ᠪᠢ ᠮᠣᠩᠭᠣᠯ ᠬᠥᠮᠦᠨ-ᠪᠤᠤᠬᠢᠶ᠎ᠠ20251005Bi mongol khümüün-BuukhiaБи монгол хүмүүн-Буухиа
ᠪᠢ ᠮᠣᠩᠭᠣᠯ ᠬᠥᠮᠦᠨ
1. ᠨᠤᠮᠤᠴᠢᠨ ᠪᠢᠯᠢᠭ
ᠮᠣᠩᠭᠣᠯ ᠢ᠋ᠶ᠋ᠠᠷ ᠢ᠋ᠶ᠋ᠠᠨ ᠭᠣᠶᠣᠯᠠᠵᠠᠭᠠᠶᠠ
ᠮᠣᠩᠭᠣᠯ ᠢ᠋ᠶ᠋ᠠᠷ ᠢ᠋ᠶ᠋ᠠᠨ ᠬᠡᠯᠡᠵᠡᠭᠡᠶᠡ
ᠮᠣᠩᠭᠣᠯ ᠢ᠋ᠶ᠋ᠠᠷ ᠢ᠋ᠶ᠋ᠠᠨ ᠪᠢᠴᠢᠵᠡᠭᠡᠶ᠎ᠡ
ᠮᠣᠩᠭᠣᠯ ᠢ᠋ᠶ᠋ᠠᠷ ᠢ᠋ᠶ᠋ᠠᠨ ᠰᠡᠳᠬᠢᠵᠡᠭᠡᠶᠡ᠃
2. ᠮᠢᠳᠤᠭᠮ᠎ᠠ
ᠪᠢ ᠮᠣᠩᠭᠣᠯ ᠬᠥᠮᠦᠨ ᠮᠣᠩᠭᠣᠯ ᠦᠰᠦᠭ ᠪᠢᠴᠢᠭ ᠢ᠋ᠶ᠋ᠡᠨ ᠪᠢᠴᠢᠵᠦ ᠪᠣᠯᠪᠠᠰᠤᠷᠠᠶᠠ
3. ᠴᠠᠭᠰᠤᠯᠮᠡ
ᠪᠢ ᠮᠣᠩᠭᠣᠯ ᠬᠥᠮᠦᠨ ᠡᠳᠦᠷ ᠪᠦᠷᠢ ᠮᠣᠩᠭᠣᠯ ᠢ᠋ᠶ᠋ᠠᠷ ᠢ᠋ᠶ᠋ᠠᠨ ᠪᠢᠴᠢᠶ᠎ᠡ ᠰᠤᠷᠤᠶ᠎ᠠ
4. ᠠᠯᠲᠠᠨᠴᠢᠮᠡᠭ
ᠭᠤᠷᠪᠠᠨ ᠬᠤᠷᠳᠤᠨ
ᠰᠠᠯᠬᠢ ᠲᠠᠢ ᠲᠡᠭᠷᠢ ᠶ᠋ᠢᠨ ᠡᠭᠦᠯᠡ ᠬᠤᠷᠳᠤᠨ
ᠰᠠᠷᠠᠭᠤᠯ ᠤᠬᠠᠭᠠᠨᠲᠠᠨ ᠤ᠋ ᠰᠠᠨᠠᠬᠤ ᠬᠤᠷᠳᠤᠨ
ᠰᠠᠢᠨ ᠮᠣᠷᠢᠨ ᠤ᠋ ᠶᠠᠪᠤᠳᠠᠯ ᠬᠤᠷᠳᠤᠨ
5. ᠭᠠᠩᠰᠥ᠋ᠬᠡ
ᠠᠷᠭᠠᠯ ᠤ᠋ᠨ ᠤᠲᠤᠭ᠎ᠠ ᠪᠤᠷᠭᠢᠯᠤᠭᠰᠠᠨ ᠮᠠᠯᠴᠢᠨ ᠤ᠋ ᠭᠡᠷ ᠲᠦ᠍ ᠲᠥᠷᠥᠭᠰᠡᠨ ᠪᠢ
ᠠᠲᠠᠷ ᠬᠡᠭᠡᠷ᠎ᠡ ᠨᠤᠲᠤᠭ ᠢ᠋ᠶ᠋ᠠᠨ ᠥᠯᠥᠭᠡᠢ ᠮᠢᠨᠢ ᠭᠡᠵᠦ ᠪᠣᠳᠣᠳᠠᠭ᠂
ᠴᠡᠩᠬᠡᠷ ᠮᠠᠨᠠᠨ ᠰᠤᠭᠤᠨᠠᠭᠯᠠᠭᠰᠠᠨ ᠠᠯᠤᠰ ᠤ᠋ᠨ ᠪᠠᠷ᠎ᠠ ᠶ᠋ᠢ ᠰᠢᠷᠳᠡᠭᠡᠳ
ᠴᠡᠯᠡᠭᠡᠷ ᠰᠠᠢᠬᠠᠨ ᠨᠤᠲᠤᠭ ᠢ᠋ᠶ᠋ᠠᠨ ᠰᠡᠳᠬᠢᠯ ᠪᠠᠬᠠᠳᠤᠨ ᠬᠠᠷᠠᠬᠤ ᠳ᠋ᠤ᠌
ᠦᠯᠢᠶᠡᠵᠦ ᠪᠠᠢᠬ᠎ᠠ ᠰᠠᠯᠬᠢ ᠨᠢ ᠦᠨᠦᠰᠦᠭᠡᠳ ᠪᠠᠢᠬᠤ ᠴᠤ᠌ ᠶᠤᠮ ᠰᠢᠭ᠋ ᠥᠷᠥᠰᠢᠶᠡᠯᠲᠦ ᠡᠵᠢ
6. ᠴᠣᠭ
ᠳᠠᠶᠠᠭᠠᠷ ᠢ᠋ᠶ᠋ᠠᠨ ᠡᠬᠡ ᠬᠡᠯᠡ ᠪᠡᠨ ᠠᠪᠤᠷᠠᠶ᠎ᠠ! ᠨᠠᠭᠤᠷ ᠤ᠋ᠨ ᠬᠤᠨ ᠰᠢᠭ᠋ ᠳᠡᠭᠳᠡᠵᠦ ᠶᠠᠪᠤᠴᠢᠬᠠᠶ᠎ᠠ᠃
7. ᠨᠠᠮᠵᠢᠯ
ᠪᠢᠳᠡ ᠮᠣᠩᠭᠣᠯ ᠢ᠋ᠶ᠋ᠠᠷ ᠢ᠋ᠶ᠋ᠠᠨ ᠶᠠᠷᠢᠵᠤ᠂ ᠮᠣᠩᠭᠣᠯ ᠦᠰᠦᠭ ᠪᠢᠴᠢᠭ ᠢ᠋ᠶ᠋ᠡᠨ ᠦᠷᠭᠦᠯᠵᠢ ᠬᠡᠷᠡᠭᠯᠡᠶ᠎ᠡ!
8. ᠤᠤᠭᠠᠨᠵᠢᠳ
ᠦᠶ᠎ᠡ ᠶ᠋ᠢᠨ ᠦᠶ᠎ᠡ ᠶ᠋ᠢᠨ ᠮᠣᠩᠭᠣᠯ ᠳ᠋ᠤ᠌ ᠦᠨᠳᠦᠰᠦ ᠪᠣᠯᠤᠭᠰᠠᠨ ᠬᠡᠯᠡ ᠮᠢᠨᠢ
ᠦᠷ᠎ᠡ ᠶ᠋ᠢᠨ ᠦᠷ᠎ᠡ ᠶ᠋ᠢᠨ ᠬᠣᠢᠴᠢ ᠳ᠋ᠤ᠌ ᠥᠪ ᠪᠣᠯᠤᠭᠰᠠᠨ ᠬᠡᠯᠡ ᠮᠢᠨᠢ
ᠥᠭᠡᠷ᠎ᠡ ᠪᠤᠰᠤᠳ ᠡᠴᠡ ᠢᠯᠭᠠᠷᠠᠬᠤ ᠳ᠋ᠤ᠌ ᠬᠢᠯᠢ ᠪᠣᠯᠤᠭᠰᠠᠨ ᠬᠡᠯᠡ ᠮᠢᠨᠢ
ᠥᠪᠡᠷ ᠦ᠋ᠨ ᠥᠩᠭᠡ ᠪᠡᠷ ᠰᠣᠯᠣᠩᠭᠠᠷᠠᠬᠤ ᠳ᠋ᠤ᠌ ᠠᠮᠢ ᠪᠣᠯᠤᠭᠰᠠᠨ ᠬᠡᠯᠡ ᠮᠢᠨᠢ᠃
9. ᠠᠶᠣᠷᠽᠠᠨ᠎ᠠ
ᠲᠥᠷᠥ ᠶ᠋ᠢᠨ ᠬᠡᠯᠡ ᠶ᠋ᠢ ᠡᠵᠡᠮᠰᠢᠪᠡᠯ ᠡᠷᠳᠡᠮ ᠪᠣᠯᠠᠢ᠂ᠲᠥᠷᠥᠯᠬᠢ ᠬᠡᠯᠡ ᠪᠡᠨ ᠳᠡᠭᠡᠳᠦᠯᠡᠪᠡᠯ ᠴᠢᠨᠠᠷ ᠪᠣᠯᠠᠢ᠁
10. ᠭᠡᠭᠡ
ᠠᠯᠠᠭᠠᠨ ᠳ᠋ᠠᠭᠠᠨ ᠡᠵᠡᠨ ᠡᠷᠬᠡ ᠲᠡᠢ ᠪᠣᠯ ᠠᠯᠢᠪᠠ ᠪᠦᠲᠦᠨ᠎ᠡ᠃
11. ᠭᠠᠸᠠ
ᠣᠶᠤᠨ ᠪᠢᠴᠢᠭᠯᠡᠭᠦᠷ ᠦ᠋ᠨ ᠵᠦᠢᠷ ᠦᠭᠡ ᠣᠷᠣᠢᠲᠠᠪᠠᠯ ᠳᠣᠪᠣ ᠣᠯᠠᠨ ᠳᠣᠷᠣᠢᠲᠠᠪᠠᠯ ᠨᠣᠶᠠᠨ ᠣᠯᠠᠨ
12. ᠨᠠᠴᠢᠨ
ᠣᠯᠠᠨ ᠤ᠋ ᠬᠦᠴᠦᠨ ᠳ᠋ᠦ᠍ ᠣᠪᠣᠭ᠎ᠠ ᠪᠤᠰᠬᠠᠨ᠎ᠠ
13. ᠰᠡᠴᠡᠨᠪᠠᠭᠠᠳᠤᠷ
ᠮᠣᠩᠭᠣᠯ ᠦᠰᠦᠭ ᠪᠢᠴᠢᠭ ᠢ᠋ᠶ᠋ᠡᠨ ᠰᠠᠢᠨ ᠪᠢᠴᠢᠶ᠎ᠡ ᠴᠢᠷᠮᠠᠢᠶ᠎ᠠ
14. ᠪᠠᠭᠠᠲᠤᠷ
ᠥᠪᠡᠷ ᠦ᠋ᠨ ᠦᠭᠡ ᠬᠡᠯᠡ ᠦᠰᠦᠭ ᠪᠢᠴᠢᠭ ᠬᠡᠯᠡᠵᠦ ᠪᠢᠴᠢᠬᠦ ᠨᠢ ᠮᠣᠩᠭᠣᠯ ᠬᠥᠮᠦᠨ ᠪᠦᠬᠦᠨ ᠦ᠌ ᠡᠭᠦᠷᠭᠡ ᠬᠠᠷᠢᠭᠤᠴᠠᠯᠭ᠎ᠠ‼
15. ᠨᠠ᠊᠂ ᠴᠠᠭᠠᠨ
ᠳᠠᠮ ᠳᠠᠮ ᠳ᠋ᠤ᠌ ᠪᠠᠨ ᠳᠡᠭᠡᠰᠦ ᠡᠷᠴᠢᠨ ᠳ᠋ᠦ᠍ ᠪᠡᠨ ᠬᠠᠮᠲᠤ ᠪᠠᠷ ᠴᠢᠷᠮᠠᠢᠪᠠᠯ ᠪᠦᠬᠦ ᠶᠠᠭᠤᠮ᠎ᠠ ᠪᠦᠲᠦᠨ᠎ᠡ᠃
16. ᠲᠡᠮᠦᠷᠭᠤᠤᠯᠲᠥ
ᠡᠬᠡ ᠬᠡᠯᠡ ᠪᠢᠴᠢᠭ ᠢ᠋ᠶ᠋ᠡᠨ ᠪᠢᠴᠢᠵᠦ ᠬᠡᠷᠡᠭᠯᠡᠵᠦ ᠶᠠᠪᠤᠵᠠᠭᠠᠶ᠎ᠠ!
17. ᠠᠯᠲᠠᠨᠴᠢᠮᠡᠭ
ᠣᠨᠢᠰᠣᠭ᠎ᠠ
ᠠᠭᠠᠯ ᠪᠠᠯ ᠤ᠋ᠨ ᠬᠠᠲᠤᠨ ᠠᠷᠪᠠᠨ ᠬᠣᠶᠠᠷ ᠳᠠᠭᠠᠯᠲᠠ ᠲᠠᠢ
ᠬᠣᠶᠠᠷ ᠳᠤᠷᠳᠤᠩ ᠠᠯᠴᠢᠭᠤᠷ ᠲᠠᠢ ᠨᠢᠭᠡ ᠮᠥᠩᠭᠥᠨ ᠬᠠᠯᠪᠠᠭ᠎ᠠ ᠲᠠᠢ
18. ᠦᠵᠢᠶᠡᠳ ᠡᠷᠳᠡᠨᠢᠴᠡᠴᠡᠭ
ᠲᠠᠪᠤᠨ ᠬᠣᠰᠢᠭᠤ ᠮᠠᠯ ᠠᠳᠤᠭᠤ᠂ ᠲᠡᠮᠡᠭᠡ᠂ ᠦᠬᠡᠷ᠂ ᠬᠣᠨᠢ᠂ ᠢᠮᠠᠭ᠎ᠠ
ᠬᠢᠯᠤᠤ ᠭᠠᠷᠪᠠᠯ ᠳᠣᠮᠨᠠᠳᠠᠭ᠂ ᠬᠢᠯᠭᠠᠨ᠎ᠠ ᠶᠡᠬᠡᠳᠪᠡᠯ ᠵᠤᠳᠯᠠᠳᠠᠭ᠂ ᠬᠢᠯᠭᠠᠰᠤᠨ ᠳᠡᠭᠡᠰᠦ ᠪᠡᠨ ᠡᠷᠴᠢᠯᠡᠳᠡᠭ
ᠠᠷᠠᠰᠤ ᠪᠠᠨ ᠢᠳᠡᠭᠡᠯᠡᠳᠡᠭ᠂ ᠠᠶᠠᠭ᠎ᠠ ᠪᠠᠨ ᠳᠣᠯᠢᠶᠠᠳᠠᠭ᠂ ᠠᠬᠠᠮᠠᠳ ᠢ᠋ᠶ᠋ᠠᠨ ᠬᠦᠨᠳᠦᠯᠡᠳᠡᠭ
19. ᠨᠠᠮᠵᠢᠯ
(《 ᠮᠣᠩᠭᠣᠯ ᠬᠡᠯᠡ》 ᠦᠷᠭᠦᠯᠵᠢᠯᠡᠯ )
ᠬᠤᠲᠤᠭ ᠥᠯᠵᠡᠢ ᠪᠦᠷᠢᠳᠦᠭᠰᠡᠨ ᠬᠤᠪᠢ ᠶᠡᠬᠡ ᠵᠠᠶᠠᠭᠠᠲᠤ ᠲᠦᠮᠡᠨ ᠦ᠌ ᠮᠢᠨᠢ
ᠬᠤᠷᠴᠠ ᠠᠪᠢᠶᠠᠰᠤᠲᠤ ᠬᠥᠪᠡᠭᠦᠳ ᠳᠡᠭᠦᠦ ᠨᠠᠷ ᠬᠠᠯᠠᠭᠤᠨ ᠡᠯᠢᠭᠡᠳᠡᠨ ᠬᠣᠲᠠᠯᠠᠭᠠᠷ
ᠡᠬᠡᠰᠢᠭ ᠰᠠᠢᠬᠠᠨ ᠮᠣᠩᠭᠣᠯ ᠬᠡᠯᠡ ᠶᠦ᠍ᠭᠡᠨ ᠨᠡᠩ ᠬᠠᠢᠷᠠᠯᠠᠨ ᠳᠡᠭᠡᠳᠦᠯᠡᠵᠦ
ᠡᠩᠬᠦᠷᠡᠢᠯᠡᠨ ᠪᠠᠳᠠᠷᠠᠭᠤᠯᠬᠤ ᠶ᠋ᠢᠨ ᠪᠠᠲᠤ ᠵᠣᠷᠢᠭ ᠲᠡᠭᠦᠰ ᠶᠠᠭᠤᠲᠠᠢ ᠰᠠᠢᠬᠠᠨ
20. ᠰᠡᠴᠡᠨᠪᠠᠭᠠᠳᠤᠷ
ᠲᠠᠪᠤᠨ ᠬᠣᠰᠢᠭᠤ ᠮᠠᠯ ᠲᠠᠢ ᠪᠠᠨ ᠪᠠᠢᠭ᠎ᠠ ᠪᠣᠯᠬᠣᠷ ᠬᠡᠵᠢᠶᠡᠳᠡ ᠪᠠᠶᠠᠨ ᠲᠠᠩᠰᠤᠭ
21. ᠨᠠᠮᠵᠢᠯ
(《 ᠮᠣᠩᠭᠣᠯ ᠬᠡᠯᠡ》 ᠦᠷᠭᠦᠯᠵᠢᠯᠡᠯ )
ᠴᠢᠬᠢᠨ ᠦ᠌ ᠴᠢᠮᠡᠭ ᠪᠣᠯᠤᠭᠰᠠᠨ ᠠᠶᠠᠯᠭᠤ ᠰᠠᠢᠬᠠᠨ ᠮᠣᠩᠭᠣᠯ ᠬᠡᠯᠡ
ᠴᠢᠩ ᠵᠣᠷᠢᠭᠲᠤ ᠡᠪᠦᠭᠡ ᠳᠡᠭᠡᠳᠦᠰ ᠦ᠋ᠨ ᠮᠢᠨᠢ ᠥᠪ ᠶᠡᠬᠡ ᠡᠷᠳᠡᠨᠢ
ᠰᠣᠨᠣᠰᠬᠤ ᠪᠦᠷᠢ ᠢᠷᠠᠭᠤ ᠪᠠᠶᠠᠯᠢᠭ ᠢ᠋ ᠭᠠᠢᠬᠠᠨ ᠪᠢᠰᠢᠷᠡᠵᠦ
ᠰᠤᠤᠲᠤ ᠶᠡᠬᠡ ᠪᠢᠯᠢᠭᠲᠦ ᠲᠦᠮᠡᠨ ᠶᠦ᠍ᠭᠡᠨ ᠪᠢᠰᠢᠷᠡᠨ ᠮᠠᠭᠲᠠᠮᠤ᠃
22. ᠰᠡᠴᠡᠨᠪᠠᠭᠠᠳᠤᠷ
ᠮᠣᠩᠭᠣᠯ ᠦᠰᠦᠭ ᠪᠢᠴᠢᠭ ᠢ᠋ᠶ᠋ᠡᠨ ᠦᠷᠭᠦᠯᠵᠢᠯᠡᠨ ᠪᠢᠴᠢᠵᠦ ᠰᠤᠷᠤᠯᠴᠠᠶ᠎ᠠ᠂ ᠴᠡᠪᠡᠷ ᠠᠷᠢᠭᠤᠨ ᠬᠡᠯᠡ ᠪᠡᠷ ᠢ᠋ᠶ᠋ᠡᠨ ᠶᠠᠷᠢᠯᠴᠠᠶ᠎ᠠ᠃
23. ᠲᠦᠮᠡᠨ᠌ᠥ᠌ᠯᠵᠡᠢ
ᠮᠣᠩᠭᠣᠯ ᠦᠰᠦᠭ ᠪᠢᠴᠢᠭ ᠢ᠋ᠶ᠋ᠡᠨ ᠦᠷᠭᠦᠯᠵᠢ ᠪᠢᠴᠢᠵᠦ ᠶᠠᠷᠢᠶ᠎ᠠ᠃
24. ᠬᠠᠰᠠᠠᠭᠣᠯᠠ
ᠦᠰᠦᠭ ᠪᠢᠴᠢᠭ ᠬᠡᠮᠡᠬᠦ ᠡᠷᠳᠡᠨᠢ᠂ ᠡᠭᠦᠷᠢᠳᠡ ᠶ᠋ᠢᠨ ᠠᠮᠢᠲᠠᠢ ᠪᠤᠶᠤ᠂ ᠥᠭᠦᠯᠡᠭᠰᠡᠨ ᠦᠭᠡ ᠶ᠋ᠢ ᠰᠢᠩᠭᠡᠭᠡᠵᠦ᠂ ᠡᠭᠦᠷᠢᠳᠡ ᠶ᠋ᠢᠨ ᠥᠪ ᠪᠣᠯᠭᠠᠮᠤᠢ!
《 ᠴᠢᠩᠭᠢᠰ ᠬᠠᠭᠠᠨ ᠤ᠋ ᠪᠢᠯᠢᠭ ᠰᠤᠷᠭᠠᠯ》
25. ᠳᠠᠯᠠᠨᠲᠠᠢ
ᠡᠳ᠋ ᠦᠭᠡᠢ ᠬᠥᠮᠦᠨ ᠦ᠌ ᠠᠪᠳᠠᠷ᠎ᠠ ᠬᠣᠭᠣᠰᠣᠨ᠂
ᠡᠷᠳᠡᠮ ᠦᠭᠡᠢ ᠬᠥᠮᠦᠨ ᠦ᠌ ᠴᠡᠭᠡᠵᠢ ᠬᠣᠭᠣᠰᠣᠨ᠃
26. ᠨᠠᠮᠵᠢᠯ
ᠣᠳᠣ ᠥᠪᠥᠷ ᠮᠣᠩᠭᠣᠯ ᠤ᠋ᠨ ᠥᠪᠡᠷᠲᠡᠭᠡᠨ ᠵᠠᠰᠠᠬᠤ ᠣᠷᠣᠨ ᠳ᠋ᠤ᠌᠄ ᠬᠥᠬᠡᠬᠣᠲᠠ᠂ ᠪᠤᠭᠤᠲᠤ᠂ ᠦᠬᠠᠢ᠂ ᠪᠠᠶᠠᠨᠨᠠᠭᠤᠷ᠂ ᠣᠷᠳᠣᠰ᠂ᠤᠯᠠᠭᠠᠨᠴᠠᠪ᠂ ᠤᠯᠠᠭᠠᠨᠬᠠᠳᠠ᠂ ᠲᠦᠩᠯᠢᠶᠣᠣ᠂ ᠬᠥᠯᠥᠨ ᠪᠤᠢᠷ ᠵᠡᠷᠭᠡ 9 ᠬᠣᠲᠠ ᠪᠣᠯᠤᠨ ᠬᠢᠩᠭᠠᠨ ᠠᠢᠮᠠᠭ᠂ ᠰᠢᠯᠢ ᠶ᠋ᠢᠨ ᠭᠣᠣᠯ ᠠᠢᠮᠠᠭ᠂ ᠠᠯᠠᠱᠠ ᠠᠢᠮᠠᠭ ᠵᠡᠷᠭᠡ 3 ᠠᠢᠮᠠᠭ ᠬᠠᠷᠢᠶᠠᠯᠠᠭᠳᠠᠵᠤ ᠪᠠᠢᠨ᠎ᠠ᠃
27. ᠰᠡᠴᠡᠨᠪᠠᠭᠠᠳᠤᠷ
ᠪᠢᠳᠡ ᠮᠣᠩᠭᠣᠯ ᠦᠰᠦᠭ ᠪᠢᠴᠢᠭ ᠢ᠋ᠶ᠋ᠡᠨ ᠪᠢᠴᠢᠵᠦ ᠪᠠᠢᠶ᠎ᠠ ᠬᠠᠮᠲᠤ ᠪᠠᠷ ᠴᠢᠷᠮᠠᠢᠶ᠎ᠠ
28. ᠨᠠᠷᠠᠨᠲᠣᠭᠣᠰ
ᠮᠣᠩᠭᠣᠯ ᠦᠰᠦᠭ ᠪᠢᠴᠢᠭ ᠢ᠋ᠶ᠋ᠡᠨ ᠪᠢᠴᠢᠵᠦ ᠪᠠᠢᠶ᠎ᠠ᠂ ᠬᠠᠮᠲᠤ ᠪᠠᠷ ᠴᠢᠷᠮᠠᠢᠶ᠎ᠠ
29. ᠨᠠᠮᠵᠢᠯ
ᠰᠢᠯᠢ ᠶ᠋ᠢᠨ ᠭᠣᠣᠯ ᠠᠢᠮᠠᠭ᠂ 2 ᠬᠣᠲᠠ᠂ 9 ᠬᠣᠰᠢᠭᠤ᠂ 1 ᠰᠢᠶᠠᠨ ᠲᠠᠢ᠃
30. ᠰᠠᠷᠠᠨᠲᠤᠶᠠᠭ᠎ᠠ
ᠤᠯᠤᠰ ᠤ᠋ᠨ ᠪᠠᠶᠠᠷ ᠤ᠋ᠨ ᠡᠳᠦᠷ ᠦ᠋ᠨ ᠪᠠᠶᠠᠷ ᠬᠦᠷᠭᠡᠶ᠎ᠡ!
31. ᠮᠣᠩᠭᠣᠯ ᠰᠦᠨᠡᠰᠦ
ᠥᠪᠡᠷ ᠦ᠋ᠨ ᠢ᠋ᠶ᠋ᠡᠨ ᠬᠡᠨ ᠭᠡᠳᠡᠭ ᠢ᠋ᠶ᠋ᠡᠨ ᠲᠠᠨᠢᠵᠤ᠂ ᠶᠠᠭᠤ ᠬᠢᠪᠡᠯ ᠵᠣᠬᠢᠬᠤ ᠭᠡᠳᠡᠭ ᠢ᠋ᠶ᠋ᠡᠨ ᠲᠣᠳᠣᠷᠬᠠᠢ ᠮᠡᠳᠡᠵᠦ᠂ ᠰᠢᠭᠤᠳᠪᠤᠷᠢ ᠲᠠᠢ ᠶᠠᠪᠤᠭᠳᠠᠭᠤᠯᠬᠤ ᠪᠣᠯ ᠲᠤᠩ ᠴᠢᠬᠤᠯᠠ ᠶᠠᠪᠤᠳᠠᠯ ᠢ᠋᠃
32. ᠰᠡᠴᠡᠨᠪᠠᠭᠠᠳᠤᠷ
ᠡᠳᠦᠷ ᠪᠦᠷᠢ ᠮᠣᠩᠭᠣᠯ ᠦᠰᠦᠭ ᠢ᠋ᠶ᠋ᠡᠨ ᠪᠢᠴᠢᠵᠦ ᠪᠠᠢᠨ᠎ᠠ ᠰᠢᠦ
33. ᠨᠠᠮᠵᠢᠯ
ᠥᠪᠥᠷ ᠮᠣᠩᠭᠣᠯ ᠤ᠋ᠨ ᠥᠪᠡᠷᠲᠡᠭᠡᠨ ᠵᠠᠰᠠᠬᠤ ᠣᠷᠣᠨ ᠤ᠋ ᠭᠠᠵᠠᠷ ᠨᠤᠲᠤᠭ᠂ ᠵᠡᠭᠦᠨ ᠡᠴᠡ ᠬᠥᠯᠥᠨ ᠪᠤᠢᠷ ᠤ᠋ᠨ ᠭᠡᠭᠡᠨ ᠭᠣᠣᠯ ᠤ᠋ᠨ ᠵᠡᠭᠦᠨ ᠵᠠᠬ᠎ᠠ ᠡᠴᠡ ᠪᠠᠷᠠᠭᠤᠨᠰᠢ ᠠᠯᠠᠱᠠ ᠶ᠋ᠢᠨ ᠡᠵᠡᠨ᠎ᠡ ᠬᠤᠰᠢᠭᠤᠨ ᠤ᠋ ᠪᠠᠷᠠᠭᠤᠨ ᠬᠢᠵᠠᠭᠠᠷ ᠬᠦᠷᠲᠡᠯ᠎ᠡ ᠰᠢᠯᠤᠭᠤᠨ ᠱᠤᠭᠤᠮ ᠤ᠋ᠨ ᠤᠷᠲᠤ ᠨᠢ ᠶᠡᠬᠡ ᠲᠥᠯᠥᠪ 2400 ᠺᠢᠯᠣᠮᠧᠲ᠋ᠷ ᠣᠷᠴᠢᠮ ᠵᠠᠢ ᠲᠠᠢ᠃
34. ᠰᠡᠴᠡᠨᠪᠠᠭᠠᠳᠤᠷ
ᠳᠠᠶᠠᠭᠠᠷ ᠢ᠋ᠶ᠋ᠠᠨ ᠰᠠᠢᠨ ᠪᠠᠢᠨ᠎ᠠ ᠤᠤ? ᠵᠠ ᠮᠣᠩᠭᠣᠯ ᠦᠰᠦᠭ ᠪᠢᠴᠢᠭ ᠢ᠋ᠶ᠋ᠡᠨ ᠡᠳᠦᠷ ᠪᠣᠯᠭᠠᠨ ᠪᠢᠴᠢᠵᠦ ᠪᠠᠢᠶ᠎ᠠ ᠴᠢᠷᠮᠠᠢᠨ ᠰᠤᠷᠤᠯᠴᠠᠶ᠎ᠠ
35. ᠭᠠᠷᠮ᠎ᠠ
ᠪᠢ ᠮᠣᠩᠭᠣᠯ ᠬᠥᠮᠦᠨ᠄ ᠠᠷᠭᠠᠯ ᠤ᠋ᠨ ᠤᠲᠤᠭ᠎ᠠ ᠪᠤᠷᠭᠢᠯᠤᠭᠰᠠᠨ ᠮᠠᠯᠴᠢᠨ ᠤ᠋ ᠭᠡᠷ ᠲᠦ᠍ ᠲᠥᠷᠥᠭᠰᠡᠨ ᠪᠢ ᠠᠲᠠᠷ ᠬᠡᠭᠡᠷ᠎ᠡ ᠨᠤᠲᠤᠭ ᠢ᠋ᠶ᠋ᠠᠨ ᠥᠯᠥᠭᠡᠢ ᠮᠢᠨᠢ ᠭᠡᠵᠦ ᠪᠣᠳᠣᠳᠠᠭ᠃
36. ᠨᠠᠮᠵᠢᠯ
ᠰᠢᠯᠢ ᠶ᠋ᠢᠨ ᠭᠣᠣᠯ ᠠᠢᠮᠠᠭ ᠤ᠋ᠨ ᠪᠦᠬᠦ ᠭᠠᠵᠠᠷ ᠨᠤᠲᠤᠭ ᠤ᠋ᠨ ᠲᠠᠯᠠᠪᠠᠢ ᠨᠢ 20᠂26 ᠲᠦᠮᠡᠨ ᠠᠮᠠ ᠳᠥᠷᠪᠡᠯᠵᠢᠨ ᠺᠢᠯᠣᠮᠧᠲ᠋ᠷ᠃
37. ᠣᠷᠭᠢᠯ
ᠳᠠᠶᠠᠭᠠᠷ ᠠᠮᠤᠭᠤᠯᠠᠩ⁈ ᠡᠳᠦᠷ ᠪᠦᠷᠢ ᠮᠣᠩᠭᠣᠯ ᠦᠰᠦᠭ ᠢ᠋ᠶ᠋ᠡᠨ ᠪᠢᠴᠢᠵᠦ ᠪᠠᠢᠨ᠎ᠠ ᠰᠢᠦ
38. ᠰ᠂ ᠨᠠᠷᠠᠨᠲᠤᠶᠠᠭ᠎ᠠ
ᠲᠥᠷᠥᠭᠰᠡᠨ ᠨᠤᠲᠤᠭ ᠮᠢᠨᠢ ᠣᠩᠭᠣᠨ ᠢ᠋ᠶ᠋ᠠᠷ ᠢ᠋ᠶ᠋ᠠᠨ ᠪᠠᠢᠭᠠᠰᠠᠢ᠂ ᠲᠥᠷᠥᠯᠬᠢ ᠬᠡᠯᠡ ᠮᠢᠨᠢ ᠮᠣᠩᠭᠣᠯ ᠢ᠋ᠶ᠋ᠠᠷ ᠢ᠋ᠶ᠋ᠠᠨ ᠪᠠᠢᠭᠠᠰᠠᠢ᠂
ᠲᠦᠮᠡᠨ ᠠᠷᠠᠳ ᠮᠢᠨᠢ ᠵᠢᠷᠭᠠᠯᠲᠠᠢ ᠪᠠᠢᠭᠠᠰᠠᠢ᠂ ᠲᠥᠷᠥ ᠭᠦᠷᠦᠨ ᠮᠢᠨᠢ ᠠᠮᠤᠭᠤᠯᠠᠩ ᠪᠠᠢᠭᠠᠰᠠᠢ᠃
39. ᠨᠠ᠊᠂ ᠴᠠᠭᠠᠨ
ᠡᠷᠬᠢᠮ ᠳᠡᠭᠡᠳᠦ ᠥᠪ ᠰᠣᠶᠣᠯ ᠢ᠋ᠶ᠋ᠠᠨ ᠨᠠᠨᠳᠢᠩᠨᠠᠨ ᠬᠠᠢᠷᠠᠯᠠᠵᠤ ᠬᠠᠮᠠᠭᠠᠯᠠᠵᠤ ᠬᠥᠭᠵᠢᠭᠦᠯᠬᠦ ᠶ᠋ᠢᠨ ᠲᠥᠯᠥᠭᠡ
ᠡᠯᠢᠭᠡ ᠨᠢᠭᠡᠲᠡᠨ ᠪᠦᠬᠦᠨ ᠬᠠᠮᠲᠤ ᠳ᠋ᠤ᠌ ᠪᠠᠨ ᠴᠢᠷᠮᠠᠢᠶ᠎ᠠ ᠦᠰᠦᠭ ᠪᠢᠴᠢᠭ ᠪᠢᠴᠢᠵᠦ ᠬᠡᠷᠡᠭᠯᠡᠵᠦ ᠪᠠᠢᠶ᠎ᠠ!
40. ᠬᠠᠰᠠᠠᠭᠣᠯᠠ
ᠭᠤᠴᠢᠨ ᠬᠥᠮᠦᠨ ᠰᠡᠳᠬᠢᠯ ᠬᠠᠮᠲᠤᠷᠠᠪᠠᠰᠤ᠂ ᠰᠢᠷ᠎ᠠ ᠰᠢᠷᠣᠢ ᠠᠯᠲᠠ ᠪᠣᠯᠤᠨ ᠬᠤᠪᠢᠷᠠᠵᠤ᠂
ᠭᠤᠷᠪᠠᠨ ᠦᠶ᠎ᠡ ᠵᠣᠷᠢᠯᠲᠠ ᠨᠢᠭᠡᠳᠪᠡᠰᠦ᠂ ᠬᠥᠬᠡ ᠴᠢᠯᠠᠭᠤ ᠬᠠᠰ ᠪᠣᠯᠵᠤ ᠪᠦᠲᠦᠮᠦᠢ! (ᠮᠡᠷᠭᠡᠳ ᠦ᠋ᠨ ᠦᠭᠡ ᠡᠴᠡ)
41. ᠨᠠᠴᠢᠨ
ᠪᠣᠯᠤᠯᠴᠠᠭ᠎ᠠ ᠲᠠᠢ ᠯᠠ ᠪᠣᠯ ᠮᠣᠩᠭᠣᠯ ᠢ᠋ᠶ᠋ᠠᠷ ᠶᠠᠷᠢᠵᠤ ᠪᠣᠯᠤᠮᠵᠢ ᠲᠠᠢ ᠯᠠ ᠪᠣᠯ ᠮᠣᠩᠭᠣᠯ ᠢ᠋ᠶ᠋ᠠᠷ ᠪᠢᠴᠢᠶ᠎ᠡ
42. ᠨᠠᠪᠴᠢ
ᠦ ᠲᠡᠢ ᠣᠢᠷᠠᠲᠤᠪᠠᠯ ᠴᠠᠭᠠᠨ᠂ ᠬᠦ ᠲᠡᠢ ᠣᠢᠷᠠᠲᠤᠪᠠᠯ ᠬᠠᠷ᠎ᠠ ᠰᠠᠢᠮᠰᠤᠷᠬᠠᠭᠰᠠᠭᠠᠷ᠂ᠰᠠᠢᠨᠳᠠᠭᠠᠳ᠂ ᠰᠢᠯᠲᠠᠭᠠᠯᠠᠬᠳᠠᠬᠤ
43. ᠢᠷᠡᠭᠡᠳᠦᠢ
ᠮᠢᠨᠦ ᠨᠤᠲᠤᠭ ᠤ᠋ᠨ ᠪᠠᠷ᠎ᠠ
ᠭᠠᠵᠠᠷ ᠤ᠋ᠨ ᠬᠣᠯᠠ ᠡᠴᠡ ᠴᠠᠢᠪᠠᠯᠵᠠᠭᠰᠠᠨ ᠭᠠᠩᠭᠠᠩ ᠴᠠᠭᠠᠨ ᠭᠡᠷ ᠦ᠋ᠳ ᠪᠠᠢᠨ᠎ᠠ
ᠭᠠᠭᠴᠠᠬᠠᠨ ᠨᠠᠰᠤᠨ ᠳ᠋ᠤ᠌ ᠵᠠᠶᠠᠭᠠᠭᠰᠠᠨ ᠮᠢᠨᠦ ᠨᠤᠲᠤᠭ ᠤ᠋ᠨ ᠪᠠᠷ᠎ᠠ ᠶᠣ᠌ ᠳᠠ ᠬᠦ
44. ᠴᠠᠬᠠᠷ ᠪᠠᠲᠤ
ᠰᠦᠷᠦᠭ ᠦ᠋ᠨ ᠪᠡᠯᠴᠢᠭᠡᠷ ᠴᠢᠮᠡᠭᠯᠡᠭᠰᠡᠨ ᠰᠦᠢᠬᠡᠨ ᠴᠠᠭᠠᠨ ᠭᠡᠷ ᠦ᠋ᠳ ᠪᠠᠢᠨ᠎ᠠ
ᠰᠦ ᠪᠡᠨ ᠡᠷᠭᠦᠭᠡᠳ ᠬᠣᠴᠣᠷᠤᠭᠰᠠᠨ ᠮᠢᠨᠦ ᠡᠵᠢ ᠶ᠋ᠢᠨ ᠥᠷᠭᠥᠭᠡ ᠶᠣ᠌ ᠳᠠ ᠬᠦ
45. ᠮᠢᠳᠤᠭᠮ᠎ᠠ
ᠬᠣᠯᠪᠣᠭᠠᠨ ᠤ᠋ ᠬᠦᠨᠳᠦᠲᠦ ᠣᠯᠠᠨ ᠪᠠᠭᠰᠢ ᠨᠠᠷ ᠪᠣᠯᠤᠨ ᠬᠠᠮᠲᠤ ᠣᠯᠠᠨ ᠨᠠᠢᠵᠠ ᠨᠥᠬᠥᠳ ᠨᠠᠷ ᠮᠢᠨᠢ ᠰᠠᠢᠨ ᠪᠠᠢᠵᠠᠭᠠᠨ᠎ᠠ ᠤᠤ?
ᠭᠠᠷᠠᠭ ᠤ᠋ᠨ ᠲᠠᠪᠤᠨ ᠤ᠋ ᠦᠳᠡᠰᠢ ᠶ᠋ᠢᠨ ᠠᠮᠤᠷ ᠠᠮᠤᠭᠤᠯᠠᠩ ᠠᠰᠠᠭᠤᠨ ᠵᠣᠯᠭᠠᠶ !
46. ᠴᠡᠴᠡᠭ
ᠮᠣᠩᠭᠣᠯ ᠦᠰᠦᠭ — ᠮᠣᠯᠣᠷ ᠡᠷᠳᠡᠨᠢ᠂ ᠮᠠᠷᠲᠠᠰᠢ ᠪᠣᠯᠣᠰᠢ ᠦᠭᠡᠢ ᠥᠪ ᠰᠣᠶᠣᠯ᠃
ᠭᠠᠭᠴᠠᠬᠠᠨ ᠨᠠᠰᠤᠨ ᠳ᠋ᠤ᠌ ᠵᠠᠶᠠᠭᠠᠭᠰᠠᠨ ᠮᠢᠨᠦ ᠨᠤᠲᠤᠭ ᠤ᠋ᠨ ᠪᠠᠷ᠎ᠠ ᠶᠤ᠌ ᠳᠠ ᠬᠦ᠃
47. ᠨᠠᠮᠵᠢᠯ
ᠰᠢᠯᠢ ᠶ᠋ᠢᠨ ᠭᠣᠣᠯ ᠠᠢᠮᠠᠭ ᠤ᠋ᠨ ᠡᠯ᠎ᠡ ᠬᠣᠰᠢᠭᠤ ᠰᠢᠶᠠᠨ ᠳ᠋ᠤ᠌ ᠬᠠᠮᠤᠭ ᠤ᠋ᠨ ᠶᠡᠬᠡ ᠭᠠᠵᠠᠷ ᠨᠤᠲᠤᠭ ᠲᠠᠢ ᠨᠢ᠂ ᠵᠡᠭᠦᠨ ᠦᠵᠦᠮᠦᠴᠢᠨ ᠬᠣᠰᠢᠭᠤ 47000 ᠭᠠᠷᠤᠢ ᠠᠮᠠ ᠳᠥᠷᠪᠡᠯᠵᠢᠨ ᠺᠢᠯᠣᠮᠧᠲ᠋ᠷ ᠨᠤᠲᠤᠭ ᠲᠠᠢ᠃
48. ᠰᠡᠴᠡᠨᠪᠠᠭᠠᠳᠤᠷ
ᠳᠠᠶᠠᠭᠠᠷ ᠢ᠋ᠶ᠋ᠠᠨ ᠰᠠᠢᠨ ᠪᠠᠢᠨ᠎ᠠ ᠤᠤ? ᠦᠰᠦᠭ ᠪᠢᠴᠢᠭ ᠢ᠋ᠶ᠋ᠡᠨ ᠡᠳᠦᠷ ᠪᠣᠯᠭᠠᠨ ᠪᠢᠴᠢᠵᠦ ᠪᠠᠢᠶ᠎ᠠ
49. ᠨᠠᠷᠠᠨᠲᠣᠭᠣᠰ
ᠪᠢ ᠮᠣᠩᠭᠣᠯ ᠬᠥᠮᠦᠨ ᠮᠣᠩᠭᠣᠯ ᠦᠰᠦᠭ ᠪᠢᠴᠢᠭ ᠢ᠋ᠶ᠋ᠡᠨ ᠪᠢᠴᠢᠵᠦ᠂ ᠮᠣᠩᠭᠣᠯ ᠰᠣᠶᠣᠯ ᠢ᠋ᠶ᠋ᠠᠨ ᠦᠷᠡᠰ ᠨᠠᠷ ᠲᠠᠭᠠᠨ ᠤᠯᠠᠮᠵᠢᠯᠠᠭᠤᠯᠤᠶᠠ
50. ᠮᠥᠩᠭᠥᠨ
ᠬᠣᠯᠪᠣᠭ᠎ᠠ ᠦᠭᠡᠰ᠄
ᠳᠠᠷᠤᠵᠤ— ᠬᠠᠷ᠎ᠠ ᠳᠠᠷᠤᠵᠤ᠂
ᠣᠬᠢ— ᠰᠢᠯᠢᠳᠡᠭ᠂
ᠪᠦᠷᠢᠮᠦᠰᠦᠨ— ᠨᠢᠭᠡᠮᠦᠰᠦᠨ᠂
ᠳᠥᠭᠥᠮ— ᠠᠮᠤᠷ᠂ ᠬᠢᠯᠪᠠᠷ
51. ᠨᠠᠮᠵᠢᠯ
ᠰᠢᠯᠢ ᠶ᠋ᠢᠨ ᠭᠣᠣᠯ ᠠᠢᠮᠠᠭ ᠤ᠋ᠨ ᠡᠯ᠎ᠡ ᠬᠣᠰᠢᠭᠤ ᠰᠢᠶᠠᠨ ᠳ᠋ᠤ᠌ ᠬᠠᠮᠤᠭ ᠤ᠋ᠨ ᠪᠠᠭ᠎ᠠ ᠭᠠᠵᠠᠷ ᠨᠤᠲᠤᠭ ᠲᠠᠢ ᠨᠢ᠂ ᠲᠠᠢᠹᠦᠰᠸ ᠬᠣᠰᠢᠭᠤ 3400 ᠭᠠᠷᠤᠢ ᠠᠮᠠ ᠳᠥᠷᠪᠡᠯᠵᠢᠨ ᠺᠢᠯᠣᠮᠧᠲ᠋ᠷ ᠨᠤᠲᠤᠭ ᠲᠠᠢ᠃
52. ᠰᠡᠴᠡᠨᠪᠠᠭᠠᠳᠤᠷ
ᠰᠠᠢᠬᠠᠨ ᠨᠠᠮᠤᠷᠵᠢᠵᠤ ᠪᠠᠢᠨ᠎ᠠ ᠤᠤ?ᠵᠠ ᠡᠳᠦᠷ ᠪᠣᠯᠭᠠᠨ ᠮᠣᠩᠭᠣᠯ ᠦᠰᠦᠭ ᠪᠢᠴᠢᠭ ᠢ᠋ᠶ᠋ᠡᠨ ᠪᠢᠴᠢᠵᠦ ᠪᠠᠢᠶ᠎ᠠ
53. ᠪᠤᠶᠠᠡᠳᠡᠯᠭᠡᠷ᠄
ᠳᠠᠶᠠᠭᠠᠷ ᠢ᠋ᠶ᠋ᠠᠨ ᠰᠠᠢᠨ ᠪᠠᠢᠨ᠎ᠠ ᠤᠤ? ᠰᠠᠢᠬᠠᠨ ᠨᠠᠮᠤᠷᠵᠢᠵᠤ ᠪᠠᠢᠨ᠎ᠠ ᠤᠤ? ᠡᠳᠦᠷ ᠪᠣᠯᠭᠠᠨ ᠮᠣᠩᠭᠣᠯ ᠦᠰᠦᠭ ᠢ᠋ᠶ᠋ᠡᠨ ᠪᠢᠴᠢᠶ᠎ᠡ᠃
54. ᠨᠠᠷᠠᠨᠲᠣᠭᠣᠰ
ᠬᠣᠭᠣᠯᠠᠢ ᠶ᠋ᠢᠨ ᠴᠡᠭᠡᠯ ᠢ᠋ ᠪᠠᠬᠠᠳᠤᠭᠤᠯᠤᠭᠰᠠᠨ ᠬᠣᠩᠭᠣᠷ ᠪᠦᠰᠡᠭᠦᠢ ᠶ᠋ᠢᠨ ᠳᠠᠭᠤᠯᠠᠯ ᠪᠠᠢᠨ᠎ᠠ
ᠬᠣᠯᠠ ᠶ᠋ᠢᠨ ᠬᠣᠯᠠ ᠡᠴᠡ ᠰᠠᠨᠠᠭᠳᠠᠭᠰᠠᠨ ᠮᠢᠨᠦ ᠠᠮᠠᠷᠠᠭ ᠤ᠋ᠨ ᠪᠠᠷ᠎ᠠ ᠶᠤ᠌ ᠳᠠ ᠬᠦ᠃
55. ᠮᠢᠳᠤᠭᠮ᠎ᠠ
ᠰᠠᠢᠨ ᠪᠠᠢᠵᠠᠭᠠᠨ᠎ᠠ ᠤᠤ? ᠰᠠᠢᠬᠠᠨ ᠨᠠᠮᠤᠷᠵᠢᠵᠤ ᠪᠠᠢᠨ᠎ᠠ ᠤᠤ? ᠠᠮᠤᠷ ᠠᠮᠤᠭᠤᠯᠠᠩ ᠠᠰᠠᠭᠤᠨ ᠵᠣᠯᠭᠠᠶ᠎ᠠ!
56. ᠬᠡᠷᠡᠢᠳ ᠨᠠᠷᠠᠰᠤ
ᠠᠮᠠ ᠪᠠᠢᠭᠠᠳ ᠢᠳᠡᠬᠦ ᠲᠡᠳᠦᠢ᠂ ᠠᠮᠢ ᠪᠠᠢᠭᠠᠳ ᠠᠮᠢᠲᠠᠨ ᠲᠡᠳᠦᠢ᠂ᠬᠥᠯ ᠪᠠᠢᠭᠠᠳ ᠶᠠᠪᠤᠭᠤᠯᠬᠤ ᠦᠭᠡᠢ᠂ᠬᠡᠯᠡ ᠪᠠᠢᠭᠠᠳ ᠬᠡᠯᠡᠭᠦᠯᠬᠦ ᠦᠭᠡᠢ᠂ ᠨᠢᠳᠦ ᠪᠠᠢᠪᠠᠴᠤ ᠰᠣᠬᠣᠷ ᠰᠢᠭ᠋᠂ᠴᠢᠬᠢ ᠪᠠᠢᠪᠠᠴᠤ ᠳᠦᠯᠢ ᠰᠢᠭ᠂ᠡᠷᠬᠡ ᠦᠭᠡᠢ ᠴᠠᠭ᠂ᠬᠠᠮᠢᠭ᠎ᠠ ᠪᠠᠢᠨ᠎ᠠ? ᠵᠣᠯ ᠵᠢᠷᠭᠠᠯ?
57. ᠠᠯᠲᠠᠨᠴᠢᠮᠡᠭ
ᠭᠤᠷᠪᠠᠨ ᠰᠦᠷᠡᠬᠡᠢ
ᠱᠣᠩᠬᠣᠷ ᠰᠢᠪᠠᠭᠤᠨ ᠤ᠋ ᠱᠤᠩᠭᠤᠯᠲᠠ ᠨᠢ ᠨᠢᠭᠡ ᠰᠦᠷᠡᠬᠡᠢ᠂ ᠱᠣᠭᠲᠠᠢ ᠬᠥᠮᠦᠨ ᠦ᠌ ᠶᠣᠭᠲᠠ ᠨᠢ ᠨᠢᠭᠡ ᠰᠦᠷᠡᠬᠡᠢ
ᠱᠣᠭᠰᠢᠶ᠎ᠠ ᠨᠣᠬᠠᠢ ᠶ᠋ᠢᠨ ᠬᠣᠪᠳᠣᠭ ᠨᠢ ᠨᠢᠭᠡ ᠰᠦᠷᠡᠬᠡᠢ᠃
58.ᠠᠮᠤᠷᠪᠠᠶᠠᠷ
ᠥᠨᠳᠥᠷ ᠲᠩᠷᠢ ᠶ᠋ᠢ ᠮᠥᠷᠥᠯᠡᠭᠰᠡᠨ ᠡᠭᠦᠯᠡᠨ ᠴᠡᠩᠬᠡᠷ ᠠᠭᠤᠯᠠᠰ ᠪᠠᠢᠨ᠎ᠠ
ᠦᠷᠭᠦᠯᠵᠢ ᠨᠠᠳᠠ ᠳ᠋ᠤ᠌ ᠵᠡᠭᠦᠳᠦᠯᠡᠭᠳᠡᠭᠰᠡᠨ ᠮᠢᠨᠦ ᠨᠤᠲᠤᠭ ᠤ᠋ᠨ ᠪᠠᠷ᠎ᠠ ᠶᠤ᠌ ᠳᠠ ᠬᠦ᠃