ᠬᠡᠦᠬᠡᠳ ᠢ᠋ᠶ᠋ᠡᠷ ᠢ᠋ᠶ᠋ᠡᠨ ᠪᠠᠢᠬᠤ ᠰᠠᠢᠬᠠᠨ-ᠮᠦᠩᠬᠡᠨᠠᠰᠦᠨKhüükhdeeree baikh saikhan-MönkhnsenХүүхдээрээ байх сайхан-Мөнхнсэн
ᠬᠡᠦᠬᠡᠳ ᠢ᠋ᠶ᠋ᠡᠷ ᠢ᠋ᠶ᠋ᠡᠨ ᠪᠠᠢᠬᠤ ᠰᠠᠢᠬᠠᠨ
ᠮᠦᠩᠬᠡᠨᠠᠰᠦᠨ ᠦ᠌ ᠰᠢᠯᠦᠭ
ᠰᠦᠨᠭᠡᠭᠡ ᠤᠶᠠᠩᠭᠠᠯᠠᠨ᠎ᠠ
ᠬᠤᠷᠠᠭ᠎ᠠ ᠲᠤᠭᠤᠯ ᠲᠠᠢ ᠪᠠᠨ ᠨᠣᠴᠣᠯᠳᠤᠨ
ᠬᠤᠷᠤᠳ ᠪᠢᠰᠢᠯᠠᠭ ᠬᠤᠪᠢᠶᠠᠯᠴᠠᠨ
ᠬᠣᠨᠢᠨ ᠤ᠋ ᠪᠠᠨ ᠪᠡᠯᠴᠢᠭᠡᠷ ᠲᠦ᠍ ᠳᠠᠷᠪᠠᠶ᠋ᠢᠵᠤ
ᠬᠣᠩᠭᠣᠷ ᠡᠵᠢ ᠳ᠋ᠦ᠍ ᠪᠡᠨ ᠡᠷᠬᠡᠯᠡᠨ
ᠬᠡᠦᠬᠡᠳ ᠢ᠋ᠶ᠋ᠡᠷ ᠢ᠋ᠶ᠋ᠡᠨ ᠪᠠᠢᠬᠤ ᠰᠠᠢᠬᠠᠨ
ᠬᠣᠭᠣᠷᠮᠠᠭ᠂ ᠲᠣᠰᠣ᠂ ᠥᠷᠥᠮ᠎ᠡ᠂ ᠴᠢᠷᠦᠮᠡ
ᠭᠣᠭᠣᠳ᠂ ᠳᠠᠭᠠᠨ᠎ᠠ᠂ ᠲᠡᠮᠡᠭᠡᠨ ᠬᠥᠬᠥ
ᠠᠪᠤ ᠶ᠋ᠢᠨ ᠶᠠᠷᠢᠳᠠᠭ 《 ᠪᠠᠯᠭᠠᠨᠰᠠᠩ》
ᠠᠬ᠎ᠠ ᠪᠠᠨ ᠠᠶᠤᠯᠭᠠᠳᠠᠭ ᠵᠣᠷᠢᠭ ᠢ᠋ᠶ᠋ᠠᠷ ᠢ᠋ᠶ᠋ᠡᠨ
ᠠᠷᠤ ᠠ᠋ᠴᠠ ᠴᠤᠪᠤᠷᠠᠬᠤ ᠳᠡᠭᠦᠦ ᠨᠠᠷ ᠤ᠋ᠨ ᠪᠠᠷ᠎ᠠ
ᠠᠶᠤᠬᠤ ᠮᠠᠲᠠᠯ ᠦᠭᠡᠢ ᠬᠥᠭᠡᠷᠦᠦ ᠪᠣᠳᠣᠯ
ᠬᠡᠦᠬᠡᠳ ᠢ᠋ᠶ᠋ᠡᠷ ᠢ᠋ᠶ᠋ᠡᠨ ᠪᠠᠢᠬᠤ ᠰᠠᠢᠬᠠᠨ
ᠥᠩᠭᠡ ᠲᠡᠢ ᠪᠦᠬᠦᠨ ᠢ᠋ ᠡᠮᠦᠰᠴᠦ
ᠲᠣᠯᠢ ᠦᠭᠡᠢ ᠴᠦ᠍ ᠭᠡᠰᠡᠨ
ᠰᠡᠭᠦᠳᠡᠷ ᠢ᠋ᠶ᠋ᠡᠨ ᠬᠠᠷᠠᠨ ᠪᠠᠶᠠᠰᠬᠤ
ᠥᠭᠡᠳᠡᠷᠡᠭ ᠠᠮᠢᠳᠤᠷᠠᠯ ᠳ᠋ᠤ᠌ ᠪᠠᠨ ᠴᠠᠳᠴᠤ
ᠲᠣᠭ᠎ᠠ ᠮᠡᠳᠡᠬᠦ ᠦᠭᠡᠢ ᠴᠦ᠍ ᠭᠡᠰᠡᠨ
ᠲᠤᠭᠤᠯ ᠢ᠋ᠶ᠋ᠠᠨ ᠵᠢᠰᠦ ᠪᠡᠷ ᠨᠢ ᠲᠠᠨᠢᠴᠢᠬᠠᠳᠠᠭ
ᠬᠡᠦᠬᠡᠳ ᠢ᠋ᠶ᠋ᠡᠷ ᠢ᠋ᠶ᠋ᠡᠨ ᠪᠠᠢᠬᠤ ᠰᠠᠢᠬᠠᠨ
ᠰᠢᠨᠠᠯᠠᠶ᠎ᠠ ᠭᠡᠳ ᠴᠠᠭᠠᠨ ᠰᠠᠷ᠎ᠠ ᠪᠠᠨ ᠬᠦᠯᠢᠶᠡᠴᠢᠬᠡᠭᠰᠡᠨ
ᠰᠢᠬᠢᠷ ᠲᠦ᠍ ᠭᠣᠷᠢᠯᠠᠨ ᠠᠪᠤ ᠶ᠋ᠢᠨ ᠢ᠋ᠶ᠋ᠡᠨ ᠪᠠᠷ᠎ᠠ ᠶ᠋ᠢ ᠬᠠᠷᠠᠴᠢᠬᠠᠭᠰᠠᠨ
ᠨᠠᠭᠠᠳᠤᠮ ᠳ᠋ᠤ᠌ ᠰᠢᠨᠤᠨ ᠨᠠᠷᠠᠨ ᠰᠢᠷᠭᠠᠯ ᠢ᠋ᠶ᠋ᠠᠷ ᠪᠣᠷᠣᠯᠠᠴᠢᠬᠠᠭᠰᠠᠨ
ᠨᠠᠷᠭᠢᠯ ᠬᠥᠭᠡᠷᠦᠦ ᠣᠢ ᠲᠣᠢᠨ ᠦᠭᠡᠢ ᠳᠡᠮᠡᠢᠷᠡᠴᠢᠬᠡᠭᠰᠡᠨ
ᠦᠨᠡᠨ ᠬᠤᠳᠠᠯ ᠢ᠋ ᠮᠡᠳᠡᠬᠦ ᠴᠦ᠍ ᠦᠭᠡᠢ
ᠤᠢᠳᠬᠠᠷ ᠭᠤᠨᠢᠭ ᠢ᠋ ᠤᠬᠠᠬᠤ ᠴᠤ᠌ ᠦᠭᠡᠢ
ᠮᠣᠷᠢ ᠭᠡᠪᠡᠯ ᠪᠤᠷᠭᠠᠰᠤ ᠵᠠᠢᠳᠠᠯᠠᠴᠢᠬᠠᠭᠰᠠᠨ
ᠮᠣᠲ᠋ᠣᠷ ᠭᠡᠪᠡᠯ ᠠᠮᠠ ᠪᠠᠷ ᠢ᠋ᠶ᠋ᠠᠨ ᠫᠠᠷᠴᠢᠭᠢᠨᠠᠴᠢᠬᠠᠭᠰᠠᠨ
ᠬᠡᠦᠬᠡᠳ ᠢ᠋ᠶ᠋ᠡᠷ ᠢ᠋ᠶ᠋ᠡᠨ ᠪᠠᠢᠬᠤ ᠳᠠᠩᠴᠤ ᠰᠠᠢᠬᠠᠨ
ᠦᠰᠦᠭ ᠠᠮᠢᠯᠠᠭᠤᠯᠤᠭᠴᠢ᠂ ᠦᠰᠦᠭ ᠬᠠᠳᠠᠭᠴᠢ᠄ ᠪᠠᠢ ᠰᠠᠷᠠᠨ᠎ᠠ
ᠬᠢᠨᠠᠭᠴᠢ᠄ ᠪᠠᠭᠰᠢ᠂ ᠲᠣᠳᠤᠭᠢᠷᠡᠯ᠂ ᠰᠣᠨᠢᠨᠪᠠᠶᠠᠷ