ᠲᠡᠮᠦᠵᠢᠨ – ᠶᠡᠬᠡ ᠤᠯᠤᠰ ᠤᠨ ᠳᠠᠯᠳᠠ ᠵᠣᠪᠠᠯᠠᠩ - ᠴᠢᠩᠭᠢᠰ ᠬᠠᠭᠠᠨ ᠊ᠤ᠌ ᠨᠢᠭᠤᠴᠠ ᠲᠡᠦᠬᠡ 25 Тэмүүжин – Их улсын далд зовлон - Чингис хаан оо нууц түүх 25 ᠲᠡᠥᠬᠡ ᠰᠣᠶᠣᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠲᠡᠮᠦᠵᠢᠨ – ᠶᠡᠬᠡ ᠤᠯᠤᠰ ᠤᠨ ᠳᠠᠯᠳᠠ ᠵᠣᠪᠠᠯᠠᠩ - ᠴᠢᠩᠭᠢᠰ ᠬᠠᠭᠠᠨ ᠊ᠤ᠌ ᠨᠢᠭᠤᠴᠠ ᠲᠡᠦᠬᠡ 25 Тэмүүжин – Их улсын далд зовлон - Чингис хаан оо нууц түүх 25

ᠲᠡᠮᠦᠵᠢᠨ – ᠶᠡᠬᠡ ᠤᠯᠤᠰ ᠤᠨ ᠳᠠᠯᠳᠠ ᠵᠣᠪᠠᠯᠠᠩ - ᠴᠢᠩᠭᠢᠰ ᠬᠠᠭᠠᠨ ᠊ᠤ᠌ ᠨᠢᠭᠤᠴᠠ ᠲᠡᠦᠬᠡ 25 Тэмүүжин – Их улсын далд зовлон - Чингис хаан оо нууц түүх 25

ᠠᠩᠭᠢᠯᠠᠯ:ᠲᠡᠥᠬᠡ ᠰᠣᠶᠣᠯ
2025-10-04

114

ᠲᠡᠮᠦᠵᠢᠨ –

ᠶᠡᠬᠡ ᠤᠯᠤᠰ ᠤᠨ ᠳᠠᠯᠳᠠ ᠵᠣᠪᠠᠯᠠᠩ


       ᠬᠤᠷᠽᠸᠮ ᠤᠯᠤᠰ ᠢ᠋ ᠳᠠᠢᠯᠠᠨ ᠮᠥᠬᠥᠭᠡᠭᠰᠡᠨ ᠴᠢᠩᠭᠢᠰ ᠬᠠᠭᠠᠨ ᠤ᠋ ᠶᠡᠬᠡ ᠴᠡᠷᠢᠭ ᠠᠷᠪᠠᠨ ᠬᠣᠶᠠᠷ ᠴᠣᠪᠤᠭᠠᠨ ᠳ᠋ᠤ᠌ ᠬᠤᠪᠢᠶᠠᠭᠳᠠᠨ ᠭᠤᠷᠪᠠᠨ ᠲᠤᠰ ᠭᠠᠵᠠᠷ ᠢ᠋ᠶ᠋ᠠᠷ ᠬᠣᠭᠣᠷᠣᠨᠳᠣ ᠪᠠᠨ ᠥᠷᠲᠡᠭᠡ ᠵᠠᠢ ᠪᠠᠷᠢᠨ ᠮᠣᠩᠭᠣᠯ ᠨᠤᠲᠤᠭ ᠢ᠋ᠶ᠋ᠠᠨ ᠵᠣᠷᠢᠨ ᠬᠥᠳᠡᠯᠵᠡᠢ᠃ ᠡᠵᠡᠯᠡᠭᠳᠡᠭᠰᠡᠨ ᠬᠣᠲᠠ᠂ ᠳᠠᠭᠠᠷ᠎ᠠ ᠣᠷᠣᠭᠰᠠᠨ ᠤᠯᠤᠰ ᠤ᠋ᠳ ᠲᠤ᠌ ᠶᠡᠬᠡ ᠮᠣᠩᠭᠣᠯ ᠤᠯᠤᠰ ᠤ᠋ᠨ ᠬᠠᠤᠯᠢ ᠴᠠᠭᠠᠵᠠ ᠶ᠋ᠢ ᠰᠠᠬᠢᠭᠤᠯᠬᠤ ᠡᠭᠦᠷᠭᠡ ᠲᠡᠢ ᠦᠯᠡᠳᠡᠵᠦ ᠪᠣᠢ ᠴᠥᠭᠡᠨ ᠴᠡᠷᠢᠭ ᠡᠴᠡ ᠪᠤᠰᠤᠳ ᠨᠢ ᠡᠢᠨ ᠬᠦ᠌ ᠬᠡᠷᠦᠯᠦᠨ ᠮᠥᠷᠡᠨ ᠦ᠌ ᠬᠥᠨᠳᠡᠢ ᠡᠴᠡ ᠬᠥᠳᠡᠯᠦᠭᠰᠡᠨ ᠡᠴᠡ ᠬᠣᠢᠰᠢ ᠲᠠᠪᠤᠨ ᠵᠢᠯ ᠬᠠᠭᠠᠰ ᠤ᠋ᠨ ᠳᠠᠷᠠᠭ᠎ᠠ ᠡᠬᠡ ᠨᠤᠲᠤᠭ ᠢ᠋ᠶ᠋ᠠᠨ ᠵᠣᠷᠢᠵᠠᠢ᠃ ᠴᠢᠩᠭᠢᠰ ᠬᠠᠭᠠᠨ ᠪᠣᠯᠤᠭᠠᠳ ᠲᠡᠭᠦᠨ ᠦ᠌ ᠣᠢᠷ᠎ᠠ ᠰᠢᠳᠠᠷ ᠤ᠋ᠳ ᠴᠣᠬᠣᠮ ᠠᠯᠢ ᠴᠣᠪᠤᠭᠠᠨ ᠳ᠋ᠤ᠌ ᠬᠠᠮᠢᠭ᠎ᠠ ᠶᠠᠪᠤᠭ᠎ᠠ ᠶ᠋ᠢ ᠴᠥᠭᠡᠬᠡᠨ ᠬᠥᠮᠦᠨ ᠮᠡᠳᠡᠬᠦ ᠪᠥᠭᠡᠳ ᠴᠡᠷᠢᠭ ᠦ᠋ᠨ ᠴᠤᠪᠤᠭ᠎ᠠ ᠪᠤᠴᠠᠬᠤ ᠡᠨᠡ ᠨᠦᠰᠡᠷ ᠬᠡᠷᠡᠭ ᠢ᠋ ᠶᠡᠷᠦᠩᠬᠡᠢ ᠳ᠋ᠦ᠍ᠨᠢ ᠥᠭᠡᠳᠡᠢ ᠤᠳᠤᠷᠢᠳᠴᠤ ᠪᠠᠢᠪᠠ᠃ ᠬᠠᠷᠢᠨ ᠣᠳᠬᠣᠨ ᠬᠥᠪᠡᠭᠦᠨ ᠲᠤᠯᠤᠢ ᠶ᠋ᠢ ᠬᠣᠶᠠᠷ ᠰᠠᠷ᠎ᠠ ᠶ᠋ᠢᠨ ᠡᠮᠦᠨ᠎ᠡ ᠲᠥᠪ ᠤᠯᠤᠰ ᠤᠷᠤᠭᠤ ᠲᠦᠷᠦᠭᠦᠯᠡᠨ ᠢᠯᠡᠭᠡᠵᠦ ᠶᠡᠬᠡ ᠴᠡᠷᠢᠭ ᠢ᠋ ᠤᠭᠲᠤᠨ ᠠᠪᠬᠤ ᠪᠦᠬᠦ ᠪᠡᠯᠡᠳᠬᠡᠯ ᠢ᠋ ᠪᠠᠵᠠᠭᠠᠬᠤ ᠵᠠᠷᠯᠢᠭ ᠪᠠᠭᠤᠯᠭᠠᠵᠠᠢ᠃ ᠲᠡᠢᠮᠦ ᠤᠴᠢᠷ ᠠ᠋ᠴᠠ ᠶᠡᠬᠡ ᠢᠯᠠᠯᠲᠠ ᠪᠠᠢᠭᠤᠯᠤᠭᠠᠳ ᠠᠯᠤᠰ ᠬᠣᠯᠠ ᠠ᠋ᠴᠠ ᠪᠤᠴᠠᠨ ᠢᠷᠡᠬᠦ ᠴᠡᠷᠢᠭ ᠦ᠋ᠳ ᠢ᠋ ᠤᠭᠲᠤᠨ ᠠᠪᠬᠤ ᠳ᠋ᠤ᠌ ᠮᠣᠩᠭᠣᠯ ᠨᠤᠲᠤᠭ ᠳᠠᠶᠠᠭᠠᠷ ᠪᠠᠶᠠᠷ ᠬᠥᠷ᠂ ᠪᠠᠰᠠ ᠣᠢ ᠭᠠᠰᠢᠭᠤ ᠳᠦᠭᠦᠷᠡᠩ ᠪᠡᠯᠡᠳᠴᠦ ᠪᠠᠢᠯ᠎ᠠ᠃ ᠬᠤᠷᠽᠸᠮ ᠤ᠋ᠨ ᠨᠤᠲᠤᠭ ᠲᠤ᠌ ᠬᠢᠭᠰᠡᠨ ᠠᠶᠠᠨ ᠲᠡᠢᠨ ᠦ᠌ ᠡᠨᠡ ᠵᠢᠯ ᠦ᠋ᠳ ᠲᠦ᠍ ᠠᠩᠬ᠎ᠠ ᠮᠣᠩᠭᠣᠯ ᠠ᠋ᠴᠠ ᠭᠠᠷᠤᠭᠰᠠᠨ ᠴᠡᠷᠢᠭ ᠦ᠋ᠳ ᠦ᠋ᠨ ᠲᠠᠯ᠎ᠠ ᠢᠯᠡᠭᠦᠦ ᠬᠤᠪᠢ ᠨᠢ ᠬᠥᠮᠦᠨ ᠦ᠌ ᠭᠠᠵᠠᠷ ᠲᠤ᠌ ᠶᠠᠰᠤ ᠪᠠᠨ ᠲᠠᠯᠪᠢᠵᠠᠢ᠃ ᠰᠡᠷᠢᠭᠦᠨ ᠠᠭᠠᠷ ᠲᠠᠢ ᠲᠠᠯ᠎ᠠ ᠨᠤᠲᠤᠭ ᠲᠠᠭᠠᠨ ᠣᠴᠢᠬᠤ ᠡᠨᠡ ᠠᠶᠠᠨ ᠤ᠋ ᠬᠣᠯᠠ ᠵᠠᠮ ᠠᠩᠬ᠎ᠠ ᠬᠠᠷᠢ ᠶ᠋ᠢᠨ ᠨᠤᠲᠤᠭ ᠢ᠋ ᠡᠵᠡᠯᠡᠨ ᠠᠪᠬᠤ ᠪᠠᠷ ᠶᠠᠪᠤᠵᠤ ᠪᠠᠢᠭᠰᠠᠨ ᠠ᠋ᠴᠠ ᠣᠭᠲᠣ ᠥᠭᠡᠷ᠎ᠡ ᠡᠴᠡ ᠭᠠᠳᠠᠨ᠎ᠠ ᠬᠢᠵᠠᠭᠠᠷ ᠦᠭᠡᠢ ᠶᠡᠬᠡ ᠪᠡᠷ ᠠᠶᠠᠨᠰᠢᠵᠤ ᠶᠠᠳᠠᠷᠠᠭᠰᠠᠨ ᠴᠡᠷᠢᠭ ᠦ᠋ᠳ ᠲᠦ᠍ ᠬᠡᠵᠢᠶ᠎ᠡ ᠴᠦ᠍ ᠪᠠᠷᠠᠭᠳᠠᠬᠤ ᠦᠭᠡᠢ ᠮᠡᠲᠦ ᠤᠷᠲᠤ ᠤᠳᠠᠭᠠᠨ ᠰᠠᠨᠠᠭᠳᠠᠨ᠎ᠠ᠃ ᠤᠴᠢᠷ ᠨᠢ ᠠᠮᠢᠳᠤ ᠦᠯᠡᠳᠡᠭᠰᠡᠨ ᠠᠵᠠᠲᠠᠢ ᠡᠳᠡᠭᠡᠷ ᠴᠡᠷᠢᠭ ᠦ᠋ᠳ ᠨᠤᠲᠤᠭ ᠢ᠋ᠶ᠋ᠠᠨ ᠰᠠᠨᠠᠨ ᠶᠠᠭᠠᠷᠠᠵᠤ ᠳᠣᠭᠳᠣᠯᠬᠤ ᠨᠢ ᠬᠡᠮᠵᠢᠶᠡᠯᠡᠰᠢ ᠦᠭᠡᠢ ᠪᠣᠯᠤᠭᠰᠠᠨ ᠲᠤᠯᠠ ᠲᠤᠭᠤᠯᠵᠤ ᠥᠩᠭᠡᠷᠡᠭᠰᠡᠨ ᠠᠭᠤᠯᠠ ᠤᠰᠤ ᠬᠡᠪ ᠢ᠋ᠶ᠋ᠡᠷ ᠠᠲᠠᠯ᠎ᠠ ᠭᠠᠵᠠᠷ ᠳᠡᠯᠡᠬᠡᠢ ᠰᠤᠨᠵᠤ ᠪᠤᠴᠠᠬᠤ ᠵᠠᠮ ᠤᠷᠲᠤ ᠪᠣᠯᠤᠭᠰᠠᠨ ᠮᠡᠲᠦ ᠡᠴᠦᠰ ᠲᠡᠭᠦᠰᠬᠡᠯ ᠦᠭᠡᠢ ᠤᠨᠢᠶᠠᠷᠲᠤᠬᠤ ᠠᠵᠢ᠃ ᠲᠡᠳᠡ ᠨᠤᠲᠤᠭ ᠤᠰᠤ᠂ ᠠᠮᠠᠷᠠᠭ ᠰᠠᠳᠤᠨ᠂ ᠦᠷ᠎ᠡ ᠬᠡᠦᠬᠡᠳ ᠢ᠋ᠶ᠋ᠡᠨ ᠵᠡᠭᠦᠳᠦᠯᠡᠨ ᠮᠣᠷᠢᠨ ᠳᠡᠭᠡᠷ᠎ᠡ ᠪᠡᠨ ᠵᠡᠭᠦᠷᠮᠡᠭᠯᠡᠵᠦ ᠤᠷᠲᠤ ᠡᠳᠦᠷ᠂ ᠣᠵᠢᠭ ᠬᠣᠯᠠ ᠶ᠋ᠢ ᠪᠠᠷᠠᠵᠤ ᠲᠤᠭᠤᠯᠵᠤ ᠶᠠᠪᠤᠯ᠎ᠠ᠃ ᠶᠡᠬᠡ ᠴᠡᠷᠢᠭ ᠬᠥᠳᠡᠯᠦᠭᠰᠡᠨ ᠡᠳᠦᠷ ᠡᠴᠡ ᠬᠣᠢᠰᠢ ᠴᠢᠩᠭᠢᠰ ᠬᠠᠭᠠᠨ ᠬᠡᠨ ᠲᠡᠢ ᠴᠦ᠍ ᠶᠠᠭᠤ ᠴᠤ᠌ ᠶᠠᠷᠢᠭᠰᠠᠨ ᠦᠭᠡᠢ᠂ ᠰᠡᠦᠬᠡᠨ ᠡᠴᠡ ᠪᠡᠨ ᠴᠦ᠍ ᠴᠤᠬᠤᠢᠭᠰᠠᠨ ᠦᠭᠡᠢ᠃ ᠲᠡᠭᠦᠨ ᠦ᠌ ᠰᠡᠦᠬᠡ ᠶ᠋ᠢ ᠡᠭᠦᠯᠡᠨ ᠴᠡᠷᠪᠢ ᠶ᠋ᠢᠨ ᠮᠢᠩᠭᠠᠲᠤ ᠳᠥᠷᠪᠡᠨ ᠲᠠᠯ᠎ᠠ ᠠ᠋ᠴᠠ ᠨᠢ ᠬᠠᠮᠠᠭᠠᠯᠠᠵᠤ ᠶᠠᠪᠤᠬᠤ ᠪᠥᠭᠡᠳ ᠬᠤᠷᠽᠸᠮ᠂ ᠵᠠᠬᠢᠷᠤᠨ ᠦᠯᠡᠳᠡᠬᠦ ᠮᠣᠩᠭᠣᠯ ᠴᠡᠷᠢᠭ ᠦ᠋ᠨ ᠨᠣᠶᠠᠳ ᠤᠲ᠋ᠷᠠᠷ ᠬᠣᠲᠠ ᠶ᠋ᠢᠨ ᠳᠡᠷᠭᠡᠳᠡ ᠶᠡᠬᠡ ᠴᠡᠷᠢᠭ ᠢ᠋ ᠦᠳᠡᠬᠦ ᠶᠣᠰᠣᠯᠠᠯ ᠬᠢᠬᠦ ᠪᠡᠷ ᠴᠤᠭᠯᠠᠷᠠᠭᠠᠳ ᠪᠠᠢᠭ᠎ᠠ ᠶ᠋ᠢ ᠲᠡᠭᠦᠨ ᠳ᠋ᠦ᠍ ᠠᠢᠯᠠᠳᠬᠠᠬᠤ ᠳ᠋ᠤ᠌ ᠯᠠ ᠴᠢᠩᠭᠢᠰ ᠬᠠᠭᠠᠨ ᠡᠷᠬᠡ ᠦᠭᠡᠢ ᠰᠡᠦᠬᠡᠨ ᠡᠴᠡ ᠪᠡᠨ ᠪᠠᠭᠤᠵᠤ ᠮᠣᠷᠢᠨ ᠳ᠋ᠠᠭᠠᠨ ᠮᠣᠷᠳᠠᠵᠠᠢ᠃ ᠵᠥᠴᠢ ᠶ᠋ᠢᠨ ᠡᠵᠡᠮᠰᠢᠯ ᠳ᠋ᠦ᠍ ᠪᠠᠢᠭ᠎ᠠ ᠨᠤᠲᠤᠭ ᠠ᠋ᠴᠠ ᠪᠤᠰᠤᠳ ᠡᠵᠡᠯᠡᠨ ᠠᠪᠤᠭᠰᠠᠨ ᠪᠦᠬᠦᠢᠯᠡ ᠭᠠᠵᠠᠷ ᠢ᠋ ᠴᠢᠩᠭᠢᠰ ᠬᠠᠭᠠᠨ ᠴᠠᠭᠠᠲᠠᠢ ᠳ᠋ᠤ᠌ ᠥᠭᠭᠦᠭᠰᠡᠨ ᠲᠤᠯᠠ ᠲᠡᠷᠡ ᠣᠳᠣ ᠡᠨᠳᠡ ᠯᠠᠯᠤ ᠶ᠋ᠢᠨ ᠱᠠᠰᠢᠨᠲᠠᠨ ᠤ᠋ ᠤᠯᠤᠰ ᠢ᠋ ᠵᠠᠬᠢᠷᠤᠨ ᠦᠯᠡᠳᠡᠬᠦ ᠪᠡᠷ ᠪᠣᠯᠵᠠᠢ᠃ ᠲᠡᠢᠮᠦ ᠤᠴᠢᠷ ᠠ᠋ᠴᠠ ᠴᠠᠭᠠᠲᠠᠢ ᠤᠲ᠋ᠷᠠᠷ ᠬᠣᠲᠠ ᠶ᠋ᠢᠨ ᠳᠡᠷᠭᠡᠳᠡ ᠥᠪᠡᠷ ᠦ᠋ᠨ ᠭᠤᠷᠪᠠᠨ ᠲᠦᠮᠡᠨ ᠮᠣᠩᠭᠣᠯ ᠴᠡᠷᠢᠭ ᠢ᠋ᠶ᠋ᠡᠨ ᠵᠢᠭᠰᠠᠭᠠᠵᠤ ᠴᠢᠩᠭᠢᠰ ᠬᠠᠭᠠᠨ ᠢ᠋ ᠦᠳᠡᠨ ᠭᠠᠷᠭᠠᠬᠤ ᠪᠠᠷ ᠵᠣᠭᠰᠣᠵᠤ ᠪᠠᠢᠯ᠎ᠠ᠃ ᠴᠢᠩᠭᠢᠰ ᠬᠠᠭᠠᠨ ᠢ᠋ ᠳᠠᠭᠠᠭᠤᠯ ᠤ᠋ᠳ ᠤ᠋ᠨ ᠬᠠᠮᠲᠤ ᠳᠠᠪᠬᠢᠨ ᠬᠦᠷᠴᠦ ᠢᠷᠡᠬᠦᠢ᠂ ᠣᠯᠠᠨ ᠲᠦᠮᠡᠨ ᠴᠡᠷᠢᠭ ᠤᠤᠬᠠᠢᠯᠠᠨ ᠤᠭᠲᠤᠭᠰᠠᠨ ᠳ᠋ᠤᠨᠢ ᠡᠨᠳᠡ ᠴᠤᠭᠯᠠᠭᠠᠳ ᠪᠠᠢᠭᠰᠠᠨ ᠬᠠᠷ᠎ᠠ᠂ ᠴᠠᠭᠠᠨ ᠨᠥᠮᠥᠷᠭᠡ ᠲᠡᠢ ᠯᠠᠯᠤ ᠶ᠋ᠢᠨ ᠱᠠᠰᠢᠨᠲᠠᠨ ᠬᠥᠮᠦᠰ ᠶᠡᠬᠡᠳᠡ ᠰᠣᠴᠢᠨ ᠭᠣᠣᠯ ᠳ᠋ᠠᠭᠠᠨ ᠣᠷᠣᠲᠠᠯ᠎ᠠ ᠠᠶᠤᠨ ᠰᠦᠷᠳᠡᠵᠡᠢ᠃ ᠰᠠᠯᠬᠤ ᠶ᠋ᠢᠨ ᠡᠮᠦᠨ᠎ᠡ ᠴᠢᠩᠭᠢᠰ ᠬᠠᠭᠠᠨ᠂ ᠴᠠᠭᠠᠲᠠᠢ ᠬᠥᠪᠡᠭᠦᠨ ᠦ᠌ ᠪᠡᠨ ᠬᠠᠮᠲᠤ ᠳᠠᠭᠤ ᠦᠭᠡᠢ ᠤᠳᠠᠭᠠᠨ ᠵᠣᠭᠰᠣᠪᠠ᠃ ᠢᠩᠭᠢᠵᠦ ᠳᠠᠭᠤ ᠦᠭᠡᠢ ᠵᠣᠭᠰᠣᠬᠤ ᠶ᠋ᠢ ᠦᠵᠡᠬᠦ ᠳ᠋ᠦ᠍ ᠡᠴᠢᠭᠡ ᠬᠦᠦ ᠬᠣᠶᠠᠷ ᠳᠠᠬᠢᠨ ᠠᠭᠤᠯᠵᠠᠬᠤ ᠦᠭᠡᠢ ᠭᠡᠵᠦ ᠪᠣᠳᠣᠭᠰᠠᠨ ᠮᠡᠲᠦ ᠰᠠᠨᠠᠭᠳᠠᠬᠤ ᠲᠤᠯᠠ ᠰᠢᠳᠠᠷ ᠤ᠋ᠳ ᠨᠢ ᠴᠦ᠍ ᠵᠢᠷᠦᠬᠡᠯᠡᠨ ᠦᠭᠡ ᠳᠤᠤᠭᠠᠷᠤᠭᠰᠠᠨ ᠦᠭᠡᠢ ᠠᠵᠢ᠃ ᠡᠵᠡᠯᠡᠨ ᠠᠪᠤᠭᠰᠠᠨ ᠨᠤᠲᠤᠭ ᠣᠷᠣᠨ ᠢ᠋ ᠵᠠᠬᠢᠷᠤᠨ ᠦᠯᠡᠳᠡᠬᠦ ᠨᠢ ᠴᠦ᠍᠂ ᠨᠤᠲᠤᠭ ᠪᠤᠴᠠᠵᠤ ᠪᠠᠢᠭ᠎ᠠ ᠨᠢ ᠴᠦ᠍ ᠪᠦᠭᠦᠳᠡ ᠯᠡ ᠰᠡᠳᠬᠢᠯ ᠰᠠᠨᠠᠭ᠎ᠠ ᠭᠦᠨᠵᠡᠭᠡᠢ ᠬᠢᠮᠤᠷᠠᠵᠤ ᠳᠣᠭᠳᠣᠯᠤᠭᠰᠠᠨ ᠨᠢ ᠢᠯᠡᠳᠲᠡ ᠪᠥᠭᠡᠳ ᠬᠡᠯᠡᠵᠦ ᠶᠠᠷᠢᠬᠤ ᠪᠠᠨ ᠣᠯᠵᠤ ᠴᠥᠬᠥᠵᠦ ᠪᠠᠢᠵᠠᠢ᠃ ᠣᠯᠠᠨ ᠵᠢᠯ ᠠᠶᠠᠯᠠᠨ ᠳᠠᠢᠳᠤᠵᠤ ᠰᠤᠷᠤᠭᠰᠠᠨ ᠮᠣᠩᠭᠣᠯ ᠴᠡᠷᠢᠭ ᠦ᠋ᠳ ᠡᠨᠡ ᠶᠡᠬᠡ ᠠᠮᠤᠭᠤᠯᠠᠩ ᠠᠯᠭᠤᠷ᠂ ᠪᠦᠷ ᠤᠢᠳᠬᠠᠷ ᠲᠠᠢ ᠨᠠᠵᠠᠭᠠᠢ ᠪᠠᠢᠳᠠᠯ ᠳ᠋ᠤ᠌ ᠲᠦᠷᠭᠡᠨ ᠵᠠᠭᠤᠷ᠎ᠠ ᠳᠠᠰᠤᠨ ᠵᠣᠬᠢᠴᠠᠵᠤ ᠴᠢᠳᠠᠬᠤ ᠦᠭᠡᠢ ᠪᠠᠢᠯ᠎ᠠ᠃ 
       ᠬᠠᠷᠢᠨ ᠴᠢᠩᠭᠢᠰ ᠬᠠᠭᠠᠨ ᠤ᠋ ᠳᠠᠭᠤ ᠦᠭᠡᠢ ᠵᠣᠭᠰᠣᠭᠰᠠᠨ ᠨᠢ ᠵᠥᠴᠢ ᠡᠴᠡ ᠪᠣᠯᠵᠠᠢ᠃ ᠮᠣᠩᠭᠣᠯ ᠭᠠᠵᠠᠷ ᠤ᠋ᠨ ᠵᠦᠭ ᠰᠠᠯᠵᠤ ᠶᠠᠪᠤᠬᠤ ᠶ᠋ᠢᠨ ᠡᠮᠦᠨ᠎ᠡ ᠢᠩᠭᠢᠵᠦ ᠳᠠᠭᠤ ᠦᠭᠡᠢ ᠭᠤᠨᠢᠭ ᠲᠤ᠌ ᠠᠪᠲᠠᠨ ᠵᠣᠭᠰᠣᠭᠰᠠᠨ ᠨᠢ ᠭᠠᠳᠠᠨ᠎ᠠ ᠠ᠋ᠴᠠ ᠬᠠᠷᠠᠬᠤ ᠳ᠋ᠤ᠌ ᠴᠠᠭᠠᠲᠠᠢ ᠲᠠᠢ ᠬᠠᠭᠠᠴᠠᠵᠤ ᠴᠢᠳᠠᠬᠤ ᠦᠭᠡᠢ ᠮᠡᠲᠦ ᠪᠠᠢᠭ᠎ᠠ ᠪᠣᠯᠪᠠᠴᠤ ᠴᠣᠬᠣᠮ ᠳ᠋ᠠᠭᠠᠨ ᠥᠨᠥᠳᠥᠷ ᠢ᠋ ᠬᠦᠷᠲᠡᠯ᠎ᠡ ᠵᠥᠴᠢ ᠶ᠋ᠢ ᠢᠷᠡᠨ᠎ᠡ ᠭᠡᠵᠦ ᠬᠦᠯᠢᠶᠡᠭᠰᠡᠨ ᠰᠡᠳᠬᠢᠯ ᠦ᠋ᠨ ᠦᠷ᠎ᠡ ᠪᠠᠢᠪᠠ᠃ ᠬᠠᠷᠢᠨ ᠵᠥᠴᠢ ᠬᠡᠵᠢᠶ᠎ᠡ ᠴᠦ᠍ ᠡᠴᠢᠭᠡ ᠲᠡᠢ ᠪᠡᠨ ᠠᠭᠤᠯᠵᠠᠬᠤ ᠦᠭᠡᠢ ᠭᠡᠵᠦ ᠰᠢᠢᠳᠴᠡᠢ᠃ ᠴᠢᠩᠭᠢᠰ ᠬᠠᠭᠠᠨ ᠪᠣᠯᠤᠭᠠᠳ ᠮᠣᠩᠭᠣᠯ ᠴᠡᠷᠢᠭ ᠢ᠋ ᠡᠬᠡ ᠨᠤᠲᠤᠭ ᠤ᠋ᠨ ᠵᠦᠭ ᠦᠳᠡᠨ ᠭᠠᠷᠭᠠᠬᠤ ᠶᠣᠰᠣᠯᠠᠯ ᠳ᠋ᠤ᠌ ᠵᠥᠴᠢ ᠥᠪᠡᠷ ᠦ᠋ᠨ ᠣᠷᠣᠨ ᠠ᠋ᠴᠠ ᠬᠥᠪᠡᠭᠦᠨ ᠪᠠᠲᠤ ᠶ᠋ᠢ᠂ ᠰᠢᠳᠠᠷ ᠬᠤᠨᠠᠨ ᠤ᠋ ᠬᠠᠮᠲᠤ ᠢᠯᠡᠭᠡᠭᠰᠡᠨ ᠢ᠋ ᠦᠵᠡᠭᠡᠳ ᠯᠡ ᠡᠨᠡ ᠬᠦᠯᠢᠶᠡᠯᠲᠡ ᠶ᠋ᠢᠨ ᠡᠴᠦᠰ ᠪᠣᠯᠪᠠ ᠭᠡᠳᠡᠭ ᠢ᠋ ᠴᠢᠩᠭᠢᠰ ᠬᠠᠭᠠᠨ ᠣᠢᠯᠠᠭᠠᠪᠠ ᠃ ᠡᠭᠦᠨ ᠡᠴᠡ ᠪᠣᠯᠤᠭᠠᠳ ᠴᠢᠩᠭᠢᠰ ᠬᠠᠭᠠᠨ ᠤᠷᠢᠳ ᠡᠮᠦᠨ᠎ᠡ ᠦᠵᠡᠭᠡ ᠦᠭᠡᠢ ᠶᠡᠬᠡ ᠭᠤᠨᠢᠭ ᠲᠤ᠌ ᠠᠪᠲᠠᠭᠰᠠᠨ ᠴᠤ᠌ ᠡᠨᠡ ᠪᠠᠢᠳᠠᠯ ᠢ᠋ᠶ᠋ᠠᠨ ᠬᠥᠮᠦᠨ ᠳ᠋ᠦ᠍ ᠮᠡᠳᠡᠭᠳᠡᠬᠦ ᠶ᠋ᠢ ᠬᠦᠰᠡᠭᠰᠡᠨ ᠦᠭᠡᠢ᠃ ᠪᠠᠰᠠ ᠰᠦᠪᠡᠭᠡᠳᠡᠢ ᠶ᠋ᠢᠨ ᠵᠦᠭ ᠣᠳᠤᠭᠰᠠᠨ ᠪᠤᠭᠤᠷᠴᠢ ᠡᠨᠳᠡ᠂ ᠲᠡᠭᠦᠨ ᠦ᠌ ᠳᠡᠷᠭᠡᠳᠡ ᠪᠠᠢᠭᠰᠠᠨ ᠦᠭᠡᠢ ᠨᠢ ᠤᠯᠠᠮ ᠴᠤ᠌ ᠭᠠᠭᠴᠠᠭᠠᠷᠳᠠᠭᠤᠯᠵᠤ ᠪᠠᠢᠯ᠎ᠠ᠃ ᠰᠡᠭᠦᠯ ᠦ᠋ᠨ ᠦᠶᠡᠰ ᠬᠡᠷᠡᠭ ᠶᠠᠪᠤᠳᠠᠯ ᠨᠢᠭᠡ ᠯᠡ ᠴᠢᠩᠭᠢᠰ ᠬᠠᠭᠠᠨ ᠤ᠋ ᠰᠠᠨᠠᠭᠰᠠᠨ ᠢ᠋ᠶ᠋ᠠᠷ ᠪᠣᠯᠬᠤ ᠦᠭᠡᠢ ᠪᠠᠢᠭ᠎ᠠ ᠨᠢ ᠲᠡᠭᠦᠨ ᠢ᠋ ᠭᠤᠨᠢᠭᠯᠠᠭᠤᠯᠬᠤ ᠠ᠋ᠴᠠ ᠢᠯᠡᠭᠦᠦ ᠲᠡᠢ ᠲᠦᠭᠰᠢᠭᠡᠬᠦ ᠪᠣᠯᠵᠠᠢ᠃ 
       ᠦᠳᠡᠨ ᠭᠠᠷᠭᠠᠬᠤ ᠶᠣᠰᠣᠯᠠᠯ ᠤᠳᠠᠭᠠᠨ ᠦᠷᠭᠦᠯᠵᠢᠯᠡᠭᠰᠡᠨ ᠦᠭᠡᠢ᠃ ᠣᠳᠣ ᠮᠣᠩᠭᠣᠯ ᠴᠡᠷᠢᠭ ᠦ᠋ᠳ ᠨᠤᠲᠤᠭ ᠲᠠᠭᠠᠨ ᠬᠦᠷᠬᠦ ᠳ᠋ᠦ᠍ ᠮᠣᠷᠢᠳ ᠢ᠋ᠶ᠋ᠠᠨ ᠠᠮᠠᠷᠠᠭᠠᠬᠤ ᠠ᠋ᠴᠠ ᠥᠭᠡᠷ᠎ᠡ ᠵᠣᠭᠰᠣᠬᠤ ᠰᠢᠯᠲᠠᠭ ᠦᠭᠡᠢ ᠪᠣᠯᠵᠠᠢ᠃ ᠲᠡᠳᠡᠨ ᠦ᠌ ᠳᠠᠢᠯᠠᠨ ᠡᠵᠡᠯᠡᠬᠦ ᠡᠨᠡ ᠤᠳᠠᠭ᠎ᠠ ᠶ᠋ᠢᠨ ᠲᠡᠢᠨ ᠨᠢᠭᠡᠨᠲᠡ ᠳᠠᠭᠤᠰᠤᠭᠰᠠᠨ ᠤᠴᠢᠷ ᠡᠳᠦᠭᠡ ᠵᠥᠪᠬᠡᠨ ᠭᠡᠷ ᠣᠷᠣᠨ ᠳ᠋ᠠᠭᠠᠨ ᠣᠴᠢᠭᠠᠳ ᠠᠮᠤᠷ ᠠᠮᠤᠭᠤᠯᠠᠩ ᠠᠮᠢᠳᠤᠷᠠᠬᠤ ᠴᠠᠭ ᠢᠷᠡᠭᠰᠡᠨ ᠮᠡᠲᠦ ᠰᠠᠨᠠᠭᠳᠠᠬᠤ ᠪᠣᠯᠪᠠᠴᠤ ᠵᠢᠯ ᠦ᠋ᠨ ᠳᠠᠷᠠᠭ᠎ᠠ ᠶᠠᠭᠤ ᠪᠣᠯᠬᠤ ᠶ᠋ᠢ ᠤᠷᠢᠳᠴᠢᠯᠠᠨ ᠳᠠᠭᠠᠵᠤ ᠮᠡᠳᠡᠬᠦ ᠶ᠋ᠢᠨ ᠠᠷᠭ᠎ᠠ ᠦᠭᠡᠢ ᠪᠠᠢᠯ᠎ᠠ᠃ 
       ᠬᠣᠷᠽᠸᠮ ᠢ᠋ ᠡᠵᠡᠯᠡᠨ ᠳᠠᠭᠠᠭᠤᠯᠤᠭᠰᠠᠨ ᠶᠡᠬᠡ ᠴᠡᠷᠢᠭ ᠮᠣᠩᠭᠣᠯ ᠨᠤᠲᠤᠭ ᠲᠠᠭᠠᠨ ᠡᠷᠭᠢᠨ ᠢᠷᠡᠭᠰᠡᠨ ᠦ᠌ ᠪᠠᠶᠠᠷ ᠬᠥᠷ ᠦ᠋ᠨ ᠳᠤᠤᠯᠢᠶᠠᠨ ᠬᠠᠷᠠᠬᠠᠨ ᠨᠠᠮᠵᠢᠭ᠎ᠠ ᠦᠭᠡᠢ ᠪᠠᠢᠲᠠᠯ᠎ᠠ ᠴᠢᠩᠭᠢᠰ ᠬᠠᠭᠠᠨ ᠲᠠᠩᠭᠤᠳ ᠤᠯᠤᠰ ᠢ᠋ ᠳᠠᠢᠯᠠᠬᠤ ᠵᠠᠷᠯᠢᠭ ᠪᠠᠭᠤᠯᠭᠠᠵᠤ ᠴᠡᠷᠢᠭ ᠵᠠᠰᠠᠬᠤ ᠠᠵᠢᠯ ᠳᠠᠬᠢᠨ ᠤᠨᠳᠤᠷᠴᠠᠢ᠃ ᠤᠭ ᠠ᠋ᠴᠠ ᠪᠠᠨ ᠲᠠᠩᠭᠤᠳ ᠤᠯᠤᠰ ᠢ᠋ ᠳᠠᠢᠯᠠᠬᠤ ᠨᠢ ᠭᠠᠷᠴᠠᠭ᠎ᠠ ᠦᠭᠡᠢ ᠪᠠᠢᠭᠰᠠᠨ ᠪᠥᠭᠡᠳ ᠵᠢᠷᠭᠤᠭᠠᠨ ᠵᠢᠯ ᠦ᠋ᠨ ᠡᠮᠦᠨ᠎ᠡ ᠴᠢᠩᠭᠢᠰ ᠬᠠᠭᠠᠨ ᠬᠤᠷᠽᠸᠮ ᠢ᠋ ᠳᠠᠢᠯᠠᠬᠤ ᠪᠠᠷ ᠬᠥᠳᠡᠯᠬᠦ ᠳ᠋ᠡᠭᠡᠨ ᠲᠠᠩᠭᠤᠳ ᠤ᠋ᠨ ᠪᠤᠤᠷ᠎ᠠ ᠬᠠᠭᠠᠨ ᠳ᠋ᠤ᠌ ᠡᠯᠴᠢ ᠢᠯᠡᠬᠡᠨ ᠴᠡᠷᠢᠭ ᠭᠠᠷᠭᠠᠬᠤ ᠶ᠋ᠢ ᠱᠠᠭᠠᠷᠳᠠᠬᠤ ᠳ᠋ᠤ᠌ ᠲᠡᠷᠡ ᠪᠡᠷ ᠶᠡᠬᠡ ᠦᠭᠡ ᠬᠡᠯᠡᠵᠦ ᠬᠦᠯᠢᠶᠡᠨ ᠠᠪᠤᠭᠰᠠᠨ ᠦᠭᠡᠢ ᠨᠢ ᠲᠠᠩᠭᠤᠳ ᠤᠯᠤᠰ ᠤ᠋ᠨ ᠮᠥᠬᠥᠯ ᠦ᠋ᠨ ᠰᠢᠯᠲᠠᠭᠠᠨ ᠪᠣᠯᠵᠠᠢ᠃ ᠲᠠᠩᠭᠤᠳ ᠤᠯᠤᠰ ᠢ᠋ ᠳᠠᠢᠯᠠᠨ ᠮᠥᠬᠥᠭᠡᠬᠦ ᠨᠢ ᠭᠠᠷᠴᠠᠭ᠎ᠠ ᠦᠭᠡᠢ ᠵᠥᠪ ᠭᠡᠮᠡᠨ ᠴᠢᠩᠭᠢᠰ ᠬᠠᠭᠠᠨ ᠤ᠋ ᠰᠢᠳᠠᠷ ᠤ᠋ᠳ ᠶᠡᠬᠡ ᠬᠤᠷᠠᠯᠳᠠᠢ ᠶ᠋ᠢᠨ ᠦᠶ᠎ᠡ ᠪᠡᠷ ᠨᠢᠭᠡᠨ ᠳᠠᠭᠤ ᠪᠠᠷ ᠰᠠᠢᠰᠢᠶᠠᠵᠠᠢ᠃ ᠤᠴᠢᠷ ᠨᠢ ᠮᠣᠩᠭᠣᠯ ᠤ᠋ᠨ ᠶᠡᠬᠡ ᠴᠡᠷᠢᠭ ᠬᠣᠷᠽᠸᠮ ᠳ᠋ᠤ᠌ ᠪᠠᠢᠬᠤ ᠬᠣᠢᠭᠤᠷ ᠲᠠᠩᠭᠤᠳ ᠤᠯᠤᠰ ᠤ᠋ᠨ ᠡᠮᠦᠨ᠎ᠡ ᠨᠢ ᠳᠠᠭᠠᠵᠤ ᠣᠷᠣᠭᠰᠠᠨ ᠲᠠᠩᠭᠠᠷᠢᠭ ᠢ᠋ᠶ᠋ᠠᠨ ᠡᠪᠳᠡᠨ ᠠᠯᠲᠠᠨ ᠤᠯᠤᠰ ᠲᠠᠢ ᠡᠪᠰᠡᠵᠦ ᠮᠤᠬᠤᠯᠠᠢ ᠶ᠋ᠢᠨ ᠡᠰᠡᠷᠭᠦ ᠴᠡᠷᠢᠭ ᠬᠥᠳᠡᠯᠭᠡᠭᠰᠡᠨ ᠨᠢ ᠪᠦᠷ ᠴᠦ᠍ ᠲᠣᠮᠣ ᠰᠢᠯᠲᠠᠭ ᠪᠣᠯᠪᠠ᠃ ᠲᠠᠩᠭᠤᠳ ᠤᠯᠤᠰ ᠤ᠋ᠨ ᠮᠥᠬᠥᠯ ᠦ᠋ᠨ ᠴᠠᠭ ᠡᠢᠨ ᠬᠦ᠌ ᠢᠷᠡᠵᠡᠢ᠃ ᠲᠠᠩᠭᠤᠳ ᠤᠯᠤᠰ ᠢ᠋ ᠮᠥᠬᠥᠭᠡᠬᠦ ᠡᠴᠡ ᠡᠮᠦᠨ᠎ᠡ᠂ ᠳᠣᠷᠣᠨ᠎ᠠ ᠵᠦᠭ ᠣᠷᠣᠰᠢᠬᠤ ᠵᠦᠷᠴᠢᠳ ᠪᠣᠯᠤᠭᠠᠳ ᠰᠥᠩ ᠤᠯᠤᠰ ᠲᠤ᠌ ᠴᠤ᠌ ᠮᠥᠬᠥᠯ ᠦ᠋ᠨ ᠳᠣᠬᠢᠶ᠎ᠠ ᠥᠭᠭᠦᠭᠰᠡᠨ ᠬᠡᠷᠡᠭ ᠪᠠᠢᠪᠠ᠃ ᠴᠢᠩᠭᠢᠰ ᠬᠠᠭᠠᠨ ᠤ᠋ ᠢᠯᠠᠨ ᠲᠠᠢᠯᠤᠭᠴᠢ ᠴᠡᠷᠢᠭ ᠦ᠋ᠨ ᠡᠮᠦᠨ᠎ᠡ ᠡᠴᠡ ᠶᠡᠬᠡ ᠪᠡᠷ ᠡᠰᠡᠷᠭᠦᠴᠡᠨ ᠲᠡᠮᠡᠴᠡᠬᠦ ᠬᠦᠴᠦᠲᠡᠢ ᠲᠡᠢᠮᠦ ᠤᠯᠤᠰ ᠭᠦᠷᠦᠨ ᠨᠢᠭᠡᠨᠲᠡ ᠦᠭᠡᠢ ᠪᠣᠯᠤᠭᠰᠠᠨ ᠮᠡᠲᠦ ᠣᠯᠠᠨ ᠬᠥᠮᠦᠨ ᠳ᠋ᠦ᠍ ᠰᠠᠨᠠᠭᠳᠠᠬᠤ ᠪᠣᠯᠵᠠᠢ᠃ ᠲᠡᠢᠮᠦ ᠤᠴᠢᠷ ᠠ᠋ᠴᠠ ᠬᠦᠴᠦ ᠴᠢᠳᠠᠯ ᠶᠡᠬᠡ ᠦᠭᠡᠢ ᠲᠠᠩᠭᠤᠳ ᠢ᠋ ᠪᠢᠰᠢ᠂ ᠡᠷᠲᠡ ᠶ᠋ᠢᠨ ᠥᠰᠲᠦ ᠠᠯᠲᠠᠨ ᠤᠯᠤᠰ ᠢ᠋ ᠡᠬᠢᠯᠡᠨ ᠳᠠᠢᠯᠠᠬᠤ ᠶ᠋ᠢ ᠬᠦᠰᠡᠭᠴᠢᠳ ᠣᠯᠠᠨ ᠪᠠᠢᠯ᠎ᠠ᠃ 
       ᠬᠠᠷᠢᠨ ᠲᠠᠩᠭᠤᠳ ᠤᠯᠤᠰ ᠢ᠋ ᠶᠠᠭᠠᠷᠠᠨ ᠳᠣᠪᠲᠣᠯᠬᠤ ᠭᠠᠷᠴᠠᠭ᠎ᠠ ᠦᠭᠡᠢ ᠥᠭᠡᠷ᠎ᠡ ᠶᠠᠮᠠᠷ ᠰᠢᠯᠲᠠᠭᠠᠨ ᠴᠢᠩᠭᠢᠰ ᠬᠠᠭᠠᠨ ᠳ᠋ᠤ᠌ ᠪᠠᠢᠭᠰᠠᠨ ᠢ᠋ ᠲᠡᠷᠡ ᠲᠣᠳᠣᠷᠬᠠᠢ ᠲᠠᠢᠯᠪᠤᠷᠢᠯᠠᠨ ᠬᠡᠯᠡᠭᠰᠡᠨ ᠦᠭᠡᠢ ᠲᠤᠯᠠ ᠬᠡᠨ ᠴᠦ᠍ ᠭᠠᠳᠠᠷᠯᠠᠭᠰᠠᠨ ᠦᠭᠡᠢ᠃ ᠲᠡᠭᠡᠭᠡᠳ ᠴᠦ᠍ ᠤᠷᠢᠳ ᠡᠮᠦᠨ᠎ᠡ ᠶ᠋ᠢᠨ ᠲᠡᠮᠦᠵᠢᠨ ᠦ᠌ ᠪᠦᠬᠦ ᠠᠭᠠᠰᠢ ᠠᠪᠤᠷᠢ ᠲᠠᠨᠢᠬᠤ ᠶ᠋ᠢᠨ ᠠᠷᠭ᠎ᠠ ᠦᠭᠡᠢ ᠥᠭᠡᠷᠡᠴᠢᠯᠡᠭᠳᠡᠭᠡᠳ ᠵᠠᠯᠠᠭᠤ ᠢᠳᠡᠷ ᠦᠶ᠎ᠡ ᠳ᠋ᠡᠭᠡᠨ ᠡᠪ ᠢ᠋ ᠬᠢᠴᠢᠶᠡᠨ ᠪᠦᠬᠦᠨ ᠢ᠋ ᠰᠠᠢᠲᠤᠷ ᠤᠬᠠᠭᠤᠯᠤᠨ ᠰᠡᠩᠬᠡᠷᠡᠭᠦᠯᠬᠦ ᠶ᠋ᠢ ᠴᠢᠷᠮᠠᠢᠳᠠᠭ ᠠᠭᠰᠠᠨ ᠵᠠᠩ ᠠ᠋ᠴᠠ ᠨᠢ ᠶᠠᠭᠤ ᠴᠤ᠌ ᠦᠯᠡᠳᠡᠭᠡ ᠦᠭᠡᠢ ᠶ᠋ᠢ ᠠᠩᠵᠠᠭᠠᠷᠠᠵᠤ ᠮᠡᠳᠡᠬᠦ ᠬᠥᠮᠦᠨ ᠡᠨᠡ ᠣᠯᠠᠨ ᠵᠢᠯ ᠦ᠋ᠨ ᠬᠤᠭᠤᠴᠠᠭᠠᠨ ᠳ᠋ᠤ᠌ ᠴᠥᠭᠡᠬᠡᠨ ᠦᠯᠡᠳᠡᠵᠡᠢ᠃ ᠲᠡᠷᠡ ᠶ᠋ᠢ ᠪᠦᠦ ᠬᠡᠯᠡ᠂ ᠤᠷᠢᠳ ᠤ᠋ᠨ ᠲᠡᠮᠦᠵᠢᠨ ᠡᠳᠦᠭᠡ ᠥᠪᠡᠷ ᠢ᠋ ᠪᠡᠨ ᠴᠦ᠍ ᠲᠠᠨᠢᠬᠤ ᠦᠭᠡᠢ᠂ ᠣᠢᠯᠠᠭᠠᠬᠤ ᠦᠭᠡᠢ ᠪᠠᠢᠬᠤ ᠦᠶ᠎ᠡ ᠶᠡᠬᠡ ᠪᠣᠯᠤᠭᠰᠠᠨ ᠪᠠᠢᠯ᠎ᠠ᠃ ᠤᠴᠢᠷ ᠨᠢ ᠴᠢᠩᠭᠢᠰ ᠬᠠᠭᠠᠨ ᠤ᠋ ᠶᠡᠬᠡ ᠰᠦᠷ ᠬᠦᠴᠦ᠂ ᠡᠷᠬᠡ ᠮᠠᠲᠠᠯ ᠤ᠋ᠨ ᠡᠮᠦᠨ᠎ᠡ ᠪᠦᠬᠦ ᠬᠥᠮᠦᠨ ᠰᠥᠭᠥᠳᠦᠨ ᠪᠢᠰᠢᠷᠡᠵᠦ ᠲᠡᠮᠦᠵᠢᠨ ᠥᠪᠡᠷ ᠢ᠋ᠶ᠋ᠡᠨ ᠴᠦ᠍ ᠦᠭᠡ ᠳᠠᠭᠤ ᠦᠭᠡᠢ ᠵᠠᠬᠢᠷᠤᠭᠳᠠᠬᠤ ᠪᠣᠯᠤᠭᠰᠠᠨ ᠪᠠᠢᠯ᠎ᠠ᠃ ᠲᠡᠮᠦᠵᠢᠨ ᠦ᠌ ᠦᠭᠡ ᠰᠤᠷᠭᠠᠯ ᠢ᠋ ᠮᠥᠩᠬᠡ ᠲᠩᠷᠢ ᠶ᠋ᠢᠨ ᠵᠠᠷᠯᠢᠭ ᠭᠡᠮᠡᠨ ᠣᠯᠠᠨ ᠪᠦᠭᠦᠳᠡᠭᠡᠷ ᠦᠭᠡ ᠳᠠᠭᠤ ᠦᠭᠡᠢ ᠳᠠᠭᠠᠨ ᠮᠥᠷᠳᠡᠬᠦ ᠪᠣᠯᠵᠠᠢ᠃ ᠴᠣᠬᠣᠮ ᠳ᠋ᠠᠭᠠᠨ ᠡᠨᠡ ᠯᠡ ᠤᠷᠢᠳ ᠤ᠋ᠨ ᠲᠡᠮᠦᠵᠢᠨ ᠦ᠌ ᠬᠤᠪᠢ ᠳ᠋ᠤ᠌ ᠪᠣᠢ ᠪᠣᠯᠤᠭᠰᠠᠨ ᠥᠭᠡᠷᠡᠴᠢᠯᠡᠯᠲᠡ᠂ ᠲᠡᠭᠦᠨ ᠦ᠌ ᠰᠡᠳᠬᠢᠯ ᠦ᠋ᠨ ᠵᠢᠷᠭᠠᠯ ᠵᠣᠪᠠᠯᠠᠩ ᠤ᠋ᠨ ᠦᠨᠳᠦᠰᠦ ᠪᠣᠯᠵᠤ ᠪᠠᠢᠪᠠ᠃ ᠣᠯᠠᠨ ᠵᠢᠯ ᠦ᠋ᠨ ᠶᠡᠬᠡ ᠲᠡᠮᠡᠴᠡᠯ ᠦ᠋ᠨ ᠢᠯᠠᠯᠲᠠ᠂ ᠢᠯᠠᠭᠳᠠᠯ ᠤ᠋ᠨ ᠳᠤᠮᠳᠠ ᠠ᠋ᠴᠠ ᠣᠯᠵᠤ ᠬᠤᠷᠠᠮᠳᠤᠭᠤᠯᠤᠭᠰᠠᠨ ᠰᠤᠤ ᠠᠯᠳᠠᠷ᠂ ᠡᠷᠬᠡ ᠮᠠᠲᠠᠯ ᠨᠢ ᠥᠰᠬᠦ ᠶ᠋ᠢᠨ ᠬᠢᠷᠢ ᠪᠡᠷ ᠰᠤᠷᠤᠭᠰᠠᠨ ᠳᠠᠰᠤᠭᠰᠠᠨ ᠢ᠋ᠶ᠋ᠠᠷ ᠢ᠋ᠶ᠋ᠠᠨ ᠴᠢᠯᠥᠭᠡᠲᠡᠢ ᠠᠮᠢᠳᠤᠷᠠᠬᠤ᠂ ᠪᠣᠳᠣᠬᠤ ᠰᠡᠳᠬᠢᠬᠦ ᠨᠢ ᠬᠤᠮᠢᠭᠳᠠᠭᠰᠠᠭᠠᠷ ᠢᠷᠡᠭᠰᠡᠨ ᠢ᠋ ᠴᠢᠩᠭᠢᠰ ᠬᠠᠭᠠᠨ ᠭᠠᠳᠠᠷᠯᠠᠵᠤ ᠪᠠᠢᠪᠠ᠃ ᠰᠡᠳᠬᠢᠯ ᠦ᠋ᠨ ᠭᠦᠨ ᠳ᠋ᠡᠬᠢ ᠨᠢᠭᠤᠴᠠ ᠰᠢᠨᠠᠯᠤᠯ᠂ ᠵᠢᠷ ᠦ᠋ᠨ ᠬᠥᠮᠦᠨ ᠦ᠌ ᠠᠲᠠᠯ᠎ᠠ ᠬᠦᠰᠡᠯ ᠮᠥᠷᠥᠭᠡᠳᠦᠯ ᠨᠢ ᠬᠡᠪ ᠢ᠋ᠶ᠋ᠡᠷ ᠠᠳᠠᠯᠢ ᠲᠡᠭᠦᠨ ᠢ᠋ ᠪᠡᠨ ᠥᠪᠡᠷ ᠡᠴᠡ ᠪᠡᠨ ᠴᠦ᠍ ᠪᠣᠯᠪᠠ ᠨᠢᠭᠤᠵᠤ ᠠᠮᠢᠳᠤᠷᠠᠬᠤ ᠨᠢ ᠲᠡᠭᠦᠨ ᠦ᠌ ᠵᠣᠪᠠᠯᠠᠩ ᠪᠣᠯᠤᠨ ᠬᠤᠪᠢᠷᠠᠵᠠᠢ᠃ ᠴᠢᠩᠭᠢᠰ ᠬᠠᠭᠠᠨ ᠢ᠋ ᠣᠯᠠᠨ ᠪᠦᠭᠦᠳᠡᠭᠡᠷ ᠰᠢᠲᠦᠨ ᠨᠡᠷ᠎ᠡ ᠰᠦᠷ ᠨᠢ ᠲᠩᠷᠢ ᠶ᠋ᠢᠨ ᠠᠳᠠᠯᠢ ᠥᠨᠳᠥᠷ ᠪᠣᠯᠤᠭᠰᠠᠨ ᠴᠤ᠌ ᠲᠡᠢᠨ ᠰᠠᠮᠠᠭᠤᠨ ᠦᠭᠡᠢ ᠲᠠᠢᠪᠤᠩ ᠠᠮᠢᠳᠤᠷᠠᠯ ᠡᠬᠢᠯᠡᠮᠡᠭᠴᠡ ᠯᠡ ᠦᠢ ᠣᠯᠠᠨ ᠵᠣᠪᠠᠯᠠᠩ ᠪᠡᠷᠬᠡᠰᠢᠶᠡᠯ ᠤᠷᠭᠤᠨ ᠭᠠᠷᠬᠤ ᠶ᠋ᠢ ᠲᠡᠷᠡ ᠪᠡᠷ ᠦᠵᠡᠵᠦ ᠡᠬᠢᠯᠡᠪᠡ᠃ ᠢᠩᠭᠢᠵᠦ ᠴᠢᠩᠭᠢᠰ ᠬᠠᠭᠠᠨ ᠪᠣᠯᠤᠭᠠᠳ ᠲᠡᠮᠦᠵᠢᠨ ᠭᠡᠭᠴᠢ ᠬᠣᠶᠠᠷ ᠬᠥᠮᠦᠨ ᠨᠢᠭᠡᠨ ᠪᠡᠶ᠎ᠡ ᠳ᠋ᠦ᠍ ᠪᠠᠭᠲᠠᠨ ᠥᠪᠡᠷ ᠬᠣᠭᠣᠷᠣᠨᠳᠣ ᠪᠠᠨ ᠨᠢᠭᠡ ᠡᠪᠯᠡᠵᠦ᠂ ᠨᠢᠭᠡ ᠵᠥᠷᠢᠴᠡᠯᠳᠦᠨ ᠠᠮᠢᠳᠤᠷᠠᠬᠤ ᠪᠣᠯᠵᠠᠢ᠃ ᠬᠠᠷᠢᠨ ᠴᠢᠩᠭᠢᠰ ᠬᠠᠭᠠᠨ ᠤ᠋ ᠨᠢᠭᠡᠨ ᠪᠡᠶ᠎ᠡ ᠳ᠋ᠦ᠍ ᠶᠠᠮᠠᠷᠬᠠᠨ ᠵᠣᠪᠠᠯᠠᠩ ᠰᠢᠨᠠᠯᠤᠯ ᠪᠠᠢᠬᠤ ᠶ᠋ᠢ ᠵᠢᠷ ᠦ᠋ᠨ ᠬᠥᠮᠦᠨ ᠳᠠᠭᠠᠬᠤ ᠶ᠋ᠢᠨ ᠠᠷᠭ᠎ᠠ ᠦᠭᠡᠢ ᠠᠵᠢ᠃ ᠤᠭ ᠠ᠋ᠴᠠ ᠲᠡᠳᠡ ᠴᠢᠩᠭᠢᠰ ᠬᠠᠭᠠᠨ ᠢ᠋ ᠡᠨᠡ ᠶᠢᠷᠲᠢᠨᠴᠦ ᠶ᠋ᠢᠨ ᠬᠠᠮᠤᠭ ᠤ᠋ᠨ ᠠᠵᠠ ᠵᠢᠷᠭᠠᠯᠲᠠᠢ᠂ ᠡᠷᠬᠡ ᠮᠠᠲᠠᠯ᠂ ᠰᠦᠷ ᠬᠦᠴᠦ ᠲᠡᠭᠦᠰ ᠬᠥᠮᠦᠨ ᠭᠡᠮᠡᠨ ᠲᠣᠭᠠᠴᠠᠵᠤ ᠪᠠᠢᠭᠰᠠᠨ ᠪᠢᠵᠡ᠃ ᠬᠠᠷᠢᠨ ᠴᠢᠩᠭᠢᠰ ᠬᠠᠭᠠᠨ ᠪᠣᠯᠤᠭᠠᠳ ᠲᠡᠮᠦᠵᠢᠨ ᠳ᠋ᠦ᠍ ᠡᠷᠭᠢᠴᠡᠭᠦᠯᠦᠨ ᠪᠣᠳᠣᠬᠤ ᠬᠢᠭᠡᠳ ᠡᠷᠡᠭᠡᠯᠵᠡᠵᠦ ᠲᠡᠨᠡᠭᠡᠯᠵᠡᠯ ᠦᠭᠡᠢ ᠡᠷᠡᠰ ᠰᠢᠢᠳᠬᠦ ᠵᠦᠢᠯ ᠮᠤᠩᠳᠠᠬᠤ ᠦᠭᠡᠢ ᠪᠠᠢᠯ᠎ᠠ᠃ 
       ᠲᠠᠩᠭᠤᠳ ᠤᠯᠤᠰ ᠲᠤ᠌ ᠶᠡᠬᠡ ᠴᠡᠷᠢᠭ ᠣᠷᠣᠭᠤᠯᠵᠤ ᠡᠵᠡᠯᠡᠨ ᠳᠠᠭᠠᠭᠤᠯᠬᠤ ᠳ᠋ᠤ᠌ ᠴᠢᠩᠭᠢᠰ ᠬᠠᠭᠠᠨ ᠥᠪᠡᠷ ᠦ᠋ᠨ ᠪᠡᠶ᠎ᠡ ᠪᠡᠷ ᠮᠣᠷᠢᠯᠠᠨ ᠲᠦᠪᠡᠭ ᠴᠢᠷᠦᠭᠳᠡᠯ ᠦᠭᠡᠢ ᠣᠨᠴᠠᠭᠠᠢ ᠰᠢᠯᠲᠠᠭᠠᠨ ᠪᠠᠢᠭᠰᠠᠨ ᠦᠭᠡᠢ ᠪᠥᠭᠡᠳ ᠢᠯᠠᠩᠭᠤᠶ᠎ᠠ ᠥᠭᠡᠳᠡᠢ ᠨᠠᠰᠤ ᠥᠨᠳᠥᠷ ᠪᠣᠯᠤᠭᠰᠠᠨ ᠡᠴᠢᠭᠡ ᠶ᠋ᠢ ᠪᠡᠨ ᠭᠡᠷ ᠲᠡᠭᠡᠨ ᠠᠮᠤᠷ ᠲᠠᠢᠪᠤᠩ ᠰᠠᠭᠤᠬᠤ ᠶ᠋ᠢ ᠵᠥᠭᠡᠯᠡᠨ ᠢ᠋ᠶ᠋ᠡᠷ ᠱᠠᠭᠠᠷᠳᠠᠵᠤ ᠲᠠᠩᠭᠤᠳ ᠢ᠋ ᠳᠠᠢᠯᠠᠬᠤ ᠬᠡᠷᠡᠭ ᠢ᠋ ᠥᠪᠡᠷ ᠢ᠋ᠶ᠋ᠡᠨ ᠤᠳᠤᠷᠢᠳᠬᠤ ᠶ᠋ᠢ ᠬᠦᠰᠡᠵᠦ ᠪᠠᠢᠭ᠎ᠠ ᠨᠢ ᠢᠯᠡᠳᠲᠡ ᠪᠠᠢᠯ᠎ᠠ᠃ ᠢᠩᠭᠢᠯ᠎ᠡ ᠭᠡᠵᠦ ᠥᠭᠡᠳᠡᠢ ᠶ᠋ᠢ ᠪᠤᠷᠤᠭᠤᠳᠬᠠᠨ ᠵᠢᠮᠡᠯᠡᠬᠦ ᠠᠷᠭ᠎ᠠ ᠦᠭᠡᠢ ᠪᠥᠭᠡᠳ ᠭᠠᠭᠴᠠᠬᠠᠨ ᠬᠥᠪᠡᠭᠦᠳ ᠦ᠋ᠨ ᠬᠢᠨᠢ ᠰᠡᠳᠬᠢᠯ ᠰᠠᠨᠠᠭ᠎ᠠ ᠡᠢᠮᠦ ᠲᠦᠷᠭᠡᠨ ᠢ᠋ᠶ᠋ᠡᠷ ᠬᠤᠪᠢᠷᠠᠨ ᠥᠭᠡᠷᠡᠴᠢᠯᠡᠭᠳᠡᠵᠦ ᠪᠠᠢᠭ᠎ᠠ ᠶ᠋ᠢ ᠣᠢᠯᠠᠭᠠᠬᠤ ᠳ᠋ᠤ᠌ ᠪᠡᠷᠬᠡ ᠰᠠᠨᠠᠭᠳᠠᠵᠠᠢ᠃ ᠬᠠᠷᠢᠨ ᠴᠢᠩᠭᠢᠰ ᠬᠠᠭᠠᠨ ᠣᠭᠲᠣ ᠥᠭᠡᠷ᠎ᠡ ᠪᠣᠳᠣᠯ ᠲᠠᠢ ᠪᠠᠢᠯ᠎ᠠ᠃ ᠵᠢᠷᠭᠤᠭᠠᠨ ᠵᠢᠯ ᠦᠷᠭᠦᠯᠵᠢᠯᠡᠭᠰᠡᠨ ᠪᠠᠷᠠᠭᠤᠨ ᠵᠦᠭ ᠦ᠋ᠨ ᠠᠶᠠᠨ ᠲᠡᠢᠨ ᠡᠴᠡ ᠲᠥᠷᠥᠭᠰᠡᠨ ᠨᠤᠲᠤᠭ ᠲᠠᠭᠠᠨ ᠡᠰᠡᠨ ᠮᠡᠨᠳᠦ᠂ ᠢᠯᠠᠯᠲᠠ ᠶ᠋ᠢᠨ ᠰᠦᠷ ᠬᠦᠴᠦ ᠳᠦᠭᠦᠷᠡᠩ ᠡᠷᠭᠢᠨ ᠢᠷᠡᠬᠦ ᠳ᠋ᠦ᠍ ᠬᠡᠴᠢᠨᠡᠨ ᠰᠠᠢᠬᠠᠨ ᠴᠤ᠌ ᠠᠮᠤᠷ ᠲᠠᠢᠪᠤᠩ ᠰᠠᠭᠤᠭᠰᠠᠨ ᠡᠬᠢᠨ ᠦ᠌ ᠰᠠᠷ᠎ᠠ ᠳ᠋ᠠᠭᠠᠨ ᠯᠠ ᠮᠣᠩᠭᠣᠯ ᠤ᠋ᠨ ᠠᠮᠢᠳᠤᠷᠠᠯ ᠲᠠᠨᠢᠭᠳᠠᠬᠤ ᠦᠭᠡᠢ ᠥᠭᠡᠷᠡᠴᠢᠯᠡᠭᠳᠡᠭᠰᠡᠨ ᠢ᠋ ᠴᠢᠩᠭᠢᠰ ᠬᠠᠭᠠᠨ ᠮᠡᠳᠡᠷᠡᠭᠰᠡᠨ ᠪᠢᠯᠡ᠃ ᠵᠥᠪᠬᠡᠨ ᠠᠮᠢᠳᠤᠷᠠᠯ ᠥᠭᠡᠷᠡᠴᠢᠯᠡᠭᠳᠡᠵᠦ ᠪᠠᠶᠠᠨ ᠴᠢᠨᠡᠭᠡᠯᠢᠭ ᠪᠣᠯᠤᠭᠠᠳ ᠴᠤ᠌ ᠵᠣᠭᠰᠣᠭᠰᠠᠨ ᠦᠭᠡᠢ᠃ ᠡᠷᠭᠢᠨ ᠲᠣᠭᠣᠷᠢᠨ ᠤ᠋ ᠪᠦᠬᠦ ᠬᠥᠮᠦᠰ᠂ ᠴᠢᠩᠭᠢᠰ ᠬᠠᠭᠠᠨ ᠥᠪᠡᠷ ᠢ᠋ᠶ᠋ᠡᠨ ᠴᠦ᠍ ᠥᠭᠡᠷᠡᠴᠢᠯᠡᠭᠳᠡᠵᠡᠢ᠃ ᠤᠯᠤᠰ ᠭᠦᠷᠦᠨ ᠨᠢ ᠬᠠᠶᠠᠭ᠎ᠠ ᠲᠡᠯᠡᠵᠦ᠂ ᠰᠦᠷ ᠬᠦᠴᠦ ᠨᠡᠮᠡᠭᠳᠡᠬᠦ ᠳᠣᠳᠣᠮ ᠠᠯᠪᠠᠲᠤ ᠢᠷᠭᠡᠳ ᠦ᠋ᠨ ᠬᠦᠰᠡᠯ ᠵᠣᠷᠢᠭ ᠴᠤ᠌ ᠥᠭᠡᠷ᠎ᠡ ᠪᠣᠯᠵᠠᠢ᠃ 
       ᠪᠠᠷᠠᠭᠤᠨ ᠵᠡᠭᠦᠨ ᠵᠦᠭ ᠲᠦ᠍ ᠭᠠᠵᠠᠷ ᠤ᠋ᠨ ᠬᠢᠵᠠᠭᠠᠷ ᠪᠣᠯᠤᠨ ᠣᠷᠣᠰᠢᠭᠴᠢ ᠬᠣᠶᠠᠷ ᠶᠡᠬᠡ ᠳᠠᠯᠠᠢ ᠶ᠋ᠢᠨ ᠬᠣᠭᠣᠷᠣᠨᠳᠣ ᠬᠢᠯᠢ ᠬᠢᠵᠠᠭᠠᠷ ᠨᠢ ᠦᠷᠭᠦᠯᠵᠢᠯᠡᠭᠰᠡᠨ ᠡᠨᠡ ᠶᠡᠬᠡ ᠤᠯᠤᠰ ᠢ᠋ ᠨᠢᠭᠡᠳᠬᠡᠨ ᠵᠢᠯᠣᠭᠣᠳᠬᠤ ᠭᠡᠳᠡᠭ ᠴᠡᠷᠢᠭ ᠵᠠᠰᠠᠵᠤ ᠬᠣᠲᠠ ᠪᠠᠯᠭᠠᠰᠤ ᠡᠵᠡᠯᠡᠬᠦ ᠲᠡᠢ ᠵᠦᠢᠷᠯᠡᠰᠢ ᠦᠭᠡᠢ ᠪᠡᠷᠬᠡ ᠪᠣᠯᠬᠤ ᠶ᠋ᠢ ᠰᠠᠶᠢ ᠨᠤᠲᠤᠭ ᠲᠠᠭᠠᠨ ᠢᠷᠡᠭᠰᠡᠨ ᠬᠣᠢᠨ᠎ᠠ ᠯᠠ ᠰᠠᠢᠲᠤᠷ ᠣᠢᠯᠠᠭᠠᠵᠤ ᠮᠡᠳᠡᠷᠡᠵᠡᠢ᠃ ᠪᠠᠰᠠ ᠶᠠᠮᠠᠷ ᠶᠡᠬᠡ ᠨᠤᠲᠤᠭ ᠣᠷᠣᠨ ᠢ᠋ ᠨᠢᠭᠡᠳᠬᠡᠨ ᠵᠠᠬᠢᠷᠬᠤ ᠪᠣᠯᠤᠭᠰᠠᠨ ᠢ᠋ᠶ᠋ᠠᠨ ᠴᠤ᠌ ᠤᠬᠠᠭᠠᠷᠠᠪᠠ᠃ ᠭᠡᠪᠡᠴᠦ ᠤᠯᠤᠰ ᠣᠷᠣᠨ᠂ ᠦᠨᠳᠦᠰᠦᠲᠡᠨ ᠶᠠᠰᠤᠲᠠᠨ ᠪᠦᠷᠢ ᠡᠴᠡ ᠰᠢᠯᠢᠨ ᠠᠪᠴᠢᠷᠠᠭᠰᠠᠨ ᠲᠡᠭᠦᠰ᠂ ᠦᠨᠡᠨᠴᠢ ᠰᠡᠳᠬᠢᠯ ᠲᠡᠢ ᠰᠢᠳᠠᠷ ᠰᠠᠢᠳ ᠤ᠋ᠳ ᠨᠢ ᠡᠨᠡ ᠪᠦᠭᠦᠳᠡ ᠶ᠋ᠢ ᠲᠡᠭᠦᠨ ᠦ᠌ ᠬᠡᠯᠡᠭᠰᠡᠨ ᠢ᠋ᠶ᠋ᠡᠷ ᠭᠦᠢᠴᠡᠯᠳᠦᠭᠦᠯᠦᠨ ᠶᠡᠬᠡ ᠤᠯᠤᠰ ᠤ᠋ᠨ ᠠᠮᠢᠳᠤᠷᠠᠯ ᠲᠥᠯᠥᠪᠰᠢᠨ ᠲᠣᠭᠲᠠᠨᠢᠵᠤ ᠨᠢᠭᠡᠨ ᠬᠠᠤᠯᠢ ᠴᠠᠭᠠᠵᠠ ᠶ᠋ᠢᠨ ᠪᠣᠭᠣᠯᠭᠠᠨ ᠳᠣᠣᠷ᠎ᠠ ᠠᠮᠢᠳᠤᠷᠠᠵᠤ ᠰᠤᠷᠴᠤ ᠪᠠᠢᠭ᠎ᠠ ᠨᠢ ᠪᠠᠬᠠᠷᠬᠠᠯᠲᠠᠢ ᠬᠡᠷᠡᠭ ᠪᠠᠢᠯ᠎ᠠ ᠃ ᠬᠠᠷᠢᠨ ᠴᠢᠩᠭᠢᠰ ᠬᠠᠭᠠᠨ ᠤ᠋ ᠰᠡᠳᠬᠢᠯ ᠰᠠᠨᠠᠭᠠᠨ ᠳ᠋ᠤ᠌ ᠭᠠᠷᠤᠭᠰᠠᠨ ᠥᠭᠡᠷᠡᠴᠢᠯᠡᠯᠲᠡ ᠶ᠋ᠢ ᠯᠡ ᠬᠡᠨ ᠴᠦ᠍ ᠵᠠᠯᠠᠵᠤ ᠵᠢᠯᠣᠭᠣᠳᠴᠤ᠂ ᠵᠢᠭᠠᠵᠤ ᠵᠥᠪᠯᠡᠬᠦ ᠦᠭᠡᠢ ᠪᠣᠯᠵᠠᠢ᠃ 
       ᠮᠡᠳᠡᠭᠡ ᠣᠷᠣᠭᠰᠠᠨ ᠴᠠᠭ ᠠ᠋ᠴᠠ ᠡᠬᠢᠯᠡᠨ ᠴᠢᠩᠭᠢᠰ ᠬᠠᠭᠠᠨ ᠤ᠋ ᠠᠮᠢᠳᠤᠷᠠᠯ ᠳ᠋ᠤ᠌ ᠰᠡᠳᠬᠢᠯ ᠲᠥᠭᠰᠢᠬᠡᠭᠰᠡᠨ ᠬᠡᠴᠡᠭᠦᠦ ᠪᠡᠷᠬᠡ ᠬᠡᠷᠡᠭ ᠳᠣᠣᠷ᠎ᠠ ᠳᠣᠣᠷ᠎ᠠ ᠠ᠋ᠴᠠ ᠤᠨᠳᠤᠷᠤᠨ ᠭᠠᠷᠤᠭᠰᠠᠭᠠᠷ ᠪᠠᠢᠭᠰᠠᠨ ᠴᠤ᠌ ᠲᠡᠳᠡᠭᠡᠷ ᠦ᠋ᠨ ᠳᠣᠲᠣᠷ᠎ᠠ ᠠ᠋ᠴᠠ ᠵᠥᠴᠢ ᠬᠥᠪᠡᠭᠦᠨ ᠦ᠌ ᠬᠢᠨᠢ ᠦᠬᠦᠯ ᠶᠠᠭᠤᠲᠠᠢ ᠴᠤ᠌ ᠵᠦᠢᠷᠯᠡᠰᠢ ᠦᠭᠡᠢ ᠡᠮᠭᠡᠨᠢᠯᠲᠡᠢ ᠭᠠᠰᠢᠭᠤᠨ ᠪᠠᠢᠪᠠ᠃ ᠬᠣᠷᠽᠸᠮ ᠠ᠋ᠴᠠ ᠬᠥᠳᠡᠯᠵᠦ ᠬᠡᠳᠦᠨ ᠰᠠᠷ᠎ᠠ ᠶᠠᠪᠤᠭᠠᠳ ᠳᠥᠩᠭᠡᠵᠦ ᠡᠷᠴᠢᠰ ᠮᠥᠷᠡᠨ ᠦ᠌ ᠬᠥᠨᠳᠡᠢ ᠳ᠋ᠦ᠍ ᠢᠷᠡᠵᠦ ᠪᠠᠭᠤᠭᠠᠳ ᠪᠠᠢᠲᠠᠯ᠎ᠠ ᠵᠥᠴᠢ ᠶ᠋ᠢᠨ ᠦᠬᠦᠯ ᠦ᠋ᠨ ᠲᠤᠬᠠᠢ ᠮᠡᠳᠡᠭᠡ ᠢᠷᠡᠭᠰᠡᠨ ᠨᠢ ᠴᠢᠩᠭᠢᠰ ᠬᠠᠭᠠᠨ ᠢ᠋ ᠲᠡᠭᠡᠵᠦ ᠰᠣᠴᠢᠭᠠᠨ ᠡᠮᠵᠡᠭᠯᠡᠭᠦᠯᠦᠨ᠎ᠡ ᠭᠡᠵᠦ ᠲᠡᠷᠡ ᠳᠠᠩᠴᠤ ᠰᠠᠨᠠᠭᠰᠠᠨ ᠦᠭᠡᠢ ᠪᠢᠯᠡ᠃ ᠤᠴᠢᠷ ᠨᠢ ᠴᠢᠩᠭᠢᠰ ᠬᠠᠭᠠᠨ ᠴᠣᠬᠣᠮ ᠵᠥᠴᠢ ᠶ᠋ᠢ ᠦᠬᠦᠭᠦᠯᠬᠦ ᠯᠡ ᠭᠡᠵᠦ ᠪᠣᠭᠤᠷᠴᠢ ᠶ᠋ᠢ ᠰᠣᠩᠭᠣᠨ ᠢᠯᠡᠭᠡᠭᠰᠡᠨ ᠶᠦᠮ᠃ ᠭᠡᠲᠡᠯ᠎ᠡ ᠬᠦᠰᠡᠭᠰᠡᠨ ᠶᠠᠭᠤᠮ᠎ᠠ ᠬᠦᠵᠦᠭᠦᠦ ᠪᠡᠷ ᠲᠠᠲᠠᠨ᠎ᠠ ᠭᠡᠳᠡᠭ ᠪᠣᠯᠬᠤ ᠳ᠋ᠤ᠌ ᠪᠦᠬᠦ ᠵᠢᠷᠦᠬᠡ ᠰᠡᠳᠬᠢᠯ ᠨᠢ ᠢᠩᠭᠢᠵᠦ ᠰᠢᠨᠠᠯᠤᠨ ᠡᠮᠵᠡᠭᠯᠡᠨ᠎ᠡ ᠭᠡᠵᠦ ᠮᠡᠳᠡᠭᠰᠡᠨ ᠦᠭᠡᠢ᠃ ᠵᠥᠴᠢ ᠡᠪᠡᠳᠴᠢᠨ ᠢ᠋ᠶ᠋ᠡᠷ ᠦᠬᠦᠭᠰᠡᠨ ᠨᠢ ᠮᠥᠩᠬᠡ ᠲᠩᠷᠢ ᠲᠡᠭᠦᠨ ᠦ᠌ ᠰᠠᠨᠠᠭ᠎ᠠ ᠶ᠋ᠢ ᠭᠡᠨᠡᠳᠲᠡ ᠳᠠᠭᠠᠵᠤ ᠮᠡᠳᠡᠭᠡᠳ ᠲᠡᠭᠦᠨ ᠳ᠋ᠦ᠍ ᠲᠤᠰᠠᠯᠠᠭᠰᠠᠨ ᠬᠡᠷᠡᠭ ᠮᠡᠲᠦ ᠰᠠᠨᠠᠭᠳᠠᠭᠰᠠᠨ ᠴᠤ᠌ ᠲᠡᠷᠡ ᠬᠥᠪᠡᠭᠦᠨ ᠦᠬᠦᠭᠰᠡᠨ ᠨᠢ ᠴᠢᠩᠭᠢᠰ ᠬᠠᠭᠠᠨ ᠤ᠋ ᠰᠡᠳᠬᠢᠯ ᠳ᠋ᠦ᠍ ᠬᠢᠵᠠᠭᠠᠷ ᠦᠭᠡᠢ ᠶᠡᠬᠡ ᠡᠮᠭᠡᠨᠢᠯ ᠡᠴᠡ ᠭᠠᠳᠠᠨ᠎ᠠ ᠠᠢᠳᠠᠰ᠂ ᠲᠦᠭᠰᠢᠭᠦᠷᠢ ᠠᠪᠴᠢᠷᠠᠵᠠᠢ᠃ 
       ᠵᠥᠴᠢ ᠶ᠋ᠢᠨ 《ᠠᠯᠲᠠᠨ ᠣᠷᠳᠣᠨ》 ᠬᠡᠮᠡᠬᠦ ᠰᠢᠨ᠎ᠡ ᠪᠡᠷ ᠴᠣᠭᠴᠠᠯᠠᠭᠰᠠᠨ ᠬᠦᠷᠢᠶᠡᠨ ᠳ᠋ᠦ᠍ ᠪᠣᠭᠤᠷᠴᠢ ᠶ᠋ᠢ ᠣᠴᠢᠭᠰᠠᠨ ᠤ᠋ ᠳᠠᠷᠠᠭᠠᠬᠠᠨ ᠡᠨᠡ ᠬᠡᠷᠡᠭ ᠪᠣᠯᠤᠭᠰᠠᠨ ᠢ᠋ ᠢᠯᠡᠳᠬᠡᠭᠰᠡᠨ ᠵᠠᠬᠢᠳᠠᠯ ᠢ᠋ ᠪᠣᠭᠤᠷᠴᠢ ᠶ᠋ᠢᠨ ᠡᠷᠭᠦᠮᠡᠯ ᠬᠥᠪᠡᠭᠦᠨ ᠬᠡᠷᠡᠭᠡ ᠴᠢᠩᠭᠢᠰ ᠬᠠᠭᠠᠨ ᠳ᠋ᠤ᠌ ᠰᠦᠪᠡᠭᠡᠳᠡᠢ ᠶ᠋ᠢᠨ ᠬᠦᠷᠢᠶᠡᠨ ᠳ᠋ᠦ᠍ ᠣᠴᠢᠵᠤ ᠠᠭᠤᠯᠵᠠᠭᠠᠳ ᠢᠷᠡᠬᠦ ᠵᠠᠮ ᠳ᠋ᠠᠭᠠᠨ ᠺᠠᠰᠫᠢ ᠶ᠋ᠢᠨ ᠲᠠᠩᠭᠢᠰ ᠤ᠋ᠨ ᠵᠡᠭᠦᠨ ᠡᠮᠦᠨᠡᠲᠦ ᠲᠠᠯ᠎ᠠ ᠳ᠋ᠤ᠌ ᠪᠠᠢᠭᠰᠠᠨ ᠵᠥᠴᠢ ᠶ᠋ᠢᠨ《ᠠᠯᠲᠠᠨ ᠣᠷᠳᠣᠨ》 ᠳ᠋ᠤ᠌ ᠪᠣᠭᠤᠷᠴᠢ ᠣᠴᠢᠵᠠᠢ᠃ ᠬᠠᠷᠢᠨ ᠬᠡᠪᠲᠡᠷᠢ ᠶ᠋ᠢᠨ ᠬᠦᠨᠳᠦ ᠡᠪᠡᠳᠴᠢᠨ ᠳ᠋ᠦ᠍ ᠨᠡᠷᠪᠡᠭᠳᠡᠭᠰᠡᠨ ᠵᠥᠴᠢ᠂ ᠴᠢᠩᠭᠢᠰ ᠬᠠᠭᠠᠨ ᠤ᠋ ᠶᠡᠬᠡ ᠰᠢᠳᠠᠷ ᠰᠠᠢᠳ ᠪᠣᠭᠤᠷᠴᠢ ᠶ᠋ᠢ ᠥᠪᠡᠷ ᠦ᠋ᠨ ᠪᠡᠶ᠎ᠡ ᠪᠡᠷ ᠪᠣᠰᠤᠨ ᠬᠦᠨᠳᠦᠯᠡᠨ ᠤᠭᠲᠤᠵᠤ ᠴᠢᠳᠠᠭᠰᠠᠨ ᠦᠭᠡᠢ ᠠᠵᠢ᠃ ᠶᠡᠬᠡ ᠰᠢᠳᠠᠷ ᠰᠠᠢᠳ ᠪᠣᠭᠤᠷᠴᠢ ᠭᠡᠨᠡᠳᠲᠡ ᠢᠷᠡᠭᠰᠡᠨ ᠨᠢ ᠴᠢᠩᠭᠢᠰ ᠬᠠᠭᠠᠨ ᠥᠪᠡᠷ ᠦ᠋ᠨ ᠪᠡᠶ᠎ᠡ ᠪᠡᠷ ᠮᠣᠷᠢᠯᠠᠭᠰᠠᠨ ᠲᠠᠢ ᠨᠢᠭᠡᠨ ᠠᠳᠠᠯᠢ ᠬᠡᠷᠡᠭ ᠪᠠᠢᠯ᠎ᠠ᠃ 
       ᠵᠥᠴᠢ ᠲᠡᠢ ᠨᠢᠭᠤᠷ ᠲᠤᠯᠤᠨ ᠠᠭᠤᠯᠵᠠᠭᠰᠠᠨ ᠦᠭᠡᠢ ᠪᠡᠨ ᠬᠡᠷᠡᠭᠡ ᠴᠢᠩᠭᠢᠰ ᠬᠠᠭᠠᠨ ᠳ᠋ᠤ᠌ ᠥᠴᠢᠵᠡᠢ᠃ ᠪᠣᠭᠤᠷᠴᠢ ᠶ᠋ᠢᠨ ᠵᠠᠬᠢᠳᠠᠯ ᠲᠤᠩ ᠲᠣᠪᠴᠢᠬᠠᠨ ᠪᠠᠢᠪᠠ᠃ 《ᠵᠥᠴᠢ ᠬᠠᠭᠠᠨ ᠬᠦᠨᠳᠦ ᠡᠪᠡᠳᠴᠢᠨ ᠦ᠌ ᠤᠯᠠᠮ ᠠ᠋ᠴᠠ ᠲᠠᠭᠠᠯᠠᠯ ᠲᠡᠭᠦᠰᠴᠦ ᠰᠠᠭᠤᠷᠢ ᠨᠢ ᠡᠵᠡᠭᠦᠢᠷᠡᠪᠡ᠃ ᠴᠢᠩᠭᠢᠰ ᠬᠠᠭᠠᠨ ᠲᠠᠨ ᠤ᠋ ᠣᠯᠭᠣᠭᠰᠠᠨ ᠶᠡᠬᠡ ᠡᠷᠬᠡ ᠶ᠋ᠢᠨ ᠳᠠᠭᠠᠤ ᠵᠥᠴᠢ ᠬᠠᠭᠠᠨ ᠤ᠋ ᠬᠥᠪᠡᠭᠦᠨ ᠪᠠᠲᠤ ᠶ᠋ᠢ ᠡᠴᠢᠭᠡ ᠶ᠋ᠢᠨ ᠬᠢᠨᠢ ᠰᠠᠭᠤᠳᠠᠯ ᠳ᠋ᠤ᠌ ᠲᠦᠷ ᠡᠷᠭᠦᠮᠵᠢᠯᠡᠵᠦ ᠡᠨᠳᠡ ᠶᠡᠬᠡ ᠭᠠᠰᠢᠭᠤᠳᠠᠯ ᠵᠠᠷᠯᠠᠪᠠ᠃ ᠴᠠᠭᠠᠰᠢᠳᠠ ᠬᠡᠷᠬᠢᠬᠦ ᠶ᠋ᠢ ᠴᠢᠩᠭᠢᠰ ᠬᠠᠭᠠᠨ ᠲᠠ ᠪᠣᠯᠭᠣᠭᠠᠬᠤ ᠪᠣᠢ ᠊ᠢ᠎ᠡ᠃ ᠴᠢᠩᠭᠢᠰ ᠬᠠᠭᠠᠨ ᠲᠠᠨ ᠤ᠋ ᠤᠤᠭᠠᠨ ᠬᠥᠪᠡᠭᠦᠨ ᠵᠥᠴᠢ ᠮᠢᠨᠦ ᠭᠠᠷ ᠳᠡᠭᠡᠷ᠎ᠡ ᠠᠮᠢᠰᠬᠤᠯ ᠬᠤᠷᠢᠶᠠᠪᠠ》 ᠭᠡᠰᠡᠨ ᠪᠠᠢᠪᠠ᠃ ᠡᠨᠡ ᠵᠠᠬᠢᠳᠠᠯ ᠢ᠋ ᠤᠩᠰᠢᠮᠠᠭᠴᠠ ᠴᠢᠩᠭᠢᠰ ᠬᠠᠭᠠᠨ ᠤ᠋ ᠳᠣᠲᠣᠷ᠎ᠠ ᠣᠳᠣ ᠪᠥᠷᠲᠡ ᠳ᠋ᠦ᠍ ᠶᠠᠭᠤ ᠭᠡᠬᠦ ᠪᠢᠯᠡ ᠭᠡᠰᠡᠨ ᠠᠢᠳᠠᠰ ᠬᠠᠮᠤᠭ ᠠ᠋ᠴᠠ ᠲᠦᠷᠦᠭᠦᠯᠡᠨ ᠲᠥᠷᠥᠭᠰᠡᠨ ᠪᠢᠯᠡ᠃ ᠬᠦᠨᠳᠦ ᠡᠪᠡᠳᠴᠢᠨ ᠳ᠋ᠦ᠍ ᠨᠡᠷᠪᠡᠭᠳᠡᠭᠰᠡᠨ ᠭᠡᠳᠡᠭ ᠢ᠋ᠶ᠋ᠡᠨ ᠢᠯᠡᠷᠬᠡᠢᠯᠡᠵᠦ ᠪᠢᠴᠢᠭ ᠵᠠᠬᠢᠳᠠᠯ ᠢᠯᠡᠭᠡᠭᠰᠡᠭᠡᠷ ᠪᠠᠢᠭᠰᠠᠨ ᠴᠤ᠌ ᠴᠢᠩᠭᠢᠰ ᠬᠠᠭᠠᠨ ᠵᠥᠴᠢ ᠳ᠋ᠦ᠍ ᠢᠲᠡᠭᠡᠭᠡ ᠦᠭᠡᠢ ᠶᠦᠮ᠃ ᠪᠠᠰᠠ ᠵᠠᠯᠮ᠎ᠠ ᠶ᠋ᠢᠨ ᠬᠥᠪᠡᠭᠦᠨ ᠶᠢᠰᠦᠨᠲᠡᠢ ᠶ᠋ᠢᠨ ᠬᠡᠯᠡᠭᠰᠡᠨ ᠦᠭᠡ ᠵᠥᠴᠢ ᠶ᠋ᠢᠨ ᠴᠠᠭᠠᠳᠤ ᠵᠣᠷᠢᠯᠭ᠎ᠠ ᠶ᠋ᠢ ᠲᠣᠳᠣᠷᠠᠭᠤᠯᠤᠭᠰᠠᠨ ᠲᠤᠯᠠ ᠶᠢᠰᠦᠨᠲᠡᠢ ᠳ᠋ᠦ᠍ ᠢᠲᠡᠭᠡᠬᠦ ᠦᠭᠡᠢ ᠪᠠᠢᠬᠤ ᠶ᠋ᠢᠨ ᠠᠷᠭ᠎ᠠ ᠦᠭᠡᠢ ᠪᠠᠢᠵᠠᠢ᠃ ᠶᠢᠰᠦᠨᠲᠡᠢ ᠶ᠋ᠢ ᠥᠪᠡᠷ ᠦ᠋ᠨ ᠳᠡᠷᠭᠡᠳᠡ ᠢᠷᠡᠭᠦᠯᠵᠦ ᠴᠡᠷᠢᠭ ᠦ᠋ᠨ ᠢ᠋ᠶ᠋ᠡᠨ ᠬᠡᠷᠡᠭ ᠢ᠋ ᠡᠷᠬᠢᠯᠡᠭᠦᠯᠬᠦ ᠶ᠋ᠢ ᠵᠥᠴᠢ ᠬᠦᠰᠡᠭᠡᠳ ᠵᠣᠭᠰᠣᠭᠰᠠᠨ ᠦᠭᠡᠢ ᠲᠡᠭᠦᠨ ᠢ᠋ᠶ᠋ᠡᠷ ᠳᠠᠮᠵᠢᠭᠤᠯᠤᠨ ᠡᠭᠦᠯᠡᠨ ᠴᠡᠷᠪᠢ ᠪᠣᠯᠤᠨ ᠪᠤᠰᠤᠳ ᠰᠢᠯᠢᠳᠡᠭ ᠵᠠᠯᠠᠭᠤ ᠵᠠᠩᠵᠤᠨ ᠨᠤᠭᠤᠳ ᠢ᠋ ᠥᠪᠡᠷ ᠦ᠋ᠨ ᠲᠠᠯ᠎ᠠ ᠳ᠋ᠤ᠌ ᠤᠷᠪᠠᠭᠤᠯᠤᠨ ᠣᠷᠣᠭᠤᠯᠬᠤ ᠶ᠋ᠢ ᠰᠢᠭᠤᠳ ᠰᠠᠨᠠᠭᠠᠷᠬᠠᠨ ᠵᠣᠷᠢᠭᠯᠠᠵᠤ ᠪᠠᠢᠭ᠎ᠠ ᠶ᠋ᠢ ᠶᠢᠰᠦᠨᠲᠡᠢ᠂ ᠴᠢᠩᠭᠢᠰ ᠬᠠᠭᠠᠨ ᠳ᠋ᠤ᠌ ᠨᠢᠭᠤᠯ ᠦᠭᠡᠢ ᠢᠯᠡᠳᠬᠡᠭᠰᠡᠨ ᠪᠢᠯᠡ᠃ ᠪᠠᠰᠠ ᠰᠦᠪᠡᠭᠡᠲᠡᠢ ᠪᠠᠭᠠᠲᠤᠷ ᠢ᠋ ᠥᠪᠡᠷ ᠦ᠋ᠨ ᠳᠡᠷᠭᠡᠳᠡ ᠰᠢᠳᠠᠷᠯᠠᠭᠤᠯᠤᠨ ᠰᠠᠭᠤᠯᠭᠠᠬᠤ ᠶ᠋ᠢ ᠬᠦᠰᠡᠵᠦ ᠪᠣᠢ ᠪᠠᠨ ᠵᠥᠴᠢ᠂ ᠶᠢᠰᠦᠨᠲᠡᠢ ᠳ᠋ᠦ᠍ ᠬᠡᠯᠡᠭᠰᠡᠨ ᠪᠠᠢᠵᠠᠢ᠃ ᠵᠥᠴᠢ ᠶ᠋ᠢᠨ ᠭᠠᠷᠭᠠᠭᠰᠠᠨ ᠡᠨᠡ ᠤᠬᠠᠭᠠᠨ ᠪᠣᠯ ᠭᠠᠢᠬᠠᠯᠲᠠᠢ ᠮᠡᠷᠭᠡᠨ ᠰᠢᠢᠳᠪᠦᠷᠢ ᠪᠠᠢᠯ᠎ᠠ᠃ ᠬᠡᠷᠪᠡ ᠵᠥᠴᠢ ᠢᠩᠭᠢᠵᠦ ᠥᠪᠡᠷ ᠦ᠋ᠨ ᠳᠡᠷᠭᠡᠳᠡ ᠬᠠᠮᠤᠭ ᠤ᠋ᠨ ᠢᠲᠡᠭᠡᠯᠲᠡᠢ᠂ ᠰᠡᠳᠬᠢᠯ ᠨᠢ ᠨᠢᠭᠡᠲᠡᠢ ᠰᠢᠳᠠᠷ ᠨᠥᠬᠥᠳ ᠢ᠋ᠶ᠋ᠡᠨ ᠴᠤᠭᠯᠠᠭᠤᠯᠤᠨ ᠡᠷᠳᠡᠮ ᠴᠢᠳᠠᠯ ᠢ᠋ ᠨᠢ ᠬᠡᠷᠡᠭᠯᠡᠵᠦ ᠴᠢᠳᠠᠪᠠᠯ ᠬᠢᠷᠢ ᠪᠠᠷᠤᠭ ᠤ᠋ᠨ ᠬᠥᠮᠦᠨ ᠳ᠋ᠦ᠍ ᠳᠡᠢᠯᠳᠡᠬᠦ ᠦᠭᠡᠢ ᠤᠬᠠᠭᠠᠨ᠂ ᠬᠦᠴᠦ ᠶ᠋ᠢ ᠥᠪᠡᠷ ᠲᠡᠭᠡᠨ ᠬᠤᠷᠠᠮᠳᠤᠯᠠᠭᠤᠯᠬᠤ ᠨᠢ ᠭᠠᠷᠴᠠᠭ᠎ᠠ ᠦᠭᠡᠢ ᠪᠠᠢᠪᠠ᠃ ᠴᠣᠬᠣᠮ ᠵᠥᠴᠢ ᠯᠡ ᠡᠢᠮᠦ ᠤᠬᠠᠭᠠᠨ ᠭᠠᠷᠭᠠᠵᠤ ᠴᠢᠳᠠᠬᠤ ᠶ᠋ᠢ ᠴᠢᠩᠭᠢᠰ ᠬᠠᠭᠠᠨ ᠰᠠᠢᠨ ᠮᠡᠳᠡᠵᠦ ᠪᠠᠢᠯ᠎ᠠ᠃ 
       ᠡᠪᠡᠳᠴᠢᠨ ᠳ᠋ᠦ᠍ ᠨᠡᠷᠪᠡᠭᠳᠡᠭᠰᠡᠨ ᠮᠡᠲᠦ ᠳᠦᠷᠢ ᠦᠵᠡᠭᠦᠯᠦᠨ ᠣᠯᠠᠨ ᠢ᠋ ᠮᠡᠬᠡᠯᠡᠭᠡᠳ ᠴᠢᠩᠭᠢᠰ ᠬᠠᠭᠠᠨ ᠤ᠋ ᠳᠡᠷᠭᠡᠳᠡ ᠪᠠᠢᠭᠰᠠᠨ ᠥᠪᠡᠷ ᠦ᠋ᠨ ᠰᠠᠨᠠᠭ᠎ᠠ ᠰᠡᠳᠬᠢᠯ ᠨᠢᠭᠡᠲᠡᠨ ᠨᠦ᠍ᠭᠦᠳ ᠢ᠋ᠶ᠋ᠡᠨ ᠴᠤᠭᠯᠠᠭᠤᠯᠵᠤ᠂ ᠳᠡᠭᠡᠷ᠎ᠡ ᠡᠴᠡ ᠨᠢ ᠠᠮᠢᠳᠤᠷᠠᠯ ᠤ᠋ᠨ ᠤᠬᠠᠭᠠᠨ᠂ ᠴᠡᠷᠢᠭ ᠦ᠋ᠨ ᠡᠷᠳᠡᠮ ᠦ᠋ᠨ ᠬᠡᠦᠳᠡᠢ ᠪᠣᠯᠤᠭᠰᠠᠨ ᠰᠦᠪᠡᠭᠡᠳᠡᠢ ᠵᠡᠷᠭᠡ ᠬᠥᠭᠰᠢᠴᠦᠦᠯ ᠢ᠋ᠶ᠋ᠡᠷ ᠬᠠᠪᠰᠤᠷᠤᠭᠤᠯᠤᠨ ᠰᠠᠮ ᠠᠷᠭ᠎ᠠ ᠪᠠᠷ᠂ ᠠᠷᠤ ᠬᠤᠳᠠᠷᠭ᠎ᠠ ᠪᠠᠷ ᠨᠢ ᠥᠪᠡᠷ ᠦ᠋ᠨ ᠲᠤᠰᠠᠭᠠᠷ ᠤᠯᠤᠰ ᠢ᠋ᠶ᠋ᠠᠨ ᠪᠠᠢᠭᠤᠯᠬᠤ ᠭᠡᠰᠡᠨ ᠵᠥᠴᠢ ᠶ᠋ᠢᠨ ᠵᠣᠷᠢᠯᠭ᠎ᠠ ᠶ᠋ᠢ ᠴᠢᠩᠭᠢᠰ ᠬᠠᠭᠠᠨ ᠲᠠᠭᠠᠮᠠᠭᠯᠠᠨ ᠣᠢᠯᠠᠭᠠᠭᠠᠳ ᠬᠤᠷᠽᠸᠮ ᠠ᠋ᠴᠠ ᠪᠤᠴᠠᠬᠤ ᠪᠠᠷ ᠰᠢᠢᠳᠦᠭᠡᠳ ᠪᠠᠢᠭᠰᠠᠨ ᠢ᠋ᠶ᠋ᠠᠨ ᠥᠪᠡᠷ ᠦ᠋ᠨ ᠡᠷᠬᠡ ᠦᠭᠡᠢ ᠬᠣᠢᠰᠢᠯᠠᠭᠤᠯᠤᠭᠰᠠᠨ ᠪᠢᠯᠡ᠃ ᠵᠥᠴᠢ ᠶ᠋ᠢᠨ ᠡᠨᠡ ᠰᠠᠨᠠᠭ᠎ᠠ ᠪᠣᠯ ᠴᠢᠩᠭᠢᠰ ᠬᠠᠭᠠᠨ ᠤ᠋ ᠵᠣᠪᠠᠵᠤ ᠪᠠᠢᠭᠤᠯᠤᠭᠰᠠᠨ ᠶᠡᠬᠡ ᠤᠯᠤᠰ ᠢ᠋ ᠪᠤᠳᠠᠷᠠᠭᠠᠨ ᠮᠥᠬᠥᠭᠡᠬᠦ ᠠᠯᠤᠰ ᠤ᠋ᠨ ᠠᠶᠤᠯ ᠠᠭᠤᠯᠵᠤ ᠪᠠᠢᠭ᠎ᠠ ᠶ᠋ᠢ ᠳᠠᠭᠠᠵᠤ ᠮᠡᠳᠡᠬᠦ ᠳ᠋ᠦ᠍ ᠠᠮᠠᠷ ᠬᠢᠯᠪᠠᠷ ᠪᠢᠰᠢ ᠴᠦ᠍ ᠪᠠᠰᠠ ᠬᠦ᠌ ᠢᠪᠡᠭᠡᠨ ᠳᠡᠮᠵᠢᠬᠦ ᠠᠷᠭ᠎ᠠ ᠦᠭᠡᠢ ᠬᠡᠷᠡᠭ ᠪᠠᠢᠯ᠎ᠠ᠃ ᠭᠡᠲᠡᠯ᠎ᠡ ᠰᠡᠳᠬᠢᠯ ᠦ᠋ᠨ ᠳᠣᠲᠣᠷ᠎ᠠ ᠵᠥᠴᠢ ᠶ᠋ᠢ ᠪᠤᠷᠤᠭᠤᠳᠬᠠᠵᠤ ᠦᠯᠦ ᠴᠢᠳᠠᠵᠠᠢ᠃ ᠡᠨᠡ ᠨᠢ ᠨᠢᠭᠡ ᠲᠠᠯ᠎ᠠ ᠠ᠋ᠴᠠ ᠴᠢᠩᠭᠢᠰ ᠬᠠᠭᠠᠨ ᠥᠪᠡᠷ ᠢ᠋ ᠪᠡᠨ ᠪᠥᠷᠲᠡ ᠪᠣᠯᠤᠭᠠᠳ ᠵᠥᠴᠢ ᠶ᠋ᠢᠨ ᠡᠮᠦᠨ᠎ᠡ ᠪᠤᠷᠤᠭᠤ ᠲᠠᠢ ᠭᠡᠵᠦ ᠪᠣᠳᠣᠭᠰᠠᠭᠠᠷ ᠶᠠᠪᠤᠭᠰᠠᠨ ᠤ᠋ ᠢᠯᠡᠷᠡᠯ ᠪᠠᠢᠪᠠ᠃ ᠬᠡᠷᠪᠡ ᠵᠥᠴᠢ ᠶ᠋ᠢᠨ ᠣᠷᠣᠨ ᠳ᠋ᠤ᠌ ᠥᠪᠡᠷ ᠢ᠋ᠶ᠋ᠡᠨ ᠪᠠᠢᠭᠰᠠᠨ ᠪᠣᠯ ᠣᠭᠲᠣ ᠡᠷᠡᠭᠡᠯᠵᠡᠬᠦ ᠦᠭᠡᠢ ᠪᠡᠷ ᠶᠠᠭ ᠡᠢᠮᠦ ᠠᠯᠬᠤᠮ ᠬᠢᠬᠦ ᠪᠠᠢᠭᠰᠠᠨ ᠪᠢᠵᠡ ᠭᠡᠮᠡᠨ ᠴᠢᠩᠭᠢᠰ ᠬᠠᠭᠠᠨ ᠪᠣᠳᠣᠭᠰᠠᠨ ᠪᠢᠯᠡ᠃ ᠡᠨᠡ ᠨᠢ ᠵᠥᠴᠢ ᠶ᠋ᠢᠨ ᠤᠬᠠᠭᠠᠨ ᠵᠣᠷᠢᠭ ᠢ᠋ ᠬᠦᠨᠳᠦᠳᠬᠡᠨ ᠪᠢᠰᠢᠷᠡᠳᠡᠭ ᠦ᠋ᠨ ᠢᠯᠡᠷᠡᠯ ᠶᠦᠮ᠃ ᠵᠥᠴᠢ ᠪᠣᠯ ᠪᠥᠷᠲᠡ ᠶ᠋ᠢᠨ ᠬᠠᠮᠤᠭ ᠤ᠋ᠨ ᠬᠠᠢᠷᠠᠲᠠᠢ ᠦᠷ᠎ᠡ ᠨᠢ ᠤᠴᠢᠷ ᠴᠢᠩᠭᠢᠰ ᠬᠠᠭᠠᠨ ᠡᠴᠦᠰ ᠦ᠋ᠨ ᠰᠢᠢᠳᠪᠦᠷᠢ ᠭᠠᠷᠭᠠᠵᠤ ᠴᠢᠳᠠᠬᠤ ᠦᠭᠡᠢ ᠤᠳᠠᠲᠠᠯ᠎ᠠ ᠡᠷᠡᠭᠡᠯᠵᠡᠵᠡᠢ᠃ ᠵᠥᠴᠢ ᠶ᠋ᠢᠨ ᠥᠪᠡᠷ ᠦ᠋ᠨ ᠪᠡᠶ᠎ᠡ ᠪᠡᠷ ᠵᠢᠳᠬᠦᠵᠦ ᠪᠠᠢᠭᠤᠯᠤᠭᠰᠠᠨ ᠭᠠᠪᠢᠶ᠎ᠠ ᠶ᠋ᠢ ᠰᠠᠨᠠᠵᠤ ᠪᠠᠢᠭᠰᠠᠨ ᠨᠢ ᠰᠠᠭᠠᠳ ᠪᠣᠯᠵᠤ ᠪᠠᠢᠪᠠ᠃ ᠬᠠᠵᠠᠭᠤ ᠪᠠᠷ ᠨᠢ ᠶᠢᠰᠦᠨᠲᠡᠢ ᠶ᠋ᠢᠨ ᠦᠭᠡᠨ ᠳ᠋ᠦ᠍ ᠬᠠᠲᠠᠭᠤ ᠢᠲᠡᠭᠡᠬᠦ ᠠᠷᠭ᠎ᠠ ᠦᠭᠡᠢ ᠮᠡᠲᠦ ᠰᠠᠨᠠᠭᠳᠠᠵᠠᠢ᠃ ᠪᠠᠰᠠ ᠡᠨᠡ ᠬᠡᠷᠡᠭ ᠢ᠋ ᠣᠯᠠᠨ ᠳ᠋ᠤ᠌ ᠵᠠᠳᠠᠯᠵᠤ ᠬᠡᠨ ᠨᠢᠭᠡᠨ ᠲᠡᠢ ᠵᠥᠪᠯᠡᠵᠦ ᠶᠠᠷᠢᠬᠤ ᠠ᠋ᠴᠠ ᠡᠮᠢᠶᠡᠭᠰᠡᠨ ᠪᠢᠯᠡ᠃ ᠢᠩᠭᠢᠬᠦ ᠨᠢ ᠴᠢᠩᠭᠢᠰ ᠬᠠᠭᠠᠨ ᠤ᠋ ᠪᠣᠯᠤᠭᠠᠳ ᠠᠯᠲᠠᠨ ᠤᠷᠤᠭ ᠤ᠋ᠨ ᠨᠡᠷ᠎ᠡ ᠬᠦᠨᠳᠦ ᠳ᠋ᠦ᠍ ᠲᠤᠢᠯ ᠤ᠋ᠨ ᠬᠣᠣᠷᠲᠠᠢ ᠶᠠᠪᠤᠳᠠᠯ ᠪᠣᠯᠬᠤ ᠨᠢ ᠭᠠᠷᠴᠠᠭ᠎ᠠ ᠦᠭᠡᠢ᠃ ᠭᠠᠭᠴᠠ ᠲᠣᠳᠣᠷᠬᠠᠢ ᠵᠦᠢᠯ ᠨᠢ ᠵᠥᠴᠢ ᠲᠡᠭᠦᠨ ᠦ᠌ ᠦᠭᠡ ᠵᠠᠷᠯᠢᠭ ᠢ᠋ ᠦᠯᠦ ᠣᠢᠰᠢᠶᠠᠵᠤ ᠥᠪᠡᠷ ᠢ᠋ᠶ᠋ᠡᠨ ᠪᠦᠬᠦ ᠬᠡᠷᠡᠭ ᠢ᠋ᠶ᠋ᠡᠨ ᠲᠣᠯᠣᠭᠠᠢ ᠳᠠᠭᠠᠭᠠᠨ ᠰᠢᠢᠳᠬᠦ ᠬᠦᠰᠡᠯ ᠲᠡᠢ ᠪᠠᠢᠭ᠎ᠠ ᠶᠠᠪᠤᠳᠠᠯ ᠪᠠᠢᠯ᠎ᠠ᠃ ᠴᠢᠩᠭᠢᠭᠡ ᠦᠭᠡᠢ ᠪᠣᠯ ᠵᠥᠴᠢ ᠪᠦᠷ ᠣᠷᠭᠧᠨ᠋ᠴᠡ ᠶ᠋ᠢᠨ ᠳᠡᠷᠭᠡᠳᠡ ᠡᠴᠡ ᠴᠡᠷᠢᠭ ᠢ᠋ᠶ᠋ᠡᠨ ᠲᠡᠳᠡᠨ ᠴᠠᠭᠠᠲᠠᠢ ᠥᠭᠡᠳᠡᠢ ᠬᠣᠶᠠᠷ ᠤ᠋ᠨ ᠬᠠᠮᠲᠤ ᠡᠷᠭᠢᠵᠦ ᠢᠷᠡᠬᠦ ᠪᠠᠢᠪᠠ ᠃ ᠡᠨᠡ ᠦᠶ᠎ᠡ ᠳ᠋ᠦ᠍ ᠲᠡᠭᠦᠨ ᠦ᠌ ᠪᠡᠶ᠎ᠡ ᠡᠪ ᠡᠷᠡᠭᠦᠯ᠂ ᠰᠡᠪ ᠰᠠᠷᠠᠭᠤᠯ ᠪᠠᠢᠭᠰᠠᠨ ᠶᠤᠮ᠃
       ᠵᠥᠴᠢ ᠶ᠋ᠢᠨ ᠳᠡᠷᠭᠡᠳᠡ ᠪᠠᠢᠭᠰᠠᠭᠠᠷ ᠪᠣᠢ ᠬᠤᠨᠠᠨ ᠤ᠋ ᠨᠢᠭᠤᠴᠠ ᠪᠠᠷ ᠮᠡᠳᠡᠭᠡᠯᠡᠵᠦ ᠪᠣᠢ ᠪᠠᠷ ᠰᠡᠭᠦᠯ ᠦ᠋ᠨ ᠨᠢᠭᠡ ᠵᠢᠯ ᠦ᠋ᠨ ᠬᠤᠭᠤᠴᠠᠭᠠᠨ ᠳ᠋ᠤ᠌ ᠵᠥᠴᠢ ᠭᠡᠨᠡᠳᠲᠡ ᠬᠡᠪᠲᠡᠷᠢ ᠳ᠋ᠦ᠍ ᠣᠷᠣᠭᠠᠳ ᠠᠩ ᠠᠪᠠ᠂ ᠴᠡᠷᠢᠭ ᠴᠣᠣᠬᠤ ᠭᠡᠵᠦ ᠭᠠᠷᠬᠤ ᠦᠭᠡᠢ ᠪᠣᠯᠤᠭᠰᠠᠨ ᠲᠤᠯᠠ ᠪᠠᠲᠤ ᠬᠥᠪᠡᠭᠦᠨ ᠨᠢ ᠪᠦᠬᠦ ᠬᠡᠷᠡᠭ ᠢ᠋ ᠡᠴᠢᠭᠡ ᠶ᠋ᠢᠨ ᠵᠢᠭᠠᠪᠤᠷᠢ ᠪᠠᠷ ᠶᠠᠭᠰᠢᠲᠠᠯ᠎ᠠ ᠤᠳᠤᠷᠢᠳᠴᠤ ᠪᠠᠢᠭ᠎ᠠ ᠶ᠋ᠢ ᠴᠢᠩᠭᠢᠰ ᠬᠠᠭᠠᠨ ᠮᠡᠳᠡᠵᠦ ᠪᠠᠢᠯ᠎ᠠ᠃ ᠶᠢᠰᠦᠨᠲᠡᠢ ᠶ᠋ᠢ ᠥᠪᠡᠷ ᠦ᠋ᠨ ᠥᠰᠬᠦ ᠴᠠᠭ ᠤ᠋ᠨ ᠦᠨᠡᠨᠴᠢ ᠨᠥᠬᠥᠷ ᠭᠡᠵᠦ ᠦᠵᠡᠭᠡᠳ ᠵᠥᠴᠢ ᠴᠢᠨᠢ ᠰᠠᠨᠠᠭ᠎ᠠ ᠪᠠᠨ ᠬᠡᠯᠡᠭᠰᠡᠨ ᠪᠢᠵᠡ᠃ ᠬᠠᠷᠢᠨ ᠶᠢᠰᠦᠨᠲᠡᠢ ᠵᠥᠴᠢ ᠳ᠋ᠦ᠍ ᠪᠢᠰᠢ ᠴᠢᠩᠭᠢᠰ ᠬᠠᠭᠠᠨ ᠳ᠋ᠤ᠌ ᠦᠨᠡᠨᠴᠢ ᠵᠢᠳᠬᠦᠬᠦ ᠪᠡᠷ ᠰᠢᠢᠳᠴᠦ ᠵᠥᠴᠢ ᠶ᠋ᠢᠨ ᠴᠢᠩ ᠵᠣᠷᠢᠯᠭ᠎ᠠ ᠬᠦᠰᠡᠯ ᠢ᠋ ᠢᠯᠡᠴᠢᠯᠡᠭᠰᠡᠨ ᠨᠢ ᠲᠡᠭᠦᠨ ᠳ᠋ᠦ᠍ ᠦᠬᠦᠯ ᠦ᠋ᠨ ᠠᠶᠤᠯ ᠤᠴᠠᠷᠠᠭᠤᠯᠤᠭᠰᠠᠨ ᠬᠡᠷᠡᠭ ᠪᠣᠯᠵᠠᠢ᠃ ᠵᠡᠯᠮ᠎ᠡ ᠡᠴᠢᠭᠡ ᠶ᠋ᠢᠨ ᠢ᠋ᠶ᠋ᠡᠨ ᠦᠭᠡ ᠰᠤᠷᠭᠠᠯ᠂ ᠴᠢᠩᠭᠢᠰ ᠬᠠᠭᠠᠨ ᠤ᠋ ᠠᠯᠳᠠᠷ ᠬᠦᠨᠳᠦ ᠶ᠋ᠢᠨ ᠨᠥᠯᠦᠭᠡᠨ ᠳᠣᠣᠷ᠎ᠠ ᠬᠥᠮᠦᠵᠢᠭᠰᠡᠨ ᠶᠢᠰᠦᠨᠲᠡᠢ ᠶ᠋ᠢ ᠵᠥᠴᠢ ᠶ᠋ᠢᠨ ᠨᠢᠭᠤᠴᠠ ᠶ᠋ᠢ ᠬᠡᠯᠡᠪᠡ ᠭᠡᠵᠦ ᠪᠤᠷᠤᠭᠤᠳᠬᠠᠬᠤ ᠠᠷᠭ᠎ᠠ ᠦᠭᠡᠢ ᠶᠦᠮ᠃ ᠬᠠᠷᠢᠨ ᠴᠤ᠌ ᠲᠥᠷᠥ ᠶ᠋ᠢᠨ ᠡᠰᠡᠷᠭᠦ ᠡᠢᠮᠦ ᠨᠣᠴᠢᠲᠠᠢ ᠬᠡᠷᠡᠭ ᠢ᠋ ᠨᠢᠭᠤᠬᠤ ᠨᠢ ᠪᠦᠷ ᠴᠦ᠍ ᠪᠠᠢᠵᠤ ᠪᠣᠯᠬᠤ ᠦᠭᠡᠢ ᠶᠠᠪᠤᠳᠠᠯ ᠭᠡᠵᠦ ᠬᠠᠭᠠᠨ ᠦᠵᠡᠭᠰᠡᠨ ᠲᠤᠯᠠ ᠶᠢᠰᠦᠨᠲᠡᠢ ᠶ᠋ᠢ ᠶᠡᠬᠡᠳᠡ ᠰᠠᠢᠰᠢᠶᠠᠨ ᠦᠵᠡᠬᠦ ᠪᠣᠯᠵᠠᠢ᠃ ᠴᠢᠩᠭᠢᠰ ᠬᠠᠭᠠᠨ ᠤ᠋ ᠦᠵᠡᠯ ᠪᠣᠳᠣᠯᠭ᠎ᠠ ᠶ᠋ᠢ ᠬᠠᠷ᠎ᠠ ᠨᠢᠯᠬ᠎ᠠ ᠠ᠋ᠴᠠ ᠪᠠᠨ ᠦᠵᠡᠵᠦ ᠳᠠᠭᠠᠭᠰᠠᠨ ᠶᠣᠰᠣᠲᠠᠢ᠂ ᠵᠥᠴᠢ ᠶ᠋ᠢ ᠬᠠᠷ᠎ᠠ ᠲᠣᠯᠣᠭᠠᠢ ᠳ᠋ᠠᠭᠠᠨ ᠬᠠᠯᠠ ᠲᠠᠢ ᠬᠡᠷᠡᠭ ᠡᠭᠦᠰᠬᠡᠭᠰᠡᠨ ᠢ᠋ ᠰᠣᠨᠣᠰᠤᠮᠠᠭᠴᠠ ᠣᠢᠯᠠᠭᠠᠭᠰᠠᠨ ᠴᠤ᠌ ᠣᠭᠲᠣᠬᠠᠨ ᠴᠤ᠌ ᠡᠰᠡᠷᠭᠦᠴᠡᠨ ᠰᠢᠭᠦᠮᠵᠢᠯᠡᠯ ᠦᠭᠡᠢ ᠪᠡᠷ ᠲᠡᠭᠦᠨ ᠦ᠌ ᠠᠯᠤᠰ ᠤ᠋ᠨ ᠪᠣᠳᠣᠯ ᠦᠨᠡᠨ ᠦᠭᠡ ᠶ᠋ᠢ ᠰᠣᠨᠣᠰᠴᠠᠢ᠃ ᠵᠥᠴᠢ ᠶᠢᠰᠦᠨᠲᠡᠢ ᠳ᠋ᠦ᠍ ᠢᠲᠡᠭᠡᠵᠡᠢ᠃ ᠢᠲᠡᠭᠡᠬᠦ ᠡᠴᠡ ᠥᠭᠡᠷ᠎ᠡ ᠠᠷᠭ᠎ᠠ ᠴᠤ᠌ ᠪᠠᠢᠭᠰᠠᠨ ᠦᠭᠡᠢ᠃ ᠡᠨᠡ ᠯᠡ ᠲᠡᠭᠦᠨ ᠦ᠌ ᠠᠯᠳᠠᠭ᠎ᠠ ᠪᠠᠢᠭᠰᠠᠨ ᠪᠥᠭᠡᠳ ᠪᠤᠰᠤᠳ ᠪᠦᠬᠦ ᠵᠦᠢᠯ ᠢ᠋ ᠲᠡᠷᠡ ᠵᠥᠪ ᠬᠢᠭᠰᠡᠨ ᠪᠠᠢᠪᠠ᠃ 
       ᠥᠪᠡᠷ ᠦ᠋ᠨ ᠬᠥᠪᠡᠭᠦᠳ ᠨᠢ᠂ ᠲᠡᠷᠡ ᠳᠤᠮᠳᠠ ᠪᠠᠨ ᠵᠥᠴᠢ ᠲᠤᠰᠠᠭᠠᠷ ᠤᠯᠤᠰ ᠢ᠋ᠶ᠋ᠠᠨ ᠪᠠᠢᠭᠤᠯᠬᠤ ᠪᠠᠷ ᠢᠩᠭᠢᠵᠦ ᠵᠣᠷᠢᠭᠯᠠᠨ ᠰᠢᠢᠳᠦᠭᠰᠡᠨ ᠨᠢ ᠴᠢᠩᠭᠢᠰ ᠬᠠᠭᠠᠨ ᠤ᠋ ᠬᠤᠪᠢ ᠳ᠋ᠤ᠌ ᠬᠡᠵᠢᠶ᠎ᠡ ᠴᠦ᠍ ᠵᠥᠪᠰᠢᠶᠡᠷᠡᠵᠦ ᠪᠣᠯᠬᠤ ᠦᠭᠡᠢ ᠪᠥᠭᠡᠳ ᠴᠢᠳᠠᠬᠤ ᠦᠭᠡᠢ ᠲᠡᠢᠮᠦ ᠬᠡᠷᠡᠭ ᠪᠢᠯᠡ᠃ ᠡᠭᠦᠨ ᠦ᠌ ᠡᠮᠦᠨ᠎ᠡ ᠬᠠᠰᠠᠷ ᠶᠠᠭ ᠡᠢᠮᠦ ᠰᠠᠨᠠᠭ᠎ᠠ ᠭᠠᠷᠭᠠᠭᠰᠠᠨ ᠶᠤᠮ᠃ ᠠᠯᠲᠠᠨ ᠤᠯᠤᠰ ᠤ᠋ᠨ ᠵᠡᠭᠦᠨ ᠬᠣᠢᠲᠤ ᠨᠤᠲᠤᠭ ᠢ᠋ ᠡᠵᠡᠯᠡᠨ ᠰᠠᠭᠤᠵᠤ ᠤᠯᠠᠮ ᠢ᠋ᠶ᠋ᠠᠷ ᠥᠪᠡᠷ ᠦ᠋ᠨ ᠲᠤᠰᠠᠭᠠᠷ ᠤᠯᠤᠰ ᠢ᠋ᠶ᠋ᠠᠨ ᠪᠠᠢᠭᠤᠯᠬᠤ ᠬᠦᠰᠡᠯ ᠢ᠋ᠶ᠋ᠡᠨ ᠬᠠᠰᠠᠷ ᠰᠢᠭᠤᠳ ᠲᠤᠯᠭᠠᠵᠤ ᠴᠢᠩᠭᠢᠰ ᠬᠠᠭᠠᠨ ᠢ᠋ ᠦᠯᠦ ᠵᠥᠪᠰᠢᠶᠡᠷᠡᠭᠰᠡᠨ ᠴᠦ᠍ ᠡᠨᠡ ᠬᠦᠰᠡᠯ ᠢ᠋ᠶ᠋ᠡᠨ ᠥᠪᠡᠷ ᠦ᠋ᠨ ᠬᠦᠴᠦ ᠪᠡᠷ ᠭᠦᠢᠴᠡᠯᠳᠦᠭᠦᠯᠬᠦ ᠪᠡᠷ ᠬᠠᠲᠠᠭᠤ ᠰᠢᠢᠳᠦᠭᠰᠡᠨ ᠢ᠋ᠶ᠋ᠡᠨ ᠢᠯᠡᠷᠬᠡᠢᠯᠡᠬᠦ ᠳ᠋ᠦ᠍ ᠯᠡ ᠪᠠᠢᠭᠤᠯᠤᠭᠰᠠᠨ ᠶᠡᠬᠡ ᠤᠯᠤᠰ ᠢ᠋ ᠨᠢ ᠪᠤᠯᠢᠶᠠᠨ ᠠᠪᠬᠤ᠂ ᠲᠠᠰᠤᠯᠤᠨ ᠬᠤᠪᠢᠶᠠᠬᠤ ᠦᠵᠡᠯᠲᠡᠨ ᠬᠠ ᠨᠢᠭᠡᠲᠡᠢ ᠴᠦ᠍ ᠪᠤᠰᠤ᠂ ᠪᠦᠷ ᠳᠡᠷᠭᠡᠳᠡ ᠨᠢ ᠪᠠᠢᠵᠤ ᠪᠣᠯᠬᠤ ᠶ᠋ᠢ ᠴᠢᠩᠭᠢᠰ ᠬᠠᠭᠠᠨ ᠠᠩᠬ᠎ᠠ ᠦᠵᠡᠵᠦ ᠢᠲᠡᠭᠡᠭᠰᠡᠨ ᠪᠢᠯᠡ᠃ ᠡᠨᠡ ᠪᠣᠯ ᠶᠠᠭᠠᠬᠢᠪᠠᠴᠤ ᠵᠥᠪᠰᠢᠶᠡᠷᠡᠵᠦ ᠪᠣᠯᠬᠤ ᠦᠭᠡᠢ᠂ ᠳᠡᠯᠭᠡᠷᠡᠵᠦ ᠬᠦᠴᠦ ᠪᠡᠨ ᠠᠪᠤᠪᠠᠯ ᠲᠡᠭᠦᠨ ᠦ᠌ ᠶᠡᠬᠡ ᠤᠯᠤᠰ ᠢ᠋ ᠮᠥᠬᠥᠭᠡᠬᠦ ᠠᠶᠤᠯ ᠤᠴᠠᠷᠠᠭᠤᠯᠬᠤ ᠢᠯᠡᠷᠬᠡᠢ ᠬᠣᠷᠣᠨ ᠮᠠᠭᠤ ᠰᠠᠨᠠᠭ᠎ᠠ ᠲᠤᠯᠠ ᠴᠢᠩᠭᠢᠰ ᠬᠠᠭᠠᠨ ᠣᠭᠲᠣᠬᠠᠨ ᠴᠤ᠌ ᠡᠷᠡᠭᠡᠯᠵᠡᠬᠦ ᠦᠭᠡᠢ ᠪᠡᠷ ᠬᠠᠰᠠᠷ ᠢ᠋ ᠦᠬᠦᠭᠦᠯᠬᠦ ᠪᠡᠷ ᠰᠢᠢᠳᠦᠭᠰᠡᠨ ᠶᠦᠮ᠃ ᠡᠭᠦᠨ ᠡᠴᠡ ᠥᠭᠡᠷ᠎ᠡ ᠪᠡᠷ ᠬᠠᠰᠠᠷ ᠢ᠋ ᠵᠣᠭᠰᠣᠭᠠᠬᠤ᠂ ᠪᠤᠴᠠᠭᠠᠬᠤ ᠠᠷᠭ᠎ᠠ ᠪᠠᠢᠭᠰᠠᠨ ᠦᠭᠡᠢ᠃ ᠬᠠᠰᠠᠷ ᠨᠢᠭᠡᠨᠲᠡ ᠢᠩᠭᠢᠵᠦ ᠬᠠᠲᠠᠭᠤ ᠰᠢᠢᠳᠦᠭᠰᠡᠨ ᠲᠤᠯᠠ ᠤᠬᠠᠭᠤᠯᠵᠤ ᠶᠠᠷᠢᠭᠠᠳ ᠨᠡᠮᠡᠷᠢ ᠦᠭᠡᠢ᠂ ᠪᠠᠰᠠ ᠦᠬᠦᠭᠦᠯᠬᠦ ᠦᠭᠡᠢ ᠪᠣᠯ ᠬᠣᠷᠽᠸᠮ ᠤᠯᠤᠰ ᠲᠤ᠌ ᠶᠠᠪᠤᠭᠰᠠᠨ ᠬᠣᠢᠭᠤᠷ ᠵᠥᠪᠬᠡᠨ ᠠᠯᠲᠠᠨ ᠤᠯᠤᠰ ᠴᠤ᠌ ᠲᠡᠳᠦᠢ ᠦᠭᠡᠢ᠂ ᠬᠠᠮᠠᠭᠠᠯᠠᠯᠲᠠ ᠦᠭᠡᠢ ᠰᠢᠬᠠᠮ ᠦᠯᠡᠳᠡᠬᠦ ᠮᠣᠩᠭᠣᠯ ᠤ᠋ᠨ ᠲᠥᠪ ᠤᠯᠤᠰ ᠴᠤ᠌ ᠬᠠᠰᠠᠷ ᠤ᠋ᠨ ᠮᠠᠲᠠᠯ ᠤ᠋ᠨ ᠬᠢ ᠪᠣᠯᠬᠤ ᠠᠶᠤᠯ ᠢᠯᠡᠷᠬᠡᠢ ᠮᠡᠲᠦ ᠪᠠᠢᠪᠠ᠃ ᠬᠠᠰᠠᠷ ᠴᠤ᠌ ᠶᠠᠭ ᠢᠩᠭᠢᠵᠦ ᠬᠢᠨ᠎ᠡ ᠭᠡᠳᠡᠭ ᠲᠦ᠍ ᠴᠢᠩᠭᠢᠰ ᠬᠠᠭᠠᠨ ᠢᠲᠡᠭᠡᠵᠦ᠂ ᠠᠶᠤᠵᠤ ᠪᠠᠢᠪᠠ᠃ ᠬᠠᠷᠢᠨ ᠬᠠᠰᠠᠷ ᠥᠪᠡᠷ ᠲᠡᠭᠡᠨ ᠬᠡᠳᠦ ᠢᠲᠡᠭᠡᠵᠦ ᠴᠢᠩᠭᠢᠰ ᠬᠠᠭᠠᠨ ᠲᠡᠭᠦᠨ ᠦ᠌ ᠡᠨᠡ ᠵᠣᠷᠢᠮᠠᠭ ᠪᠣᠳᠣᠯ᠂ ᠬᠦᠰᠡᠯ ᠳ᠋ᠦ᠍ ᠶᠠᠭᠠᠬᠢᠵᠤ ᠴᠤ᠌ ᠬᠠᠨᠳᠤᠭᠰᠠᠨ ᠥᠪᠡᠷ ᠢ᠋ ᠪᠡᠨ ᠵᠥᠪᠲᠦᠭᠡᠵᠦ᠂ ᠬᠠᠮᠠᠭᠠᠯᠠᠵᠤ ᠴᠢᠳᠠᠨ᠎ᠠ ᠭᠡᠵᠦ ᠪᠣᠳᠣᠵᠠᠢ᠃ ᠪᠠᠰᠠ ᠬᠣᠷᠽᠸᠮ ᠲᠠᠢ ᠬᠢᠬᠦ ᠶᠡᠬᠡ ᠲᠡᠢᠨ ᠢ᠋ ᠡᠬᠢᠯᠡᠬᠦ ᠶ᠋ᠢᠨ ᠡᠮᠦᠨ᠎ᠡ ᠠᠬ᠎ᠠ ᠨᠢ ᠲᠡᠭᠦᠨ ᠲᠡᠢ ᠢᠯᠡᠷᠬᠡᠢ ᠡᠪᠳᠡᠷᠡᠯᠴᠡᠨ ᠮᠠᠭᠤᠳᠠᠯᠴᠠᠬᠤ ᠶ᠋ᠢ ᠬᠦᠰᠡᠬᠦ ᠦᠭᠡᠢ ᠭᠡᠵᠦ ᠲᠣᠭᠠᠴᠠᠭᠰᠠᠨ ᠪᠠᠢᠯ᠎ᠠ᠃ 
       ᠬᠠᠰᠠᠷ ᠤ᠋ᠨ ᠵᠣᠷᠢᠯᠭ᠎ᠠ ᠲᠣᠳᠣᠷᠬᠠᠢ ᠪᠠᠢᠪᠠ᠃ ᠴᠢᠩᠭᠢᠰ ᠬᠠᠭᠠᠨ ᠤ᠋ ᠶᠡᠬᠡ ᠴᠡᠷᠢᠭ ᠪᠠᠷᠠᠭᠤᠨ ᠵᠦᠭ ᠬᠥᠳᠡᠯᠦᠮᠡᠭᠴᠡ ᠠᠯᠲᠠᠨ ᠤᠯᠤᠰ ᠲᠤ᠌ ᠳᠣᠪᠲᠣᠯᠤᠨ ᠣᠷᠣᠵᠤ ᠰᠢᠷ᠎ᠠ ᠮᠥᠷᠡᠨ ᠡᠴᠡ ᠬᠣᠢᠰᠢᠬᠢ ᠪᠦᠬᠦ ᠨᠤᠲᠤᠭ ᠢ᠋ ᠨᠢᠭᠡᠳᠬᠡᠵᠦ᠂ ᠵᠠᠬᠢᠷᠤᠨ ᠰᠠᠭᠤᠬᠤ ᠶ᠋ᠢ ᠲᠡᠷᠡ ᠬᠦᠰᠡᠵᠡᠢ᠃ ᠢᠩᠭᠢᠬᠦ ᠨᠢ ᠶᠢᠰᠦᠭᠡᠢ ᠡᠴᠢᠭᠡ᠂ ᠥᠭᠡᠯᠦᠨ ᠡᠬᠡ ᠶ᠋ᠢᠨ ᠢ᠋ᠶ᠋ᠡᠨ ᠬᠦᠰᠡᠯ ᠢ᠋ ᠪᠡᠶᠡᠯᠡᠭᠦᠯᠦᠭᠰᠡᠨ ᠬᠡᠷᠡᠭ ᠪᠣᠯᠤᠨ᠎ᠠ ᠭᠡᠵᠦ ᠬᠠᠰᠠᠷ ᠦᠵᠡᠵᠦ ᠪᠠᠢᠪᠠ᠃ ᠬᠠᠷ᠎ᠠ ᠪᠠᠭ᠎ᠠ ᠠ᠋ᠴᠠ ᠬᠦᠰᠡᠵᠦ ᠰᠢᠨᠤᠵᠤ ᠲᠡᠮᠡᠦᠯᠦᠭᠰᠡᠨ ᠬᠠᠰᠠᠷ ᠤ᠋ᠨ ᠭᠠᠭᠴᠠ ᠮᠥᠷᠥᠭᠡᠳᠦᠯ ᠨᠢ ᠠᠯᠲᠠᠨ ᠤᠯᠤᠰ ᠢ᠋ ᠮᠥᠬᠥᠭᠡᠵᠦ ᠡᠴᠢᠭᠡ ᠡᠪᠦᠭᠡᠳ ᠦ᠋ᠨ ᠥᠰᠢᠶ᠎ᠡ ᠶ᠋ᠢ ᠠᠪᠬᠤ ᠬᠡᠷᠡᠭ ᠪᠠᠢᠪᠠ᠃ ᠡᠨᠡ ᠬᠦᠰᠡᠯ ᠢ᠋ ᠨᠢ ᠴᠢᠩᠭᠢᠰ ᠬᠠᠭᠠᠨ ᠪᠤᠯᠢᠶᠠᠨ ᠠᠪᠴᠤ ᠥᠷᠢᠰᠦᠨ ᠬᠡᠷᠡᠭᠵᠢᠭᠦᠯᠬᠦ ᠶ᠋ᠢ ᠬᠠᠷᠠᠭᠠᠳ ᠲᠡᠷᠡ ᠶᠠᠭᠠᠬᠢᠨ ᠵᠦᠭᠡᠷ ᠰᠠᠭᠤᠵᠤ ᠪᠠᠢᠵᠤ ᠪᠣᠯᠬᠤ ᠪᠢᠯᠡ᠃ ᠬᠠᠰᠠᠷ ᠤ᠋ᠨ ᠡᠨᠡ ᠬᠦᠰᠡᠯ ᠢ᠋ ᠪᠡᠶᠡᠯᠡᠭᠦᠯᠬᠦ ᠳ᠋ᠦ᠍ ᠣᠳᠣ ᠬᠡᠨ ᠴᠦ᠍ ᠰᠠᠭᠠᠳ ᠪᠣᠯᠵᠤ ᠴᠢᠳᠠᠬᠤ ᠦᠭᠡᠢ ᠮᠡᠲᠦ ᠪᠠᠢᠪᠠ᠃ ᠴᠢᠩᠭᠢᠰ ᠬᠠᠭᠠᠨ ᠳ᠋ᠤ᠌ ᠲᠡᠷᠡ ᠲᠡᠢ ᠲᠡᠷᠡ ᠦᠭᠡᠢ ᠭᠠᠵᠠᠷ ᠨᠤᠲᠤᠭ ᠡᠯᠪᠡᠭ᠂ ᠪᠠᠷᠠᠭᠤᠨ ᠵᠦᠭ ᠦ᠋ᠨ ᠣᠯᠠᠨ ᠤᠯᠤᠰ ᠢ᠋ ᠳᠠᠭᠠᠭᠤᠯᠤᠨ ᠠᠪᠬᠤ ᠳ᠋ᠤ᠌ ᠯᠠ ᠬᠠᠩᠭᠠᠯᠲᠠ ᠲᠠᠢ ᠭᠡᠵᠦ ᠬᠠᠰᠠᠷ ᠪᠣᠳᠣᠵᠠᠢ᠃  
       ᠬᠠᠰᠠᠷ ᠥᠪᠡᠷ ᠦ᠋ᠨ ᠣᠯᠤᠭᠰᠠᠨ ᠬᠤᠷᠢᠶᠠᠭᠰᠠᠨ ᠬᠠᠷᠢᠶᠠᠲᠤ ᠠᠯᠪᠠᠲᠤ᠂ ᠢᠲᠡᠭᠡᠯᠲᠦ ᠨᠥᠬᠥᠳ ᠦ᠋ᠨ ᠬᠦᠴᠦ ᠶ᠋ᠢ ᠳᠠᠢᠴᠢᠯᠠᠪᠠᠯ ᠳᠠᠷᠤᠢ ᠵᠢᠷᠭᠤᠭᠠᠨ ᠲᠦᠮᠡᠨ ᠰᠢᠯᠢᠳᠡᠭ ᠴᠡᠷᠢᠭ ᠭᠠᠷᠭᠠᠵᠤ ᠴᠢᠳᠠᠬᠤ ᠪᠠᠢᠪᠠ᠃ 
       ᠴᠢᠩᠭᠢᠰ ᠬᠠᠭᠠᠨ ᠳ᠋ᠤ᠌ ᠥᠪᠡᠷ ᠦ᠋ᠨ ᠡᠨᠡ ᠰᠠᠨᠠᠭ᠎ᠠ ᠶ᠋ᠢ ᠰᠢᠭᠤᠳ ᠲᠣᠳᠣᠷᠬᠠᠢ ᠬᠡᠯᠡᠬᠦ ᠳ᠋ᠦ᠍ ᠲᠡᠷᠡ ᠪᠡᠷ ᠣᠭᠲᠣ ᠦᠭᠡ ᠳᠤᠤᠭᠠᠷᠴᠤ ᠴᠢᠳᠠᠬᠤ ᠦᠭᠡᠢ ᠰᠠᠭᠤᠬᠤ ᠶ᠋ᠢ ᠦᠵᠡᠭᠡᠳ ᠬᠠᠰᠠᠷ ᠳᠠᠬᠢᠨ ᠡᠷᠡᠭᠡᠯᠵᠡᠬᠦ ᠦᠭᠡᠢ ᠪᠣᠯᠵᠠᠢ᠃ ᠴᠢᠩᠭᠢᠰ ᠬᠠᠭᠠᠨ ᠥᠪᠡᠷ ᠦ᠋ᠨ ᠬᠥᠪᠡᠭᠦᠳ᠂ ᠲᠡᠳᠡᠨ ᠦ᠌ ᠦᠷ᠎ᠡ ᠰᠠᠲᠤ ᠶ᠋ᠢ ᠯᠡ ᠠᠯᠲᠠᠨ ᠤᠷᠤᠭ ᠭᠡᠵᠦ ᠦᠵᠡᠵᠦ ᠶᠡᠬᠡ ᠮᠣᠩᠭᠣᠯ ᠤᠯᠤᠰ ᠤ᠋ᠨ ᠡᠷᠬᠡ ᠶ᠋ᠢ ᠪᠠᠷᠢᠭᠤᠯᠬᠤ ᠪᠠᠷ ᠵᠠᠷᠯᠢᠭ ᠪᠠᠭᠤᠯᠭᠠᠭᠰᠠᠨ ᠨᠢ ᠬᠠᠰᠠᠷ ᠲᠡᠮᠦᠵᠢᠨ ᠬᠣᠶᠠᠷ ᠤ᠋ᠨ ᠬᠣᠭᠣᠷᠣᠨᠳᠣ ᠪᠠᠢᠭᠰᠠᠨ ᠠᠬ᠎ᠠ ᠳᠡᠭᠦᠦ ᠶ᠋ᠢᠨ ᠬᠠᠷᠢᠴᠠᠭ᠎ᠠ᠂ ᠡᠷᠲᠡ ᠪᠠᠭ᠎ᠠ ᠶ᠋ᠢᠨ ᠠᠮᠠᠨ ᠲᠠᠩᠭᠠᠷᠢᠭ ᠤ᠋ᠨ ᠡᠴᠦᠰ ᠦ᠋ᠨ ᠨᠠᠷᠢᠨ ᠰᠢᠵᠢᠮ ᠢ᠋ ᠲᠠᠰᠤᠯᠤᠨ ᠬᠠᠶᠠᠭᠰᠠᠨ ᠪᠥᠭᠡᠳ ᠡᠨᠡ ᠨᠢ ᠬᠠᠰᠠᠷ ᠢ᠋ ᠢᠩᠭᠢᠵᠦ ᠡᠷᠡᠰ ᠰᠢᠢᠳᠪᠦᠷᠢ ᠭᠠᠷᠭᠠᠬᠤ ᠳ᠋ᠤ᠌ ᠬᠦᠷᠭᠡᠭᠰᠡᠨ ᠪᠢᠯᠡ᠃ ᠡᠭᠦᠨ ᠡᠴᠡ ᠡᠮᠦᠨ᠎ᠡ ᠬᠠᠰᠠᠷ ᠠᠯᠢᠪᠠ ᠳ᠋ᠤ᠌ ᠬᠦᠯᠢᠶᠡᠴᠡ ᠲᠡᠢ ᠲᠡᠪᠴᠢᠶᠡᠷᠢ ᠲᠡᠢ ᠪᠠᠢᠵᠤ ᠲᠡᠭᠦᠨ ᠦ᠌ ᠭᠠᠪᠢᠶ᠎ᠠ ᠵᠢᠳᠬᠦᠯ ᠢ᠋ ᠴᠢᠩᠭᠢᠰ ᠬᠠᠭᠠᠨ ᠬᠡᠵᠢᠶ᠎ᠡ ᠨᠢᠭᠡᠨ ᠴᠠᠭ ᠲᠤ᠌ ᠰᠢᠳᠤᠷᠭᠤ ᠪᠠᠷ ᠦᠨᠡᠯᠡᠨ᠎ᠡ ᠭᠡᠵᠦ ᠭᠡᠨᠡᠨ ᠵᠠᠩ ᠢ᠋ᠶ᠋ᠠᠷ ᠢᠲᠡᠭᠡᠵᠦ ᠶᠠᠪᠤᠭᠰᠠᠨ ᠢ᠋ᠶ᠋ᠠᠨ ᠣᠢᠯᠠᠭᠠᠪᠠ᠃ ᠪᠠᠰᠠ ᠪᠠᠢᠭᠤᠯᠤᠭᠰᠠᠨ ᠤᠯᠤᠰ ᠤ᠋ᠨ ᠲᠠᠯ᠎ᠠ ᠨᠢ ᠬᠠᠰᠠᠷ ᠳᠡᠭᠦᠦ ᠶ᠋ᠢᠨ ᠬᠢ ᠶᠦᠮ ᠭᠡᠵᠦ ᠨᠢᠭᠡᠨ ᠴᠠᠭ ᠲᠤ᠌ ᠥᠭᠡᠯᠦᠨ ᠡᠬᠡ ᠳ᠋ᠡᠭᠡᠨ ᠬᠡᠯᠡᠭᠰᠡᠨ ᠲᠡᠭᠦᠨ ᠦ᠌ ᠦᠭᠡ ᠶ᠋ᠢ ᠰᠠᠨᠠᠵᠤ ᠪᠠᠢᠵᠠᠢ᠃ ᠭᠡᠲᠡᠯ᠎ᠡ ᠥᠪᠡᠷ ᠦ᠋ᠨ ᠶᠡᠬᠡ ᠮᠣᠩᠭᠣᠯ ᠤᠯᠤᠰ ᠢ᠋ ᠠᠯᠲᠠᠨ ᠤᠷᠤᠭ ᠤ᠋ᠨ ᠬᠥᠪᠡᠭᠦᠳ ᠲᠡᠭᠡᠨ ᠥᠪᠯᠡᠭᠦᠯᠵᠦ ᠥᠭᠡᠳᠡᠢ ᠶ᠋ᠢ ᠬᠠᠭᠠᠨ ᠰᠠᠭᠤᠷᠢᠨ ᠳ᠋ᠤ᠌ ᠵᠠᠯᠭᠠᠮᠵᠢᠯᠠᠭᠤᠯᠤᠨ ᠰᠠᠭᠤᠯᠭᠠᠬᠤ ᠵᠠᠷᠯᠢᠭ ᠪᠠᠭᠤᠯᠭᠠᠭᠰᠠᠨ ᠨᠢ ᠴᠢᠩᠭᠢᠰ ᠬᠠᠭᠠᠨ ᠲᠡᠭᠦᠨ ᠢ᠋ ᠬᠠᠭᠤᠷᠤᠨ ᠮᠡᠬᠡᠯᠡᠵᠦ ᠪᠠᠢᠭᠰᠠᠨ ᠢ᠋ ᠨᠢᠭᠡᠨᠲᠡ ᠭᠡᠷᠡᠴᠢᠯᠡᠭᠰᠡᠨ ᠪᠢᠯᠡ᠃ ᠡᠢᠮᠦ ᠡᠴᠡ ᠬᠠᠰᠠᠷ ᠵᠣᠷᠢᠭ ᠭᠠᠷᠭᠠᠨ ᠥᠪᠡᠷ ᠦ᠋ᠨ ᠬᠦᠴᠦ ᠪᠡᠷ ᠲᠡᠮᠡᠴᠡᠵᠦ ᠬᠥᠪᠡᠭᠦᠳ ᠲᠡᠭᠡᠨ ᠭᠠᠵᠠᠷ ᠨᠤᠲᠤᠭ ᠣᠯᠵᠤ ᠥᠪᠯᠡᠭᠦᠯᠬᠦ ᠡᠴᠡ ᠥᠭᠡᠷ᠎ᠡ ᠵᠠᠮ ᠦᠯᠡᠳᠡᠭᠡᠭᠰᠡᠨ ᠦᠭᠡᠢ᠂ ᠡᠭᠦᠨ ᠡᠴᠡ ᠥᠭᠡᠷ᠎ᠡ ᠵᠣᠷᠢᠯᠭ᠎ᠠ ᠴᠤ᠌ ᠪᠠᠢᠭᠰᠠᠨ ᠦᠭᠡᠢ᠃ ᠬᠥᠪᠡᠭᠦᠳ ᠨᠢ ᠲᠡᠷᠡ ᠨᠤᠲᠤᠭ ᠤᠰᠤᠨ ᠳ᠋ᠠᠭᠠᠨ ᠲᠡᠭᠦᠨ ᠢ᠋ ᠡᠭᠦᠷᠢᠳᠡ ᠵᠠᠯᠭᠠᠮᠵᠢᠯᠠᠨ ᠰᠠᠭᠤᠭᠠᠰᠠᠢ ᠭᠡᠵᠦ ᠬᠠᠰᠠᠷ ᠬᠦᠰᠡᠵᠦ ᠪᠠᠢᠪᠠ᠃ ᠴᠣᠬᠣᠮ ᠢᠩᠭᠢᠭᠡᠰᠡᠢ ᠭᠡᠵᠦ ᠬᠦᠰᠡᠵᠦ ᠥᠭᠡᠯᠦᠨ ᠡᠬᠡ ᠨᠢ ᠪᠤᠶᠠᠨᠲᠠᠢ ᠡᠪᠦᠭᠡᠨ ᠦ᠌ ᠳᠣᠮᠣᠭ ᠢ᠋ ᠶᠠᠷᠢᠭᠰᠠᠨ ᠭᠡᠵᠦ ᠬᠠᠰᠠᠷ ᠢᠲᠡᠭᠡᠵᠡᠢ᠃ 
       ᠭᠡᠪᠡᠴᠦ ᠬᠠᠰᠠᠷ ᠤ᠋ᠨ ᠬᠦᠰᠡᠯ ᠪᠡᠶᠡᠯᠡᠬᠦ ᠬᠤᠪᠢ ᠪᠠᠢᠭᠰᠠᠨ ᠦᠭᠡᠢ᠃ ᠡᠷᠭᠦᠨ᠎ᠡ ᠮᠥᠷᠡᠨ ᠦ᠌ ᠬᠥᠨᠳᠡᠢ ᠳ᠋ᠡᠬᠢ ᠥᠪᠡᠷ ᠦ᠋ᠨ ᠦᠷᠭᠦᠭᠡᠨ ᠳ᠋ᠡᠭᠡᠨ ᠵᠥᠪ ᠵᠦᠭᠡᠷ ᠤᠨᠲᠠᠭᠠᠳ ᠯᠠ ᠮᠠᠷᠭᠠᠰᠢ ᠥᠷᠯᠥᠭᠡ ᠨᠢ ᠰᠡᠷᠡᠭᠡ ᠦᠭᠡᠢ ᠪᠢᠯᠡ᠃ ᠲᠡᠭᠦᠨ ᠲᠡᠢ ᠬᠠᠮᠲᠤ ᠲᠤᠰᠠᠭᠠᠷ ᠤᠯᠤᠰ ᠪᠠᠢᠭᠤᠯᠬᠤ ᠬᠦᠰᠡᠯ ᠮᠥᠷᠥᠭᠡᠳᠦᠯ ᠨᠢ ᠴᠦ᠍ ᠬᠠᠮᠲᠤ ᠦᠭᠡᠢ ᠪᠣᠯᠪᠠ᠃ ᠨᠠᠵᠤ ᠮᠣᠭᠠᠢ ᠶ᠋ᠢᠨ ᠬᠣᠣᠷ ᠰᠢᠩᠭᠡᠭᠡᠭᠰᠡᠨ ᠲᠥᠭᠡ ᠬᠢᠷᠢ ᠶ᠋ᠢᠨ ᠬᠤᠯᠤᠰᠤᠨ ᠵᠡᠭᠦᠦ ᠶ᠋ᠢ ᠬᠠᠰᠠᠷ ᠤ᠋ᠨ ᠵᠢᠷᠦᠬᠡᠨ ᠳ᠋ᠦ᠍ ᠵᠤᠭᠤᠵᠤ ᠣᠷᠬᠢᠭᠰᠠᠨ ᠢ᠋ ᠬᠡᠨ ᠴᠦ᠍ ᠮᠡᠳᠡᠭᠰᠡᠨ ᠦᠭᠡᠢ ᠥᠩᠭᠡᠷᠡᠵᠡᠢ᠃ ᠤᠴᠢᠷ ᠨᠢ ᠬᠠᠰᠠᠷ ᠤ᠋ᠨ ᠬᠠᠪᠢᠷᠭ᠎ᠠ ᠶ᠋ᠢᠨ ᠵᠠᠪᠰᠠᠷ ᠢ᠋ᠶ᠋ᠠᠷ ᠰᠢᠭᠠᠭᠰᠠᠨ ᠵᠡᠭᠦᠦ ᠶ᠋ᠢ ᠰᠤᠭᠤᠯᠤᠨ ᠠᠪᠤᠭᠰᠠᠨ ᠣᠷᠣᠮ ᠬᠡᠨ ᠳ᠋ᠦ᠍ ᠴᠦ᠍ ᠠᠵᠢᠭᠯᠠᠭᠳᠠᠭᠰᠠᠨ ᠦᠭᠡᠢ᠃ ᠪᠦᠷ ᠬᠠᠮᠤᠭ ᠤ᠋ᠨ ᠬᠢᠨᠠᠮᠠᠭᠠᠢ ᠰᠡᠷᠭᠦᠯᠡᠩ ᠪᠣᠷᠣᠭᠴᠢᠨ ᠬᠠᠲᠤᠨ ᠴᠤ᠌ ᠦᠵᠡᠵᠦ ᠮᠡᠳᠡᠭᠰᠡᠨ ᠦᠭᠡᠢ ᠥᠩᠭᠡᠷᠡᠵᠡᠢ᠃ ᠬᠠᠰᠠᠷ ᠤ᠋ᠨ ᠭᠡᠨᠡᠳᠲᠡ ᠦᠬᠦᠭᠰᠡᠨ ᠤᠴᠢᠷ ᠢ᠋ ᠮᠡᠷᠭᠡᠯᠡᠭᠦᠯᠵᠦ ᠦᠵᠡᠪᠡᠯ ᠲᠩᠷᠢ ᠶ᠋ᠢᠨ ᠬᠣᠣᠷᠯᠠᠯ ᠪᠣᠯᠵᠠᠢ ᠭᠡᠰᠡᠨ ᠨᠢ ᠬᠡᠯᠡ ᠠᠮᠠ᠂ ᠰᠡᠵᠢᠭ ᠬᠠᠷᠠᠳᠠᠯᠭ᠎ᠠ ᠭᠠᠷᠬᠤ ᠡᠭᠦᠳᠡ ᠶ᠋ᠢ ᠨᠢᠭᠡᠨᠲᠡ ᠬᠠᠭᠠᠭᠰᠠᠨ ᠪᠢᠯᠡ᠃ 
       ᠭᠡᠲᠡᠯ᠎ᠡ ᠬᠠᠰᠠᠷ ᠲᠠᠢ ᠬᠠᠮᠲᠤ ᠲᠡᠭᠦᠰᠬᠡᠯ ᠪᠣᠯᠪᠠ ᠭᠡᠵᠦ ᠰᠠᠨᠠᠵᠤ ᠶᠠᠪᠤᠭᠰᠠᠨ ᠲᠤᠭᠤᠷᠭ᠎ᠠ ᠲᠤᠰᠠᠭᠠᠷ ᠤᠯᠤᠰ ᠪᠠᠢᠭᠤᠯᠬᠤ ᠬᠦᠰᠡᠯ ᠵᠣᠷᠢᠯᠭ᠎ᠠ ᠵᠥᠴᠢ ᠳ᠋ᠦ᠍ ᠬᠠᠯᠳᠠᠪᠤᠷᠢᠯᠠᠵᠤ ᠪᠦᠷ ᠢᠯᠡᠷᠬᠡᠢ ᠪᠣᠯᠤᠭᠰᠠᠨ ᠨᠢ ᠴᠢᠩᠭᠢᠰ ᠬᠠᠭᠠᠨ ᠳ᠋ᠤ᠌ ᠤᠳᠠᠭᠠᠨ ᠪᠣᠳᠣᠬᠤ᠂ ᠠᠭᠤᠴᠢᠯᠠᠵᠤ ᠥᠷᠥᠰᠢᠶᠡᠬᠦ ᠪᠣᠯᠤᠮᠵᠢ ᠣᠯᠭᠣᠭᠰᠠᠨ ᠦᠭᠡᠢ᠃ ᠵᠥᠴᠢ ᠶ᠋ᠢ ᠥᠷᠥᠰᠢᠶᠡᠵᠦ ᠬᠡᠯᠲᠦᠷᠢᠭᠦᠯᠬᠦ ᠰᠢᠯᠲᠠᠭᠠᠨ ᠪᠣᠳᠣᠭᠠᠳ ᠪᠣᠳᠣᠭᠠᠳ ᠦᠭᠡᠢ ᠪᠠᠢᠪᠠ᠃ ᠵᠥᠴᠢ ᠶᠠᠮᠠᠷ ᠴᠤ᠌ ᠶᠡᠬᠡ ᠭᠠᠪᠢᠶᠠᠲᠠᠨ ᠴᠢᠳᠠᠪᠤᠷᠢᠲᠠᠨ᠂ ᠪᠦᠷ ᠪᠥᠷᠲᠡ ᠶ᠋ᠢᠨ ᠬᠠᠮᠤᠭ ᠤ᠋ᠨ ᠬᠠᠢᠷᠠᠲᠠᠢ ᠦᠷ᠎ᠡ ᠨᠢ ᠪᠠᠢᠯ᠎ᠠ ᠴᠤ᠌ ᠲᠡᠷᠡ ᠨᠢᠭᠡᠨᠲᠡ ᠴᠢᠩᠭᠢᠰ ᠬᠠᠭᠠᠨ ᠤ᠋ ᠳᠠᠢᠰᠤᠨ ᠪᠣᠯᠵᠠᠢ᠃ ᠶᠡᠬᠡ ᠤᠯᠤᠰ ᠢ᠋ ᠪᠠᠢᠭᠤᠯᠬᠤ ᠳ᠋ᠠᠭᠠᠨ ᠴᠤ᠌ ᠶᠠᠭ ᠬᠡᠨ ᠨᠢᠭᠡᠨ ᠳ᠋ᠦ᠍ ᠬᠤᠪᠢᠶᠠᠵᠤ ᠥᠭᠬᠦ ᠵᠣᠷᠢᠯᠭ᠎ᠠ ᠪᠣᠳᠣᠯᠭ᠎ᠠ ᠴᠢᠩᠭᠢᠰ ᠬᠠᠭᠠᠨ ᠳ᠋ᠤ᠌ ᠪᠠᠢᠭ᠎ᠠ ᠦᠭᠡᠢ ᠪᠥᠭᠡᠳ ᠶᠡᠷᠦ ᠡᠴᠡ ᠡᠨᠡ ᠭᠠᠵᠠᠷ ᠢ᠋ ᠪᠦᠭᠦᠳᠡ ᠶ᠋ᠢ ᠨᠢᠭᠡᠳᠬᠡᠨ ᠰᠠᠭᠤᠬᠤ ᠨᠢ ᠲᠡᠢᠮᠦ ᠲᠦᠪᠡᠭᠲᠡᠢ ᠬᠡᠷᠡᠭ ᠪᠢᠰᠢ ᠪᠣᠯᠬᠤ ᠨᠢ ᠬᠣᠷᠽᠸᠮ ᠢ᠋ ᠡᠵᠡᠯᠡᠨ ᠠᠪᠤᠭᠰᠠᠨ ᠢ᠋ᠶ᠋ᠠᠷ ᠨᠤᠲᠠᠯᠠᠭᠳᠠᠭᠠᠳ ᠪᠠᠢᠪᠠ᠃ ᠪᠦᠭᠦᠳᠡ ᠶ᠋ᠢ ᠨᠢᠭᠡ ᠭᠠᠷ ᠤ᠋ᠨ ᠳᠣᠣᠷ᠎ᠠ ᠡᠢᠨ ᠬᠦ᠌ ᠨᠢᠭᠡᠳᠬᠡᠨ ᠠᠮᠤᠷᠯᠢᠭᠤᠯᠵᠤ ᠭᠠᠵᠠᠷ ᠳᠡᠭᠡᠷ᠎ᠡ ᠵᠥᠪᠬᠡᠨ ᠭᠠᠭᠴᠠ ᠶᠡᠬᠡ ᠮᠣᠩᠭᠣᠯ ᠤᠯᠤᠰ ᠢ᠋ ᠪᠠᠢᠭᠤᠯᠬᠤ ᠨᠢ ᠴᠢᠩᠭᠢᠰ ᠬᠠᠭᠠᠨ ᠤ᠋ ᠡᠴᠦᠰ ᠦ᠋ᠨ ᠵᠣᠷᠢᠯᠭ᠎ᠠ ᠲᠤᠯᠠ ᠵᠥᠴᠢ ᠶ᠋ᠢᠨ ᠡᠨᠡ ᠳᠤᠷ᠎ᠠ ᠪᠠᠷ ᠰᠡᠳᠬᠢᠭᠰᠡᠨ ᠬᠤᠯᠠᠭᠠᠢ ᠬᠡᠷᠡᠭ ᠢ᠋ ᠥᠷᠥᠰᠢᠶᠡᠵᠦ ᠪᠣᠯᠬᠤ ᠦᠭᠡᠢ ᠳ᠋ᠦ᠍ ᠬᠦᠷᠭᠡᠪᠡ᠃ ᠭᠡᠪᠡᠴᠦ ᠵᠥᠴᠢ ᠶ᠋ᠢᠨ ᠠᠷᠤ ᠳ᠋ᠤ᠌ ᠪᠥᠷᠲᠡ ᠪᠠᠢᠬᠤ ᠲᠤᠯᠠ ᠴᠢᠩᠭᠢᠰ ᠬᠠᠭᠠᠨ ᠨᠢᠭᠡ ᠬᠡᠰᠡᠭ ᠲᠡᠭᠡᠨ ᠡᠷᠡᠭᠡᠯᠵᠡᠨ ᠲᠡᠨᠡᠭᠡᠯᠵᠡᠵᠤ᠂ ᠪᠠᠰᠠ ᠵᠥᠴᠢ ᠶ᠋ᠢ ᠤᠬᠠᠭᠠᠷᠠᠵᠤ ᠥᠪᠡᠷ ᠦ᠋ᠨ ᠰᠠᠨᠠᠭᠠᠨ ᠠ᠋ᠴᠠ ᠤᠬᠤᠷᠢᠬᠤ ᠪᠢᠵᠡ ᠭᠡᠵᠦ ᠬᠦᠯᠢᠶᠡᠭᠰᠡᠨ ᠨᠢ ᠲᠡᠭᠦᠨ ᠦ᠌ ᠡᠢᠨ ᠬᠦ᠌ ᠫᠸᠷᠸᠡᠨ ᠦ᠌ ᠬᠥᠨᠳᠡᠢ ᠳ᠋ᠦ᠍ ᠪᠠᠷᠤᠭ ᠪᠦᠲᠦᠨ ᠵᠢᠯ ᠰᠢᠬᠠᠮ ᠰᠠᠭᠤᠬᠤ ᠦᠨᠳᠦᠰᠦ ᠪᠣᠯᠵᠠᠢ᠃ ᠭᠡᠲᠡᠯ᠎ᠡ ᠵᠥᠴᠢ᠂ ᠡᠷᠴᠢᠰ ᠮᠥᠷᠡᠨ ᠦ᠌ ᠬᠥᠨᠳᠡᠢ ᠪᠣᠯᠤᠭᠠᠳ᠂ ᠡᠭ᠂ ᠢᠳᠡᠷ᠂ ᠳᠡᠯᠭᠡᠷᠮᠥ᠋ᠷᠡᠨ᠂ ᠰᠢᠰᠢᠭᠡᠳ ᠭᠣᠣᠯ ᠢ᠋ᠶ᠋ᠠᠷ ᠨᠤᠲᠤᠭᠯᠠᠵᠤ ᠪᠠᠢᠭᠰᠠᠨ ᠥᠪᠡᠷ ᠦ᠋ᠨ ᠠᠯᠪᠠᠲᠤ ᠢᠷᠭᠡᠳ᠂ ᠬᠠᠲᠤᠳ᠂ ᠬᠡᠦᠬᠡᠳ ᠦ᠋ᠳ ᠢ᠋ᠶ᠋ᠡᠨ ᠺᠠᠰᠫᠢ ᠶ᠋ᠢᠨ ᠲᠠᠩᠭᠢᠰ ᠤᠷᠤᠭᠤ᠂ ᠥᠪᠡᠷ ᠦ᠋ᠨ ᠣᠷᠳᠣᠨ᠂ ᠰᠢᠨ᠎ᠡ ᠡᠵᠡᠮᠰᠢᠯ ᠨᠤᠲᠤᠭ ᠲᠠᠭᠠᠨ ᠨᠡᠭᠦᠯᠭᠡᠵᠦ ᠠᠪᠴᠢᠷᠠᠭᠰᠠᠨ ᠢ᠋ᠶ᠋ᠠᠷ ᠴᠢᠩᠭᠢᠰ ᠬᠠᠭᠠᠨ ᠤ᠋ ᠡᠷᠡᠭᠡᠯᠵᠡᠭᠡ᠂ ᠢᠲᠡᠭᠡᠯ ᠢ᠋ ᠨᠢᠭᠡᠮᠦᠰᠦᠨ ᠦᠭᠡᠢ ᠪᠣᠯᠭᠠᠵᠠᠢ᠃ ᠡᠢᠮᠦ ᠤᠴᠢᠷ ᠠ᠋ᠴᠠ ᠯᠠ ᠲᠡᠷᠡ ᠪᠤᠭᠤᠷᠴᠢ ᠶ᠋ᠢ ᠰᠦᠪᠡᠭᠡᠳᠠᠢ ᠤᠷᠤᠭᠤ ᠢᠯᠡᠭᠡᠬᠦ ᠪᠡᠷ ᠰᠢᠢᠳᠦᠭᠰᠡᠨ ᠪᠢᠯᠡ᠃ ᠰᠦᠪᠡᠭᠡᠳᠡᠢ ᠶ᠋ᠢᠨ ᠵᠦᠭ ᠢᠯᠡᠭᠡᠭᠰᠡᠨ ᠨᠢ ᠪᠤᠭᠤᠷᠴᠢ ᠶ᠋ᠢ ᠲᠠᠢᠪᠤᠰᠢᠷᠠᠭᠤᠯᠬᠤ᠂ ᠵᠥᠴᠢ ᠶ᠋ᠢᠨ ᠬᠡᠷᠡᠭ ᠢ᠋ ᠣᠯᠠᠨ ᠠ᠋ᠴᠠ ᠨᠢᠭᠤᠬᠤ ᠭᠡᠵᠦ ᠴᠢᠩᠭᠢᠰ ᠬᠠᠭᠠᠨ ᠤ᠋ ᠣᠯᠠᠨ ᠰᠠᠷ᠎ᠠ ᠶ᠋ᠢᠨ ᠲᠤᠷᠰᠢ ᠪᠣᠳᠣᠵᠤ ᠣᠯᠤᠭᠰᠠᠨ ᠳᠠᠯᠳᠠ ᠰᠠᠨᠠᠭ᠎ᠠ ᠶᠤᠮ᠃ ᠪᠠᠰᠠ ᠵᠥᠴᠢ ᠳ᠋ᠦ᠍ ᠶᠡᠬᠡ ᠯᠡ ᠰᠠᠢᠨ ᠢ᠋ᠶ᠋ᠠᠷ ᠬᠠᠨᠳᠤᠳᠠᠭ ᠪᠤᠭᠤᠷᠴᠢ ᠦᠭᠡ ᠵᠠᠷᠯᠢᠭ ᠢ᠋ ᠨᠢ ᠭᠡᠨᠡᠳᠲᠡ ᠡᠰᠡᠷᠭᠦᠴᠡᠵᠦ ᠮᠡᠳᠡᠨ᠎ᠡ ᠭᠡᠵᠦ ᠰᠡᠷᠡᠮᠵᠢᠯᠡᠭᠰᠡᠨ ᠤᠴᠢᠷ ᠲᠡᠭᠦᠨ ᠢ᠋ ᠰᠥᠪᠡᠭᠡᠳᠠᠢ ᠲᠠᠢ ᠠᠭᠤᠯᠵᠠᠭᠤᠯᠬᠤ ᠪᠠᠷ ᠲᠠᠢᠰᠢ ᠢᠯᠡᠭᠡᠭᠰᠡᠨ ᠮᠡᠲᠦ ᠰᠡᠳᠬᠢᠭᠳᠡᠯ ᠲᠥᠷᠥᠬᠦ ᠪᠡᠷ ᠪᠦᠭᠦᠳᠡ ᠶ᠋ᠢ ᠵᠣᠬᠢᠴᠠᠭᠤᠯᠵᠤ ᠭᠣᠣᠯ ᠰᠠᠨᠠᠭ᠎ᠠ ᠪᠠᠨ ᠨᠢᠭᠤᠴᠠᠯᠠᠵᠤ ᠪᠠᠢᠯ᠎ᠠ᠃ ᠬᠠᠷᠢᠨ ᠡᠴᠦᠰ ᠦ᠋ᠨ ᠦᠭᠡ ᠪᠡᠨ ᠪᠤᠭᠤᠷᠴᠢ ᠶ᠋ᠢ ᠦᠳᠡᠵᠦ ᠥᠭᠬᠦ ᠵᠠᠮ ᠳ᠋ᠠᠭᠠᠨ ᠬᠡᠯᠡᠨ᠎ᠡ ᠭᠡᠵᠦ ᠪᠣᠳᠣᠭᠰᠠᠨ ᠨᠢ ᠬᠠᠮᠤᠭ ᠤ᠋ᠨ ᠵᠥᠪ ᠪᠠᠢᠪᠠ᠃ ᠬᠡᠯᠡᠬᠦ ᠦᠭᠡ ᠪᠡᠨ ᠴᠦ᠍ ᠪᠣᠳᠣᠵᠤ ᠣᠯᠵᠠᠢ᠃ ᠪᠤᠭᠤᠷᠴᠢ ᠴᠢᠩᠭᠢᠰ ᠬᠠᠭᠠᠨ ᠤ᠋ ᠦᠭᠡ ᠶ᠋ᠢ ᠰᠣᠨᠣᠰᠤᠨ ᠲᠣᠪ ᠳᠤᠭᠤᠢ ᠶᠠᠪᠤᠵᠤ ᠪᠠᠢᠪᠠ᠃ ᠲᠡᠳᠡᠨ ᠦ᠌ ᠦᠭᠡ ᠶ᠋ᠢ ᠣᠳᠣ ᠬᠡᠨ ᠴᠦ᠍ ᠰᠣᠨᠣᠰᠬᠤ ᠦᠭᠡᠢ ᠠᠵᠢ᠃ ᠬᠡᠷᠡᠭᠡ ᠶ᠋ᠢᠨ ᠲᠣᠷᠭᠠᠨ ᠴᠡᠷᠢᠭ ᠳᠥᠷᠪᠡᠨ ᠲᠠᠯ᠎ᠠ ᠳ᠋ᠤᠨᠢ ᠣᠢᠷ᠎ᠠ ᠰᠠᠭᠠᠬᠠᠯᠲᠠ ᠶ᠋ᠢᠨ ᠵᠠᠢ ᠳ᠋ᠤ᠌ ᠬᠠᠮᠠᠭᠠᠯᠠᠨ ᠪᠦᠰᠡᠯᠡᠵᠦ ᠶᠠᠪᠤᠪᠠ᠃ 
       | ᠪᠤᠭᠤᠷᠴᠢ᠂ ᠴᠢ ᠪᠢᠳᠡ ᠥᠰᠬᠦ ᠴᠠᠭ ᠠ᠋ᠴᠠ ᠥᠲᠡᠯᠬᠦ ᠨᠠᠰᠤ ᠬᠦᠷᠲᠡᠯ᠎ᠡ ᠪᠡᠨ ᠲᠤᠰᠠᠭᠠᠷ ᠢ᠋ ᠨᠢᠭᠡᠳᠬᠡᠵᠦ᠂ ᠲᠤᠭᠤᠷᠭᠠᠲᠠᠨ ᠢ᠋ ᠬᠤᠷᠢᠶᠠᠵᠤ ᠶᠡᠬᠡ ᠮᠣᠩᠭᠣᠯ ᠤᠯᠤᠰ ᠢ᠋ ᠪᠠᠢᠭᠤᠯᠤᠭᠰᠠᠨ ᠨᠢ ᠶᠠᠭᠤᠨ ᠤ᠋ ᠲᠥᠯᠥᠭᠡ ᠪᠢᠯᠡ ᠭᠡᠵᠦ ᠴᠢᠩᠭᠢᠰ ᠬᠠᠭᠠᠨ ᠠᠰᠠᠭᠤᠬᠤ ᠰᠢᠭ᠋ ᠬᠡᠯᠡᠭᠡᠳ ᠲᠦᠳᠡᠯ ᠦᠭᠡᠢ ᠡᠭᠦᠨ ᠢ᠋ᠶ᠋ᠡᠨ ᠥᠪᠡᠷ ᠢ᠋ᠶ᠋ᠡᠨ ᠬᠠᠷᠢᠭᠤᠯᠵᠠᠢ᠃ ᠴᠢᠩᠭᠢᠰ ᠬᠠᠭᠠᠨ ᠤ᠋ ᠡᠨᠡ ᠦᠭᠡ ᠶ᠋ᠢ ᠰᠣᠨᠣᠰᠤᠮᠠᠭᠴᠠ ᠲᠡᠭᠦᠨ ᠢ᠋ ᠢᠩᠭᠢᠵᠦ ᠥᠪᠡᠷ ᠦ᠋ᠨ ᠪᠡᠶ᠎ᠡ ᠪᠡᠷ ᠦᠳᠡᠵᠦ ᠶᠠᠪᠤᠭ᠎ᠠ ᠶ᠋ᠢᠨ ᠤᠴᠢᠷ ᠢ᠋ ᠪᠤᠭᠤᠷᠴᠢ ᠰᠠᠶᠢ ᠯᠠ ᠭᠠᠳᠠᠷᠯᠠᠵᠤ ᠡᠬᠢᠯᠡᠬᠦ ᠰᠢᠭ ᠪᠣᠯᠵᠠᠢ᠃ 
       | ᠪᠢ ᠡᠨᠡ ᠶᠡᠬᠡ ᠭᠠᠵᠠᠷ ᠢ᠋ ᠥᠪᠡᠷ ᠦ᠋ᠨ ᠨᠡᠷ᠎ᠡ ᠶ᠋ᠢᠨ ᠳᠣᠣᠷ᠎ᠠ ᠨᠢᠭᠡᠳᠬᠡᠨ ᠠᠷᠠᠳ ᠢᠷᠭᠡᠳ ᠢ᠋ ᠬᠡᠯᠡ ᠢᠵᠠᠭᠤᠷ ᠢᠯᠭᠠᠯ ᠦᠭᠡᠢ ᠠᠮᠤᠷ ᠵᠢᠮᠤᠷ ᠠᠢᠪᠤᠩ ᠲᠠᠢᠪᠤᠩ ᠠᠮᠢᠳᠤᠷᠠᠭᠤᠯᠬᠤ ᠶ᠋ᠢ ᠬᠦᠰᠡᠨ᠎ᠡ᠃ ᠲᠡᠷᠡ ᠤᠷᠠᠨ ᠳᠠᠷᠬᠠᠨ ᠢᠰᠢ ᠾᠶ᠋ᠮᠠᠮ᠂ ᠥᠨᠥ ᠷᠢᠮ ᠯᠠᠮᠠ ᠶ᠋ᠢᠨ ᠡᠯᠴᠢ ᠳᠠᠶᠠᠨ ᠶᠡᠷᠦ ᠨᠢ ᠬᠡᠨ ᠴᠦ᠍ ᠪᠠᠢ ᠪᠦᠭᠦᠳᠡᠭᠡᠷ ᠴᠢᠩᠭᠢᠰ ᠬᠠᠭᠠᠨ ᠨᠠᠮᠠᠶ᠋ᠢ ᠶᠢᠷᠲᠢᠨᠴᠦ ᠶ᠋ᠢᠨ ᠡᠵᠡᠨ ᠭᠡᠵᠦ ᠳᠠᠭᠤᠳᠠᠨ ᠬᠦᠨᠳᠦᠳᠬᠡᠵᠦ᠂ ᠨᠠᠳᠠᠳᠤ ᠢᠲᠡᠭᠡᠬᠦ ᠪᠣᠯᠵᠠᠢ᠃ ᠤᠭ ᠠ᠋ᠴᠠ ᠲᠡᠢᠨ ᠰᠠᠮᠠᠭᠤᠨ ᠥᠬᠡᠢ ᠠᠮᠤᠷ ᠲᠠᠢᠪᠤᠩ ᠨᠢᠭᠡᠳᠦᠨ ᠠᠮᠢᠳᠤᠷᠠᠬᠤ ᠨᠢ ᠡᠨᠡ ᠭᠠᠵᠠᠷ ᠤ᠋ᠨ ᠪᠦᠬᠦ ᠬᠥᠮᠦᠨ ᠦ᠌ ᠬᠦᠰᠡᠯ ᠶᠦ᠍ᠮ᠃ ᠡᠨᠡ ᠬᠦᠰᠡᠯ ᠢ᠋ ᠴᠢᠩᠭᠢᠰ ᠬᠠᠭᠠᠨ ᠨᠠᠮᠠᠶ᠋ᠢ ᠪᠡᠶᠡᠯᠡᠭᠦᠯ ᠭᠡᠰᠡᠨ ᠨᠢ ᠮᠥᠩᠬᠡ ᠲᠡᠭᠷᠢ ᠶ᠋ᠢᠨ ᠵᠠᠷᠯᠢᠭ ᠲᠤᠯᠠ ᠬᠡᠨ ᠴᠦ᠍ ᠪᠠᠢᠭᠰᠠᠨ ᠲᠡᠷᠡ ᠳᠤᠮᠳᠠ ᠪᠠᠨ ᠴᠢᠩᠭᠢᠰ ᠬᠠᠭᠠᠨ ᠪᠢ ᠴᠦ᠍ ᠵᠥᠷᠢᠴᠡᠬᠦ ᠶᠣᠰᠣ ᠦᠭᠡᠢ ᠶᠦᠮ᠃ ᠮᠥᠩᠬᠡ ᠲᠩᠷᠢ ᠶ᠋ᠢᠨ ᠵᠠᠷᠯᠢᠭ ᠢ᠋ ᠪᠡᠶᠡᠯᠡᠭᠦᠯᠦᠨ ᠳᠠᠭᠠᠬᠤ ᠨᠢ ᠮᠢᠨᠦ ᠠᠮᠢᠳᠤᠷᠠᠯ ᠤ᠋ᠨ ᠵᠣᠷᠢᠯᠭ᠎ᠠ ᠪᠣᠯᠤᠨ᠎ᠠ᠃ ᠮᠢᠨᠦ ᠶᠡᠬᠡ ᠵᠣᠷᠢᠯᠭ᠎ᠠ ᠶ᠋ᠢ ᠡᠰᠡᠷᠭᠦᠴᠡᠭᠰᠡᠨ ᠪᠦᠭᠦᠳᠡ ᠦᠬᠦᠭᠰᠡᠨ ᠪᠢᠰᠢ ᠤᠤ? ᠬᠠᠰᠠᠷ ᠴᠤ᠌ ᠬᠦᠷᠲᠡᠯ᠎ᠡ ᠢᠩᠭᠢᠬᠦ ᠶ᠋ᠢ ᠣᠷᠣᠯᠳᠣᠬᠤ ᠳ᠋ᠤ᠌ ᠦᠬᠦᠪᠡ᠃ ᠬᠠᠷᠢᠨ ᠣᠳᠣ ᠭᠡᠳ ᠴᠢᠩᠭᠢᠰ ᠬᠠᠭᠠᠨ ᠦᠭᠡ ᠪᠡᠨ ᠲᠠᠰᠤᠯᠤᠭᠰᠠᠨ ᠨᠢ ᠪᠤᠭᠤᠷᠴᠢ ᠶ᠋ᠢ ᠬᠡᠷᠬᠢᠬᠦ ᠨᠢ ᠪᠣᠢ ᠭᠡᠮᠡᠨ ᠠᠵᠢᠭᠯᠠᠭᠰᠠᠨ ᠤ᠋ ᠬᠢ ᠶᠦᠮ᠃ ᠪᠣᠭᠣᠷᠴᠢ ᠮᠣᠷᠢᠨ ᠤ᠋ ᠴᠢᠬᠢ ᠶ᠋ᠢ ᠰᠢᠷᠳᠡᠨ ᠳᠠᠭᠤ ᠦᠭᠡᠢ ᠶᠠᠪᠤᠵᠤ ᠪᠠᠢᠪᠠ᠃ ᠪᠤᠭᠤᠷᠴᠢ ᠶ᠋ᠢᠨ ᠡᠨᠡ ᠪᠠᠢᠳᠠᠯ ᠳ᠋ᠤ᠌ ᠶᠠᠮᠠᠷ ᠨᠢᠭᠡ ᠰᠡᠵᠢᠭᠲᠡᠢ ᠵᠦᠢᠯ ᠦᠭᠡᠢ ᠲᠤᠯᠠ ᠴᠢᠩᠭᠢᠰ ᠬᠠᠭᠠᠨ ᠦᠭᠡ ᠪᠡᠨ ᠦᠷᠭᠦᠯᠵᠢᠯᠡᠭᠦᠯᠪᠡ᠃ ᠶᠡᠷᠦ ᠡᠴᠡ ᠴᠢᠩᠭᠢᠰ ᠬᠠᠭᠠᠨ ᠤ᠋ ᠡᠨᠡ ᠦᠭᠡ ᠶ᠋ᠢ ᠡᠰᠡᠷᠭᠦᠴᠡᠬᠦ ᠶ᠋ᠢᠨ ᠠᠷᠭ᠎ᠠ ᠦᠭᠡᠢ ᠪᠠᠢᠭᠰᠠᠨ ᠪᠢᠯᠡ᠃ 
       | ᠬᠠᠷᠢᠨ ᠣᠳᠣ ᠵᠥᠴᠢ ᠮᠢᠨᠦ ᠶᠡᠬᠡ ᠤᠯᠤᠰ ᠠ᠋ᠴᠠ ᠬᠤᠯᠠᠭᠠᠢᠯᠠᠨ ᠠᠪᠴᠤ ᠲᠤᠰᠠᠭᠠᠷ ᠶᠠᠪᠤᠬᠤ ᠶ᠋ᠢ ᠬᠦᠰᠡᠵᠡᠢ ᠭᠡᠵᠦ ᠴᠢᠩᠭᠢᠰ ᠬᠠᠭᠠᠨ ᠬᠦᠨᠳᠦ ᠪᠡᠷ ᠰᠢᠪᠡᠨᠡᠭᠡᠳ ᠮᠣᠷᠢᠨ ᠤ᠋ ᠪᠠᠨ ᠠᠮᠠ ᠶ᠋ᠢ ᠲᠡᠳᠡᠨ ᠵᠣᠭᠰᠣᠪᠠ᠃ ᠴᠢᠩᠭᠢᠰ ᠬᠠᠭᠠᠨ ᠢ᠋ ᠮᠣᠷᠢᠨ ᠤ᠋ ᠠᠮᠠ ᠶ᠋ᠢ ᠲᠠᠲᠠᠬᠤ ᠲᠡᠳᠦᠢ ᠳ᠋ᠦ᠍ ᠲᠣᠷᠭᠠᠨ ᠴᠡᠷᠢᠭ ᠦ᠋ᠳ ᠴᠦ᠍ ᠶᠠᠭ ᠵᠣᠭᠰᠣᠵᠠᠢ᠃ ᠪᠤᠭᠤᠷᠴᠢ ᠲᠣᠯᠣᠭᠠᠢ ᠡᠷᠭᠦᠨ ᠴᠢᠩᠭᠢᠰ ᠬᠠᠭᠠᠨ ᠤ᠋ ᠥᠭᠡᠳᠡ ᠡᠴᠡ ᠭᠠᠢᠬᠠᠨ ᠰᠢᠷᠳᠡᠭᠰᠡᠨ ᠴᠦ᠍ ᠦᠭᠡ ᠳᠤᠤᠭᠠᠷᠤᠭᠰᠠᠨ ᠦᠭᠡᠢ᠃ ᠲᠡᠭᠦᠨ ᠢ᠋ ᠶᠠᠭᠤᠨ ᠤ᠋ ᠤᠴᠢᠷ ᠰᠥᠪᠡᠭᠡᠳᠡᠢ ᠶ᠋ᠢᠨ ᠵᠦᠭ ᠢᠯᠡᠭᠡᠵᠦ ᠪᠣᠢ ᠶ᠋ᠢ ᠴᠦ᠍ ᠣᠢᠯᠠᠭᠠᠪᠠ᠃ ᠭᠡᠪᠡᠴᠦ ᠲᠡᠷᠡ ᠳᠠᠷᠤᠢ ᠬᠡᠯᠡᠬᠦ ᠦᠭᠡ ᠣᠯᠤᠭᠰᠠᠨ ᠦᠭᠡᠢ ᠠᠵᠢ᠃ ᠴᠢᠩᠭᠢᠰ ᠬᠠᠭᠠᠨ ᠥᠪᠡᠷ ᠦ᠋ᠨ ᠵᠣᠷᠢᠯᠭ᠎ᠠ ᠶ᠋ᠢ ᠲᠣᠪ ᠲᠣᠳᠣᠷᠬᠠᠢ ᠬᠡᠯᠡᠭᠰᠡᠨ ᠦ᠌ ᠤᠴᠢᠷ ᠡᠢᠨ ᠬᠦ᠌ ᠮᠤᠬᠤᠷᠳᠠᠵᠠᠢ᠃ ᠪᠤᠭᠤᠷᠴᠢ ᠶ᠋ᠢᠨ ᠶᠠᠭᠤᠨ ᠤ᠋ ᠤᠴᠢᠷ ᠳᠠᠭᠤ ᠦᠭᠡᠢ ᠪᠠᠢᠭ᠎ᠠ ᠶ᠋ᠢ ᠴᠢᠩᠭᠢᠰ ᠬᠠᠭᠠᠨ ᠰᠢᠭᠤᠳ ᠣᠢᠯᠠᠭᠠᠨ ᠥᠪᠡᠷ ᠦ᠋ᠨ ᠬᠢᠨᠢ ᠰᠣᠩᠭᠣᠭᠰᠠᠨ ᠠᠷᠭ᠎ᠠ ᠵᠥᠪ ᠪᠠᠢᠭᠰᠠᠨ ᠳ᠋ᠤ᠌ ᠢᠲᠡᠭᠡᠭᠰᠡᠨ ᠲᠤᠯᠠ ᠣᠳᠣ ᠲᠡᠭᠦᠨ ᠳ᠋ᠦ᠍ ᠰᠡᠵᠢᠭᠯᠡᠵᠦ ᠡᠷᠡᠭᠡᠯᠵᠡᠬᠦ ᠶᠠᠪᠤᠳᠠᠯ ᠦᠭᠡᠢ ᠪᠣᠯᠵᠠᠢ᠃ 
       | ᠮᠢᠨᠦ ᠶᠡᠬᠡ ᠮᠣᠩᠭᠣᠯ ᠤᠯᠤᠰ ᠢ᠋ ᠬᠡᠨ ᠨᠢᠭᠡᠨ ᠰᠠᠮᠠᠭᠤᠷᠠᠭᠤᠯᠵᠤ ᠰᠠᠷᠨᠢᠭᠤᠯᠬᠤ ᠶ᠋ᠢ ᠦᠯᠦ ᠲᠡᠪᠴᠢᠨ᠎ᠡ᠃ ᠢᠩᠭᠢᠬᠦ ᠶ᠋ᠢ ᠬᠦᠰᠡᠭᠰᠡᠨ ᠬᠡᠨ ᠢ᠋ ᠴᠦ᠍ ᠪᠣᠯᠪᠠ ᠲᠩᠷᠢ ᠥᠷᠥᠰᠢᠶᠡᠬᠦ ᠦᠭᠡᠢ ᠶ᠋ᠢ ᠴᠢ ᠮᠡᠳᠡᠨ᠎ᠡ᠃ ᠲᠡᠢᠮᠦ ᠠ᠋᠃ ᠴᠢ ᠵᠥᠴᠢ ᠶ᠋ᠢ ᠶᠡᠬᠡᠳᠡ ᠬᠠᠢᠷᠠᠯᠠᠬᠤ ᠲᠤᠯᠠ ᠮᠢᠨᠦ ᠥᠭᠡᠳᠡ ᠡᠴᠡ ᠦᠭᠡ ᠲᠠᠢᠯᠪᠤᠷᠢ ᠬᠡᠯᠡᠵᠦ ᠡᠰᠡᠷᠭᠦᠴᠡᠬᠦ ᠰᠠᠨᠠᠭ᠎ᠠ ᠪᠣᠢ ᠪᠢᠵᠡ᠃ ᠭᠡᠪᠡᠴᠦ ᠪᠢᠳᠡ ᠪᠠᠢᠭᠤᠯᠤᠭᠰᠠᠨ ᠲᠥᠷᠥ᠂ ᠤᠯᠤᠰ ᠭᠦᠷᠦᠨ ᠢ᠋ᠶ᠋ᠡᠨ ᠦᠷ᠎ᠡ ᠬᠡᠦᠬᠡᠳ ᠡᠴᠡ ᠪᠡᠨ ᠢᠯᠡᠭᠦᠦ ᠬᠠᠢᠷᠠᠯᠠᠬᠤ ᠶᠣᠰᠣᠲᠠᠢ ᠪᠢᠯᠡ᠃ ᠵᠥᠴᠢ ᠨᠢᠭᠡᠨᠲᠡ ᠵᠣᠷᠢᠭ ᠰᠢᠢᠳᠦᠭᠡᠳ ᠴᠢᠨᠦ ᠳᠡᠭᠦᠦ ᠡᠭᠦᠯᠡᠨ ᠴᠡᠷᠪᠢ᠂ ᠵᠡᠯᠮ᠎ᠡ ᠶ᠋ᠢᠨ ᠬᠥᠪᠡᠭᠦᠨ ᠶᠢᠰᠦᠨᠲᠡᠢ ᠪᠠᠰᠠ ᠰᠥᠪᠡᠭᠡᠳᠡᠢ ᠶ᠋ᠢ ᠥᠪᠡᠷ ᠦ᠋ᠨ ᠳᠡᠷᠭᠡᠳᠡ ᠰᠢᠳᠠᠷᠯᠠᠭᠤᠯᠤᠨ ᠵᠢᠳᠬᠦᠭᠦᠯᠬᠦ ᠶ᠋ᠢ ᠬᠦᠰᠡᠵᠦ ᠱᠠᠭᠠᠷᠳᠠᠨ᠂ ᠡᠯᠴᠢ ᠵᠠᠷᠤᠵᠤ ᠦᠭᠡ ᠳᠠᠢᠵᠠᠢ᠃ ᠪᠠᠰᠠ ᠥᠪᠡᠷ ᠦ᠋ᠨ ᠢᠲᠡᠭᠡᠯ ᠥᠭᠴᠦ ᠰᠢᠳᠠᠷᠯᠠᠭᠤᠯᠬᠤ ᠬᠦᠰᠡᠯᠲᠡᠢ ᠬᠥᠮᠦᠰ ᠦ᠋ᠨ ᠳᠣᠲᠣᠷ᠎ᠠ ᠪᠤᠭᠤᠷᠴᠢ ᠴᠢᠨᠦ ᠨᠡᠷ᠎ᠡ ᠶ᠋ᠢ ᠴᠦ᠍ ᠳᠤᠷᠠᠳᠴᠠᠢ᠃ ᠪᠢ ᠴᠢᠨᠦ ᠰᠡᠳᠬᠢᠯ ᠢ᠋ ᠵᠣᠪᠠᠭᠠᠬᠤ ᠦᠭᠡᠢ ᠶ᠋ᠢᠨ ᠲᠤᠯᠠᠳᠠ ᠡᠭᠦᠨ ᠢ᠋ ᠴᠢᠮᠠᠲᠤ ᠬᠡᠯᠡᠭᠰᠡᠨ ᠦᠭᠡᠢ ᠤᠳᠠᠯ᠎ᠠ᠃ ᠬᠡᠷᠪᠡ ᠵᠥᠴᠢ ᠶ᠋ᠢᠨ ᠲᠤᠰᠠᠭᠠᠷ ᠤᠯᠤᠰ ᠪᠠᠢᠭᠤᠯᠬᠤ ᠶ᠋ᠢ ᠵᠥᠪᠰᠢᠶᠡᠷᠡᠪᠡᠯ ᠴᠠᠭᠠᠲᠠᠢ᠂ ᠥᠭᠡᠳᠡᠢ᠂ ᠲᠤᠯᠤᠢ ᠬᠥᠪᠡᠭᠦᠳ ᠲᠦ᠍ ᠮᠠᠭᠤ ᠦᠯᠢᠭᠡᠷ ᠪᠣᠯᠵᠤ ᠴᠢ ᠪᠢᠳᠡᠨ ᠦ᠌ ᠵᠣᠪᠠᠵᠤ ᠴᠤᠭᠯᠠᠭᠤᠯᠤᠭᠰᠠᠨ᠂ ᠵᠦᠳᠡᠷᠡᠵᠦ ᠪᠠᠢᠭᠤᠯᠤᠭᠰᠠᠨ ᠤᠯᠤᠰ ᠬᠠᠨ᠎ᠠ ᠲᠤᠭᠤᠷᠭ᠎ᠠ ᠪᠠᠷ ᠰᠠᠯᠵᠤ᠂ ᠬᠠᠶᠠᠭ᠎ᠠ ᠬᠠᠲᠠᠪᠴᠢ ᠪᠠᠷ ᠵᠠᠳᠠᠷᠠᠬᠤ ᠪᠢᠰᠢ ᠤᠤ? ᠪᠢᠳᠡ ᠴᠣᠬᠣᠮ ᠢᠩᠭᠢᠬᠦ ᠶ᠋ᠢᠨ ᠲᠤᠯᠠᠳᠠ ᠳᠥᠷᠪᠡᠨ ᠮᠥᠴᠢ ᠪᠡᠨ ᠰᠠᠷᠪᠠᠢᠵᠤ ᠴᠤᠴᠠᠲᠠᠯ᠎ᠠ᠂ ᠳᠥᠷᠦᠭᠡᠨ ᠰᠠᠨᠵᠢ ᠪᠠᠨ ᠰᠤᠨᠵᠤ ᠰᠡᠳᠡᠷᠡᠲᠡᠯ᠎ᠡ ᠬᠠᠯᠠᠭᠤᠨ ᠳ᠋ᠤ᠌ ᠰᠢᠲᠠᠵᠤ ᠬᠦᠢᠲᠡᠨ ᠳ᠋ᠦ᠍ ᠬᠥᠯᠳᠡᠲᠡᠯ᠎ᠡ ᠪᠡᠨ ᠵᠢᠳᠬᠦᠪᠡ ᠤᠤ? 
       ᠴᠢᠩᠭᠢᠰ ᠬᠠᠭᠠᠨ ᠤ᠋ ᠡᠨᠡ ᠦᠭᠡᠨ ᠳ᠋ᠦ᠍ ᠬᠣᠷᠣᠰᠤᠯ ᠵᠠᠨᠤᠯ ᠭᠡᠬᠦ ᠡᠴᠡ ᠪᠡᠨ ᠢᠯᠡᠭᠦᠦ ᠭᠣᠮᠣᠳᠠᠯ ᠴᠥᠬᠥᠷᠡᠯ ᠰᠣᠨᠣᠰᠤᠭᠳᠠᠬᠤ ᠰᠢᠭ᠋ ᠪᠣᠯᠤᠭᠰᠠᠨ ᠳ᠋ᠤ᠌ ᠪᠤᠭᠤᠷᠴᠢ ᠶᠡᠬᠡ ᠰᠣᠴᠢᠵᠠᠢ᠃ 
       | ᠡᠰᠡᠪᠡᠯ ᠪᠣᠭᠣᠷᠴᠢ ᠴᠢ ᠬᠡᠯᠡᠭᠡᠴᠢ᠃ ᠪᠢ ᠪᠤᠷᠤᠭᠤ ᠶᠠᠷᠢᠵᠤ ᠵᠥᠷᠢᠭᠦᠦ ᠰᠡᠳᠬᠢᠨ᠎ᠡ ᠤᠤ?   
       ᠰᠡᠭᠦᠯ ᠦ᠋ᠨ ᠬᠠᠭᠠᠰ ᠵᠢᠯ ᠴᠢᠩᠭᠢᠰ ᠬᠠᠭᠠᠨ ᠤ᠋ ᠰᠦᠷ ᠰᠦᠯᠳᠡ ᠳᠣᠷᠣᠢᠲᠠᠨ ᠪᠣᠳᠣᠯ ᠳ᠋ᠤ᠌ ᠳᠠᠷᠤᠭᠳᠠᠨ ᠰᠠᠭᠤᠬᠤ ᠪᠣᠯᠤᠭᠰᠠᠨ ᠤ᠋ ᠤᠴᠢᠷ ᠢ᠋ ᠪᠤᠭᠤᠷᠴᠢ ᠰᠠᠶᠢ ᠯᠠ ᠣᠢᠯᠠᠭᠠᠪᠠ᠃ ᠲᠡᠭᠡᠭᠡᠳ ᠴᠦ᠍ ᠶᠠᠭᠤᠨ ᠤ᠋ ᠲᠤᠯᠠᠳᠠ ᠲᠩᠷᠢ ᠳ᠋ᠦ᠍ ᠮᠥᠷᠭᠥᠭᠰᠡᠨ ᠢ᠋ ᠣᠢᠯᠠᠭᠠᠪᠠ᠃ ᠪᠠᠰᠠ ᠲᠩᠷᠢ ᠶᠠᠭᠤ ᠭᠡᠵᠦ ᠵᠠᠷᠯᠢᠭ ᠪᠠᠭᠤᠯᠭᠠᠭᠰᠠᠨ ᠢ᠋ ᠣᠢᠯᠠᠭᠠᠪᠠ᠃ ᠬᠠᠷᠢᠨ ᠵᠥᠴᠢ ᠥᠪᠡᠷ ᠦ᠋ᠨ ᠢᠲᠡᠭᠡᠬᠦ ᠬᠥᠮᠦᠰ ᠦ᠋ᠨ ᠳᠣᠲᠣᠷ᠎ᠠ ᠲᠡᠭᠦᠨ ᠦ᠌ ᠨᠡᠷ᠎ᠡ ᠶ᠋ᠢ ᠳᠤᠷᠠᠳᠤᠭᠰᠠᠨ ᠢ᠋ ᠰᠣᠨᠣᠰᠤᠭᠠᠳ ᠪᠤᠭᠤᠷᠴᠢ ᠲᠤᠢᠯ ᠤ᠋ᠨ ᠶᠡᠬᠡ ᠪᠡᠷ ᠰᠣᠴᠢᠨ ᠡᠮᠵᠡᠭᠯᠡᠵᠡᠢ᠃ ᠴᠢᠩᠭᠢᠰ ᠬᠠᠭᠠᠨ ᠡᠨᠡ ᠦᠭᠡ ᠶ᠋ᠢ ᠬᠡᠯᠡᠬᠦ ᠳ᠋ᠡᠭᠡᠨ ᠳᠣᠲᠣᠷ᠎ᠠ ᠪᠠᠨ ᠴᠣᠬᠣᠮ ᠶᠠᠭᠤ ᠪᠣᠳᠣᠭᠰᠠᠨ ᠢ᠋ ᠪᠤᠭᠤᠷᠴᠢ ᠴᠤ᠌ ᠭᠠᠳᠠᠷᠯᠠᠵᠤ ᠪᠠᠢᠪᠠ᠃ ᠬᠠᠷᠢᠨ ᠪᠤᠭᠤᠷᠴᠢ ᠶ᠋ᠢᠨ ᠨᠡᠷ᠎ᠡ ᠶ᠋ᠢ ᠳᠤᠷᠠᠳᠤᠭᠰᠠᠨ ᠭᠡᠵᠦ ᠴᠢᠩᠭᠢᠰ ᠬᠠᠭᠠᠨ ᠬᠤᠳᠠᠯ ᠬᠡᠯᠡᠭᠰᠡᠨ ᠢ᠋ ᠲᠡᠷᠡ ᠮᠡᠳᠡᠬᠦ ᠠᠷᠭ᠎ᠠ ᠦᠭᠡᠢ ᠪᠠᠢᠯ᠎ᠠ᠃ 
       | ᠬᠠᠭᠠᠨᠲᠠᠨ ᠮᠢᠨᠢ᠂ ᠲᠠ ᠪᠤᠤ ᠡᠷᠡᠭᠡᠯᠵᠡ᠃ ᠲᠩᠷᠢ ᠶᠠᠭᠤ ᠭᠡᠵᠦ ᠵᠠᠷᠯᠢᠭ ᠪᠣᠯᠭᠠᠪᠠ ᠲᠡᠭᠦᠨ ᠢ᠋ᠶ᠋ᠡᠷ ᠪᠢ ᠬᠢᠶ᠎ᠡ ᠭᠡᠵᠦ ᠪᠣᠭᠤᠷᠴᠢ ᠡᠷᠡᠰ ᠬᠡᠯᠡᠪᠡ᠃ ᠡᠭᠦᠨ ᠡᠴᠡ ᠥᠭᠡᠷ᠎ᠡ ᠬᠡᠯᠡᠬᠦ ᠦᠭᠡ ᠲᠡᠭᠦᠨ ᠳ᠋ᠦ᠍  ᠪᠠᠢᠭᠰᠠᠨ ᠦᠭᠡᠢ ᠪᠠᠰᠠ ᠡᠯᠳᠡᠪ ᠢ᠋ ᠲᠤᠩᠭᠠᠬᠤ ᠴᠠᠭ ᠴᠤ᠌ ᠦᠯᠡᠳᠡᠭᠰᠡᠨ ᠦᠭᠡᠢ ᠠᠵᠢ᠃ ᠲᠡᠳᠡ ᠨᠢᠭᠡᠨ ᠬᠡᠰᠡᠭ ᠳᠠᠭᠤ ᠦᠭᠡᠢ ᠵᠡᠷᠭᠡᠴᠡᠨ ᠶᠠᠪᠤᠵᠠᠭᠠᠵᠠᠢ᠃ ᠬᠡᠯᠡᠬᠦ ᠭᠡᠰᠡᠨ ᠦᠭᠡ ᠪᠡᠨ ᠬᠣᠭᠣᠯᠠᠢ ᠳᠠᠪᠠᠭᠤᠯᠬᠤ ᠳ᠋ᠤ᠌ ᠬᠡᠴᠡᠭᠦᠦ ᠪᠠᠢᠭ᠎ᠠ ᠪᠢᠵᠡ ᠭᠡᠵᠦ ᠪᠤᠭᠤᠷᠴᠢ ᠪᠣᠳᠣᠵᠠᠢ᠃ 
       | ᠲᠡᠷᠡ ᠨᠢᠭᠡ ᠴᠠᠭ ᠲᠤ᠌ ᠪᠢ ᠵᠥᠴᠢ ᠶ᠋ᠢ ᠲᠦᠷᠦᠮᠡᠭᠴᠡ ᠦᠬᠦᠭᠦᠯ ᠭᠡᠵᠦ ᠵᠠᠷᠯᠢᠭ ᠪᠠᠭᠤᠯᠭᠠᠭᠰᠠᠨ ᠢ᠋ ᠴᠢ ᠯᠠᠪ ᠰᠠᠨᠠᠵᠤ ᠪᠣᠢ᠃ ᠡᠨᠡ ᠵᠠᠷᠯᠢᠭ ᠢ᠋ᠶ᠋ᠠᠨ ᠪᠢ ᠴᠢᠮᠠᠲᠤ ᠳᠠᠬᠢᠨ ᠨᠢᠭᠡ ᠰᠠᠨᠠᠭᠤᠯᠤᠶ᠎ᠠ᠃ ᠵᠥᠴᠢ ᠶ᠋ᠢ ᠬᠡᠷᠬᠢᠬᠦ ᠪᠡᠨ ᠴᠢ ᠰᠢᠢᠳ᠃ ᠦᠬᠦᠭᠦᠯᠬᠦ ᠶᠣᠰᠣᠲᠠᠢ ᠭᠡᠵᠦ ᠦᠵᠡᠪᠡᠯ ᠦᠬᠦᠭᠦᠯ᠃ ᠦᠨᠡᠨ ᠵᠥᠪ ᠰᠡᠳᠬᠢᠵᠡᠢ ᠭᠡᠵᠦ ᠥᠷᠥᠰᠢᠶᠡᠪᠡᠯ ᠥᠷᠥᠰᠢᠶᠡ᠃ ᠪᠤᠭᠤᠷᠴᠢ ᠴᠢ ᠶᠠᠭᠠᠬᠢᠵᠤ ᠰᠢᠢᠳᠦᠨ᠎ᠡ᠂ ᠪᠢ ᠴᠢᠨᠦᠬᠢ ᠪᠡᠷ ᠪᠣᠯᠤᠶ᠎ᠠ᠃ ᠵᠥᠴᠢ ᠶ᠋ᠢᠨ ᠬᠦᠷᠢᠶᠡᠨ ᠳ᠋ᠦ᠍ ᠣᠴᠢᠵᠤ ᠭᠠᠵᠠᠷ ᠳᠡᠭᠡᠷ᠎ᠡ ᠨᠢ ᠠᠭᠤᠯᠵᠠᠵᠤ ᠤᠴᠢᠷ ᠢ᠋ ᠨᠢ ᠣᠯᠤᠭᠲᠤᠨ᠃ ᠪᠠᠰᠠ ᠨᠠᠳᠠᠳᠤ ᠵᠥᠴᠢ ᠶ᠋ᠢ ᠦᠬᠦᠭᠦᠯᠬᠦ ᠶ᠋ᠢ ᠤᠯᠠᠢᠷᠠᠨ ᠬᠦᠰᠡᠬᠦ ᠶᠠᠪᠤᠳᠠᠯ ᠦᠭᠡᠢ᠃ ᠭᠠᠭᠴᠠᠬᠠᠨ ᠵᠥᠴᠢ ᠴᠢᠨᠦ ᠦᠭᠡ ᠶ᠋ᠢ ᠰᠣᠨᠣᠰᠤᠭᠠᠳ ᠤᠬᠠᠭᠠᠷᠠᠵᠤ ᠣᠢᠯᠠᠭᠠᠵᠤ ᠮᠡᠳᠡᠨ᠎ᠡ᠃ ᠪᠠᠰᠠ ᠶᠢᠰᠦᠨᠲᠡᠢ ᠪᠣᠯᠤᠭᠠᠳ ᠬᠤᠨᠠᠨ ᠤ᠋ ᠦᠭᠡ ᠪᠠᠲᠤᠲᠠᠢ ᠪᠢᠰᠢ ᠪᠠᠢᠵᠤ ᠪᠣᠯᠤᠨ᠎ᠠ᠃ ᠲᠡᠢᠮᠦ ᠶ᠋ᠢᠨ ᠤᠴᠢᠷ ᠪᠢ ᠴᠢᠮᠠᠶ᠋ᠢ ᠰᠦᠪᠡᠭᠡᠳᠡᠢ ᠶ᠋ᠢᠨ ᠳᠠᠷᠠᠭ᠎ᠠ ᠵᠥᠴᠢ ᠶ᠋ᠢᠨ ᠳᠡᠷᠭᠡᠳᠡ ᠣᠴᠢᠭᠤᠯᠬᠤ ᠪᠠᠷ ᠢᠯᠡᠭᠡᠵᠦ ᠪᠠᠢᠨ᠎ᠠ᠃ ᠬᠡᠷᠪᠡ ᠵᠥᠴᠢ ᠦᠨᠡᠬᠡᠷ ᠨᠠᠳᠠ ᠠ᠋ᠴᠠ ᠰᠠᠯᠬᠤ ᠪᠠᠷ ᠰᠢᠢᠳᠦᠭᠰᠡᠨ ᠪᠣᠯ ᠥᠷᠥᠰᠢᠶᠡᠯ ᠦᠭᠡᠢ ᠦᠬᠦᠭᠦᠯᠦᠭᠲᠦᠨ᠃ ᠤᠬᠠᠭᠠᠷᠠᠵᠤ ᠣᠢᠯᠠᠭᠠᠬᠤ ᠶᠤᠮ ᠤᠤ? ᠭᠡᠵᠦ ᠮᠢᠨᠦ ᠰᠣᠨᠣᠰᠤᠭᠰᠠᠨ᠂ ᠪᠣᠳᠣᠭᠰᠠᠨ ᠲᠠᠰᠢᠶ᠎ᠠ ᠪᠠᠢᠭᠰᠠᠨ ᠪᠣᠯ ᠰᠠᠢᠲᠤᠷ ᠤᠬᠠᠭᠤᠯᠵᠤ ᠰᠤᠷᠭᠠᠭᠠᠳ ᠣᠷᠭᠢᠭᠲᠤᠨ᠃ ᠲᠡᠭᠡᠭᠡᠳ ᠴᠠᠭᠠᠰᠢᠳᠠ ᠬᠡᠷᠬᠢᠬᠦ ᠶ᠋ᠢ ᠴᠢᠮᠠᠶ᠋ᠢ ᠢᠷᠡᠬᠦ ᠪᠡᠷ ᠬᠡᠯᠡᠯᠴᠡᠵᠦ ᠪᠠᠢᠭᠠᠳ ᠰᠢᠢᠳᠦᠶ᠎ᠡ᠃ ᠬᠡᠷᠪᠡ ᠪᠣᠯᠳᠠᠭ ᠰᠠᠨ ᠪᠣᠯ ᠲᠡᠭᠦᠨ ᠢ᠋ ᠳᠠᠭᠠᠭᠤᠯᠤᠨ ᠢᠷᠡᠬᠦ ᠶ᠋ᠢ ᠬᠢᠴᠢᠶᠡ᠃ ᠪᠢ ᠵᠥᠴᠢ ᠶ᠋ᠢᠨ ᠤᠯᠠᠭᠠᠨ ᠨᠢᠭᠤᠷ ᠢ᠋ ᠬᠠᠷᠠᠵᠤ᠂ ᠦᠨᠡᠨ ᠦᠭᠡ ᠶ᠋ᠢ ᠰᠣᠨᠣᠰᠬᠤ ᠶ᠋ᠢ ᠬᠦᠰᠡᠨ᠎ᠡ᠃ ᠭᠡᠰᠬᠡᠭᠡᠯ ᠢ᠋ᠶ᠋ᠡᠨ ᠴᠦ᠍ ᠭᠡᠮ ᠨᠢᠭᠦᠯ ᠢ᠋ ᠨᠢ ᠥᠪᠡᠷ ᠢ᠋ᠶ᠋ᠡᠨ ᠬᠡᠯᠡᠵᠦ ᠶᠠᠯ᠎ᠠ ᠠᠰᠠᠭᠤᠨ᠎ᠠ᠃ ᠳᠡᠭᠦᠦ ᠨᠠᠷ ᠲᠤᠨᠢ ᠰᠤᠷᠭᠠᠮᠵᠢ ᠪᠣᠯᠤᠨ᠎ᠠ᠃ ᠪᠠᠰᠠ ᠪᠥᠷᠲᠡ ᠶ᠋ᠢᠨ ᠡᠮᠦᠨ᠎ᠡ ᠬᠠᠷ᠎ᠠ ᠪᠤᠷᠤᠭᠤ ᠰᠠᠨᠠᠭ᠎ᠠ ᠦᠭᠡᠢ ᠰᠢᠳᠤᠷᠭᠤ ᠶᠠᠪᠤᠳᠠᠯ ᠪᠣᠯᠤᠨ᠎ᠠ᠃ 
       ᠣᠳᠣ ᠪᠤᠭᠤᠷᠴᠢ ᠳ᠋ᠤ᠌ ᠪᠦᠬᠦ ᠵᠦᠢᠯ ᠲᠣᠳᠣᠷᠬᠠᠢ ᠪᠣᠯᠪᠠ᠃ ᠴᠢᠩᠭᠢᠰ ᠬᠠᠭᠠᠨ ᠶᠠᠭᠤᠨ ᠤ᠋ ᠤᠴᠢᠷ ᠬᠡᠷᠡᠭ ᠪᠣᠯᠭᠠᠨ ᠶᠢᠰᠦᠨᠲᠡᠢ ᠶ᠋ᠢ ᠰᠣᠩᠭᠣᠵᠤ ᠵᠥᠴᠢ ᠶ᠋ᠢᠨ ᠲᠡᠢᠰᠢ ᠢᠯᠡᠭᠡᠭᠰᠡᠨ ᠢ᠋ ᠣᠢᠯᠠᠭᠠᠪᠠ᠃ ᠬᠤᠳᠠᠯ ᠪᠠᠢᠭᠰᠠᠨ ᠴᠤ᠌᠂ ᠦᠨᠡᠨ ᠪᠠᠢᠭᠰᠠᠨ ᠴᠤ᠌ ᠵᠥᠴᠢ ᠳ᠋ᠦ᠍ ᠶᠠᠮᠠᠷ ᠠᠶᠤᠯ ᠲᠤᠯᠭᠠᠷᠠᠵᠤ ᠪᠠᠢᠭ᠎ᠠ ᠨᠢ ᠣᠳᠣ ᠨᠢᠳᠦᠨ ᠦ᠌ ᠡᠮᠦᠨ᠎ᠡ ᠬᠠᠳᠠ ᠴᠢᠯᠠᠭᠤ ᠮᠡᠲᠦ ᠬᠥᠨᠳᠡᠯᠢᠳᠬᠦ ᠲᠣᠷᠭᠠᠨ ᠴᠡᠷᠢᠭ ᠦ᠋ᠳ ᠰᠢᠭ ᠲᠣᠳᠣᠷᠬᠠᠢ ᠬᠠᠷᠠᠭᠳᠠᠵᠤ ᠪᠠᠢᠪᠠ᠃ ᠪᠠᠰᠠ ᠴᠢᠩᠭᠢᠰ ᠬᠠᠭᠠᠨ ᠤ᠋ ᠶᠠᠭᠤ ᠬᠦᠰᠡᠵᠦ ᠪᠠᠢᠭ᠎ᠠ ᠨᠢ ᠲᠣᠪ ᠲᠣᠳᠣ ᠪᠣᠯᠵᠠᠢ᠃ ᠡᠨᠡ ᠪᠣᠯ ᠬᠡᠷᠡᠭ ᠶᠠᠪᠤᠳᠠᠯ ᠨᠣᠴᠢᠲᠠᠢ ᠪᠠᠷ ᠡᠷᠭᠢᠪᠡᠯ ᠵᠥᠴᠢ ᠶ᠋ᠢ ᠠᠯᠠᠬᠤ᠂ ᠦᠭᠡᠢ ᠪᠣᠯ ᠶᠠᠮᠠᠷ ᠨᠢᠭᠡᠨ ᠠᠷᠭ᠎ᠠ ᠪᠠᠷ ᠪᠠᠷᠢᠪᠴᠢᠯᠠᠨ ᠠᠪᠴᠢᠷᠠᠬᠤ ᠶ᠋ᠢ ᠴᠢᠩᠭᠢᠰ ᠬᠠᠭᠠᠨ ᠬᠦᠰᠡᠵᠦ ᠪᠠᠢᠯ᠎ᠠ᠃ ᠡᠭᠦᠨ ᠢ᠋ ᠴᠦ᠍ ᠪᠤᠭᠤᠷᠴᠢ ᠳᠡᠭᠡᠷᠡᠬᠢ ᠦᠭᠡᠨ ᠡᠴᠡ ᠣᠢᠯᠠᠭᠠᠪᠠ᠃ 
       | ᠵᠠ ᠪᠢ ᠬᠠᠭᠠᠨᠲᠠᠨ ᠤ᠋ ᠬᠡᠯᠡᠭᠰᠡᠨ ᠢ᠋ᠶ᠋ᠡᠷ ᠬᠢᠶ᠎ᠡ᠃ ᠬᠡᠯᠡᠪᠡᠯ ᠦᠭᠡ᠂ ᠭᠢᠰᠬᠢᠪᠡᠯ ᠭᠠᠵᠠᠷ ᠭᠡᠳᠡᠭ ᠪᠢᠵᠡ᠃ ᠲᠠ ᠪᠦᠦ ᠡᠷᠡᠭᠡᠯᠵᠡ᠃ ᠪᠢ ᠴᠢᠩᠭᠢᠰ ᠬᠠᠭᠠᠨ ᠲᠠᠨ ᠤ᠋ ᠡᠮᠦᠨ᠎ᠡ ᠵᠥᠴᠢ ᠶ᠋ᠢ ᠥᠪᠡᠷ ᠦ᠋ᠨ ᠪᠡᠶ᠎ᠡ ᠪᠡᠷ ᠳᠠᠭᠠᠭᠤᠯᠤᠨ ᠠᠪᠴᠢᠷᠠᠶ᠎ᠠ ᠭᠡᠬᠦ ᠡᠴᠡ ᠥᠭᠡᠷ᠎ᠡ ᠦᠭᠡ ᠪᠤᠭᠤᠷᠴᠢ ᠬᠡᠯᠡᠭᠰᠡᠨ ᠦᠭᠡᠢ᠃ ᠲᠡᠷᠡ ᠳᠠᠭᠤ ᠦᠭᠡᠢ ᠶᠠᠪᠤᠬᠤ ᠶ᠋ᠢ ᠶᠠᠭᠠᠷᠠᠵᠤ ᠪᠠᠢᠪᠠ᠃ ᠦᠨᠡᠬᠡᠷ ᠵᠥᠴᠢ ᠪᠤᠷᠤᠭᠤ ᠰᠠᠨᠠᠵᠤ ᠵᠥᠷᠢᠭᠦᠦ ᠰᠡᠳᠬᠢᠭᠰᠡᠨ ᠮᠡᠲᠦ ᠰᠠᠨᠠᠭᠳᠠᠭᠠᠳ ᠪᠠᠰᠠ ᠵᠥᠴᠢ ᠶ᠋ᠢ ᠲᠥᠷᠥᠬᠦ ᠳ᠋ᠦ᠍ᠨᠢ ᠠᠮᠢᠳᠤ ᠦᠯᠡᠳᠡᠭᠡᠭᠰᠡᠨ ᠡᠴᠡ ᠡᠨᠡ ᠬᠠᠮᠤᠭ ᠬᠡᠷᠡᠭ ᠪᠤᠯᠢᠬᠠᠢ ᠡᠭᠦᠰᠪᠡ ᠭᠡᠵᠦ ᠥᠪᠡᠷ ᠢ᠋ ᠪᠡᠨ ᠪᠤᠷᠤᠭᠤᠳᠬᠠᠵᠤ ᠪᠣᠳᠣᠭᠰᠠᠨ ᠠ᠋ᠴᠠ ᠪᠤᠭᠤᠷᠴᠢ᠂ ᠴᠢᠩᠭᠢᠰ ᠬᠠᠭᠠᠨ ᠤ᠋ ᠳᠡᠷᠭᠡᠳᠡ ᠡᠴᠡ ᠬᠣᠯᠠᠳᠤᠨ ᠵᠢᠭᠤᠲᠠᠬᠤ ᠶ᠋ᠢ ᠬᠦᠰᠡᠵᠡᠢ᠃ ᠴᠢᠩᠭᠢᠰ ᠬᠠᠭᠠᠨ ᠤ᠋ ᠭᠣᠮᠣᠳᠠᠭᠰᠠᠨ ᠪᠠᠰᠠ ᠬᠠᠷᠠᠮᠰᠠᠵᠤ ᠵᠢᠮᠡᠯᠡᠭᠰᠡᠨ ᠬᠠᠷᠠᠴᠠ ᠶ᠋ᠢ ᠲᠡᠰᠪᠦᠷᠢᠯᠡᠬᠦ ᠳ᠋ᠦ᠍ ᠲᠡᠭᠦᠨ ᠳ᠋ᠦ᠍ ᠦᠨᠡᠬᠡᠷ ᠬᠡᠴᠡᠭᠦᠦ ᠪᠠᠢᠭᠰᠠᠨ ᠪᠢᠯᠡ᠃ ᠳᠥᠴᠢᠨ ᠬᠡᠳᠦᠨ ᠵᠢᠯ ᠦ᠋ᠨ ᠬᠣᠢᠨ᠎ᠠ ᠪᠣᠯᠬᠤ ᠬᠡᠷᠡᠭ ᠶᠠᠪᠤᠳᠠᠯ ᠢ᠋ ᠳᠠᠭᠠᠵᠤ ᠮᠡᠳᠡᠬᠦ ᠶ᠋ᠢᠨ ᠠᠷᠭ᠎ᠠ ᠦᠭᠡᠢ ᠪᠥᠭᠡᠲᠡᠯ᠎ᠡ ᠶᠠᠭ ᠡᠢᠮᠦ ᠬᠡᠷᠡᠭ ᠶᠠᠪᠤᠳᠠᠯ ᠪᠣᠯᠬᠤ ᠶ᠋ᠢ ᠤᠷᠢᠳᠴᠢᠯᠠᠨ ᠳᠠᠭᠠᠵᠤ ᠮᠡᠳᠡᠭᠡᠳ ᠲᠡᠭᠦᠨ ᠳ᠋ᠦ᠍ ᠵᠥᠴᠢ ᠶ᠋ᠢ ᠲᠦᠷᠦᠮᠡᠭᠴᠡ ᠠᠯᠠᠬᠤ ᠶ᠋ᠢ ᠲᠤᠰᠢᠶᠠᠭᠰᠠᠨ ᠮᠡᠲᠦ ᠰᠠᠨᠠᠭᠳᠠᠬᠤ ᠳ᠋ᠤ᠌ ᠪᠤᠭᠤᠷᠴᠢ ᠵᠢᠭᠤᠲᠠᠮᠠᠷ ᠪᠣᠯᠵᠠᠢ᠃ ᠬᠠᠷᠢᠨ ᠴᠢᠩᠭᠢᠰ ᠬᠠᠭᠠᠨ ᠬᠡᠯᠡᠬᠦ ᠦᠭᠡ ᠪᠡᠨ ᠳᠠᠭᠤᠰᠬᠠᠭ᠎ᠠ ᠦᠭᠡᠢ ᠨᠢ ᠢᠯᠡᠳᠲᠡ ᠪᠠᠢᠭᠰᠠᠨ ᠲᠤᠯᠠ ᠲᠡᠷᠡ ᠳᠠᠷᠤᠢ ᠳᠠᠪᠬᠢᠨ ᠣᠳᠴᠤ ᠡᠰᠡ ᠵᠢᠷᠦᠬᠡᠯᠡᠵᠡᠢ᠃ 
       | ᠪᠤᠭᠤᠷᠴᠢ ᠴᠢ ᠮᠢᠨᠦ ᠬᠦᠰᠡᠭᠰᠡᠨ ᠢ᠋ ᠵᠥᠪ ᠤᠬᠠᠭᠠᠷᠠᠵᠤ ᠣᠢᠯᠠᠭᠠᠵᠠᠢ᠃ ᠴᠢᠨᠦ ᠦᠭᠡ ᠶ᠋ᠢ ᠰᠣᠨᠣᠰᠤᠭᠠᠳ ᠮᠢᠨᠦ ᠰᠡᠳᠬᠢᠯ ᠠᠮᠠᠷᠠᠯ᠎ᠠ᠃ ᠴᠢ ᠶᠠᠭᠤ ᠴᠤ᠌ ᠪᠣᠯᠤᠭᠰᠠᠨ ᠥᠪᠡᠷ ᠦ᠋ᠨ ᠰᠠᠨᠠᠭᠰᠠᠨ ᠢ᠋ᠶ᠋ᠠᠷ ᠬᠢᠭᠡᠳ ᠡᠷᠴᠢᠰ ᠮᠥᠷᠡᠨ ᠦ᠌ ᠬᠥᠪᠡᠭᠡᠨ ᠳ᠋ᠦ᠍ ᠨᠠᠮᠠᠶ᠋ᠢ ᠳᠠᠷᠤᠢ ᠭᠦᠢᠴᠡᠵᠦ ᠣᠴᠢ᠃ ᠣᠳᠣ ᠬᠥᠳᠡᠯ ᠭᠡᠰᠡᠨ ᠴᠢᠩᠭᠢᠰ ᠬᠠᠭᠠᠨ ᠤ᠋ ᠦᠭᠡᠨ ᠳ᠋ᠦ᠍ ᠳᠥᠩᠭᠡᠵᠢ ᠶᠣᠰᠣᠯᠠᠬᠤ ᠲᠡᠳᠦᠢ ᠪᠣᠯᠤᠭᠠᠳ ᠮᠣᠷᠢ ᠪᠠᠨ ᠳᠠᠪᠢᠷᠠᠵᠠᠢ᠃ 
       ᠬᠠᠷᠢᠨ ᠣᠳᠣ ᠪᠦᠬᠦ ᠬᠡᠷᠡᠭ ᠨᠢᠭᠡᠨᠲᠡ ᠳᠠᠭᠤᠰᠴᠤ ᠵᠥᠴᠢ ᠥᠪᠡᠷ ᠦ᠋ᠨ ᠦᠢᠯᠡ ᠶ᠋ᠢ ᠳᠠᠭᠠᠨ ᠡᠪᠡᠳᠴᠢᠨ ᠢ᠋ᠶ᠋ᠡᠷ ᠦᠬᠦᠵᠡᠢ᠃ ᠭᠡᠪᠡᠴᠦ ᠵᠥᠴᠢ ᠡᠪᠡᠳᠴᠢᠨ ᠢ᠋ᠶ᠋ᠡᠷ ᠦᠬᠦᠪᠡ ᠭᠡᠳ ᠴᠢᠩᠭᠢᠰ ᠬᠠᠭᠠᠨ ᠤ᠋ ᠰᠡᠳᠬᠢᠯ ᠴᠡᠯᠮᠡᠨ ᠠᠮᠠᠷᠠᠭᠰᠠᠨ ᠦᠭᠡᠢ ᠬᠠᠷᠢᠨ ᠤᠯᠠᠮ ᠴᠤ᠌ ᠲᠦᠭᠰᠢᠭᠦᠷᠢ ᠭᠤᠨᠢᠭ ᠳᠦᠭᠦᠷᠡᠩ ᠪᠣᠯᠵᠠᠢ᠃ ᠵᠥᠴᠢ ᠶ᠋ᠢᠨ ᠡᠪᠡᠳᠴᠢᠨ ᠢ᠋ᠶ᠋ᠡᠷ ᠦᠬᠦᠭᠰᠡᠨ ᠢ᠋ ᠪᠤᠭᠤᠷᠴᠢ ᠡᠷᠭᠢᠨ ᠢᠷᠡᠭᠡᠳ ᠪᠠᠲᠤᠯᠠᠭᠠᠳ ᠵᠣᠭᠰᠣᠭᠰᠠᠨ ᠦᠭᠡᠢ ᠴᠢᠩᠭᠢᠰ ᠬᠠᠭᠠᠨ ᠥᠪᠡᠷ ᠦ᠋ᠨ ᠢᠲᠡᠭᠡᠯᠲᠡᠢ ᠬᠥᠮᠦᠨ ᠢ᠋ ᠬᠤᠳᠠᠯᠳᠤᠭᠠᠴᠢᠨ ᠤ᠋ ᠳᠦᠷᠢ ᠪᠡᠷ ᠨᠢᠭᠤᠴᠠ ᠪᠠᠷ ᠢᠯᠡᠭᠡᠵᠦ ᠨᠢᠭᠲᠠᠯᠠᠭᠤᠯᠤᠭᠰᠠᠨ ᠨᠢ ᠪᠠᠲᠤᠯᠠᠵᠠᠢ᠃ ᠵᠥᠴᠢ ᠶ᠋ᠢᠨ ᠡᠪᠡᠳᠴᠢᠨ ᠢ᠋ᠶ᠋ᠡᠷ ᠦᠬᠦᠪᠡ ᠭᠡᠳᠡᠭ ᠲᠦ᠍ ᠢᠲᠡᠭᠡᠭᠰᠡᠨ ᠨᠢ ᠶᠢᠰᠦᠨᠲᠡᠢ ᠳ᠋ᠦ᠍ ᠡᠷᠡᠭᠡᠯᠵᠡᠬᠦ ᠳ᠋ᠦ᠍ ᠬᠦᠷᠭᠡᠪᠡ᠃ ᠭᠡᠲᠡᠯ᠎ᠡ ᠵᠥᠴᠢ ᠶ᠋ᠢᠨ ᠳᠡᠭᠡᠷᠡᠬᠢ ᠦᠭᠡ᠂ ᠰᠠᠨᠠᠭ᠎ᠠ ᠶ᠋ᠢ ᠵᠣᠬᠢᠶᠠᠨ ᠬᠡᠯᠡᠬᠦ ᠤᠴᠢᠷ ᠶᠢᠰᠦᠨᠲᠡᠢ ᠳ᠋ᠦ᠍ ᠶᠠᠭᠠᠬᠢᠭᠠᠳ ᠴᠤ᠌ ᠪᠠᠢᠬᠤ ᠦᠭᠡᠢ ᠭᠡᠵᠦ ᠪᠣᠳᠣᠭᠳᠠᠨ᠎ᠠ᠃ ᠬᠠᠷᠢᠨ ᠵᠥᠴᠢ ᠨᠢᠭᠡᠨᠲᠡ ᠪᠡᠶ᠎ᠡ ᠡᠪᠡᠳᠴᠢᠨᠲᠡᠢ ᠪᠠᠢᠭᠰᠠᠨ ᠲᠤᠯᠠ ᠥᠪᠡᠷ ᠦ᠋ᠨ ᠵᠣᠷᠢᠯᠭ᠎ᠠ ᠶ᠋ᠢ ᠬᠡᠷᠡᠭᠵᠢᠭᠦᠯᠬᠦ ᠭᠡᠵᠦ ᠢᠩᠭᠢᠵᠦ ᠶᠠᠭᠠᠷᠠᠵᠠᠢ ᠭᠡᠵᠦ ᠪᠣᠳᠣᠭᠠᠳ ᠴᠢᠩᠭᠢᠰ ᠬᠠᠭᠠᠨ ᠪᠠᠭ᠎ᠠ ᠪᠣᠯᠪᠠᠴᠤ ᠲᠠᠢᠪᠤᠰᠢᠷᠠᠵᠠᠢ᠃ ᠵᠥᠴᠢ ᠶ᠋ᠢ ᠦᠬᠦᠭᠦᠯᠪᠡᠯ ᠤᠯᠤᠰ ᠤ᠋ᠨ ᠳᠣᠲᠣᠷᠠᠬᠢ ᠰᠠᠮᠠᠭᠤᠨ ᠪᠣᠳᠣᠯ ᠠᠷᠢᠯᠬᠤ ᠮᠡᠲᠦ ᠰᠠᠨᠠᠭᠰᠠᠨ ᠨᠢ ᠲᠦᠮᠡᠨ ᠡᠨᠳᠡᠭᠦᠷᠡᠯ ᠪᠠᠢᠭᠰᠠᠨ ᠨᠢ ᠣᠢᠯᠠᠭᠠᠭᠳᠠᠵᠤ ᠡᠬᠢᠯᠡᠪᠡ᠃ ᠬᠠᠰᠠᠷ ᠢ᠋ ᠦᠬᠦᠭᠦᠯᠦᠭᠡᠳ ᠮᠥᠨ ᠯᠡ ᠢᠩᠭᠢᠵᠦ ᠬᠡᠷᠡᠭ ᠶᠠᠪᠤᠳᠠᠯ ᠳᠠᠭᠤᠰᠤᠭᠰᠠᠨ ᠮᠡᠲᠦ ᠪᠣᠳᠣᠭᠰᠠᠨ ᠪᠢᠯᠡ᠃ ᠭᠡᠲᠡᠯ᠎ᠡ ᠬᠠᠰᠠᠷ ᠤ᠋ᠨ ᠬᠥᠪᠡᠭᠦᠳ ᠬᠢᠩᠭᠠᠨ ᠤ᠋ ᠨᠢᠷᠤᠭᠤ ᠪᠠᠷ ᠨᠤᠲᠤᠭᠯᠠᠵᠤ ᠵᠠᠰᠠᠭ ᠵᠠᠬᠢᠷᠭ᠎ᠠ ᠦᠭᠡᠢ ᠮᠡᠲᠦ ᠶᠠᠪᠤᠭ᠎ᠠ ᠶ᠋ᠢ ᠬᠣᠷᠽᠸᠮ ᠠ᠋ᠴᠠ ᠡᠷᠭᠢᠵᠦ ᠢᠷᠡᠭᠡᠳ ᠯᠡ ᠰᠣᠨᠣᠰᠴᠤ ᠮᠡᠳᠡᠵᠡᠢ᠃ ᠬᠠᠰᠠᠷ ᠤ᠋ᠨ ᠬᠥᠪᠡᠭᠦᠳ ᠡᠴᠡ ᠡᠴᠢᠭᠡ ᠶ᠋ᠢᠨ ᠢ᠋ᠶ᠋ᠡᠨ ᠢᠵᠠᠭᠤᠷ ᠰᠠᠨᠠᠭ᠎ᠠ ᠶ᠋ᠢ ᠮᠡᠳᠡᠬᠦ ᠦᠭᠡᠢ ᠭᠡᠵᠦ ᠪᠠᠢᠬᠤ ᠦᠭᠡᠢ ᠨᠢ ᠣᠢᠯᠠᠭᠠᠮᠵᠢᠲᠠᠢ ᠪᠢᠯᠡ᠃ 
       ᠲᠡᠳᠡ ᠨᠢᠭᠡᠨ ᠡᠳᠦᠷ ᠬᠠᠰᠠᠷ ᠠ᠋ᠴᠠ ᠳᠤᠲᠠᠬᠤ ᠦᠭᠡᠢ ᠳᠠᠢᠰᠤᠨ᠂ ᠶᠡᠬᠡ ᠰᠠᠨᠠᠭᠠᠲᠠᠨ ᠪᠣᠯᠵᠤ ᠮᠡᠳᠡᠬᠦ ᠶ᠋ᠢ ᠳᠠᠭᠠᠬᠤ ᠠᠷᠭ᠎ᠠ ᠦᠭᠡᠢ ᠪᠠᠢᠪᠠ᠃ ᠠᠮᠢᠳᠤᠷᠠᠯ ᠥᠭᠡᠷᠡᠴᠢᠯᠡᠭᠳᠡᠵᠦ ᠴᠣ ᠰᠢᠨ᠎ᠡ ᠬᠥᠮᠦᠰ ᠲᠥᠷᠥᠵᠦ ᠦᠰᠦᠨ ᠪᠣᠢᠵᠢᠵᠤ᠂ ᠲᠡᠳᠡᠨ ᠲᠡᠢ ᠴᠣᠭ ᠬᠦᠰᠡᠯ ᠵᠣᠷᠢᠯᠭ᠎ᠠ ᠨᠢ ᠬᠠᠮᠲᠤ ᠥᠭᠡᠷᠡᠴᠢᠯᠡᠭᠳᠡᠵᠦ ᠰᠢᠨᠡᠴᠢᠯᠡᠭᠳᠡᠳᠡᠭ ᠢ᠋ ᠴᠢᠩᠭᠢᠰ ᠬᠠᠭᠠᠨ ᠤᠬᠠᠭᠠᠷᠠᠵᠤ ᠣᠢᠯᠠᠭᠠᠭᠰᠠᠨ ᠦᠭᠡᠢ ᠶᠠᠪᠤᠵᠠᠢ᠃ ᠲᠡᠢᠮᠦ ᠤᠴᠢᠷ ᠠ᠋ᠴᠠ ᠵᠥᠴᠢ ᠶ᠋ᠢᠨ ᠦᠬᠦᠭᠰᠡᠨ ᠦ᠌ ᠳᠠᠷᠠᠭ᠎ᠠ ᠵᠥᠪ ᠰᠢᠢᠳᠪᠦᠷᠢ ᠭᠠᠷᠭᠠᠬᠤ ᠨᠢ ᠵᠠᠢᠯᠠᠰᠢ ᠦᠭᠡᠢ ᠪᠣᠯᠵᠠᠢ᠃ ᠬᠡᠷᠪᠡ ᠦᠨᠡᠬᠡᠷ ᠵᠥᠴᠢ ᠲᠤᠰᠠᠭᠠᠷ ᠤᠯᠤᠰ ᠪᠠᠢᠭᠤᠯᠬᠤ ᠪᠠᠷ ᠰᠢᠢᠳᠦᠭᠰᠡᠨ ᠪᠣᠯ ᠪᠠᠲᠤ ᠶ᠋ᠢ ᠲᠡᠭᠦᠨ ᠦ᠌ ᠣᠷᠣᠨ ᠳ᠋ᠤ᠌ ᠰᠠᠭᠤᠯᠭᠠᠬᠤ ᠤᠴᠢᠷ ᠦᠭᠡᠢ ᠶᠦᠮ᠃ ᠭᠡᠪᠡᠴᠦ ᠴᠢᠩᠭᠢᠰ ᠬᠠᠭᠠᠨ ᠡᠭᠦᠨ ᠡᠴᠡ ᠥᠭᠡᠷ᠎ᠡ ᠵᠥᠪ ᠮᠡᠷᠭᠡᠨ ᠰᠢᠢᠳ ᠣᠯᠤᠭᠰᠠᠨ ᠦᠭᠡᠢ᠃ ᠬᠡᠳᠦᠢ ᠪᠡᠷ ᠪᠠᠲᠤ ᠶ᠋ᠢ ᠲᠦᠷ ᠡᠷᠭᠦᠮᠵᠢᠯᠡᠭᠰᠡᠨ ᠨᠢ ᠣᠳᠣᠬᠠᠨ ᠳ᠋ᠠᠭᠠᠨ ᠠᠶᠤᠯ ᠦᠭᠡᠢ ᠴᠦ᠍ ᠴᠢᠩᠭᠢᠰ ᠬᠠᠭᠠᠨ ᠤ᠋ ᠡᠴᠦᠰ ᠦ᠋ᠨ ᠬᠠᠲᠠᠭᠤ ᠵᠠᠷᠯᠢᠭ ᠪᠠᠰᠠ ᠪᠢᠰᠢ ᠪᠠᠢᠯ᠎ᠠ᠃ ᠡᠭᠦᠨ ᠢ᠋ ᠬᠡᠨ ᠬᠥᠮᠦᠨ ᠦᠭᠡᠢ ᠲᠡᠷᠡ ᠳᠤᠮᠳᠠ ᠪᠠᠨ ᠢᠳᠡᠷ ᠵᠠᠯᠠᠭᠤ ᠪᠠᠲᠤ ᠴᠤ᠌ ᠰᠠᠢᠨ ᠮᠡᠳᠡᠵᠦ ᠪᠠᠢᠯ᠎ᠠ᠃ 
       ᠡᠭᠦᠰᠴᠦ ᠪᠣᠢ ᠪᠣᠯᠤᠭᠰᠠᠨ ᠰᠢᠨ᠎ᠡ ᠨᠥᠬᠥᠴᠡᠯ ᠪᠠᠢᠳᠠᠯ ᠢ᠋ ᠰᠠᠢᠲᠤᠷ ᠣᠢᠯᠠᠭᠠᠬᠤ ᠶ᠋ᠢ ᠴᠢᠩᠭᠢᠰ ᠬᠠᠭᠠᠨ ᠬᠢᠴᠢᠶᠡᠵᠦ ᠪᠠᠰᠠ ᠥᠪᠡᠷ ᠦ᠋ᠨ ᠭᠠᠷᠭᠠᠭᠰᠠᠨ ᠠᠯᠳᠠᠭ᠎ᠠ ᠶ᠋ᠢ ᠣᠯᠵᠤ ᠵᠠᠰᠠᠬᠤ ᠶ᠋ᠢ ᠴᠢᠬᠤᠯᠠᠴᠢᠯᠠᠵᠤ ᠪᠠᠢᠪᠠ᠃ ᠶᠠᠮᠠᠷ ᠲᠠᠢ ᠴᠤ᠌ ᠵᠥᠴᠢ ᠶ᠋ᠢᠨ ᠬᠡᠷᠡᠭ ᠢ᠋ ᠨᠠᠮ ᠭᠦᠮ ᠳᠠᠷᠤᠭᠳᠠᠭᠤᠯᠬᠤ ᠨᠢ ᠵᠥᠪ ᠭᠡᠵᠦ ᠰᠢᠢᠳᠪᠡ᠃ ᠶᠢᠰᠦᠨᠲᠡᠢ ᠶ᠋ᠢ ᠳᠠᠭᠤᠳᠠᠨ ᠢᠷᠡᠭᠦᠯᠵᠦ ᠵᠥᠴᠢ ᠶ᠋ᠢᠨ ᠰᠠᠨᠠᠵᠤ ᠪᠣᠳᠣᠵᠤ ᠶᠠᠪᠤᠭᠰᠠᠨ ᠢ᠋ ᠲᠠᠭ ᠨᠢᠭᠤᠬᠤ ᠶ᠋ᠢ ᠵᠠᠷᠯᠢᠭ ᠪᠣᠯᠭᠠᠵᠤ᠂ ᠤᠷᠤᠭ ᠤ᠋ᠨ ᠪᠣᠭᠣᠯ ᠵᠠᠯᠮ᠎ᠠ ᠶ᠋ᠢᠨ ᠬᠥᠪᠡᠭᠦᠨ ᠲᠤᠯᠠ ᠠᠭᠤᠴᠢᠯᠠᠨ ᠠᠮᠢᠳᠤ ᠦᠯᠡᠳᠡᠭᠡᠵᠦ ᠪᠠᠢᠭ᠎ᠠ ᠪᠣᠢ ᠪᠠᠨ ᠬᠡᠯᠡᠵᠡᠢ᠃ ᠡᠨᠡ ᠦᠶ᠎ᠡ ᠳ᠋ᠦ᠍ ᠶᠢᠰᠦᠨᠲᠡᠢ ᠡᠷᠡᠭᠡᠯᠵᠡᠵᠦ ᠠᠶᠤᠯ ᠦᠭᠡᠢ ᠪᠡᠷ ᠵᠥᠴᠢ ᠶ᠋ᠢᠨ ᠠᠮᠠᠨ ᠠ᠋ᠴᠠ ᠰᠣᠨᠣᠰᠤᠭᠰᠠᠨ ᠦᠭᠡ ᠪᠡᠨ ᠪᠠᠲᠤᠯᠠᠵᠤ ᠡᠭᠦᠷᠢᠳᠡ ᠨᠢᠭᠤᠴᠠᠯᠠᠨ ᠴᠢᠩᠳᠠᠯᠠᠵᠤ ᠶᠠᠪᠤᠬᠤ ᠪᠠᠨ ᠲᠠᠩᠭᠠᠷᠢᠭᠯᠠᠵᠠᠢ᠃ ᠶᠢᠰᠦᠨᠲᠡᠢ ᠶ᠋ᠢᠨ ᠰᠢᠯᠤᠭᠤᠨ ᠰᠢᠳᠤᠷᠭᠤ ᠵᠠᠩ ᠲᠥᠷᠬᠦ᠂ ᠲᠥᠷᠥ ᠤᠯᠤᠰ ᠤ᠋ᠨ ᠬᠡᠷᠡᠭ ᠢ᠋ ᠬᠤᠪᠢ ᠶ᠋ᠢᠨ ᠶᠠᠪᠤᠳᠠᠯ ᠠ᠋ᠴᠠ ᠢᠮᠠᠭᠲᠠ ᠳᠡᠭᠡᠭᠦᠷ ᠲᠦ᠍ ᠦᠵᠡᠳᠡᠭ ᠬᠥᠮᠦᠵᠢᠯ ᠨᠢ ᠴᠢᠩᠭᠢᠰ ᠬᠠᠭᠠᠨ ᠳ᠋ᠤ᠌ ᠤᠭ ᠠ᠋ᠴᠠ ᠶᠡᠬᠡᠳᠡ ᠲᠠᠭᠠᠰᠢᠶᠠᠭᠳᠠᠳᠠᠭ ᠲᠤᠯᠠ ᠶᠢᠰᠦᠨᠲᠡᠢ ᠶ᠋ᠢ ᠠᠯᠠᠬᠤ ᠰᠠᠨᠠᠭ᠎ᠠ ᠪᠠᠢᠭᠰᠠᠨ ᠦᠭᠡᠢ ᠬᠠᠷᠢᠨ ᠴᠤ᠌ ᠲᠡᠭᠦᠨ ᠢ᠋ ᠦᠨᠡᠨᠴᠢ ᠵᠢᠳᠬᠦᠭᠦᠯᠬᠦ ᠶ᠋ᠢᠨ ᠬᠢᠨᠢ ᠲᠤᠯᠠᠳᠠ ᠳᠡᠭᠡᠷᠡᠬᠢ ᠦᠭᠡ ᠶ᠋ᠢ ᠬᠡᠯᠡᠵᠡᠢ᠃ ᠵᠥᠴᠢ ᠶ᠋ᠢᠨ ᠳᠠᠷᠠᠭ᠎ᠠ ᠪᠠᠲᠤ ᠶ᠋ᠢ ᠡᠷᠭᠦᠮᠵᠢᠯᠡᠭᠰᠡᠨ ᠨᠢ ᠪᠤᠭᠤᠷᠴᠢ ᠶ᠋ᠢᠨ ᠵᠥᠪ ᠪᠠᠢᠭᠰᠠᠨ ᠪᠥᠭᠡᠳ ᠬᠠᠷᠢᠨ ᠴᠤ᠌ ᠪᠠᠲᠤ ᠶ᠋ᠢᠨ ᠳᠡᠷᠭᠡᠳᠡ ᠰᠥᠪᠡᠭᠡᠳᠡᠢ ᠶ᠋ᠢ ᠰᠠᠭᠤᠯᠭᠠᠬᠤ ᠪᠠᠷ ᠵᠠᠷᠯᠢᠭ ᠪᠣᠯᠭᠠᠪᠠ᠃ ᠡᠨᠡ ᠪᠣᠯ ᠪᠦᠬᠦ ᠬᠡᠷᠡᠭ ᠶᠠᠪᠤᠵᠤ ᠶᠠᠪᠤᠵᠤ ᠵᠥᠴᠢ ᠶ᠋ᠢᠨ ᠬᠦᠰᠡᠯ ᠢ᠋ᠶ᠋ᠡᠷ ᠪᠣᠯᠤᠭᠰᠠᠨ ᠮᠡᠲᠦ ᠪᠣᠯᠪᠠᠴᠤ ᠢᠩᠭᠢᠬᠦ ᠨᠢ ᠭᠠᠷᠴᠠᠭ᠎ᠠ ᠦᠭᠡᠢ ᠵᠥᠪ ᠰᠢᠢᠳᠪᠦᠷᠢ ᠪᠠᠢᠯ᠎ᠠ᠃ ᠪᠠᠲᠤ ᠪᠣᠯ ᠵᠥᠴᠢ ᠶ᠋ᠢᠨ ᠦᠷᠭᠦᠯᠵᠢᠯᠡᠯ ᠲᠤᠯᠠ ᠲᠡᠷᠡ ᠬᠥᠪᠡᠭᠦᠨ ᠦ᠌ ᠳᠡᠷᠭᠡᠳᠡ ᠬᠠᠰᠢᠷ ᠴᠢᠨᠣ᠎ᠠ ᠰᠦᠪᠡᠭᠡᠳᠡᠢ ᠶ᠋ᠢ ᠰᠠᠭᠤᠯᠭᠠᠬᠤ ᠨᠢ ᠪᠦᠬᠦ ᠵᠦᠢᠯ ᠡᠴᠡ ᠰᠡᠷᠡᠮᠵᠢᠯᠡᠨ ᠵᠠᠰᠠᠵᠤ ᠪᠣᠯᠬᠤ ᠭᠠᠭᠴᠠ ᠠᠷᠭ᠎ᠠ ᠮᠡᠲᠦ ᠰᠠᠨᠠᠭᠳᠠᠵᠠᠢ᠃ ᠪᠠᠲᠤ ᠨᠠᠰᠤ ᠪᠠᠯᠴᠢᠷ᠂ ᠳᠥᠩᠭᠡᠵᠢ ᠠᠷᠪᠠᠨ ᠳᠣᠯᠣᠭᠠᠲᠠᠢ ᠲᠤᠯᠠ ᠰᠦᠪᠡᠭᠡᠲᠡᠢ ᠲᠡᠭᠦᠨ ᠢ᠋ ᠰᠠᠢᠬᠠᠨ ᠬᠥᠮᠦᠵᠢᠭᠦᠯᠦᠨ ᠰᠤᠷᠭᠠᠵᠤ ᠲᠡᠭᠦᠨ ᠳ᠋ᠦ᠍ ᠦᠨᠡᠨᠴᠢ ᠵᠢᠳᠬᠦᠭᠦᠯᠵᠦ ᠴᠢᠳᠠᠨ᠎ᠠ ᠭᠡᠵᠦ ᠴᠢᠩᠭᠢᠰ ᠬᠠᠭᠠᠨ ᠢᠲᠡᠭᠡᠵᠦ ᠪᠠᠢᠪᠠ᠃ ᠪᠠᠰᠠ ᠰᠦᠪᠡᠭᠡᠳᠡᠢ ᠶ᠋ᠢ ᠪᠠᠲᠤ ᠶ᠋ᠢᠨ ᠳᠡᠷᠭᠡᠳᠡ ᠰᠠᠭᠤᠯᠭᠠᠭᠰᠠᠨ ᠤ᠋ ᠵᠣᠷᠢᠯᠭ᠎ᠠ ᠴᠤ᠌ ᠲᠡᠷᠡ ᠪᠠᠢᠪᠠ᠃ ᠢᠩᠭᠢᠪᠡᠯ ᠪᠠᠲᠤ ᠶ᠋ᠢᠨ ᠵᠦᠭ ᠡᠴᠡ ᠭᠠᠷᠴᠤ ᠪᠣᠯᠬᠤ ᠲᠤᠰᠠᠭᠠᠷ ᠤᠯᠤᠰ ᠪᠠᠢᠭᠤᠯᠬᠤ ᠬᠦᠰᠡᠯ ᠰᠠᠨᠠᠭ᠎ᠠ ᠶ᠋ᠢ ᠴᠠᠭ ᠲᠤᠬᠠᠢ ᠳ᠋ᠤᠨᠢ ᠲᠠᠰᠤᠯᠤᠨ ᠵᠣᠭᠰᠣᠭᠠᠵᠤ ᠪᠣᠯᠤᠨ᠎ᠠ ᠭᠡᠵᠦ ᠴᠢᠩᠭᠢᠰ ᠬᠠᠭᠠᠨ ᠨᠠᠢᠳᠠᠵᠠᠢ᠃ ᠬᠠᠷᠢᠨ ᠵᠥᠴᠢ ᠶ᠋ᠢᠨ ᠬᠦᠰᠡᠯ ᠵᠣᠷᠢᠭ ᠪᠠᠲᠤ ᠬᠥᠪᠡᠭᠦᠨ ᠳ᠋ᠦ᠍ᠨᠢ ᠬᠡᠷᠬᠢᠨ ᠭᠦᠨᠵᠡᠭᠡᠢ ᠰᠢᠩᠭᠡᠭᠰᠡᠨ ᠢ᠋ ᠪᠠᠰᠠ ᠴᠤ᠌ ᠬᠡᠯᠡᠵᠦ ᠮᠡᠳᠡᠬᠦ ᠶ᠋ᠢᠨ ᠠᠷᠭ᠎ᠠ ᠦᠭᠡᠢ᠃ ᠭᠡᠪᠡᠴᠦ ᠣᠳᠣᠬᠠᠨ ᠳ᠋ᠠᠭᠠᠨ ᠠᠷᠪᠠᠨ ᠳᠣᠯᠣᠭᠠᠲᠠᠢ ᠪᠠᠲᠤ᠂ ᠰᠥᠪᠡᠭᠡᠳᠡᠢ ᠡᠴᠡ ᠵᠥᠷᠢᠵᠦ ᠶᠠᠭᠤ ᠴᠤ᠌ ᠰᠠᠨᠠᠭᠠᠨ ᠵᠣᠷᠢᠭ ᠢ᠋ᠶ᠋ᠠᠷ ᠬᠢᠵᠦ ᠴᠢᠳᠠᠬᠤ ᠦᠭᠡᠢ ᠪᠠᠢᠭ᠎ᠠ ᠨᠢ ᠴᠢᠩᠭᠢᠰ ᠬᠠᠭᠠᠨ ᠢ᠋ ᠲᠠᠢᠪᠤᠰᠢᠷᠠᠭᠤᠯᠵᠠᠢ᠃ ᠶᠡᠷᠦ ᠡᠴᠡ ᠵᠥᠴᠢ ᠶ᠋ᠢ ᠠᠩᠬᠠᠷᠤᠯ ᠠ᠋ᠴᠠ ᠪᠠᠨ ᠬᠣᠯᠠᠳᠤᠭᠤᠯᠵᠤ ᠵᠣᠷᠢᠭ ᠢ᠋ᠶ᠋ᠠᠷ ᠨᠢ ᠣᠷᠬᠢᠭᠰᠠᠨ ᠠ᠋ᠴᠠ ᠡᠢᠮᠦ ᠶᠠᠪᠤᠳᠠᠯ ᠪᠣᠯᠪᠠ ᠭᠡᠵᠦ ᠴᠢᠩᠭᠢᠰ ᠬᠠᠭᠠᠨ ᠥᠪᠡᠷ ᠢ᠋ ᠪᠡᠨ ᠪᠤᠷᠤᠭᠤᠳᠬᠠᠵᠤ ᠪᠠᠢᠯ᠎ᠠ᠃ ᠲᠡᠢᠮᠦ ᠴᠦ᠍ ᠤᠴᠢᠷ ᠠ᠋ᠴᠠ ᠴᠢᠩᠭᠢᠰ ᠬᠠᠭᠠᠨ ᠢ᠋ ᠬᠠᠮᠤᠭ ᠤ᠋ᠨ ᠶᠡᠬᠡ ᠵᠣᠪᠠᠭᠠᠵᠤ ᠪᠠᠢᠭᠰᠠᠨ ᠵᠦᠢᠯ ᠨᠢ ᠵᠥᠴᠢ ᠶ᠋ᠢᠨ ᠦᠬᠦᠯ ᠢ᠋ ᠪᠥᠷᠲᠡ ᠬᠡᠷᠬᠢᠨ ᠬᠦᠯᠢᠶᠡᠵᠦ ᠠᠪᠬᠤ ᠪᠣᠯ ᠭᠡᠳᠡᠭ ᠶᠠᠪᠤᠳᠠᠯ ᠪᠠᠢᠯ᠎ᠠ᠃ ᠶᠠᠭᠠᠬᠢᠭᠠᠳ ᠴᠤ᠌ ᠶᠤᠮ ᠪᠣᠢ ᠲᠡᠭᠦᠨ ᠢ᠋᠂ ᠵᠥᠴᠢ ᠬᠥᠪᠡᠭᠦᠨ ᠢ᠋ᠶ᠋ᠡᠨ ᠦᠬᠦᠭᠦᠯᠦᠭᠰᠡᠨ ᠮᠡᠲᠦ ᠪᠤᠷᠤᠭᠤᠳᠬᠠᠬᠤ ᠪᠣᠢ ᠭᠡᠰᠡᠨ ᠪᠣᠳᠣᠯ ᠴᠢᠩᠭᠢᠰ ᠬᠠᠭᠠᠨ ᠳ᠋ᠤ᠌ ᠲᠥᠷᠥᠵᠦ ᠵᠣᠪᠠᠭᠠᠭᠰᠠᠭᠠᠷ ᠪᠠᠢᠵᠠᠢ᠃ ᠪᠥᠷᠲᠡ ᠶ᠋ᠢᠨ ᠨᠢᠭᠤᠷ ᠢ᠋ ᠬᠠᠷᠠᠬᠤ ᠳ᠋ᠤ᠌ ᠲᠤᠢᠯ ᠤ᠋ᠨ ᠬᠡᠴᠡᠭᠦᠦ ᠰᠠᠨᠠᠭᠳᠠᠨ ᠬᠠᠯᠠᠰᠢᠷᠠᠵᠤ ᠡᠷᠴᠢᠰ ᠮᠥᠷᠡᠨ ᠡᠴᠡ ᠲᠤᠤᠯᠠ ᠶ᠋ᠢᠨ ᠬᠥᠪᠡᠭᠡᠨ ᠳ᠋ᠡᠬᠢ ᠶᠡᠬᠡ ᠬᠦᠷᠢᠶ᠎ᠡ ᠶ᠋ᠢ ᠬᠦᠷᠲᠡᠯ᠎ᠡ ᠶᠠᠪᠤᠳᠠᠯ ᠨᠢ ᠤᠳᠠᠭᠠᠰᠢᠷᠠᠵᠤ ᠰᠠᠭᠠᠲᠠᠭᠰᠠᠭᠠᠷ ᠪᠠᠢᠪᠠ᠃ ᠬᠠᠷᠢᠨ ᠵᠥᠴᠢ ᠶ᠋ᠢᠨ ᠦᠬᠦᠯ ᠦ᠋ᠨ ᠲᠤᠬᠠᠢ ᠮᠡᠳᠡᠭᠡ ᠠᠯᠢ ᠡᠷᠲᠡ ᠪᠥᠷᠲᠡ ᠳ᠋ᠦ᠍ ᠬᠦᠷᠴᠦ ᠤᠯᠤᠰ ᠳᠠᠶᠠᠭᠠᠷ ᠶᠡᠬᠡ ᠭᠠᠰᠢᠭᠤᠳᠠᠯ ᠵᠠᠷᠯᠠᠭᠠᠳ ᠪᠠᠢᠭᠰᠠᠨ ᠪᠢᠯᠡ᠃ ᠴᠢᠩᠭᠢᠰ ᠬᠠᠭᠠᠨ ᠪᠥᠷᠲᠡ ᠶ᠋ᠢᠨ ᠰᠡᠳᠬᠢᠯ ᠦ᠋ᠨ ᠰᠢᠷᠬ᠎ᠠ ᠶ᠋ᠢ ᠪᠦᠳᠡᠭᠢᠷᠡᠵᠦ ᠢᠯᠡᠷᠢᠰᠢᠬᠦ ᠶ᠋ᠢ ᠬᠦᠯᠢᠶᠡᠵᠦ ᠵᠠᠮ ᠵᠠᠭᠤᠷ᠎ᠠ ᠠᠯᠭᠤᠷᠯᠠᠨ ᠶᠠᠪᠤᠭᠰᠠᠭᠠᠷ ᠬᠣᠷᠽᠸᠮ ᠠ᠋ᠴᠠ ᠬᠥᠳᠡᠯᠦᠭᠰᠡᠨ ᠡᠴᠡ ᠬᠣᠢᠰᠢ ᠵᠢᠯ ᠭᠠᠷᠤᠢ ᠶ᠋ᠢᠨ ᠳᠠᠷᠠᠭ᠎ᠠ ᠰᠠᠶᠢ ᠨᠢᠭᠡ ᠶᠠᠭᠤᠮ᠎ᠠ ᠲᠤᠤᠯᠠ ᠶ᠋ᠢᠨ ᠬᠥᠨᠳᠡᠢ ᠳ᠋ᠦ᠍ ᠣᠢᠷᠠᠲᠤᠨ ᠢᠷᠡᠵᠡᠢ᠃ ᠲᠤᠤᠯᠠ᠂ ᠤᠯᠢᠶᠠᠰᠤᠲᠠᠢ᠂ ᠰᠠᠯᠪᠠ ᠭᠤᠷᠪᠠᠨ ᠭᠣᠣᠯ ᠤ᠋ᠨ ᠳᠤᠮᠳᠠᠬᠢ ᠶᠡᠬᠡ ᠦᠷᠭᠦᠭᠡᠨ ᠡᠴᠡ ᠳᠠᠷᠤᠢ ᠥᠷᠲᠡᠭᠡ ᠢᠯᠡᠭᠦᠦ ᠭᠠᠵᠠᠷ ᠴᠠᠭᠠᠨ ᠢᠰᠡᠭᠡᠢ ᠪᠡᠷ ᠵᠠᠮ ᠵᠠᠰᠠᠨ ᠬᠣᠶᠠᠷ ᠲᠠᠯ᠎ᠠ ᠪᠠᠷ ᠨᠢ ᠠᠯᠪᠠᠲᠤ ᠢᠷᠭᠡᠳ᠂ ᠴᠡᠷᠢᠭ ᠦ᠋ᠳ ᠡᠴᠡ ᠥᠭᠰᠥᠭᠦᠯᠦᠭᠡᠳ ᠴᠢᠩᠭᠢᠰ ᠬᠠᠭᠠᠨ ᠳ᠋ᠤ᠌ ᠳᠠᠭᠠᠵᠤ ᠣᠷᠣᠭᠰᠠᠨ ᠬᠣᠷᠢᠨ ᠲᠣᠮᠣ ᠤᠯᠤᠰ᠂ ᠠᠢᠮᠠᠭ ᠤ᠋ᠨ ᠬᠠᠭᠠᠳ᠂ ᠬᠠᠨ ᠬᠥᠪᠡᠭᠦᠳ ᠬᠠᠲᠤᠳ ᠤ᠋ᠨ ᠬᠠᠮᠲᠤ ᠡᠩᠨᠡᠨ ᠵᠢᠭᠰᠠᠵᠤ ᠤᠭᠲᠤᠬᠤ ᠳ᠋ᠤ᠌ ᠪᠡᠯᠡᠳᠴᠡᠢ᠃ ᠡᠨᠡ ᠪᠣᠯ ᠪᠥᠷᠲᠡ᠂ ᠲᠤᠯᠤᠢ ᠬᠣᠶᠠᠷ ᠤ᠋ᠨ ᠰᠠᠨᠠᠭ᠎ᠠ ᠪᠠᠢᠪᠠ᠃ ᠡᠭᠦᠨ ᠦ᠌ ᠲᠤᠯᠠᠳᠠ ᠡᠵᠡᠯᠡᠭᠳᠡᠵᠦ ᠳᠠᠭᠠᠷ᠎ᠠ ᠣᠷᠣᠭᠰᠠᠨ ᠪᠦᠬᠦ ᠤᠯᠤᠰ ᠠᠢᠮᠠᠭ ᠢ᠋ ᠵᠠᠬᠢᠷᠤᠨ ᠰᠠᠭᠤᠬᠴᠢᠳ ᠢ᠋ ᠪᠦᠭᠦᠳᠡ ᠶ᠋ᠢ ᠰᠠᠷ᠎ᠠ ᠶ᠋ᠢᠨ ᠡᠮᠦᠨ᠎ᠡ ᠲᠤᠤᠯᠠ ᠶ᠋ᠢᠨ ᠬᠥᠨᠳᠡᠢ ᠳ᠋ᠦ᠍ ᠰᠢᠨ᠎ᠡ ᠪᠡᠷ ᠪᠠᠢᠭᠤᠯᠤᠭᠰᠠᠨ ᠶᠡᠬᠡ ᠬᠦᠷᠢᠶᠡᠨ ᠳ᠋ᠦ᠍ ᠳᠠᠭᠤᠳᠠᠨ ᠢᠷᠡᠭᠦᠯᠵᠡᠢ᠃ ᠭᠠᠭᠴᠠᠬᠠᠨ ᠳᠠᠭᠠᠷ᠎ᠠ ᠣᠷᠣᠭᠰᠠᠨ ᠦᠭᠡ ᠪᠡᠨ ᠪᠤᠴᠠᠭᠰᠠᠨ ᠲᠠᠩᠭᠤᠳ ᠤ᠋ᠨ ᠪᠤᠤᠷ᠎ᠠ ᠬᠠᠭᠠᠨ ᠢᠷᠡᠭᠰᠡᠨ ᠦᠭᠡᠢ ᠠᠵᠢ᠃ ᠴᠢᠩᠭᠢᠰ ᠬᠠᠭᠠᠨ ᠤ᠋ ᠶᠡᠬᠡ ᠢᠯᠠᠯᠲᠠ ᠶ᠋ᠢᠨ ᠰᠦᠷ ᠬᠦᠴᠦᠨ ᠳ᠋ᠦ᠍ ᠡᠭᠦᠯᠡ ᠬᠦᠷᠲᠡᠯ᠎ᠡ ᠦᠯᠢᠶᠡᠭᠳᠡᠨ ᠬᠥᠳᠡᠯᠵᠦ᠂ ᠦᠨᠳᠦᠰᠦ ᠬᠦᠷᠲᠡᠯ᠎ᠡ ᠰᠤᠭᠤᠷᠠᠨ ᠭᠠᠷᠴᠤ ᠪᠠᠢᠪᠠ᠃ ᠡᠨᠡ ᠭᠠᠵᠠᠷ ᠡᠢᠮᠦ ᠰᠦᠷᠯᠢᠭ ᠶᠣᠰᠣᠯᠠᠯ ᠢ᠋ ᠯᠠᠪᠲᠠᠢ ᠦᠵᠡᠭᠡ ᠦᠭᠡᠢ ᠪᠢᠵᠡ ᠠ᠋᠃ ᠲᠤᠤᠯᠠ ᠶ᠋ᠢᠨ ᠬᠥᠨᠳᠡᠢ ᠳ᠋ᠦ᠍ ᠭᠠᠵᠠᠷ ᠭᠠᠵᠠᠷ ᠤ᠋ᠨ ᠣᠯᠠᠨ ᠱᠠᠰᠢᠨ ᠤ᠋ ᠮᠥᠷᠭᠥᠯᠴᠢ ᠰᠦᠰᠦᠭᠲᠡᠨ ᠨᠦ᠍ᠭᠦᠳ ᠴᠤᠭᠯᠠᠷᠠᠵᠤ᠂ ᠪᠦᠬᠦ ᠦᠨᠳᠦᠰᠦᠲᠡᠨ ᠬᠡᠯᠡᠲᠡᠨ ᠨᠢᠭᠡ ᠳᠣᠣᠷ᠎ᠠ ᠠᠮᠢᠳᠤᠷᠠᠬᠤ ᠪᠠᠷ ᠢᠷᠡᠭᠰᠡᠨ ᠮᠡᠲᠦ ᠪᠠᠢᠯ᠎ᠠ᠃ 
       ᠪᠥᠷᠲᠡ ᠶᠠᠭ ᠯᠠ ᠬᠠᠭᠤᠴᠢᠨ ᠶᠣᠰᠣᠭᠠᠷ ᠶᠡᠬᠡ ᠬᠠᠲᠤᠨ ᠤ᠋ ᠪᠠᠨ ᠪᠠᠭᠤᠷᠢ ᠪᠠᠷ ᠪᠦᠭᠦᠳᠡ ᠶ᠋ᠢ ᠮᠠᠩᠯᠠᠢᠯᠠᠨ ᠴᠢᠩᠭᠢᠰ ᠬᠠᠭᠠᠨ ᠢ᠋ ᠶᠡᠬᠡ ᠦᠷᠭᠦᠭᠡᠨ ᠡᠴᠡ ᠬᠣᠯᠠ ᠰᠠᠭᠠᠬᠠᠯᠲᠠ ᠵᠠᠢ ᠲᠠᠢ ᠤᠭᠲᠤᠪᠠ᠃ ᠪᠥᠷᠲᠡ ᠬᠥᠭᠰᠢᠷᠡᠵᠦ᠂ ᠪᠦᠳᠦᠭᠦᠷᠡᠵᠦ ᠲᠠᠷᠭᠤᠯᠠᠭᠠᠳ ᠲᠠᠨᠢᠭᠳᠠᠬᠤ ᠦᠭᠡᠢ ᠰᠢᠬᠠᠮ ᠪᠣᠯᠵᠠᠢ᠃ ᠶᠠᠭᠤᠨ ᠤ᠋ ᠤᠴᠢᠷ ᠢᠩᠭᠢᠵᠦ ᠥᠲᠡᠯᠦᠭᠰᠡᠨ ᠢ᠋ ᠴᠢᠩᠭᠢᠰ ᠬᠠᠭᠠᠨ ᠣᠢᠯᠠᠭᠠᠭᠰᠠᠨ ᠦᠭᠡᠢ᠃ ᠶᠢᠰᠤᠢ᠂ ᠶᠢᠰᠦᠬᠡᠨ ᠬᠣᠶᠠᠷ ᠴᠤ᠌ ᠥᠲᠡᠯᠵᠡᠢ᠃ ᠥᠬᠢᠳ ᠨᠢ ᠥᠰᠴᠦ ᠭᠡᠵᠢᠭᠡ ᠨᠢ ᠭᠠᠵᠠᠷ ᠱᠦᠷᠭᠦᠭᠰᠡᠨ ᠪᠦᠰᠡᠭᠦᠢᠴᠦᠳ ᠪᠣᠯᠤᠭᠰᠠᠨ ᠨᠢ ᠪᠠᠬᠠᠳᠤᠯᠲᠠᠢ ᠪᠠᠢᠪᠠ᠃ ᠨᠠᠢᠷ ᠴᠡᠩᠭᠡᠯ ᠪᠥᠵᠢᠭ ᠨᠠᠭᠠᠳᠤᠮ ᠡᠬᠢᠯᠡᠵᠦ ᠲᠤᠤᠯᠠ ᠶ᠋ᠢᠨ ᠬᠥᠨᠳᠡᠢ ᠳ᠋ᠦ᠍ ᠵᠠᠰᠠᠭᠰᠠᠨ ᠶᠡᠬᠡ ᠲᠠᠯᠠᠪᠠᠢ ᠳ᠋ᠤ᠌ ᠲᠡᠢᠨ ᠳ᠋ᠦ᠍ ᠭᠠᠪᠢᠶ᠎ᠠ ᠠᠯᠳᠠᠷ ᠢ᠋ᠶ᠋ᠠᠨ ᠮᠠᠨᠳᠤᠭᠤᠯᠤᠭᠰᠠᠨ ᠰᠢᠯᠢᠳᠡᠭ ᠵᠠᠩᠵᠤᠨ᠂ ᠴᠡᠷᠢᠭ ᠦ᠋ᠳ ᠡᠴᠡ ᠪᠡᠨ ᠲᠦᠮᠡᠨ ᠬᠥᠮᠦᠨ ᠢ᠋ ᠰᠢᠯᠢᠨ ᠠᠪᠴᠢᠷᠠᠵᠤ ᠱᠠᠩᠨᠠᠨ ᠤᠷᠮᠠᠰᠢᠭᠤᠯᠵᠤ ᠪᠦᠲᠦᠨ ᠠᠷᠪᠠ ᠬᠣᠨᠣᠭ ᠨᠠᠢᠷᠯᠠᠵᠠᠢ᠃ 
       ᠶᠣᠰᠣᠯᠠᠯ ᠥᠨᠳᠥᠷᠯᠡᠭᠰᠡᠨ ᠴᠦ᠍ ᠪᠥᠷᠲᠡ᠂ ᠵᠥᠴᠢ ᠬᠥᠪᠡᠭᠦᠨ ᠦ᠌ ᠪᠡᠨ ᠲᠤᠬᠠᠢ ᠨᠢᠭᠡ ᠴᠦ᠍ ᠦᠭᠡ ᠴᠤᠬᠤᠢᠯᠭᠠᠭᠰᠠᠨ ᠦᠭᠡᠢ ᠣᠯᠠᠨ ᠬᠣᠨᠣᠪᠠ᠃ ᠴᠢᠩᠭᠢᠰ ᠬᠠᠭᠠᠨ ᠴᠤ᠌ ᠬᠡᠯᠡᠬᠦ ᠦᠭᠡ ᠪᠡᠨ ᠣᠯᠬᠤ ᠦᠭᠡᠢ ᠪᠠᠢᠵᠠᠢ᠃ ᠬᠠᠷᠢᠨ ᠨᠠᠢᠷ ᠴᠡᠩᠭᠡᠯ ᠥᠨᠳᠥᠷᠯᠡᠵᠦ ᠨᠠᠭᠠᠳᠤᠮ ᠤ᠋ᠨ ᠲᠠᠯᠠᠪᠠᠢ ᠶ᠋ᠢᠨ ᠡᠪᠡᠰᠦ ᠰᠡᠷᠭᠦᠨ ᠢᠯᠠᠯᠲᠠ ᠶ᠋ᠢᠨ ᠰᠦᠷ ᠳᠤᠤᠯᠢᠶᠠᠨ ᠪᠠᠶᠠᠷ ᠬᠥᠷ ᠨᠠᠮ ᠭᠦᠮ ᠪᠣᠯᠤᠭᠰᠠᠨ ᠬᠣᠢᠨ᠎ᠠ ᠨᠢᠭᠡᠨ ᠦᠳᠡᠰᠢ ᠪᠥᠷᠲᠡ 
       | ᠲᠡᠮᠦᠵᠢᠨ᠂ ᠪᠢ ᠵᠥᠴᠢ ᠬᠥᠪᠡᠭᠦᠨ ᠦ᠌ ᠪᠡᠨ ᠪᠤᠯᠠᠰᠢ ᠪᠤᠩᠬᠤᠨ ᠳ᠋ᠤ᠌ ᠣᠴᠢᠵᠤ ᠰᠦ ᠡᠷᠭᠦᠶ᠎ᠡ ᠳᠡ᠃ ᠬᠥᠪᠡᠭᠦᠨ ᠦ᠌ ᠮᠢᠨᠢ ᠰᠦᠨᠡᠰᠦ ᠡᠵᠢ ᠳ᠋ᠡᠭᠡᠨ ᠬᠣᠷᠭᠣᠳᠠᠭᠠᠳ ᠪᠠᠢᠭ᠎ᠠ ᠪᠣᠯᠤᠯᠲᠠᠢ᠃ ᠲᠡᠷᠡ ᠠᠮᠢᠲᠠᠨ ᠢ᠋ ᠦᠬᠦᠭᠰᠡᠨ ᠬᠣᠢᠨ᠎ᠠ ᠨᠢ ᠳᠠᠬᠢᠨ ᠵᠣᠪᠠᠭᠠᠭᠠᠳ ᠶᠠᠭᠠᠬᠢᠬᠤ ᠪᠣᠢ ᠳᠠ᠃ ᠶᠡᠷᠦ ᠨᠢ ᠬᠥᠭᠰᠢᠨ ᠪᠢ ᠡᠪᠦᠷᠲᠦᠯᠡᠵᠦ ᠥᠰᠬᠡᠭᠰᠡᠨ ᠪᠠᠲᠤ ᠬᠥᠪᠡᠭᠦᠨ ᠦ᠌ ᠪᠡᠨ ᠳᠡᠷᠭᠡᠳᠡ ᠣᠴᠢᠵᠤ ᠰᠠᠭᠤᠪᠠᠯ ᠶᠠᠭᠠᠬᠢᠨ᠎ᠠ᠃ ᠪᠠᠲᠤ ᠬᠥᠪᠡᠭᠦᠨ ᠮᠢᠨᠢ ᠢᠩᠭᠢᠬᠦ ᠶ᠋ᠢ ᠬᠦᠰᠡᠭᠰᠡᠨ ᠶᠦᠮ ᠭᠡᠵᠦ ᠬᠡᠯᠡᠵᠡᠢ᠃ ᠲᠡᠮᠦᠵᠢᠨ ᠪᠥᠷᠲᠡ ᠬᠣᠶᠠᠷ ᠤ᠋ᠨ ᠢᠨᠠᠭᠯᠠᠨ ᠴᠡᠩᠭᠡᠬᠦ ᠨᠢ ᠶᠠᠳᠠᠷᠠᠭ᠎ᠠ ᠤᠢᠳᠬᠠᠷ ᠲᠥᠷᠥᠭᠦᠯᠬᠦ ᠡᠴᠡ ᠥᠭᠡᠷ᠎ᠡ ᠶᠠᠭᠤᠮ᠎ᠠ ᠦᠭᠡᠢ ᠪᠣᠯᠵᠤ ᠬᠤᠪᠢᠷᠠᠭᠰᠠᠨ ᠢ᠋ ᠲᠡᠳᠡ ᠵᠢᠷᠭᠤᠭᠠᠨ ᠵᠢᠯ ᠬᠠᠭᠠᠴᠠᠭᠠᠳ ᠤᠴᠠᠷᠠᠬᠤ ᠳ᠋ᠠᠭᠠᠨ ᠮᠡᠳᠡᠭᠰᠡᠨ ᠲᠤᠯᠠ ᠭᠡᠷ ᠦ᠋ᠨ ᠣᠨᠢ ᠰᠢᠷᠳᠡᠨ ᠵᠡᠷᠭᠡᠴᠡᠨ ᠬᠡᠪᠲᠡᠵᠦ ᠪᠠᠢᠵᠠᠢ᠃ ᠪᠥᠷᠲᠡ ᠶ᠋ᠢᠨ ᠡᠨᠡ ᠦᠭᠡ ᠶ᠋ᠢᠨ ᠴᠠᠭᠠᠨ᠎ᠠ ᠣᠯᠠᠨ ᠨᠣᠴᠢᠲᠠᠢ ᠳᠠᠯᠳᠠ ᠰᠠᠨᠠᠭ᠎ᠠ ᠠᠭᠤᠯᠤᠭᠳᠠᠵᠤ ᠪᠠᠢᠭ᠎ᠠ ᠶ᠋ᠢ ᠴᠢᠩᠭᠢᠰ ᠬᠠᠭᠠᠨ ᠮᠡᠳᠡᠷᠡᠭᠰᠡᠨ ᠴᠦ᠍ ᠪᠤᠷᠤᠭᠤᠰᠢᠶᠠᠨ ᠡᠰᠡᠷᠭᠦᠴᠡᠬᠦ ᠰᠡᠳᠬᠢᠯ ᠲᠥᠷᠥᠭᠰᠡᠨ ᠦᠭᠡᠢ ᠬᠠᠷᠢᠨ ᠴᠤ᠌ ᠵᠥᠪ ᠵᠦᠢᠲᠡᠢ ᠦᠭᠡ ᠬᠡᠯᠡᠪᠡ ᠭᠡᠵᠦ ᠤᠷᠮᠠᠰᠢᠭᠤᠯᠵᠠᠢ᠃ ᠲᠡᠭᠡᠭᠡᠳ 
       | ᠪᠥᠷᠲᠡ ᠠ᠋᠂ ᠪᠢ ᠵᠥᠴᠢ ᠬᠥᠪᠡᠭᠦᠨ ᠳ᠋ᠡᠭᠡᠨ ᠶᠡᠷᠦ ᠮᠠᠭᠤ ᠰᠠᠨᠠᠭᠰᠠᠨ ᠦᠭᠡᠢ ᠰᠢᠦ᠃ ᠭᠠᠢᠲᠤ ᠡᠪᠡᠳᠴᠢᠨ ᠲᠣᠰᠤᠭ᠎ᠠ ᠦᠭᠡᠢ ᠪᠣᠯ ᠪᠢᠳᠡ ᠬᠠᠮᠲᠤ ᠢᠷᠡᠬᠦ ᠪᠠᠢᠪᠠ᠃ ᠴᠢᠨᠦ ᠣᠴᠢᠬᠤ ᠴᠢᠨᠢ ᠵᠥᠪ᠂ ᠬᠥᠪᠡᠭᠦᠨ ᠦ᠌ ᠪᠡᠨ ᠪᠤᠩᠬᠤᠨ ᠢ᠋ ᠬᠦᠰᠡᠭᠰᠡᠨ ᠢ᠋ᠶ᠋ᠡᠷ ᠢ᠋ᠶ᠋ᠡᠨ ᠬᠢᠭᠲᠦᠨ᠃ ᠪᠢ ᠴᠢᠮᠠᠶ᠋ᠢ ᠪᠤᠭᠤᠷᠴᠢ ᠶ᠋ᠢᠨ ᠡᠷᠭᠦᠮᠡᠯ ᠬᠥᠪᠡᠭᠦᠨ ᠬᠡᠷᠡᠭᠡ ᠶ᠋ᠢ ᠲᠣᠷᠭᠠᠨ ᠴᠡᠷᠢᠭ ᠦ᠋ᠨ ᠬᠢᠨᠢ ᠬᠠᠮᠲᠤ ᠳᠠᠭᠠᠭᠤᠯᠤᠨ ᠢᠯᠡᠭᠡᠶ᠎ᠡ᠃ ᠲᠡᠷᠡ ᠬᠥᠪᠡᠭᠦᠨ ᠣᠳᠣ ᠮᠢᠨᠦ ᠠᠮᠢ ᠰᠠᠬᠢᠭᠴᠢ᠂ ᠬᠠᠮᠤᠭ ᠤ᠋ᠨ ᠰᠢᠯᠢᠳᠡᠭ ᠲᠣᠷᠭᠠᠨ ᠴᠡᠷᠢᠭ ᠦ᠋ᠨ ᠮᠢᠩᠭᠠᠨ ᠤ᠋ ᠨᠣᠶᠠᠨ ᠪᠣᠯᠤᠭᠰᠠᠨ ᠭᠡᠵᠦ ᠪᠠᠬᠠᠲᠠᠢ ᠬᠡᠯᠡᠵᠡᠢ᠃ ᠲᠡᠮᠦᠵᠢᠨ ᠣ ᠦᠭᠡ ᠪᠥᠷᠲᠡ ᠶ᠋ᠢ ᠴᠦ᠍ ᠪᠠᠶᠠᠷᠯᠠᠭᠤᠯᠪᠠ᠃ ᠪᠠᠰᠠ ᠪᠤᠭᠤᠷᠴᠢ᠂ ᠡᠷᠭᠦᠮᠡᠯ ᠬᠥᠪᠡᠭᠦᠨ ᠲᠡᠢ ᠪᠣᠯᠤᠭᠰᠠᠨ ᠳ᠋ᠤ᠌ ᠶᠡᠬᠡᠳᠡ ᠳᠣᠭᠳᠣᠯᠵᠠᠢ᠃ 
       | ᠪᠤᠭᠤᠷᠴᠢ ᠶᠡᠬᠡ ᠵᠢᠷᠭᠠᠯᠲᠠᠢ ᠪᠠᠢᠭ᠎ᠠ ᠪᠠᠢᠬᠤ ᠳᠠ ᠭᠡᠵᠦ ᠪᠥᠷᠲᠡ ᠦᠨᠡᠨ ᠰᠡᠳᠬᠢᠯ ᠡᠴᠡ ᠬᠡᠯᠡᠪᠡ᠃ 
       | ᠲᠡᠢᠮᠦ ᠠ᠋᠂ ᠪᠤᠭᠤᠷᠴᠢ ᠬᠥᠪᠡᠭᠦᠨ ᠲᠡᠢ ᠪᠣᠯᠤᠭᠠᠳ ᠶᠡᠬᠡ ᠪᠠᠶᠠᠷ ᠪᠣᠯᠤᠭᠰᠠᠨ ᠰᠢᠦ ᠭᠡᠵᠦ ᠴᠢᠩᠭᠢᠰ ᠬᠠᠭᠠᠨ ᠢᠩᠭᠢᠵᠦ ᠠᠵᠠ ᠵᠢᠷᠭᠠᠯᠲᠠᠢ ᠪᠣᠯᠵᠠᠢ᠃ ᠵᠥᠴᠢ ᠶ᠋ᠢᠨ ᠦᠬᠦᠭᠰᠡᠨ ᠳ᠋ᠦ᠍ ᠪᠥᠷᠲᠡ᠂ ᠴᠢᠩᠭᠢᠰ ᠬᠠᠭᠠᠨ ᠢ᠋ ᠪᠤᠷᠤᠭᠤᠳᠬᠠᠭᠰᠠᠨ ᠦᠭᠡᠢ ᠬᠠᠷᠢᠨ ᠴᠤ᠌ ᠵᠥᠴᠢ ᠬᠥᠪᠡᠭᠦᠨ ᠨᠢ ᠡᠪᠡᠳᠴᠢᠨ ᠢ᠋ᠶ᠋ᠡᠷ ᠦᠬᠦᠵᠡᠢ ᠭᠡᠰᠡᠨ ᠮᠡᠳᠡᠭᠡ ᠢᠷᠡᠬᠦ ᠳ᠋ᠦ᠍ ᠪᠥᠷᠲᠡ ᠳᠣᠲᠣᠷ᠎ᠠ ᠪᠠᠨ ᠪᠠᠶᠠᠷᠯᠠᠭᠰᠠᠨ ᠪᠢᠯᠡ᠃ ᠵᠥᠴᠢ ᠬᠥᠪᠡᠭᠦᠨ ᠨᠢ ᠯᠠᠪ ᠬᠠᠷᠠᠮᠰᠠᠬᠤ ᠶᠠᠭᠤᠮ᠎ᠠ ᠦᠭᠡᠢ ᠦᠬᠦᠵᠡᠢ᠃ ᠪᠠᠲᠤ ᠬᠥᠪᠡᠭᠦᠨ ᠳ᠋ᠦ᠍ᠨᠢ ᠪᠠᠢᠭᠤᠯᠤᠭᠰᠠᠨ ᠤᠯᠤᠰ ᠨᠢ ᠦᠯᠡᠳᠡᠪᠡ᠃ ᠬᠠᠷᠢᠨ ᠣᠳᠣ ᠪᠥᠷᠲᠡ ᠦᠯᠡᠳᠡᠭᠰᠡᠨ ᠨᠠᠰᠤ ᠪᠠᠨ ᠪᠠᠲᠤ ᠶ᠋ᠢᠨ ᠳᠡᠷᠭᠡᠳᠡ ᠣᠴᠢᠵᠤ ᠲᠡᠭᠦᠨ ᠢ᠋ ᠬᠠᠮᠠᠭᠠᠯᠠᠨ ᠰᠠᠭᠤᠵᠤ ᠥᠩᠭᠡᠷᠡᠭᠡᠬᠦ ᠪᠡᠷ ᠬᠠᠲᠠᠭᠤ ᠰᠢᠢᠳᠦᠭᠡᠳ ᠪᠠᠢᠵᠠᠢ᠃ ᠡᠨᠡ ᠬᠦᠰᠡᠯ ᠢ᠋ ᠨᠢ ᠴᠢᠩᠭᠢᠰ ᠬᠠᠭᠠᠨ ᠣᠭᠲᠣ ᠡᠰᠡᠷᠭᠦᠴᠡᠬᠦ ᠦᠭᠡᠢ ᠳᠡᠮᠵᠢᠭᠰᠡᠨ ᠨᠢ ᠪᠥᠭᠡᠮ ᠪᠠᠶᠠᠷ ᠪᠣᠯᠪᠠ᠃ ᠪᠠᠲᠤ ᠶ᠋ᠢᠨ ᠳᠡᠷᠭᠡᠳᠡ ᠪᠠᠢᠬᠤ ᠨᠢ ᠴᠠᠭᠠᠲᠠᠢ ᠶ᠋ᠢᠨ ᠣᠢᠷ᠎ᠠ ᠣᠴᠢᠬᠤ ᠲᠤᠯᠠ ᠪᠥᠷᠲᠡ ᠳ᠋ᠦ᠍ ᠳᠠᠪᠬᠤᠷ ᠳᠠᠪᠬᠤᠷ ᠬᠡᠷᠡᠭᠲᠡᠢ ᠪᠠᠢᠯ᠎ᠠ᠃ 
       ᠤᠭ ᠨᠢ ᠵᠥᠴᠢ ᠶ᠋ᠢᠨ ᠡᠵᠡᠮᠰᠢᠯ ᠨᠤᠲᠤᠭ ᠢ᠋ ᠬᠣᠷᠢᠶᠠᠨ ᠠᠪᠴᠤ ᠴᠠᠭᠠᠲᠠᠢ ᠳ᠋ᠤ᠌ ᠶᠤᠮ ᠤᠤ ᠥᠭᠡᠳᠡᠢ ᠳ᠋ᠦ᠍ ᠥᠭᠬᠦ ᠪᠣᠳᠣᠯ ᠴᠢᠩᠭᠢᠰ ᠬᠠᠭᠠᠨ ᠳ᠋ᠤ᠌ ᠡᠬᠢᠨ ᠦᠶ᠎ᠡ ᠳ᠋ᠦ᠍ ᠭᠡᠨᠡ ᠭᠡᠨᠡ ᠲᠦᠷᠦᠭᠰᠡᠭᠡᠷ ᠪᠠᠢᠭᠰᠠᠨ ᠪᠣᠯᠪᠠᠴᠤ ᠪᠥᠷᠲᠡ ᠶ᠋ᠢᠨ ᠰᠡᠳᠬᠢᠯ ᠢ᠋ ᠪᠣᠳᠣᠭᠠᠳ ᠢᠩᠭᠢᠵᠦ ᠬᠢᠵᠦ ᠴᠢᠳᠠᠬᠤ ᠦᠭᠡᠢ ᠪᠠᠢᠵᠠᠢ᠃ ᠪᠠᠰᠠ ᠥᠭᠡᠳᠡᠢ ᠴᠠᠭᠠᠲᠠᠢ ᠬᠣᠶᠠᠷ ᠤ᠋ᠨ ᠬᠡᠨ ᠨᠢᠭᠡᠨ ᠳ᠋ᠦ᠍ ᠥᠭᠬᠦ ᠨᠢ ᠬᠥᠪᠡᠭᠦᠳ ᠢ᠋ ᠬᠠᠭᠠᠷᠠᠯᠳᠤᠭᠤᠯᠵᠤ ᠪᠣᠯᠬᠤ ᠲᠤᠯᠠ ᠪᠠᠰᠠ ᠪᠣᠯᠭᠣᠮᠵᠢᠯᠠᠵᠠᠢ᠃ ᠭᠡᠪᠡᠴᠦ ᠪᠣᠳᠣᠭᠰᠠᠨ ᠤ᠋ ᠡᠴᠦᠰ ᠲᠦ᠍ ᠵᠥᠴᠢ ᠶ᠋ᠢᠨ ᠡᠵᠡᠮᠰᠢᠯ ᠢ᠋ ᠪᠠᠲᠤ ᠳ᠋ᠤ᠌ ᠥᠭᠬᠦ ᠪᠡᠷ ᠡᠷᠭᠢᠯᠲᠡ ᠦᠭᠡᠢ ᠰᠢᠢᠳᠦᠭᠰᠡᠨ ᠶᠦᠮ᠃ ᠬᠠᠷᠢᠨ ᠪᠠᠲᠤ ᠶ᠋ᠢᠨ ᠳᠡᠷᠭᠡᠳᠡ ᠰᠠᠭᠤᠬᠤ ᠪᠥᠷᠲᠡ ᠶ᠋ᠢᠨ ᠰᠠᠨᠠᠭ᠎ᠠ ᠶ᠋ᠢ ᠳᠡᠮᠵᠢᠵᠦ ᠪᠣᠯᠬᠤ ᠦᠭᠡᠢ ᠶ᠋ᠢ ᠪᠣᠳᠣᠭᠰᠠᠨ ᠤ᠋ ᠡᠴᠦᠰ ᠲᠦ᠍ ᠣᠢᠯᠠᠭᠠᠪᠠ᠃ ᠪᠥᠷᠲᠡ ᠶ᠋ᠢᠨ ᠡᠨᠡ ᠦᠭᠡ ᠶ᠋ᠢᠨ ᠴᠠᠭᠠᠨ᠎ᠠ ᠶᠠᠮᠠᠷ ᠰᠠᠨᠠᠭ᠎ᠠ ᠨᠢᠭᠤᠭᠳᠠᠵᠤ ᠪᠠᠢᠭ᠎ᠠ ᠶ᠋ᠢ ᠴᠢᠩᠭᠢᠰ ᠬᠠᠭᠠᠨ ᠮᠡᠳᠡᠵᠦ ᠪᠠᠢᠭᠰᠠᠨ ᠲᠤᠯᠠ ᠰᠡᠵᠢᠭᠯᠡᠨ ᠡᠷᠡᠭᠡᠯᠵᠡᠪᠡ᠃ ᠪᠥᠷᠲᠡ᠂ ᠪᠠᠲᠤ ᠶ᠋ᠢᠨ ᠳᠡᠷᠭᠡᠳᠡ ᠣᠴᠢᠵᠤ ᠰᠠᠭᠤᠪᠠᠯ ᠵᠥᠴᠢ ᠶ᠋ᠢᠨ ᠤᠯᠤᠰ ᠶᠡᠬᠡ ᠮᠣᠩᠭᠣᠯ ᠤᠯᠤᠰ ᠠ᠋ᠴᠠ ᠲᠤᠰᠠᠭᠠᠷ ᠪᠣᠯᠤᠭᠰᠠᠨ ᠮᠡᠲᠦ ᠬᠠᠷᠠᠭᠳᠠᠬᠤ ᠪᠣᠯᠤᠨ᠎ᠠ ᠭᠡᠵᠦ ᠲᠡᠷᠡ ᠬᠠᠮᠤᠭ ᠤ᠋ᠨ ᠲᠦᠷᠦᠭᠦᠨ ᠳ᠋ᠦ᠍ ᠪᠣᠳᠣᠪᠠ᠃ ᠢᠩᠭᠢᠬᠦ ᠨᠢ ᠪᠥᠷᠲᠡ᠂ ᠵᠥᠴᠢ ᠬᠥᠪᠡᠭᠦᠨ ᠦ᠌ ᠪᠡᠨ ᠲᠤᠰᠠᠭᠠᠷ ᠤᠯᠤᠰ ᠪᠠᠢᠭᠤᠯᠤᠨ ᠰᠠᠭᠤᠬᠤ ᠬᠦᠰᠡᠯ ᠢ᠋ ᠳᠡᠮᠵᠢᠵᠦ ᠪᠠᠢᠭᠰᠠᠨ᠂ ᠣᠳᠣ ᠴᠤ᠌ ᠳᠡᠮᠵᠢᠭᠰᠡᠭᠡᠷ ᠪᠠᠢᠭ᠎ᠠ ᠶ᠋ᠢ ᠢᠯᠡᠳᠬᠡᠬᠦ ᠮᠡᠲᠦ ᠰᠠᠨᠠᠭᠳᠠᠬᠤ ᠪᠣᠯᠪᠠ᠃ ᠪᠠᠰᠠ ᠪᠥᠷᠲᠡ ᠵᠥᠴᠢ ᠶ᠋ᠢᠨ ᠤᠳᠤᠮ ᠳ᠋ᠤ᠌ ᠣᠴᠢᠵᠤ ᠰᠠᠭᠤᠬᠤ ᠨᠢ ᠵᠥᠴᠢ ᠶ᠋ᠢᠨ ᠦᠬᠦᠯ ᠳ᠋ᠦ᠍ ᠴᠢᠩᠭᠢᠰ ᠬᠠᠭᠠᠨ ᠢ᠋ ᠪᠤᠷᠤᠭᠤᠳᠬᠠᠵᠤ ᠪᠠᠢᠭ᠎ᠠ ᠮᠡᠲᠦ ᠰᠡᠵᠢᠭ ᠲᠥᠷᠥᠭᠦᠯᠵᠦ ᠮᠡᠳᠡᠬᠦ ᠪᠠᠢᠪᠠ᠃ ᠪᠥᠷᠲᠡ ᠶ᠋ᠢ ᠵᠥᠴᠢ ᠬᠥᠪᠡᠭᠦᠨ ᠦ᠌ ᠪᠡᠨ ᠪᠤᠩᠬᠤᠨ ᠢ᠋ ᠥᠪᠡᠷ ᠦ᠋ᠨ ᠬᠦᠰᠡᠯ ᠢ᠋ᠶ᠋ᠡᠷ ᠪᠠᠢᠭᠤᠯᠬᠤ ᠶ᠋ᠢ ᠬᠣᠷᠢᠭᠯᠠᠬᠤ ᠠᠷᠭ᠎ᠠ ᠦᠭᠡᠢ ᠴᠦ᠍ ᠲᠡᠭᠦᠨ ᠢ᠋ ᠪᠠᠲᠤ ᠶ᠋ᠢᠨ ᠳᠡᠷᠭᠡᠳᠡ ᠰᠠᠭᠤᠯᠭᠠᠬᠤ ᠨᠢ ᠢᠷᠡᠭᠡᠳᠦᠢ ᠳ᠋ᠦ᠍ ᠶᠡᠬᠡ ᠮᠣᠩᠭᠣᠯ ᠤᠯᠤᠰ ᠬᠣᠶᠠᠷ ᠬᠤᠪᠢᠶᠠᠭᠳᠠᠬᠤ ᠠᠶᠤᠯ ᠳ᠋ᠤ᠌ ᠬᠦᠷᠭᠡᠵᠦ ᠪᠣᠯᠵᠣᠰᠢ ᠦᠭᠡᠢ ᠨᠢ ᠲᠣᠳᠣᠷᠬᠠᠢ ᠪᠠᠢᠪᠠ᠃ ᠲᠡᠢᠮᠦ ᠤᠴᠢᠷ ᠠ᠋ᠴᠠ ᠪᠥᠷᠲᠡ ᠶ᠋ᠢ ᠲᠥᠪ ᠤᠯᠤᠰ ᠲᠠᠭᠠᠨ ᠶᠡᠬᠡ ᠦᠷᠭᠦᠭᠡᠨ ᠳ᠋ᠦ᠍ᠨᠢ ᠡᠭᠦᠷᠢᠳᠡ ᠦᠯᠡᠳᠡᠭᠡᠬᠦ ᠠᠷᠭ᠎ᠠ ᠶ᠋ᠢ ᠰᠦᠪᠡᠭᠴᠢᠯᠡᠬᠦ ᠶᠣᠰᠣᠲᠠᠢ ᠪᠣᠯᠵᠠᠢ᠃ 
       ᠪᠠᠲᠤ ᠶ᠋ᠢᠨ ᠳᠡᠷᠭᠡᠳᠡ ᠰᠠᠭᠤᠬᠤ ᠭᠡᠰᠡᠨ ᠪᠥᠷᠲᠡ ᠶ᠋ᠢᠨ ᠬᠦᠰᠡᠯ ᠵᠣᠷᠢᠭ ᠶᠡᠬᠡ ᠪᠠᠢᠭᠰᠠᠨ ᠨᠢ ᠬᠡᠷᠡᠭ ᠢ᠋ ᠤᠯᠠᠮ ᠲᠦᠪᠡᠭᠲᠡᠢ ᠪᠣᠯᠭᠠᠵᠠᠢ᠃ ᠪᠥᠷᠲᠡ ᠶ᠋ᠢ ᠬᠡᠨ ᠴᠦ᠍ ᠬᠣᠷᠢᠵᠤ ᠳᠡᠢᠯᠬᠦ ᠦᠭᠡᠢ ᠪᠣᠯᠤᠭᠠᠳ ᠲᠡᠷᠡ ᠺᠠᠰᠫᠢ ᠶ᠋ᠢᠨ ᠲᠠᠩᠭᠢᠰ ᠤ᠋ᠨ ᠵᠦᠭ ᠶᠠᠪᠤᠬᠤ ᠳ᠋ᠤ᠌ ᠪᠡᠯᠡᠳᠴᠦ ᠡᠬᠢᠯᠡᠪᠡ᠃ ᠴᠢᠩᠭᠢᠰ ᠬᠠᠭᠠᠨ ᠪᠣᠳᠣᠯ ᠳ᠋ᠤ᠌ ᠤᠨᠠᠪᠠ᠃ ᠴᠢᠩᠭᠢᠰ ᠬᠠᠭᠠᠨ ᠤ᠋ ᠰᠡᠳᠬᠢᠯ ᠦ᠋ᠨ ᠲᠦᠭᠰᠢᠭᠦᠷᠢᠲᠦ ᠪᠣᠳᠣᠯ ᠢ᠋ ᠬᠠᠮᠤᠭ ᠤ᠋ᠨ ᠲᠦᠷᠦᠭᠦᠨ ᠳ᠋ᠦ᠍ ᠳᠠᠭᠠᠭᠰᠠᠨ ᠬᠥᠮᠦᠨ ᠨᠢ ᠶᠢᠰᠦᠢ ᠪᠠᠢᠪᠠ᠃ 
       | ᠶᠡᠬᠡ ᠬᠠᠲᠤᠨ ᠪᠥᠷᠲᠡ ᠲᠩᠷᠢ ᠳ᠋ᠦ᠍ ᠣᠳᠤᠭᠰᠠᠨ ᠬᠥᠪᠡᠭᠦᠨ ᠦ᠌ ᠪᠡᠨ ᠭᠡᠷ ᠲᠦ᠍ ᠣᠴᠢᠵᠤ ᠰᠠᠭᠤᠬᠤ ᠨᠢ ᠭᠠᠳᠠᠨ᠎ᠠ ᠠ᠋ᠴᠠ ᠬᠠᠷᠠᠪᠠᠯ ᠴᠢᠩᠭᠢᠰ ᠬᠠᠭᠠᠨ ᠪᠥᠷᠲᠡ ᠬᠠᠲᠤᠨ ᠬᠣᠶᠠᠷ ᠤ᠋ᠨ ᠬᠣᠭᠣᠷᠣᠨᠳᠣ ᠭᠠᠷᠤᠭᠰᠠᠨ ᠳᠠᠯᠳᠠ ᠶᠡᠬᠡ ᠵᠥᠷᠢᠴᠡᠯ ᠢ᠋ ᠢᠯᠡᠳᠬᠡᠬᠦ ᠪᠥᠭᠡᠳ ᠪᠦᠷ ᠭᠦᠨᠵᠡᠭᠡᠢ ᠤᠷᠭᠤᠭᠤᠯᠵᠤ ᠪᠣᠳᠣᠪᠠᠯ ᠴᠢᠩᠭᠢᠰ ᠬᠠᠭᠠᠨ ᠢ᠋ ᠵᠥᠴᠢ ᠶ᠋ᠢᠨ ᠦᠬᠦᠯ ᠳ᠋ᠦ᠍ ᠪᠤᠷᠤᠭᠤᠳᠬᠠᠨ ᠲᠡᠳᠡ ᠬᠠᠭᠠᠷᠠᠯᠳᠤᠨ ᠰᠠᠯᠤᠭᠰᠠᠨ ᠮᠡᠲᠦ ᠪᠣᠳᠣᠭᠳᠠᠬᠤ ᠪᠠᠷ ᠠᠵᠢ᠃ ᠪᠥᠷᠲᠡ ᠬᠠᠲᠤᠨ ᠢᠩᠭᠢᠵᠦ ᠶᠡᠬᠡ ᠦᠷᠭᠦᠭᠡᠨ ᠡᠴᠡ ᠶᠠᠪᠤᠬᠤ ᠨᠢ ᠶᠡᠷᠦ ᠵᠣᠬᠢᠰ ᠦᠭᠡᠢ ᠬᠡᠷᠡᠭ ᠪᠢᠯᠡ᠃ ᠭᠡᠲᠡᠯ᠎ᠡ ᠪᠠᠰᠠ ᠪᠥᠷᠲᠡ ᠬᠠᠲᠤᠨ ᠢ᠋ ᠢᠯᠡᠷᠬᠡᠢ ᠪᠤᠷᠤᠭᠤᠰᠢᠶᠠᠨ ᠵᠢᠮᠡᠯᠡᠬᠦ᠂ ᠬᠣᠷᠢᠭᠯᠠᠨ ᠰᠠᠭᠠᠲᠠᠭᠤᠯᠬᠤ ᠠᠷᠭ᠎ᠠ ᠦᠭᠡᠢ ᠪᠣᠯᠵᠠᠢ᠃ ᠡᠨᠡ ᠪᠣᠯ ᠶᠢᠰᠦᠢ ᠬᠠᠲᠤᠨ ᠤ᠋ ᠴᠢᠨᠢ ᠰᠡᠳᠬᠢᠯ ᠦ᠋ᠨ ᠦᠭᠡ ᠪᠠᠢᠪᠠ᠃ 
       | ᠬᠠᠭᠠᠨ ᠲᠠᠨ ᠳ᠋ᠤ᠌ ᠬᠣᠶᠠᠷ ᠶᠡᠬᠡ ᠬᠠᠲᠤᠨ ᠲᠠᠨᠢ ᠪᠠᠢᠨ᠎ᠠ᠃ ᠶᠠᠭᠤᠨ ᠳ᠋ᠤ᠌ ᠰᠠᠨᠠᠭ᠎ᠠ ᠵᠣᠪᠠᠨ᠎ᠠ᠃ ᠲᠠ ᠳᠠᠬᠢᠨ ᠪᠠᠭ᠎ᠠ ᠬᠠᠲᠤᠨ ᠪᠠᠭᠤᠯᠭᠠᠭᠰᠠᠨ ᠴᠤ᠌ ᠪᠣᠯᠤᠨ᠎ᠠ᠃ ᠶᠡᠷᠦ ᠨᠢ ᠲᠠ ᠡᠷ᠎ᠡ ᠪᠡᠶ᠎ᠡ ᠶ᠋ᠢᠨ ᠴᠢᠯᠬ᠎ᠠ ᠪᠠᠭᠤᠷᠠᠭ᠎ᠠ ᠦᠭᠡᠢ ᠳᠡᠭᠡᠷ᠎ᠡ ᠳᠠᠬᠢᠨ ᠬᠠᠲᠤᠨ ᠪᠠᠭᠤᠯᠭᠠᠪᠠᠯ ᠵᠣᠬᠢᠨ᠎ᠠ᠃ ᠬᠦᠰᠡᠪᠡᠯ ᠪᠢ ᠲᠠᠨ ᠳ᠋ᠤ᠌ ᠠᠯᠲᠠᠨ ᠤᠯᠤᠰ ᠠ᠋ᠴᠠ ᠰᠤᠷᠪᠤᠯᠵᠢᠲᠤ ᠭᠦᠩᠵᠦ ᠪᠠᠭᠤᠯᠭᠠᠨ ᠠᠪᠴᠤ ᠢᠷᠡᠭᠦᠯᠦᠶ᠎ᠡ ᠭᠡᠵᠦ ᠪᠥᠷᠲᠡ ᠬᠡᠯᠡᠭᠰᠡᠨ ᠨᠢ ᠪᠦᠬᠦ ᠦᠭᠡᠨ ᠦ᠌ ᠬᠠᠷᠢᠭᠤ ᠪᠣᠯᠵᠤ ᠴᠢᠩᠭᠢᠰ ᠬᠠᠭᠠᠨ ᠢ᠋ ᠮᠤᠬᠤᠷᠳᠠᠭᠤᠯᠵᠠᠢ᠃ ᠬᠠᠷᠢᠨ ᠪᠥᠷᠲᠡ ᠶ᠋ᠢ ᠲᠥᠪ ᠤᠯᠤᠰ᠂ ᠶᠡᠬᠡ ᠦᠷᠭᠦᠭᠡᠨ ᠳ᠋ᠦ᠍ ᠡᠭᠦᠷᠢᠳᠡ ᠦᠯᠡᠳᠡᠭᠡᠬᠦ ᠬᠠᠮᠤᠭ ᠤ᠋ᠨ ᠰᠠᠢᠨ ᠠᠷᠭ᠎ᠠ ᠶ᠋ᠢ ᠴᠢᠩᠭᠢᠰ ᠬᠠᠭᠠᠨ ᠪᠣᠳᠣᠵᠤ ᠣᠯᠵᠤ ᠴᠢᠳᠠᠪᠠ᠃ ᠢᠩᠭᠢᠬᠦ ᠳ᠋ᠦ᠍ᠨᠢ ᠶᠢᠰᠦᠢ ᠶ᠋ᠢᠨ ᠬᠡᠯᠡᠭᠰᠡᠨ ᠤᠬᠠᠭᠠᠨᠲᠤ ᠦᠭᠡ ᠬᠡᠷᠡᠭ ᠪᠣᠯᠤᠭᠰᠠᠨ ᠪᠢᠯᠡ᠃《ᠪᠥᠷᠲᠡ ᠬᠠᠲᠤᠨ ᠢ᠋ ᠡᠨᠳᠡ ᠡᠭᠦᠷᠢᠳᠡ ᠦᠯᠡᠳᠡᠭᠡᠬᠦ ᠭᠠᠭᠴᠠ ᠶᠠᠭᠤᠮ᠎ᠠ ᠨᠢ ᠡᠷᠬᠡ ᠮᠠᠲᠠᠯ ᠪᠢᠵᠡ》 ᠭᠡᠵᠦ ᠶᠢᠰᠦᠢ ᠲᠤᠢᠯ ᠤ᠋ᠨ ᠡᠩ ᠦ᠋ᠨ ᠦᠨᠡᠨ ᠦᠭᠡ ᠬᠡᠯᠡᠵᠡᠢ᠃ ᠪᠥᠷᠲᠡ ᠶ᠋ᠢ ᠲᠥᠪ ᠤᠯᠤᠰ᠂ ᠶᠡᠬᠡ ᠬᠦᠷᠢᠶᠡᠨ ᠳ᠋ᠦ᠍ ᠡᠭᠦᠷᠢᠳᠡ ᠦᠯᠡᠳᠡᠭᠡᠬᠦ ᠭᠠᠭᠴᠠ ᠠᠷᠭ᠎ᠠ ᠨᠢ ᠲᠡᠭᠦᠨ ᠳ᠋ᠦ᠍ 《ᠲᠥᠷᠥ ᠶ᠋ᠢᠨ ᠶᠡᠬᠡ ᠬᠠᠲᠤᠨ》 ᠴᠣᠯᠠ ᠡᠷᠭᠦᠮᠵᠢᠯᠡᠨ᠂ ᠡᠮ᠎ᠡ ᠬᠥᠮᠦᠨ ᠡᠳ᠋ᠯᠡᠵᠦ ᠪᠠᠢᠭ᠎ᠠ ᠦᠭᠡᠢ ᠶᠡᠬᠡ ᠡᠷᠬᠡ ᠶᠠᠮᠪᠠ ᠶ᠋ᠢ ᠣᠯᠭᠣᠬᠤ ᠶᠠᠪᠤᠳᠠᠯ ᠪᠠᠢᠯ᠎ᠠ᠃ ᠡᠨᠡ ᠪᠣᠯ ᠪᠥᠷᠲᠡ ᠳ᠋ᠦ᠍ ᠬᠠᠲᠤᠨ ᠬᠠᠭᠠᠨ ᠤ᠋ ᠡᠷᠬᠡ᠂ ᠴᠣᠯᠠ ᠬᠡᠷᠬᠡᠮ ᠣᠯᠭᠣᠭᠰᠠᠨ ᠬᠡᠷᠡᠭ ᠪᠢᠯᠡ᠃ ᠶᠡᠬᠡ ᠮᠣᠩᠭᠣᠯ ᠤᠯᠤᠰ ᠢ᠋ᠶ᠋ᠠᠨ ᠪᠦᠲᠦᠨ ᠪᠦᠷᠢᠨ ᠪᠠᠢᠯᠭᠠᠬᠤ ᠶ᠋ᠢᠨ ᠲᠤᠯᠠᠳᠠ ᠴᠢᠩᠭᠢᠰ ᠬᠠᠭᠠᠨ ᠳ᠋ᠤ᠌ ᠡᠭᠦᠨ ᠡᠴᠡ ᠥᠭᠡᠷ᠎ᠡ ᠰᠠᠢᠨ ᠠᠷᠭ᠎ᠠ ᠣᠯᠳᠠᠭᠰᠠᠨ ᠦᠭᠡᠢ᠃ ᠬᠠᠷᠢᠨ ᠭᠠᠢᠬᠠᠯᠲᠠᠢ ᠨᠢ ᠴᠢᠩᠭᠢᠰ ᠬᠠᠭᠠᠨ ᠤ᠋ ᠡᠨᠡ ᠵᠠᠷᠯᠢᠭ ᠢ᠋ ᠪᠥᠷᠲᠡ ᠲᠤᠢᠯ ᠤ᠋ᠨ ᠲᠠᠯᠠᠷᠬᠠᠯᠲᠠᠢ ᠪᠠᠷ ᠳᠣᠭᠳᠣᠯᠤᠨ ᠬᠦᠯᠢᠶᠡᠨ ᠠᠪᠤᠪᠠ᠃ ᠶᠡᠷᠦ ᠨᠢ ᠡᠨᠡ ᠶᠡᠬᠡ ᠴᠣᠯᠠ ᠬᠡᠷᠬᠡᠮ ᠪᠥᠷᠲᠡ ᠶ᠋ᠢᠨ ᠵᠣᠪᠠᠵᠤ ᠵᠦᠳᠡᠭᠰᠡᠨ ᠠᠮᠢᠳᠤᠷᠠᠯ᠂ ᠪᠦᠲᠦᠭᠡᠵᠦ ᠬᠢᠭᠰᠡᠨ ᠭᠠᠪᠢᠶᠠᠨ ᠳ᠋ᠤ᠌ ᠶᠠᠭ ᠳ᠋ᠦᠢ᠍ᠴᠡᠭᠰᠡᠨ ᠬᠡᠷᠡᠭ ᠪᠠᠢᠭᠰᠠᠨ ᠨᠢ ᠴᠢᠩᠭᠢᠰ ᠬᠠᠭᠠᠨ ᠤ᠋ ᠡᠨᠡ ᠵᠠᠷᠯᠢᠭ ᠢ᠋ ᠣᠯᠠᠨ ᠪᠦᠭᠦᠳᠡᠭᠡᠷ ᠨᠢᠭᠡᠨ ᠳᠠᠭᠤ ᠪᠠᠷ ᠲᠠᠯᠠᠷᠬᠠᠨ ᠤᠭᠲᠤᠭᠰᠠᠨ ᠢ᠋ᠶ᠋ᠠᠷ ᠪᠠᠲᠤᠯᠠᠭᠳᠠᠪᠠ᠃ ᠴᠢᠩᠭᠢᠰ ᠬᠠᠭᠠᠨ ᠤ᠋ ᠡᠨᠡ ᠵᠠᠷᠯᠢᠭ ᠶᠠᠭ ᠨᠢᠳᠦ ᠪᠡᠨ ᠣᠯᠤᠭᠰᠠᠨ ᠵᠥᠪ ᠬᠡᠷᠡᠭ ᠪᠠᠢᠪᠠ᠃ ᠨᠢᠭᠡ ᠲᠠᠯ᠎ᠠ ᠠ᠋ᠴᠠ ᠳᠥᠷᠪᠡᠨ ᠬᠥᠪᠡᠭᠦᠨ ᠲᠥᠷᠥᠭᠦᠯᠵᠦ᠂ ᠥᠰᠬᠡᠨ ᠬᠥᠮᠦᠵᠢᠭᠦᠯᠵᠦ ᠲᠥᠷᠥ ᠤᠯᠤᠰ ᠲᠠᠭᠠᠨ ᠵᠢᠳᠬᠦᠭᠦᠯᠦᠭᠰᠡᠨ ᠲᠡᠭᠦᠨ ᠦ᠌ ᠶᠡᠬᠡ ᠭᠠᠪᠢᠶᠠᠨ ᠳ᠋ᠤ᠌ ᠡᠨᠡ ᠴᠣᠯᠠ ᠶᠠᠭ ᠲᠠᠭᠠᠷᠠᠵᠤ ᠬᠤᠷᠠᠭᠰᠠᠨ ᠣᠯᠠᠨ ᠢ᠋ ᠲᠡᠷᠡ ᠳᠤᠮᠳᠠ ᠪᠠᠨ ᠪᠥᠷᠲᠡ ᠶ᠋ᠢ ᠪᠠᠶᠠᠷᠯᠠᠭᠤᠯᠪᠠ᠃ ᠲᠡᠢᠨ ᠳᠣᠯᠣᠭᠠᠨ ᠬᠢᠵᠦ ᠡᠵᠡᠭᠦᠢ ᠪᠠᠢᠭᠰᠠᠨ ᠣᠯᠠᠨ ᠵᠢᠯ ᠦ᠋ᠳ ᠲᠦ᠍ ᠪᠥᠷᠲᠡ ᠨᠤᠲᠤᠭ ᠤ᠋ᠨ ᠦᠯᠡᠳᠡᠭᠰᠡᠨ ᠣᠯᠠᠨ ᠲᠦᠮᠡᠨ ᠦ᠌ ᠳᠤᠮᠳᠠ ᠶᠠᠮᠠᠷᠬᠠᠨ ᠶᠡᠬᠡ ᠨᠡᠷ᠎ᠡ ᠬᠦᠨᠳᠦ ᠲᠡᠢ ᠪᠣᠯᠵᠤ ᠲᠥᠪ ᠤᠯᠤᠰ ᠢ᠋ᠶ᠋ᠠᠨ ᠲᠦᠪᠰᠢᠨ ᠠᠮᠤᠷ ᠪᠠᠢᠯᠭᠠᠬᠤ ᠶ᠋ᠢᠨ ᠲᠥᠯᠥᠭᠡ ᠬᠢᠴᠢᠶᠡᠨ ᠶᠡᠬᠡ ᠶ᠋ᠢ ᠬᠢᠭᠰᠡᠨ ᠢ᠋ ᠳᠠᠪᠬᠤᠷ ᠪᠠᠲᠤᠯᠠᠨ ᠬᠠᠷᠠᠭᠤᠯᠵᠠᠢ᠃ ᠪᠠᠰᠠ ᠲᠥᠷᠥ ᠶ᠋ᠢᠨ ᠶᠡᠬᠡ ᠬᠠᠲᠤᠨ ᠤ᠋ ᠶᠣᠰᠣᠭᠠᠷ ᠲᠥᠪ ᠤᠯᠤᠰ ᠲᠠᠭᠠᠨ ᠵᠠᠯᠠᠷᠠᠨ ᠰᠠᠭᠤᠬᠤ ᠠ᠋ᠴᠠ ᠥᠭᠡᠷ᠎ᠡ ᠠᠷᠭ᠎ᠠ ᠪᠥᠷᠲᠡ ᠳ᠋ᠦ᠍ ᠦᠯᠡᠳᠡᠭᠰᠡᠨ ᠦᠭᠡᠢ᠃ ᠢᠩᠭᠢᠭᠰᠡᠨ ᠢ᠋ᠶ᠋ᠡᠷ ᠤᠯᠤᠰ ᠤ᠋ᠨ ᠳᠣᠲᠣᠷ᠎ᠠ ᠬᠠᠭᠠᠷᠠᠯ ᠡᠭᠦᠰᠬᠦ ᠡᠴᠡ ᠰᠡᠷᠭᠡᠢᠯᠡᠵᠦ ᠪᠠᠲᠤ ᠪᠣᠯᠤᠭᠠᠳ ᠵᠥᠴᠢ ᠶ᠋ᠢᠨ ᠤᠯᠤᠰ ᠢ᠋ ᠪᠥᠷᠲᠡ ᠡᠴᠡ ᠰᠠᠯᠭᠠᠨ ᠠᠪᠴᠤ ᠴᠢᠳᠠᠪᠠ᠃ ᠪᠠᠲᠤ ᠡᠮᠡᠭᠡ ᠡᠬᠡ ᠳ᠋ᠡᠭᠡᠨ ᠲᠤᠢᠯ ᠤ᠋ᠨ ᠬᠠᠯᠠᠭᠤᠨ ᠳᠣᠲᠣᠨᠣ ᠰᠡᠳᠬᠢᠯ ᠢ᠋ᠶ᠋ᠡᠷ ᠬᠠᠨᠳᠤᠳᠠᠭ ᠨᠢ ᠬᠡᠨ ᠬᠥᠮᠦᠨ ᠳ᠋ᠦ᠍ ᠢᠯᠡᠷᠬᠡᠢ ᠪᠥᠭᠡᠳ ᠬᠡᠷᠪᠡ ᠠᠯᠢᠪᠠ ᠳ᠋ᠤ᠌ ᠤᠬᠠᠭᠠᠨ ᠰᠡᠢᠷᠡᠭ᠂ ᠣᠯᠠᠨ ᠳᠠᠪᠬᠤᠷ ᠰᠠᠨᠠᠭ᠎ᠠ ᠪᠣᠳᠣᠯ ᠲᠠᠢ᠂ ᠨᠡᠷ᠎ᠡ ᠬᠦᠨᠳᠦ ᠨᠥᠯᠥᠭᠡ ᠶᠡᠬᠡᠲᠡᠢ ᠪᠥᠷᠲᠡ ᠬᠠᠲᠤᠨ ᠪᠠᠲᠤ ᠶ᠋ᠢᠨ ᠳᠡᠷᠭᠡᠳᠡ ᠰᠠᠭᠤᠪᠠᠯ ᠬᠡᠷᠡᠭ ᠤᠴᠢᠷ ᠬᠠᠮᠢᠭᠠᠰᠢ ᠪᠠᠨ ᠴᠤ᠌ ᠡᠷᠭᠢᠵᠦ ᠮᠡᠳᠡᠨ᠎ᠡ ᠭᠡᠵᠦ ᠴᠢᠩᠭᠢᠰ ᠬᠠᠭᠠᠨ ᠬᠠᠮᠤᠭ ᠤ᠋ᠨ ᠶᠡᠬᠡ ᠪᠡᠷ ᠪᠣᠯᠭᠣᠮᠵᠢᠯᠠᠵᠤ ᠪᠠᠢᠪᠠ᠃ 
       ᠪᠥᠷᠲᠡ ᠬᠠᠲᠤᠨ ᠲᠠᠢ ᠪᠠᠨ ᠳᠠᠢᠰᠤᠩᠨᠠᠯᠴᠠᠬᠤ ᠠ᠋ᠴᠠ ᠲᠣᠭᠣᠷᠢᠨ ᠭᠠᠷᠬᠤ ᠶ᠋ᠢ ᠲᠡᠷᠡ ᠴᠢᠷᠮᠠᠢᠵᠤ ᠪᠠᠢᠯ᠎ᠠ᠃ ᠪᠥᠷᠲᠡ ᠨᠢᠭᠡ ᠡᠪᠳᠡᠷᠡᠯᠴᠡᠨ ᠮᠠᠭᠤᠳᠠᠯᠴᠠᠪᠠᠯ ᠬᠠᠮᠤᠭ ᠤ᠋ᠨ ᠠᠶᠤᠯ ᠲᠠᠢ ᠳᠡᠢᠯᠳᠡᠰᠢ ᠦᠭᠡᠢ ᠳᠠᠢᠰᠤᠨ ᠪᠣᠯᠤᠨ᠎ᠠ ᠭᠡᠳᠡᠭ ᠢ᠋ ᠲᠡᠷᠡ ᠰᠠᠢᠨ ᠮᠡᠳᠡᠬᠦ ᠪᠢᠯᠡ᠃ ᠢᠩᠭᠢᠵᠦ ᠪᠣᠳᠣᠬᠤ ᠳ᠋ᠤ᠌ ᠬᠦᠷᠭᠡᠭᠰᠡᠨ ᠣᠯᠠᠨ ᠲᠣᠬᠢᠶᠠᠯ ᠪᠣᠢ ᠶᠤᠮ᠃ ᠵᠠᠮᠤᠬ᠎ᠠ᠂ ᠳᠠᠪ ᠲᠩᠷᠢ ᠪᠥᠬᠡ᠂ ᠬᠠᠰᠠᠷ ᠭᠡᠳ ᠲᠡᠮᠦᠵᠢᠨ ᠦ᠌ ᠵᠠᠮ ᠵᠠᠭᠤᠷ᠎ᠠ ᠤᠴᠠᠷᠠᠭᠰᠠᠨ ᠳᠠᠢᠰᠤᠨ ᠨᠤᠭᠤᠳ ᠢ᠋ ᠵᠠᠢᠯᠠᠭᠤᠯᠬᠤ ᠳ᠋ᠤ᠌ ᠴᠢᠩ ᠦᠨᠡᠨ ᠢ᠋ᠶ᠋ᠡᠷ ᠰᠡᠷᠡᠮᠵᠢᠯᠡᠨ ᠬᠡᠯᠡᠵᠦ ᠲᠡᠳᠡᠨ ᠢ᠋ ᠳᠠᠷᠤᠬᠤ ᠤᠷᠠᠨ ᠠᠷᠭ᠎ᠠ ᠶ᠋ᠢ ᠡᠷᠢᠯᠬᠢᠯᠡᠨ ᠲᠤᠰᠠᠯᠠᠭᠰᠠᠨ ᠬᠥᠮᠦᠨ ᠪᠣᠯ ᠪᠥᠷᠲᠡ ᠶᠦᠮ᠃ ᠲᠡᠮᠦᠵᠢᠨ ᠳᠠᠢᠰᠤᠨ ᠤ᠋ ᠪᠠᠨ ᠡᠮᠦᠨ᠎ᠡ ᠬᠦᠴᠦᠨ ᠮᠡᠬᠦᠰᠳᠡᠨ ᠰᠢᠬᠠᠭᠳᠠᠬᠤ ᠶᠠᠭ ᠡᠢᠮᠦ ᠦᠶ᠎ᠡ ᠳ᠋ᠦ᠍ ᠪᠥᠷᠲᠡ ᠶ᠋ᠢᠨ ᠭᠡᠮ ᠦᠭᠡᠢ ᠲᠠᠢᠪᠤᠩ ᠵᠠᠩ ᠲᠥᠷᠬᠦ ᠶ᠋ᠢᠨ ᠴᠠᠭᠠᠨ᠎ᠠ ᠨᠢᠭᠤᠭᠳᠠᠨ ᠪᠠᠢᠳᠠᠭ ᠭᠦᠨᠵᠡᠭᠡᠢ ᠤᠬᠠᠭᠠᠨ᠂ ᠬᠡᠵᠢᠶ᠎ᠡ ᠴᠦ᠍ ᠳᠡᠢᠯᠳᠡᠬᠦ ᠶ᠋ᠢ ᠦᠯᠦ ᠬᠦᠰᠡᠬᠦ ᠬᠠᠲᠠᠭᠤ ᠵᠣᠷᠢᠭ ᠲᠡᠪᠴᠢᠶᠡᠷᠢ ᠬᠤᠷᠴᠠ ᠢᠯᠡᠷᠡᠨ ᠭᠠᠷᠳᠠᠭ ᠪᠠᠢᠪᠠ᠃ ᠪᠥᠷᠲᠡ ᠨᠠᠰᠤᠨ ᠲᠤᠷᠰᠢ ᠳ᠋ᠠᠭᠠᠨ ᠲᠡᠮᠦᠵᠢᠨ ᠦ᠌ ᠳᠠᠢᠰᠤᠨ ᠨᠤᠭᠤᠳ ᠲᠠᠢ ᠥᠪᠡᠷ ᠦ᠋ᠨ ᠰᠤᠷᠤᠭᠰᠠᠨ ᠠᠷᠭ᠎ᠠ ᠪᠠᠷ ᠢᠯᠡ ᠳᠠᠯᠳᠠ ᠲᠡᠮᠡᠴᠡᠵᠦ᠂ ᠲᠡᠭᠦᠨ ᠳ᠋ᠦ᠍ ᠲᠤᠰᠠᠯᠠᠭᠰᠠᠭᠠᠷ ᠢᠷᠡᠭᠰᠡᠨ ᠨᠢ ᠤᠭ ᠲᠠᠭᠠᠨ ᠶᠡᠬᠡ ᠮᠣᠩᠭᠣᠯ ᠤᠯᠤᠰ ᠤ᠋ᠨ ᠲᠥᠯᠥᠭᠡ ᠵᠢᠳᠬᠦᠭᠰᠡᠨ ᠬᠡᠷᠡᠭ ᠭᠡᠳᠡᠭ ᠢ᠋ ᠮᠡᠳᠡᠬᠦ ᠲᠤᠯᠠ ᠴᠢᠩᠭᠢᠰ ᠬᠠᠭᠠᠨ ᠪᠥᠷᠲᠡ ᠶ᠋ᠢ ᠶᠡᠬᠡᠳᠡ ᠬᠦᠨᠳᠦᠳᠬᠡᠨ ᠦᠵᠡᠬᠦ ᠪᠥᠯᠥᠭᠡ᠃ ᠬᠠᠮᠤᠭ ᠤ᠋ᠨ ᠡᠴᠦᠰ ᠦ᠋ᠨ ᠮᠥᠴᠡ ᠳ᠋ᠦ᠍ ᠰᠡᠳᠬᠢᠯ ᠦ᠋ᠨ ᠢ᠋ᠶ᠋ᠡᠨ ᠮᠤᠬᠤᠷ ᠤ᠋ᠨ ᠨᠢᠭᠤᠴᠠ ᠶ᠋ᠢ ᠢᠳᠡᠭᠡᠨ ᠬᠡᠯᠡᠬᠦ ᠳ᠋ᠦ᠍ ᠡᠷᠡᠭᠡᠯᠵᠡᠬᠦ ᠦᠭᠡᠢ ᠪᠡᠷ ᠶᠠᠭᠤ ᠬᠢ ᠭᠡᠰᠡᠨ ᠢ᠋ ᠬᠢᠬᠦ ᠬᠥᠮᠦᠨ ᠪᠣᠯ ᠪᠥᠷᠲᠡ ᠭᠡᠳᠡᠭ ᠢ᠋ ᠴᠢᠩᠭᠢᠰ ᠬᠠᠭᠠᠨ ᠰᠠᠢᠨ ᠮᠡᠳᠡᠨ᠎ᠡ᠃ ᠡᠢᠮᠦ ᠴᠦ᠍ ᠤᠴᠢᠷ ᠠ᠋ᠴᠠ ᠬᠠᠮᠤᠭ ᠤ᠋ᠨ ᠬᠦᠴᠦᠷᠬᠡᠭ ᠨᠥᠬᠥᠷ ᠢ᠋ᠶ᠋ᠡᠨ ᠥᠷᠢᠰᠦᠯᠳᠦᠭᠴᠢ ᠪᠦᠷ ᠮᠠᠭᠤ ᠪᠠᠷ ᠡᠷᠭᠢᠪᠡᠯ ᠳᠠᠢᠰᠤᠨ ᠢ᠋ᠶ᠋ᠠᠨ ᠪᠣᠯᠭᠠᠨ ᠬᠤᠪᠢᠷᠠᠭᠠᠬᠤ ᠶ᠋ᠢ ᠴᠢᠩᠭᠢᠰ ᠬᠠᠭᠠᠨ ᠬᠦᠰᠡᠭᠰᠡᠨ ᠦᠭᠡᠢ᠃ ᠪᠥᠷᠲᠡ ᠶ᠋ᠢᠨ ᠬᠦᠰᠡᠯ ᠢ᠋ ᠦᠭᠡ ᠳᠠᠭᠤ ᠦᠭᠡᠢ ᠪᠡᠶᠡᠯᠡᠭᠦᠯᠦᠨ ᠲᠡᠭᠦᠨ ᠳ᠋ᠦ᠍ ᠪᠠᠭᠤᠵᠤ ᠥᠭᠬᠦ ᠵᠠᠮ ᠢ᠋ᠶ᠋ᠠᠷ ᠢᠯᠡᠷᠬᠡᠢ ᠰᠦᠷᠭᠦᠯᠳᠦᠭᠡᠨ ᠡᠴᠡ ᠲᠣᠭᠣᠷᠢᠨ ᠭᠠᠷᠬᠤ ᠵᠠᠮ ᠢ᠋ ᠰᠣᠩᠭᠣᠨ ᠠᠪᠤᠭᠰᠠᠨ ᠨᠢ ᠵᠥᠪ ᠪᠣᠯᠵᠠᠢ᠃ ᠪᠥᠷᠲᠡ ᠳ᠋ᠦ᠍ 《ᠲᠥᠷᠥ ᠶ᠋ᠢᠨ ᠶᠡᠬᠡ ᠬᠠᠲᠤᠨ》 ᠴᠣᠯᠠ ᠡᠷᠭᠦᠮᠵᠢᠯᠡᠬᠦ ᠵᠠᠷᠯᠢᠭ ᠪᠠᠭᠤᠯᠭᠠᠵᠤ ᠲᠦᠮᠡᠨ ᠣᠯᠠᠨ ᠳ᠋ᠤ᠌ ᠲᠤᠩᠬᠠᠭᠯᠠᠭᠰᠠᠨ ᠤ᠋ ᠳᠠᠷᠠᠭᠠᠬᠠᠨ ᠲᠡᠭᠦᠨ ᠢ᠋ ᠺᠠᠰᠫᠢ ᠶ᠋ᠢᠨ ᠲᠠᠩᠭᠢᠰ ᠤ᠋ᠨ ᠵᠦᠭ ᠶᠡᠬᠡ ᠬᠦᠷᠢᠶ᠎ᠡ ᠳᠠᠶᠠᠭᠠᠷ ᠦᠳᠡᠨ ᠭᠠᠷᠭᠠᠵᠤ ᠥᠭᠪᠡ᠃ ᠶᠡᠬᠡ ᠲᠣᠷᠭᠠᠨ ᠴᠡᠷᠢᠭ ᠢ᠋ ᠪᠦᠷᠢᠨ ᠢ᠋ᠶ᠋ᠡᠷ ᠵᠢᠭᠰᠠᠭᠠᠵᠤ ᠶᠣᠰᠣᠯᠠᠭᠰᠠᠨ ᠨᠢ ᠶᠡᠷᠦ ᠤᠷᠢᠳ ᠡᠮᠦᠨ᠎ᠡ ᠪᠣᠯᠵᠤ ᠪᠠᠢᠭ᠎ᠠ ᠦᠭᠡᠢ ᠶᠠᠪᠤᠳᠠᠯ ᠪᠠᠢᠯ᠎ᠠ᠃ ᠵᠠᠮ ᠵᠠᠭᠤᠷ᠎ᠠ ᠶ᠋ᠢᠨ ᠤᠯᠤᠰ ᠬᠣᠲᠠ ᠨᠤᠭᠤᠳ ᠲᠤ᠌ ᠲᠡᠭᠦᠨ ᠢ᠋ ᠴᠢᠩᠭᠢᠰ ᠬᠠᠭᠠᠨ ᠤ᠋ ᠠᠳᠠᠯᠢ ᠤᠭᠲᠤᠨ ᠠᠪᠴᠤ᠂ ᠦᠳᠡᠵᠦ ᠭᠠᠷᠭᠠᠬᠤ ᠵᠠᠷᠯᠢᠭ ᠢ᠋ ᠤᠷᠢᠳᠴᠢᠯᠠᠨ ᠬᠦᠷᠭᠡᠵᠦ ᠪᠡᠯᠡᠳᠦᠨ ᠬᠠᠷᠢᠭᠤᠴᠠᠬᠤ ᠨᠣᠶᠠᠳ ᠢ᠋ ᠲᠣᠮᠢᠯᠠᠨ ᠢᠯᠡᠭᠡᠵᠡᠢ᠃ ᠬᠠᠷᠢᠨ ᠪᠥᠷᠲᠡ ᠬᠠᠲᠤᠨ ᠪᠠᠲᠤ ᠶ᠋ᠢᠨ ᠳᠡᠷᠭᠡᠳᠡ ᠰᠠᠷ᠎ᠠ ᠠ᠋ᠴᠠ ᠢᠯᠡᠭᠦᠦ ᠰᠠᠭᠤᠬᠤ ᠡᠷᠬᠡ ᠦᠭᠡᠢ ᠪᠣᠯᠵᠠᠢ᠃ ᠤᠴᠢᠷ ᠨᠢ ᠨᠠᠮᠤᠷ ᠤ᠋ᠨ ᠡᠬᠢᠨ ᠰᠠᠷ᠎ᠠ ᠶ᠋ᠢᠨ ᠠᠷᠪᠠᠨ ᠲᠠᠪᠤᠨ ᠤ᠋ ᠰᠠᠢᠨ ᠡᠳᠦᠷ ᠤᠯᠤᠰ ᠳᠠᠶᠠᠭᠠᠷ ᠶᠡᠬᠡ ᠶᠣᠰᠣᠯᠠᠯ ᠦᠢᠯᠡᠳᠴᠦ ᠪᠥᠷᠲᠡ ᠶ᠋ᠢ ᠶᠡᠬᠡ ᠮᠣᠩᠭᠣᠯ ᠤᠯᠤᠰ ᠤ᠋ᠨ ᠲᠥᠷᠥ ᠶ᠋ᠢᠨ ᠶᠡᠬᠡ ᠬᠠᠲᠤᠨ ᠢ᠋ᠶ᠋ᠠᠷ ᠡᠷᠭᠦᠮᠵᠢᠯᠡᠨ ᠵᠠᠯᠠᠬᠤ ᠪᠠᠷ ᠲᠣᠪᠯᠠᠵᠤ ᠶᠡᠬᠡ ᠬᠤᠷᠠᠯᠲᠠᠢ ᠶ᠋ᠢ ᠵᠠᠷᠯᠠᠭᠰᠠᠨ ᠵᠠᠷᠯᠢᠭ ᠢ᠋ ᠴᠢᠩᠭᠢᠰ ᠬᠠᠭᠠᠨ ᠪᠠᠭᠤᠯᠭᠠᠵᠠᠢ᠃ ᠪᠥᠷᠲᠡ ᠢᠩᠭᠢᠵᠦ ᠲᠥᠷᠥ ᠶ᠋ᠢᠨ ᠶᠡᠬᠡ ᠨᠢᠳᠤᠷᠭ᠎ᠠ ᠶ᠋ᠢᠨ ᠳᠣᠣᠷ᠎ᠠ ᠠ᠋ᠴᠠ ᠬᠡᠵᠢᠶ᠎ᠡ ᠴᠦ᠍ ᠭᠠᠷᠬᠤ ᠦᠭᠡᠢ ᠪᠡᠷ ᠪᠠᠷᠢᠭᠳᠠᠪᠠ᠃ ᠪᠥᠷᠲᠡ ᠰᠡᠳᠬᠢᠯ ᠲᠡᠨᠢᠭᠦᠨ ᠵᠠᠮ ᠳ᠋ᠤ᠌ ᠭᠠᠷᠴᠠᠢ᠃ ᠲᠡᠭᠦᠨ ᠢ᠋ ᠪᠤᠭᠤᠷᠴᠢ ᠶ᠋ᠢᠨ ᠡᠷᠭᠦᠮᠵᠢᠯᠡᠯ ᠬᠥᠪᠡᠭᠦᠨ ᠬᠡᠷᠡᠭᠡ ᠥᠪᠡᠷ ᠦ᠋ᠨ ᠮᠢᠩᠭᠠᠲᠤ ᠶ᠋ᠢᠨ ᠬᠠᠮᠲᠤ ᠬᠠᠮᠠᠭᠠᠯᠠᠨ ᠳᠠᠭᠠᠯᠳᠤᠵᠠᠢ᠃ ᠴᠢᠩᠭᠢᠰ ᠬᠠᠭᠠᠨ ᠵᠥᠴᠢ ᠶ᠋ᠢᠨ ᠦᠬᠦᠯ ᠡᠴᠡ ᠪᠣᠯᠤᠭᠠᠳ ᠪᠥᠷᠲᠡ ᠶ᠋ᠢᠨ ᠰᠠᠨᠠᠭ᠎ᠠ ᠰᠡᠳᠬᠢᠯ ᠳ᠋ᠦ᠍ ᠭᠠᠷᠤᠭᠰᠠᠨ ᠬᠤᠪᠢᠷᠠᠯ ᠢ᠋ ᠠᠶᠠᠲᠠᠢ ᠰᠠᠢᠨ ᠢ᠋ᠶ᠋ᠠᠷ ᠵᠣᠬᠢᠴᠠᠭᠤᠯᠵᠤ ᠴᠢᠳᠠᠭᠰᠠᠨ ᠳ᠋ᠠᠭᠠᠨ ᠪᠠᠶᠠᠷᠲᠠᠢ ᠪᠠᠢᠯ᠎ᠠ᠃ 
       ᠪᠥᠷᠲᠡ ᠶ᠋ᠢ ᠶᠠᠪᠤᠬᠤ ᠠ᠋ᠴᠠ ᠬᠡᠳᠦ ᠬᠣᠨᠣᠭ ᠤ᠋ᠨ ᠡᠮᠦᠨ᠎ᠡ ᠪᠤᠭᠤᠷᠴᠢ᠂ ᠠᠯᠲᠠᠢ ᠶ᠋ᠢᠨ ᠥᠪᠥᠷ ᠲᠦ᠍ ᠪᠠᠢᠬᠤ ᠥᠪᠡᠷ ᠦ᠋ᠨ ᠬᠦᠷᠢᠶᠡᠨ ᠡᠴᠡ ᠴᠢᠩᠭᠢᠰ ᠬᠠᠭᠠᠨ ᠤ᠋ ᠲᠥᠪ ᠬᠦᠷᠢᠶᠡᠨ ᠳ᠋ᠦ᠍ ᠡᠷᠭᠢᠨ ᠢᠷᠡᠵᠡᠢ᠃ ᠴᠢᠩᠭᠢᠰ ᠬᠠᠭᠠᠨ ᠲᠡᠭᠦᠨ ᠡᠴᠡ ᠵᠥᠴᠢ ᠶ᠋ᠢᠨ ᠦᠬᠦᠯ ᠦ᠋ᠨ ᠲᠤᠬᠠᠢ ᠲᠣᠳᠣᠷᠠᠭᠤᠯᠤᠨ ᠠᠰᠠᠭᠤᠵᠤ ᠵᠢᠷᠦᠬᠡᠯᠡᠭᠰᠡᠨ ᠦᠭᠡᠢ ᠪᠠᠢᠭᠰᠠᠭᠠᠷ ᠡᠳᠦᠢ ᠬᠦᠷᠴᠡᠢ᠃ ᠬᠦᠨᠳᠦ ᠡᠪᠡᠳᠴᠢᠨ ᠳ᠋ᠦ᠍ ᠨᠡᠷᠪᠡᠭᠳᠡᠭᠰᠡᠨ ᠵᠥᠴᠢ ᠬᠥᠪᠡᠭᠦᠨ ᠢ᠋ᠶ᠋ᠡᠨ ᠬᠡᠲᠦᠷᠬᠡᠢ ᠶᠡᠬᠡ ᠪᠡᠷ ᠬᠠᠷᠠᠳᠠᠨ ᠪᠤᠭᠤᠷᠴᠢ ᠳ᠋ᠤ᠌ ᠣᠯᠠᠨ ᠦᠭᠡ ᠬᠡᠯᠡᠭᠰᠡᠨ ᠳ᠋ᠡᠭᠡᠨ ᠴᠢᠩᠭᠢᠰ ᠬᠠᠭᠠᠨ ᠶᠡᠬᠡᠳᠡ ᠬᠠᠷᠠᠮᠰᠠᠨ ᠭᠡᠮᠰᠢᠭᠰᠡᠭᠡᠷ ᠪᠠᠢᠭᠰᠠᠨ ᠲᠤᠯᠠ ᠢᠩᠭᠢᠵᠡᠢ᠃ ᠬᠠᠷᠢᠨ ᠣᠳᠣ ᠲᠡᠷᠡ ᠪᠡᠷ ᠡᠨᠡ ᠶᠠᠪᠤᠳᠠᠯ ᠢ᠋ ᠣᠷᠣ ᠲᠠᠰᠤ ᠮᠠᠷᠲᠠᠬᠤ ᠶ᠋ᠢ ᠬᠦᠰᠡᠵᠦ ᠪᠠᠢᠪᠠ᠃ ᠪᠤᠭᠤᠷᠴᠢ ᠶ᠋ᠢ ᠢᠷᠡᠮᠡᠭᠴᠡ ᠰᠢᠳᠠᠷ ᠤ᠋ᠳ ᠢ᠋ᠶ᠋ᠠᠨ ᠴᠤᠭᠯᠠᠭᠤᠯᠤᠨ ᠴᠡᠷᠢᠭ ᠦ᠋ᠨ ᠵᠥᠪᠯᠡᠯᠭᠡᠨ ᠬᠢᠵᠦ ᠴᠢᠩᠭᠢᠰ ᠬᠠᠭᠠᠨ ᠤ᠋ ᠬᠦᠰᠡᠭᠰᠡᠨ ᠢ᠋ᠶ᠋ᠡᠷ ᠲᠠᠩᠭᠤᠳ ᠢ᠋ ᠬᠡᠷᠬᠢᠬᠦ ᠲᠤᠬᠠᠢ ᠤᠳᠠᠲᠠᠯ᠎ᠠ ᠵᠥᠪᠯᠡᠯᠳᠦᠵᠡᠢ᠃ ᠪᠤᠭᠤᠷᠴᠢ ᠬᠡᠳᠦᠢ ᠪᠡᠷ ᠲᠠᠩᠭᠤᠳ ᠤᠷᠤᠭᠤ ᠴᠡᠷᠢᠭ ᠣᠷᠣᠭᠤᠯᠬᠤ ᠶ᠋ᠢ ᠠᠵᠠᠨᠠᠬᠤ ᠬᠦᠰᠡᠯ ᠲᠡᠢ ᠪᠠᠢᠭᠰᠠᠨ ᠴᠤ᠌ ᠴᠢᠩᠭᠢᠰ ᠬᠠᠭᠠᠨ ᠥᠪᠡᠷ ᠦ᠋ᠨ ᠪᠣᠳᠣᠯ ᠠ᠋ᠴᠠ ᠤᠬᠤᠷᠢᠭᠰᠠᠨ ᠦᠭᠡᠢ᠃ ᠢᠩᠭᠢᠬᠦ ᠰᠢᠯᠲᠠᠭᠠᠨ ᠴᠢᠩᠭᠢᠰ ᠬᠠᠭᠠᠨ ᠳ᠋ᠤ᠌ ᠪᠠᠢᠭᠰᠠᠨ ᠪᠢᠯᠡ᠃ ᠬᠣᠷᠽᠸᠮ ᠠ᠋ᠴᠠ ᠪᠤᠴᠠᠵᠤ ᠢᠷᠡᠭᠡᠳ ᠪᠦᠬᠦ ᠴᠡᠷᠢᠭ ᠢ᠋ ᠣᠷᠣᠨ ᠭᠡᠷ ᠲᠦ᠋ᠨᠢ ᠲᠠᠷᠬᠠᠭᠠᠵᠤ᠂ ᠪᠦᠷ ᠲᠣᠷᠭᠠᠨ ᠴᠡᠷᠢᠭ ᠦ᠋ᠨ ᠶᠡᠬᠡᠩᠬᠢ ᠨᠢ ᠭᠡᠷ ᠭᠡᠷ ᠲᠡᠭᠡᠨ ᠲᠦᠷ ᠬᠤᠭᠤᠴᠠᠭ᠎ᠠ ᠪᠠᠷ ᠣᠳᠴᠠᠢ᠃ ᠢᠩᠭᠢᠬᠦ ᠡᠴᠡ ᠥᠭᠡᠷ᠎ᠡ ᠠᠷᠭ᠎ᠠ ᠪᠠᠢᠭᠰᠠᠨ ᠦᠭᠡᠢ᠃ ᠪᠦᠲᠦᠨ ᠵᠢᠷᠭᠤᠭ᠎ᠠ᠂ ᠳᠣᠯᠣᠭᠠᠨ ᠵᠢᠯ ᠳᠠᠢᠳᠤᠵᠤ ᠶᠠᠳᠠᠷᠠᠭᠰᠠᠨ ᠴᠡᠷᠢᠭ ᠦ᠋ᠳ ᠲᠦ᠍ ᠠᠮᠠᠷᠠᠬᠤ᠂ ᠠᠷᠤ ᠭᠡᠷ᠂ ᠡᠮᠡᠰ ᠬᠡᠦᠬᠡᠳ ᠲᠡᠢ ᠪᠡᠨ ᠬᠥᠮᠦᠨ ᠰᠢᠭ ᠠᠮᠢᠳᠤᠷᠠᠬᠤ ᠬᠦᠰᠡᠯ ᠳᠦᠭᠦᠷᠡᠩ ᠪᠠᠢᠪᠠ᠃ ᠶᠡᠬᠡ ᠮᠣᠩᠭᠣᠯ ᠤᠯᠤᠰ ᠳᠠᠶᠠᠭᠠᠷ ᠠᠮᠤᠷ ᠲᠠᠢᠪᠤᠩ ᠴᠠᠭ ᠡᠬᠢᠯᠡᠵᠦ᠂ ᠬᠠᠭᠠᠴᠠᠯ ᠬᠠᠷᠠᠮᠰᠠᠯ ᠤ᠋ᠨ ᠨᠢᠯᠪᠤᠰᠤ ᠬᠠᠳᠠᠵᠠᠢ᠃ ᠲᠡᠢᠨ ᠦ᠌ ᠣᠯᠵᠠ ᠣᠮᠣᠭ ᠭᠡᠷ ᠪᠦᠬᠦᠨ ᠳ᠋ᠦ᠍ ᠳᠦᠭᠦᠷᠡᠩ ᠪᠠᠢᠭᠰᠠᠨ ᠨᠢ ᠲᠡᠳᠡᠨ ᠦ᠌ ᠠᠮᠢᠳᠤᠷᠠᠯ ᠢ᠋ ᠤᠯᠠᠮ ᠴᠤ᠌ ᠠᠮᠤᠷ ᠠᠮᠤᠭᠤᠯᠠᠩ᠂ ᠠᠵᠠ ᠵᠢᠷᠭᠠᠯᠲᠠᠢ ᠪᠣᠯᠭᠠᠬᠤ ᠠᠵᠢ᠃ ᠬᠣᠷᠽᠸᠮ ᠳ᠋ᠤ᠌ ᠬᠢᠭᠰᠡᠨ ᠲᠡᠢᠨ ᠡᠴᠡ ᠠᠮᠢᠳᠤ ᠦᠯᠡᠳᠡᠭᠰᠡᠨ ᠢ᠋ᠶ᠋ᠡᠷ ᠵᠣᠭᠰᠣᠬᠤ ᠦᠭᠡᠢ᠂ ᠠᠵᠠ ᠦᠭᠡᠢ ᠦᠷᠡᠭᠳᠡᠭᠰᠡᠳ ᠦ᠋ᠨ ᠠᠷᠤ ᠭᠡᠷ ᠪᠦᠬᠦᠨ ᠬᠥᠯᠵᠢᠵᠦ ᠪᠡᠶᠡᠵᠢᠵᠡᠢ᠃ ᠮᠣᠩᠭᠣᠯᠴᠤᠳ ᠤ᠋ᠨ ᠣᠯᠤᠭᠰᠠᠨ ᠢᠯᠠᠭᠰᠠᠨ ᠪᠦᠭᠦᠳᠡ ᠶ᠋ᠢ ᠴᠢᠩᠭᠢᠰ ᠬᠠᠭᠠᠨ ᠤ᠋ ᠭᠠᠪᠢᠶ᠎ᠠ ᠭᠡᠵᠦ ᠤᠯᠤᠰ ᠳᠠᠶᠠᠭᠠᠷ ᠲᠣᠭᠠᠴᠢᠵᠤ ᠪᠠᠢᠪᠠ᠃ 
       ᠬᠠᠷᠢᠨ ᠡᠨᠡ ᠨᠠᠵᠠᠭᠠᠢ ᠲᠠᠢᠪᠤᠩ ᠠᠮᠢᠳᠤᠷᠠᠯ ᠳ᠋ᠤ᠌ ᠴᠢᠩᠭᠢᠰ ᠬᠠᠭᠠᠨ ᠣᠭᠲᠣᠬᠠᠨ ᠴᠤ᠌ ᠲᠡᠰᠴᠦ ᠦᠭᠭᠦᠭᠰᠨᠨ ᠦᠭᠡᠢ᠃ ᠰᠦᠷ ᠬᠦᠴᠦ᠂ ᠢᠯᠠᠭᠳᠠᠰᠢ ᠦᠭᠡᠢ ᠪᠠᠭᠠᠲᠤᠷᠯᠢᠭ ᠤ᠋ᠨ ᠪᠠᠲᠤᠯᠠᠭ᠎ᠠ ᠪᠣᠯᠤᠭᠰᠠᠨ ᠶᠡᠬᠡ ᠴᠡᠷᠢᠭ ᠲᠠᠷᠬᠠᠭᠰᠠᠨ ᠨᠢ ᠴᠢᠩᠭᠢᠰ ᠬᠠᠭᠠᠨ ᠳ᠋ᠤ᠌ ᠣᠯᠠᠨ ᠵᠦᠢᠯ ᠪᠣᠳᠣᠭᠳᠠᠭᠤᠯᠬᠤ ᠪᠣᠯᠪᠠ᠃ ᠭᠠᠳᠠᠭᠠᠳᠤ ᠬᠠᠷᠢ ᠶ᠋ᠢᠨ ᠤᠯᠤᠰ ᠠ᠋ᠴᠠ ᠵᠠᠨᠤᠯᠬᠢᠯᠠᠬᠤ ᠠᠶᠤᠯ ᠦᠭᠡᠢ ᠮᠡᠲᠦ ᠪᠣᠯᠪᠠᠴᠤ ᠠᠢᠮᠠᠭ ᠤᠯᠤᠰ ᠤ᠋ᠨ ᠬᠠᠨ ᠡᠵᠡᠳ᠂ ᠥᠪᠡᠷ ᠥᠪᠡᠷ ᠦ᠋ᠨ ᠴᠡᠷᠢᠭ ᠢ᠋ ᠵᠠᠬᠢᠷᠤᠨ ᠲᠤᠰ ᠲᠠᠭᠠᠨ ᠰᠠᠭᠤᠬᠤ ᠨᠢ ᠴᠢᠩᠭᠢᠰ ᠬᠠᠭᠠᠨ ᠳ᠋ᠤ᠌ ᠣᠭᠲᠣᠬᠠᠨ ᠴᠤ᠌ ᠲᠠᠭᠠᠯᠠᠭᠳᠠᠭᠰᠠᠨ ᠦᠭᠡᠢ᠃ ᠴᠢᠩᠭᠢᠰ ᠬᠠᠭᠠᠨ ᠤ᠋ ᠰᠡᠳᠬᠢᠯ ᠰᠢᠨ᠎ᠡ ᠠᠶᠠᠨ ᠲᠡᠢᠨ᠂ ᠶᠡᠬᠡ ᠣᠯᠵᠠ ᠶ᠋ᠢ ᠨᠡᠬᠡᠨ ᠱᠠᠭᠠᠷᠳᠠᠵᠤ᠂ ᠡᠨᠡ ᠬᠦᠰᠡᠯ ᠨᠢ ᠪᠦᠷ ᠴᠢᠰᠤᠨ ᠳ᠋ᠤᠨᠢ ᠰᠢᠩᠭᠡᠵᠡᠢ᠃ ᠬᠦᠴᠦᠷᠬᠡᠭ ᠶᠡᠬᠡ ᠴᠡᠷᠢᠭ ᠢ᠋ᠶ᠋ᠡᠨ ᠳᠠᠬᠢᠨ ᠴᠤᠭᠯᠠᠭᠤᠯᠤᠨ ᠲᠡᠳᠡᠨ ᠢ᠋ ᠪᠡᠨ ᠮᠠᠩᠯᠠᠢᠯᠠᠨ᠂ ᠳᠠᠢᠯᠠᠵᠤ ᠢᠯᠠᠵᠤ᠂ ᠠᠶᠠᠯᠠᠨ ᠶᠠᠪᠤᠬᠤ ᠬᠦᠰᠡᠯ ᠢ᠋ᠶ᠋ᠡᠨ ᠪᠠᠷᠢᠵᠤ ᠲᠡᠰᠬᠦ ᠦᠭᠡᠢ ᠪᠣᠯᠵᠠᠢ᠃ ᠴᠡᠷᠢᠭ ᠨᠣᠶᠠᠳ ᠢ᠋ ᠢᠩᠭᠢᠵᠦ ᠳᠡᠯ ᠰᠤᠯᠠ ᠠᠮᠠᠷᠠᠭᠠᠵᠤ᠂ ᠡᠷᠬᠡ ᠳᠤᠷ᠎ᠠ ᠪᠠᠷ ᠪᠠᠢᠯᠭᠠᠬᠤ ᠨᠢ ᠲᠡᠳᠡᠨ ᠦ᠌ ᠲᠤᠰᠠᠭᠠᠷ ᠣᠷᠣᠰᠢᠬᠤ᠂ ᠰᠠᠯᠵᠤ ᠰᠠᠷᠨᠢᠬᠤ ᠬᠦᠰᠡᠯ ᠢ᠋ ᠣᠷᠭᠢᠯᠤᠭᠤᠯᠤᠨ ᠳᠡᠪᠡᠷᠡᠭᠡᠵᠤ ᠪᠣᠯᠬᠤ ᠶ᠋ᠢ ᠴᠢᠩᠭᠢᠰ ᠬᠠᠭᠠᠨ ᠣᠢᠯᠠᠭᠠᠪᠠ᠃ ᠴᠡᠷᠢᠭ᠂ ᠨᠣᠶᠠᠳ ᠢ᠋ ᠥᠪᠡᠷ ᠦ᠋ᠨ ᠳᠣᠣᠷ᠎ᠠ ᠰᠠᠯᠤᠰᠢ ᠦᠭᠡᠢ ᠪᠠᠲᠤ ᠪᠡᠬᠢ ᠪᠡᠷ ᠪᠠᠷᠢᠵᠤ ᠪᠠᠢᠬᠤ ᠭᠠᠭᠴᠠ ᠠᠷᠭ᠎ᠠ ᠨᠢ ᠲᠡᠢᠨ ᠬᠢᠬᠦ᠂ ᠥᠭᠡᠷ᠎ᠡ ᠭᠠᠵᠠᠷ ᠣᠷᠣᠨ ᠢ᠋ ᠡᠵᠡᠯᠡᠨ ᠠᠪᠬᠤ ᠶᠠᠪᠤᠳᠠᠯ ᠪᠣᠯᠬᠤ ᠶ᠋ᠢ ᠲᠡᠷᠡ ᠣᠢᠯᠠᠭᠠᠵᠠᠢ᠃ ᠣᠳᠣ ᠬᠦᠴᠦᠷᠬᠡᠭ ᠪᠠᠢᠵᠤ᠂ ᠶᠡᠬᠡ ᠰᠦᠷ ᠬᠦᠴᠦ ᠪᠡᠨ ᠴᠤᠤᠷᠢᠶᠠᠲᠤᠭᠤᠯᠬᠤ ᠶ᠋ᠢᠨ ᠡᠴᠦᠰ ᠦ᠋ᠨ ᠵᠣᠷᠢᠯᠭ᠎ᠠ ᠨᠢ ᠠᠷᠠᠳ ᠢᠷᠭᠡᠳ ᠦ᠋ᠨ ᠡᠩᠬᠡ ᠠᠮᠤᠷ ᠠᠮᠢᠳᠤᠷᠠᠯ ᠪᠢᠰᠢ᠂ ᠰᠢᠨ᠎ᠡ ᠭᠠᠵᠠᠷ ᠨᠤᠲᠤᠭ ᠢ᠋ ᠡᠵᠡᠯᠡᠨ ᠠᠪᠬᠤ ᠲᠡᠢᠨ ᠪᠣᠯᠵᠠᠢ᠃ ᠲᠡᠢᠨ ᠬᠢᠵᠦ ᠣᠯᠵᠠ ᠣᠯᠬᠤ ᠨᠢ ᠴᠡᠷᠢᠭ ᠪᠦᠷᠢ ᠶ᠋ᠢᠨ᠂ ᠲᠡᠭᠦᠨ ᠦ᠌ ᠠᠷᠤ ᠭᠡᠷ᠂ ᠡᠮᠡᠰ ᠬᠡᠦᠬᠡᠳ ᠦ᠋ᠨ ᠬᠦᠰᠡᠯᠡᠩ ᠪᠣᠯᠬᠤ ᠶ᠋ᠢ᠂ ᠪᠠᠰᠠ ᠡᠨᠡ ᠠᠷᠭ᠎ᠠ ᠪᠠᠷ ᠣᠯᠠᠨ ᠲᠦᠮᠡᠨ ᠢ᠋ ᠳᠠᠭᠠᠭᠤᠯᠤᠨ ᠤᠷᠢᠶᠠᠯᠠᠵᠤ ᠪᠣᠯᠬᠤ ᠶ᠋ᠢ ᠮᠡᠳᠡᠵᠦ ᠠᠪᠤᠭᠰᠠᠨ ᠨᠢ ᠴᠢᠩᠭᠢᠰ ᠬᠠᠭᠠᠨ ᠢ᠋ ᠲᠠᠢᠪᠤᠩ ᠠᠮᠤᠷ ᠰᠠᠭᠤᠯᠭᠠᠭᠰᠠᠨ ᠦᠭᠡᠢ᠃ ᠡᠭᠦᠨ ᠦ᠌ ᠲᠤᠯᠠᠳᠠ ᠲᠡᠷᠡ ᠶᠡᠬᠡ ᠴᠡᠷᠢᠭ ᠢ᠋ᠶ᠋ᠡᠨ ᠳᠠᠬᠢᠨ ᠴᠤᠭᠯᠠᠭᠤᠯᠵᠤ ᠲᠠᠩᠭᠤᠳ ᠢ᠋ ᠳᠠᠢᠯᠠᠬᠤ ᠪᠠᠷ ᠰᠢᠢᠳᠪᠡ᠃ ᠴᠢᠩᠭᠢᠰ ᠬᠠᠭᠠᠨ ᠥᠪᠡᠷ ᠦ᠋ᠨ ᠴᠡᠷᠢᠭ ᠵᠠᠩᠵᠤᠨ ᠨᠤᠭᠤᠳ ᠢ᠋ᠶ᠋ᠠᠨ ᠡᠯᠳᠡᠪ ᠢ᠋ ᠪᠣᠳᠣᠨ ᠰᠠᠮᠠᠭᠤᠷᠠᠬᠤ ᠠ᠋ᠴᠠ ᠰᠡᠷᠭᠡᠢᠯᠡᠬᠦ ᠡᠭᠦᠳᠡᠨ ᠡᠴᠡ ᠴᠠᠭ ᠠᠯᠳᠠᠯ ᠦᠭᠡᠢ ᠴᠡᠷᠢᠭ ᠢ᠋ᠶ᠋ᠡᠨ ᠵᠠᠰᠠᠨ ᠲᠠᠩᠭᠤᠳ ᠢ᠋ ᠳᠠᠢᠯᠠᠬᠤ ᠵᠠᠷᠯᠢᠭ ᠪᠠᠭᠤᠯᠭᠠᠭᠰᠠᠨ ᠨᠢ ᠡᠨᠡ ᠪᠠᠢᠪᠠ᠃ ᠠᠯᠲᠠᠨ ᠤᠯᠤᠰ ᠪᠣᠯᠤᠨ ᠡᠮᠦᠨᠡᠲᠦ ᠰᠥᠩ ᠤᠯᠤᠰ ᠢ᠋ ᠬᠣᠷᠽᠸᠮ᠂ ᠫᠧᠷᠰ ᠦ᠋ᠨ ᠨᠤᠲᠤᠭ ᠲᠠᠢ ᠬᠣᠯᠪᠣᠳᠠᠭ ᠬᠤᠳᠠᠯᠳᠤᠭᠠᠨ ᠤ᠋ ᠭᠣᠣᠯ ᠵᠠᠮ ᠣᠳᠣ ᠬᠢᠷᠢ ᠲᠠᠩᠭᠤᠳ ᠤᠯᠤᠰ ᠢ᠋ᠶ᠋ᠠᠷ ᠳᠠᠭᠠᠷᠢᠵᠤ᠂ ᠲᠡᠳᠡ ᠡᠷᠬᠡᠨ ᠳ᠋ᠡᠭᠡᠨ ᠪᠠᠢᠯᠭᠠᠭᠰᠠᠭᠠᠷ ᠪᠠᠢᠭ᠎ᠠ ᠨᠢ ᠲᠠᠩᠭᠤᠳ ᠢ᠋ ᠳᠣᠪᠲᠣᠯᠬᠤ ᠭᠣᠣᠯ ᠵᠣᠷᠢᠯᠭ᠎ᠠ ᠪᠠᠢᠪᠠ᠃ ᠡᠨᠡ ᠬᠤᠳᠠᠯᠳᠤᠭᠠᠨ ᠤ᠋ ᠶᠡᠬᠡ ᠵᠠᠮ ᠢ᠋ ᠡᠷᠬᠡᠨ ᠳ᠋ᠡᠭᠡᠨ ᠪᠠᠢᠯᠭᠠᠬᠤ ᠦᠭᠡᠢ ᠪᠡᠷ ᠠᠯᠲᠠᠨ ᠤᠯᠤᠰ ᠲᠠᠢ ᠳᠠᠢᠳᠤᠵᠤ ᠪᠣᠯᠬᠤ ᠦᠭᠡᠢ ᠭᠡᠳᠡᠭ ᠢ᠋ ᠴᠢᠩᠭᠢᠰ ᠬᠠᠭᠠᠨ ᠣᠢᠯᠠᠭᠠᠵᠠᠢ᠃ 
       ᠮᠣᠩᠭᠣᠯ ᠤ᠋ᠨ ᠶᠡᠬᠡ ᠴᠡᠷᠢᠭ ᠢ᠋ ᠪᠠᠢᠯᠳᠤᠭᠠᠨ ᠳ᠋ᠤ᠌ ᠪᠡᠯᠡᠨ ᠪᠣᠯᠭᠠᠬᠤ ᠳ᠋ᠤ᠌ ᠬᠠᠭᠠᠰ ᠵᠢᠯ ᠯᠡ ᠬᠠᠩᠭᠠᠯᠲᠠ ᠲᠠᠢ ᠪᠠᠢᠵᠠᠢ᠃ ᠪᠠᠷᠠᠭᠤᠨ ᠵᠦᠭ ᠺᠠᠰᠫᠢ ᠶ᠋ᠢᠨ ᠲᠠᠩᠭᠢᠰ ᠠ᠋ᠴᠠ ᠡᠮᠦᠨ᠎ᠡ ᠵᠦᠭ ᠲᠦ᠍ ᠪᠠᠢᠭ᠎ᠠ ᠴᠠᠭᠠᠲᠠᠢ᠂ ᠢᠯ ᠮᠥᠷᠡᠨ᠂ ᠲᠠᠷᠪᠠᠭᠠᠲᠠᠢ ᠶ᠋ᠢᠨ ᠨᠢᠷᠤᠭᠤ ᠪᠠᠷ ᠨᠤᠲᠤᠭᠯᠠᠨ ᠰᠠᠭᠤᠭ᠎ᠠ ᠥᠭᠡᠳᠡᠢ ᠶ᠋ᠢ ᠴᠦ᠍ ᠥᠪᠡᠷᠰᠡᠳ ᠢ᠋ᠶ᠋ᠡᠨ ᠴᠡᠷᠢᠭ ᠢ᠋ᠶ᠋ᠡᠨ ᠤᠳᠤᠷᠢᠳᠤᠨ ᠢᠷᠡᠬᠦ ᠶ᠋ᠢ ᠲᠤᠰᠢᠶᠠᠪᠠ᠃ ᠬᠠᠷᠢᠨ ᠪᠠᠲᠤ ᠶ᠋ᠢ ᠬᠢᠪᠴᠠᠭ ᠠ᠋ᠴᠠ ᠳᠠᠭᠤᠳᠠᠭᠰᠠᠨ ᠦᠭᠡᠢ ᠠᠵᠠᠨᠠᠵᠠᠢ᠃ ᠤᠴᠢᠷ ᠨᠢ ᠴᠡᠷᠢᠭ ᠡᠵᠡᠭᠦᠢ᠂ ᠪᠠᠲᠤ ᠶ᠋ᠢ ᠨᠢᠯᠬ᠎ᠠ ᠭᠡᠵᠦ ᠦᠵᠡᠭᠡᠳ ᠣᠷᠣᠰ ᠬᠢᠪᠴᠠᠭ ᠠᠢᠮᠠᠭ ᠤ᠋ᠳ ᠳᠠᠯᠢᠮᠳᠠᠭᠤᠯᠤᠨ ᠳᠣᠪᠲᠣᠯᠵᠤ ᠮᠡᠳᠡᠨ᠎ᠡ ᠭᠡᠵᠦ ᠬᠠᠰᠢᠷᠯᠠᠵᠠᠢ᠃ ᠢᠩᠭᠢᠭᠡᠳ 1226 ᠣᠨ ᠤ᠋ ᠨᠠᠮᠤᠷ ᠤ᠋ᠨ ᠰᠡᠭᠦᠯᠴᠢ ᠪᠡᠷ ᠮᠣᠩᠭᠣᠯ ᠤ᠋ᠨ ᠴᠡᠷᠢᠭ ᠭᠤᠷᠪᠠᠨ ᠵᠠᠮ ᠢ᠋ᠶ᠋ᠠᠷ ᠬᠥᠳᠡᠯᠵᠦ ᠲᠠᠩᠭᠤᠳ ᠢ᠋ ᠵᠡᠷᠭᠡ ᠳᠠᠭᠠᠷᠢᠨ ᠣᠷᠣᠬᠤ ᠳ᠋ᠤ᠌ ᠪᠡᠯᠡᠨ ᠪᠣᠯᠵᠠᠢ᠃ ᠢᠩᠭᠢᠵᠦ ᠲᠠᠩᠭᠤᠳ ᠤᠯᠤᠰ ᠤ᠋ᠨ ᠮᠥᠬᠥᠯ ᠦ᠋ᠨ ᠦᠶ᠎ᠡ ᠢᠷᠡᠵᠡᠢ᠃ ᠭᠡᠪᠡᠴᠦ ᠲᠠᠩᠭᠤᠳ ᠲᠤ᠌ ᠳᠣᠪᠲᠣᠯᠬᠤ ᠨᠢ ᠴᠢᠩᠭᠢᠰ ᠬᠠᠭᠠᠨ ᠳ᠋ᠤ᠌ ᠪᠠᠶᠠᠷ ᠵᠢᠷᠭᠠᠯ ᠠᠪᠴᠢᠷᠠᠬᠤ ᠦᠭᠡᠢ ᠭᠡᠳᠡᠭ ᠢ᠋ ᠲᠡᠷᠡ ᠥᠪᠡᠷ ᠢ᠋ᠶ᠋ᠡᠨ ᠮᠡᠳᠡᠬᠦ ᠦᠭᠡᠢ ᠪᠠᠢᠪᠠ᠃ ᠥᠭᠡᠳᠡᠢ ᠲᠠᠩᠭᠤᠳ ᠢ᠋ ᠳᠠᠢᠯᠠᠬᠤ ᠬᠡᠷᠡᠭ ᠢ᠋ ᠤᠳᠤᠷᠢᠳᠬᠤ ᠶ᠋ᠢ ᠬᠦᠰᠡᠵᠦ ᠪᠠᠢᠭᠰᠠᠨ ᠴᠤ᠌ ᠴᠢᠩᠭᠢᠰ ᠬᠠᠭᠠᠨ ᠥᠪᠡᠷ ᠢ᠋ᠶ᠋ᠡᠨ ᠮᠣᠷᠢᠯᠠᠬᠤ ᠪᠠᠷ ᠰᠢᠢᠳᠪᠡ᠃ ᠦᠨᠡᠲᠦ ᠡᠳ᠋ᠯᠡᠯ᠂ ᠠᠯᠲᠠ ᠡᠷᠳᠡᠨᠢᠰ ᠢ᠋ᠶ᠋ᠡᠷ ᠴᠢᠮᠡᠭᠯᠡᠭᠳᠡᠭᠰᠡᠨ ᠦᠷᠭᠦᠭᠡᠨ ᠳ᠋ᠡᠭᠡᠨ ᠰᠠᠭᠤᠵᠤ ᠲᠥᠷᠥ ᠶ᠋ᠢᠨ ᠬᠡᠷᠡᠭ ᠬᠡᠯᠡᠯᠴᠡᠬᠦ ᠨᠢ ᠴᠢᠬᠤᠯᠠ ᠴᠤ᠌ ᠶᠡᠬᠡ ᠴᠡᠷᠢᠭ ᠦ᠋ᠨ ᠲᠣᠭᠣᠰᠣᠨ ᠳ᠋ᠤ᠌ ᠮᠣᠷᠢᠳ ᠤ᠋ᠨ ᠲᠤᠭᠤᠷᠠᠢ ᠶ᠋ᠢᠨ ᠪᠢᠲᠡᠭᠦᠦ ᠨᠦᠷᠭᠢᠭᠡᠨ ᠰᠣᠨᠣᠰᠴᠤ ᠶᠠᠪᠤᠬᠤ ᠠ᠋ᠴᠠ ᠢᠯᠡᠭᠦᠦ ᠵᠢᠷᠭᠠᠯ ᠢ᠋ ᠴᠢᠩᠭᠢᠰ ᠬᠠᠭᠠᠨ ᠦᠵᠡᠭᠰᠡᠨ ᠦᠭᠡᠢ᠃ ᠵᠠᠮᠤᠬ᠎ᠠ᠂ ᠲᠣᠭᠣᠷᠢᠯ ᠨᠠᠷ ᠤ᠋ᠨ ᠨᠡᠢᠯᠡᠭᠰᠡᠨ ᠳᠥᠷᠪᠡᠨ ᠲᠦᠮᠡᠨ ᠴᠡᠷᠢᠭ ᠦ᠋ᠨ ᠲᠣᠭᠣᠰᠣ᠂ ᠴᠢᠮᠡᠭᠡᠨ ᠳᠤᠮᠳᠠ ᠠᠩᠬ᠎ᠠ ᠡᠳ᠋ᠯᠡᠭᠰᠡᠨ ᠬᠠᠴᠢᠨ ᠲᠦᠭᠰᠢᠭᠦᠷᠢ ᠲᠡᠢ ᠠᠲᠠᠯ᠎ᠠ ᠪᠠᠨ ᠠᠮᠲᠠᠲᠠᠢ ᠠᠵᠠ ᠵᠢᠷᠭᠠᠯ ᠢ᠋ ᠳᠠᠬᠢᠨ ᠡᠳ᠋ᠯᠡᠬᠦ ᠶ᠋ᠢ ᠴᠢᠩᠭᠢᠰ ᠬᠠᠭᠠᠨ ᠳᠠᠰᠤᠯ ᠦᠭᠡᠢ ᠬᠦᠰᠡᠵᠦ ᠪᠠᠢᠯ᠎ᠠ᠃ ᠡᠨᠡ ᠠᠵᠠ ᠵᠢᠷᠭᠠᠯ ᠨᠢ ᠠᠩᠬ᠎ᠠ ᠡᠮ᠎ᠡ ᠬᠥᠮᠦᠨ ᠲᠡᠢ ᠬᠠᠪᠢᠳᠠᠵᠤ ᠳᠤᠷ᠎ᠠ ᠬᠠᠨᠵᠤ ᠦᠵᠡᠭᠰᠡᠨ ᠰᠢᠭ ᠲᠡᠢᠮᠦ ᠦᠭᠡ ᠪᠡᠷ ᠢᠯᠡᠷᠬᠡᠢᠯᠡᠨ ᠬᠡᠯᠡᠵᠦ ᠪᠣᠯᠳᠠᠭ ᠦᠭᠡᠢ ᠵᠥᠪᠬᠡᠨ ᠪᠡᠶ᠎ᠡ ᠪᠡᠷ ᠡᠳ᠋ᠯᠡᠵᠦ ᠮᠡᠳᠡᠷᠡᠵᠦ ᠪᠣᠯᠳᠠᠭ ᠲᠡᠢᠮᠦ ᠮᠡᠳᠡᠷᠡᠮᠵᠢ ᠬᠠᠨᠤᠮᠵᠢ ᠪᠢᠯᠡ᠃ ᠣᠳᠣ ᠲᠡᠭᠡᠵᠦ ᠵᠢᠷᠭᠠᠵᠤ ᠦᠵᠡᠬᠦ ᠶ᠋ᠢ ᠲᠡᠷᠡ ᠲᠤᠢᠯ ᠤ᠋ᠨ ᠶᠡᠬᠡ ᠪᠡᠷ ᠲᠠᠴᠢᠶᠠᠳᠠᠨ ᠬᠦᠰᠡᠵᠦ ᠪᠠᠢᠪᠠ᠃ 

      ᠦᠰᠦᠭ ᠠᠮᠢᠯᠠᠭᠤᠯᠤᠭᠴᠢ᠄ ᠠᠯᠲᠠᠨᠴᠡᠴᠡᠭ᠂ ᠠᠷᠢᠭᠤᠨ᠂ ᠰᠡᠴᠡᠨᠴᠢᠮᠡᠭ᠂ ᠬᠡᠷᠡᠢᠳ·ᠮᠥᠩᠬᠡᠨᠠᠰᠤᠨ᠂
                              ᠱᠠᠭᠰᠠᠯ᠂ ᠠᠯᠲᠠᠨᠴᠢᠮᠡᠭ᠂ ᠨᠠᠷᠠᠨᠲᠤᠶᠠᠭ᠎ᠠ᠂ ᠵᠢᠩᠯᠢᠬᠤᠸᠠᠷ᠂ 
                              ᠬᠡᠯᠡᠰᠣᠶᠣᠯ(ᠪᠤᠤ ᠸᠸᠨ ᠬᠤᠸᠠ) ᠂ ᠪᠠᠶᠠᠨᠴᠡᠴᠡᠭ
           ᠬᠢᠨᠠᠭᠴᠢ᠄ ᠣᠳᠬᠠᠨᠰᠣ᠎ᠠ᠂ ᠨᠠᠷᠠᠨ᠂ ᠠᠷᠢᠭᠤᠨ᠂ ᠲ·ᠬᠦᠮᠦᠵᠢᠯᠲᠦ᠂ ᠭᠠᠷᠮ᠎ᠠ᠂ 
                          ᠰᠡᠬᠡᠭᠡᠷᠡᠯ᠂ ᠮᠣᠩᠭᠣᠯ ᠰᠦᠨᠡᠰᠦ᠂ ᠬᠠᠢ ᠵᠢᠶᠦ᠋ᠨ