶᠤᠨᠪᠠᠲᠤ᠂ ᠪᠠᠯ᠂ ᠠᠯᠲᠠᠨᠱᠠ 
              ᠬᠢᠨᠠᠭᠴᠢ᠄ ᠣᠳᠬᠣᠨᠴᠡᠴᠡᠭ