ᠰᠤᠮᠤ ᠶ᠋ᠢᠨ ᠰᠤᠷᠭᠠᠭᠤᠯᠢ-ᠪᠤᠷᠵᠢᠭᠢᠨ ᠠᠮᠤᠭᠤᠯᠠᠩSumyn surguuli-Borjgin AmgalanСумын сургуули-Боржгин Амгалан
ᠰᠤᠮᠤ ᠶ᠋ᠢᠨ ᠰᠤᠷᠭᠠᠭᠤᠯᠢ
ᠪᠤᠷᠵᠢᠭᠢᠨ ᠠᠮᠤᠭᠤᠯᠠᠩ(ᠪᠠᠷᠠᠭᠤᠨ ᠦᠵᠦᠮᠦᠴᠢᠨ)
ᠢᠲᠡᠭᠡᠯ ᠦ᠋ᠨ ᠳᠥᠷᠦᠭᠡᠨ ᠳ᠋ᠦ᠍ ᠢᠵᠢᠢ ᠮᠢᠨᠢ ᠰᠦ ᠳᠣᠰᠣᠭᠠᠵᠤ
ᠶᠡᠬᠡ ᠡᠷᠳᠡᠮ ᠲᠡᠢ ᠬᠥᠮᠦᠨ ᠪᠣᠯᠤᠭᠠᠷᠠᠢ ᠭᠡᠵᠦ ᠢᠷᠥᠭᠡᠵᠦ ᠮᠣᠷᠳᠠᠭᠤᠯᠤᠭᠰᠠᠨ
ᠶᠡᠷᠡᠭᠡᠳ ᠣᠨ ᠤ᠋ ᠰᠤᠮᠤᠨ ᠤ᠋ ᠰᠤᠷᠭᠠᠭᠤᠯᠢ ᠳ᠋ᠤ᠌ ᠠᠪᠤ ᠮᠢᠨᠢ ᠨᠠᠮ᠎ᠠ ᠶ᠋ᠢ ᠬᠦᠷᠭᠡᠴᠢᠬᠡᠭᠡᠳ
ᠢᠯᠡᠭᠦᠦ ᠴᠢᠷᠮᠠᠢᠵᠤ ᠳᠤᠲᠠᠭᠤ ᠳᠤᠤᠭᠠᠷ ᠭᠡᠵᠦ ᠰᠤᠷᠭᠠᠯ ᠬᠠᠢᠷᠠᠯᠠᠭᠰᠠᠨ
ᠵᠥᠷᠢᠭᠦᠳ ᠵᠠᠩ ᠲᠠᠢ ᠡᠪᠦᠭᠡᠨ ᠪᠠᠭᠰᠢ ᠮᠢᠨᠢ
ᠠᠭᠤᠷᠯᠠᠵᠤ ᠪᠠᠢᠭᠰᠠᠨ ᠴᠤ᠌ ᠦᠨᠡᠨ ᠢ᠋ ᠵᠢᠭᠠᠭᠰᠠᠨ
ᠵᠥᠭᠡᠯᠡᠨ ᠬᠠᠷᠠᠴᠠ ᠲᠠᠢ ᠡᠭᠡᠴᠢᠮᠡᠳ ᠪᠠᠭᠰᠢᠨᠠᠷ ᠮᠢᠨᠢ
ᠠᠯᠠᠭᠠᠳᠠᠵᠤ ᠪᠠᠢᠭᠰᠠᠨ ᠴᠤ᠌ ᠥᠷᠦᠪᠳᠦᠬᠦ ᠶ᠋ᠢ ᠲᠠᠨᠢᠭᠤᠯᠤᠭᠰᠠᠨ
ᠲᠣᠭᠣᠰᠬ᠎ᠠ ᠰᠠᠭᠤᠯᠭᠠᠵᠤ ᠬᠦᠷᠢᠶᠡᠯᠡᠭᠰᠡᠨ ᠲᠠᠮᠢᠷ ᠤ᠋ᠨ ᠮᠢᠨᠢ ᠲᠠᠯᠠᠪᠤᠷ
ᠡᠷᠡᠭᠦᠯ ᠡᠩᠬᠡ ᠶ᠋ᠢᠨ ᠪᠣᠯᠪᠠᠰᠤᠷᠠᠯ ᠬᠦᠷᠲᠡᠭᠡᠭᠰᠡᠨ
ᠴᠣᠬᠣᠢ ᠠᠰᠬᠠᠵᠤ ᠲᠠᠲᠠᠭᠰᠠᠨ ᠭᠦᠶᠦᠯᠲᠡ ᠶ᠋ᠢᠨ ᠮᠢᠨᠢ ᠱᠤᠭᠤᠮ
ᠡᠷᠭᠢᠯᠲᠡ ᠦᠭᠡᠢ ᠵᠢᠳᠬᠦᠬᠦ ᠶ᠋ᠢᠨ ᠰᠣᠷᠢᠭ᠎ᠠ ᠴᠢᠩᠭᠠᠯᠠᠭᠰᠠᠨ
ᠨᠠᠭᠠᠳᠤᠮ ᠂ ᠨᠣᠢᠷ ᠠ᠋ᠴᠠ ᠳᠤᠲᠠᠭᠤ ᠰᠠᠯᠭᠠᠳᠠᠭ ᠰᠢᠷᠡᠮᠦᠨ ᠬᠣᠩᠬᠣ
ᠡᠭᠳᠡᠭᠦᠦ ᠲᠡᠢ ᠪᠠᠢᠭᠰᠠᠨ ᠴᠤ᠌ ᠴᠠᠭ ᠢ᠋ ᠰᠠᠨᠠᠭᠤᠯᠵᠤ ᠴᠢᠷᠮᠠᠢᠬᠤ ᠶ᠋ᠢ ᠮᠡᠳᠡᠭᠦᠯᠦᠭᠰᠡᠨ
ᠨᠠᠮᠬᠠᠨ ᠳᠡᠭᠡᠪᠦᠷ ᠢ᠋ᠶ᠋ᠡᠨ ᠴᠡᠴᠡᠷᠡᠲᠡᠯ᠎ᠡ ᠪᠠᠷᠬᠢᠷᠠᠳᠠᠭ ᠥᠷᠯᠥᠭᠡ ᠶ᠋ᠢᠨ ᠤᠩᠰᠢᠯᠭ᠎ᠠ
ᠢᠨᠢᠶᠡᠳᠦ ᠲᠡᠢ ᠪᠠᠢᠭᠰᠠᠨ ᠴᠤ᠌ ᠢᠲᠡᠭᠡᠯ ᠤᠷᠭᠤᠭᠤᠯᠵᠤ ᠢᠷᠡᠭᠡᠳᠦᠢ ᠳ᠋ᠦ᠍ ᠬᠥᠲᠥᠯᠦᠭᠰᠡᠨ
ᠭᠡᠳᠡᠰᠦ ᠳᠤᠨᠳᠠᠭᠤᠷ ᠴᠤ᠌ ᠪᠥᠭᠡᠰᠦ ᠡᠯᠪᠡᠭ ᠰᠤᠷᠤᠭᠴᠢ ᠨᠠᠰᠤ ᠮᠢᠨᠢ
ᠭᠡᠷ ᠦ᠋ᠨ ᠡᠷᠭᠢᠯᠲᠡ ᠪᠡᠷ ᠲᠦᠭᠡᠭᠡᠯ ᠲᠠᠯᠪᠢᠳᠠᠭ ᠡᠪ ᠦ᠋ᠨ ᠨᠠᠰᠤ ᠮᠢᠨᠢ
ᠭᠡᠨᠡᠳᠲᠡᠬᠡᠨ ᠵᠣᠳᠣᠯᠳᠠᠪᠠᠴᠤ ᠳᠣᠣᠷ᠎ᠠ ᠪᠠᠨ ᠡᠪᠰᠡᠳᠡᠭ ᠴᠠᠢᠯᠭᠠᠨ ᠨᠠᠰᠤ ᠮᠢᠨᠢ
ᠬᠡᠷᠰᠡᠦ ᠰᠠᠭᠤᠬᠤ ᠳ᠋ᠤ᠌ ᠳᠤᠷᠠᠳᠬᠠᠯ ᠡᠵᠡᠯᠡᠭᠰᠡᠨ ᠴᠣᠯᠭᠢᠨ ᠨᠠᠰᠤ ᠮᠢᠨᠢ
ᠨᠢᠭᠡᠯᠡ ᠮᠡᠳᠡᠬᠦ ᠳ᠋ᠦ᠍ ᠦᠯᠢᠭᠡᠷ ᠦ᠋ᠨ ᠨᠠᠰᠤ ᠮᠢᠨᠢ ᠴᠠᠭ ᠤ᠋ᠨ ᠬᠦᠷᠳᠦ ᠲᠡᠢ ᠬᠠᠨᠢᠰᠠᠨ ᠤᠲᠤᠭᠠᠳ
ᠨᠢᠮᠭᠡᠨ ᠮᠠᠨᠠᠨ ᠰᠢᠭ᠋ ᠳᠤᠷᠠᠰᠤᠯ ᠳ᠋ᠤ᠌ ᠬᠥᠰᠢᠭᠡᠯᠡᠵᠦ ᠴᠠᠢ ᠶ᠋ᠢᠨ ᠵᠣᠭᠣᠭ ᠲᠠᠢ ᠮᠢᠨᠢ ᠬᠠᠮᠲᠤ ᠬᠣᠴᠣᠷᠴᠠᠢ
ᠨᠢᠭᠦᠯ ᠦᠭᠡᠢ ᠦᠨᠡᠨᠴᠢ ᠬᠥᠳᠡᠭᠡᠨ ᠦ᠌ ᠪᠠᠭᠰᠢ ᠰᠤᠮᠤᠨ ᠦ᠌ ᠰᠤᠷᠭᠠᠭᠤᠯᠢ ᠬᠣᠶᠠᠷ ᠮᠢᠨᠢ
ᠨᠡᠢᠲᠡ ᠮᠣᠩᠭᠣᠯ ᠤ᠋ᠨ ᠰᠣᠶᠣᠯ ᠤ᠋ᠨ ᠬᠠᠭᠤᠳᠠᠰᠤᠨ ᠳ᠋ᠤ᠌ ᠠᠷᠢᠭᠤᠨ ᠨᠡᠷ᠎ᠡ ᠪᠡᠨ ᠳᠠᠷᠬᠠᠯᠠᠵᠠᠢ
ᠳᠦᠷᠰᠦᠭᠦᠢᠳᠡᠵᠦ ᠶᠠᠪᠤᠳᠠᠭ ᠲᠦᠢᠳᠬᠡᠷ ᠦ᠋ᠨ ᠡᠵᠡᠳ ᠲᠥᠷᠥ ᠶ᠋ᠢᠨ ᠬᠠᠷ᠎ᠠ ᠬᠥᠮᠦᠨ ᠪᠣᠯᠵᠤ ᠠᠮᠢᠳᠤᠷᠠᠯ ᠢ᠋ᠶ᠋ᠠᠨ ᠡᠷᠭᠦᠭᠡᠳ
ᠲᠦᠷᠭᠡᠨ ᠬᠣᠩᠰᠢᠶᠠᠷᠯᠠᠵᠤ ᠪᠠᠭᠰᠢ ᠳ᠋ᠤ᠌ ᠬᠣᠪᠯᠠᠳᠠᠭ ᠡᠷᠪᠡᠭᠡᠷ ᠥᠬᠢᠳ ᠮᠣᠩᠭᠣᠯᠵᠢᠨ ᠭᠤᠸ᠎ᠠ ᠡᠬᠡᠴᠦᠦᠯ ᠪᠣᠯᠤᠨ ᠨᠠᠮᠪᠠᠢᠵᠠᠢ
ᠲᠥᠷᠥ ᠶ᠋ᠢᠨ ᠴᠢᠭᠯᠡᠯᠲᠡ ᠪᠡᠷ ᠬᠥᠳᠡᠭᠡᠨ ᠦ᠌ ᠪᠠᠢᠭᠤᠯᠭ᠎ᠠ ᠤᠳ ᠴᠣᠮᠬᠠᠳᠬᠠᠯ ᠳ᠋ᠤ᠌ ᠬᠠᠮᠤᠷᠤᠭᠳᠠᠨ ᠪᠠᠯᠭᠠᠰᠤᠨ ᠳ᠋ᠤ᠌ ᠲᠥᠪᠯᠡᠷᠡᠭᠡᠳ
ᠲᠦᠮᠡᠨ ᠢ᠋ ᠬᠥᠮᠦᠵᠢᠭᠦᠯᠦᠭᠰᠡᠨ ᠰᠤᠮᠤᠨ ᠤ᠋ ᠰᠤᠷᠭᠠᠭᠤᠯᠢ ᠮᠢᠨᠢ ᠲᠡᠦᠬᠡ ᠬᠦᠦᠷᠨᠢᠨ ᠨᠤᠲᠤᠭ ᠢ᠋ᠶ᠋ᠠᠨ ᠰᠠᠬᠢᠵᠠᠢ᠃