ᠡᠭᠡᠯ ᠮᠠᠯᠴᠢᠨ ᠠᠢᠯ -ᡀ᠂ ᠠᠯᠲᠠᠨᠴᠡᠴᠡᠭEgel malchin ail-L,Aldantsetseg Эгэл малчин айл-Л,Алданцэцэг ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠡᠭᠡᠯ ᠮᠠᠯᠴᠢᠨ ᠠᠢᠯ -ᡀ᠂ ᠠᠯᠲᠠᠨᠴᠡᠴᠡᠭEgel malchin ail-L,Aldantsetseg Эгэл малчин айл-Л,Алданцэцэг

ᠡᠭᠡᠯ ᠮᠠᠯᠴᠢᠨ ᠠᠢᠯ -ᡀ᠂ ᠠᠯᠲᠠᠨᠴᠡᠴᠡᠭEgel malchin ail-L,Aldantsetseg Эгэл малчин айл-Л,Алданцэцэг

2025-10-05

259

ᠡᠭᠡᠯ ᠮᠠᠯᠴᠢᠨ ᠠᠢᠯ

   ᠵᠣᠬᠢᠶᠠᠭᠴᠢ᠄ ᡀ᠂ ᠠᠯᠲᠠᠨᠴᠡᠴᠡᠭ

   ᠤᠶᠠᠩᠭᠠᠯᠠᠭᠴᠢ᠄ ᠬᠠᠩᠬᠤᠯᠤᠨ (ᠣᠷᠳᠣᠰ ᠬᠣᠲᠠ ᠶ᠋ᠢᠨ ᠮᠣᠩᠭᠣᠯ ᠪᠠᠭ᠎ᠠ ᠰᠤᠷᠭᠠᠭᠤᠯᠢ ᠶ᠋ᠢᠨ ᠰᠤᠷᠤᠭᠴᠢ)


ᠭᠠᠳᠠᠨ᠎ᠠ ᠪᠠᠨ ᠭᠡᠨᠵᠢᠭᠰᠡᠨ ᠬᠠᠰᠠᠭ ᠲᠡᠷᠭᠡ ᠨᠢ ᠵᠢᠭᠳᠡᠬᠡᠨ

ᠭᠠᠯ ᠢ᠋ᠶ᠋ᠠᠨ ᠬᠥᠭᠵᠢᠭᠡᠳᠡᠭ ᠠᠷᠭᠠᠯ ᠤ᠋ᠨ ᠣᠪᠣᠭ᠎ᠠ ᠨᠢ ᠲᠡᠭᠰᠢᠬᠡᠨ

ᠮᠠᠯ ᠢ᠋ᠶ᠋ᠠᠨ ᠬᠣᠲᠠᠯᠠᠳᠠᠭ ᠬᠠᠰᠢᠶ᠎ᠠ ᠬᠣᠷᠣᠭ᠎ᠠ ᠨᠢ ᠴᠡᠪᠡᠷᠬᠡᠨ

ᠪᠠᠢᠷᠢ ᠪᠠᠨ ᠠᠯᠳᠠᠳᠠᠭ ᠦᠭᠡᠢ ᠬᠠᠨᠠᠲᠤ ᠭᠡᠷ ᠨᠢ ᠴᠡᠮᠴᠡᠭᠡᠷ

ᠬᠠᠨ ᠠᠪᠤ ᠶ᠋ᠢᠨ ᠮᠢᠨᠢ ᠠᠯᠲᠠᠨ ᠰᠠᠭᠤᠳᠠᠯ ᠨᠢ ᠬᠣᠢᠮᠣᠷ ᠳ᠋ᠦ᠍ ᠪᠠᠨ

ᠬᠠᠲᠤᠨ ᠡᠵᠢ ᠶ᠋ᠢᠨ ᠮᠢᠨᠢ ᠠᠮᠤᠭᠤᠯᠠᠩ ᠳᠦᠷᠢ ᠨᠢ ᠰᠡᠳᠬᠢᠯ ᠳ᠋ᠦ᠍ ᠪᠡᠨ

ᠬᠦᠴᠦ ᠲᠡᠩᠬᠡᠭᠡ ᠲᠡᠢ ᠬᠦᠳᠡᠷ ᠡᠷ᠎ᠡ ᠨᠢ ᠵᠢᠪᠬᠤᠭᠠᠯᠢᠭ

ᠬᠥᠳᠥᠰᠦᠨ ᠳᠡᠪᠡᠯ ᠲᠡᠢ ᠬᠥᠷᠥᠰᠥᠯᠢᠭ ᠦᠷ᠎ᠡ ᠨᠢ ᠵᠣᠯᠪᠣᠭᠠᠯᠢᠭ

ᠲᠠᠨᠢᠨ᠎ᠠ ᠲᠠᠨᠢᠬᠤ ᠦᠭᠡᠢ ᠭᠡᠰᠡᠨ ᠰᠡᠳᠬᠢᠯ ᠦ᠋ᠨ ᠵᠠᠭᠠᠭ ᠪᠠᠢᠳᠠᠭ ᠦᠭᠡᠢ

ᠲᠠᠨᠠᠨ ᠴᠠᠭᠠᠨ ᠥᠷᠥᠭᠡᠨ ᠳ᠋ᠦ᠍ ᠪᠡᠨ ᠭᠡᠢᠴᠢᠨ ᠵᠣᠴᠢᠨ ᠢ᠋ᠶ᠋ᠠᠨ ᠳᠠᠢᠯᠠᠳᠠᠭ

ᠴᠢᠨᠦ ᠮᠢᠨᠦ ᠭᠡᠰᠡᠨ ᠬᠤᠪᠢᠨᠴᠢᠷ ᠪᠣᠳᠣᠯ ᠤ᠋ᠨ ᠵᠠᠪᠰᠠᠷ ᠦᠭᠡᠢ

ᠴᠢᠩ ᠵᠣᠷᠢᠭ ᠮᠢᠨᠢ ᠳᠡᠭᠡᠳᠦ ᠪᠡᠷ ᠴᠢᠭᠴᠢ ᠲᠦᠮᠡᠨ ᠢ᠋ᠶ᠋ᠡᠨ ᠪᠠᠶᠠᠰᠬᠠᠳᠠᠭ

ᠲᠦᠮᠡᠨ ᠪᠣᠳᠠᠰ ᠢ᠋ ᠠᠮᠢᠯᠠᠯ ᠢ᠋ᠶ᠋ᠠᠷ ᠰᠡᠷᠭᠦᠭᠡᠬᠦ ᠲᠡᠷᠢᠭᠦᠨ ᠬᠠᠪᠤᠷ ᠲᠠᠭᠠᠨ

ᠲᠥᠯ ᠦ᠋ᠨ ᠳᠠᠭᠤᠨ ᠢ᠋ᠶ᠋ᠠᠷ ᠳᠡᠯᠡᠬᠡᠢ ᠶ᠋ᠢ ᠪᠠᠶᠠᠰᠬᠠᠵᠤ ᠮᠠᠯᠴᠢᠳ ᠶᠠᠭᠠᠷᠠᠯᠳᠤᠨ᠎ᠠ

ᠨᠠᠷᠠ ᠬᠤᠷ᠎ᠠ ᠪᠠᠷ ᠪᠠᠢᠭᠠᠯᠢ ᠭᠠᠩᠭᠠᠷᠠᠬᠤ ᠭᠣᠶᠣᠬᠠᠨ ᠵᠤᠨ ᠳ᠋ᠠᠭᠠᠨ

ᠠᠢᠷᠠᠭ ᠴᠠᠭ᠎ᠠ ᠪᠠᠷ ᠬᠣᠷᠸ᠎ᠠ ᠶ᠋ᠢ ᠮᠢᠯᠢᠶᠠᠵᠤ ᠪᠦᠰᠡᠭᠦᠢᠴᠦᠳ ᠮᠦᠰᠢᠶᠡᠨ᠎ᠡ

ᠲᠠᠷᠭᠤᠨ ᠰᠦᠷᠦᠭ ᠢ᠋ᠶ᠋ᠡᠷ ᠲᠠᠯ᠎ᠠ ᠪᠠᠨ ᠴᠢᠮᠡᠭᠰᠡᠨ ᠰᠢᠷᠭᠠᠯ ᠨᠠᠮᠤᠷ ᠲᠠᠭᠠᠨ

ᠲᠠᠯᠠᠪᠠᠢ ᠳᠦᠭᠦᠷᠡᠩ ᠬᠠᠳᠤᠯᠠᠩᠴᠢᠳ ᠭᠠᠪᠰᠢᠭᠠᠢᠯᠠᠵᠤ

ᠪᠣᠷᠳᠣᠭ᠎ᠠ ᠨᠥᠭᠡᠴᠡᠯᠡᠨ ᠬᠦᠢᠲᠡᠨ ᠬᠡᠪᠲᠡᠰᠢ ᠶ᠋ᠢᠨ ᠰᠠᠯᠬᠢᠨ ᠢᠰᠬᠡᠷᠬᠦ ᠬᠥᠬᠡᠭᠡ ᠡᠪᠦᠯ ᠳ᠋ᠡᠭᠡᠨ ᠬᠥᠯ ᠦᠭᠡᠢ

ᠪᠠᠭᠤᠴᠠᠨ ᠳ᠋ᠤ᠌ ᠮᠠᠯ ᠢ᠋ᠶ᠋ᠠᠨ ᠬᠣᠲᠠᠯᠠᠵᠤ ᠮᠠᠯᠴᠢᠳ ᠳᠠᠨᠠᠢᠨ᠎ᠠ

ᠡᠭᠡᠷᠡᠮ᠎ᠡ ᠭᠣᠪᠢ ᠶ᠋ᠢᠨ ᠵᠡᠯᠢᠭᠦᠳ ᠨᠤᠲᠤᠭ ᠢ᠋ᠶ᠋ᠠᠷ ᠪᠠᠭᠤᠴᠠ ᠪᠠᠨ ᠰᠢᠨᠡᠯᠡᠨ ᠨᠡᠭᠦᠳᠡᠭ

ᠡᠷᠭᠢᠬᠦ ᠤᠯᠠᠷᠢᠯ ᠤ᠋ᠨ ᠳᠥᠷᠪᠡᠨ ᠴᠠᠭ ᠢ᠋ᠶ᠋ᠠᠷ ᠪᠡᠯᠴᠢᠭᠡᠷ ᠰᠣᠯᠢᠨ ᠮᠠᠯᠵᠢᠳᠠᠭ

ᠲᠣᠭᠣᠨᠣ ᠶ᠋ᠢᠨ ᠳᠡᠭᠡᠷ᠎ᠡ ᠨᠢ ᠨᠠᠷᠠ ᠰᠢᠵᠢᠷᠳᠡᠭᠡᠳ ᠭᠡᠭᠡ ᠲᠠᠲᠠᠨ᠎ᠠ

ᠲᠣᠲᠣᠭᠣᠨ ᠳᠡᠭᠡᠷ᠎ᠡ ᠨᠢ ᠰᠠᠷᠠ ᠬᠡᠷᠡᠯᠳᠦᠭᠡᠳ ᠲᠤᠶᠠᠭ᠎ᠠ ᠰᠠᠴᠤᠷᠠᠨ᠎ᠠ

ᠣᠷᠴᠢᠨ ᠪᠠᠢᠭᠠᠯᠢ ᠪᠠᠨ ᠬᠠᠢᠷᠠᠯᠠᠨ ᠰᠢᠲᠦᠵᠦ ᠠᠵᠠ ᠬᠡᠢᠮᠣᠷᠢ ᠪᠠᠨ ᠳᠠᠭᠠᠳᠬᠠᠨ᠎ᠠ

ᠣᠷᠣᠨ ᠳᠡᠯᠡᠬᠡᠢ ᠪᠡᠨ ᠬᠠᠢᠷᠠᠯᠠᠨ ᠰᠡᠷᠭᠦᠭᠡᠵᠦ ᠮᠠᠯᠴᠢᠨ ᠵᠠᠶᠠᠭ᠎ᠠ ᠪᠠᠨ ᠳᠡᠭᠡᠳᠦᠯᠡᠨ᠎ᠡ


  ᠦᠰᠦᠭ ᠠᠮᠢᠯᠠᠭᠤᠯᠤᠨ ᠬᠠᠲᠠᠭᠰᠠᠨ ᠨᠢ᠄ ᠮᠥᠩᠭᠥᠨ

  ᠬᠢᠨᠠᠭᠴᠢ᠄ ᠲᠦᠮᠡᠨᠴᠡᠴᠡᠭ