ᠮᠣᠩᠭᠣᠯ ᠦᠨᠳᠦᠰᠦᠲᠡᠨ ᠦ ᠰᠢᠯᠭᠠᠷᠠᠭᠰᠠᠨ ᠠᠷᠠᠳᠴᠢᠯᠠᠭᠰᠠᠨ ᠬᠤᠪᠢᠰᠬᠠᠯᠴᠢ ᠰᠢᠨᠡᠯᠠᠮ᠎ᠠ - ᠬᠣᠶᠠᠳᠤᠭᠠᠷ ᠪᠦᠯᠦᠭ᠂ᠥᠯᠵᠡᠢᠵᠢᠷᠭᠠᠯ– ᠭᠢᠯᠠᠯᠵᠠᠭᠰᠠᠨ ᠨᠢᠭᠡ ᠨᠠᠰᠤ6 Шинэлам – 2-р бүлэг᠂ Өлзийжаргал– гялалзсан нэг нас 6
ᠵᠢᠷᠭᠤᠭ᠎ᠠ᠂ ᠰᠢᠨᠠᠯᠠᠮ᠎ᠠ ᠪᠡᠭᠡᠵᠢᠩ ᠳ᠋ᠦ᠍ ᠪᠠᠢᠭᠰᠠᠨ ᠬᠤᠭᠤᠴᠠᠭᠠᠨ ᠳ᠋ᠤ᠌
ᠰᠢᠨᠠᠯᠠᠮ᠎ᠠ ᠪᠠᠪᠤᠤ ᠮᠡᠢᠷᠡᠨ ᠦ᠌ ᠭᠡᠷ ᠲᠦ᠍ ᠦᠷᠭᠦᠯᠵᠢᠯᠡᠨ ᠨᠢᠭᠡ ᠬᠤᠭᠤᠴᠠᠭ᠎ᠠ ᠰᠠᠭᠤᠵᠤ᠂ ᠵᠠᠷᠢᠮ ᠳ᠋ᠠᠭᠠᠨ ᠪᠠᠰᠠ ᠵᠠᠮᠪᠠᠯ ᠡᠮᠴᠢ ᠶ᠋ᠢᠨ ᠳ᠋ᠦ᠍ ᠰᠠᠭᠤᠵᠤ ᠰᠢᠷᠬ᠎ᠠ ᠪᠠᠨ ᠡᠮᠨᠡᠭᠦᠯᠳᠡᠭ ᠪᠠᠢᠵᠠᠢ᠃ ᠵᠠᠮᠪᠠᠯ ᠡᠮᠴᠢ ᠪᠣᠯ ᠵᠠᠰᠠᠭ ᠬᠤᠰᠢᠭᠤᠨ ᠤ᠋ ᠯᠠᠮᠠ ᠶ᠋ᠢᠨ ᠰᠦᠮ᠎ᠡ ᠶ᠋ᠢᠨ ᠱᠠᠪᠢ ᠯᠠᠮᠠ ᠶᠤᠮ᠃ ᠲᠤᠬᠠᠢ ᠶ᠋ᠢᠨ ᠦᠶ᠎ᠡ ᠳ᠋ᠦ᠍ ᠲᠤᠰ ᠰᠦᠮ᠎ᠡ ᠶ᠋ᠢᠨ ᠪᠠᠨᠳᠢᠳᠠ ᠭᠡᠭᠡᠨ ᠸᠠᠩᠳᠠᠨᠨᠢᠮ᠎ᠠ ᠪᠡᠭᠡᠵᠢᠩ ᠳ᠋ᠦ᠍ ᠰᠠᠭᠤᠵᠤ ᠪᠠᠢᠵᠠᠢ᠃ ᠰᠢᠨᠠᠯᠠᠮ᠎ᠠ ᠤᠤᠯ ᠠ᠋ᠴᠠ ᠪᠠᠨ ᠸᠠᠩᠳᠠᠨᠨᠢᠮ᠎ᠠ ᠶ᠋ᠢᠨ ᠠᠷᠠᠳᠴᠢᠯᠠᠭᠰᠠᠨ ᠳᠠᠪᠰᠢᠩᠭᠤᠢ ᠦᠵᠡᠯ ᠢ᠋ ᠲᠤᠩ ᠪᠢᠰᠢᠷᠡᠨ ᠬᠦᠨᠳᠦᠳᠬᠡᠳᠡᠭ ᠲᠤᠯᠠ ᠲᠡᠭᠦᠨ ᠲᠡᠢ ᠬᠠᠷᠢᠯᠴᠠᠬᠤ ᠪᠣᠳᠣᠯ ᠲᠥᠷᠥᠭᠳᠡᠭᠰᠡᠨ ᠪᠠᠢᠨ᠎ᠠ᠃
ᠰᠢᠨᠡᠯᠡᠮ᠎ᠡ᠂ ᠪᠠᠪᠤᠤ ᠮᠡᠢᠷᠡᠨ ᠢ᠋ᠶ᠋ᠡᠷ ᠳᠡᠮᠵᠢᠵᠦ ᠵᠠᠰᠠᠭ ᠬᠤᠰᠢᠭᠤᠨ ᠤ᠋ ᠵᠠᠰᠠᠭ ᠨᠣᠶᠠᠨ ᠱᠠᠭᠳᠤᠷᠵᠠᠪ ᠢ᠋ᠶ᠋ᠠᠷ ᠲᠡᠭᠦᠨ ᠦ᠌ ᠬᠦᠷᠢ ᠳᠡᠭᠦᠦ ᠪᠣᠯᠬᠤ ᠸᠠᠩᠳᠠᠨᠨᠢᠮ᠎ᠠ ᠳ᠋ᠤ᠌ ᠨᠢᠭᠡᠨ ᠬᠤᠪᠢ ᠵᠠᠬᠢᠳᠠᠯ ᠪᠢᠴᠢᠭᠦᠯᠵᠦ ᠸᠠᠩᠳᠠᠨᠨᠢᠮ᠎ᠠ ᠲᠠᠢ ᠤᠴᠠᠷᠠᠬᠤ ᠭᠡᠷᠡᠴᠢ ᠪᠣᠯᠭᠠᠨ ᠠᠪᠤᠪᠠ᠃1921 ᠣᠨ ᠳ᠋ᠤ᠌ ᠰᠢᠨᠠᠯᠠᠮ᠎ᠠ ᠱᠠᠨ ᠰᠢ ᠶ᠋ᠢᠨ ᠤᠲᠠᠢ ᠶ᠋ᠢᠨ ᠯᠠᠭᠱᠠᠨ ᠣᠷᠣᠨ ᠳ᠋ᠤ᠌ ᠬᠦᠷᠴᠦ᠂ ᠲᠡᠨᠳᠡ ᠡᠴᠡ ᠪᠡᠭᠡᠵᠢᠩ ᠳ᠋ᠦ᠍ ᠬᠦᠷᠴᠦ ᠸᠠᠩᠳᠠᠨᠨᠢᠮ᠎ᠠ ᠲᠠᠢ ᠤᠴᠠᠷᠠᠭᠰᠠᠨ ᠪᠠᠢᠨ᠎ᠠ᠃
ᠰᠢᠨᠠᠯᠠᠮ᠎ᠠ᠂ ᠳ᠋ᠤᠸᠠᠨ ᠴᠢ ᠷᠦᠢ ᠶ᠋ᠢᠨ ᠬᠠᠭᠤᠷᠠᠢ ᠵᠠᠮ ᠤ᠋ᠨ ᠴᠡᠷᠢᠭ ᠦ᠋ᠨ ᠰᠧᠯᠢᠩᠪᠥ᠋ ᠳ᠋ᠦ᠍ ᠵᠥᠪᠯᠡᠭᠴᠢ ᠪᠡᠷ ᠰᠠᠭᠤᠵᠤ ᠪᠠᠢᠭᠰᠠᠨ ᠸᠠᠩᠳᠠᠨᠨᠢᠮ᠎ᠠ ᠶ᠋ᠢᠨ ᠭᠠᠷ ᠳᠣᠣᠷᠠᠬᠢ ᠪᠢᠴᠢᠭᠡᠴᠢ ᠪᠣᠯᠵᠤ᠂ ᠪᠡᠭᠡᠵᠢᠩ ᠦ᠋ᠨ ᠨᠠᠢᠷᠠᠯᠲᠤ ᠨᠠᠢᠷᠠᠮᠳᠠᠭᠤ ᠰᠦᠮ᠎ᠡ ᠶ᠋ᠢᠨ ᠳᠣᠷᠵᠢᠨᠢᠩᠪᠤ ᠶ᠋ᠢᠨ ᠭᠡᠷ ᠲᠦ᠍ ᠰᠠᠭᠤᠵᠠᠢ᠃
1917 ᠣᠨ ᠳ᠋ᠤ᠌ ᠯᠧᠨᠢᠨ ᠰᠲ᠋ᠠᠯᠢᠨ ᠤ᠋ ᠤᠳᠤᠷᠢᠳᠤᠭᠰᠠᠨ《ᠠᠷᠪᠠᠨ ᠰᠠᠷ᠎ᠠ ᠶ᠋ᠢᠨ ᠬᠤᠪᠢᠰᠬᠠᠯ》ᠣᠷᠣᠰ ᠤ᠋ᠨ ᠴᠠᠭᠠᠨ ᠬᠠᠭᠠᠨᠲᠤ ᠲᠥᠷᠥ ᠶ᠋ᠢ ᠲᠦᠯᠬᠢᠨ ᠤᠨᠠᠭᠠᠵᠤ᠂1922 ᠣᠨ ᠳ᠋ᠤ᠌ ᠠᠩᠬᠠᠳᠠᠭᠴᠢ ᠵᠥᠪᠯᠡᠯ ᠦ᠋ᠨ ᠵᠠᠰᠠᠭᠲᠤ ᠨᠡᠢᠭᠡᠮ ᠵᠢᠷᠤᠮᠲᠤ ᠵᠥᠪᠯᠡᠯᠲᠦ ᠬᠣᠯᠪᠣᠭᠠᠲᠤ ᠤᠯᠤᠰ ᠢ᠋ ᠪᠠᠢᠭᠤᠯᠪᠠ᠃ ᠲᠤᠬᠠᠢ ᠶ᠋ᠢᠨ ᠦᠶ᠎ᠡ ᠳ᠋ᠦ᠍ ᠰᠢᠨᠡᠯᠡᠮ᠎ᠡ ᠵᠥᠪᠯᠡᠯᠲᠦ ᠬᠣᠯᠪᠣᠭᠠᠲᠤ ᠤᠯᠤᠰ ᠤ᠋ᠨ ᠡᠯᠴᠢᠨ᠂ ᠭᠤᠷᠪᠠᠳᠤᠭᠠᠷ ᠢᠨᠲ᠋ᠧᠷᠨᠠᠼᠢᠣᠨᠠᠯ ᠤ᠋ᠨ ᠬᠣᠯᠪᠣᠭᠠᠨ ᠤ᠋ ᠲᠥᠯᠥᠭᠡᠯᠡᠭᠴᠢ ᠯᠢᠲ᠋ᠢᠭᠠᠷᠪᠤ᠂ ᠸᠠᠴᠢᠷᠸᠠᠬᠦ ᠨᠠᠷ ᠲᠠᠢ ᠪᠡᠭᠡᠵᠢᠩ ᠳ᠋ᠦ᠍ ᠲᠠᠨᠢᠯᠴᠠᠵᠤ《ᠠᠷᠪᠠᠨ ᠰᠠᠷ᠎ᠠ ᠶ᠋ᠢᠨ ᠬᠤᠪᠢᠰᠬᠠᠯ》 ᠤ᠋ᠨ ᠢᠯᠠᠯᠲᠠ ᠶ᠋ᠢᠨ ᠲᠤᠬᠠᠢ ᠰᠣᠨᠣᠰᠴᠤ ᠲᠡᠳᠡᠨ ᠦ᠌ ᠮᠠᠰᠢ ᠠᠷᠪᠢᠨ ᠰᠣᠨᠢᠨ ᠰᠡᠳᠬᠦᠯ ᠤᠬᠠᠭᠤᠯᠭ᠎ᠠ ᠶ᠋ᠢᠨ ᠮᠠᠲ᠋ᠧᠷᠢᠶᠠᠯ ᠢ᠋ ᠰᠤᠷᠴᠤ ᠰᠤᠳᠤᠯᠵᠠᠢ᠃
ᠲᠤᠬᠠᠢ ᠶ᠋ᠢᠨ ᠦᠶ᠎ᠡ ᠶ᠋ᠢᠨ ᠵᠥᠪᠯᠡᠯᠲᠦ ᠶ᠋ᠢᠨ《ᠠᠷᠪᠠᠨ ᠰᠠᠷ᠎ᠠ ᠶ᠋ᠢᠨ ᠬᠤᠪᠢᠰᠬᠠᠯ》 ᠤ᠋ᠨ ᠨᠥᠯᠥᠭᠡ ᠪᠡᠷ ᠰᠦᠬᠡᠪᠠᠭᠠᠲᠤᠷ ᠴᠣᠢᠪᠠᠯᠰᠠᠩ ᠨᠠᠷ ᠤ᠋ᠨ ᠤᠳᠤᠷᠢᠳᠤᠭᠰᠠᠨ ᠠᠷᠠᠳ ᠤ᠋ᠨ ᠬᠤᠪᠢᠰᠬᠠᠯᠲᠤ ᠨᠠᠮ ᠨᠢ ᠬᠠᠯᠬ᠎ᠠ ᠮᠣᠩᠭᠣᠯ ᠳ᠋ᠠᠬᠢ ᠵᠢᠪᠽᠤᠨᠳᠠᠮᠪᠠ ᠬᠤᠲᠤᠭᠲᠤ ᠶ᠋ᠢᠨ ᠬᠠᠭᠠᠨᠲᠤ ᠲᠥᠷᠥ ᠶ᠋ᠢᠨ ᠨᠣᠶᠠᠷᠬᠠᠯ ᠲᠠᠢ ᠲᠡᠮᠡᠴᠡᠯ ᠶᠠᠪᠤᠭᠤᠯᠵᠤ ᠪᠠᠢᠵᠠᠢ᠃ ᠰᠢᠨᠡᠯᠠᠮᠠᠠ ᠪᠡᠭᠡᠵᠢᠩ ᠳ᠋ᠦ᠍ ᠬᠠᠯᠬ᠎ᠠ ᠮᠣᠩᠭᠣᠯ ᠤ᠋ᠨ ᠡᠯᠴᠢᠨ ᠨᠠᠰᠤᠨᠪᠠᠲᠦ ᠲᠡᠢ ᠲᠠᠨᠢᠯᠴᠠᠵᠤ᠂ ᠬᠣᠵᠢᠮ ᠮᠣᠩᠭᠣᠯ ᠤᠯᠤᠰ ᠲᠤ᠌ ᠣᠴᠢᠵᠤ ᠰᠤᠷᠤᠯᠴᠠᠬᠤ ᠪᠠᠷ ᠠᠩᠬ᠎ᠠ ᠠᠯᠬᠤᠮ ᠶᠠᠷᠢᠯᠴᠠᠵᠤ ᠲᠣᠭᠲᠠᠭᠰᠠᠨ ᠪᠥᠭᠡᠳ ᠬᠠᠯᠬ᠎ᠠ ᠮᠣᠩᠭᠣᠯ ᠤ᠋ᠨ ᠬᠤᠪᠢᠰᠬᠠᠯ ᠤ᠋ᠨ ᠢᠯᠠᠯᠲᠠ ᠣᠯᠵᠤ ᠪᠠᠢᠭᠰᠠᠨ ᠪᠠᠢᠳᠠᠯ ᠢ᠋ ᠰᠣᠨᠣᠰᠴᠤ ᠲᠡᠳᠡᠨ ᠦ᠌ ᠰᠣᠨᠢᠨ ᠰᠡᠳᠬᠦᠯ ᠤᠬᠠᠭᠤᠯᠭ᠎ᠠ ᠶ᠋ᠢᠨ ᠮᠠᠲ᠋ᠧᠷᠢᠶᠠᠯ ᠤ᠋ᠳ ᠢ᠋ ᠰᠤᠷᠤᠯᠴᠠᠵᠤ ᠰᠤᠳᠤᠯᠵᠠᠢ᠃ ᠡᠪ ᠬᠠᠮᠲᠤ ᠨᠠᠮ ᠤ᠋ᠨ ᠡᠭᠦᠰᠬᠡᠨ ᠪᠠᠢᠭᠤᠯᠤᠭᠴᠢ ᠶ᠋ᠢᠨ ᠨᠢᠭᠡ ᠪᠣᠯᠬᠤ᠂ ᠤᠮᠠᠷᠠᠲᠤ ᠣᠷᠣᠨ ᠤ᠋ ᠨᠠᠮ ᠤ᠋ᠨ ᠬᠠᠷᠢᠭᠤᠴᠠᠯᠭᠠᠲᠠᠨ ᠯᠢ ᠳᠡ ᠵᠣᠣ ᠨᠥᠬᠥᠷ ᠡᠴᠡ ᠲᠤᠬᠠᠢ ᠶ᠋ᠢᠨ ᠦᠶ᠎ᠡ ᠳ᠋ᠦ᠍᠄《᠁ ᠮᠣᠩᠭᠣᠯ ᠦᠨᠳᠦᠰᠦᠲᠡᠨ ᠦ᠌ ᠳᠠᠪᠰᠢᠭᠰᠠᠨ ᠵᠠᠯᠠᠭᠤ ᠰᠢᠨᠡᠯᠡᠮ᠎ᠡ ᠲᠡᠢ ᠪᠦᠯᠬᠦᠮᠳᠡᠬᠦ ᠬᠡᠷᠡᠭᠲᠡᠢ》(《 ᠯᠢ ᠳᠡ ᠵᠣᠣ ᠶ᠋ᠢᠨ ᠨᠠᠮᠲᠠᠷ》 ᠲᠤ᠌) ᠭᠡᠵᠦ ᠬᠡᠯᠡᠭᠰᠡᠨ ᠢ᠋ᠶ᠋ᠡᠷ ᠦᠵᠡᠪᠡᠯ ᠰᠢᠨᠠᠯᠠᠮ᠎ᠠ ᠪᠡᠭᠡᠵᠢᠩ ᠳ᠋ᠦ᠍ ᠪᠠᠢᠬᠤ ᠬᠤᠭᠤᠴᠠᠭᠠᠨ ᠳ᠋ᠠᠭᠠᠨ ᠯᠢ ᠳᠡ ᠵᠣᠣ ᠨᠥᠬᠥᠷ ᠲᠡᠢ ᠬᠠᠷᠢᠴᠠᠭ᠎ᠠ ᠬᠣᠯᠪᠣᠭ᠎ᠠ ᠲᠠᠢ ᠪᠠᠢᠭᠰᠠᠨ ᠮᠠᠭᠠᠳ᠃
ᠤᠯᠤᠰ ᠤ᠋ᠨ ᠳᠣᠲᠣᠭᠠᠳᠤ ᠭᠠᠳᠠᠭᠠᠳᠤ ᠶ᠋ᠢᠨ ᠴᠠᠭ ᠤ᠋ᠨ ᠪᠠᠢᠳᠠᠯ ᠥᠷᠨᠢᠭᠦᠨ ᠮᠥᠷᠲᠡᠭᠡᠨ ᠪᠤᠳᠤᠯᠢᠶᠠᠨᠲᠠᠢ ᠪᠠᠢᠭ᠎ᠠ ᠣᠨ ᠵᠢᠯ ᠦ᠋ᠳ ᠲᠦ᠍ ᠰᠢᠨᠠᠯᠠᠮ᠎ᠠ ᠪᠡᠭᠡᠵᠢᠩ ᠳ᠋ᠦ᠍ ᠭᠤᠷᠪᠠᠨ ᠵᠢᠯ ᠰᠠᠭᠤᠵᠤ ᠠᠵᠢᠯᠯᠠᠪᠠ᠃ ᠡᠨᠡ ᠨᠢ ᠲᠡᠭᠦᠨ ᠦ᠌ ᠬᠤᠪᠢ ᠵᠠᠶᠠᠭᠠᠨ ᠳ᠋ᠤ᠌ ᠲᠤᠢᠯ ᠤ᠋ᠨ ᠠᠵᠠ ᠲᠠᠢ ᠲᠣᠬᠢᠶᠠᠯ ᠪᠣᠯᠵᠤ᠂ ᠵᠥᠪᠬᠡᠨ ᠦᠦᠰᠢᠨ ᠬᠤᠰᠢᠭᠤᠨ ᠤ᠋ ᠵᠠᠰᠠᠭ ᠨᠣᠶᠠᠨ ᠴᠠᠭᠳᠤᠷᠰᠡᠷᠡᠩ ᠪᠣᠯᠤᠨ ᠬᠠᠲᠤᠨ ᠨᠠᠷᠠᠨᠭᠡᠷᠡᠯ ᠢ᠋ ᠡᠰᠡᠷᠭᠦᠴᠡᠵᠦ ᠶᠠᠪᠤᠭᠰᠠᠨ ᠢᠪᠴᠤᠤ ᠪᠠᠭ᠎ᠠ ᠬᠦᠷᠢᠶᠡᠨ ᠡᠴᠡ ᠭᠠᠷᠴᠤ᠂ ᠶᠡᠬᠡ ᠶ᠋ᠢ ᠦᠵᠡᠨ ᠬᠣᠯᠠ ᠶ᠋ᠢ ᠬᠠᠷᠠᠵᠤ᠂ ᠦᠨᠡᠨ ᠶᠣᠰᠣ ᠶ᠋ᠢ ᠣᠢᠯᠠᠭᠠᠵᠤ ᠰᠤᠷᠴᠤ ᠰᠤᠳᠤᠯᠬᠤ ᠪᠣᠯᠵᠤ ᠣᠯᠠᠨ ᠠᠷᠪᠢᠨ ᠨᠥᠯᠥᠭᠡ ᠶᠡᠬᠡ ᠲᠡᠢ ᠳᠠᠪᠰᠢᠩᠭᠤᠢ ᠬᠥᠮᠦᠰ ᠲᠡᠢ ᠤᠴᠠᠷᠠᠵᠤ ᠨᠥᠬᠥᠷᠯᠡᠭᠡᠳ ᠨᠢᠭᠡᠨ ᠤᠯᠤᠰ ᠦᠨᠳᠦᠰᠦᠲᠡᠨ ᠢ᠋ᠶ᠋ᠡᠨ ᠠᠪᠤᠷᠠᠨ ᠴᠢᠯᠥᠭᠡᠯᠡᠬᠦ ᠪᠡᠷ ᠵᠣᠷᠢᠭ ᠰᠢᠭᠤᠳᠤᠭᠰᠠᠨ ᠬᠤᠪᠢᠰᠬᠠᠯᠴᠢ ᠪᠣᠯᠵᠠᠢ᠃
ᠦᠰᠦᠭ ᠠᠮᠢᠯᠠᠭᠤᠯᠤᠭᠴᠢ᠄ ᠪᠠᠯ᠂ ᠣᠶᠤᠨᠪᠠᠲᠤ᠂ ᠰᠠᠷᠠᠨᠲᠤᠶᠠᠭ᠎ᠠ
ᠬᠢᠨᠠᠭᠴᠢ᠄ ᠣᠳᠬᠣᠨᠴᠡᠴᠡᠭ