ᠲᠡᠮᠦᠵᠢᠨ – ᠭᠠᠯᠵᠠᠭᠤᠷᠠᠭᠰᠠᠨ ᠬᠤᠯᠠᠨ - ᠴᠢᠩᠭᠢᠰ ᠬᠠᠭᠠᠨ ᠊ᠤ᠌ ᠨᠢᠭᠤᠴᠠ ᠲᠡᠦᠬᠡ 26 Тэмүүжин – Галзуурсан хулан - Чингис хаан оо нууц түүх 26 ᠲᠡᠥᠬᠡ ᠰᠣᠶᠣᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠲᠡᠮᠦᠵᠢᠨ – ᠭᠠᠯᠵᠠᠭᠤᠷᠠᠭᠰᠠᠨ ᠬᠤᠯᠠᠨ - ᠴᠢᠩᠭᠢᠰ ᠬᠠᠭᠠᠨ ᠊ᠤ᠌ ᠨᠢᠭᠤᠴᠠ ᠲᠡᠦᠬᠡ 26 Тэмүүжин – Галзуурсан хулан - Чингис хаан оо нууц түүх 26

ᠲᠡᠮᠦᠵᠢᠨ – ᠭᠠᠯᠵᠠᠭᠤᠷᠠᠭᠰᠠᠨ ᠬᠤᠯᠠᠨ - ᠴᠢᠩᠭᠢᠰ ᠬᠠᠭᠠᠨ ᠊ᠤ᠌ ᠨᠢᠭᠤᠴᠠ ᠲᠡᠦᠬᠡ 26 Тэмүүжин – Галзуурсан хулан - Чингис хаан оо нууц түүх 26

ᠠᠩᠭᠢᠯᠠᠯ:ᠲᠡᠥᠬᠡ ᠰᠣᠶᠣᠯ
2025-10-05

76

ᠲᠡᠮᠦᠵᠢᠨ –

ᠭᠠᠯᠵᠠᠭᠤᠷᠠᠭᠰᠠᠨ ᠬᠤᠯᠠᠨ


       ᠴᠢᠩᠭᠢᠰ ᠬᠠᠭᠠᠨ ᠤ᠋ ᠶᠡᠬᠡ ᠴᠡᠷᠢᠭ ᠲᠠᠩᠭᠤᠳ ᠤᠯᠤᠰ ᠤ᠋ᠨ ᠢᠷᠭᠠᠢ ᠪᠠᠯᠭᠠᠰᠤ ᠶ᠋ᠢ ᠪᠦᠰᠡᠯᠡᠨ ᠰᠠᠭᠤᠭᠰᠠᠭᠠᠷ ᠳᠠᠷᠤᠢ ᠰᠠᠷ᠎ᠠ ᠪᠣᠯᠵᠠᠢ᠃ ᠴᠢᠩᠭᠢᠰ ᠬᠠᠭᠠᠨ ᠤ᠋ ᠪᠡᠶ᠎ᠡ ᠴᠢᠯᠡᠭᠡᠷᠬᠡᠭᠰᠡᠨ ᠨᠢ ᠢᠩᠭᠢᠵᠦ ᠬᠥᠳᠡᠯᠬᠦ ᠦᠭᠡᠢ ᠰᠠᠭᠤᠬᠤ ᠶ᠋ᠢᠨ ᠰᠢᠯᠲᠠᠭ ᠪᠣᠯᠤᠭᠰᠠᠨ ᠦᠭᠡᠢ ᠴᠦ᠍ ᠣᠯᠠᠨ ᠬᠥᠮᠦᠨ ᠤ ᠳᠣᠲᠣᠷ᠎ᠠ ᠢᠩᠭᠢᠵᠦ ᠪᠣᠳᠣᠬᠤ ᠦᠨᠳᠦᠰᠦ ᠪᠣᠢ ᠪᠣᠯᠭᠠᠵᠠᠢ᠃ ᠮᠣᠩᠭᠣᠯ ᠤ᠋ᠨ ᠴᠡᠷᠢᠭ ᠨᠤᠲᠤᠭ ᠠ᠋ᠴᠠ ᠪᠠᠨ ᠬᠥᠳᠡᠯᠦᠭᠰᠡᠨ ᠡᠴᠡ ᠬᠠᠭᠠᠰ ᠵᠢᠯ ᠦ᠋ᠨ ᠳᠠᠷᠠᠭ᠎ᠠ ᠬᠠᠪᠤᠷ᠂ ᠡᠪᠦᠯ ᠦ᠋ᠨ ᠵᠠᠭᠠᠭ ᠢ᠋ᠶ᠋ᠠᠷ ᠲᠠᠩᠭᠤᠳ ᠤ᠋ᠨ ᠪᠠᠷᠠᠭᠤᠨ᠂ ᠵᠡᠭᠦᠨ ᠪᠣᠯᠤᠭᠠᠳ ᠬᠣᠢᠲᠤ ᠬᠢᠯᠢ ᠶ᠋ᠢᠨ ᠬᠣᠲᠠ ᠪᠠᠯᠭᠠᠰᠤ ᠶ᠋ᠢ ᠡᠵᠡᠯᠡᠨ ᠠᠪᠤᠭᠠᠳ ᠣᠳᠣ ᠡᠨᠡ ᠢᠷᠭᠠᠢ ᠪᠠᠯᠭᠠᠰᠤ ᠶ᠋ᠢ ᠳᠣᠪᠲᠣᠯᠤᠨ ᠣᠷᠣᠯ ᠦᠭᠡᠢ ᠪᠦᠰᠡᠯᠡᠨ ᠰᠠᠭᠤᠭᠰᠠᠨ ᠨᠢ ᠡᠨᠡ ᠪᠠᠢᠪᠠ᠃ ᠢᠷᠭᠠᠢ ᠪᠠᠯᠭᠠᠰᠤ ᠪᠣᠯ ᠥᠷᠥᠨ᠎ᠡ᠂ ᠳᠣᠷᠣᠨ᠎ᠠ ᠶ᠋ᠢ ᠬᠣᠯᠪᠣᠭᠰᠠᠨ ᠬᠤᠳᠠᠯᠳᠤᠭᠠᠨ ᠤ᠋ ᠶᠡᠬᠡ ᠵᠠᠮ ᠤ᠋ᠨ ᠭᠣᠣᠯ ᠪᠣᠭᠣᠮᠲᠠ ᠲᠤᠯᠠ ᠪᠤᠤᠷ᠎ᠠ ᠬᠠᠭᠠᠨ ᠤ᠋ ᠨᠢᠭᠡ ᠥᠷᠭᠥᠭᠡ ᠡᠨᠳᠡ ᠪᠠᠢᠬᠤ ᠠᠵᠢ᠃ ᠬᠠᠮᠠᠭᠠᠯᠠᠯᠲᠠ ᠪᠡᠬᠢᠯᠡᠯᠲᠡ ᠰᠠᠢᠲᠠᠢ ᠬᠠᠨ᠎ᠠ ᠬᠡᠷᠡᠮ ᠥᠨᠳᠥᠷ ᠲᠡᠢ ᠡᠨᠡ ᠪᠠᠯᠭᠠᠰᠤ ᠳ᠋ᠤ᠌ ᠪᠤᠤᠷ᠎ᠠ ᠬᠠᠭᠠᠨ ᠬᠠᠮᠤᠭ ᠤ᠋ᠨ ᠰᠢᠯᠢᠳᠡᠭ ᠴᠡᠷᠢᠭ ᠦ᠋ᠳ ᠢ᠋ᠶ᠋ᠡᠨ ᠴᠤᠭᠯᠠᠭᠤᠯᠤᠭᠠᠳ ᠪᠠᠢᠵᠠᠢ᠃ ᠴᠢᠩᠭᠢᠰ ᠬᠠᠭᠠᠨ ᠲᠠᠩᠭᠤᠳ ᠤ᠋ᠨ ᠶᠡᠬᠡ ᠥᠭᠡᠲᠦ ᠪᠤᠤᠷ᠎ᠠ ᠬᠠᠭᠠᠨ ᠳ᠋ᠤ᠌ ᠴᠡᠷᠢᠭ ᠦ᠋ᠨ ᠬᠦᠴᠦ ᠪᠡᠷ ᠳᠠᠷᠤᠨ ᠰᠥᠨᠥᠭᠡᠬᠦ ᠶ᠋ᠢ ᠬᠦᠰᠡᠭᠡ ᠦᠭᠡᠢ ᠨᠢ ᠢᠷᠭᠠᠢ ᠪᠠᠯᠭᠠᠰᠤ ᠶ᠋ᠢᠨ ᠳᠡᠷᠭᠡᠳᠡ ᠤᠳᠠᠭᠠᠨ ᠰᠠᠭᠤᠬᠤ ᠳ᠋ᠤ᠌ ᠬᠦᠷᠭᠡᠵᠡᠢ᠃ ᠳᠡᠮᠡᠢ ᠥᠴᠦᠬᠡᠨ ᠪᠤᠤᠷ᠎ᠠ ᠬᠠᠭᠠᠨ ᠳ᠋ᠤ᠌ ᠶᠡᠬᠡ ᠬᠦᠴᠦ ᠦᠵᠡᠭᠦᠯᠬᠦ ᠨᠢ ᠬᠠᠢᠷᠠᠨ ᠴᠡᠷᠢᠭ ᠦ᠋ᠨ ᠠᠮᠢ ᠶ᠋ᠢ ᠦᠷᠡᠬᠦ ᠡᠴᠡ ᠴᠠᠭᠠᠰᠢ ᠦᠭᠡᠢ ᠬᠡᠷᠡᠭ ᠭᠡᠵᠦ ᠲᠡᠷᠡ ᠪᠣᠳᠣᠵᠠᠢ᠃ ᠲᠡᠢᠮᠦ ᠡᠴᠡ ᠪᠤᠤᠷ᠎ᠠ ᠬᠠᠭᠠᠨ ᠢ᠋ ᠥᠪᠡᠷ ᠢ᠋ᠶ᠋ᠡᠨ ᠳᠠᠭᠠᠵᠤ ᠢᠷᠡᠬᠦ ᠶ᠋ᠢ ᠱᠠᠭᠠᠷᠳᠠᠨ ᠵᠡᠯᠮ᠎ᠡ ᠶ᠋ᠢᠨ ᠬᠥᠪᠡᠭᠦᠨ ᠶᠢᠰᠦᠨᠲᠡᠢ ᠶ᠋ᠢ ᠡᠯᠴᠢ ᠪᠣᠯᠭᠠᠨ ᠢᠯᠡᠭᠡᠭᠡᠳ ᠬᠠᠷᠢᠭᠤ ᠬᠦᠯᠢᠶᠡᠨ ᠲᠡᠪᠴᠢᠶᠡᠷᠢ ᠲᠡᠢ ᠰᠠᠭᠤᠪᠠ᠃ ᠪᠤᠤᠷ᠎ᠠ ᠬᠠᠭᠠᠨ᠂ ᠴᠢᠩᠭᠢᠰ ᠬᠠᠭᠠᠨ ᠤ᠋ ᠡᠯᠴᠢ ᠶᠢᠰᠦᠨᠲᠡᠢ ᠶ᠋ᠢᠨ ᠦᠭᠡ ᠶ᠋ᠢ ᠰᠣᠨᠣᠰᠴᠤ ᠢᠯᠡᠭᠡᠭᠰᠡᠨ ᠵᠠᠬᠢᠳᠠᠯ ᠢ᠋ ᠤᠩᠰᠢᠭᠤᠯᠵᠤ ᠰᠣᠨᠣᠰᠤᠭᠠᠳ ᠥᠪᠡᠷ ᠢ᠋ ᠪᠡᠨ ᠥᠮᠥᠭᠡᠷᠡᠭᠰᠡᠨ ᠦᠭᠡ ᠬᠡᠯᠡᠵᠦ ᠪᠤᠴᠠᠭᠠᠭᠰᠠᠨ ᠪᠠᠢᠪᠠ᠃ ᠪᠤᠤᠷ᠎ᠠ ᠬᠠᠭᠠᠨ ᠤ᠋ ᠴᠡᠷᠢᠭ ᠦ᠋ᠨ ᠵᠠᠩᠵᠤᠨ ᠠᠱᠠ ᠬᠠᠮᠪᠤ ᠭᠡᠭᠴᠢ ᠬᠠᠭᠠᠨ ᠢ᠋ᠶ᠋ᠠᠨ ᠲᠥᠯᠥᠭᠡᠯᠡᠨ ᠶᠡᠬᠡ ᠦᠭᠡ ᠬᠡᠯᠡᠵᠦ 《ᠪᠠᠢᠯᠳᠤᠬᠤ ᠦᠭᠡᠢ ᠶᠦᠮ ᠪᠣᠯ ᠶᠠᠭᠤ ᠭᠡᠵᠦ ᠡᠨᠳᠡ ᠢᠷᠡᠪᠡ 》 ᠭᠡᠮᠡᠨ ᠬᠡᠯᠡᠭᠦᠯᠦᠭᠰᠡᠨ ᠢ᠋ ᠰᠣᠨᠣᠰᠤᠭᠠᠳ ᠲᠡᠪᠴᠢᠬᠦ ᠬᠥᠮᠦᠨ ᠣᠯᠠᠨ ᠭᠠᠷᠤᠭᠰᠠᠨ ᠦᠭᠡᠢ ᠪᠦᠭᠦᠳᠡ ᠲᠡᠷᠡ ᠮᠠᠭᠤ ᠢᠯᠠᠭᠠᠬᠠᠢ ᠪᠤᠤᠷ᠎ᠠ ᠬᠠᠭᠠᠨ ᠢ᠋ ᠳᠠᠷᠤᠢ ᠳᠣᠪᠲᠣᠯᠤᠨ ᠰᠥᠨᠥᠭᠡᠬᠦ ᠶ᠋ᠢ ᠱᠠᠭᠠᠷᠳᠠᠵᠠᠢ᠃ ᠢᠩᠭᠢᠬᠦ ᠨᠢ ᠴᠦ᠍ ᠠᠷᠭ᠎ᠠ ᠦᠭᠡᠢ ᠪᠣᠯᠵᠠᠢ᠃ ᠪᠠᠷᠠᠭᠤᠨ ᠵᠦᠭ ᠲᠦ᠍ ᠢᠯᠠᠭᠤᠭᠰᠠᠨ ᠶᠡᠬᠡ ᠢᠯᠠᠯᠲᠠ ᠪᠠᠢᠭᠤᠯᠤᠭᠰᠠᠨ ᠴᠢᠩᠭᠢᠰ ᠬᠠᠭᠠᠨ ᠤ᠋ ᠶᠡᠬᠡ ᠴᠡᠷᠢᠭ ᠦ᠋ᠨ ᠬᠦᠴᠦ ᠶ᠋ᠢ ᠮᠡᠳᠡᠬᠦ ᠦᠭᠡᠢ ᠲᠡᠷᠡ ᠪᠠᠷᠳᠠᠮ ᠦᠭᠡᠲᠦ ᠠᠱᠠ ᠬᠠᠮᠪᠤ ᠶ᠋ᠢᠨ ᠬᠡᠯᠡᠭᠰᠡᠨ ᠪᠣᠳᠣᠯᠭ᠎ᠠ ᠦᠭᠡᠢ ᠬᠣᠷᠣᠨ ᠦᠭᠡ ᠲᠠᠩᠭᠤᠳ ᠤᠯᠤᠰ ᠤ᠋ᠨ ᠮᠥᠬᠥᠯ ᠦ᠋ᠨ ᠡᠭᠦᠳᠡ ᠶ᠋ᠢ ᠨᠡᠭᠡᠭᠡᠪᠡ᠃ ᠭᠡᠲᠡᠯ᠎ᠡ ᠬᠡᠷᠡᠭ ᠡᠢᠮᠦ ᠳ᠋ᠡᠭᠡᠨ ᠲᠤᠯᠤᠭᠠᠳ ᠪᠠᠢᠬᠤ ᠳ᠋ᠤ᠌ ᠴᠢᠩᠭᠢᠰ ᠬᠠᠭᠠᠨ ᠢᠷᠭᠠᠢ ᠪᠠᠯᠭᠠᠰᠤ ᠶ᠋ᠢ ᠳᠠᠭᠠᠷᠢᠨ ᠰᠥᠨᠥᠭᠡᠬᠦ ᠵᠠᠷᠯᠢᠭ ᠪᠠᠭᠤᠯᠭᠠᠯ ᠦᠭᠡᠢ ᠡᠳᠦᠷ ᠬᠣᠨᠣᠭ ᠥᠩᠭᠡᠷᠡᠭᠰᠡᠭᠡᠷ ᠰᠠᠷ᠎ᠠ ᠪᠣᠯᠵᠠᠢ᠃ ᠴᠠᠭ ᠠᠭᠠᠷ ᠳᠤᠯᠠᠭᠠᠷᠠᠵᠤ ᠬᠠᠯᠠᠭᠤᠨ ᠬᠠᠭᠤᠷᠠᠢ ᠰᠠᠯᠬᠢ ᠡᠳᠦᠷ ᠠᠯᠭᠠᠰᠠᠬᠤ ᠦᠭᠡᠢ ᠰᠢᠭᠤᠷᠴᠤ ᠬᠥᠮᠦᠨ ᠮᠠᠯ ᠢ᠋ ᠲᠤᠢᠯᠳᠠᠭᠤᠯᠤᠭᠰᠠᠨ ᠬᠠᠪᠤᠷ ᠤ᠋ᠨ ᠡᠳᠦᠷ ᠦ᠋ᠳ ᠥᠩᠭᠡᠷᠡᠵᠦ ᠪᠠᠢᠯ᠎ᠠ᠃ ᠢᠷᠭᠠᠢ ᠪᠠᠯᠭᠠᠰᠤ ᠠ᠋ᠴᠠ ᠥᠷᠲᠡᠭᠡ ᠬᠦᠷᠬᠦ ᠦᠭᠡᠢ ᠭᠠᠵᠠᠷ ᠲᠤ᠌ ᠨᠠᠮᠬᠠᠨ ᠰᠢᠪᠡᠷ ᠠᠭᠤᠯᠠ ᠶ᠋ᠢᠨ ᠡᠩᠭᠡᠷ ᠲᠦ᠍ ᠴᠢᠩᠭᠢᠰ ᠬᠠᠭᠠᠨ ᠤ᠋ ᠬᠡᠭᠡᠷ᠎ᠡ ᠶ᠋ᠢᠨ ᠬᠦᠷᠢᠶ᠎ᠡ ᠪᠠᠢᠷᠢᠯᠠᠵᠠᠢ᠃ ᠮᠣᠩᠭᠣᠯ ᠤ᠋ᠨ ᠪᠠᠷᠠᠭᠤᠨ ᠵᠠᠮ ᠤ᠋ᠨ ᠴᠡᠷᠢᠭ ᠢ᠋ ᠥᠭᠡᠳᠡᠢ ᠤᠳᠤᠷᠢᠳᠤᠨ ᠲᠠᠩᠭᠤᠳ ᠤ᠋ᠨ ᠨᠤᠲᠤᠭ ᠤ᠋ᠨ ᠪᠠᠷᠠᠭᠤᠨ ᠬᠣᠢᠲᠤ ᠲᠠᠯ᠎ᠠ ᠶ᠋ᠢᠨ ᠬᠣᠲᠠ ᠨᠤᠭᠤᠳ ᠢ᠋ ᠡᠭᠡᠯᠵᠢ ᠳᠠᠷᠠᠭᠠᠯᠠᠨ ᠡᠵᠡᠯᠡᠨ ᠠᠪᠴᠤ ᠪᠠᠢᠯ᠎ᠠ᠃ ᠬᠠᠷᠢᠨ ᠴᠠᠭᠠᠲᠠᠢ ᠶ᠋ᠢᠨ ᠴᠡᠷᠢᠭ ᠪᠠᠷᠠᠭᠤᠨ ᠲᠠᠯ᠎ᠠ ᠠ᠋ᠴᠠ ᠳᠣᠪᠲᠣᠯᠵᠤ ᠥᠭᠡᠳᠡᠢ ᠶ᠋ᠢᠨ ᠴᠡᠷᠢᠭ ᠲᠡᠢ ᠨᠡᠢᠯᠡᠬᠦ ᠳᠥᠭᠥᠵᠦ ᠪᠠᠢᠪᠠ᠃ ᠢᠩᠭᠢᠵᠦ ᠲᠠᠩᠭᠤᠳ ᠤ᠋ᠨ ᠬᠣᠢᠲᠤ᠂ ᠪᠠᠷᠠᠭᠤᠨ ᠲᠠᠯ᠎ᠠ ᠪᠦᠬᠦᠯᠢ ᠳ᠋ᠡᠭᠡᠨ ᠮᠣᠩᠭᠣᠯᠴᠤᠳ ᠤ᠋ᠨ ᠭᠠᠷ ᠲᠤ᠌ ᠣᠷᠣᠵᠠᠢ᠃ ᠭᠡᠲᠡᠯ᠎ᠡ ᠲᠠᠩᠭᠤᠳ ᠤ᠋ᠨ ᠪᠤᠤᠷ᠎ᠠ ᠬᠠᠭᠠᠨ ᠨᠢᠭᠡᠨᠲᠡ ᠰᠠᠢᠨ ᠳᠤᠷ᠎ᠠ ᠪᠠᠷ ᠳᠠᠭᠠᠷ᠎ᠠ ᠣᠷᠣᠬᠤ ᠦᠭᠡᠢ ᠨᠢ ᠲᠣᠳᠣᠷᠬᠠᠢ ᠪᠣᠯᠤᠭᠠᠳ ᠪᠠᠢᠬᠤ ᠳ᠋ᠤ᠌ ᠴᠢᠩᠭᠢᠰ ᠬᠠᠭᠠᠨ ᠤ᠋ ᠢᠩᠭᠢᠵᠦ ᠠᠯᠭᠤᠷᠯᠠᠬᠤ ᠨᠢ ᠬᠡᠨ ᠬᠥᠮᠦᠨ ᠦ᠌᠂ ᠲᠡᠷᠡ ᠳᠤᠮᠳᠠ ᠪᠠᠨ ᠪᠤᠭᠤᠷᠴᠢ ᠶ᠋ᠢᠨ ᠰᠡᠳᠬᠢᠯ ᠢ᠋ ᠵᠣᠪᠠᠭᠠᠵᠤ ᠡᠬᠢᠯᠡᠪᠡ᠃ ᠴᠣᠬᠣᠮ ᠶᠠᠭᠠᠬᠢᠭᠠᠳ ᠴᠡᠷᠢᠭ ᠢ᠋ᠶ᠋ᠡᠨ ᠬᠥᠳᠡᠯᠭᠡᠬᠦ ᠦᠭᠡᠢ ᠪᠠᠢᠭ᠎ᠠ ᠶ᠋ᠢ ᠪᠤᠭᠤᠷᠴᠢ ᠲᠠᠭᠠᠮᠠᠭᠯᠠᠨ ᠮᠡᠳᠡᠬᠦ ᠶ᠋ᠢ ᠣᠷᠣᠯᠳᠣᠪᠠᠴᠤ ᠴᠢᠩᠭᠢᠰ ᠬᠠᠭᠠᠨ ᠠ᠋ᠴᠠ ᠲᠣᠢᠮᠣ ᠲᠠᠢ ᠰᠢᠯᠲᠠᠭ ᠣᠯᠵᠤ ᠰᠣᠨᠣᠰᠤᠭᠰᠠᠨ ᠦᠭᠡᠢ᠃ ᠭᠡᠪᠡᠴᠦ ᠶᠠᠮᠠᠷ ᠴᠤ᠌ ᠰᠢᠯᠲᠠᠭᠠᠨ ᠦᠭᠡᠢ ᠪᠡᠷ ᠴᠢᠩᠭᠢᠰ ᠬᠠᠭᠠᠨ ᠳᠡᠮᠡᠢ ᠰᠠᠭᠤᠬᠤ ᠦᠭᠡᠢ ᠶ᠋ᠢ ᠪᠤᠭᠤᠷᠴᠢ ᠮᠡᠳᠡᠵᠦ ᠪᠠᠢᠪᠠ᠃ ᠬᠠᠷᠢᠨ ᠰᠡᠭᠦᠯ ᠦ᠋ᠨ ᠬᠡᠳᠦ ᠬᠣᠨᠣᠭ ᠴᠢᠩᠭᠢᠰ ᠬᠠᠭᠠᠨ ᠤ᠋ ᠪᠡᠶ᠎ᠡ ᠴᠢᠯᠡᠭᠡᠷᠬᠡᠵᠦ ᠰᠥᠨᠢ ᠳ᠋ᠡᠭᠡᠨ ᠶᠡᠬᠡᠳᠡ ᠬᠠᠯᠠᠭᠤᠷᠠᠭᠰᠠᠨ ᠢ᠋ ᠮᠠᠰᠢ ᠴᠢᠩᠳᠠᠯᠠᠨ ᠨᠢᠭᠤᠴᠠᠯᠠᠵᠤ ᠪᠠᠢᠪᠠ᠃ ᠡᠭᠦᠨ ᠡᠴᠡ ᠪᠣᠯᠤᠭᠠᠳ ᠪᠤᠭᠤᠷᠴᠢ ᠶ᠋ᠢᠨ ᠰᠡᠳᠬᠢᠯ ᠮᠠᠰᠢ ᠲᠦᠭᠰᠢᠭᠦᠷᠢ ᠲᠡᠢ ᠪᠠᠢᠬᠤ ᠪᠣᠯᠵᠠᠢ᠃ ᠴᠢᠩᠭᠢᠰ ᠬᠠᠭᠠᠨ ᠢ᠋ ᠬᠡᠵᠢᠶ᠎ᠡ ᠴᠦ᠍ ᠡᠪᠡᠳᠴᠦ ᠵᠣᠪᠠᠬᠤ ᠦᠭᠡᠢ ᠮᠡᠲᠦ ᠰᠠᠨᠠᠵᠤ ᠶᠠᠪᠤᠭᠰᠠᠨ ᠢ᠋ᠶ᠋ᠠᠨ ᠲᠡᠷᠡ ᠰᠠᠶᠢ ᠯᠠ ᠮᠡᠳᠡᠵᠡᠢ᠃ ᠴᠢᠩᠭᠢᠰ ᠬᠠᠭᠠᠨ ᠤ᠋ ᠪᠡᠶ᠎ᠡ ᠶ᠋ᠢ ᠮᠣᠩᠭᠣᠯ᠂ ᠬᠢᠳᠠᠨ ᠣᠲᠠᠴᠢ ᠡᠮᠴᠢᠯᠡᠨ ᠰᠤᠪᠢᠯᠠᠵᠤ ᠪᠠᠢᠪᠠ᠃ ᠠᠵᠠ ᠪᠣᠯᠬᠤ ᠳ᠋ᠤ᠌ ᠴᠢᠩᠭᠢᠰ ᠬᠠᠭᠠᠨ ᠲᠦᠷᠭᠡᠨ ᠲᠡᠩᠬᠡᠷᠡᠵᠦ ᠤᠷᠢᠳ ᠤ᠋ᠨ ᠡᠷᠡᠭᠦᠯ ᠲᠦᠷᠭᠦᠨ ᠳ᠋ᠡᠭᠡᠨ ᠣᠷᠣᠵᠠᠢ᠃ ᠡᠨᠡ ᠪᠣᠯ ᠦᠨᠡᠬᠡᠷ ᠪᠠᠶᠠᠷᠲᠤ ᠬᠡᠷᠡᠭ ᠪᠠᠢᠯ᠎ᠠ᠃ ᠤᠭ ᠨᠢ ᠴᠢᠩᠭᠢᠰ ᠬᠠᠭᠠᠨ ᠲᠠᠩᠭᠤᠳ ᠢ᠋ ᠳᠠᠢᠯᠠᠬᠤ ᠳ᠋ᠤ᠌ ᠵᠠᠪᠠᠯ ᠪᠡᠶ᠎ᠡ ᠪᠡᠷ ᠮᠣᠷᠢᠯᠠᠬᠤ ᠶ᠋ᠢᠨ ᠬᠡᠷᠡᠭ ᠪᠠᠢᠭ᠎ᠠ ᠦᠭᠡᠢ ᠴᠦ᠍ ᠪᠠᠰᠠ ᠲᠡᠭᠦᠨ ᠢ᠋ ᠬᠡᠨ ᠴᠦ᠍ ᠬᠣᠷᠢᠭᠯᠠᠵᠤ ᠳᠡᠢᠯᠦᠭᠰᠡᠨ ᠦᠭᠡᠢ ᠪᠢᠯᠡ᠃ ᠬᠡᠨ ᠴᠦ᠍ ᠡᠨᠡ ᠶᠠᠪᠤᠳᠠᠯ ᠢ᠋ ᠪᠤᠷᠤᠭᠤ ᠵᠥᠪ ᠭᠡᠵᠦ ᠰᠢᠭᠦᠮᠵᠢᠯᠡᠭᠰᠡᠨ ᠦᠭᠡᠢ ᠴᠦ᠍ ᠵᠠᠮ ᠵᠠᠭᠤᠷ᠎ᠠ ᠠᠷᠤᠪᠤᠬ᠎ᠠ ᠨᠡᠷ᠎ᠡ ᠲᠡᠢ ᠥᠷᠭᠡᠨ ᠵᠣ ᠳ᠋ᠤ᠌ ᠬᠤᠯᠠᠨ ᠠᠪᠠᠯᠠᠵᠤ ᠶᠠᠪᠤᠭᠠᠳ ᠴᠢᠩᠭᠢᠰ ᠬᠠᠭᠠᠨ ᠮᠣᠷᠢᠨ ᠠ᠋ᠴᠠ ᠤᠨᠠᠭᠰᠠᠨ ᠨᠢ ᠪᠤᠭᠤᠷᠴᠢ ᠶ᠋ᠢᠨ ᠰᠡᠳᠬᠢᠯ ᠦ᠋ᠨ ᠰᠢᠨᠠᠯᠤᠯ ᠪᠣᠯᠵᠠᠢ᠃ ᠲᠡᠷᠡ ᠦᠶ᠎ᠡ ᠳ᠋ᠦ᠍ ᠶᠠᠭᠤ ᠴᠤ᠌ ᠪᠣᠯᠤᠭᠰᠠᠨ ᠦᠭᠡᠢ ᠥᠩᠭᠡᠷᠡᠵᠡᠢ᠃ ᠬᠤᠪᠴᠠᠰᠤ ᠰᠢᠷᠣᠢ ᠪᠣᠯᠬᠤ ᠶ᠋ᠢᠨ ᠲᠡᠳᠦᠢ ᠥᠩᠭᠡᠷᠡᠲᠡᠯ᠎ᠡ ᠲᠡᠭᠦᠨ ᠡᠴᠡ ᠬᠡᠳᠦᠨ ᠰᠠᠷ᠎ᠠ ᠶ᠋ᠢᠨ ᠳᠠᠷᠠᠭ᠎ᠠ ᠴᠢᠩᠭᠢᠰ ᠬᠠᠭᠠᠨ ᠤ᠋ ᠲᠡᠩᠬᠡᠭᠡ ᠭᠡᠨᠡᠳᠲᠡ ᠢᠩᠭᠢᠵᠦ ᠴᠢᠯᠡᠭᠡᠷᠬᠡᠭᠰᠡᠨ ᠨᠢ ᠶᠠᠭᠠᠬᠢᠪᠠᠴᠤ ᠵᠦᠭᠡᠷ ᠥᠩᠭᠡᠷᠡᠭᠡᠵᠦ ᠪᠣᠯᠬᠤ ᠦᠭᠡᠢ ᠬᠡᠷᠡᠭ ᠮᠡᠲᠦ ᠪᠤᠭᠤᠷᠴᠢ ᠳ᠋ᠤ᠌ ᠰᠠᠨᠠᠭᠳᠠᠬᠤ ᠪᠣᠯᠵᠠᠢ᠃ ᠭᠡᠪᠡᠴᠦ ᠬᠡᠷᠡᠭ ᠦ᠋ᠨ ᠤᠴᠢᠷ ᠢ᠋ ᠭᠦᠨᠳᠡᠨ ᠡᠨᠡ ᠲᠠᠯ᠎ᠠ ᠪᠠᠷ ᠴᠢᠩᠭᠢᠰ ᠬᠠᠭᠠᠨ ᠲᠠᠢ ᠶᠠᠷᠢᠬᠤ ᠠ᠋ᠴᠠ ᠴᠠᠭᠠᠷᠢᠭᠯᠠᠭᠰᠠᠭᠠᠷ ᠪᠠᠢᠯ᠎ᠠ᠃ ᠡᠪᠡᠳᠴᠢᠨ ᠪᠣᠯ ᠴᠢᠩᠭᠢᠰ ᠬᠠᠭᠠᠨ ᠤ᠋ ᠬᠠᠮᠤᠭ ᠤ᠋ᠨ ᠰᠣᠨᠣᠰᠬᠤ ᠳᠤᠷ᠎ᠠ ᠦᠭᠡᠢ ᠶᠠᠷᠢᠶ᠎ᠠ ᠶᠤᠮ᠃ ᠲᠡᠭᠡᠭᠡᠳ ᠥᠪᠡᠷ ᠦ᠋ᠨ ᠬᠢᠨᠢ ᠲᠤᠬᠠᠢ ᠪᠣᠯ ᠪᠦᠷ ᠴᠦ᠍ ᠰᠣᠨᠣᠰᠬᠤ ᠦᠭᠡᠢ ᠪᠢᠯᠡ᠃ ᠴᠢᠩᠭᠢᠰ ᠬᠠᠭᠠᠨ ᠥᠪᠡᠷ ᠢ᠋ ᠪᠡᠨ ᠡᠪᠡᠳᠴᠢᠨ ᠳ᠋ᠦ᠍ ᠨᠡᠷᠪᠡᠭᠳᠡᠬᠦ ᠦᠭᠡᠢ ᠮᠡᠲᠦ ᠰᠠᠨᠠᠳᠠᠭ ᠨᠢ ᠢᠩᠭᠢᠬᠦ ᠳ᠋ᠦ᠍ ᠬᠦᠷᠭᠡᠬᠦ ᠠᠵᠢ᠃ ᠲᠡᠷᠡ ᠬᠠᠷ᠎ᠠ ᠪᠠᠭ᠎ᠠ ᠠ᠋ᠴᠠ ᠡᠪᠡᠳᠴᠢᠨ ᠵᠣᠪᠠᠯᠠᠩ ᠶᠠᠷᠢᠬᠤ ᠨᠢ ᠮᠠᠭᠤ ᠢᠷᠣ᠎ᠠ ᠭᠡᠵᠦ ᠦᠵᠡᠳᠡᠭ ᠪᠠᠢᠯ᠎ᠠ᠃ ᠢᠩᠭᠢᠵᠦ ᠦᠵᠡᠬᠦ ᠶ᠋ᠢ ᠲᠡᠷᠡ ᠳᠠᠪ ᠲᠡᠭᠷᠢ ᠡᠴᠡ ᠰᠤᠷᠴᠠᠢ᠃ ᠲᠡᠢᠮᠦ ᠤᠴᠢᠷ ᠠ᠋ᠴᠠ ᠴᠢᠩᠭᠢᠰ ᠬᠠᠭᠠᠨ ᠤ᠋ ᠢᠩᠭᠢᠵᠦ ᠰᠢᠢᠳᠪᠦᠷᠢ ᠦᠭᠡᠢ ᠤᠳᠠᠭᠠᠨ ᠰᠠᠭᠤᠬᠤ ᠨᠢ ᠪᠡᠶ᠎ᠡ ᠨᠢ ᠴᠢᠯᠡᠭᠡᠷᠬᠡᠭᠰᠡᠨ ᠡᠴᠡ ᠪᠣᠯᠪᠠ ᠭᠡᠵᠦ ᠪᠤᠭᠤᠷᠴᠢ ᠢᠲᠡᠭᠡᠵᠡᠢ᠃ 
       ᠬᠠᠷᠢᠨ ᠴᠢᠩᠭᠢᠰ ᠬᠠᠭᠠᠨ ᠳ᠋ᠤ᠌ ᠢᠷᠭᠠᠢ ᠪᠠᠯᠭᠠᠰᠤ ᠶ᠋ᠢᠨ ᠳᠡᠷᠭᠡᠳᠡ ᠴᠡᠷᠢᠭ ᠢ᠋ᠶ᠋ᠡᠨ ᠪᠠᠷᠢᠵᠤ ᠬᠦᠯᠢᠶᠡᠨ ᠰᠠᠭᠤᠬᠤ ᠤᠴᠢᠷ ᠰᠢᠯᠲᠠᠭᠠᠨ ᠪᠠᠢᠪᠠ᠃ ᠡᠭᠦᠨ ᠢ᠋ ᠪᠡᠨ ᠬᠡᠨ ᠳ᠋ᠦ᠍ ᠴᠦ᠍ ᠬᠡᠯᠡᠬᠦ ᠠᠷᠭ᠎ᠠ ᠦᠭᠡᠢ ᠠᠵᠢ᠃ ᠬᠠᠮᠤᠭ ᠤ᠋ᠨ ᠲᠦᠷᠦᠭᠦᠨ ᠲᠠᠩᠭᠤᠳ ᠤ᠋ᠨ ᠶᠡᠬᠡ ᠥᠭᠡᠲᠦ ᠪᠤᠤᠷ᠎ᠠ ᠬᠠᠭᠠᠨ ᠢ᠋ ᠰᠢᠪᠠᠷ ᠣᠷᠣᠮᠵᠢ ᠠ᠋ᠴᠠ ᠪᠠᠨ ᠥᠪᠡᠷ ᠢ᠋ᠶ᠋ᠡᠨ ᠮᠥᠯᠬᠥᠨ ᠭᠠᠷᠴᠤ ᠢᠷᠡᠭᠡᠳ ᠥᠯᠮᠡᠢ ᠳ᠋ᠡᠭᠡᠨ ᠰᠥᠭᠥᠳᠬᠦ ᠶ᠋ᠢ ᠲᠡᠷᠡ ᠦᠵᠡᠬᠦ ᠶ᠋ᠢ᠂ ᠪᠦᠷ ᠣᠯᠠᠨ ᠲᠦᠮᠡᠨ ᠳ᠋ᠦ᠍ ᠦᠵᠡᠭᠦᠯᠬᠦ ᠶ᠋ᠢ ᠬᠦᠰᠡᠵᠦ ᠪᠠᠢᠪᠠ᠃ ᠣᠳᠣ ᠮᠣᠩᠭᠣᠯ ᠤ᠋ᠨ ᠶᠡᠬᠡ ᠴᠡᠷᠢᠭ ᠦ᠋ᠨ ᠡᠮᠦᠨ᠎ᠡ ᠲᠠᠩᠭᠤᠳ ᠪᠠᠢᠲᠤᠭᠠᠢ ᠤᠯᠤᠰ ᠤ᠋ᠨ ᠬᠦᠴᠦᠨ ᠮᠡᠬᠦᠰᠳᠡᠨ ᠮᠥᠬᠥᠬᠦ ᠨᠢ ᠬᠡᠨ ᠳ᠋ᠦ᠍ ᠴᠦ᠍ ᠢᠯᠡᠬᠡᠨ ᠲᠤᠯᠠ ᠬᠡᠢ ᠳᠦᠪᠴᠢᠭᠢᠨᠡᠨ ᠬᠠᠢᠷᠠᠨ ᠴᠡᠷᠢᠭ ᠦ᠋ᠨ ᠠᠮᠢ ᠶ᠋ᠢ ᠦᠷᠡᠬᠦ ᠴᠠᠭ ᠨᠢᠭᠡᠨᠲᠡ ᠪᠢᠰᠢ ᠪᠣᠯᠵᠠᠢ᠃  ᠴᠢᠩᠭᠢᠰ ᠬᠠᠭᠠᠨ ᠬᠠᠮᠤᠭ ᠤ᠋ᠨ ᠠᠮᠲᠠᠲᠠᠢ ᠪᠠᠷ ᠬᠣᠷᠣᠰᠤᠯ ᠢ᠋ᠶ᠋ᠠᠨ ᠲᠠᠢᠯᠵᠤ ᠪᠠᠢᠵᠤ ᠰᠠᠨᠠᠭ᠎ᠠ ᠨᠢ ᠠᠮᠠᠷᠠᠳᠠᠭ ᠪᠢᠯᠡ᠃ ᠲᠡᠢᠮᠦ ᠪᠣᠯᠬᠣᠷ ᠴᠠᠭᠠᠲᠠᠢ᠂ ᠥᠭᠡᠳᠡᠢ ᠶ᠋ᠢᠨ ᠴᠡᠷᠢᠭ ᠦ᠋ᠳ ᠲᠠᠩᠭᠤᠳ ᠤ᠋ᠨ ᠪᠤᠰᠤᠳ ᠬᠣᠲᠠ ᠨᠤᠭᠤᠳ ᠢ᠋ ᠡᠵᠡᠯᠡᠵᠦ ᠠᠪᠬᠤ ᠪᠠᠷ ᠬᠦᠯᠢᠶᠡᠵᠦ ᠪᠠᠢᠪᠠ᠃ ᠢᠩᠭᠢᠬᠦ ᠶ᠋ᠢ ᠬᠦᠷᠲᠡᠯ᠎ᠡ ᠰᠢᠪᠡᠷ ᠨᠦᠬᠡᠨ ᠦ᠌ ᠮᠤᠬᠤᠷ ᠲᠤ᠌ ᠰᠢᠬᠠᠭᠳᠠᠭᠰᠠᠨ ᠡᠨᠡ ᠪᠤᠤᠷ᠎ᠠ ᠬᠠᠭᠠᠨ ᠢᠯᠠᠭ ᠠᠰᠢᠭ ᠲᠡᠷᠡᠭᠦᠬᠡᠨ ᠳ᠋ᠡᠭᠡᠨ ᠳᠦᠩᠭᠢᠨᠡᠵᠦ ᠪᠠᠢᠭ ᠭᠡᠵᠦ ᠬᠡᠯᠡᠵᠡᠢ᠃ ᠴᠢᠩᠭᠢᠰ ᠬᠠᠭᠠᠨ ᠡᠢᠨ ᠬᠡᠯᠡᠭᠰᠡᠨ ᠡᠴᠡ ᠬᠣᠢᠰᠢ ᠮᠣᠩᠭᠣᠯᠴᠤᠳ ᠲᠠᠩᠭᠤᠳ ᠤ᠋ᠨ ᠪᠤᠤᠷ᠎ᠠ ᠬᠠᠭᠠᠨ ᠢ᠋ ᠵᠦᠭᠡᠷ ᠯᠡ ᠢᠯᠠᠭᠠᠬᠠᠢ ᠭᠡᠵᠦ ᠨᠡᠷᠡᠯᠡᠬᠦ ᠪᠣᠯᠪᠠ᠃ ᠭᠡᠲᠡᠯ᠎ᠡ ᠡᠨᠡ ᠬᠡᠷᠡᠭ ᠡᠢᠮᠦ ᠴᠦ᠍ ᠬᠢᠯᠪᠠᠷ ᠪᠢᠰᠢ ᠪᠣᠯᠬᠤ ᠶ᠋ᠢ ᠴᠢᠩᠭᠢᠰ ᠬᠠᠭᠠᠨ ᠮᠡᠳᠡᠬᠦ ᠦᠭᠡᠢ ᠪᠠᠢᠯ᠎ᠠ᠃ ᠮᠡᠳᠡᠭᠰᠡᠨ ᠴᠦ᠍ ᠠᠯᠢ ᠪᠣᠯᠬᠣᠷ ᠮᠡᠳᠡᠭᠡ ᠦᠭᠡᠢ ᠳᠦᠷᠢ ᠡᠰᠬᠡᠨ ᠥᠪᠡᠷ ᠢ᠋ ᠪᠡᠨ ᠲᠠᠢᠪᠤᠰᠢᠷᠠᠭᠤᠯᠵᠤ ᠪᠠᠢᠪᠠ᠃ ᠴᠢᠩᠭᠢᠰ ᠬᠠᠭᠠᠨ ᠤ᠋ ᠡᠨᠡ ᠳᠠᠯᠳᠠ ᠲᠦᠭᠰᠢᠭᠦᠷᠢᠲᠦ ᠪᠠᠢᠳᠠᠯ ᠢ᠋ ᠬᠠᠮᠤᠭ ᠠ᠋ᠴᠠ ᠲᠦᠷᠦᠭᠦᠯᠡᠨ ᠰᠡᠵᠢᠭᠯᠡᠨ ᠲᠠᠭᠠᠪᠤᠷᠢᠯᠠᠭᠰᠠᠨ ᠬᠥᠮᠦᠨ ᠨᠢ ᠶᠢᠰᠦᠢ ᠬᠠᠲᠤᠨ ᠪᠢᠯᠡ᠃ ᠲᠠᠲ᠋ᠠᠷ ᠤ᠋ᠨ ᠶᠡᠬᠡ ᠴᠡᠷᠡᠨ ᠦ᠌ ᠥᠬᠢᠨ ᠶᠢᠰᠦᠬᠡᠨ ᠬᠠᠲᠤᠨ ᠤ᠋ ᠡᠭᠡᠴᠢ ᠲᠡᠷᠡ ᠪᠡᠷ ᠲᠡᠮᠦᠵᠢᠨ ᠳ᠋ᠦ᠍ ᠢᠷᠡᠭᠰᠡᠨ ᠡᠴᠡ ᠬᠣᠢᠰᠢ ᠥᠪᠡᠷ ᠦ᠋ᠨ ᠤᠬᠠᠭᠠᠯᠢᠭ ᠢᠯᠳᠠᠮ ᠠᠭᠠᠰᠢ᠂ ᠤᠷᠠᠨ ᠴᠡᠴᠡᠨ ᠦᠭᠡ ᠪᠡᠷ ᠢ᠋ᠶ᠋ᠡᠨ ᠣᠯᠠᠨ ᠤ᠋ ᠰᠡᠳᠬᠢᠯ ᠢ᠋ ᠡᠵᠡᠮᠳᠡᠭᠰᠡᠨ ᠪᠦᠰᠡᠭᠦᠢ ᠶᠦᠮ᠃ ᠴᠢᠩᠭᠢᠰ ᠬᠠᠭᠠᠨ ᠠᠯᠢᠪᠠ ᠬᠣᠯᠠ ᠶ᠋ᠢᠨ ᠠᠶᠠᠨ ᠳ᠋ᠤ᠌ ᠶᠢᠰᠦᠢ ᠬᠠᠲᠤᠨ ᠢ᠋ᠶ᠋ᠠᠨ ᠳᠠᠭᠠᠭᠤᠯᠬᠤ ᠳᠤᠷᠠᠲᠠᠢ ᠪᠠᠰᠠ ᠲᠡᠭᠦᠨ ᠦ᠌ ᠦᠭᠡ ᠶ᠋ᠢ ᠰᠣᠨᠣᠰᠬᠤ ᠳᠤᠷᠠᠲᠠᠢ ᠪᠢᠯᠡ᠃ 
       ᠭᠡᠲᠡᠯ᠎ᠡ ᠴᠢᠩᠭᠢᠰ ᠬᠠᠭᠠᠨ ᠤ᠋ ᠰᠡᠳᠬᠢᠯ ᠦ᠋ᠨ ᠳᠠᠯᠳᠠ ᠲᠦᠭᠰᠢᠭᠦᠷᠢ ᠶ᠋ᠢᠨ ᠴᠠᠭᠠᠳᠤ ᠨᠠᠷᠢᠨ ᠤᠴᠢᠷ ᠢ᠋ ᠬᠡᠨ ᠴᠦ᠍ ᠦᠨᠡᠨ ᠵᠥᠪ ᠢ᠋ᠶ᠋ᠡᠷ ᠲᠠᠭᠠᠮᠠᠭᠯᠠᠬᠤ ᠠᠷᠭ᠎ᠠ ᠦᠭᠡᠢ ᠪᠠᠢᠪᠠ᠃ ᠡᠭᠦᠨ ᠢ᠋ ᠵᠥᠪᠬᠡᠨ ᠲᠩᠷᠢ᠂ ᠴᠢᠩᠭᠢᠰ ᠬᠠᠭᠠᠨ ᠬᠣᠶᠠᠷ ᠯᠠ ᠮᠡᠳᠡᠬᠦ ᠬᠡᠷᠡᠭ ᠪᠢᠯᠡ᠃ ᠲᠠᠩᠭᠤᠳ ᠤᠯᠤᠰ ᠲᠤ᠌ ᠶᠠᠪᠤᠯ ᠦᠭᠡᠢ ᠮᠣᠩᠭᠣᠯ ᠨᠤᠲᠤᠭ ᠲᠤ᠌ ᠪᠠᠨ ᠰᠠᠭᠤᠵᠤ ᠪᠠᠢᠬᠤ ᠶ᠋ᠢ ᠲᠩᠷᠢ ᠵᠠᠷᠯᠢᠭ ᠪᠣᠯᠭᠠᠭᠰᠠᠨ ᠴᠤ᠌ ᠴᠢᠩᠭᠢᠰ ᠬᠠᠭᠠᠨ ᠲᠡᠭᠦᠨ ᠢ᠋ ᠲᠣᠭᠣᠭᠰᠠᠨ ᠦᠭᠡᠢ ᠡᠨᠳᠡ ᠢᠷᠡᠭᠰᠡᠨ ᠨᠢ ᠪᠦᠬᠦ ᠵᠣᠪᠠᠯᠠᠩ ᠲᠦᠭᠰᠢᠭᠦᠷᠢ ᠶ᠋ᠢᠨ ᠦᠨᠳᠦᠰᠦ ᠪᠣᠯᠵᠠᠢ᠃ ᠡᠨᠡ ᠪᠣᠯ ᠴᠢᠩᠭᠢᠰ ᠬᠠᠭᠠᠨ ᠤ᠋ ᠲᠩᠷᠢ ᠶ᠋ᠢᠨ ᠵᠠᠷᠯᠢᠭ ᠢ᠋ ᠵᠥᠷᠢᠴᠡᠭᠰᠡᠨ ᠠᠩᠬᠠᠨ ᠤ᠋ ᠲᠣᠬᠢᠶᠠᠯᠳᠤᠯ ᠪᠠᠢᠪᠠ᠃ ᠬᠤᠷᠽᠸᠮ ᠤᠯᠤᠰ ᠲᠤ᠌ ᠫᠸᠷᠸᠠᠨ ᠤ᠋ ᠬᠥᠨᠳᠡᠢ ᠳ᠋ᠦ᠍ ᠰᠠᠭᠤᠵᠤ ᠠᠬᠤᠢ ᠳ᠋ᠠᠭᠠᠨ ᠪᠠᠷᠢᠬᠵᠠᠨ ᠠᠭᠤᠯᠠ ᠬᠡᠮᠡᠬᠦ ᠴᠢᠯᠠᠭᠤᠨ ᠠᠭᠤᠯᠠ ᠶ᠋ᠢᠨ ᠣᠷᠣᠢ ᠳ᠋ᠤ᠌ ᠭᠠᠷᠬᠤ ᠦᠶ᠎ᠡ ᠪᠡᠷ ᠡᠨᠡ ᠶᠠᠪᠤᠳᠠᠯ ᠲᠡᠭᠦᠨ ᠳ᠋ᠦ᠍ ᠲᠣᠬᠢᠶᠠᠯᠳᠤᠵᠠᠢ᠃ ᠢᠰᠢ ᠾᠢ᠊ᠮᠠᠮ ᠤ᠋ᠨ ᠤᠷᠠᠯᠠᠭᠰᠠᠨ ᠣᠨᠢᠰᠣᠨ ᠱᠠᠲᠤ ᠲᠡᠭᠦᠨ ᠢ᠋ ᠡᠷᠭᠦᠵᠦ ᠭᠠᠩᠬᠤᠨ ᠴᠢᠬᠠᠷᠠᠨ ᠳᠡᠨᠵᠢᠭᠢᠨᠡᠭᠰᠡᠭᠡᠷ ᠠᠭᠤᠯᠠ ᠶ᠋ᠢᠨ ᠣᠷᠣᠢ ᠳ᠋ᠤ᠌ ᠭᠠᠷᠭᠠᠵᠠᠢ᠃ ᠶᠠᠮᠠᠷ ᠲᠠᠭᠠᠨ ᠴᠤ᠌ ᠦᠬᠦᠬᠦ ᠴᠠᠭ ᠢ᠋ᠶ᠋ᠠᠨ ᠪᠣᠯᠤᠭ᠎ᠠ ᠦᠭᠡᠢ ᠶ᠋ᠢ ᠴᠢᠩᠭᠢᠰ ᠬᠠᠭᠠᠨ ᠮᠡᠳᠡᠭᠡᠳ ᠪᠠᠷᠢᠬᠵᠠᠨ ᠬᠡᠮᠡᠬᠦ ᠴᠢᠯᠠᠭᠤᠨ ᠠᠭᠤᠯᠠ ᠶ᠋ᠢᠨ ᠣᠷᠣᠢ ᠳ᠋ᠤ᠌ ᠬᠥᠯ ᠲᠠᠯᠪᠢᠬᠤ ᠳ᠋ᠠᠭᠠᠨ ᠶᠡᠬᠡᠳᠡ ᠪᠠᠶᠠᠷᠯᠠᠭᠰᠠᠨ ᠪᠢᠯᠡ᠃ ᠥᠪᠡᠷ ᠦ᠋ᠨ ᠢ᠋ᠶ᠋ᠡᠨ ᠵᠢᠷᠦᠬᠡ ᠶ᠋ᠢ ᠵᠦᠰᠦᠨ ᠵᠦᠰᠦᠨ ᠡᠮᠢᠶᠡᠵᠦ᠂ ᠬᠥᠮᠦᠨ ᠦ᠌ ᠨᠤᠲᠤᠭ ᠤ᠋ᠨ ᠠᠭᠤᠯᠠᠨ ᠳ᠋ᠤ᠌ ᠣᠯᠣᠰᠣ ᠪᠠᠷ ᠲᠠᠲᠠᠭᠤᠯᠤᠨ ᠠᠪᠠᠷᠢᠬᠤ ᠨᠢ ᠶᠠᠮᠠᠷ ᠲᠡᠨᠡᠭ ᠬᠡᠷᠡᠭ ᠪᠣᠯᠬᠤ ᠶ᠋ᠢ ᠲᠡᠷᠡ ᠮᠡᠳᠡᠵᠦ ᠪᠠᠢᠭᠰᠠᠨ ᠴᠤ᠌ ᠰᠠᠨᠠᠭᠰᠠᠨ ᠠ᠋ᠴᠠ ᠪᠠᠨ ᠤᠬᠤᠷᠢᠭ᠎ᠠ ᠦᠭᠡᠢ ᠪᠢᠯᠡ᠃ ᠡᠨᠡ ᠦᠶ᠎ᠡ ᠳ᠋ᠦ᠍ ᠲᠡᠷᠡ ᠪᠡᠷ ᠥᠪᠡᠷ ᠢ᠋ ᠪᠡᠨ ᠰᠣᠯᠢᠶᠠᠷᠠᠭᠰᠠᠨ ᠪᠠᠢᠬᠤ ᠭᠡᠵᠦ ᠠᠩᠬ᠎ᠠ ᠤᠳᠠᠭ᠎ᠠ ᠪᠣᠳᠣᠵᠤ ᠥᠪᠡᠷ ᠡᠴᠡ ᠪᠡᠨ ᠠᠶᠤᠭᠰᠠᠨ ᠶᠤᠮ᠃ ᠭᠡᠪᠡᠴᠦ ᠢᠩᠭᠢᠵᠦ ᠠᠮᠢ ᠪᠠᠨ ᠦᠷᠡᠬᠦ ᠰᠢᠬᠠᠨ ᠬᠥᠮᠦᠨ ᠣ ᠬᠥᠯ ᠬᠦᠷᠬᠦ ᠦᠭᠡᠢ ᠡᠭᠴᠡ ᠡᠯᠢᠭᠡᠨ ᠬᠠᠳᠠᠨ ᠠᠭᠤᠯᠠ ᠶ᠋ᠢᠨ ᠣᠷᠣᠢ ᠳ᠋ᠤ᠌ ᠭᠠᠷᠬᠤ ᠤᠴᠢᠷ ᠰᠢᠯᠲᠠᠭᠠᠨ ᠲᠡᠭᠦᠨ ᠳ᠋ᠦ᠍ ᠪᠠᠢᠪᠠ᠃ ᠲᠡᠳᠡᠭᠡᠷ ᠦ᠋ᠨ ᠳᠣᠲᠣᠷ᠎ᠠ ᠠ᠋ᠴᠠ ᠬᠤᠯᠠᠨ ᠬᠠᠲᠤᠨ ᠤ᠋ ᠰᠦᠨᠡᠰᠦ ᠲᠡᠭᠦᠨ ᠳ᠋ᠦ᠍ ᠬᠣᠷᠭᠣᠳᠠᠭᠠᠳ ᠶᠠᠪᠤᠬᠤ ᠦᠭᠡᠢ ᠪᠠᠢᠭᠰᠠᠨ ᠨᠢ ᠴᠢᠩᠭᠢᠰ ᠬᠠᠭᠠᠨ ᠢ᠋ ᠬᠠᠮᠤᠭ ᠤ᠋ᠨ ᠶᠡᠬᠡ ᠪᠡᠷ ᠰᠢᠨᠠᠯᠭᠠᠵᠤ ᠪᠠᠢᠯ᠎ᠠ᠃ ᠡᠬᠢᠯᠡᠭᠡᠳ ᠬᠣᠯᠠ ᠠ᠋ᠴᠠ ᠭᠤᠨᠢᠭᠲᠠᠢ ᠬᠠᠷᠠᠵᠤ ᠵᠣᠭᠰᠣᠳᠠᠭ ᠪᠠᠢᠭᠰᠠᠨ ᠢ᠋ᠶ᠋ᠠᠨ ᠤᠳᠠᠯ ᠦᠭᠡᠢ ᠭᠡᠷ ᠲᠦ᠍ ᠣᠷᠣᠳᠠᠭ ᠪᠣᠯᠵᠤ ᠰᠡᠭᠦᠯ ᠳ᠋ᠡᠭᠡᠨ ᠪᠦᠷ ᠣᠷᠣ ᠶ᠋ᠢᠨ ᠡᠮᠦᠨ᠎ᠡ ᠰᠠᠭᠤᠵᠤ ᠭᠠᠷ ᠠ᠋ᠴᠠ ᠪᠠᠷᠢᠬᠤ ᠨᠢ ᠦᠵᠡᠭᠳᠡᠵᠦ ᠮᠡᠳᠡᠷᠡᠭᠳᠡᠭᠡᠳ ᠨᠢᠭᠡ ᠮᠥᠴᠡ ᠲᠠᠢᠪᠤᠩ ᠤᠨᠲᠠᠭᠤᠯᠬᠤ ᠦᠭᠡᠢ ᠪᠣᠯᠵᠠᠢ᠃ ᠰᠥᠨᠢ ᠨᠣᠢᠷ ᠤ᠋ᠨ ᠳᠤᠮᠳᠠ ᠭᠠᠷ ᠢ᠋ ᠨᠢ ᠵᠥᠭᠡᠯᠡᠨ ᠢᠯᠪᠢᠵᠦ ᠪᠠᠢᠭ᠎ᠠ ᠨᠢ ᠮᠡᠳᠡᠷᠡᠭᠳᠡᠬᠦ ᠳ᠋ᠦ᠍ ᠲᠡᠷᠡ ᠬᠥᠳᠡᠯᠵᠦ ᠴᠢᠳᠠᠬᠤ ᠦᠭᠡᠢ ᠬᠡᠪᠲᠡᠳᠡᠭ ᠪᠠᠢᠯ᠎ᠠ᠃ ᠬᠤᠯᠠᠨ ᠤ᠋ ᠵᠥᠭᠡᠯᠡᠨ ᠳᠤᠯᠠᠭᠠᠨ ᠭᠠᠷ ᠪᠦᠬᠦ ᠪᠡᠶ᠎ᠡ ᠶ᠋ᠢ ᠨᠢ ᠲᠥᠭᠡᠨᠡᠨ᠂ ᠪᠦᠷ ᠨᠢᠭᠤᠴᠠ ᠡᠷᠬᠡᠲᠡᠨ ᠢ᠋ ᠨᠢ ᠬᠦᠷᠲᠡᠯ᠎ᠡ ᠢᠯᠪᠢᠵᠦ ᠳᠠᠭᠠᠯᠠᠬᠤ ᠳ᠋ᠤ᠌ ᠴᠢᠩᠭᠢᠰ ᠬᠠᠭᠠᠨ ᠰᠣᠯᠢᠶᠠᠷᠠᠭᠰᠠᠨ ᠮᠡᠲᠦ ᠰᠠᠯᠭᠠᠨᠠᠨ ᠴᠡᠴᠡᠷᠡᠵᠦ ᠬᠡᠪᠲᠡᠳᠡᠭ ᠪᠢᠯᠡ᠃ ᠬᠤᠯᠠᠨ ᠣ ᠰᠦᠨᠡᠰᠦ ᠲᠡᠭᠦᠨ ᠢ᠋ ᠳᠤᠷ᠎ᠠ ᠬᠠᠨᠤᠭᠰᠠᠨ ᠬᠣᠢᠨ᠎ᠠ ᠯᠠ ᠬᠣᠯᠠᠳᠬᠤ ᠪᠣᠯᠪᠠᠴᠤ ᠪᠦᠷ ᠶᠠᠪᠤᠴᠢᠬᠠᠬᠤ ᠦᠭᠡᠢ ᠬᠠᠲᠠᠪᠴᠢ ᠪᠠᠷ ᠢᠨᠢᠶᠡᠮᠰᠦᠭᠯᠡᠨ ᠰᠢᠷᠲᠡᠬᠦ ᠨᠢ ᠦᠵᠡᠭᠳᠡᠳᠡᠭ ᠪᠠᠢᠯ᠎ᠠ᠃ ᠢᠩᠭᠢᠵᠦ ᠴᠢᠩᠭᠢᠰ ᠬᠠᠭᠠᠨ ᠬᠤᠯᠠᠨ ᠬᠠᠲᠤᠨ ᠢ᠋ᠶ᠋ᠠᠨ ᠬᠦᠰᠡᠯᠴᠢᠯᠡᠨ ᠰᠥᠨᠢ ᠪᠦᠷᠢ ᠨᠣᠢᠷ ᠲᠠᠭᠠᠨ ᠳᠤᠷ᠎ᠠ ᠲᠠᠴᠢᠶᠠᠯ ᠢ᠋ᠶ᠋ᠠᠨ ᠬᠠᠩᠭᠠᠬᠤ ᠡᠪᠡᠳᠴᠢᠨ ᠳ᠋ᠦ᠍ ᠠᠪᠲᠠᠵᠠᠢ᠃ ᠡᠨᠡ ᠪᠦᠬᠦᠨ ᠴᠢᠩᠭᠢᠰ ᠬᠠᠭᠠᠨ ᠳ᠋ᠤ᠌ ᠬᠤᠯᠠᠨ ᠬᠠᠲᠤᠨ ᠤ᠋ ᠰᠦᠨᠡᠰᠦ ᠬᠣᠷᠭᠣᠳᠠᠭᠰᠠᠨ ᠠ᠋ᠴᠠ ᠪᠣᠯᠵᠤ ᠪᠠᠢᠪᠠ᠃ ᠬᠤᠯᠠᠨ ᠬᠠᠲᠤᠨ ᠤ᠋ ᠰᠦᠨᠡᠰᠦ ᠡᠴᠡ ᠪᠣᠯᠵᠤ ᠴᠢᠩᠭᠢᠰ ᠬᠠᠭᠠᠨ ᠡᠮᠡᠰ ᠬᠡᠦᠬᠡᠨ ᠨᠦ᠍ᠭᠦᠳ ᠲᠡᠢ ᠣᠷᠢᠶᠠᠴᠠᠯᠳᠤᠬᠤ ᠳᠤᠷ᠎ᠠ ᠬᠦᠰᠡᠯ ᠦᠭᠡᠢ ᠪᠣᠯᠪᠠ᠃ ᠡᠨᠡ ᠪᠣᠯ ᠴᠢᠩᠭᠢᠰ ᠬᠠᠭᠠᠨ ᠤ᠋ ᠠᠮᠢᠳᠤᠷᠠᠯ ᠳ᠋ᠤ᠌ ᠭᠠᠷᠤᠭᠰᠠᠨ ᠬᠠᠮᠤᠭ ᠤ᠋ᠨ ᠰᠢᠨᠠᠯᠭᠠᠲᠤ ᠥᠭᠡᠷᠡᠴᠢᠯᠡᠯᠲᠡ ᠪᠠᠢᠪᠠ᠃ ᠬᠤᠯᠠᠨ ᠤ᠋ ᠰᠦᠨᠡᠰᠦ ᠶ᠋ᠢ ᠲᠩᠷᠢ ᠳ᠋ᠦ᠍ ᠳᠠᠭᠠᠳᠬᠠᠨ ᠥᠪᠡᠷ ᠡᠴᠡ ᠪᠡᠨ ᠬᠣᠯᠠᠳᠠᠭᠤᠯᠬᠤ ᠶ᠋ᠢᠨ ᠲᠤᠯᠠᠳᠠ ᠪᠠᠷᠢᠭᠵᠠᠨ ᠠᠭᠤᠯᠠᠨ ᠳ᠋ᠤ᠌ ᠭᠠᠷᠬᠤ ᠶ᠋ᠢ ᠬᠦᠰᠡᠵᠡᠢ᠃ ᠪᠠᠰᠠ ᠵᠥᠴᠢ ᠶ᠋ᠢ ᠬᠡᠷᠬᠢᠬᠦ ᠪᠡᠨ ᠰᠢᠢᠳᠴᠦ ᠴᠢᠳᠠᠬᠤ ᠦᠭᠡᠢ ᠡᠷᠡᠭᠡᠯᠵᠡᠭᠰᠡᠭᠡᠷ ᠪᠠᠢᠭᠰᠠᠨ ᠢ᠋ᠶ᠋ᠠᠨ ᠨᠢᠭᠡ ᠮᠥᠷ ᠪᠣᠯᠭᠠᠬᠤ ᠶ᠋ᠢᠨ ᠲᠤᠯᠠᠳᠠ ᠲᠩᠷᠢ ᠳ᠋ᠦ᠍ ᠲᠤᠭᠤᠯᠭᠠᠨ ᠬᠦᠰᠡᠯ ᠵᠠᠷᠯᠢᠭ ᠢ᠋ ᠰᠣᠨᠣᠰᠬᠤ ᠬᠡᠷᠡᠭ ᠢ᠋ ᠬᠣᠢᠰᠢᠯᠠᠭᠤᠯᠵᠤ ᠪᠣᠯᠬᠤ ᠦᠭᠡᠢ ᠪᠠᠢᠪᠠ᠃ ᠡᠭᠦᠨ ᠡᠴᠡ ᠭᠠᠳᠠᠨ᠎ᠠ ᠥᠭᠡᠯᠦᠨ ᠡᠬᠡ ᠶ᠋ᠢᠨ ᠢ᠋ᠶ᠋ᠡᠨ ᠨᠢᠭᠡ ᠬᠦᠰᠡᠯ ᠢ᠋ ᠪᠡᠶᠡᠯᠡᠭᠦᠯᠦᠭᠴᠢ᠂ ᠪᠠᠷᠢᠭᠵᠠᠨ ᠠᠭᠤᠯᠠ ᠲᠣᠬᠢᠷᠠᠨ᠎ᠠ ᠭᠡᠵᠦ ᠪᠣᠳᠣᠵᠠᠢ᠃ ᠬᠡᠷᠪᠡ ᠪᠠᠢᠳᠠᠭ ᠪᠣᠯ ᠯᠠᠯᠤ ᠶ᠋ᠢᠨ ᠱᠠᠰᠢᠨᠲᠠᠨ ᠤ᠋ ᠠᠯᠢᠪᠠ ᠬᠦᠰᠡᠯ ᠢ᠋ ᠪᠡᠶᠡᠯᠡᠭᠦᠯᠵᠡᠢ᠃ ᠲᠡᠳᠡᠨ ᠢ᠋ ᠡᠷᠬᠡᠨ ᠳ᠋ᠡᠭᠡᠨ ᠣᠷᠣᠭᠤᠯᠤᠭᠴᠢ ᠠᠯᠯᠨ ᠲᠩᠷᠢ ᠲᠡᠢ ᠠᠭᠤᠯᠵᠠᠬᠤ ᠡᠨᠳᠡ ᠶ᠋ᠢᠨ ᠬᠦᠰᠡᠯ ᠴᠦ᠍ ᠲᠡᠭᠦᠨ ᠳ᠋ᠦ᠍ ᠪᠠᠢᠪᠠ᠃ ᠡᠨᠡ ᠮᠡᠲᠦ ᠰᠢᠯᠲᠠᠭᠠᠨ ᠬᠦᠰᠡᠯ ᠦ᠋ᠨ ᠡᠭᠦᠳᠡᠨ ᠡᠴᠡ ᠪᠠᠷᠢᠭᠵᠠᠨ ᠠᠭᠤᠯᠠᠨ ᠳ᠋ᠤ᠌ ᠭᠠᠷᠬᠤ ᠱᠠᠲᠤ ᠬᠢᠬᠦ ᠶ᠋ᠢ ᠲᠤᠰᠢᠶᠠᠭᠰᠠᠨ ᠪᠢᠯᠡ᠃ 
       ᠪᠡᠶᠡᠯᠡᠭᠦᠯᠵᠦ ᠪᠣᠯᠬᠤ ᠦᠭᠡᠢ ᠵᠦᠢᠯ ᠪᠠᠢᠳᠠᠭ ᠭᠡᠵᠦ ᠰᠡᠳᠬᠢᠬᠦ ᠪᠡᠨ ᠴᠢᠩᠭᠢᠰ ᠬᠠᠭᠠᠨ ᠨᠢᠭᠡᠨᠲᠡ ᠮᠠᠷᠲᠠᠭᠰᠠᠨ ᠪᠠᠢᠯ᠎ᠠ᠃ ᠵᠠᠭᠠᠯᠮᠠᠢ ᠰᠢᠲᠦᠳᠡᠭ ᠲᠤᠭᠤᠷᠢᠯ ᠬᠠᠨ ᠤ᠋ ᠳᠠᠷᠤᠭᠳᠠᠨ ᠮᠥᠬᠥᠭᠰᠡᠨ ᠨᠢ ᠲᠡᠭᠦᠨ ᠢ᠋ ᠠᠪᠤᠷᠠᠯ ᠢᠪᠡᠭᠡᠯ ᠳ᠋ᠡᠭᠡᠨ ᠠᠪᠴᠤ ᠠᠰᠠᠷᠠᠨ ᠬᠠᠮᠠᠭᠠᠯᠠᠬᠤ ᠪᠠᠢᠭᠰᠠᠨ ᠶᠢᠷᠲᠢᠨᠴᠦ ᠶ᠋ᠢᠨ ᠡᠵᠡᠨ ᠢᠰᠥ᠋ᠰ ᠾᠷᠢᠰᠲ᠋ᠣᠰ ᠭᠡᠭᠴᠢ ᠨᠢ ᠶᠠᠮᠠᠷ ᠰᠢᠤᠬᠠᠨ ᠬᠦᠴᠦ ᠴᠢᠳᠠᠯ ᠲᠠᠢ ᠠᠮᠢᠲᠠᠨ ᠪᠣᠯᠬᠤ ᠶ᠋ᠢ ᠨᠢᠭᠡᠨᠲᠡ ᠪᠠᠲᠤᠯᠠᠭᠰᠠᠨ ᠲᠤᠯᠠ ᠴᠢᠩᠭᠢᠰ ᠬᠠᠭᠠᠨ ᠾᠷᠢᠰᠲ᠋ᠣᠰ ᠢ᠋ ᠣᠢᠰᠢᠶᠠᠵᠤ ᠦᠵᠡᠬᠦ ᠦᠭᠡᠢ ᠪᠣᠯᠵᠠᠢ᠃ ᠬᠠᠷᠢᠨ ᠠᠯᠯᠨ ᠲᠩᠷᠢ ᠭᠡᠭᠴᠢ ᠲᠡᠢ ᠨᠢᠭᠤᠷ ᠲᠤᠯᠤᠨ ᠤᠴᠠᠷᠠᠬᠤ ᠬᠦᠰᠡᠯ ᠣᠷᠭᠢᠯᠵᠤ ᠪᠠᠢᠪᠠ᠃ ᠯᠠᠯᠤ ᠶ᠋ᠢᠨ ᠱᠠᠰᠢᠨᠲᠠᠨ ᠤ᠋ ᠤᠯᠤᠰ ᠬᠤᠷᠽᠸᠮ ᠤ᠋ᠨ ᠲᠡᠭᠦᠨ ᠳ᠋ᠦ᠍ ᠳᠠᠷᠤᠭᠳᠠᠨ ᠮᠥᠬᠥᠭᠰᠡᠨ ᠨᠢ ᠠᠯᠯᠨ ᠲᠩᠷᠢ ᠡᠴᠡ ᠪᠠᠰᠠ ᠠᠶᠤᠨ ᠰᠡᠵᠢᠭᠯᠡᠬᠦ ᠦᠨᠳᠦᠰᠦ ᠦᠭᠡᠢ ᠪᠣᠯᠭᠠᠵᠠᠢ᠃ ᠠᠯᠯᠨ ᠲᠩᠷᠢ ᠭᠡᠭᠴᠢ ᠡᠴᠡ ᠴᠢᠩᠭᠢᠰ ᠬᠠᠭᠠᠨ ᠨᠢᠭᠡᠨᠲᠡ ᠠᠶᠤᠬᠤ ᠦᠭᠡᠢ ᠪᠣᠯᠤᠭᠰᠠᠨ ᠨᠢ ᠬᠥᠮᠦᠨ ᠦ᠌ ᠨᠤᠲᠤᠭ ᠤ᠋ᠨ ᠡᠨᠡ ᠠᠭᠤᠯᠠᠨ ᠳ᠋ᠤ᠌ ᠭᠠᠷᠴᠤ ᠲᠩᠷᠢ ᠲᠡᠢ ᠶᠠᠷᠢᠬᠤ ᠬᠦᠰᠡᠯ ᠢ᠋ ᠨᠢ ᠪᠠᠳᠠᠷᠠᠭᠠᠵᠡᠢ᠃ ᠪᠠᠷᠢᠭᠵᠠᠨ ᠠᠭᠤᠯᠠ ᠶ᠋ᠢᠨ ᠣᠷᠣᠢ ᠳ᠋ᠤ᠌ ᠭᠠᠷᠤᠮᠠᠭᠴᠠ ᠬᠠᠷᠠᠩᠭᠤᠢ ᠲᠩᠷᠢ ᠶ᠋ᠢᠨ ᠳᠣᠣᠷ᠎ᠠ ᠰᠥᠬᠥᠷᠡᠨ ᠰᠠᠭᠤᠵᠤ ᠪᠠᠢᠭᠠᠳ ᠲᠩᠷᠢ ᠶ᠋ᠢ ᠤᠷᠢᠨ ᠳᠠᠭᠤᠳᠠᠬᠤ ᠰᠢᠯᠦᠭ ᠢ᠋ᠶ᠋ᠡᠨ ᠤᠩᠰᠢᠵᠠᠢ᠃ ᠡᠨᠡ ᠪᠣᠯ ᠳᠠᠪ ᠲᠡᠭᠷᠢ ᠶ᠋ᠢᠨ ᠵᠢᠭᠠᠵᠤ ᠦᠭᠭᠦᠭᠰᠡᠨ ᠰᠢᠯᠦᠭ ᠪᠢᠯᠡ᠃ ᠬᠤᠯᠠᠨ ᠬᠠᠲᠤᠨ ᠤ᠋ ᠪᠠᠨ ᠰᠦᠨᠡᠰᠦ ᠶ᠋ᠢ ᠲᠠᠢᠪᠤᠰᠢᠷᠠᠭᠤᠯᠤᠨ ᠢᠪᠡᠭᠡᠯ ᠳ᠋ᠡᠭᠡᠨ ᠠᠪᠬᠤ ᠶ᠋ᠢ᠂ ᠪᠠᠰᠠ ᠵᠥᠴᠢ ᠶ᠋ᠢ ᠬᠣᠣᠷ ᠬᠥᠨᠥᠭᠡᠯ ᠦᠭᠡᠢ ᠰᠠᠯᠭᠠᠵᠤ ᠥᠭᠬᠦ ᠶ᠋ᠢ ᠬᠢᠴᠢᠶᠡᠩᠭᠦᠢᠯᠡᠨ ᠭᠤᠶᠤᠵᠠᠢ᠃ ᠲᠩᠷᠢ ᠲᠡᠭᠦᠨ ᠳ᠋ᠦ᠍ ᠬᠠᠷᠢᠭᠤ ᠬᠡᠯᠡᠭᠰᠡᠨ ᠦᠭᠡᠢ᠃ ᠴᠢᠩᠭᠢᠰ ᠬᠠᠭᠠᠨ ᠲᠩᠷᠢ ᠶ᠋ᠢᠨ ᠦᠭᠡ ᠶ᠋ᠢ ᠬᠦᠯᠢᠶᠡᠨ ᠤᠳᠠᠭᠠᠨ ᠰᠠᠭᠤᠵᠠᠢ᠃ ᠭᠡᠪᠡᠴᠦ ᠬᠤᠷᠽᠸᠮ ᠤ᠋ᠨ ᠲᠩᠷᠢ ᠳᠦᠯᠡᠢᠷᠡᠭᠰᠡᠨ ᠮᠡᠲᠦ ᠲᠠᠭ ᠳᠤᠭᠤᠢ ᠪᠠᠢᠪᠠ᠃ ᠴᠢᠩᠭᠢᠰ ᠬᠠᠭᠠᠨ ᠭᠣᠮᠣᠳᠠᠵᠤ ᠪᠠᠰᠠ ᠲᠩᠷᠢ ᠶ᠋ᠢᠨ ᠢᠩᠭᠢᠵᠦ ᠲᠠᠭ ᠳᠤᠭᠤᠢ ᠪᠠᠢᠬᠤ ᠳ᠋ᠤ᠌ ᠭᠠᠢᠬᠠᠪᠠ᠃ ᠪᠤᠷᠬᠠᠨ ᠬᠠᠯᠳᠤᠨ ᠠᠭᠤᠯᠠᠨ ᠳ᠋ᠤ᠌ ᠭᠠᠷᠤᠭᠰᠠᠨ ᠮᠡᠲᠦ ᠰᠡᠳᠬᠢᠯ ᠬᠥᠭᠡᠷᠦᠨ ᠳᠣᠭᠳᠣᠯᠵᠤ ᠣᠮᠣᠭ ᠵᠣᠷᠢᠭ ᠣᠷᠭᠢᠯᠤᠭᠰᠠᠨ ᠦᠭᠡᠢ ᠬᠠᠷᠢᠨ ᠴᠤ᠌ ᠭᠤᠨᠢᠵᠤ ᠭᠤᠲᠤᠷᠠᠵᠠᠢ᠃ ᠭᠡᠪᠡᠴᠦ ᠥᠭᠡᠯᠦᠨ ᠡᠬᠡ ᠶ᠋ᠢᠨ ᠢ᠋ᠶ᠋ᠡᠨ ᠵᠠᠬᠢᠭᠰᠠᠨ ᠢ᠋ ᠪᠡᠶᠡᠯᠡᠭᠦᠯᠬᠦ ᠪᠡᠨ ᠮᠠᠷᠲᠠᠭᠰᠠᠨ ᠦᠭᠡᠢ ᠪᠢᠯᠡ᠃ ᠵᠦᠷᠴᠢᠳ ᠦ᠋ᠨ ᠠᠯᠲᠠᠨ ᠤᠯᠤᠰ ᠲᠤ᠌ ᠠᠩᠬ᠎ᠠ ᠳᠠᠢᠯᠠᠷ᠎ᠠ ᠮᠣᠷᠳᠠᠬᠤ ᠶ᠋ᠢᠨ ᠤᠷᠲᠤ ᠣᠷᠣᠢ ᠥᠭᠡᠯᠦᠨ ᠡᠬᠡ ᠶ᠋ᠢᠨ ᠢ᠋ᠶ᠋ᠡᠨ ᠭᠡᠷ ᠲᠦ᠍ ᠲᠡᠮᠦᠵᠢᠨ ᠰᠠᠯᠬᠤ ᠶᠣᠰᠣ ᠬᠢᠬᠦ ᠪᠡᠷ ᠣᠴᠢᠵᠠᠢ᠃ ᠥᠭᠡᠯᠦᠨ ᠡᠬᠡ ᠶ᠋ᠢᠨ ᠪᠡᠶ᠎ᠡ ᠴᠢᠯᠡᠭᠦᠷ᠂ ᠰᠡᠳᠬᠢᠯ ᠰᠠᠨᠠᠭ᠎ᠠ ᠨᠢ ᠬᠥᠨᠳᠡᠭᠦᠷ ᠪᠠᠢᠭᠰᠠᠨ ᠴᠤ᠌ ᠲᠡᠭᠦᠨ ᠢ᠋ ᠪᠡᠨ ᠮᠡᠳᠡᠭᠳᠡᠬᠦ ᠦᠭᠡᠢ ᠭᠡᠵᠦ ᠶᠡᠬᠡᠳᠡ ᠬᠢᠴᠢᠶᠡᠵᠦ ᠪᠠᠢᠬᠤ ᠶ᠋ᠢ ᠲᠡᠮᠦᠵᠢᠨ ᠮᠡᠳᠡᠵᠡᠢ᠃ ᠲᠡᠷᠡ ᠦᠳᠡᠰᠢ ᠡᠬᠡ ᠨᠢ ᠭᠣᠣᠯ ᠳ᠋ᠠᠭᠠᠨ ᠨᠦᠬᠡ ᠲᠡᠢ ᠬᠢᠮᠤᠰᠤᠨ ᠲᠣᠯᠢ ᠶ᠋ᠢᠨ ᠴᠢᠨᠡᠭᠡ ᠪᠥᠨᠲᠥᠭᠡᠷ ᠤᠯᠠᠭᠠᠨ ᠴᠢᠯᠠᠭᠤ ᠥᠭᠴᠦ 
       | ᠬᠦᠦ ᠮᠢᠨᠢ᠂ ᠡᠨᠡ ᠪᠣᠯ ᠴᠢᠨᠦ ᠲᠥᠷᠥᠬᠦ ᠳ᠋ᠡᠭᠡᠨ ᠠᠳᠬᠤᠵᠤ ᠲᠥᠷᠥᠭᠰᠡᠨ ᠲᠩᠷᠢ ᠶ᠋ᠢᠨ ᠲᠡᠮᠳᠡᠭ ᠶᠦᠮ᠃ ᠬᠣᠵᠢᠮ ᠬᠣᠢᠨ᠎ᠠ ᠲᠩᠷᠢ ᠴᠢᠮᠠᠶ᠋ᠢ ᠲᠠᠨᠢᠬᠤ ᠭᠡᠰᠡᠨ ᠳ᠋ᠡᠭᠡᠨ ᠡᠨᠡ ᠲᠡᠮᠳᠡᠭ ᠢ᠋ ᠴᠢᠮᠠᠲᠤ ᠠᠳᠬᠤᠭᠤᠯᠵᠠᠢ᠃ ᠴᠢᠨᠦ ᠠᠳᠬᠤᠵᠤ ᠲᠥᠷᠥᠭᠰᠡᠨ ᠨᠥᠵᠢ ᠶ᠋ᠢ ᠡᠵᠢ ᠨᠢ ᠤᠬᠢᠶᠠᠭᠰᠠᠨ ᠤᠰᠤ᠂ ᠤᠨᠠᠭᠰᠠᠨ ᠭᠠᠵᠠᠷ ᠤ᠋ᠨ ᠴᠢᠨᠢ ᠡᠯᠡᠰᠦ ᠰᠢᠷᠣᠢ ᠲᠠᠢ ᠬᠣᠯᠢᠵᠤ ᠬᠠᠲᠠᠭᠠᠭᠠᠳ ᠥᠯᠥᠭᠡᠢ ᠳ᠋ᠦ᠍ ᠴᠢᠨᠢ ᠵᠡᠭᠦᠵᠦ ᠰᠠᠬᠢᠭᠤᠰᠤ ᠪᠣᠯᠭᠠᠭᠰᠠᠨ ᠶᠤᠮ᠃ ᠬᠥᠯ ᠳ᠋ᠦ᠍ ᠣᠷᠣᠵᠤ᠂ ᠬᠣᠯᠠ ᠶᠠᠪᠤᠬᠤ ᠳ᠋ᠤ᠌ ᠴᠢᠨᠢ ᠤᠴᠢᠷ ᠮᠡᠳᠡᠬᠦ ᠦᠭᠡᠢ ᠴᠢᠮᠠᠶ᠋ᠢ ᠬᠠᠶᠠᠴᠢᠬᠠᠨ᠎ᠠ ᠭᠡᠵᠦ ᠡᠮᠢᠶᠡᠬᠦ ᠳ᠋ᠡᠭᠡᠨ ᠠᠪᠴᠤ ᠡᠩᠭᠡᠷ ᠲᠡᠭᠡᠨ ᠰᠢᠲᠠᠨ ᠬᠠᠳᠠᠭᠠᠯᠠᠭᠰᠠᠨ ᠨᠢ ᠡᠨᠡ᠃ ᠡᠨᠡ ᠲᠡᠮᠳᠡᠭ ᠣᠳᠣ ᠴᠢᠮᠠᠲᠤ ᠭᠠᠢ ᠭᠠᠪᠢᠶ᠎ᠠ ᠠᠯᠢ ᠶ᠋ᠢ ᠠᠪᠴᠢᠷᠠᠬᠤ ᠶ᠋ᠢ ᠡᠵᠢ ᠨᠢ ᠮᠡᠳᠡᠬᠦ ᠦᠭᠡᠢ ᠪᠣᠯᠤᠯ᠎ᠠ᠃ ᠬᠥᠪᠡᠭᠦᠨ ᠴᠢ ᠨᠢᠭᠡᠨᠲᠡ ᠲᠩᠷᠢ ᠳ᠋ᠦ᠍ ᠲᠡᠳᠬᠦᠭᠳᠡᠭᠰᠡᠨ ᠶᠡᠬᠡ ᠬᠠᠭᠠᠨ ᠪᠣᠯᠪᠠ᠃ ᠡᠨᠡ ᠲᠡᠮᠳᠡᠭ ᠢ᠋ ᠴᠢᠮ᠎ᠠ ᠠ᠋ᠴᠠ ᠥᠭᠡᠷ᠎ᠡ ᠬᠥᠮᠦᠨ ᠣᠯᠵᠤ ᠡᠵᠡᠮᠰᠢᠪᠡᠯ ᠬᠥᠪᠡᠭᠦᠨ ᠴᠢᠮ᠎ᠠ ᠲᠠᠢ ᠥᠷᠢᠰᠦᠯᠳᠦᠨ ᠲᠡᠮᠡᠴᠡᠭᠴᠢ ᠬᠥᠮᠦᠨ ᠲᠩᠷᠢ ᠶ᠋ᠢᠨ ᠳᠣᠣᠷ᠎ᠠ ᠲᠥᠷᠥᠵᠦ ᠮᠡᠳᠡᠨ᠎ᠡ ᠭᠡᠵᠦ ᠡᠬᠡ ᠨᠢ ᠪᠣᠯᠭᠣᠮᠵᠢᠯᠠᠵᠤ ᠪᠠᠢᠨ᠎ᠠ᠃ ᠮᠢᠨᠦ ᠰᠠᠨᠠᠬᠤ ᠳ᠋ᠤ᠌ ᠡᠨᠡ ᠲᠡᠮᠳᠡᠭ ᠢ᠋ ᠬᠥᠪᠡᠭᠦᠨ ᠴᠢ ᠬᠥᠮᠦᠨ ᠦ᠌ ᠨᠢᠳᠦ ᠦᠯᠦ ᠦᠵᠡᠬᠦ᠂ ᠬᠥᠯ ᠦᠯᠦ ᠬᠦᠷᠬᠦ ᠭᠠᠵᠠᠷ ᠲᠤ᠌ ᠵᠠᠯᠠᠬᠤ ᠨᠢ ᠵᠥᠪ ᠮᠡᠲᠦ ᠰᠠᠨᠠᠭᠳᠠᠨ᠎ᠠ᠃ ᠴᠢ ᠮᠢᠨᠦ ᠬᠡᠯᠡᠭᠰᠡᠨ ᠢ᠋ ᠪᠣᠳᠣᠵᠤ ᠦᠵᠡᠭᠡᠳ ᠵᠥᠪ ᠭᠡᠪᠡᠯ ᠡᠬᠡ ᠶ᠋ᠢᠨ ᠢ᠋ᠶ᠋ᠡᠨ ᠬᠡᠯᠡᠭᠰᠡᠨ ᠢ᠋ᠶ᠋ᠡᠷ ᠬᠢᠭᠲᠦᠨ ᠭᠡᠵᠦ ᠬᠡᠯᠡᠭᠰᠡᠨ ᠪᠠᠢᠪᠠ᠃ ᠲᠩᠷᠢ ᠶ᠋ᠢᠨ ᠲᠡᠮᠳᠡᠭ ᠠᠳᠬᠤᠵᠤ ᠲᠥᠷᠥᠭᠰᠡᠨ ᠢ᠋ ᠡᠬᠡ ᠨᠢ ᠡᠷᠲᠡ ᠬᠡᠯᠡᠭᠰᠡᠨ ᠪᠣᠯ ᠭᠡᠰᠡᠨ ᠬᠠᠷᠠᠭᠤᠰᠤᠯᠲᠤ ᠪᠣᠳᠣᠯ ᠲᠡᠷᠡ ᠦᠶ᠎ᠡ ᠳ᠋ᠦ᠍ ᠲᠥᠷᠥᠭᠰᠡᠨ ᠴᠦ᠍ ᠠᠯᠲᠠᠨ ᠤᠯᠤᠰ ᠲᠤ᠌ ᠳᠣᠪᠲᠣᠯᠬᠤ ᠶ᠋ᠢᠨ ᠡᠮᠦᠨ᠎ᠡ ᠡᠭᠦᠨ ᠢ᠋ ᠬᠡᠯᠡᠭᠰᠡᠨ ᠨᠢ ᠥᠭᠡᠯᠦᠨ ᠡᠬᠡ ᠶ᠋ᠢᠨ ᠤᠬᠠᠭᠠᠨ ᠠ᠋ᠴᠠ ᠭᠠᠳᠠᠨ᠎ᠠ ᠲᠩᠷᠢ ᠶ᠋ᠢᠨ ᠵᠠᠷᠯᠢᠭ ᠪᠠᠢᠭᠰᠠᠨ ᠢ᠋ ᠴᠢᠩᠭᠢᠰ ᠬᠠᠭᠠᠨ ᠣᠢᠯᠠᠭᠠᠭᠠᠳ ᠲᠠᠢᠪᠤᠰᠢᠷᠠᠵᠠᠢ᠃ ᠥᠭᠡᠯᠦᠨ ᠡᠬᠡ ᠨᠢ ᠲᠡᠷᠡ ᠦᠶ᠎ᠡ ᠳ᠋ᠦ᠍ ᠲᠡᠮᠦᠵᠢᠨ ᠲᠡᠢ ᠠᠭᠤᠯᠵᠠᠬᠤ ᠦᠭᠡᠢ ᠭᠡᠳᠡᠭ ᠢ᠋ᠶ᠋ᠡᠨ ᠮᠡᠳᠡᠵᠦ ᠪᠠᠢᠭᠰᠠᠨ ᠳ᠋ᠤ᠌ ᠣᠳᠣ ᠴᠤ᠌ ᠴᠢᠩᠭᠢᠰ ᠬᠠᠭᠠᠨ ᠭᠠᠢᠬᠠᠭᠰᠠᠭᠠᠷ ᠪᠠᠢᠳᠠᠭ ᠪᠢᠯᠡ᠃ ᠮᠥᠨᠥᠬᠢ ᠲᠩᠷᠢ ᠶ᠋ᠢᠨ ᠲᠡᠮᠳᠡᠭ ᠪᠣᠯᠤᠭᠰᠠᠨ ᠤᠯᠠᠭᠠᠨ ᠴᠢᠯᠠᠭᠤ ᠶ᠋ᠢ ᠲᠦᠮᠡᠨ ᠣ ᠨᠢᠳᠦᠨ ᠡᠴᠡ ᠨᠢᠭᠤᠬᠤ ᠭᠠᠵᠠᠷ ᠢ᠋ ᠣᠯᠬᠤ ᠦᠭᠡᠢ᠂ ᠪᠠᠰᠠ ᠰᠠᠨᠠᠬᠤ ᠦᠭᠡᠢ ᠶᠠᠪᠤᠭᠰᠠᠭᠠᠷ ᠬᠤᠷᠽᠸᠮ ᠳ᠋ᠤ᠌ ᠢᠷᠡᠭᠰᠡᠨ ᠪᠢᠯᠡ᠃ ᠭᠡᠲᠡᠯ᠎ᠡ ᠭᠡᠨᠡᠳᠲᠡ ᠡᠨᠡ ᠭᠠᠵᠠᠷ ᠤ᠋ᠨ ᠪᠠᠷᠢᠬᠵᠡᠨ ᠠᠭᠤᠯᠠ ᠶ᠋ᠢᠨ ᠣᠷᠣᠢ ᠳ᠋ᠤ᠌ ᠨᠢᠭᠤᠬᠤ ᠪᠠᠷ ᠴᠢᠩᠭᠢᠰ ᠬᠠᠭᠠᠨ ᠰᠢᠢᠳᠴᠡᠢ᠃ ᠠᠯᠯᠠ ᠭᠡᠵᠦ ᠪᠠᠢᠳᠠᠭ ᠪᠣᠯ ᠲᠡᠷᠡ ᠡᠨᠡ ᠲᠩᠷᠢ ᠶ᠋ᠢᠨ ᠲᠡᠮᠳᠡᠭ ᠢ᠋ ᠲᠠᠨᠢᠬᠤ ᠦᠭᠡᠢ ᠲᠤᠯᠠ ᠡᠨᠳᠡ ᠨᠢᠭᠤᠬᠤ ᠨᠢ ᠭᠠᠷᠴᠠᠭ᠎ᠠ ᠦᠭᠡᠢ ᠵᠥᠪ ᠭᠡᠵᠦ ᠪᠣᠳᠣᠭᠰᠠᠨ ᠠᠵᠢ᠃ ᠭᠠᠭᠴᠠ ᠲᠡᠭᠦᠨ ᠳ᠋ᠦ᠍ ᠵᠠᠶᠠᠭᠠᠭᠰᠠᠨ ᠲᠩᠷᠢ ᠶ᠋ᠢᠨ ᠲᠡᠮᠳᠡᠭ ᠢ᠋ ᠬᠡᠨ ᠨᠢᠭᠡᠨ ᠣᠯᠵᠤ ᠳᠠᠬᠢᠨ ᠡᠵᠡᠮᠰᠢᠬᠦ ᠪᠣᠢ ᠭᠡᠵᠦ ᠪᠣᠯᠭᠣᠮᠵᠢᠯᠠᠭᠰᠠᠨ ᠨᠢ ᠥᠭᠡᠯᠦᠨ ᠡᠬᠡ ᠶ᠋ᠢᠨ ᠦᠷ᠎ᠡ ᠪᠡᠨ ᠭᠡᠰᠡᠨ ᠰᠡᠳᠬᠢᠯ ᠪᠠᠢᠪᠠ᠃ ᠡᠭᠦᠨ ᠢ᠋ ᠴᠢᠩᠭᠢᠰ ᠬᠠᠭᠠᠨ ᠣᠢᠯᠠᠭᠠᠵᠠᠢ᠃ ᠬᠣᠵᠢᠮ ᠬᠣᠢᠨ᠎ᠠ ᠲᠡᠭᠦᠨ ᠦ᠌ ᠤᠷᠤᠭ ᠲᠠᠢ ᠥᠷᠢᠰᠦᠯᠳᠦᠬᠦ ᠬᠥᠮᠦᠨ ᠭᠠᠷᠴᠤ ᠢᠷᠡᠬᠦ ᠶ᠋ᠢ ᠬᠡᠵᠢᠶ᠎ᠡ ᠴᠦ᠍ ᠲᠡᠪᠴᠢᠬᠦ ᠦᠭᠡᠢ ᠪᠢᠯᠡ᠃ ᠣᠳᠣ ᠡᠨᠡ ᠪᠠᠷᠢᠬᠵᠡᠨ ᠠᠭᠤᠯᠠ ᠶ᠋ᠢᠨ ᠣᠷᠣᠢ ᠠ᠋ᠴᠠ ᠬᠡᠨ ᠣᠯᠬᠤ ᠪᠢᠯᠡ᠃ ᠥᠪᠡᠷ ᠦ᠋ᠨ ᠢ᠋ᠶ᠋ᠡᠨ ᠠᠳᠬᠤᠵᠤ ᠲᠥᠷᠥᠭᠰᠡᠨ ᠲᠩᠷᠢ ᠶ᠋ᠢᠨ ᠲᠡᠮᠳᠡᠭ ᠢ᠋ ᠪᠠᠷᠢᠬᠵᠡᠨ ᠠᠭᠤᠯᠠ ᠶ᠋ᠢᠨ ᠣᠷᠣᠢ ᠳ᠋ᠤ᠌ ᠰᠠᠢᠲᠤᠷ ᠪᠤᠯᠠᠭᠠᠳ ᠰᠠᠨᠠᠭ᠎ᠠ ᠠᠮᠠᠷᠠᠵᠤ᠂ ᠪᠣᠰᠬᠤ ᠭᠡᠲᠡᠯ᠎ᠡ ᠭᠡᠨᠡᠳᠲᠡ ᠠᠷᠤ ᠳ᠋ᠤᠨᠢ ᠠᠭᠠᠷ ᠬᠥᠳᠡᠯᠦᠨ ᠬᠥᠮᠦᠨ ᠳᠠᠭᠤᠳᠠᠬᠤ ᠰᠢᠭ᠋ ᠪᠣᠯᠤᠭᠰᠠᠨ ᠳ᠋ᠤ᠌ ᠦᠰᠦ ᠪᠣᠰᠴᠤ ᠦᠩᠬᠦᠯᠴᠡᠭ ᠬᠠᠭᠠᠷᠠᠬᠤ ᠰᠢᠬᠠᠵᠠᠢ᠃ ᠴᠢᠩᠭᠢᠰ ᠬᠠᠭᠠᠨ ᠠᠶᠤᠭᠰᠠᠨ᠂ ᠰᠣᠴᠢᠭᠰᠠᠨ ᠳ᠋ᠠᠭᠠᠨ ᠲᠡᠷᠡ ᠳᠣᠣᠷ᠎ᠠ ᠪᠠᠨ ᠡᠷᠭᠢᠨ ᠬᠠᠷᠠᠵᠤ ᠴᠢᠳᠠᠭᠰᠠᠨ ᠦᠭᠡᠢ᠂ ᠶᠠᠭᠠᠬᠢᠬᠤ ᠠᠷᠭ᠎ᠠ ᠦᠭᠡᠢ ᠬᠡᠨ ᠨᠢᠭᠡᠨ 
       | ᠲᠡᠮᠦᠵᠢᠨ᠂ ᠴᠢ ᠤᠤ? ᠭᠡᠵᠦ ᠳᠠᠭᠤᠳᠠᠬᠤ ᠰᠣᠨᠣᠰᠳᠠᠬᠤ ᠰᠢᠭ᠋ ᠪᠣᠯᠵᠤ ᠪᠢᠯᠡ᠃ 《ᠠᠯᠯᠠ ᠲᠩᠷᠢ》 ᠭᠡᠵᠦ ᠪᠠᠢᠳᠠᠭ ᠠᠵᠢ᠃ ᠲᠡᠭᠦᠨ ᠳ᠋ᠦ᠍ ᠪᠣᠰᠴᠤ ᠡᠷᠭᠢᠨ ᠬᠠᠷᠠᠬᠤ ᠠ᠋ᠴᠠ ᠥᠭᠡᠷ᠎ᠡ ᠠᠷᠭ᠎ᠠ ᠦᠯᠡᠳᠡᠭᠰᠡᠨ ᠦᠭᠡᠢ᠃ ᠲᠡᠭᠦᠨ ᠦ᠌ ᠠᠷᠤ ᠳ᠋ᠤ᠌ ᠬᠡᠨ ᠴᠦ᠍ ᠪᠠᠢᠭᠰᠠᠨ ᠦᠭᠡᠢ᠃ ᠭᠠᠭᠴᠠᠬᠠᠨ ᠬᠡᠨ ᠨᠢᠭᠡᠨ ᠲᠩᠷᠢ ᠶ᠋ᠢᠨ ᠬᠥᠮᠦᠨ ᠡᠴᠡ ᠠᠶᠠᠷᠬᠠᠨ ᠰᠢᠪᠡᠨᠡᠬᠦ ᠶ᠋ᠢ ᠣᠯᠵᠤ ᠰᠣᠨᠣᠰᠴᠠᠢ᠃ ᠡᠭᠦᠨ ᠡᠴᠡ ᠡᠮᠦᠨ᠎ᠡ ᠲᠡᠮᠦᠵᠢᠨ ᠦ᠌ ᠲᠩᠷᠢ ᠡᠴᠡ ᠣᠯᠵᠤ ᠰᠣᠨᠣᠰᠳᠠᠭ ᠪᠠᠢᠭᠰᠠᠨ ᠲᠡᠷᠡ ᠳᠠᠭᠤ ᠪᠢᠰᠢ ᠪᠠᠢᠯ᠎ᠠ᠃ ᠴᠢᠩᠭᠢᠰ ᠬᠠᠭᠠᠨ ᠶᠠᠭ ᠵᠡᠭᠦᠳᠦᠯᠡᠵᠦ ᠪᠠᠢᠬᠤ ᠰᠢᠭ᠋ ᠪᠣᠯᠵᠠᠢ᠃ ᠵᠡᠭᠦᠳᠦᠯᠡᠭᠡᠳ ᠵᠣᠭᠰᠣᠬᠤ ᠦᠭᠡᠢ ᠥᠭᠡᠯᠦᠨ ᠡᠬᠡ ᠨᠢ ᠰᠡᠷᠡᠭᠡᠬᠦ ᠭᠡᠵᠦ ᠳᠤᠬᠤᠨ ᠳᠡᠭᠡᠷ᠎ᠡ ᠨᠢ ᠦᠨᠦᠰᠦᠭᠡᠳ ᠠᠶᠠᠷᠬᠠᠨ ᠳᠠᠭᠤᠳᠠᠵᠤ ᠪᠠᠢᠬᠤ ᠰᠢᠭ᠋ ᠪᠣᠯᠵᠠᠢ᠃ ᠲᠡᠭᠦᠨ ᠢ᠋ ᠭᠦᠨ ᠨᠣᠢᠷ ᠠ᠋ᠴᠠ ᠠᠷᠠᠢᠬᠠᠨ ᠰᠡᠷᠡᠮᠡᠭᠴᠡ ᠲᠩᠷᠢ 
       | ᠲᠡᠮᠦᠵᠢᠨ᠂ ᠬᠥᠪᠡᠭᠦᠨ ᠴᠢ ᠳᠠᠷᠤᠢ ᠨᠤᠲᠤᠭ ᠲᠠᠭᠠᠨ ᠪᠤᠴᠠ᠃ ᠣᠴᠢᠭᠠᠳ ᠬᠠᠮᠢᠭᠠᠰᠢ ᠪᠠᠨ ᠴᠤ᠌ ᠶᠠᠪᠤᠬᠤ ᠦᠭᠡᠢ ᠨᠤᠲᠤᠭ ᠲᠠᠭᠠᠨ ᠰᠠᠭᠤ᠃ ᠬᠥᠪᠡᠭᠦᠨ ᠴᠢᠨᠦ ᠶᠠᠪᠤᠬᠤ ᠭᠠᠵᠠᠷ᠂ ᠦᠵᠡᠬᠦ ᠨᠤᠲᠤᠭ ᠤ᠋ᠨ ᠲᠣᠭ᠎ᠠ ᠭᠦᠢᠴᠡᠵᠡᠢ ᠭᠡᠵᠦ ᠲᠣᠪ ᠲᠣᠳᠣ ᠬᠡᠯᠡᠬᠦ ᠨᠢ ᠰᠣᠨᠣᠰᠤᠭᠳᠠᠵᠠᠢ᠃ ᠳᠠᠷᠠᠭ᠎ᠠ ᠨᠢ ᠨᠠᠮ ᠭᠦᠮ ᠪᠣᠯᠤᠭᠰᠠᠨ ᠪᠥᠭᠡᠳ ᠪᠣᠷᠣᠭ᠎ᠠ ᠰᠢᠪᠡᠷᠡᠨ ᠣᠷᠣᠬᠤ ᠶ᠋ᠢ ᠮᠡᠳᠡᠷᠡᠵᠡᠢ᠃ ᠲᠡᠷᠡ ᠨᠢᠭᠡ ᠯᠡ ᠮᠡᠳᠡᠬᠦ ᠳ᠋ᠦ᠍ ᠪᠣᠭᠣᠷᠴᠢ ᠶ᠋ᠢᠨ ᠬᠠᠮᠲᠤ ᠰᠡᠦᠬᠡ ᠳᠣᠲᠣᠷ᠎ᠠ ᠶᠠᠪᠤᠵᠤ ᠪᠠᠢᠵᠠᠢ᠃ ᠴᠢᠩᠭᠢᠰ ᠬᠠᠭᠠᠨ᠂ ᠲᠩᠷᠢ ᠶ᠋ᠢᠨ ᠬᠦᠴᠦᠨ ᠳ᠋ᠦ᠍ ᠠᠪᠲᠠᠨ ᠬᠡᠰᠡᠭ ᠵᠠᠭᠤᠷ᠎ᠠ ᠤᠬᠠᠭᠠᠨ ᠠᠯᠳᠠᠭᠰᠠᠨ ᠨᠢ ᠲᠡᠷᠡ ᠪᠠᠢᠪᠠ᠃ ᠬᠠᠴᠢᠷᠬᠠᠯᠲᠠᠢ ᠨᠢ ᠥᠨᠥᠬᠢ ᠲᠩᠷᠢ ᠶ᠋ᠢᠨ ᠲᠡᠮᠳᠡᠭ ᠢ᠋ᠶ᠋ᠡᠨ ᠭᠠᠷ ᠲᠠᠭᠠᠨ ᠲᠠᠰᠤ ᠠᠳᠬᠤᠭᠰᠠᠨ ᠪᠠᠢᠵᠠᠢ᠃ ᠬᠠᠷᠢᠨ ᠦᠷᠭᠦᠭᠡᠨ ᠳ᠋ᠡᠭᠡᠨ ᠬᠦᠷᠬᠦ ᠵᠠᠮ ᠵᠠᠭᠤᠷ᠎ᠠ ᠨᠢᠭᠡᠨ ᠭᠠᠢᠬᠠᠯᠲᠠᠢ ᠵᠦᠢᠯ ᠮᠡᠳᠡᠷᠡᠵᠡᠢ᠃ ᠭᠠᠷ ᠲᠠᠭᠠᠨ ᠠᠳᠬᠤᠵᠤ ᠶᠠᠪᠤᠭᠰᠠᠨ ᠥᠨᠥ ᠲᠩᠷᠢ ᠶ᠋ᠢᠨ ᠲᠡᠮᠳᠡᠭ ᠪᠣᠯᠬᠤ ᠪᠥᠭᠡᠷᠡᠩᠬᠡᠢ ᠤᠯᠠᠭᠠᠨ ᠴᠢᠯᠠᠭᠤ ᠭᠡᠨᠡᠳᠲᠡ ᠬᠠᠯᠠᠭᠤ ᠣᠷᠬᠢᠵᠤ ᠪᠠᠢᠭ᠎ᠠ ᠶ᠋ᠢ ᠠᠩᠵᠠᠭᠠᠷᠠᠵᠠᠢ᠃ ᠲᠩᠷᠢ ᠶ᠋ᠢᠨ ᠲᠡᠮᠳᠡᠭ ᠡᠴᠡ ᠬᠠᠯᠠᠭᠤᠨ ᠤᠷᠤᠰᠬᠠᠯ ᠣᠷᠭᠢᠯᠤᠨ ᠠᠯᠠᠭ᠎ᠠ ᠪᠠᠷ ᠨᠢ ᠳᠠᠮᠵᠢᠭᠠᠳ ᠪᠦᠷ ᠪᠦᠬᠦ ᠪᠡᠶ᠎ᠡ ᠳ᠋ᠦ᠍ᠨᠢ ᠲᠠᠷᠬᠠᠵᠤ ᠪᠦᠬᠦ ᠵᠢᠷᠦᠬᠡᠨ ᠳ᠋ᠦ᠍ᠨᠢ ᠴᠢᠳᠬᠤᠨ ᠣᠷᠣᠵᠤ ᠪᠠᠢᠬᠤ ᠶ᠋ᠢ ᠮᠡᠳᠡᠷᠡᠵᠡᠢ᠃ ᠴᠢᠩᠭᠢᠰ ᠬᠠᠭᠠᠨ ᠬᠥᠳᠡᠯᠵᠦ ᠦᠭᠡ ᠳᠤᠤᠭᠠᠷᠴᠤ ᠴᠢᠳᠠᠬᠤ ᠦᠭᠡᠢ ᠪᠣᠯᠪᠠ᠃ ᠴᠢᠯᠠᠭᠤ ᠬᠠᠯᠠᠭᠰᠠᠭᠠᠷ ᠰᠡᠭᠦᠯ ᠳ᠋ᠡᠭᠡᠨ ᠪᠦᠷ ᠠᠳᠬᠤᠭᠰᠠᠨ ᠭᠠᠷ ᠤ᠋ᠨ ᠬᠢᠨᠢ ᠬᠤᠷᠤᠭᠤ ᠨᠤᠭᠤᠳ ᠨᠡᠪᠲᠡ ᠬᠡᠷᠡᠯᠳᠦᠵᠦ ᠦᠵᠡᠭᠳᠡᠬᠦ ᠳ᠋ᠦ᠍ ᠭᠠᠷ ᠢ᠋ᠶ᠋ᠠᠨ ᠬᠣᠷᠮᠣᠢ ᠳᠣᠣᠷ᠎ᠠ ᠪᠠᠨ ᠬᠢᠨ ᠪᠣᠭᠣᠷᠴᠢ ᠠ᠋ᠴᠠ ᠨᠢᠭᠤᠭᠰᠠᠨ ᠪᠢᠯᠡ᠃ ᠬᠠᠷᠢᠨ ᠲᠩᠷᠢ ᠶ᠋ᠢᠨ ᠲᠡᠮᠳᠡᠭ ᠤᠳᠠᠯ ᠦᠭᠡᠢ ᠬᠠᠭᠤᠴᠢᠨ ᠬᠡᠪ ᠲᠡᠭᠡᠨ ᠣᠷᠣᠵᠠᠢ᠃ ᠭᠡᠪᠡᠴᠦ ᠪᠡᠶ᠎ᠡ ᠳ᠋ᠦ᠍ᠨᠢ ᠰᠢᠩᠭᠡᠭᠰᠡᠨ ᠳᠤᠯᠠᠭᠠᠨ ᠢᠯᠴᠢ ᠬᠡᠪ ᠢ᠋ᠶ᠋ᠡᠷ ᠦᠯᠡᠳᠡᠵᠡᠢ᠃ ᠦᠷᠭᠦᠭᠡᠨ ᠳ᠋ᠡᠭᠡᠨ ᠢᠷᠡᠮᠡᠭᠴᠡ ᠬᠡᠨ ᠲᠡᠢ ᠴᠦ᠍ ᠠᠭᠤᠯᠵᠠᠯ ᠦᠭᠡᠢ ᠪᠡᠷ ᠪᠣᠯᠤᠭᠰᠠᠨ ᠶᠠᠪᠤᠳᠠᠯ ᠢ᠋ ᠲᠤᠩᠭᠠᠨ ᠪᠣᠳᠣᠵᠤ ᠡᠳᠦᠷᠵᠢᠨ ᠰᠠᠭᠤᠭᠰᠠᠨ ᠪᠢᠯᠡ᠃ ᠲᠩᠷᠢ ᠶ᠋ᠢᠨ ᠲᠡᠮᠳᠡᠭ ᠢ᠋ ᠪᠤᠴᠠᠭᠠᠨ ᠠᠪᠴᠢᠷᠠᠭᠰᠠᠨ ᠢ᠋ ᠪᠣᠳᠣᠪᠠᠯ ᠪᠠᠷᠢᠬᠵᠠᠨ ᠠᠭᠤᠯᠠᠨ ᠳ᠋ᠤ᠌ ᠬᠠᠳᠠᠭᠠᠯᠠᠬᠤ ᠶ᠋ᠢ ᠲᠩᠷᠢ ᠳᠠᠭᠠᠯᠠᠭᠰᠠᠨ ᠦᠭᠡᠢ ᠪᠣᠯᠤᠯᠲᠠᠢ᠃ ᠬᠠᠷᠢᠨ ᠪᠣᠳᠣᠭᠰᠠᠭᠠᠷ ᠪᠠᠢᠲᠠᠯ᠎ᠠ 《ᠨᠤᠲᠤᠭ ᠲᠠᠭᠠᠨ ᠪᠤᠴᠠ᠂ ᠳᠠᠬᠢᠨ ᠶᠠᠪᠤᠯ ᠦᠭᠡᠢ ᠰᠠᠭᠤ》 ᠭᠡᠵᠦ ᠲᠣᠪ ᠲᠣᠳᠣᠷᠬᠠᠢ ᠬᠡᠯᠡᠭᠰᠡᠨ ᠨᠢ ᠥᠭᠡᠯᠦᠨ ᠡᠬᠡ ᠨᠢ ᠪᠠᠢᠭᠰᠠᠨ ᠳ᠋ᠤ᠌ ᠢᠲᠡᠭᠡᠵᠡᠢ᠃ ᠭᠡᠨᠡᠳᠲᠡ ᠥᠭᠡᠯᠦᠨ ᠡᠬᠡ ᠶ᠋ᠢᠨ ᠰᠦᠨᠡᠰᠦ ᠣᠷᠣᠵᠤ ᠠᠭᠤᠯᠵᠠᠭᠰᠠᠨ ᠲᠤᠯᠠ ᠪᠠᠷᠢᠬᠵᠠᠨ ᠠᠭᠤᠯᠠ ᠶ᠋ᠢᠨ ᠨᠡᠷ᠎ᠡ ᠶ᠋ᠢ ᠥᠭᠡᠷᠡᠴᠢᠯᠡᠵᠦ ᠲᠩᠷᠢ ᠠᠭᠤᠯᠠ ᠪᠣᠯᠭᠠᠭᠠᠳ ᠬᠥᠮᠦᠨ ᠭᠠᠷᠬᠤ ᠶ᠋ᠢ ᠬᠣᠷᠢᠭᠯᠠᠭᠰᠠᠨ ᠴᠠᠭᠠᠵᠠ ᠵᠠᠷᠯᠢᠭ ᠪᠠᠭᠤᠯᠭᠠᠬᠤ ᠪᠠᠷ ᠰᠢᠢᠳᠪᠡ᠃ ᠲᠡᠷᠡ ᠡᠳᠦᠷ ᠦ᠋ᠨ ᠦᠳᠡᠰᠢ ᠭᠡᠬᠦ ᠳ᠋ᠦ᠍ ᠴᠢᠩᠭᠢᠰ ᠬᠠᠭᠠᠨ ᠤ᠋ ᠰᠡᠳᠬᠢᠯ ᠰᠠᠨᠠᠭ᠎ᠠ ᠴᠡᠯᠮᠡᠨ ᠭᠡᠢᠭᠡᠳ ᠤᠷᠮ᠎ᠠ ᠢᠲᠡᠭᠡᠯ ᠲᠡᠭᠦᠰ ᠪᠣᠯᠵᠤ ᠪᠠᠰᠠ ᠢᠩᠭᠢᠭᠰᠡᠨ ᠤᠴᠢᠷ ᠢ᠋ ᠡᠬᠡ ᠶ᠋ᠢᠨ ᠢ᠋ᠶ᠋ᠡᠨ ᠥᠭᠭᠦᠭᠰᠡᠨ ᠲᠩᠷᠢ ᠶ᠋ᠢᠨ ᠲᠡᠮᠳᠡᠭ ᠲᠡᠢ ᠬᠣᠯᠪᠣᠨ ᠣᠢᠯᠠᠭᠠᠵᠤ ᠪᠣᠳᠣᠵᠠᠢ᠃ ᠲᠩᠷᠢ ᠶ᠋ᠢᠨ ᠲᠡᠮᠳᠡᠭ ᠡᠴᠡ ᠤᠷᠤᠰᠤᠨ ᠭᠠᠷᠴᠤ ᠪᠡᠶ᠎ᠡ ᠳ᠋ᠦ᠍ᠨᠢ ᠰᠢᠩᠭᠡᠭᠰᠡᠨ ᠲᠡᠷᠡ ᠬᠠᠯᠠᠭᠤᠨ ᠢᠯᠴᠢ ᠪᠣᠯ ᠥᠭᠡᠯᠦᠨ ᠡᠬᠡ ᠶ᠋ᠢᠨ ᠬᠢᠨᠢ ᠰᠡᠳᠬᠢᠯ ᠦ᠋ᠨ ᠬᠠᠢᠷ᠎ᠠ ᠡᠨᠡᠷᠢᠯ ᠪᠣᠯᠬᠤ ᠶ᠋ᠢ ᠴᠢᠩᠭᠢᠰ ᠬᠠᠭᠠᠨ ᠲᠣᠳᠣ ᠮᠡᠳᠡᠷᠡᠭᠰᠡᠨ ᠪᠢᠯᠡ᠃ ᠥᠭᠡᠯᠦᠨ ᠡᠬᠡ ᠨᠢ ᠲᠡᠭᠦᠨ ᠲᠡᠢ ᠠᠭᠤᠯᠵᠠᠬᠤ ᠶ᠋ᠢᠨ ᠲᠤᠯᠠᠳᠠ᠂ ᠬᠠᠭᠠᠴᠠᠬᠤ ᠶ᠋ᠢᠨ ᠡᠮᠦᠨ᠎ᠡ ᠲᠡᠭᠦᠨ ᠦ᠌ ᠠᠳᠬᠤᠵᠤ ᠲᠥᠷᠥᠭᠰᠡᠨ ᠲᠩᠷᠢ ᠶ᠋ᠢᠨ ᠲᠡᠮᠳᠡᠭ ᠢ᠋ ᠥᠭᠴᠡᠢ᠃ ᠡᠨᠡ ᠪᠣᠯ ᠲᠩᠷᠢ ᠶ᠋ᠢᠨ ᠲᠡᠮᠳᠡᠭ ᠡᠴᠡ ᠭᠠᠳᠠᠨ᠎ᠠ ᠥᠭᠡᠯᠦᠨ ᠡᠬᠡ ᠶ᠋ᠢᠨ ᠬᠢᠨᠢ ᠪᠡᠶ᠎ᠡ ᠰᠡᠳᠬᠢᠯ ᠦ᠋ᠨ ᠲᠠᠰᠤᠷᠬᠠᠢ ᠪᠠᠢᠯ᠎ᠠ᠃ ᠡᠬᠡ ᠨᠢ ᠲᠩᠷᠢ ᠶ᠋ᠢᠨ ᠲᠡᠮᠳᠡᠭ ᠲᠦ᠍ ᠥᠪᠡᠷ ᠦ᠋ᠨ ᠪᠦᠬᠦ ᠬᠠᠢᠷ᠎ᠠ ᠬᠦᠰᠡᠯ᠂ ᠦᠯᠡᠳᠡᠭᠰᠡᠨ ᠠᠮᠢ ᠨᠠᠰᠤ᠂ ᠠᠮᠢᠳᠤᠷᠠᠯ ᠢ᠋ᠶ᠋ᠠᠨ ᠰᠢᠩᠭᠡᠭᠡᠵᠦ ᠥᠭᠴᠡᠢ᠃ ᠲᠡᠢᠮᠦ ᠴᠦ᠍ ᠤᠴᠢᠷ ᠠ᠋ᠴᠠ ᠬᠠᠮᠢᠭ᠎ᠠ ᠵᠠᠯᠠᠬᠤ ᠶ᠋ᠢ ᠥᠪᠡᠷ ᠢ᠋ᠶ᠋ᠡᠨ ᠮᠡᠳᠡ ᠬᠡᠮᠡᠵᠡᠢ᠃ ᠥᠭᠡᠯᠦᠨ ᠡᠬᠡ ᠨᠢ ᠥᠪᠡᠷ ᠦ᠋ᠨ ᠦᠯᠡᠳᠡᠭᠰᠡᠨ ᠨᠠᠰᠤ ᠶ᠋ᠢ ᠲᠡᠮᠦᠵᠢᠨ ᠬᠥᠪᠡᠭᠦᠨ ᠳ᠋ᠡᠭᠡᠨ ᠦᠯᠡᠳᠡᠭᠡᠭᠡᠳ ᠠᠮᠢ ᠪᠠᠨ ᠶᠡᠭᠦᠳᠬᠡᠭᠰᠡᠨ ᠢ᠋᠂ ᠲᠡᠷᠡ ᠠᠮᠢᠳᠤᠷᠠᠯ ᠨᠢ ᠲᠡᠭᠷᠢ ᠶ᠋ᠢᠨ ᠲᠡᠮᠳᠡᠭ ᠢ᠋ᠶ᠋ᠡᠷ ᠳᠠᠮᠵᠢᠨ ᠴᠢᠩᠭᠢᠰ ᠬᠠᠭᠠᠨ ᠤ᠋ ᠪᠡᠶ᠎ᠡ ᠳ᠋ᠦ᠍ ᠰᠢᠩᠭᠡᠭᠰᠡᠨ ᠢ᠋ ᠣᠢᠯᠠᠭᠠᠵᠠᠢ᠃ ᠭᠡᠲᠡᠯ᠎ᠡ ᠴᠢᠩᠭᠢᠰ ᠬᠠᠭᠠᠨ ᠡᠬᠡ ᠶ᠋ᠢᠨ ᠢ᠋ᠶ᠋ᠡᠨ ᠤᠬᠠᠭᠠᠨ ᠢ᠋ ᠳᠤᠲᠠᠭᠤ ᠤᠬᠠᠭᠠᠷᠠᠵᠤ ᠥᠨᠳᠥᠷ ᠠᠭᠤᠯᠠ ᠶ᠋ᠢᠨ ᠣᠷᠣᠢ ᠠ᠋ᠴᠠ ᠴᠠᠭᠠᠰᠢ ᠰᠡᠳᠬᠢᠭᠰᠡᠨ ᠦᠭᠡᠢ ᠳ᠋ᠡᠭᠡᠨ ᠶᠡᠬᠡᠳᠡ ᠬᠠᠷᠠᠮᠰᠠᠵᠠᠢ᠃ ᠪᠠᠰᠠ ᠪᠣᠳᠣᠭᠰᠠᠭᠠᠷ ᠪᠠᠢᠭᠰᠠᠨ ᠴᠤ᠌ ᠡᠬᠡ ᠶ᠋ᠢᠨ ᠢ᠋ᠶ᠋ᠡᠨ ᠬᠡᠯᠡᠭᠰᠡᠨ 《ᠬᠥᠮᠦᠨ ᠬᠠᠷᠠᠵᠤ ᠬᠥᠯ ᠬᠦᠷᠬᠦ ᠦᠭᠡᠢ ᠭᠠᠵᠠᠷ》 ᠭᠡᠰᠡᠨ ᠨᠢ ᠶᠠᠭᠤ ᠪᠣᠯᠬᠤ ᠶ᠋ᠢ ᠳᠠᠭᠠᠭᠰᠠᠨ ᠦᠭᠡᠢ᠃ ᠯᠠᠪ ᠥᠨᠳᠥᠷ ᠠᠭᠤᠯᠠ ᠶ᠋ᠢᠨ ᠣᠷᠭᠢᠯ ᠪᠢᠰᠢ ᠪᠣᠯᠵᠠᠢ᠃ ᠥᠭᠡᠯᠦᠨ ᠡᠬᠡ ᠶ᠋ᠢᠨ ᠰᠦᠨᠡᠰᠦ ᠲᠡᠭᠦᠨ ᠢ᠋ ᠲᠡᠭᠷᠢ ᠠᠭᠤᠯᠠ ᠶ᠋ᠢᠨ ᠣᠷᠣᠢ ᠳ᠋ᠤ᠌ ᠮᠤᠩᠭᠠᠨᠢᠵᠤ ᠪᠣᠢ ᠶ᠋ᠢ ᠦᠵᠡᠭᠡᠳ ᠶᠠᠭᠠᠷᠠᠨ ᠢᠷᠡᠵᠦ ᠲᠡᠭᠦᠨ ᠳ᠋ᠦ᠍ ᠲᠤᠰᠠᠯᠠᠵᠠᠢ᠃ ᠥᠭᠡᠯᠦᠨ ᠡᠬᠡ ᠡᠴᠡ ᠥᠭᠡᠷ᠎ᠡ ᠬᠡᠨ ᠢᠩᠭᠢᠵᠦ ᠬᠣᠯᠠ ᠭᠦᠨᠵᠡᠭᠡᠢ ᠰᠡᠳᠬᠢᠬᠦ ᠶ᠋ᠢ ᠴᠢᠩᠭᠢᠰ ᠬᠠᠭᠠᠨ ᠮᠡᠳᠡᠬᠦ ᠦᠭᠡᠢ ᠪᠢᠯᠡ᠃ ᠥᠭᠡᠯᠦᠨ ᠡᠬᠡ ᠶ᠋ᠢᠨ ᠢ᠋ᠶ᠋ᠡᠨ ᠤᠬᠠᠭᠠᠨ ᠢ᠋ ᠣᠳᠣ ᠴᠤ᠌ ᠭᠦᠢᠴᠡᠳ ᠤᠬᠠᠭᠠᠷᠠᠵᠤ ᠴᠢᠳᠠᠬᠤ ᠦᠭᠡᠢ ᠪᠠᠢᠭ᠎ᠠ ᠳ᠋ᠠᠭᠠᠨ ᠴᠢᠩᠭᠢᠰ ᠬᠠᠭᠠᠨ ᠥᠪᠡᠷ ᠢ᠋ ᠪᠡᠨ ᠶᠡᠬᠡᠳᠡ ᠭᠣᠯᠣᠵᠠᠢ᠃ ᠥᠭᠡᠯᠦᠨ ᠡᠬᠡ ᠨᠢ ᠲᠡᠭᠦᠨ ᠢ᠋ ᠨᠤᠲᠤᠭ ᠲᠠᠭᠠᠨ ᠢᠷᠡᠵᠦ ᠰᠠᠭᠤᠬᠤ ᠶ᠋ᠢ ᠬᠦᠰᠡᠵᠡᠢ᠃ ᠴᠢᠩᠭᠢᠰ ᠬᠠᠭᠠᠨ ᠴᠤ᠌ ᠨᠤᠲᠤᠭ ᠲᠠᠭᠠᠨ ᠣᠴᠢᠬᠤ ᠶ᠋ᠢ ᠲᠤᠢᠯ ᠢ᠋ᠶ᠋ᠠᠷ ᠬᠦᠰᠡᠵᠦ ᠪᠠᠢᠪᠠ᠃ ᠡᠬᠡ ᠨᠢ ᠲᠡᠭᠦᠨ ᠦ᠌ ᠰᠡᠳᠬᠢᠯ ᠢ᠋ ᠣᠢᠯᠠᠭᠠᠭᠠᠳ ᠳᠠᠭᠤᠳᠠᠵᠠᠢ᠃ ᠢᠩᠭᠢᠵᠦ ᠪᠣᠳᠣᠭᠠᠳ ᠴᠢᠩᠭᠢᠰ ᠬᠠᠭᠠᠨ ᠨᠢᠭᠡᠨᠲᠡ ᠡᠷᠡᠭᠡᠯᠵᠡᠬᠦ ᠦᠭᠡᠢ ᠪᠣᠯᠤᠭᠰᠠᠨ ᠪᠢᠯᠡ᠃ ᠲᠡᠭᠷᠢ ᠶ᠋ᠢᠨ ᠲᠡᠮᠳᠡᠭ ᠢ᠋ᠶ᠋ᠡᠨ ᠥᠭᠡᠯᠦᠨ ᠡᠬᠡ ᠶ᠋ᠢᠨ ᠢ᠋ᠶ᠋ᠡᠨ ᠰᠡᠳᠬᠢᠯ ᠭᠡᠵᠦ ᠪᠣᠳᠣᠵᠤ ᠪᠠᠭᠤᠤ ᠠ᠋ᠴᠠ ᠪᠠᠨ ᠣᠭᠣᠰᠣᠷᠯᠠᠭᠠᠳ ᠦᠷᠭᠦᠯᠵᠢ ᠠᠳᠬᠤᠵᠤ ᠶᠠᠪᠤᠬᠤ ᠪᠣᠯᠵᠠᠢ᠃ ᠰᠥᠨᠢ ᠴᠦ᠍ ᠭᠠᠷ ᠠ᠋ᠴᠠ ᠪᠠᠨ ᠰᠠᠯᠭᠠᠬᠤ ᠦᠭᠡᠢ ᠪᠣᠯᠤᠭᠰᠠᠭᠠᠷ ᠲᠠᠢᠪᠤᠩ ᠤᠨᠲᠠᠬᠤ ᠪᠣᠯᠪᠠ᠃ ᠲᠡᠷᠡ ᠶᠠᠭ ᠪᠠᠭ᠎ᠠ ᠨᠠᠰᠤᠨ ᠳ᠋ᠠᠭᠠᠨ ᠡᠷᠭᠢᠨ ᠣᠴᠢᠭᠰᠠᠨ ᠮᠡᠲᠦ ᠥᠭᠡᠯᠦᠨ ᠡᠬᠡ ᠳ᠋ᠡᠭᠡᠨ ᠲᠡᠪᠡᠷᠢᠭᠦᠯᠪᠡ ᠭᠡᠵᠦ ᠵᠡᠭᠦᠳᠦᠯᠡᠨ ᠨᠣᠢᠷᠰᠤᠳᠠᠭ ᠪᠣᠯᠤᠭᠰᠠᠨ ᠠᠵᠢ᠃ ᠬᠤᠯᠠᠨ ᠬᠠᠲᠤᠨ ᠤ᠋ ᠰᠦᠨᠡᠰᠦ ᠴᠦ᠍ ᠰᠤᠷᠠᠭ ᠦᠭᠡᠢ ᠪᠣᠯᠵᠤ ᠮᠠᠷᠲᠠᠭᠳᠠᠵᠠᠢ᠃ 
       ᠣᠳᠣ ᠡᠨᠳᠡ ᠢᠷᠭᠠᠢ ᠪᠠᠯᠭᠠᠰᠤ ᠶ᠋ᠢᠨ ᠳᠡᠷᠭᠡᠳᠡ ᠰᠠᠭᠤᠵᠤ ᠠᠬᠤᠢ ᠳ᠋ᠠᠭᠠᠨ ᠠᠩᠬ᠎ᠠ ᠲᠠᠩᠭᠤᠳ ᠤᠯᠤᠰ ᠲᠤ᠌ ᠳᠠᠢᠯᠠᠷ᠎ᠠ ᠮᠣᠷᠳᠠᠬᠤ ᠬᠡᠷᠡᠭ ᠢ᠋ ᠥᠪᠡᠷ ᠦ᠋ᠨ ᠪᠡᠶ᠎ᠡ ᠪᠡᠷ ᠤᠳᠤᠷᠢᠳᠤᠨ ᠶᠠᠪᠤᠬᠤ ᠪᠠᠷ ᠰᠢᠢᠳᠦᠭᠰᠡᠨ ᠢ᠋ ᠡᠰᠡᠷᠭᠥᠴᠡᠭᠴᠢᠳ ᠨᠢᠭᠡ ᠪᠢᠰᠢ ᠪᠠᠢᠭᠰᠠᠨ ᠢ᠋ ᠴᠢᠩᠭᠢᠰ ᠬᠠᠭᠠᠨ ᠪᠠᠢᠨ ᠪᠠᠢᠨ ᠰᠠᠨᠠᠬᠤ ᠪᠣᠯᠵᠤ ᠥᠨᠥᠬᠢ ᠲᠡᠭᠷᠢ ᠠᠭᠤᠯᠠ ᠶ᠋ᠢᠨ ᠣᠷᠣᠢ ᠳ᠋ᠤ᠌ ᠰᠣᠨᠣᠰᠤᠭᠰᠠᠨ ᠥᠭᠡᠯᠦᠨ ᠡᠬᠡ ᠶ᠋ᠢᠨ ᠢ᠋ᠶ᠋ᠡᠨ ᠦᠭᠡ ᠲᠡᠢ ᠬᠣᠯᠪᠣᠭᠠᠲᠠᠢ ᠶᠤᠮ ᠪᠢᠰᠢ ᠪᠢᠵᠡ ᠭᠡᠵᠦ ᠰᠡᠵᠢᠭᠯᠡᠵᠡᠢ᠃ ᠴᠢᠩᠭᠢᠰ ᠬᠠᠭᠠᠨ ᠢ᠋ ᠨᠤᠲᠤᠭ ᠲᠠᠭᠠᠨ ᠰᠠᠭᠤᠬᠤ ᠶ᠋ᠢ ᠲᠡᠭᠷᠢ ᠬᠡᠯᠡᠭᠰᠡᠨ ᠪᠢᠯᠡ᠃ ᠭᠡᠬᠦ ᠳ᠋ᠡᠭᠡᠨ ᠨᠤᠲᠤᠭ ᠠ᠋ᠴᠠ ᠪᠠᠨ ᠶᠠᠪᠤᠪᠠᠯ ᠶᠠᠭᠠᠬᠢᠬᠤ ᠶ᠋ᠢ ᠬᠡᠯᠡᠭᠰᠡᠨ ᠦᠭᠡᠢ᠃ ᠭᠡᠲᠡᠯ᠎ᠡ ᠨᠤᠲᠤᠭ ᠭᠡᠰᠡᠨ ᠨᠢ ᠴᠣᠬᠣᠮ ᠶᠠᠮᠠᠷ ᠭᠠᠵᠠᠷ ᠪᠣᠯᠬᠤ ᠶ᠋ᠢ ᠴᠣᠬᠣᠵᠤ ᠬᠡᠯᠡᠭᠰᠡᠨ ᠦᠭᠡᠢ᠃ ᠬᠣᠷᠽᠸᠮ ᠴᠤ᠌ ᠴᠢᠩᠭᠢᠰ ᠬᠠᠭᠠᠨ ᠤ᠋ ᠨᠤᠲᠤᠭ᠃ ᠲᠠᠩᠭᠤᠳ ᠢ᠋ ᠡᠵᠡᠯᠡᠨ ᠠᠪᠤᠪᠠᠯ ᠲᠡᠷᠡ ᠮᠥᠨ ᠲᠡᠭᠦᠨ ᠤ ᠨᠤᠲᠤᠭ ᠪᠣᠯᠤᠨ᠎ᠠ ᠭᠡᠵᠦ ᠲᠡᠷᠡ ᠪᠡᠷ ᠢᠲᠡᠭᠡᠵᠦ ᠪᠠᠢᠪᠠ᠃ ᠲᠡᠭᠷᠢ ᠶ᠋ᠢᠨ ᠦᠭᠡ ᠶ᠋ᠢ ᠰᠠᠨᠠᠵᠤ ᠪᠠᠢᠭᠰᠠᠨ ᠴᠤ᠌ ᠡᠨᠡ ᠮᠡᠲᠦ ᠲᠠᠢᠯᠪᠤᠷᠢ ᠰᠢᠯᠲᠠᠭᠠᠨ ᠤ᠋ ᠤᠯᠠᠮ ᠠ᠋ᠴᠠ ᠲᠠᠩᠭᠤᠳ ᠤᠯᠤᠰ ᠲᠤ᠌ ᠥᠪᠡᠷ ᠦ᠋ᠨ ᠪᠡᠶ᠎ᠡ ᠪᠡᠷ ᠮᠣᠷᠢᠯᠠᠵᠤ ᠶᠡᠬᠡ ᠥᠭᠡᠲᠦ ᠪᠤᠤᠷ᠎ᠠ ᠬᠠᠭᠠᠨ ᠠ᠋ᠴᠠ ᠶᠠᠯ᠎ᠠ ᠠᠰᠠᠭᠤᠬᠤ ᠶᠣᠰᠣᠲᠠᠢ ᠭᠡᠵᠦ ᠲᠡᠷᠡ ᠡᠴᠦᠰ ᠲᠦ᠋ᠨᠢ ᠡᠷᠭᠢᠯᠲᠡ ᠦᠭᠡᠢ ᠰᠢᠢᠳᠦᠭᠰᠡᠨ ᠪᠢᠯᠡ᠃ ᠬᠣᠷᠽᠸᠮ ᠢ᠋ ᠢᠯᠠᠭᠰᠠᠨ ᠮᠣᠩᠭᠣᠯ ᠤ᠋ᠨ ᠶᠡᠬᠡ ᠴᠡᠷᠢᠭ ᠳᠠᠬᠢᠨ ᠴᠤᠭᠯᠠᠷᠠᠬᠤ ᠶ᠋ᠢ ᠦᠵᠡᠮᠡᠭᠴᠡ ᠴᠢᠩᠭᠢᠰ ᠬᠠᠭᠠᠨ ᠦᠨᠡᠬᠡᠷ ᠣᠩᠭᠣᠳ ᠬᠡᠢ ᠮᠣᠷᠢ ᠨᠢ ᠰᠡᠷᠭᠦᠵᠦ ᠰᠦᠷ ᠬᠦᠴᠦ ᠲᠡᠭᠦᠰ ᠪᠣᠯᠤᠭᠠᠳ ᠲᠡᠭᠷᠢ ᠶ᠋ᠢᠨ ᠦᠭᠡ ᠶ᠋ᠢ ᠮᠠᠷᠲᠠᠵᠠᠢ᠃ 
       ᠲᠡᠭᠦᠨ ᠳ᠋ᠦ᠍ ᠣᠭᠲᠣ ᠥᠭᠡᠷ᠎ᠡ ᠬᠦᠰᠡᠯ ᠵᠣᠷᠢᠯᠭ᠎ᠠ ᠪᠠᠢᠪᠠ᠃ ᠲᠠᠩᠭᠤᠳ ᠤᠯᠤᠰ ᠢ᠋ ᠳᠠᠢᠯᠠᠬᠤ ᠨᠢ ᠴᠢᠩᠭᠢᠰ ᠬᠠᠭᠠᠨ ᠤ᠋ ᠡᠷᠲᠡ ᠶ᠋ᠢᠨ ᠶᠡᠬᠡ ᠪᠣᠳᠣᠯᠭ᠎ᠠ ᠶ᠋ᠢᠨ ᠦᠷᠭᠦᠯᠵᠢᠯᠡᠯ᠂ ᠮᠣᠩᠭᠣᠯ ᠠ᠋ᠴᠠ ᠳᠣᠷᠣᠨ᠎ᠠ᠂ ᠡᠮᠦᠨ᠎ᠡ ᠵᠦᠭ ᠲᠦ᠍ ᠶᠡᠬᠡ ᠳᠠᠯᠠᠢ ᠬᠦᠷᠲᠡᠯ᠎ᠡ ᠣᠷᠣᠰᠢᠨ ᠪᠠᠢᠭ᠎ᠠ ᠠᠯᠲᠠᠨ ᠤᠯᠤᠰ ᠪᠣᠯᠤᠭᠠᠳ ᠰᠥᠩ ᠤᠯᠤᠰ ᠢ᠋ ᠡᠵᠡᠯᠡᠨ ᠨᠢᠭᠡᠳᠬᠡᠬᠦ ᠶᠡᠬᠡ ᠠᠶᠠᠨ ᠲᠡᠢᠨ ᠦ᠌ ᠪᠡᠯᠡᠳᠬᠡᠯ᠂ ᠡᠬᠢᠯᠡᠯ ᠪᠣᠯᠬᠤ ᠪᠠᠢᠯ᠎ᠠ᠃ ᠡᠨᠡ ᠶᠡᠬᠡ ᠵᠣᠷᠢᠯᠭ᠎ᠠ ᠴᠢᠩᠭᠢᠰ ᠬᠠᠭᠠᠨ ᠢ᠋ ᠭᠡᠷ ᠲᠡᠭᠡᠨ ᠰᠠᠭᠤᠵᠤ ᠴᠢᠳᠠᠬᠤ ᠦᠭᠡᠢ ᠳ᠋ᠦ᠍ ᠬᠦᠷᠭᠡᠭᠡᠳ ᠵᠣᠭᠰᠣᠭᠰᠠᠨ ᠦᠭᠡᠢ ᠲᠡᠭᠷᠢ ᠶ᠋ᠢᠨ ᠵᠠᠷᠯᠢᠭ ᠢ᠋ ᠤᠮᠠᠷᠲᠠᠬᠤ ᠳ᠋ᠤ᠌ ᠴᠤ᠌ ᠬᠦᠷᠭᠡᠵᠡᠢ᠃ ᠴᠢᠩᠭᠢᠰ ᠬᠠᠭᠠᠨ ᠥᠪᠡᠷ ᠦ᠋ᠨ ᠪᠣᠳᠣᠯᠭ᠎ᠠ ᠵᠣᠷᠢᠯᠭ᠎ᠠ ᠶ᠋ᠢ ᠪᠦᠬᠦᠨ ᠡᠴᠡ ᠳᠡᠭᠡᠭᠦᠷ᠂ ᠪᠦᠷ ᠲᠡᠭᠷᠢ ᠶ᠋ᠢᠨ ᠵᠠᠷᠯᠢᠭ ᠠ᠋ᠴᠠ ᠳᠡᠭᠡᠭᠦᠷ ᠲᠠᠯᠪᠢᠬᠤ ᠪᠣᠯᠤᠭᠰᠠᠨ ᠨᠢ ᠬᠣᠷᠽᠸᠮ ᠳ᠋ᠤ᠌ ᠠᠶᠠᠯᠠᠭᠰᠠᠨ ᠳᠣᠯᠣᠭᠠᠨ ᠵᠢᠯ ᠦ᠋ᠨ ᠶᠡᠬᠡ ᠲᠡᠢᠨ ᠡᠴᠡ ᠡᠮᠦᠨ᠎ᠡ ᠪᠣᠢ ᠪᠣᠯᠤᠭᠰᠠᠨ ᠰᠡᠳᠬᠢᠯ ᠦ᠋ᠨ ᠶᠡᠬᠡ ᠥᠭᠡᠷᠡᠴᠢᠯᠡᠯᠲᠡ ᠪᠠᠢᠪᠠ᠃ ᠰᠡᠳᠬᠢᠯ ᠰᠠᠨᠠᠭ᠎ᠠ᠂ ᠦᠵᠡᠯ ᠪᠣᠳᠣᠯ ᠤ᠋ᠨ ᠭᠦᠨ ᠳ᠋ᠦ᠍ ᠰᠠᠭᠤᠭᠰᠠᠨ ᠡᠢᠮᠦ ᠥᠭᠡᠷᠡᠴᠢᠯᠡᠯᠲᠡ ᠨᠢᠭᠡ ᠮᠥᠴᠡ᠂ ᠨᠢᠭᠡ ᠰᠠᠷ᠎ᠠ᠂ ᠨᠢᠭᠡ ᠵᠢᠯ ᠦ᠋ᠨ ᠳᠣᠲᠣᠷ᠎ᠠ ᠬᠤᠷᠳᠤᠨ ᠲᠦᠷᠭᠡᠨ ᠢ᠋ᠶ᠋ᠡᠷ ᠭᠡᠨᠡᠳᠲᠡ ᠪᠣᠢ ᠪᠣᠯᠳᠠᠭ ᠦᠭᠡᠢ ᠲᠤᠯᠠ ᠬᠥᠮᠦᠨ ᠥᠪᠡᠷ ᠢ᠋ᠶ᠋ᠡᠨ ᠮᠡᠳᠡᠷᠡᠵᠦ ᠴᠢᠳᠠᠳᠠᠭ ᠦᠭᠡᠢ ᠠᠵᠢ᠃ ᠨᠣᠮᠣᠬᠠᠨ ᠳᠠᠯᠠᠢ ᠠ᠋ᠴᠠ ᠭᠠᠵᠠᠷ ᠤ᠋ᠨ ᠳᠤᠮᠳᠠᠳᠤ ᠲᠠᠩᠭᠢᠰ ᠬᠦᠷᠲᠡᠯ᠎ᠡ ᠥᠷᠭᠡᠨ ᠶᠡᠬᠡ ᠭᠠᠵᠠᠷ ᠨᠤᠲᠤᠭ ᠲᠤ᠌ ᠶᠡᠬᠡ ᠮᠣᠩᠭᠣᠯ ᠤᠯᠤᠰ ᠤ᠋ᠨ ᠨᠤᠲᠤᠭ ᠲᠡᠯᠡᠵᠦ ᠡᠨᠡ ᠨᠤᠲᠤᠭ ᠲᠤ᠌ ᠣᠷᠣᠰᠢᠨ ᠰᠠᠭᠤᠭ᠎ᠠ ᠬᠡᠯᠡ᠂ ᠰᠣᠶᠣᠯ ᠥᠭᠡᠷ᠎ᠡ ᠠᠷᠠᠳ ᠣᠯᠠᠨ᠂ ᠦᠨᠳᠦᠰᠦᠲᠡᠨ ᠶᠠᠰᠤᠲᠠᠨ ᠪᠦᠭᠦᠳᠡᠭᠡᠷ ᠴᠢᠩᠭᠢᠰ ᠬᠠᠭᠠᠨ ᠤ᠋ ᠲᠣᠭᠲᠠᠭᠠᠭᠰᠠᠨ ᠬᠠᠤᠯᠢ ᠴᠠᠭᠠᠵᠠ ᠶ᠋ᠢᠨ ᠳᠣᠣᠷ᠎ᠠ ᠨᠢᠭᠡᠳᠦᠨ ᠠᠮᠢᠳᠤᠷᠠᠬᠤ ᠪᠣᠯᠤᠭᠰᠠᠨ ᠨᠢ ᠲᠡᠭᠦᠨ ᠢ᠋ ᠢᠩᠭᠢᠵᠦ ᠬᠤᠪᠢᠷᠠᠭᠠᠨ ᠥᠭᠡᠷᠡᠴᠢᠯᠡᠵᠦ ᠪᠠᠢᠭ᠎ᠠ ᠶ᠋ᠢ ᠴᠢᠩᠭᠢᠰ ᠬᠠᠭᠠᠨ ᠮᠡᠳᠡᠭᠰᠡᠨ ᠦᠭᠡᠢ᠃ ᠳᠥᠷᠪᠡᠨ ᠶᠡᠬᠡ ᠤᠰᠤᠨ ᠤ᠋ ᠬᠣᠭᠣᠷᠣᠨᠳᠣ ᠣᠷᠣᠰᠢᠬᠤ ᠡᠨᠡ ᠬᠠᠪᠲᠠᠭᠠᠢ ᠭᠠᠵᠠᠷ ᠬᠡᠳᠦᠢ ᠠᠭᠤᠳᠠᠮ ᠴᠤ᠌ ᠤᠳᠠᠬᠤ ᠦᠭᠡᠢ ᠪᠦᠭᠦᠳᠡᠭᠡᠷ ᠢ᠋ᠶ᠋ᠡᠨ ᠲᠡᠭᠦᠨ ᠦ᠌ ᠬᠦᠴᠦᠨ ᠦ᠌ ᠳᠣᠣᠷ᠎ᠠ ᠨᠢᠭᠡᠳᠦᠨ ᠨᠢᠭᠡ ᠤᠯᠤᠰ ᠪᠣᠯᠤᠨ᠎ᠠ ᠭᠡᠳᠡᠭ ᠲᠦ᠍ ᠪᠠᠲᠤ ᠢᠲᠡᠭᠡᠭᠡᠳ ᠣᠳᠣ ᠡᠨᠡ ᠶᠡᠬᠡ ᠵᠣᠷᠢᠯᠭ᠎ᠠ ᠪᠠᠨ ᠪᠡᠶᠡᠯᠡᠭᠦᠯᠬᠦ ᠭᠡᠵᠦ ᠶᠠᠭᠠᠷᠠᠵᠤ ᠳᠣᠭᠳᠣᠯᠵᠤ ᠪᠠᠢᠯ᠎ᠠ᠃ ᠢᠩᠭᠢᠵᠦ ᠪᠦᠬᠦ ᠳᠡᠯᠡᠬᠡᠢ ᠶ᠋ᠢ ᠨᠢᠭᠡᠳᠬᠡᠬᠦ ᠨᠢ ᠡᠷᠲᠡ ᠳᠡᠭᠡᠷ᠎ᠡ ᠦᠶ᠎ᠡ ᠡᠴᠡ ᠤᠯᠠᠮᠵᠢᠯᠠᠭᠳᠠᠨ ᠢᠷᠡᠭᠰᠡᠨ ᠠᠯᠤᠩᠭᠤᠸ᠎ᠠ ᠡᠬᠡ ᠶ᠋ᠢᠨ ᠳᠣᠮᠣᠭ ᠲᠤ᠌ ᠴᠣᠬᠣᠮ ᠲᠡᠮᠦᠵᠢᠨ ᠲᠡᠭᠦᠨ ᠦ᠌ ᠲᠤᠬᠠᠢ ᠥᠭᠦᠯᠡᠭᠰᠡᠨ ᠢ᠋ ᠪᠠᠲᠤᠯᠠᠭᠠᠳ ᠵᠣᠭᠰᠣᠬᠤ ᠦᠭᠡᠢ ᠬᠣᠵᠢᠮ ᠬᠣᠢᠨ᠎ᠠ ᠲᠡᠮᠦᠵᠢᠨ ᠭᠡᠵᠦ ᠬᠠᠮᠤᠭ ᠢ᠋ ᠡᠵᠡᠯᠡᠭᠰᠡᠨ ᠬᠠᠭᠠᠨ ᠪᠠᠢᠵᠠᠢ ᠭᠡᠵᠦ ᠳᠤᠷᠠᠰᠤᠭᠳᠠᠬᠤ ᠶ᠋ᠢᠨ ᠪᠠᠲᠤ ᠦᠨᠳᠦᠰᠦ ᠪᠣᠯᠬᠤ ᠤᠴᠢᠷ ᠴᠢᠩᠭᠢᠰ ᠬᠠᠭᠠᠨ ᠢᠩᠭᠢᠵᠦ ᠤᠯᠠᠢᠷᠠᠵᠠᠢ᠃ ᠲᠡᠭᠦᠨ ᠳ᠋ᠦ᠍ ᠣᠳᠣ ᠠᠶᠤᠵᠤ ᠢᠴᠢᠬᠦ ᠬᠦᠷᠲᠡᠯ᠎ᠡ ᠨᠢᠭᠡᠨᠲᠡ ᠦᠭᠡᠢ ᠪᠣᠯᠵᠠᠢ᠃ ᠭᠡᠪᠡᠴᠦ ᠲᠠᠩᠭᠤᠳ ᠤᠯᠤᠰ ᠲᠤ᠌ ᠥᠪᠡᠷ ᠦ᠋ᠨ ᠪᠡᠶ᠎ᠡ ᠪᠡᠷ ᠮᠣᠷᠢᠯᠠᠬᠤ ᠨᠢ ᠶᠠᠭᠤᠨ ᠳ᠋ᠤ᠌ ᠬᠦᠷᠭᠡᠵᠦ ᠪᠣᠯᠬᠤ ᠶ᠋ᠢ ᠲᠡᠷᠡ ᠳᠠᠩᠴᠤ ᠲᠠᠭᠠᠮᠠᠭᠯᠠᠭᠰᠠᠨ ᠦᠭᠡᠢ ᠪᠢᠯᠡ᠃ ᠦᠨᠡᠬᠡᠷ ᠲᠡᠷᠡ ᠨᠢᠭᠡᠨᠲᠡ ᠳᠠᠪ ᠲᠡᠭᠷᠢ ᠪᠥᠬᠡ ᠶ᠋ᠢᠨ ᠠᠳᠠᠯᠢ ᠪᠢᠯᠢᠭ ᠦ᠋ᠨ ᠨᠢᠳᠦ᠂ ᠷᠢᠳᠢ ᠰᠢᠳᠢ ᠦᠭᠡᠢ ᠲᠤᠯᠠ ᠪᠦᠬᠦᠨ ᠢ᠋ ᠤᠷᠢᠳᠴᠢᠯᠠᠨ ᠳᠠᠭᠠᠵᠤ ᠴᠢᠳᠠᠬᠤ ᠦᠭᠡᠢ ᠨᠢ ᠭᠠᠰᠠᠯᠠᠩᠲᠠᠢ᠃ ᠲᠠᠩᠭᠤᠳ ᠤᠯᠤᠰ ᠲᠤ᠌ ᠮᠣᠷᠢᠯᠠᠬᠤ ᠶ᠋ᠢ ᠪᠥᠷᠲᠡ ᠡᠷᠡᠰ ᠡᠰᠡᠷᠭᠦᠴᠡᠭᠰᠡᠨ ᠪᠢᠯᠡ᠃ ᠲᠠᠩᠭᠤᠳ ᠤᠯᠤᠰ ᠢ᠋ ᠳᠠᠢᠯᠠᠬᠤ ᠬᠡᠷᠡᠭ ᠢ᠋ ᠪᠥᠷᠲᠡ᠂ ᠨᠢᠭᠡᠨᠲᠡ ᠬᠠᠭᠠᠨ ᠰᠠᠭᠤᠷᠢ ᠶ᠋ᠢ ᠵᠠᠯᠭᠠᠮᠵᠢᠯᠠᠬᠤ ᠪᠠᠷ ᠳᠣᠬᠢᠶᠠᠭᠳᠠᠭᠰᠠᠨ ᠥᠭᠡᠳᠡᠢ ᠳ᠋ᠦ᠍ ᠳᠠᠭᠠᠭᠠᠯᠭᠠᠬᠤ ᠬᠦᠰᠡᠯ ᠲᠡᠢ᠃ ᠡᠨᠡ ᠨᠢ ᠥᠭᠡᠳᠡᠢ ᠳ᠋ᠦ᠍ ᠰᠠᠢᠬᠠᠨ ᠰᠤᠷᠭᠠᠯ ᠬᠥᠮᠦᠵᠢᠯ ᠣᠯᠭᠣᠵᠤ ᠣᠯᠠᠨ ᠤ᠋ ᠳᠤᠮᠳᠠ ᠠ᠋ᠴᠠ ᠳᠣᠪᠣᠢᠯᠭᠠᠨ ᠨᠡᠷ᠎ᠡ ᠰᠦᠷ ᠢ᠋ᠶ᠋ᠡᠨ ᠪᠡᠬᠢᠵᠢᠭᠦᠯᠬᠦ ᠳ᠋ᠦ᠍ ᠲᠤᠰᠠᠲᠠᠢ ᠭᠡᠵᠦ ᠦᠵᠡᠵᠦ ᠪᠠᠢᠪᠠ᠃ ᠪᠥᠷᠲᠡ ᠶ᠋ᠢᠨ ᠰᠠᠨᠠᠭᠰᠠᠨ ᠦᠨᠡᠬᠡᠷ ᠵᠥᠪ ᠮᠡᠷᠭᠡᠨ ᠤᠬᠠᠭᠠᠨ ᠪᠠᠢᠯ᠎ᠠ᠃ 
       | ᠲᠠᠩᠭᠤᠳ ᠤ᠋ᠨ ᠪᠤᠤᠷ᠎ᠠ ᠬᠠᠭᠠᠨ᠂ ᠴᠢᠩᠭᠢᠰ ᠬᠠᠭᠠᠨ ᠮᠢᠨᠦ ᠡᠯᠴᠢ ᠳ᠋ᠦ᠍ ᠶᠡᠬᠡ ᠦᠭᠡ ᠪᠡᠷ ᠬᠡᠯᠡᠵᠦ ᠴᠡᠷᠢᠭ ᠭᠠᠷᠭᠠᠭ᠎ᠠ ᠦᠭᠡᠢ ᠤᠴᠢᠷ ᠪᠢ ᠥᠪᠡᠷ ᠦ᠋ᠨ ᠪᠡᠶ᠎ᠡ ᠪᠡᠷ ᠲᠡᠭᠦᠨ ᠡᠴᠡ ᠶᠠᠯ᠎ᠠ ᠠᠰᠠᠭᠤᠨ᠎ᠠ ᠭᠡᠵᠦ ᠴᠢᠩᠭᠢᠰ ᠬᠠᠭᠠᠨ ᠰᠠᠨᠠᠭᠠᠨ ᠠ᠋ᠴᠠ ᠪᠠᠨ ᠤᠬᠤᠷᠢᠭᠰᠠᠨ ᠦᠭᠡᠢ᠃ ᠶᠡᠬᠡ ᠥᠭᠡᠲᠦ ᠪᠤᠤᠷ᠎ᠠ ᠬᠠᠭᠠᠨ ᠢ᠋ ᠡᠮᠦᠨ᠎ᠡ ᠪᠡᠨ ᠰᠥᠬᠦᠷᠡᠭᠦᠯᠵᠦ ᠠᠮᠠ ᠶ᠋ᠢ ᠨᠢ ᠠᠰᠠᠭᠤᠵᠤ ᠪᠠᠬ᠎ᠠ ᠲᠠᠪᠠ ᠪᠠᠨ ᠬᠠᠩᠭᠠᠬᠤ ᠶ᠋ᠢ ᠴᠢᠩᠭᠢᠰ ᠬᠠᠭᠠᠨ ᠲᠤᠢᠯ ᠢ᠋ᠶ᠋ᠠᠷ ᠬᠦᠰᠡᠵᠦ ᠪᠠᠢᠪᠠ᠃ ᠡᠢᠮᠦ ᠪᠣᠯᠤᠮᠵᠢ ᠶ᠋ᠢ ᠥᠭᠡᠷ᠎ᠡ ᠬᠥᠮᠦᠨ ᠳ᠋ᠦ᠍ ᠣᠯᠭᠣᠵᠤ᠂ ᠠᠯᠳᠠᠷ ᠨᠡᠷ᠎ᠡ ᠪᠡᠨ ᠬᠡᠨ ᠲᠡᠢ ᠴᠦ᠍ ᠬᠤᠪᠢᠶᠠᠯᠴᠠᠬᠤ ᠶ᠋ᠢ ᠲᠡᠷᠡ ᠬᠦᠰᠡᠭᠰᠡᠨ ᠦᠭᠡᠢ᠃ ᠣᠯᠠᠨ ᠵᠢᠯ ᠳ᠋ᠦ᠍ ᠣᠯᠤᠭᠰᠠᠨ ᠢᠯᠠᠯᠲᠠ ᠠᠮᠵᠢᠯᠲᠠ ᠨᠢ ᠴᠢᠩᠭᠢᠰ ᠬᠠᠭᠠᠨ ᠢ᠋ ᠳᠣᠲᠣᠷ᠎ᠠ ᠠ᠋ᠴᠠ ᠨᠢ ᠢᠳᠡᠵᠦ ᠪᠠᠷᠳᠠᠮᠨᠠᠵᠤ᠂ ᠪᠠᠬ᠎ᠠ ᠲᠠᠪᠠ ᠪᠠᠨ ᠬᠠᠩᠭᠠᠬᠤ ᠪᠦᠭᠦᠳᠡ ᠶ᠋ᠢ ᠢᠯᠠᠵᠤ ᠳᠡᠢᠯᠬᠦ ᠮᠠᠭᠤ ᠬᠦᠰᠡᠯ ᠳ᠋ᠦ᠍ ᠢᠳᠡᠭᠳᠡᠭᠡᠳ ᠪᠠᠢᠭ᠎ᠠ ᠪᠠᠨ ᠲᠡᠷᠡ ᠮᠡᠳᠡᠭᠰᠡᠨ ᠴᠦ᠍ ᠣᠢᠯᠠᠭᠠᠵᠤ ᠤᠬᠠᠭᠠᠷᠠᠬᠤ ᠶ᠋ᠢ ᠬᠦᠰᠡᠭᠰᠡᠨ ᠦᠭᠡᠢ᠃ ᠲᠠᠩᠭᠤᠳ ᠢ᠋ ᠡᠵᠡᠯᠡᠬᠦ ᠲᠡᠢᠮᠦ ᠬᠢᠯᠪᠠᠷ ᠪᠢᠰᠢ ᠴᠦ᠍ ᠪᠠᠰᠠ ᠪᠦᠬᠦ ᠴᠡᠷᠢᠭ ᠢ᠋ᠶ᠋ᠡᠨ ᠴᠢᠩᠭᠢᠰ ᠬᠠᠭᠠᠨ ᠥᠪᠡᠷ ᠢ᠋ᠶ᠋ᠡᠨ ᠤᠳᠤᠷᠢᠳᠤᠨ ᠶᠠᠪᠤᠬᠤ ᠢᠯᠡᠷᠬᠡᠢ ᠰᠢᠯᠲᠠᠭᠠᠨ ᠪᠠᠢᠭᠰᠠᠨ ᠦᠭᠡᠢ᠃ ᠠᠯᠲᠠᠨ ᠤᠯᠤᠰ ᠲᠤ᠌ ᠠᠷᠪᠠᠨ ᠬᠡᠳᠦᠨ ᠵᠢᠯ ᠪᠠᠢᠯᠳᠤᠵᠤ ᠲᠤᠷᠰᠢᠯᠭᠠᠵᠢᠭᠰᠠᠨ ᠮᠤᠬᠤᠯᠠᠢ ᠳ᠋ᠤ᠌ ᠴᠡᠷᠢᠭ ᠨᠡᠮᠡᠵᠦ ᠢᠯᠡᠭᠡᠬᠦ ᠳ᠋ᠦ᠍ ᠯᠡ ᠪᠣᠯᠬᠤ ᠪᠠᠢᠪᠠ᠃ ᠭᠡᠪᠡᠴᠦ ᠲᠠᠩᠭᠤᠳ ᠤᠯᠤᠰ ᠲᠤ᠌ ᠶᠡᠬᠡ ᠬᠦᠴᠦ ᠪᠡᠷ ᠳᠣᠪᠲᠣᠯᠤᠨ ᠣᠷᠣᠪᠠᠯ ᠲᠡᠳᠡᠨ ᠢ᠋ ᠪᠣᠭᠣᠨᠢ ᠬᠤᠭᠤᠴᠠᠭᠠᠨ ᠳ᠋ᠤ᠌ ᠡᠰᠡᠷᠭᠦᠴᠡᠯ ᠦᠭᠡᠢ ᠪᠡᠷ ᠪᠠᠭᠤᠯᠭᠠᠨ ᠠᠪᠬᠤ᠂ ᠢᠩᠭᠢᠭᠰᠡᠨ ᠢ᠋ᠶ᠋ᠡᠷ ᠬᠢᠯᠢ ᠵᠠᠯᠭᠠᠭ᠎ᠠ ᠠᠯᠲᠠᠨ ᠤᠯᠤᠰ᠂ ᠰᠥᠩ ᠤᠯᠤᠰ ᠲᠤ᠌ ᠨᠥᠯᠥᠭᠡᠯᠡᠵᠦ ᠲᠡᠳᠡᠨ ᠦ᠌ ᠡᠰᠡᠷᠭᠦᠴᠡᠯ ᠵᠣᠷᠢᠭ ᠢ᠋ ᠮᠣᠬᠣᠭᠠᠨ᠎ᠠ ᠭᠡᠵᠦ ᠴᠢᠩᠭᠢᠰ ᠬᠠᠭᠠᠨ ᠦᠵᠡᠵᠡᠢ᠃ ᠢᠩᠭᠢᠬᠦ ᠨᠢ ᠠᠯᠤᠰ ᠬᠡᠳᠦ ᠳ᠋ᠡᠭᠡᠨ ᠠᠯᠲᠠᠨ ᠤᠯᠤᠰ ᠪᠣᠯᠤᠭᠠᠳ ᠰᠥᠩ ᠤᠯᠤᠰ ᠢ᠋ ᠡᠵᠡᠯᠡᠨ ᠠᠪᠬᠤ ᠵᠣᠷᠢᠯᠭ᠎ᠠ ᠳ᠋ᠤᠨᠢ ᠨᠡᠢᠴᠡᠭᠰᠡᠨ ᠲᠤᠯᠠ ᠡᠢᠮᠦ ᠲᠠᠢᠯᠪᠤᠷᠢ ᠶ᠋ᠢᠨ ᠳᠠᠷᠠᠭ᠎ᠠ ᠴᠢᠩᠭᠢᠰ ᠬᠠᠭᠠᠨ ᠤ᠋ ᠦᠭᠡ ᠶ᠋ᠢ ᠡᠰᠡᠷᠭᠦᠴᠡᠬᠦ ᠬᠥᠮᠦᠨ ᠶᠡᠬᠡ ᠬᠤᠷᠠᠯᠲᠠᠢ ᠶ᠋ᠢᠨ ᠦᠶ᠎ᠡ ᠪᠡᠷ ᠭᠠᠷᠤᠭᠰᠠᠨ ᠦᠭᠡᠢ᠃ ᠬᠠᠷᠢᠨ ᠪᠤᠭᠤᠷᠴᠢ ᠲᠣᠪ ᠳᠤᠭᠤᠢ ᠪᠠᠢᠭᠰᠠᠨ ᠨᠢ ᠳᠣᠲᠣᠷ᠎ᠠ ᠪᠠᠨ ᠴᠢᠩᠭᠢᠰ ᠬᠠᠭᠠᠨ ᠤ᠋ ᠦᠭᠡ ᠶ᠋ᠢ ᠰᠠᠢᠰᠢᠶᠠᠭᠰᠠᠨ ᠬᠡᠷᠡᠭ ᠪᠠᠢᠪᠠ᠃ ᠢᠩᠭᠢᠭᠡᠳ ᠮᠣᠩᠭᠣᠯ ᠤ᠋ᠨ ᠶᠡᠬᠡ ᠴᠡᠷᠢᠭ ᠲᠠᠩᠭᠤᠳ ᠲᠤ᠌ ᠳᠣᠪᠲᠣᠯᠬᠤ ᠨᠢ ᠭᠠᠷᠴᠠᠭ᠎ᠠ ᠦᠭᠡᠢ ᠪᠣᠯᠤᠭᠰᠠᠨ ᠪᠢᠯᠡ᠃ ᠴᠠᠭᠠᠲᠠᠢ ᠥᠪᠡᠷ ᠦ᠋ᠨ ᠤᠯᠤᠰ ᠠ᠋ᠴᠠ ᠴᠡᠷᠢᠭ ᠢ᠋ᠶ᠋ᠡᠨ ᠬᠥᠳᠡᠯᠭᠡᠨ ᠲᠠᠩᠭᠤᠳ ᠤᠯᠤᠰ ᠤ᠋ᠨ ᠪᠠᠷᠠᠭᠤᠨ ᠲᠠᠯ᠎ᠠ ᠠ᠋ᠴᠠ᠂ ᠥᠭᠡᠳᠡᠢ ᠥᠪᠡᠷ ᠦ᠋ᠨ ᠴᠡᠷᠢᠭ ᠲᠡᠢ ᠬᠣᠢᠲᠤ ᠲᠠᠯ᠎ᠠ ᠠ᠋ᠴᠠ᠂ ᠬᠠᠷᠢᠨ ᠴᠢᠩᠭᠢᠰ ᠬᠠᠭᠠᠨ ᠥᠪᠡᠷ ᠦ᠋ᠨ ᠴᠡᠷᠢᠭ ᠢ᠋ᠶ᠋ᠡᠷ ᠵᠡᠭᠦᠨ ᠬᠣᠢᠲᠤ ᠲᠠᠯ᠎ᠠ ᠠ᠋ᠴᠠ ᠨᠢ ᠳᠣᠪᠲᠣᠯᠬᠤ ᠪᠠᠷ ᠶᠡᠬᠡ ᠬᠤᠷᠠᠯᠳᠠᠢ ᠰᠢᠢᠳᠪᠦᠷᠢᠯᠡᠭᠰᠡᠨ ᠴᠦ᠍ ᠡᠭᠦᠨ ᠦ᠌ ᠡᠮᠦᠨ᠎ᠡ ᠴᠢᠩᠭᠢᠰ ᠬᠠᠭᠠᠨ ᠰᠤᠷᠤᠭᠰᠠᠨ ᠶᠣᠰᠣᠭᠠᠷ ᠲᠠᠩᠭᠤᠳ ᠤ᠋ᠨ ᠪᠤᠤᠷ᠎ᠠ ᠬᠠᠭᠠᠨ ᠳ᠋ᠤ᠌ ᠡᠯᠴᠢ ᠢᠯᠡᠬᠡᠨ ᠳᠠᠭᠠᠵᠤ ᠣᠷᠣᠬᠤ ᠶ᠋ᠢ ᠲᠤᠯᠭᠠᠨ ᠱᠠᠭᠠᠷᠳᠠᠭᠰᠠᠨ ᠳ᠋ᠤ᠌ ᠲᠠᠩᠭᠤᠳ ᠤ᠋ᠨ ᠬᠠᠭᠠᠨ᠂ ᠵᠠᠩᠵᠤᠨ ᠠᠱᠠ ᠬᠠᠮᠪᠤ ᠶ᠋ᠢᠨ ᠢ᠋ᠶ᠋ᠡᠨ ᠦᠭᠡᠨ ᠳ᠋ᠦ᠍ ᠠᠪᠲᠠᠨ ᠨᠥᠮᠥᠷᠦᠨ ᠢᠷᠡᠬᠦ ᠦᠬᠦᠯ ᠢ᠋ ᠲᠤᠭᠤᠯ ᠦᠭᠡᠢ 
         ᠠᠯᠲᠠ ᠡᠷᠳᠡᠨᠢᠰ ᠬᠡᠷᠡᠭᠲᠡᠢ ᠪᠣᠯ ᠠᠷᠤᠵᠤ ᠳ᠋ᠤ᠌ ᠢᠷᠡᠭᠲᠦᠨ 
         ᠲᠡᠮᠡᠭᠡ ᠮᠠᠯ ᠬᠡᠷᠡᠭᠲᠡᠢ ᠪᠣᠯ ᠠᠯᠠᠱᠠ ᠳ᠋ᠤ᠌ ᠢᠷᠡᠭᠲᠦᠨ  
ᠲᠡᠨᠳᠡ ᠪᠠᠢᠯᠳᠤᠶ᠎ᠠ ᠭᠡᠵᠦ ᠬᠠᠷᠢᠭᠤ ᠥᠭᠦᠯᠡᠭᠰᠡᠨ ᠨᠢ ᠮᠣᠩᠭᠣᠯ ᠤ᠋ᠨ ᠴᠡᠷᠢᠭ ᠦ᠋ᠨ ᠬᠥᠳᠡᠯᠬᠦ ᠳᠣᠬᠢᠶ᠎ᠠ ᠪᠣᠯᠪᠠ᠃ ᠲᠠᠩᠭᠤᠳ ᠲᠤ᠌ ᠶᠠᠪᠤᠬᠤ ᠳ᠋ᠠᠭᠠᠨ ᠴᠢᠩᠭᠢᠰ ᠬᠠᠭᠠᠨ ᠶᠢᠰᠦᠢ ᠬᠠᠲᠤᠨ ᠢ᠋ᠶ᠋ᠠᠨ ᠠᠰᠠᠷᠠᠯᠲᠠᠢ ᠭᠡᠵᠦ ᠳᠠᠭᠠᠭᠤᠯᠵᠤ ᠶᠠᠪᠤᠭᠰᠠᠨ ᠨᠢ ᠭᠠᠭᠴᠠ ᠪᠥᠷᠲᠡ ᠶ᠋ᠢᠨ ᠵᠥᠪᠯᠡᠭᠰᠡᠨ ᠢ᠋ᠶ᠋ᠡᠷ ᠴᠦ᠍ ᠪᠣᠯᠤᠭᠰᠠᠨ ᠦᠭᠡᠢ ᠴᠠᠭᠠᠨ᠎ᠠ ᠪᠠᠨ ᠨᠢᠭᠤᠴᠠ ᠵᠣᠷᠢᠯᠭ᠎ᠠ ᠠᠭᠤᠯᠵᠤ ᠪᠠᠢᠪᠠ᠃ ᠭᠡᠪᠡᠴᠦ ᠡᠨᠡ ᠨᠢᠭᠤᠴᠠ ᠶ᠋ᠢ ᠴᠢᠩᠭᠢᠰ ᠬᠠᠭᠠᠨ ᠭᠠᠭᠴᠠᠭᠠᠷ ᠮᠡᠳᠡᠬᠦ ᠪᠢᠯᠡ᠃ ᠮᠣᠩᠭᠣᠯ ᠤ᠋ᠨ ᠴᠡᠷᠢᠭ ᠨᠠᠮᠤᠷ ᠣᠷᠣᠢ ᠬᠥᠳᠡᠯᠵᠦ ᠤᠷᠲᠤ ᠵᠦᠭ ᠠᠯᠭᠤᠷ ᠤᠷᠤᠭᠰᠢᠯᠠᠬᠤ ᠵᠠᠭᠤᠷ᠎ᠠ ᠠᠩ ᠠᠪᠠᠯᠠᠵᠤ᠂ ᠬᠦᠨᠡᠰᠦ ᠬᠣᠭᠣᠯᠠ ᠪᠠᠨ ᠪᠠᠵᠠᠭᠠᠵᠤ ᠶᠠᠪᠤᠵᠠᠢ᠃ ᠡᠨᠡ ᠪᠠᠷᠳᠠᠮ ᠢᠲᠡᠭᠡᠯ ᠲᠡᠢ ᠬᠥᠳᠡᠯᠵᠦ ᠴᠥᠬᠥᠭᠰᠡᠨ ᠶᠡᠬᠡ ᠠᠶᠠᠨ ᠤ᠋ ᠴᠠᠭᠠᠨ᠎ᠠ ᠭᠡᠨᠡᠳᠲᠡ ᠶ᠋ᠢᠨ ᠶᠠᠮᠠᠷ ᠠᠶᠤᠯ ᠨᠢᠭᠤᠭᠳᠠᠵᠤ ᠪᠠᠢᠭ᠎ᠠ ᠶ᠋ᠢ ᠴᠢᠩᠭᠢᠰ ᠬᠠᠭᠠᠨ ᠭᠠᠳᠠᠷᠯᠠᠭᠰᠠᠨ ᠦᠭᠡᠢ᠃ ᠶᠡᠬᠡ ᠴᠡᠷᠢᠭ ᠢ᠋ᠶ᠋ᠡᠨ ᠳᠠᠬᠢᠨ ᠴᠤᠭᠯᠠᠭᠤᠯᠵᠤ ᠥᠪᠡᠷ ᠦ᠋ᠨ ᠪᠣᠯᠤᠭᠠᠳ ᠬᠥᠪᠡᠭᠦᠳ ᠦ᠋ᠨ ᠢ᠋ᠶ᠋ᠡᠨ ᠭᠠᠷ ᠲᠤ᠌ ᠠᠳᠬᠤᠭᠤᠯᠤᠭᠰᠠᠨ ᠳ᠋ᠠᠭᠠᠨ ᠲᠡᠷᠡ ᠬᠥᠭᠡᠷᠦᠨ ᠪᠠᠬᠠᠳᠤᠵᠤ ᠪᠠᠢᠯ᠎ᠠ᠃ ᠶᠡᠬᠡ ᠴᠡᠷᠢᠭ ᠢ᠋ᠶ᠋ᠡᠨ ᠳᠠᠬᠢᠨ ᠴᠤᠭᠯᠠᠷᠠᠮᠠᠭᠴᠠ ᠴᠢᠩᠭᠢᠰ ᠬᠠᠭᠠᠨ ᠤᠷᠢᠳ ᠤ᠋ᠨ ᠠᠳᠠᠯᠢ ᠢᠲᠡᠭᠡᠯ ᠲᠡᠭᠦᠰ᠂ ᠣᠮᠣᠭ ᠵᠠᠯᠢ ᠳᠦᠭᠦᠷᠡᠩ ᠪᠣᠯᠬᠤ ᠪᠠᠨ ᠮᠡᠳᠡᠷᠡᠵᠦ ᠣᠳᠣ ᠶᠡᠬᠡ ᠴᠡᠷᠢᠭ ᠢ᠋ᠶ᠋ᠡᠨ ᠳᠠᠬᠢᠨ ᠲᠠᠷᠬᠠᠭᠠᠵᠤ ᠪᠣᠯᠬᠤ ᠦᠭᠡᠢ ᠭᠡᠵᠦ ᠲᠡᠷᠡ ᠰᠢᠢᠳᠴᠡᠢ᠃ ᠨᠠᠷᠠᠨ ᠤ᠋ ᠳᠣᠣᠷ᠎ᠠ ᠡᠵᠡᠯᠡᠨ ᠨᠢᠭᠡᠳᠬᠡᠭᠰᠡᠨ ᠶᠡᠬᠡ ᠤᠯᠤᠰ ᠢ᠋ ᠨᠢ ᠲᠣᠭᠲᠠᠭᠠᠨ ᠪᠠᠢᠵᠤ ᠲᠣᠷᠭᠣᠭᠠᠨ ᠵᠣᠭᠰᠣᠭᠠᠬᠤ ᠬᠦᠴᠦ ᠪᠣᠯ ᠭᠠᠭᠴᠠᠬᠠᠨ ᠬᠦᠴᠦᠷᠬᠡᠭ ᠴᠡᠷᠢᠭ ᠪᠠᠢᠪᠠ᠃ ᠶᠡᠬᠡ ᠴᠡᠷᠢᠭ ᠢ᠋ ᠲᠡᠵᠢᠭᠡᠬᠦ ᠶ᠋ᠢᠨ ᠲᠤᠯᠠᠳᠠ ᠶᠡᠬᠡ ᠬᠣᠭᠣᠯᠠ ᠬᠦᠨᠡᠰᠦ᠂ ᠬᠥᠷᠥᠩᠭᠡ ᠵᠣᠭᠣᠷᠢ ᠱᠠᠭᠠᠷᠳᠠᠭᠳᠠᠨ᠎ᠠ᠃ ᠡᠭᠦᠨ ᠢ᠋ ᠪᠤᠰᠤᠳ ᠠ᠋ᠴᠠ ᠪᠤᠯᠢᠶᠠᠨ ᠠᠪᠬᠤ ᠠ᠋ᠴᠠ ᠥᠭᠡᠷ᠎ᠡ ᠠᠷᠭ᠎ᠠ ᠴᠢᠩᠭᠢᠰ ᠬᠠᠭᠠᠨ ᠳ᠋ᠤ᠌ ᠪᠠᠢᠭᠰᠠᠨ ᠦᠭᠡᠢ᠃ ᠴᠡᠷᠢᠭ ᠦ᠋ᠨ ᠨᠡᠷ᠎ᠡ ᠰᠦᠷ᠂ ᠠᠯᠳᠠᠷ ᠬᠦᠨᠳᠦ ᠡᠷᠳᠡᠮ ᠴᠢᠳᠠᠯ ᠢ᠋ ᠪᠠᠲᠤ ᠪᠠᠢᠯᠭᠠᠬᠤ ᠨᠢ ᠲᠡᠭᠦᠨ ᠦ᠌ ᠶᠡᠬᠡ ᠤᠯᠤᠰ ᠤ᠋ᠨ ᠣᠷᠣᠰᠢᠨ ᠲᠣᠭᠲᠠᠨᠢᠬᠤ ᠪᠠᠲᠤᠯᠠᠭ᠎ᠠ ᠤᠴᠢᠷ ᠴᠡᠷᠢᠭ ᠢ᠋ ᠠᠰᠠᠷᠠᠬᠤ ᠳ᠋ᠤ᠌ ᠶᠠᠭᠤ ᠶ᠋ᠢ ᠴᠦ᠍ ᠬᠠᠢᠷᠠᠯᠠᠵᠤ ᠪᠣᠯᠬᠤ ᠦᠭᠡᠢ ᠶ᠋ᠢ ᠥᠭᠡᠳᠡᠢ ᠳ᠋ᠦ᠍ ᠬᠠᠲᠠᠭᠤ ᠰᠤᠷᠭᠠᠬᠤ ᠶᠣᠰᠣᠲᠠᠢ ᠪᠣᠯᠵᠠᠢ᠃ ᠴᠢᠩᠭᠢᠰ ᠬᠠᠭᠠᠨ ᠤ᠋ ᠣᠯᠤᠭᠰᠠᠨ ᠠᠮᠵᠢᠯᠲᠠ ᠢᠯᠠᠯᠲᠠ ᠶ᠋ᠢᠨ ᠦᠨᠳᠦᠰᠦ ᠨᠢ ᠦᠨᠡᠨᠴᠢ ᠨᠥᠬᠥᠳ᠂ ᠴᠡᠷᠢᠭ ᠦ᠋ᠳ ᠪᠠᠢᠯ᠎ᠠ᠃ ᠡᠭᠦᠨ ᠡᠴᠡ ᠬᠣᠢᠰᠢ ᠮᠥᠨ ᠯᠡ ᠡᠢᠮᠦ ᠪᠠᠢᠬᠤ ᠪᠣᠯᠤᠨ᠎ᠠ ᠭᠡᠳᠡᠭ ᠲᠦ᠍ ᠴᠢᠩᠭᠢᠰ ᠬᠠᠭᠠᠨ ᠢᠲᠡᠭᠡᠯᠲᠡᠢ ᠪᠠᠢᠪᠠ᠃ 
       ᠬᠠᠷᠢᠨ ᠴᠢᠩᠭᠢᠰ ᠬᠠᠭᠠᠨ ᠲᠡᠭᠦᠨ ᠦ᠌ ᠦᠭᠡᠨ ᠳ᠋ᠦ᠍ ᠣᠷᠣᠯ ᠦᠭᠡᠢ ᠲᠠᠩᠭᠤᠳ ᠲᠤ᠌ ᠶᠠᠪᠤᠬᠤ ᠪᠣᠯᠤᠭᠰᠠᠨ ᠳ᠋ᠤ᠌ ᠪᠥᠷᠲᠡ ᠶᠡᠬᠡᠳᠡ ᠭᠣᠮᠣᠳᠠᠵᠠᠢ᠃ ᠶᠡᠷᠦ ᠨᠢ ᠬᠣᠷᠽᠸᠮ ᠠ᠋ᠴᠠ ᠡᠷᠭᠢᠨ ᠢᠷᠡᠬᠦ ᠳ᠋ᠡᠭᠡᠨ ᠲᠡᠮᠦᠵᠢᠨ ᠬᠠᠴᠢᠨ ᠶᠡᠬᠡ ᠥᠭᠡᠷᠡᠴᠢᠯᠡᠭᠳᠡᠵᠦ ᠡᠪᠦᠭᠡᠷᠡᠵᠦ ᠬᠥᠭᠰᠢᠷᠡᠭᠰᠡᠨ ᠪᠠᠢᠯ᠎ᠠ᠃ ᠲᠡᠮᠦᠵᠢᠨ ᠦ᠌ ᠪᠣᠳᠣᠯ ᠪᠣᠯᠤᠭᠰᠠᠨ ᠦᠷᠴᠢᠯᠡᠭᠡᠲᠦ ᠴᠢᠷᠠᠢ᠂ ᠪᠤᠭᠤᠷᠤᠯ ᠦᠰᠦ ᠶ᠋ᠢ ᠬᠠᠷᠠᠬᠤ ᠪᠦᠷᠢ ᠪᠥᠷᠲᠡ ᠲᠡᠭᠦᠨ ᠢ᠋ ᠦᠷᠦ ᠡᠪᠡᠳᠬᠦ ᠪᠣᠯᠵᠠᠢ᠃ ᠵᠠᠯᠠᠭᠤ ᠴᠠᠭ ᠤ᠋ᠨ ᠣᠮᠣᠭ ᠰᠦᠷ᠂ ᠲᠡᠭᠦᠯᠳᠡᠷ ᠲᠥᠷᠬᠦ ᠡᠴᠡ ᠶᠠᠭᠤ ᠴᠤ᠌ ᠦᠯᠡᠳᠡᠭᠰᠡᠨ ᠦᠭᠡᠢ᠃ ᠲᠡᠭᠦᠨ ᠦ᠌ ᠬᠠᠮᠤᠭ ᠰᠦᠷ ᠵᠢᠪᠬᠤᠭ᠎ᠠ᠂ ᠬᠡᠢ ᠮᠣᠷᠢ ᠶ᠋ᠢ ᠬᠣᠷᠽᠸᠮ ᠤ᠋ᠨ ᠬᠠᠯᠠᠭᠤᠨ ᠲᠡᠭᠷᠢ᠂ ᠬᠤᠯᠠᠨ ᠬᠠᠲᠤᠨ ᠬᠣᠶᠠᠷ ᠠᠪᠴᠤ ᠣᠳᠤᠭᠰᠠᠨ ᠮᠡᠲᠦ ᠦᠵᠡᠭᠳᠡᠨ᠎ᠡ᠃ ᠲᠡᠷᠡ ᠮᠡᠷᠭᠢᠳ ᠦ᠋ᠨ ᠭᠠᠢᠲᠤ ᠡᠮ᠎ᠡ ᠶ᠋ᠢ ᠳᠠᠭᠠᠭᠤᠯᠤᠭᠰᠠᠨ ᠠ᠋ᠴᠠ ᠡᠢᠮᠦ ᠪᠣᠯᠪᠠ ᠭᠡᠵᠦ ᠪᠥᠷᠲᠡ ᠳᠣᠲᠣᠷ᠎ᠠ ᠪᠠᠨ ᠪᠣᠳᠣᠬᠤ ᠠᠵᠢ᠃ ᠦᠨᠡᠬᠡᠷ ᠬᠣᠷᠽᠸᠮ ᠠ᠋ᠴᠠ ᠢᠷᠡᠭᠰᠡᠨ ᠡᠴᠡ ᠬᠣᠢᠰᠢ ᠴᠢᠩᠭᠢᠰ ᠬᠠᠭᠠᠨ ᠬᠤᠯᠠᠨ ᠬᠠᠲᠤᠨ ᠢ᠋ᠶ᠋ᠠᠨ ᠶᠡᠬᠡᠳᠡ ᠦᠭᠡᠢᠯᠡᠨ ᠳᠤᠷᠠᠰᠬᠤ ᠪᠣᠯᠤᠭᠰᠠᠨ ᠨᠢ ᠢᠯᠡᠳᠲᠡ ᠠᠵᠢᠭᠯᠠᠭᠳᠠᠵᠠᠢ᠃ ᠬᠡᠳᠦᠢ ᠬᠤᠯᠠᠨ ᠤ᠋ ᠥᠷᠭᠥᠭᠡ᠂ ᠲᠡᠭᠦᠨ ᠦ᠌ ᠡᠳ᠋ ᠶᠠᠭᠤᠮᠠᠰ ᠢ᠋ ᠰᠢᠲᠠᠭᠠᠭᠰᠠᠨ ᠴᠤ᠌ ᠬᠤᠯᠠᠨ ᠢ᠋ ᠮᠠᠷᠲᠠᠬᠤ ᠶᠠᠩᠵᠤ ᠦᠭᠡᠢ ᠪᠠᠢᠪᠠ᠃ ᠢᠩᠭᠢᠬᠦ ᠪᠣᠯᠤᠭᠰᠠᠨ ᠤ᠋ ᠴᠠᠭᠠᠳᠤ ᠨᠠᠷᠢᠨ ᠤᠴᠢᠷ ᠢ᠋ ᠪᠥᠷᠲᠡ ᠲᠠᠭᠠᠮᠠᠭᠯᠠᠭᠰᠠᠨ ᠦᠭᠡᠢ᠃ ᠰᠡᠭᠦᠯ ᠦ᠋ᠨ ᠦᠶ᠎ᠡ ᠳ᠋ᠦ᠍ ᠬᠤᠯᠠᠨ ᠬᠠᠲᠤᠨ ᠤ᠋ ᠪᠠᠨ ᠰᠦᠨᠡᠰᠦ ᠶ᠋ᠢ ᠴᠢᠩᠭᠢᠰ ᠬᠠᠭᠠᠨ ᠬᠠᠴᠢᠨ ᠶᠡᠬᠡ ᠪᠡᠷ ᠦᠭᠡᠢᠯᠡᠨ ᠰᠥᠨᠢ ᠨᠣᠢᠷ ᠦᠭᠡᠢ ᠬᠣᠨᠣᠬᠤ ᠪᠣᠯᠵᠠᠢ᠃ ᠬᠡᠳᠦᠢ ᠡᠪᠦᠭᠡᠷᠡᠵᠦ ᠡᠷ᠎ᠡ ᠪᠡᠶ᠎ᠡ ᠶ᠋ᠢᠨ ᠴᠢᠯᠬ᠎ᠠ ᠬᠠᠷᠢᠵᠤ ᠶᠠᠪᠤᠭ᠎ᠠ ᠴᠤ᠌ ᠴᠢᠩᠭᠢᠰ ᠬᠠᠭᠠᠨ ᠬᠠᠲᠤᠳ ᠤ᠋ᠨ ᠢ᠋ᠶ᠋ᠠᠨ ᠬᠦᠰᠡᠯ ᠲᠠᠴᠢᠶᠠᠯ ᠢ᠋ ᠬᠠᠩᠭᠠᠭᠰᠠᠭᠠᠷ ᠠᠵᠢ᠃ ᠬᠡᠳᠦᠢ ᠪᠦᠬᠦ ᠶᠠᠭᠤᠮ᠎ᠠ ᠬᠠᠭᠤᠴᠢᠨ ᠢ᠋ᠶ᠋ᠠᠷ ᠢ᠋ᠶ᠋ᠠᠨ᠂ ᠡᠷᠬᠡᠯᠡᠨ ᠢᠨᠠᠭᠯᠠᠬᠤ ᠨᠢ ᠶᠠᠩᠵᠤᠨ ᠳ᠋ᠠᠭᠠᠨ ᠴᠤ᠌ ᠬᠤᠯᠠᠨ ᠬᠠᠲᠤᠨ ᠤ᠋ ᠬᠢᠨᠢ ᠰᠦᠨᠡᠰᠦ ᠰᠥᠨᠢ ᠪᠡᠷ ᠢᠷᠡᠵᠦ ᠬᠦᠰᠡᠯ ᠢ᠋ ᠨᠢ ᠬᠠᠩᠭᠠᠳᠠᠭ ᠪᠠᠢᠭᠰᠠᠨ ᠰᠢᠭ᠋ ᠲᠡᠢᠮᠦ ᠲᠠᠭᠠᠰᠢᠶᠠᠯ ᠢ᠋ ᠠᠮᠰᠠᠬᠤ ᠦᠭᠡᠢ ᠪᠣᠯᠵᠠᠢ᠃ ᠭᠡᠪᠡᠴᠦ ᠬᠤᠯᠠᠨ ᠬᠠᠲᠤᠨ ᠤ᠋ ᠰᠦᠨᠡᠰᠦ ᠡᠷᠭᠢᠨ ᠢᠷᠡᠬᠦ ᠦᠭᠡᠢ ᠪᠥᠭᠡᠳ ᠬᠠᠲᠤᠨ ᠤ᠋ ᠪᠠᠨ ᠰᠦᠨᠡᠰᠦ ᠶ᠋ᠢ ᠥᠪᠡᠷ ᠢ᠋ᠶ᠋ᠡᠨ ᠬᠥᠭᠡᠭᠡᠵᠦ ᠶᠠᠪᠤᠭᠤᠯᠤᠭᠰᠠᠨ ᠳ᠋ᠠᠭᠠᠨ ᠣᠳᠣ ᠬᠠᠷᠠᠮᠰᠠᠭᠠᠳ ᠴᠤ᠌ ᠪᠠᠷᠠᠬᠤ ᠦᠭᠡᠢ ᠪᠣᠯᠵᠠᠢ᠃ ᠴᠢᠩᠭᠢᠰ ᠬᠠᠭᠠᠨ ᠲᠠᠩᠭᠤᠳ ᠲᠤ᠌ ᠮᠣᠷᠢᠯᠠᠬᠤ ᠶ᠋ᠢᠨ ᠡᠮᠦᠨ᠎ᠡ ᠢᠷᠡᠵᠦ ᠬᠣᠨᠣᠭᠰᠠᠨ ᠰᠥᠨᠢ ᠪᠡᠨ ᠬᠤᠯᠠᠨ ᠢ᠋ ᠵᠡᠭᠦᠳᠦᠯᠡᠵᠦ ᠬᠠᠷ᠎ᠠ ᠳᠠᠷᠤᠨ ᠬᠠᠰᠬᠢᠷᠤᠭᠰᠠᠨ ᠢ᠋ ᠪᠥᠷᠲᠡ ᠥᠷᠯᠥᠭᠡ ᠨᠢ ᠲᠡᠭᠦᠨ ᠳ᠋ᠦ᠍ ᠬᠡᠯᠡᠯ ᠦᠭᠡᠢ ᠥᠩᠭᠡᠷᠡᠵᠡᠢ᠃ ᠬᠠᠷᠢᠨ ᠡᠨᠡ ᠵᠡᠭᠦᠳᠦ ᠶ᠋ᠢᠨ ᠤᠴᠢᠷ ᠢ᠋ ᠲᠥᠪ ᠬᠦᠷᠢᠶᠡᠨ ᠳ᠋ᠦ᠍ ᠪᠠᠢᠬᠤ ᠪᠥᠬᠡ ᠪᠡᠷ ᠮᠡᠷᠭᠡᠯᠡᠭᠦᠯᠵᠦ ᠦᠵᠡᠪᠡᠯ ᠴᠢᠩᠭᠢᠰ ᠬᠠᠭᠠᠨ ᠤ᠋ ᠰᠡᠳᠬᠢᠯ ᠬᠤᠯᠠᠨ ᠬᠠᠲᠤᠨ ᠳ᠋ᠠᠭᠠᠨ ᠲᠡᠮᠡᠦᠯᠦᠭᠰᠡᠭᠡᠷ ᠪᠣᠢ ᠶ᠋ᠢ ᠬᠡᠯᠡᠵᠦ ᠲᠡᠷᠡ ᠳᠠᠷᠤᠢ ᠳ᠋ᠤ᠌ ᠲᠦᠳᠡᠭ ᠠᠰᠠᠭᠠᠨ ᠰᠡᠳᠬᠢᠯ ᠢ᠋ ᠲᠠᠢᠳᠬᠤᠷᠠᠭᠤᠯᠬᠤ ᠠᠷᠭ᠎ᠠ ᠵᠠᠰᠠᠯ ᠬᠢᠵᠡᠢ᠃ ᠪᠥᠷᠲᠡ ᠳ᠋ᠦ᠍ ᠡᠭᠦᠨ ᠡᠴᠡ ᠥᠭᠡᠷ᠎ᠡ ᠶ᠋ᠢ ᠬᠢᠬᠦ ᠴᠢᠳᠠᠯ ᠪᠠᠢᠭᠰᠠᠨ ᠦᠭᠡᠢ᠃ ᠴᠢᠩᠭᠢᠰ ᠬᠠᠭᠠᠨ ᠮᠣᠷᠳᠠᠬᠤ ᠶ᠋ᠢᠨ ᠡᠮᠦᠨ᠎ᠡ ᠲᠥᠪ ᠤᠯᠤᠰ ᠢ᠋ᠶ᠋ᠠᠨ ᠪᠥᠷᠲᠡ ᠬᠠᠲᠤᠨ᠂ ᠣᠳᠬᠣᠨ ᠬᠥᠪᠡᠭᠦᠨ ᠲᠤᠯᠤᠢ ᠶ᠋ᠢᠨ ᠬᠠᠮᠲᠤ ᠵᠠᠬᠢᠷᠤᠨ ᠰᠠᠭᠤᠬᠤ ᠶ᠋ᠢ ᠵᠠᠷᠯᠢᠭ ᠪᠠᠭᠤᠯᠭᠠᠨ ᠪᠠᠰᠠ ᠲᠦᠮᠡᠨ ᠴᠡᠷᠢᠭ ᠦᠯᠡᠳᠡᠭᠡᠪᠡ᠃ ᠡᠨᠡ ᠨᠢ ᠲᠡᠭᠦᠨ ᠢ᠋ ᠲᠥᠷᠥ ᠶ᠋ᠢᠨ ᠶᠡᠬᠡ ᠬᠠᠲᠤᠨ ᠤ᠋ ᠶᠣᠰᠣᠭᠠᠷ ᠬᠦᠨᠳᠦᠯᠡᠨ ᠦᠵᠡᠭᠰᠡᠨ ᠬᠡᠷᠡᠭ ᠶᠦᠮ᠃ ᠬᠡᠳᠦᠢ ᠵᠥᠴᠢ ᠬᠥᠪᠡᠭᠦᠨ ᠨᠢ ᠦᠬᠦᠭᠰᠡᠨ ᠴᠦ᠍ ᠪᠥᠷᠲᠡ ᠪᠠᠲᠤ ᠶ᠋ᠢᠨ ᠳᠡᠷᠭᠡᠳᠡ ᠣᠴᠢᠵᠤ ᠦᠵᠡᠭᠡᠳ ᠰᠡᠳᠬᠢᠯ ᠨᠢᠭᠡᠨᠲᠡ ᠲᠠᠢᠪᠤᠰᠢᠷᠠᠨ ᠴᠢᠩᠭᠢᠰ ᠬᠠᠭᠠᠨ ᠳ᠋ᠤ᠌ ᠲᠠᠯᠠᠷᠬᠠᠨ ᠮᠥᠷᠭᠥᠭᠰᠡᠨ ᠪᠢᠯᠡ᠃ ᠲᠡᠷᠡ ᠠᠮᠠᠯᠠᠭᠰᠠᠨ ᠢ᠋ᠶ᠋ᠠᠨ ᠪᠡᠶᠡᠯᠡᠭᠦᠯᠵᠦ ᠵᠥᠴᠢ ᠬᠥᠪᠡᠭᠦᠨ ᠳ᠋ᠦ᠍ᠨᠢ ᠮᠠᠭᠤ ᠶᠠᠭᠤᠮ᠎ᠠ ᠬᠢᠭᠰᠡᠨ ᠦᠭᠡᠢ᠃ ᠵᠥᠴᠢ ᠥᠪᠡᠷ ᠦ᠋ᠨ ᠦᠬᠦᠯ ᠢ᠋ᠶ᠋ᠡᠷ ᠦᠬᠦᠵᠡᠢ᠃ ᠡᠭᠦᠨ ᠦ᠌ ᠬᠢᠨᠢ ᠲᠥᠯᠥᠭᠡ ᠪᠥᠷᠲᠡ ᠲᠡᠮᠦᠵᠢᠨ ᠢ᠋ ᠡᠭᠡᠨᠡᠭᠲᠡ ᠠᠭᠤᠴᠢᠯᠠᠵᠤ ᠲᠡᠭᠦᠨ ᠳ᠋ᠦ᠍ ᠭᠠᠭᠴᠠᠬᠠᠨ ᠰᠠᠢᠨ ᠢ᠋ ᠬᠦᠰᠡᠬᠦ ᠨᠢᠭᠡᠨ ᠦᠵᠦᠭᠦᠷᠲᠦ ᠰᠡᠳᠬᠢᠯ ᠢ᠋ ᠡᠪᠦᠷᠯᠡᠨ ᠲᠥᠪ ᠤᠯᠤᠰ ᠢ᠋ᠶ᠋ᠠᠨ ᠵᠠᠬᠢᠷᠤᠨ ᠰᠠᠭᠤᠬᠤ ᠪᠣᠯᠪᠠ᠃ ᠪᠠᠰᠠ ᠵᠥᠴᠢ ᠶ᠋ᠢᠨ ᠬᠥᠪᠡᠭᠦᠨ ᠪᠠᠲᠤ᠂ ᠡᠴᠢᠭᠡ ᠶ᠋ᠢᠨ ᠢ᠋ᠶ᠋ᠡᠨ ᠣᠷᠣ ᠶ᠋ᠢ ᠵᠠᠯᠭᠠᠮᠵᠢᠯᠠᠪᠠ᠃ ᠤᠳᠬᠤᠨ ᠬᠥᠪᠡᠭᠦᠨ ᠲᠤᠯᠤᠢ ᠨᠢ ᠲᠥᠪ ᠤᠯᠤᠰ᠂ ᠡᠴᠢᠭᠡ ᠶ᠋ᠢᠨ ᠭᠣᠯᠣᠮᠲᠠ ᠶ᠋ᠢ ᠰᠠᠬᠢᠨ ᠰᠠᠭᠤᠵᠤ ᠪᠠᠢᠨ᠎ᠠ᠃ ᠴᠠᠭᠠᠲᠠᠢ ᠬᠥᠪᠡᠭᠦᠨ ᠨᠢ ᠠᠯᠤᠰ ᠬᠣᠯᠠ ᠶᠡᠬᠡ ᠤᠯᠤᠰ ᠤ᠋ᠨ ᠪᠠᠷᠠᠭᠤᠨ ᠬᠢᠯᠢ ᠶ᠋ᠢ ᠵᠠᠬᠢᠷᠬᠤ ᠪᠣᠯᠪᠠ᠃ ᠡᠮ᠎ᠡ ᠬᠥᠮᠦᠨ ᠳ᠋ᠦ᠍ ᠡᠭᠦᠨ ᠡᠴᠡ ᠢᠯᠡᠭᠦᠦ ᠬᠦᠰᠡᠬᠦ ᠶᠠᠭᠤᠮ᠎ᠠ ᠭᠡᠵᠦ ᠶᠠᠭᠤ ᠪᠢᠯᠡ᠃ ᠪᠥᠷᠲᠡ ᠰᠠᠶᠢ ᠯᠠ ᠨᠢᠭᠡ ᠥᠪᠡᠷ ᠢ᠋ ᠪᠡᠨ ᠠᠵᠠ ᠵᠢᠷᠭᠠᠯᠲᠠᠢ ᠬᠥᠮᠦᠨ ᠭᠡᠵᠦ ᠲᠣᠭᠠᠴᠠᠬᠤ ᠪᠣᠯᠵᠠᠢ᠃ ᠭᠠᠭᠴᠠᠬᠠᠨ ᠰᠡᠵᠢᠭᠯᠡᠯᠲᠡᠢ ᠵᠦᠢᠯ ᠢᠯᠡᠷᠡᠭᠰᠡᠨ ᠨᠢ ᠪᠣᠭᠤᠷᠴᠢ ᠶ᠋ᠢᠨ ᠡᠷᠭᠦᠮᠡᠯ ᠬᠦᠦ ᠬᠡᠷᠡᠭᠡ ᠪᠣᠯᠵᠠᠢ᠃ ᠺᠠᠰᠫᠢ ᠶ᠋ᠢᠨ ᠲᠠᠩᠭᠢᠰ ᠬᠦᠷᠬᠦ ᠠᠶᠠᠨ ᠤ᠋ ᠶᠡᠬᠡ ᠵᠠᠮ ᠳ᠋ᠤ᠌ ᠬᠠᠮᠠᠭᠠᠯᠠᠨ ᠶᠠᠪᠤᠭᠰᠠᠨ ᠲᠡᠷᠡ ᠭᠠᠪᠰᠢᠭᠠᠢ ᠭᠢᠯᠠᠯᠵᠠᠭᠰᠠᠨ ᠵᠠᠯᠠᠭᠤ ᠶ᠋ᠢ ᠬᠠᠷᠠᠭᠰᠠᠨ ᠴᠠᠭ ᠠ᠋ᠴᠠ ᠡᠬᠢᠯᠡᠨ ᠬᠡᠨ ᠲᠡᠢ ᠴᠦ᠍ ᠶᠦᠮ ᠪᠣᠢ ᠠᠳᠠᠯᠢᠬᠠᠨ ᠰᠠᠨᠠᠭᠳᠠᠭᠠᠳ ᠪᠣᠯᠤᠭᠰᠠᠨ ᠦᠭᠡᠢ ᠪᠢᠯᠡ᠃ ᠡᠬᠡ ᠶ᠋ᠢᠨ ᠬᠢᠨᠢ ᠨᠡᠷ᠎ᠡ ᠶ᠋ᠢ ᠠᠰᠠᠭᠤᠬᠤ ᠳ᠋ᠤ᠌ ᠲᠡᠷᠡ 《ᠬᠠᠲᠠᠭᠠᠨ》 ᠭᠡᠰᠡᠨ ᠨᠢ ᠪᠥᠷᠲᠡ ᠶ᠋ᠢᠨ ᠡᠷᠡᠭᠡᠯᠵᠡᠭᠡ ᠶ᠋ᠢ ᠨᠢᠭᠡᠨᠲᠡ ᠳᠡᠢᠯᠵᠡᠢ᠃ ᠬᠠᠲᠠᠭᠠᠨ ᠨᠡᠷᠡᠲᠦ ᠪᠦᠰᠡᠭᠦᠢ ᠬᠠᠮᠢᠭ᠎ᠠ ᠬᠡᠴᠢᠨᠡᠨ ᠪᠠᠢᠵᠤ ᠲᠠᠭᠠᠷᠠᠬᠤ ᠶ᠋ᠢ ᠮᠡᠳᠡᠬᠦ ᠠᠷᠭ᠎ᠠ ᠦᠭᠡᠢ ᠶᠦᠮ᠃ ᠬᠡᠷᠡᠭᠡ ᠶ᠋ᠢᠨ ᠡᠬᠡ ᠨᠢ ᠦᠬᠦᠵᠦ ᠲᠡᠷᠡ ᠠᠬ᠎ᠠ ᠳᠡᠭᠦᠦ ᠴᠦ᠍ ᠦᠭᠡᠢ ᠥᠨᠥᠴᠢᠨ ᠬᠣᠴᠣᠷᠴᠠᠢ᠃ ᠬᠠᠲᠠᠭᠠᠨ ᠤ᠋ ᠭᠡᠨᠡᠳᠲᠡ ᠰᠤᠷᠠᠭ ᠦᠭᠡᠢ ᠠᠯᠠᠭ᠎ᠠ ᠪᠣᠯᠤᠭᠰᠠᠨ ᠤ᠋ ᠤᠴᠢᠷ ᠢ᠋ ᠪᠥᠷᠲᠡ ᠢᠩᠭᠢᠵᠦ ᠬᠡᠳᠦᠨ ᠵᠢᠯ ᠦ᠋ᠨ ᠳᠠᠷᠠᠭ᠎ᠠ ᠣᠯᠬᠤ ᠰᠢᠭ᠋ ᠪᠣᠯᠵᠠᠢ᠃ ᠬᠡᠳᠦᠢ ᠢᠲᠡᠭᠡᠯ ᠮᠠᠭᠤᠲᠠᠢ ᠴᠤ᠌ ᠪᠠᠢᠵᠤ ᠪᠣᠯᠤᠮᠠᠷ ᠰᠠᠨᠠᠭᠳᠠᠭᠠᠳ ᠬᠡᠷᠡᠭᠡ ᠶ᠋ᠢ ᠶᠡᠬᠡᠳᠡ ᠠᠵᠢᠭᠯᠠᠬᠤ ᠪᠣᠯᠵᠠᠢ᠃ ᠪᠥᠷᠲᠡ ᠶ᠋ᠢᠨ ᠠᠵᠢᠭᠯᠠᠭᠰᠠᠨ ᠢ᠋ᠶ᠋ᠠᠷ ᠲᠡᠷᠡ ᠬᠥᠪᠡᠭᠦᠨ ᠲᠡᠮᠦᠵᠢᠨ ᠲᠡᠢ ᠲᠤᠩ ᠴᠤ᠌ ᠲᠥᠰᠲᠡᠢ ᠨᠢ ᠢᠯᠡᠳᠲᠡ ᠪᠠᠢᠵᠠᠢ᠃ ᠳᠥᠷᠥᠭᠡ ᠦᠭᠡᠢ ᠪᠠᠢᠬᠤ ᠳ᠋ᠤᠨᠢ ᠲᠡᠷᠡ ᠪᠤᠤ ᠬᠡᠯᠡ ᠡᠬᠡ ᠶ᠋ᠢᠨ ᠬᠡᠪᠡᠯᠢ ᠳ᠋ᠦ᠍ ᠣᠯᠳᠠᠭ᠎ᠠ ᠦᠭᠡᠢ ᠪᠠᠢᠬᠤ ᠳ᠋ᠤ᠌ ᠠᠯᠠᠬᠤ ᠭᠡᠵᠦ ᠥᠰᠢᠷᠬᠡᠨ ᠬᠥᠭᠡᠭᠡᠴᠡᠯᠳᠦᠵᠦ ᠪᠠᠢᠭᠰᠠᠨ ᠬᠥᠪᠡᠭᠦᠨ ᠣᠳᠣ ᠨᠢᠭᠡᠨᠲᠡ ᠬᠣᠷᠢ ᠬᠦᠷᠦᠭᠡᠳ ᠴᠢᠩᠭᠢᠰ ᠬᠠᠭᠠᠨ ᠤ᠋ ᠶᠡᠬᠡ ᠰᠢᠳᠠᠷ ᠪᠤᠭᠤᠷᠴᠢ ᠶ᠋ᠢᠨ ᠨᠡᠷ᠎ᠡ ᠶ᠋ᠢᠨ ᠳᠣᠣᠷ᠎ᠠ ᠶᠠᠪᠤᠭ᠎ᠠ ᠶ᠋ᠢ ᠦᠵᠡᠭᠡᠳ ᠪᠥᠷᠲᠡ ᠡᠬᠢᠯᠡᠭᠡᠳ ᠢᠲᠡᠭᠡᠵᠦ ᠴᠢᠳᠠᠬᠤ ᠦᠭᠡᠢ ᠪᠢᠯᠡ᠃ ᠣᠯᠠᠨ ᠬᠣᠨᠣᠭ ᠤ᠋ᠨ ᠬᠣᠯᠠ ᠵᠠᠮ ᠳ᠋ᠤ᠌ ᠪᠣᠳᠣᠭᠰᠠᠭᠠᠷ ᠶᠠᠪᠤᠭᠰᠠᠨ ᠤ᠋ ᠡᠴᠦᠰ ᠲᠦ᠍ ᠪᠥᠷᠲᠡ ᠡᠨᠡ ᠬᠡᠷᠡᠭ ᠢ᠋ ᠦᠨᠡᠨ ᠭᠡᠵᠦ ᠢᠲᠡᠭᠡᠬᠦ ᠪᠡᠷ ᠰᠢᠢᠳᠪᠡ᠃ ᠭᠡᠪᠡᠴᠦ ᠡᠷᠬᠡ ᠦᠭᠡᠢ ᠢᠷᠡᠭᠰᠡᠨ ᠠᠮᠢᠳᠤᠷᠠᠯ ᠤ᠋ᠨ ᠵᠠᠮ ᠢ᠋ ᠡᠰᠡᠷᠭᠦᠴᠡᠨ ᠲᠡᠮᠡᠴᠡᠬᠦ ᠶ᠋ᠢ ᠬᠦᠰᠡᠭᠰᠡᠨ ᠦᠭᠡᠢ᠃ ᠪᠥᠷᠲᠡ ᠶ᠋ᠢᠨ ᠰᠡᠳᠬᠢᠯ ᠰᠠᠨᠠᠭ᠎ᠠ ᠶᠡᠬᠡᠳᠡ ᠥᠭᠡᠷᠡᠴᠢᠯᠡᠭᠳᠡᠵᠡᠢ᠃ ᠭᠡᠰᠡᠨ ᠴᠦ᠍ ᠲᠡᠷᠡ ᠥᠪᠡᠷ ᠢ᠋ ᠪᠡᠨ ᠪᠤᠷᠤᠭᠤᠳᠬᠠᠭᠰᠠᠨ ᠦᠭᠡᠢ᠃ ᠬᠠᠷᠢᠨ ᠲᠡᠳᠡᠨ ᠢ᠋ ᠠᠭᠤᠴᠢᠯᠠᠨ ᠥᠷᠥᠰᠢᠶᠡᠬᠦ ᠪᠡᠷ ᠰᠢᠢᠳᠴᠡᠢ᠃ ᠢᠩᠭᠢᠵᠦ ᠪᠣᠳᠣᠪᠠᠯ ᠬᠡᠷᠡᠭᠡ ᠶ᠋ᠢ ᠬᠠᠲᠠᠭᠠᠨ ᠤ᠋ ᠬᠥᠪᠡᠭᠦᠨ ᠭᠡᠳᠡᠭ ᠢ᠋ ᠢᠲᠡᠭᠡᠬᠦ ᠳ᠋ᠦ᠍ ᠠᠮᠠᠷ ᠰᠠᠨᠠᠭᠳᠠᠵᠠᠢ᠃ ᠡᠴᠢᠭᠡ ᠰᠤᠷᠬᠠᠨ ᠰᠢᠷ᠎ᠠ᠂ ᠴᠢᠯᠠᠭᠤᠨ ᠴᠢᠮᠪᠠᠢ ᠬᠣᠶᠠᠷ ᠠᠬ᠎ᠠ ᠨᠢ ᠬᠠᠲᠠᠭᠠᠨ ᠢ᠋ ᠦᠬᠦᠭᠰᠡᠨ ᠭᠡᠵᠦ ᠲᠣᠭᠠᠴᠠᠭᠠᠳ ᠳᠣᠲᠣᠷ᠎ᠠ ᠪᠠᠨ ᠪᠥᠷᠲᠡ ᠶ᠋ᠢ ᠬᠠᠷᠠᠳᠠᠭᠰᠠᠭᠠᠷ ᠶᠠᠪᠤᠳᠠᠭ ᠢ᠋ ᠲᠡᠷᠡ ᠮᠡᠳᠡᠳᠡᠭ ᠪᠠᠢᠪᠠ᠃ ᠰᠤᠷᠬᠠᠨ ᠰᠢᠷ᠎ᠠ ᠦᠬᠦᠲᠡᠯ᠎ᠡ ᠦᠷ᠎ᠡ ᠬᠠᠷᠠᠮ ᠭᠡᠭᠴᠢ ᠪᠡᠷ ᠬᠠᠲᠠᠭᠠᠨ ᠥᠬᠢᠨ ᠢ᠋ᠶ᠋ᠡᠨ ᠰᠠᠨᠠᠨ ᠭᠣᠣᠯ ᠢ᠋ᠶ᠋ᠠᠨ ᠡᠮᠲᠡᠯᠵᠦ᠂ ᠰᠡᠳᠬᠢᠯ ᠦ᠋ᠨ ᠮᠤᠬᠤᠷ ᠲᠤ᠌ ᠪᠥᠷᠲᠡ ᠶ᠋ᠢ ᠠᠯᠠᠭᠤᠯᠪᠠ ᠭᠡᠵᠦ ᠢᠲᠡᠭᠡᠵᠦ ᠬᠣᠷᠣᠰᠪᠠᠴᠤ ᠶᠠᠭᠠᠬᠢᠵᠤ ᠴᠤ᠌ ᠴᠢᠳᠠᠬᠤ ᠦᠭᠡᠢ ᠶᠠᠪᠤᠭᠰᠠᠭᠠᠷ ᠬᠡᠳᠦᠨ ᠵᠢᠯ ᠦ᠋ᠨ ᠡᠮᠦᠨ᠎ᠡ ᠦᠬᠦᠵᠡᠢ᠃ ᠬᠠᠷᠢᠨ ᠪᠥᠷᠲᠡ᠂ ᠰᠤᠷᠬᠠᠨ ᠰᠢᠷ᠎ᠠ ᠶ᠋ᠢ ᠬᠠᠲᠠᠭᠠᠨ ᠥᠬᠢᠨ ᠢ᠋ᠶ᠋ᠡᠨ ᠨᠢᠭᠤᠵᠤ ᠬᠠᠷᠠᠭᠳᠠᠬᠤ ᠦᠭᠡᠢ ᠭᠠᠵᠠᠷ ᠠᠪᠠᠴᠢᠭᠰᠠᠨ ᠭᠡᠵᠦ ᠬᠠᠷᠠᠳᠠᠭᠠᠳ ᠡᠢᠰᠢ ᠲᠡᠢᠰᠢ ᠡᠷᠢᠯ ᠰᠤᠷᠠᠭ ᠲᠠᠯᠪᠢᠭᠠᠳ ᠰᠡᠭᠦᠯ ᠳ᠋ᠡᠭᠡᠨ ᠴᠥᠬᠥᠷᠡᠵᠡᠢ᠃ ᠬᠡᠷᠡᠭᠡ ᠶ᠋ᠢ ᠪᠥᠷᠲᠡ ᠳ᠋ᠦ᠍ ᠪᠠᠷᠠᠯᠬᠠᠭᠤᠯᠵᠤ ᠬᠣᠯᠠ ᠵᠠᠮ ᠳ᠋ᠤ᠌ ᠬᠠᠮᠠᠭᠠᠯᠠᠨ ᠶᠠᠪᠤᠨ᠎ᠠ ᠭᠡᠵᠦ ᠦᠭᠡ ᠰᠤᠷᠭᠠᠯ ᠬᠡᠯᠡᠬᠦ ᠪᠣᠯᠬᠤ ᠳ᠋ᠤ᠌ ᠲᠡᠷᠡ ᠵᠠᠯᠠᠭᠤ ᠶ᠋ᠢᠨ ᠬᠠᠴᠢᠨ ᠲᠠᠨᠢᠯ ᠲᠥᠷᠬᠦ ᠨᠢᠳᠦᠨ ᠳ᠋ᠦ᠍ᠨᠢ ᠰᠢᠭᠤᠳ ᠤᠨᠠᠭᠰᠠᠨ ᠪᠢᠯᠡ᠃ ᠡᠨᠡ ᠶᠠᠭ ᠥᠨᠥ ᠪᠢᠴᠢᠯᠲᠡᠢ ᠶ᠋ᠢ ᠦᠵᠡᠭᠰᠡᠨ ᠲᠡᠢ ᠠᠳᠠᠯᠢ ᠬᠡᠷᠡᠭ ᠪᠣᠯᠵᠠᠢ᠃ ᠡᠬᠢᠯᠡᠭᠡᠳ ᠪᠥᠷᠲᠡ ᠶ᠋ᠢᠨ ᠡᠮᠦᠨ᠎ᠡ ᠬᠡᠷᠡᠭᠡ ᠶ᠋ᠢ ᠬᠡᠷᠬᠢᠬᠦ ᠪᠣᠢ ᠭᠡᠰᠡᠨ ᠠᠰᠠᠭᠤᠯᠲᠠ ᠲᠤᠯᠭᠠᠷᠠᠪᠠ᠃ ᠬᠡᠷᠡᠭᠡ ᠶ᠋ᠢ ᠲᠡᠮᠦᠵᠢᠨ ᠥᠪᠡᠷ ᠦ᠋ᠨ ᠬᠥᠪᠡᠭᠦᠨ ᠭᠡᠰᠡᠨ ᠢ᠋ ᠮᠡᠳᠡᠬᠦ ᠦᠭᠡᠢ ᠪᠠᠢᠭ᠎ᠠ ᠳ᠋ᠤ᠌ ᠪᠥᠷᠲᠡ ᠡᠷᠡᠭᠡᠯᠵᠡᠵᠦ ᠡᠬᠢᠯᠡᠪᠡ᠃ ᠥᠪᠡᠷ ᠦ᠋ᠨ ᠲᠥᠷᠥᠭᠰᠡᠨ ᠬᠥᠪᠡᠭᠦᠨ ᠦᠷ᠎ᠡ ᠶ᠋ᠢ ᠡᠮᠦᠨ᠎ᠡ ᠨᠢ ᠵᠣᠭᠰᠣᠵᠤ ᠪᠠᠢᠬᠤ ᠳ᠋ᠤ᠌ ᠲᠠᠨᠢᠬᠤ ᠦᠭᠡᠢ ᠪᠠᠢᠮ᠎ᠠ ᠦᠭᠡᠢ ᠮᠡᠲᠦ ᠰᠠᠨᠠᠭᠳᠠᠭᠠᠳ ᠪᠣᠯᠤᠭᠰᠠᠨ ᠦᠭᠡᠢ᠃ ᠭᠡᠪᠡᠴᠦ ᠲᠠᠨᠢᠯ᠎ᠠ ᠭᠡᠳ ᠬᠡᠷᠡᠭᠡ ᠲᠡᠭᠦᠨ ᠦ᠌ ᠬᠥᠪᠡᠭᠦᠳ ᠲᠦ᠍ ᠥᠷᠢᠰᠦᠯᠳᠦᠭᠴᠢ ᠪᠣᠯᠵᠤ ᠴᠢᠳᠠᠬᠤ ᠦᠭᠡᠢ ᠨᠢ ᠨᠢᠭᠡᠨᠲᠡ ᠲᠣᠳᠣᠷᠬᠠᠢ ᠲᠤᠯᠠ ᠭᠡᠮ ᠦᠭᠡᠢ ᠬᠥᠪᠡᠭᠦᠨ ᠳ᠋ᠦ᠍ ᠬᠣᠣᠷ ᠬᠢᠬᠦ ᠦᠭᠡᠢ ᠪᠠᠢᠬᠤ ᠪᠠᠷ ᠪᠥᠷᠲᠡ ᠡᠴᠦᠰ ᠲᠦ᠋ᠨᠢ ᠰᠢᠢᠳᠴᠡᠢ᠃ ᠤᠴᠢᠷ ᠨᠢ ᠥᠪᠡᠷ ᠦ᠋ᠨ ᠲᠥᠷᠥᠭᠰᠡᠨ ᠬᠦᠦ ᠦᠭᠡᠢ ᠪᠤᠭᠤᠷᠴᠢ ᠂ ᠬᠡᠷᠡᠭᠡ ᠶ᠋ᠢ ᠣᠯᠤᠭᠰᠠᠨ ᠳ᠋ᠠᠭᠠᠨ ᠶᠠᠮᠠᠷ ᠶᠡᠬᠡ ᠠᠵᠠ ᠵᠢᠷᠭᠠᠯᠲᠠᠢ ᠪᠠᠢᠭ᠎ᠠ ᠶ᠋ᠢ ᠣᠢᠯᠠᠭᠠᠭᠠᠳ《ᠡᠨᠡ ᠯᠠᠪ ᠲᠩᠷᠢ ᠶ᠋ᠢᠨ ᠬᠦᠰᠡᠯ ᠪᠢᠵᠡ》 ᠭᠡᠵᠦ ᠪᠣᠳᠣᠨ ᠪᠦᠬᠦ ᠢᠯᠡᠭᠦᠦ ᠰᠠᠨᠠᠭ᠎ᠠ ᠪᠠᠨ ᠮᠠᠷᠲᠠᠵᠠᠢ᠃ ᠲᠡᠭᠦᠨ ᠦ᠌ ᠰᠠᠢᠬᠠᠨ ᠰᠠᠨᠠᠨ ᠢᠯᠡᠭᠡᠭᠰᠡᠨ ᠴᠢᠯᠭᠡᠷ ᠪᠥᠬᠡ ᠶ᠋ᠢᠨ ᠠᠴᠢ ᠬᠥᠪᠡᠭᠦᠨ ᠪᠢᠴᠢᠯᠲᠡᠢ ᠶ᠋ᠢ ᠵᠥᠴᠢ ᠠᠯᠠᠵᠤ ᠣᠷᠬᠢᠭᠰᠠᠨ ᠢ᠋ ᠣᠴᠢᠭᠰᠠᠨ ᠬᠣᠢᠨ᠎ᠠ ᠪᠠᠨ ᠪᠠᠲᠤ ᠠ᠋ᠴᠠ ᠰᠣᠨᠣᠰᠤᠭᠠᠳ ᠪᠥᠷᠲᠡ ᠶᠡᠬᠡᠳᠡ ᠬᠠᠷᠠᠮᠰᠠᠭᠰᠠᠨ ᠨᠢ ᠬᠡᠷᠡᠭᠡ ᠶ᠋ᠢ ᠵᠦᠭᠡᠷ ᠣᠷᠬᠢᠬᠤ ᠳ᠋ᠤ᠌ ᠬᠦᠷᠭᠡᠪᠡ᠃ ᠴᠠᠭ ᠤ᠋ᠨ ᠡᠷᠬᠡ ᠪᠡᠷ ᠨᠠᠰᠤ ᠠᠬᠢᠭᠠᠳ ᠪᠥᠷᠲᠡ ᠤᠶᠠᠨ ᠵᠥᠭᠡᠯᠡᠨ ᠪᠣᠯᠵᠠᠢ᠃ ᠲᠡᠢᠮᠦ ᠤᠴᠢᠷ ᠠ᠋ᠴᠠ ᠬᠡᠷᠡᠭᠡ ᠶ᠋ᠢ ᠲᠩᠷᠢ ᠳ᠋ᠦ᠍ ᠳᠠᠭᠠᠳᠬᠠᠪᠠ᠃ ᠥᠪᠡᠷ ᠲᠦ᠋ᠨᠢ ᠤᠴᠠᠷᠠᠭᠰᠠᠨ ᠠᠶᠤᠯ ᠬᠣᠯᠠᠳᠠᠭᠰᠠᠨ ᠢ᠋ ᠮᠡᠳᠡᠭᠡ ᠦᠭᠡᠢ ᠬᠡᠷᠡᠭᠡ ᠴᠢᠩᠭᠢᠰ ᠬᠠᠭᠠᠨ ᠢ᠋ ᠬᠠᠮᠠᠭᠠᠯᠠᠬᠤ ᠮᠢᠩᠭᠠᠨ ᠴᠡᠷᠢᠭ ᠦ᠋ᠨ ᠢ᠋ᠶ᠋ᠡᠨ ᠡᠮᠦᠨ᠎ᠡ ᠪᠠᠶᠠᠷᠲᠠᠢ ᠪᠠᠷ ᠣᠳᠴᠠᠢ᠃ 《ᠬᠥᠪᠡᠭᠦᠨ ᠴᠢ ᠥᠪᠡᠷ ᠦ᠋ᠨ ᠬᠢ ᠪᠡᠷ ᠢ᠋ᠶ᠋ᠡᠨ ᠠᠮᠢᠳᠤᠷᠠ ᠳᠠ᠂ ᠬᠠᠲᠠᠭᠠᠨ ᠡᠬᠡ ᠴᠢᠨᠢ ᠴᠢᠮᠠᠶ᠋ᠢ ᠬᠠᠷᠠᠭᠠᠳ ᠪᠡᠶᠡᠰᠴᠦ ᠶᠠᠪᠤᠭ》 ᠭᠡᠵᠦ ᠪᠥᠷᠲᠡ ᠴᠢᠩᠭᠢᠰ ᠬᠠᠭᠠᠨ ᠢ᠋ ᠦᠳᠡᠬᠦ ᠳ᠋ᠡᠭᠡᠨ ᠳᠣᠲᠣᠷ᠎ᠠ ᠪᠠᠨ ᠬᠡᠯᠡᠵᠡᠢ᠃ ᠢᠩᠭᠢᠵᠦ ᠬᠡᠷᠡᠭᠡ ᠶ᠋ᠢᠨ ᠠᠮᠢᠳᠤᠷᠠᠯ ᠰᠢᠢᠳᠦᠭᠳᠡᠪᠡ᠃ ᠬᠠᠷᠢᠨ ᠬᠡᠷᠡᠭᠡ ᠥᠪᠡᠷ ᠢ᠋ ᠪᠡᠨ ᠪᠤᠭᠤᠷᠴᠢ ᠶ᠋ᠢᠨ ᠬᠥᠪᠡᠭᠦᠨ ᠭᠡᠳᠡᠭ ᠲᠦ᠍ ᠡᠷᠡᠭᠡᠯᠵᠡᠯ ᠦᠭᠡᠢ ᠢᠲᠡᠭᠡᠭᠰᠡᠨ ᠪᠥᠭᠡᠳ ᠣᠳᠣ ᠲᠡᠭᠦᠨ ᠰᠢᠭ ᠠᠵᠠ ᠵᠢᠷᠭᠠᠯᠲᠠᠢ ᠬᠥᠮᠦᠨ ᠴᠢᠩᠭᠢᠰ ᠬᠠᠭᠠᠨ ᠤ᠋ ᠠᠷᠪᠠᠨ ᠨᠠᠢ᠍ᠮᠠᠨ ᠲᠦᠮᠡ ᠴᠡᠷᠢᠭ ᠦ᠋ᠨ ᠳᠣᠲᠣᠷ᠎ᠠ ᠪᠠᠢᠭᠰᠠᠨ ᠦᠭᠡᠢ ᠪᠢᠯᠡ᠃ ᠴᠢᠩᠭᠢᠰ ᠬᠠᠭᠠᠨ ᠤ᠋ ᠲᠣᠷᠭᠠᠨ ᠴᠡᠷᠢᠭ ᠢ᠋ ᠬᠠᠭᠤᠴᠢᠨ ᠬᠡᠪ ᠢ᠋ᠶ᠋ᠡᠷ ᠪᠤᠭᠤᠷᠴᠢ ᠤᠳᠤᠷᠢᠳᠴᠤ ᠬᠠᠷᠢᠨ ᠴᠢᠩᠭᠢᠰ ᠬᠠᠭᠠᠨ ᠤ᠋ ᠭᠡᠷ ᠲᠡᠷᠭᠡ ᠶ᠋ᠢᠨ ᠵᠡᠭᠦᠨ ᠲᠠᠯ᠎ᠠ ᠳ᠋ᠤ᠌ ᠵᠡᠯᠮ᠎ᠡ ᠶ᠋ᠢᠨ ᠬᠥᠪᠡᠭᠦᠨ ᠶᠢᠰᠦᠨᠲᠠᠢ ᠶ᠋ᠢᠨ ᠮᠢᠩᠭᠠᠲᠤ᠂ ᠪᠠᠷᠠᠭᠤᠨ ᠲᠠᠯ᠎ᠠ ᠳ᠋ᠤ᠌ ᠪᠤᠭᠤᠷᠴᠢ ᠶ᠋ᠢᠨ ᠬᠥᠪᠡᠭᠦᠨ ᠬᠡᠷᠡᠭᠡ ᠶ᠋ᠢᠨ ᠮᠢᠩᠭᠠᠲᠤ ᠬᠠᠮᠠᠭᠠᠯᠠᠨ ᠶᠠᠪᠤᠵᠤ ᠪᠠᠢᠭ᠎ᠠ ᠶ᠋ᠢ ᠴᠢᠩᠭᠢᠰ ᠬᠠᠭᠠᠨ ᠵᠠᠷᠯᠢᠭ ᠪᠣᠯᠭᠠᠵᠠᠢ᠃ 
       ᠬᠡᠷᠡᠭᠡ ᠶ᠋ᠢᠨ ᠮᠢᠩᠭᠠᠲᠤ ᠴᠢᠩᠭᠢᠰ ᠬᠠᠭᠠᠨ ᠤ᠋ ᠠᠮᠢ ᠪᠡᠶ᠎ᠡ ᠶ᠋ᠢ ᠬᠠᠮᠠᠭᠠᠯᠠᠨ ᠶᠠᠪᠤᠬᠤ ᠡᠭᠦᠷᠭᠡ ᠲᠡᠢ ᠲᠤᠯᠠ ᠶᠠᠮᠠᠷ ᠴᠤ᠌ ᠦᠶ᠎ᠡ ᠳ᠋ᠦ᠍ ᠬᠠᠭᠠᠨ ᠤ᠋ ᠳᠡᠷᠭᠡᠳᠡ ᠡᠴᠡ ᠦᠯᠦ ᠬᠣᠯᠠᠳᠤᠨ᠎ᠠ᠃ ᠥᠨᠥᠬᠢ ᠬᠤᠯᠠᠨ ᠤ᠋ ᠠᠪᠠ ᠪᠠᠷ ᠬᠡᠷᠡᠭᠡ ᠬᠠᠮᠤᠭ ᠤ᠋ᠨ ᠰᠢᠯᠢᠳᠡᠭ ᠵᠠᠭᠤᠨ ᠴᠡᠷᠢᠭ ᠦ᠋ᠨ ᠢ᠋ᠶ᠋ᠡᠨ ᠬᠠᠮᠲᠤ ᠴᠢᠩᠭᠢᠰ ᠬᠠᠭᠠᠨ ᠠ᠋ᠴᠠ ᠬᠡᠳᠦᠬᠡᠨ ᠠᠯᠬᠤᠮ ᠤ᠋ᠨ ᠵᠠᠢᠲᠠᠢ ᠬᠤᠯᠠᠨ ᠰᠢᠬᠠᠵᠤ ᠶᠠᠪᠤᠵᠠᠢ᠃ ᠴᠢᠩᠭᠢᠰ ᠬᠠᠭᠠᠨ ᠤ᠋ ᠴᠡᠷᠢᠭ ᠲᠠᠩᠭᠤᠳ ᠤᠷᠤᠭᠤ ᠠᠶᠠᠯᠠᠨ ᠶᠠᠪᠤᠬᠤ ᠵᠠᠮ ᠵᠠᠭᠤᠷ᠎ᠠ ᠳ᠋ᠤ᠌ ᠬᠤᠯᠠᠨ ᠠᠪᠠᠯᠠᠬᠤ ᠴᠠᠭ ᠲᠠᠭᠠᠷᠠᠭᠰᠠᠨ ᠨᠢ ᠴᠢᠩᠭᠢᠰ ᠬᠠᠭᠠᠨ ᠤ᠋ ᠪᠣᠯᠤᠭᠠᠳ ᠲᠡᠭᠦᠨ ᠦ᠌ ᠰᠢᠳᠠᠷ ᠨᠥᠬᠥᠳ ᠶᠡᠷᠦ ᠡᠴᠡ ᠮᠣᠩᠭᠣᠯᠴᠤᠳ ᠤ᠋ᠨ ᠬᠤᠪᠢ ᠳ᠋ᠤ᠌ ᠶᠠᠭᠤ ᠠᠪᠴᠢᠷᠠᠬᠤ ᠶ᠋ᠢ ᠬᠡᠨ ᠴᠦ᠍ ᠤᠷᠢᠳᠴᠢᠯᠠᠨ ᠮᠡᠳᠡᠬᠦ ᠠᠷᠭ᠎ᠠ ᠦᠭᠡᠢ ᠪᠠᠢᠪᠠ᠃ ᠬᠡᠷᠪᠡ ᠳᠠᠪ ᠲᠩᠷᠢ ᠪᠥᠬᠡ ᠪᠠᠢᠭᠰᠠᠨ ᠪᠣᠯ ᠴᠢᠩᠭᠢᠰ ᠬᠠᠭᠠᠨ ᠢ᠋ ᠬᠤᠯᠠᠨ ᠠᠪᠠᠯᠠᠬᠤ ᠪᠠᠷ ᠪᠤᠤ ᠶᠠᠪᠤ ᠭᠡᠬᠦ ᠪᠠᠢᠭᠰᠠᠨ ᠪᠢᠵᠡ ᠠ᠋᠃ ᠴᠢᠩᠭᠢᠰ ᠬᠠᠭᠠᠨ᠂ ᠰᠠᠭᠤᠭ᠎ᠠ ᠠᠮᠢᠳᠤᠷᠠᠯ ᠢ᠋ᠶ᠋ᠠᠨ ᠰᠡᠷᠭᠦᠭᠡᠵᠦ ᠬᠡᠢ ᠮᠣᠷᠢ ᠪᠠᠳᠠᠷᠠᠭᠠᠬᠤ ᠪᠠᠷ ᠵᠣᠰᠣᠲᠤ ᠪᠤᠭᠤᠷᠤᠯ ᠮᠣᠷᠢᠨ ᠳ᠋ᠠᠭᠠᠨ ᠮᠣᠷᠳᠠᠨ ᠳᠠᠪᠬᠢᠵᠠᠢ᠃ ᠲᠠᠯ᠎ᠠ ᠶ᠋ᠢᠨ ᠡᠩᠭᠡᠷ ᠢ᠋ᠶ᠋ᠡᠷ ᠲᠠᠷᠬᠠᠭᠰᠠᠨ ᠲᠣᠭ᠎ᠠ ᠲᠣᠮᠰᠢ ᠦᠭᠡᠢ ᠣᠯᠠᠨ ᠬᠤᠯᠠᠨ ᠤ᠋ ᠰᠦᠷᠦᠭ ᠢ᠋ ᠲᠣᠷᠭᠠᠨ ᠴᠡᠷᠢᠭ ᠦ᠋ᠳ ᠪᠦᠰᠡᠯᠡᠨ ᠰᠢᠬᠠᠵᠤ ᠴᠢᠩᠭᠢᠰ ᠬᠠᠭᠠᠨ ᠪᠣᠯᠤᠭᠠᠳ ᠬᠠᠷᠪᠤᠭᠠᠴᠢ ᠴᠡᠷᠢᠭ ᠦ᠋ᠳ ᠲᠦ᠍ ᠳᠥᠬᠥᠭᠦᠯᠦᠨ ᠥᠭᠴᠡᠢ᠃ ᠠᠩ ᠬᠢᠬᠦ ᠨᠢ ᠤᠭ ᠠ᠋ᠴᠠ ᠮᠣᠩᠭᠣᠯ ᠴᠡᠷᠢᠭ ᠦ᠋ᠨ ᠳᠠᠢᠳᠤᠬᠤ ᠪᠠᠢᠯᠳᠤᠬᠤ ᠰᠤᠷᠭᠠᠭᠤᠯᠢ ᠶ᠋ᠢᠨ ᠨᠢᠭᠡ ᠬᠡᠰᠡᠭ ᠲᠤᠯᠠ ᠪᠦᠭᠦᠳᠡ ᠶ᠋ᠢ ᠶᠠᠭ ᠯᠠ ᠠᠲᠠᠭᠠᠲᠠᠨ ᠳᠠᠢᠰᠤᠨ ᠲᠠᠢ ᠲᠤᠯᠤᠯᠳᠤᠵᠤ ᠪᠠᠢᠭ᠎ᠠ ᠮᠡᠲᠦ ᠴᠢᠩᠳᠠ ᠪᠡᠯᠡᠳᠬᠡᠳᠡᠭ ᠪᠢᠯᠡ᠃ ᠡᠨᠡ ᠤᠳᠠᠭ᠎ᠠ ᠳ᠋ᠤ᠌ ᠴᠤ᠌ ᠶᠠᠭ ᠲᠡᠭᠡᠵᠦ ᠪᠡᠯᠡᠳᠬᠡᠵᠡᠢ᠃ ᠴᠢᠩᠭᠢᠰ ᠬᠠᠭᠠᠨ ᠤ᠋ ᠳᠡᠷᠭᠡᠳᠡ ᠬᠡᠷᠡᠭᠡ ᠡᠴᠡ ᠭᠠᠳᠠᠨ᠎ᠠ ᠨᠤᠮᠤ ᠰᠤᠮᠤ ᠪᠠᠷᠢᠭᠴᠢ ᠳᠥᠷᠪᠡᠨ ᠴᠡᠷᠢᠭ ᠳᠠᠭᠠᠯᠳᠤᠵᠠᠢ᠃ ᠡᠳᠡᠨ ᠡᠴᠡ ᠬᠣᠷᠢ ᠭᠠᠷᠤᠢ ᠠᠯᠲᠠ ᠶ᠋ᠢᠨ ᠴᠠᠭᠠᠨ᠎ᠠ ᠲᠣᠷᠭᠠᠨ ᠴᠡᠷᠢᠭ ᠦ᠋ᠳ ᠭᠤᠳᠤᠮᠯᠠᠨ ᠡᠩᠨᠡᠨ ᠵᠣᠭᠰᠣᠭᠰᠠᠨ ᠨᠢ ᠬᠥᠮᠦᠨ ᠬᠠᠰᠢᠶ᠎ᠠ ᠮᠡᠲᠦ ᠪᠣᠯᠤᠭᠠᠳ ᠲᠡᠳᠡᠨ ᠦ᠌ ᠳᠤᠮᠳᠠᠭᠤᠷ ᠰᠢᠬᠠᠭᠳᠠᠨ ᠣᠷᠣᠵᠤ ᠢᠷᠡᠭᠰᠡᠨ ᠬᠤᠯᠠᠨ ᠢ᠋ ᠴᠢᠩᠭᠢᠰ ᠬᠠᠭᠠᠨ ᠬᠥᠭᠡᠭᠡᠵᠦ ᠮᠣᠷᠢᠨ ᠤ᠋ ᠶᠠᠪᠤᠳᠠᠯ ᠳᠤᠮᠳᠠ ᠬᠠᠷᠪᠤᠨ ᠨᠠᠮᠨᠠᠬᠤ ᠠᠵᠢ᠃ ᠴᠢᠩᠭᠢᠰ ᠬᠠᠭᠠᠨ ᠠ᠋ᠴᠠ ᠮᠤᠯᠲᠤᠷᠠᠵᠤ ᠥᠩᠭᠡᠷᠡᠭᠰᠡᠨ ᠬᠤᠯᠠᠨ ᠤ᠋ ᠰᠦᠷᠦᠭ ᠳᠠᠷᠠᠭ᠎ᠠ ᠶ᠋ᠢᠨ ᠬᠥᠮᠦᠨ ᠬᠣᠭᠣᠯᠠᠢ ᠳ᠋ᠤ᠌ ᠰᠢᠬᠠᠭᠳᠠᠨ ᠣᠷᠣᠬᠤ ᠳ᠋ᠤ᠌ ᠰᠠᠶᠢ ᠴᠡᠷᠢᠭ ᠦ᠋ᠳ ᠬᠠᠷᠪᠤᠵᠤ ᠡᠬᠢᠯᠡᠨ᠎ᠡ᠃ ᠡᠨᠡ ᠪᠣᠯ ᠠᠩ ᠤ᠋ᠨ ᠨᠢᠭᠡᠨᠲᠡ ᠲᠣᠭᠲᠠᠭᠰᠠᠨ ᠲᠢᠭ ᠵᠠᠶᠢᠭ ᠶᠤᠮ᠃ ᠣᠯᠠᠨ ᠮᠢᠩᠭᠠᠨ ᠵᠡᠷᠯᠢᠭ ᠠᠳᠤᠭᠤᠰᠤᠨ ᠤ᠋ ᠲᠤᠭᠤᠷᠠᠢ ᠶ᠋ᠢᠨ ᠴᠢᠮᠡᠭᠡ ᠲᠡᠭᠷᠢ ᠳᠤᠤᠭᠠᠷᠬᠤ ᠶ᠋ᠢᠨ ᠠᠳᠠᠯᠢ ᠨᠦᠷᠭᠢᠯᠡᠭᠡᠳ ᠬᠥᠮᠦᠨ ᠮᠣᠷᠢᠳ ᠤ᠋ᠨ ᠵᠢᠷᠦᠬᠡ ᠶ᠋ᠢ ᠬᠥᠭᠡᠷᠭᠡᠨ᠎ᠡ᠃ ᠵᠡᠷᠯᠢᠭ ᠠᠳᠤᠭᠤᠨ ᠤ᠋ ᠲᠦᠷᠦᠭᠦᠨ ᠳ᠋ᠦ᠍ ᠬᠣᠩᠭᠣᠷ ᠰᠣᠶᠣᠯᠠᠩ ᠠᠵᠢᠷᠭ᠎ᠠ ᠮᠠᠩᠯᠠᠢᠯᠠᠨ ᠦᠬᠦᠯ ᠦ᠋ᠨ ᠢ᠋ᠶ᠋ᠡᠨ ᠵᠦᠭ ᠳᠠᠪᠬᠢᠵᠤ ᠶᠠᠪᠤᠯ᠎ᠠ᠃ ᠰᠦᠷᠦᠭ ᠦ᠋ᠨ ᠳᠣᠲᠣᠷ᠎ᠠ ᠠ᠋ᠴᠠ ᠬᠠᠮᠤᠭ ᠤ᠋ᠨ ᠵᠣᠷᠢᠭᠲᠠᠢ᠂ ᠬᠦᠴᠦ ᠴᠢᠳᠠᠯᠲᠠᠢ ᠨᠢ ᠢᠩᠭᠢᠵᠦ ᠦᠬᠦᠯ ᠦ᠋ᠨ ᠥᠭᠡᠳᠡ ᠡᠴᠡ ᠨᠢᠳᠦ ᠪᠡᠨ ᠴᠠᠪᠴᠢᠬᠤ ᠦᠭᠡᠢ ᠳᠠᠭᠠᠷᠢᠨ ᠢᠷᠡᠬᠦ ᠶ᠋ᠢ ᠬᠠᠷᠠᠬᠤ ᠦᠨᠡᠬᠡᠷ ᠪᠠᠬᠠᠲᠠᠢ ᠪᠠᠢᠳᠠᠭ ᠪᠢᠯᠡ᠃ ᠰᠦᠷᠦᠭ ᠦ᠋ᠨ ᠮᠠᠩᠯᠠᠢ ᠶ᠋ᠢ ᠬᠠᠷᠪᠤᠨ ᠠᠯᠠᠬᠤ ᠨᠢ ᠴᠢᠩᠭᠢᠰ ᠬᠠᠭᠠᠨ ᠤ᠋ ᠭᠠᠭᠴᠠ ᠬᠦᠰᠡᠯ ᠶᠦᠮ᠃ ᠲᠡᠷᠡ ᠡᠳᠦᠷ ᠶᠠᠭ ᠠᠩᠬ᠎ᠠ ᠤᠳᠠᠭ᠎ᠠ ᠬᠤᠯᠠᠨ ᠤ᠋ ᠰᠦᠷᠦᠭ ᠢ᠋ ᠲᠣᠰᠴᠤ ᠵᠣᠭᠰᠣᠭ᠎ᠠ ᠮᠡᠲᠦ ᠳᠣᠭᠳᠣᠯᠤᠭᠠᠳ ᠮᠠᠩᠯᠠᠢᠯᠠᠨ ᠳᠣᠪᠲᠣᠯᠤᠭᠴᠢ ᠬᠤᠯᠠᠨ ᠤ᠋ ᠠᠵᠢᠷᠭ᠎ᠠ ᠶ᠋ᠢ ᠤᠨᠤᠭᠠᠨ ᠬᠠᠷᠠᠵᠤ ᠨᠤᠮᠤ ᠪᠠᠨ ᠲᠠᠲᠠᠬᠤ ᠳ᠋ᠤ᠌ ᠪᠡᠯᠡᠳᠴᠦ ᠪᠠᠢᠪᠠ᠃ ᠬᠥᠮᠦᠨ ᠠᠳᠤᠭᠤᠰᠤ ᠬᠣᠶᠠᠷ ᠤ᠋ᠨ ᠵᠠᠢ ᠣᠢᠷᠠᠲᠤᠵᠤ ᠠᠵᠢᠷᠭᠠᠨ ᠤ᠋ ᠰᠠᠷᠲᠠᠯᠵᠠᠭᠰᠠᠨ ᠬᠠᠮᠠᠷ ᠳᠦᠷᠡᠯᠵᠡᠭᠰᠡᠨ ᠨᠢᠳᠦ ᠬᠠᠷᠠᠭᠳᠠᠵᠤ ᠡᠬᠢᠯᠡᠪᠡ᠃ ᠬᠣᠷᠣᠮ ᠤ᠋ᠨ ᠳᠣᠲᠣᠷ᠎ᠠ ᠴᠢᠩᠭᠢᠰ ᠬᠠᠭᠠᠨ ᠵᠥᠪᠬᠡᠨ ᠲᠡᠷᠡ ᠳᠦᠷᠡᠯᠵᠡᠭᠰᠡᠨ ᠨᠢᠳᠦᠨ ᠡᠴᠡ ᠥᠭᠡᠷ᠎ᠡ ᠶᠠᠭᠤ ᠴᠤ᠌ ᠬᠠᠷᠠᠵᠤ᠂ ᠶᠠᠭᠤ ᠴᠤ᠌ ᠰᠣᠨᠣᠰᠬᠤ ᠦᠭᠡᠢ ᠪᠣᠯᠵᠠᠢ᠃ ᠬᠤᠯᠠᠨ ᠤ᠋ ᠠᠵᠢᠷᠭ᠎ᠠ ᠬᠡᠳᠦᠬᠡᠨ ᠠᠯᠬᠤᠮ ᠳᠥᠭᠥᠨ ᠢᠷᠡᠭᠡᠳ ᠰᠢᠭᠠᠭᠰᠠᠨ ᠭᠠᠳᠠᠰᠤ ᠮᠡᠲᠦ ᠵᠣᠭᠰᠣᠬᠤ ᠳ᠋ᠤ᠌ ᠰᠦᠷᠦᠭ ᠨᠢ ᠴᠦ᠍ ᠵᠣᠭ ᠲᠤᠰᠪᠠ᠃ ᠬᠤᠯᠠᠨ ᠤ᠋ ᠰᠦᠷᠦᠭ ᠦ᠋ᠨ ᠬᠥᠯ ᠢ᠋ᠶ᠋ᠡᠷ ᠪᠣᠰᠤᠭᠰᠠᠨ ᠬᠥᠰᠢᠭᠡᠯᠡᠭᠰᠡᠨ ᠶᠡᠬᠡ ᠲᠣᠭᠣᠰᠣ ᠲᠡᠷᠡ ᠳᠠᠷᠤᠢ ᠨᠥᠮᠥᠷᠦᠨ ᠢᠷᠡᠭᠡᠳ ᠣᠢᠷ᠎ᠠ ᠵᠠᠭᠤᠷ᠎ᠠ ᠶ᠋ᠢᠨ ᠵᠦᠢᠯ ᠦᠵᠡᠭᠳᠡᠬᠦ ᠦᠭᠡᠢ ᠪᠣᠯᠤᠭᠰᠠᠨ ᠴᠤ᠌ ᠴᠢᠩᠭᠢᠰ ᠬᠠᠭᠠᠨ ᠥᠨᠥᠬᠢ ᠳᠦᠷᠯᠡᠭᠡᠷ ᠨᠢᠳᠦ ᠶ᠋ᠢ ᠰᠢᠷᠳᠡᠭᠰᠡᠭᠡᠷ ᠰᠤᠮᠤ ᠪᠠᠨ ᠲᠠᠯᠪᠢᠵᠤ ᠴᠢᠳᠠᠬᠤ ᠦᠭᠡᠢ ᠮᠣᠷᠢ ᠲᠠᠢ ᠪᠠᠨ ᠡᠷᠭᠢᠯᠳᠦᠵᠦ ᠣᠯᠠᠨ ᠬᠤᠯᠠᠨ ᠲᠡᠭᠦᠨ ᠢ᠋ ᠲᠣᠭᠣᠷᠢᠨ ᠳᠠᠪᠬᠢᠵᠤ ᠪᠠᠢᠯ᠎ᠠ᠃ ᠭᠡᠨᠡᠳᠲᠡ ᠴᠢᠩᠭᠢᠰ ᠬᠠᠭᠠᠨ ᠨᠤᠮᠤ ᠪᠠᠨ ᠬᠠᠶᠠᠵᠤ ᠮᠣᠷᠢᠨ ᠤ᠋ ᠪᠠᠨ ᠠᠮᠠ ᠶ᠋ᠢ ᠭᠡᠳᠡᠢᠲᠡᠯ᠎ᠡ ᠲᠡᠳᠡᠨ ᠰᠣᠴᠢᠯ᠎ᠠ᠃ ᠲᠡᠭᠦᠨ ᠡᠴᠡ ᠬᠡᠳᠦᠬᠡᠨ ᠠᠯᠬᠤᠮ ᠤ᠋ᠨ ᠴᠠᠭᠠᠨ᠎ᠠ ᠬᠤᠯᠠᠨ ᠬᠠᠲᠤᠨ ᠨᠢ ᠢᠨᠢᠶᠡᠮᠰᠦᠭᠯᠡᠨ ᠭᠠᠷ ᠢ᠋ᠶ᠋ᠠᠨ ᠰᠤᠩᠭᠠᠭᠠᠳ ᠵᠣᠭᠰᠣᠵᠤ ᠪᠠᠢᠪᠠ᠃ ᠬᠤᠯᠠᠨ ᠬᠠᠲᠤᠨ ᠤ᠋ ᠬᠥᠯ ᠦ᠋ᠨ ᠥᠯᠮᠡᠢ ᠳ᠋ᠦ᠍ ᠥᠨᠥᠬᠢ ᠳᠣᠭᠰᠢᠨ ᠠᠵᠢᠷᠭ᠎ᠠ ᠲᠣᠯᠣᠭᠠᠢ ᠪᠠᠨ ᠲᠠᠯᠪᠢᠵᠤ ᠰᠥᠬᠥᠷᠡᠬᠦ ᠶ᠋ᠢ ᠦᠵᠡᠵᠡᠢ᠃ ᠬᠤᠯᠠᠨ ᠬᠠᠲᠤᠨ ᠠᠵᠢᠷᠭ᠎ᠠ ᠶ᠋ᠢᠨ ᠨᠢᠷᠤᠭᠤᠨ ᠳᠡᠭᠡᠷ᠎ᠡ ᠭᠢᠰᠬᠢᠵᠦ ᠲᠡᠷᠡ ᠨᠢ ᠣᠭᠲᠣ ᠬᠥᠳᠡᠯᠬᠦ ᠦᠭᠡᠢ ᠴᠢᠩᠭᠢᠰ ᠬᠠᠭᠠᠨ ᠢ᠋ ᠰᠢᠷᠲᠡᠬᠦ ᠠᠵᠢ᠃ ᠭᠡᠲᠡᠯ᠎ᠡ ᠨᠢᠳᠦ ᠢᠷᠮᠡᠵᠦ ᠠᠮᠵᠢᠭ᠎ᠠ ᠦᠭᠡᠢ ᠪᠠᠢᠲᠠᠯ᠎ᠠ ᠬᠤᠯᠠᠨ ᠤ᠋ ᠰᠦᠷᠦᠭ ᠳᠤᠮᠳᠠ ᠠ᠋ᠴᠠ ᠲᠠᠰᠤ ᠬᠠᠷ᠎ᠠ ᠵᠢᠰᠦᠮ ᠦ᠋ᠨ ᠠᠵᠢᠷᠭ᠎ᠠ ᠳᠡᠭᠦᠯᠢᠨ ᠭᠠᠷᠴᠤ ᠢᠷᠡᠭᠡᠳ ᠰᠢᠳᠦᠨ ᠡᠴᠡ ᠪᠡᠨ ᠭᠠᠯ ᠤᠯᠠᠯᠵᠠᠲᠠᠯ᠎ᠠ ᠢᠨᠴᠠᠭᠠᠨ ᠴᠢᠩᠭᠢᠰ ᠬᠠᠭᠠᠨ ᠤ᠋ ᠵᠦᠭ ᠳᠠᠭᠠᠷᠢᠵᠠᠢ᠃ ᠬᠠᠷ᠎ᠠ ᠠᠵᠢᠷᠭ᠎ᠠ ᠶ᠋ᠢᠨ ᠬᠥᠯ ᠳ᠋ᠦ᠍ ᠬᠤᠯᠠᠨ ᠬᠠᠲᠤᠨ ᠨᠢ ᠳᠠᠭᠠᠷᠢᠭᠳᠠᠨ ᠤᠨᠠᠬᠤ ᠳ᠋ᠤ᠌ ᠴᠢᠩᠭᠢᠰ ᠬᠠᠭᠠᠨ 
       | ᠬᠤᠯᠠᠨ ᠭᠡᠵᠦ ᠬᠠᠰᠬᠢᠷᠤᠭᠠᠳ ᠤᠬᠤᠰᠬᠢᠵᠡᠢ᠃ ᠭᠡᠲᠡᠯ᠎ᠡ ᠵᠣᠰᠣᠲᠤ ᠪᠤᠭᠤᠷᠤᠯ ᠮᠣᠷᠢ ᠨᠢ ᠣᠭᠲᠣ ᠰᠠᠨᠠᠭᠰᠠᠨ ᠢ᠋ᠶ᠋ᠠᠷ ᠪᠣᠯᠤᠭᠰᠠᠨ ᠦᠭᠡᠢ ᠭᠡᠨᠡᠳᠲᠡ ᠪᠤᠬᠠᠨ ᠲᠡᠭᠦᠨ ᠢ᠋ ᠤᠨᠠᠭᠠᠬᠤ ᠳ᠋ᠤ᠌ ᠳᠣᠲᠣᠷ᠎ᠠ ᠨᠢ ᠪᠠᠴᠢᠭᠤᠷᠠᠨ ᠤᠬᠠᠭᠠᠨ ᠪᠠᠯᠠᠷᠲᠤᠵᠠᠢ᠃ ᠬᠡᠨ ᠨᠢᠭᠡᠨ ᠦ᠌ ᠵᠥᠭᠡᠯᠡᠨ ᠭᠠᠷ ᠨᠢᠭᠤᠷ ᠬᠦᠵᠦᠭᠦᠨ ᠳ᠋ᠦ᠍ᠨᠢ ᠬᠦᠷᠴᠦ ᠪᠠᠢᠬᠤ ᠰᠢᠭ᠋ ᠰᠠᠨᠠᠭᠳᠠᠭᠰᠠᠨ ᠪᠢᠯᠡ᠃ ᠬᠠᠷ᠎ᠠ ᠠᠵᠢᠷᠭ᠎ᠠ ᠡᠷᠴᠢ ᠪᠡᠷ ᠢ᠋ᠶ᠋ᠡᠨ ᠴᠢᠩᠭᠢᠰ ᠬᠠᠭᠠᠨ ᠤ᠋ ᠬᠠᠮᠠᠭᠠᠯᠠᠭᠴᠢ ᠴᠡᠷᠢᠭ ᠦ᠋ᠳ ᠢ᠋ ᠴᠠᠪᠴᠢᠯᠠᠨ ᠳᠠᠭᠠᠷᠢᠵᠠᠢ᠃ ᠬᠡᠷᠪᠡ ᠴᠢᠩᠭᠢᠰ ᠬᠠᠭᠠᠨ ᠮᠣᠷᠢᠨ ᠠ᠋ᠴᠠ ᠤᠨᠠᠭ᠎ᠠ ᠦᠭᠡᠢ ᠪᠣᠯ ᠬᠠᠷ᠎ᠠ ᠠᠵᠢᠷᠭ᠎ᠠ ᠶ᠋ᠢᠨ ᠲᠤᠭᠤᠷᠠᠢ ᠳ᠋ᠤ᠌ ᠴᠠᠪᠴᠢᠭᠳᠠᠨ ᠦᠬᠦᠬᠦ ᠪᠠᠢᠵᠠᠢ᠃ ᠬᠠᠷ᠎ᠠ ᠠᠵᠢᠷᠭ᠎ᠠ ᠶ᠋ᠢᠨ ᠣᠩᠭᠠᠯᠳᠤᠬᠤ ᠳᠠᠭᠤᠨ ᠢ᠋ᠶ᠋ᠠᠷ ᠬᠤᠯᠠᠨ ᠤ᠋ ᠰᠦᠷᠦᠭ ᠬᠠᠰᠢᠯᠭ᠎ᠠ ᠪᠠᠨ ᠡᠪᠳᠡᠬᠦ ᠦᠶᠡᠷ ᠦ᠋ᠨ ᠤᠰᠤ ᠠᠳᠠᠯᠢ ᠳᠠᠭᠠᠷᠢᠵᠠᠢ᠃ ᠡᠨᠳᠡ ᠠᠩ ᠪᠢᠰᠢ ᠠᠳᠤᠭᠤᠰᠤ ᠬᠥᠮᠦᠨ ᠬᠣᠶᠠᠷ ᠤ᠋ᠨ ᠠᠶᠤᠮᠰᠢᠭᠲᠤ ᠲᠤᠯᠤᠯᠳᠤᠭᠠᠨ ᠪᠣᠯᠵᠠᠢ᠃ ᠪᠢᠲᠡᠭᠦᠦ ᠲᠣᠭᠣᠰᠣᠨ ᠳᠤᠮᠳᠠ ᠠ᠋ᠴᠠ ᠴᠢᠩᠭᠢᠰ ᠬᠠᠭᠠᠨ ᠤ᠋《ᠬᠤᠯᠠᠨ》 ᠭᠡᠵᠦ ᠠᠶᠤᠮᠰᠢᠭᠲᠠᠢ ᠪᠠᠷ ᠪᠠᠷᠬᠢᠷᠠᠬᠤ ᠶ᠋ᠢ ᠰᠣᠨᠣᠰᠤᠭᠰᠠᠨ ᠬᠡᠷᠡᠭᠡ ᠳᠠᠭᠠᠭᠤᠯ ᠤ᠋ᠳ ᠤ᠋ᠨ ᠬᠠᠮᠲᠤ ᠲᠣᠭᠣᠰᠣᠨ ᠳᠤᠮᠳᠠ ᠬᠠᠷ᠎ᠠ ᠲᠠᠭᠠᠮᠠᠭ ᠢ᠋ᠶ᠋ᠠᠷ ᠳᠠᠭᠠᠷᠢᠨ ᠣᠷᠣᠵᠠᠢ᠃ ᠲᠡᠷᠡ ᠳᠣᠣᠷ᠎ᠠ ᠪᠠᠨ ᠯᠠ ᠪᠦᠭᠦᠳᠡ ᠠᠶᠤᠮᠰᠢᠭ ᠲᠤ᠌ ᠠᠪᠲᠠᠵᠤ ᠤᠬᠠᠭᠠᠨ ᠠᠯᠳᠠᠵᠠᠢ᠃ ᠴᠢᠩᠭᠢᠰ ᠬᠠᠭᠠᠨ ᠬᠤᠯᠠᠨ ᠤ᠋ ᠰᠦᠷᠦᠭ ᠦ᠋ᠨ ᠬᠥᠯ ᠳ᠋ᠦ᠍ ᠳᠠᠭᠠᠷᠢᠭᠳᠠᠨ ᠦᠬᠦᠭᠰᠡᠨ ᠨᠢ ᠨᠢᠭᠡᠨᠲᠡ ᠲᠣᠳᠣᠷᠬᠠᠢ ᠪᠣᠯᠵᠠᠢ᠃ ᠭᠠᠯᠵᠠᠭᠤᠷᠠᠭᠰᠠᠨ ᠬᠤᠯᠠᠨ ᠤ᠋ ᠰᠦᠷᠦᠭ ᠦ᠋ᠨ ᠳᠤᠮᠳᠠᠭᠤᠷ ᠣᠷᠣᠬᠤ ᠨᠢ ᠦᠬᠦᠭᠰᠡᠨ ᠲᠡᠢ ᠶᠠᠭ ᠠᠳᠠᠯᠢ ᠬᠡᠷᠡᠭ ᠶᠦᠮ᠃ ᠲᠣᠭᠣᠰᠣ ᠠᠯᠭᠤᠷ ᠨᠠᠮᠳᠠᠲᠠᠯ᠎ᠠ ᠪᠦᠭᠦᠳᠡ ᠳᠠᠭᠤ ᠦᠭᠡᠢ ᠵᠣᠭᠰᠣᠵᠠᠭᠠᠪᠠ᠃ ᠲᠡᠭᠡᠲᠡᠯ᠎ᠡ ᠲᠡᠳᠡᠨ ᠡᠴᠡ ᠶᠡᠷᠦ ᠳ᠋ᠡᠭᠡᠨ ᠬᠡᠳᠦᠬᠡᠨ ᠠᠯᠬᠤᠮ ᠤ᠋ᠨ ᠴᠠᠭᠠᠨ᠎ᠠ ᠬᠤᠯᠠᠨ ᠤ᠋ ᠰᠦᠷᠦᠭ ᠦ᠋ᠨ ᠮᠥᠷ ᠭᠠᠷᠤᠭ᠎ᠠ ᠦᠭᠡᠢ ᠡᠷᠡᠭᠦᠯ ᠭᠠᠵᠠᠷ ᠲᠤ᠌ ᠴᠢᠩᠭᠢᠰ ᠬᠠᠭᠠᠨ ᠤ᠋ ᠬᠡᠪᠲᠡᠬᠦ ᠶ᠋ᠢ ᠬᠠᠷᠠᠵᠠᠢ᠃ ᠳᠡᠷᠭᠡᠳᠡ ᠨᠢ ᠬᠤᠯᠠᠨ ᠤ᠋ ᠬᠠᠷ᠎ᠠ ᠠᠵᠢᠷᠭ᠎ᠠ ᠦᠬᠦᠭᠰᠡᠨ ᠬᠡᠪᠲᠡᠨ᠎ᠡ᠃ ᠬᠡᠷᠡᠭᠡ ᠶ᠋ᠢᠨ ᠳᠣᠲᠣᠷ᠎ᠠ ᠠᠶᠤᠮᠰᠢᠭ ᠲᠥᠷᠥᠯ᠎ᠡ᠃ ᠲᠡᠷᠡ ᠥᠪᠡᠷ ᠦ᠋ᠨ ᠢ᠋ᠶ᠋ᠡᠨ ᠲᠥᠯᠥᠭᠡ ᠠᠶᠤᠭᠰᠠᠨ ᠦᠭᠡᠢ᠃ ᠴᠠᠯᠠᠭᠠᠷᠳᠠᠵᠤ ᠴᠢᠩᠭᠢᠰ ᠬᠠᠭᠠᠨ ᠢ᠋ ᠦᠬᠦᠭᠦᠯᠦᠭᠰᠡᠨ ᠪᠠᠢᠪᠠᠯ ᠶᠠᠭᠤ ᠪᠣᠯᠬᠤ ᠶ᠋ᠢ ᠲᠡᠷᠡ ᠲᠥᠰᠦᠭᠡᠯᠡᠭᠰᠡᠨ ᠪᠢᠯᠡ᠃ ᠬᠡᠷᠡᠭᠡ ᠴᠢᠩᠭᠢᠰ ᠬᠠᠭᠠᠨ ᠤ᠋ ᠳᠡᠷᠭᠡᠳᠡ ᠣᠴᠢᠵᠤ ᠰᠥᠬᠥᠷᠡᠨ ᠰᠠᠭᠤᠪᠠ᠃ ᠴᠢᠩᠭᠢᠰ ᠬᠠᠭᠠᠨ ᠲᠡᠷᠡ ᠬᠠᠯᠠᠭᠤᠨ ᠡᠳᠦᠷ ᠶᠡᠷᠦ ᠳ᠋ᠡᠭᠡᠨ ᠯᠡ ᠳᠠᠩ ᠨᠢᠮᠭᠡᠨ ᠲᠣᠷᠭᠠᠨ ᠴᠠᠮᠴᠠ ᠲᠠᠢ ᠶᠠᠪᠤᠭᠰᠠᠨ ᠨᠢ ᠰᠢᠷᠣᠢ ᠪᠣᠯᠵᠠᠢ᠃ ᠴᠢᠩᠭᠢᠰ ᠬᠠᠭᠠᠨ ᠦᠬᠦᠭᠰᠡᠨ ᠦᠭᠡᠢ ᠪᠠᠢᠵᠠᠢ᠃ ᠲᠡᠷᠡ ᠪᠡᠷ ᠨᠢᠳᠦ ᠪᠡᠨ ᠠᠯᠭᠤᠷ ᠨᠡᠭᠡᠭᠡᠵᠦ ᠬᠡᠷᠡᠭᠡ ᠶ᠋ᠢ ᠲᠣᠭᠲᠠᠭᠠᠨ ᠬᠠᠷᠠᠭᠰᠠᠨ ᠢ᠋ᠶ᠋ᠠᠨ ᠲᠠᠨᠢᠵᠤ᠂ 
       | ᠬᠥᠪᠡᠭᠦᠨ᠂ ᠴᠢ ᠨᠠᠮᠠᠶ᠋ᠢ ᠪᠤᠰᠬ᠎ᠠ ᠭᠡᠵᠦ ᠰᠢᠪᠡᠨᠡᠵᠡᠢ᠃ ᠴᠢᠩᠭᠢᠰ ᠬᠠᠭᠠᠨ ᠡᠪ ᠡᠷᠡᠭᠦᠯ ᠰᠡᠪ ᠰᠠᠷᠠᠭᠤᠯ᠂ ᠵᠥᠪᠬᠡᠨ ᠬᠤᠪᠴᠠᠰᠤ ᠨᠢ ᠰᠢᠷᠣᠢ ᠪᠣᠯᠵᠤ ᠪᠠᠰᠠ ᠦᠬᠦᠭᠰᠡᠨ ᠠᠵᠢᠷᠭ᠎ᠠ ᠶ᠋ᠢᠨ ᠴᠢᠰᠤᠨ ᠳ᠋ᠤ᠌ ᠪᠣᠳᠣᠭᠳᠠᠭᠰᠠᠨ ᠲᠡᠳᠦᠢ ᠪᠠᠢᠵᠠᠢ᠃ ᠴᠢᠩᠭᠢᠰ ᠬᠠᠭᠠᠨ ᠢ᠋ ᠡᠢᠨ ᠵᠥᠪ ᠵᠦᠭᠡᠷ ᠪᠠᠢᠬᠤ ᠶ᠋ᠢ ᠦᠵᠡᠭᠡᠳ ᠬᠡᠷᠡᠭᠡ ᠠᠰᠬᠠᠷᠠᠲᠠᠯ᠎ᠠ ᠡᠬᠡᠷ ᠲᠡᠳᠡᠨ ᠤᠬᠢᠯᠠᠵᠠᠢ᠃ ᠡᠨᠡ ᠪᠣᠯ ᠡᠵᠡᠨ ᠬᠠᠭᠠᠨ ᠢ᠋ᠶ᠋ᠠᠨ ᠭᠡᠰᠡᠨ ᠦᠨᠡᠨᠴᠢ ᠴᠡᠷᠢᠭ ᠦ᠋ᠨ ᠴᠢᠩ ᠰᠡᠳᠬᠢᠯ ᠦ᠋ᠨ ᠪᠠᠶᠠᠷ ᠤ᠋ᠨ ᠨᠢᠯᠪᠤᠰᠤ ᠪᠠᠢᠭᠰᠠᠨ ᠲᠤᠯᠠ ᠴᠢᠩᠭᠢᠰ ᠬᠠᠭᠠᠨ ᠲᠡᠷᠡ ᠵᠠᠯᠠᠭᠤ ᠶ᠋ᠢ ᠶᠡᠬᠡᠳᠡ ᠬᠠᠢᠷᠠᠯᠠᠨ ᠦᠷᠦ ᠡᠪᠡᠳᠴᠦ ᠪᠢᠯᠡ᠃ ᠲᠡᠷᠡ ᠪᠦᠦ ᠬᠡᠯᠡ ᠠᠮᠢᠳᠤᠷᠠᠯ ᠳ᠋ᠠᠭᠠᠨ ᠥᠭᠡᠷ᠎ᠡ ᠬᠡᠨ ᠢ᠋ ᠴᠦ᠍ ᠢᠩᠭᠢᠵᠦ ᠬᠠᠢᠷᠠᠯᠠᠨ ᠦᠷᠦ ᠡᠪᠡᠳᠦᠭᠡ ᠦᠭᠡᠢ ᠮᠡᠲᠦ ᠲᠡᠷᠡ ᠵᠠᠭᠤᠷ᠎ᠠ ᠰᠠᠨᠠᠭᠳᠠᠭᠰᠠᠨ ᠳ᠋ᠤ᠌ ᠶᠡᠬᠡ ᠭᠠᠢᠬᠠᠵᠠᠢ᠃ ᠲᠡᠭᠡᠭᠡᠳ ᠪᠣᠯᠤᠭᠰᠠᠨ ᠬᠡᠷᠡᠭ ᠲᠦ᠍ ᠬᠡᠷᠡᠭᠡ ᠶ᠋ᠢ ᠣᠭᠲᠣᠬᠠᠨ ᠴᠤ᠌ ᠪᠤᠷᠤᠭᠤᠳᠬᠠᠭ᠎ᠠ ᠦᠭᠡᠢ ᠪᠡᠷ ᠪᠠᠷᠠᠬᠤ ᠦᠭᠡᠢ ᠪᠤᠭᠤᠷᠴᠢ ᠶ᠋ᠢᠨ ᠬᠥᠪᠡᠭᠦᠨ ᠦ᠌ ᠡᠬᠡᠷ ᠲᠡᠳᠡᠨ ᠤᠬᠢᠯᠠᠭᠰᠠᠨ ᠢ᠋ ᠰᠠᠨᠠᠬᠤ ᠪᠦᠷᠢ ᠶᠢᠰᠦᠭᠡᠢ ᠡᠴᠢᠭᠡ ᠪᠡᠨ ᠦᠬᠦᠭᠦᠯᠦᠭᠡᠳ ᠪᠠᠷᠬᠢᠷᠠᠵᠤ ᠬᠡᠪᠲᠡᠭᠰᠡᠨ ᠨᠢ ᠪᠣᠳᠣᠭᠳᠠᠵᠤ᠂ ᠦᠵᠡᠭᠳᠡᠭᠡᠳ ᠵᠢᠷᠦᠬᠡ ᠨᠢ ᠰᠢᠮᠰᠢᠷᠡᠳᠡᠭ ᠪᠣᠯᠵᠠᠢ᠃ ᠬᠡᠷᠡᠭᠡ ᠶ᠋ᠢᠨ ᠠᠶᠤᠭᠰᠠᠨ ᠪᠠᠰᠠ ᠪᠠᠶᠠᠷᠯᠠᠭᠰᠠᠨ ᠬᠠᠷᠠᠴᠠ ᠪᠦᠷᠢ ᠰᠡᠳᠬᠢᠯ ᠳ᠋ᠦ᠍ᠨᠢ ᠬᠠᠳᠠᠭᠳᠠᠭᠠᠳ ᠶᠡᠷᠦ ᠮᠢᠨᠦ ᠬᠥᠪᠡᠭᠦᠳ ᠨᠠᠮᠠᠶ᠋ᠢ ᠦᠬᠦᠬᠦ ᠳ᠋ᠦ᠍ ᠡᠨᠡ ᠬᠡᠷᠡᠭᠡ ᠰᠢᠭ ᠤᠬᠢᠯᠠᠬᠤ ᠪᠣᠯᠪᠠ ᠤᠤ ᠭᠡᠰᠡᠨ ᠬᠠᠴᠢᠨ ᠵᠢᠭᠲᠡᠢ ᠪᠣᠳᠣᠯ ᠲᠥᠷᠥᠵᠡᠢ᠃ ᠮᠣᠷᠢᠨ ᠠ᠋ᠴᠠ ᠤᠨᠠᠬᠤ ᠶ᠋ᠢᠨ ᠬᠠᠵᠠᠭᠤ ᠪᠠᠷ ᠴᠢᠩᠭᠢᠰ ᠬᠠᠭᠠᠨ ᠢ᠋ ᠠᠶᠤᠯᠭᠠᠨ ᠰᠣᠴᠢᠭᠠᠭᠰᠠᠨ ᠨᠢᠭᠡ ᠬᠡᠷᠡᠭ ᠪᠣᠯᠤᠭᠰᠠᠨ ᠢ᠋ ᠲᠡᠷᠡ ᠬᠡᠨ ᠳ᠋ᠦ᠍ ᠴᠦ᠍ ᠬᠡᠯᠡᠯ ᠦᠭᠡᠢ ᠲᠠᠰᠤ ᠨᠢᠭᠤᠵᠠᠢ᠃ ᠤᠴᠢᠷ ᠨᠢ ᠲᠡᠷᠡ ᠨᠢᠭᠤᠴᠠ ᠶ᠋ᠢ ᠭᠠᠭᠴᠠᠬᠠᠨ ᠴᠢᠩᠭᠢᠰ ᠬᠠᠭᠠᠨ ᠥᠪᠡᠷ ᠢ᠋ᠶ᠋ᠡᠨ ᠯᠡ ᠮᠡᠳᠡᠬᠦ ᠪᠥᠭᠡᠳ ᠰᠠᠨᠠᠵᠤ ᠮᠡᠳᠡᠬᠦ ᠬᠥᠮᠦᠨ ᠣᠳᠣ ᠪᠤᠭᠤᠷᠴᠢ ᠠ᠋ᠴᠠ ᠥᠭᠡᠷ᠎ᠡ ᠦᠯᠡᠳᠡᠭᠰᠡᠨ ᠦᠭᠡᠢ ᠠᠵᠢ᠃ ᠮᠣᠷᠢᠨ ᠠ᠋ᠴᠠ ᠤᠨᠠᠭᠰᠠᠨ ᠨᠢ ᠠᠰᠢᠭᠦᠢ ᠭᠡᠮ ᠦᠭᠡᠢ ᠮᠡᠲᠦ ᠥᠩᠭᠡᠷᠡᠭᠰᠡᠨ ᠴᠦ᠍ ᠴᠢᠩᠭᠢᠰ ᠬᠠᠭᠠᠨ ᠤ᠋ ᠪᠡᠶ᠎ᠡ ᠶ᠋ᠢᠨ ᠪᠠᠢᠳᠠᠯ ᠶᠡᠬᠡᠳᠡ ᠥᠭᠡᠷᠡᠴᠢᠯᠡᠭᠳᠡᠭᠰᠡᠨ ᠪᠠᠢᠪᠠ᠃ ᠭᠡᠪᠡᠴᠦ ᠲᠡᠭᠦᠨ ᠦ᠌ ᠰᠡᠳᠬᠢᠯ ᠰᠠᠨᠠᠭ᠎ᠠ ᠲᠡᠭᠦᠨ ᠡᠴᠡ ᠴᠦ᠍ ᠬᠦᠨᠳᠦ᠂ ᠪᠦᠷ ᠡᠲᠡᠭᠡᠰᠢ ᠦᠭᠡᠢ ᠴᠣᠴᠢᠷᠳᠠᠨ ᠡᠪᠡᠳᠦᠭᠰᠡᠨ ᠢ᠋ ᠬᠡᠨ ᠴᠦ᠍᠂ ᠲᠡᠷᠡ ᠪᠦᠦ ᠬᠡᠯᠡ ᠴᠢᠩᠭᠢᠰ ᠬᠠᠭᠠᠨ ᠴᠤ᠌ ᠮᠡᠳᠡᠭᠰᠡᠨ ᠦᠭᠡᠢ᠃ ᠮᠣᠩᠭᠣᠯ ᠬᠥᠮᠦᠨ ᠮᠣᠷᠢᠨ ᠠ᠋ᠴᠠ ᠤᠨᠠᠭᠠᠳ ᠪᠡᠷᠲᠡᠨ᠎ᠡ ᠤᠤ ᠭᠡᠬᠦ ᠡᠴᠡ ᠦᠬᠦᠨ᠎ᠡ ᠭᠡᠵᠦ ᠪᠠᠢᠬᠤ ᠦᠭᠡᠢ ᠭᠡᠵᠦ ᠲᠡᠳᠡ ᠶᠠᠷᠢᠯᠴᠠᠳᠠᠭ ᠴᠤ᠌ ᠰᠡᠭᠦᠯ ᠦ᠋ᠨ ᠰᠠᠷ᠎ᠠ ᠳ᠋ᠤ᠌ ᠴᠢᠩᠭᠢᠰ ᠬᠠᠭᠠᠨ ᠤ᠋ ᠪᠡᠶ᠎ᠡ ᠴᠢᠯᠡᠭᠡᠷᠬᠡᠨ᠂ ᠵᠠᠩ ᠠᠭᠠᠰᠢ ᠬᠤᠪᠢᠷᠠᠭᠰᠠᠨ ᠢ᠋ ᠮᠣᠷᠢᠨ ᠠ᠋ᠴᠠ ᠤᠨᠠᠭᠰᠠᠨ ᠲᠠᠢ ᠬᠣᠯᠪᠣᠨ ᠪᠣᠳᠣᠬᠤ ᠪᠣᠯᠵᠠᠢ᠃ ᠡᠭᠦᠨ ᠡᠴᠡ ᠥᠭᠡᠷ᠎ᠡ ᠪᠡᠷ ᠦᠵᠡᠬᠦ ᠰᠢᠯᠲᠠᠭᠠᠨ ᠪᠠᠢᠭᠰᠠᠨ ᠦᠭᠡᠢ᠃ ᠬᠠᠷᠢᠨ ᠬᠤᠯᠠᠨ ᠬᠠᠲᠤᠨ ᠤ᠋ ᠰᠦᠨᠡᠰᠦ ᠰᠠᠯᠬᠤ ᠦᠭᠡᠢ ᠳᠠᠭᠠᠭᠰᠠᠭᠠᠷ ᠪᠠᠢᠭᠰᠠᠨ ᠨᠢ ᠬᠤᠯᠠᠨ ᠤ᠋ ᠠᠪᠠ ᠶ᠋ᠢᠨ ᠦᠶ᠎ᠡ ᠪᠡᠷ ᠲᠣᠬᠢᠶᠠᠯᠳᠤᠬᠤ ᠪᠠᠢᠭᠰᠠᠨ ᠭᠠᠷᠴᠠᠭ᠎ᠠ ᠦᠭᠡᠢ ᠦᠬᠦᠯ ᠡᠴᠡ ᠠᠪᠤᠷᠠᠬᠤ ᠶ᠋ᠢᠨ ᠲᠤᠯᠠᠳᠠ ᠪᠠᠢᠵᠠᠢ ᠭᠡᠳᠡᠭ ᠲᠦ᠍ ᠴᠢᠩᠭᠢᠰ ᠬᠠᠭᠠᠨ ᠪᠠᠲᠤ ᠢᠲᠡᠭᠡᠭᠡᠳ ᠲᠩᠷᠢ ᠳ᠋ᠦ᠍ ᠲᠠᠯᠠᠷᠬᠠᠨ ᠮᠥᠷᠭᠥᠵᠡᠢ᠃ ᠮᠥᠨᠥᠬᠢ ᠠᠶᠤᠮᠰᠢᠭᠲᠤ ᠬᠠᠷ᠎ᠠ ᠠᠵᠢᠷᠭ᠎ᠠ ᠶ᠋ᠢᠨ ᠣᠮᠣᠷᠤᠤ ᠳ᠋ᠤ᠌ ᠵᠣᠭᠣᠯᠲᠠ ᠲᠠᠢ ᠪᠠᠢᠭᠰᠠᠨ ᠬᠢᠲᠤᠭ᠎ᠠ ᠶ᠋ᠢ ᠬᠡᠨ ᠴᠦ᠍ ᠲᠠᠨᠢᠭᠰᠠᠨ ᠦᠭᠡᠢ᠃ ᠲᠡᠷᠡ ᠭᠣᠶᠣᠮᠰᠣᠭ ᠤᠷᠲᠤ ᠴᠢᠴᠢᠯᠡᠭᠦᠷ ᠬᠢᠲᠤᠭ᠎ᠠ ᠶ᠋ᠢ ᠲᠣᠷᠭᠠᠨ ᠴᠡᠷᠢᠭ ᠦ᠋ᠳ ᠲᠡᠷᠡ ᠪᠦᠦ ᠬᠡᠯᠡ ᠪᠤᠭᠤᠷᠴᠢ ᠴᠤ᠌ ᠡᠮᠦᠨ᠎ᠡ ᠨᠢ ᠬᠠᠷᠠᠭ᠎ᠠ ᠦᠭᠡᠢ ᠪᠠᠢᠪᠠ᠃ ᠠᠯᠲᠠᠨ ᠪᠠᠷᠢᠭᠤᠯ᠂ ᠡᠷᠳᠡᠨᠢ ᠶ᠋ᠢᠨ ᠴᠢᠯᠠᠭᠤᠨ ᠴᠢᠮᠡᠭ ᠲᠡᠢ ᠲᠡᠷᠡ ᠬᠢᠲᠤᠭ᠎ᠠ ᠪᠦᠰᠡᠭᠦᠢ ᠬᠥᠮᠦᠨ ᠦ᠌ ᠬᠢ ᠯᠡ ᠪᠠᠢᠮᠠᠷ ᠲᠤᠯᠠ ᠪᠤᠭᠤᠷᠴᠢ ᠡᠷᠡᠭᠡᠯᠵᠡᠵᠦ ᠡᠷᠡᠭᠡᠯᠵᠡᠵᠦ ᠴᠢᠩᠭᠢᠰ ᠬᠠᠭᠠᠨ ᠳ᠋ᠤ᠌ ᠬᠡᠯᠡᠵᠡᠢ᠃ ᠶᠡᠷᠦ ᠡᠴᠡ ᠪᠡᠨ ᠬᠤᠯᠠᠨ ᠤ᠋ ᠠᠪᠠ ᠶ᠋ᠢᠨ ᠦᠶ᠎ᠡ ᠪᠡᠷ ᠴᠢᠩᠭᠢᠰ ᠬᠠᠭᠠᠨ ᠲᠠᠢ ᠲᠣᠬᠢᠶᠠᠯᠳᠤᠭᠰᠠᠨ ᠬᠡᠷᠡᠭ ᠲᠦ᠍ ᠨᠢᠭᠤᠴᠠ ᠵᠦᠢᠯ ᠣᠯᠠᠨ ᠪᠠᠢᠯ᠎ᠠ᠃ ᠴᠢᠩᠭᠢᠰ ᠬᠠᠭᠠᠨ ᠬᠢᠲᠤᠭ᠎ᠠ ᠶ᠋ᠢ ᠦᠵᠡᠭᠡᠳ ᠤᠳᠠᠭᠠᠨ ᠳᠠᠭᠤ ᠦᠭᠡᠢ ᠰᠠᠭᠤᠵᠤ ᠰᠠᠭᠤᠵᠤ 
       | ᠲᠡᠢᠮᠦ ᠠ᠋᠃ ᠡᠨᠡ ᠬᠢᠲᠤᠭ᠎ᠠ ᠶ᠋ᠢ ᠪᠢ ᠰᠠᠨᠠᠵᠤ ᠪᠠᠢᠨ᠎ᠠ᠃ ᠲᠡᠭᠦᠨ ᠢ᠋ ᠨᠠᠳᠠᠳᠤ ᠲᠩᠷᠢ ᠢᠯᠡᠭᠡᠵᠡᠢ ᠭᠡᠰᠡᠨ ᠡᠴᠡ ᠥᠭᠡᠷ᠎ᠡ ᠦᠭᠡ ᠬᠡᠯᠡᠭᠡ ᠦᠭᠡᠢ ᠪᠢᠯᠡ᠃ ᠲᠩᠷᠢ ᠢᠯᠡᠭᠡᠭᠰᠡᠨ ᠭᠡᠰᠡᠨ ᠨᠢ ᠬᠢᠲᠤᠭ᠎ᠠ ᠶ᠋ᠢ ᠬᠡᠯᠡᠪᠡ ᠤᠤ᠂ ᠬᠢᠲᠤᠭᠠᠨ ᠤ᠋ ᠡᠵᠡᠨ ᠢ᠋ ᠬᠡᠯᠡᠪᠡ ᠤᠤ ᠭᠡᠳᠡᠭ ᠨᠢ ᠪᠠᠰᠠ ᠯᠠ ᠨᠢᠭᠤᠴᠠ ᠦᠯᠡᠳᠡᠵᠡᠢ᠃ 

          ᠦᠰᠦᠭ ᠠᠮᠢᠯᠠᠭᠤᠯᠤᠭᠴᠢ᠄ ᠬᠡᠷᠡᠢᠳ· ᠮᠥᠩᠬᠡᠨᠠᠰᠤᠨ᠂ ᠠᠯᠲᠠᠨᠴᠢᠮᠡᠭ᠂ ᠪᠠᠶᠠᠨᠴᠡᠴᠡᠭ᠂ ᠵᠢᠩᠯᠢᠬᠤᠸᠠᠷ᠂
                                     ᠠᠯᠲᠠᠨᠴᠡᠴᠡᠭ᠂  ᠰᠡᠴᠡᠨᠴᠢᠮᠡᠭ᠂ ᠨᠠᠷᠠᠨᠲᠤᠶᠠᠭ᠎ᠠ᠂ ᠮᠥᠩᠭᠥᠨ
                ᠬᠢᠨᠠᠭᠴᠢ᠄ ᠲ· ᠬᠦᠮᠦᠵᠢᠯᠲᠦ᠂ ᠠᠷᠢᠭᠤᠨ᠂ ᠰᠡᠬᠡᠭᠡᠷᠡᠯ᠂ ᠣᠳᠬᠠᠨᠰᠣ᠎ᠠ᠂ ᠬᠠᠢ ᠵᠢᠶᠦ᠋ᠨ᠂ ᠭᠠᠷᠮ᠎ᠠ