ᠲᠠᠶᠠ ᠪᠥᠭᠡᠷ᠎ᠡ - ᠴᠠᠭᠠᠨᠪᠠᠷᠰTaiyaa böör-TsagaanbarТайяа бөөр-Цагаанбар ᠠᠷᠠᠳ ᠤᠨ ᠳᠠᠭᠤᠤ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠲᠠᠶᠠ ᠪᠥᠭᠡᠷ᠎ᠡ - ᠴᠠᠭᠠᠨᠪᠠᠷᠰTaiyaa böör-TsagaanbarТайяа бөөр-Цагаанбар

ᠲᠠᠶᠠ ᠪᠥᠭᠡᠷ᠎ᠡ - ᠴᠠᠭᠠᠨᠪᠠᠷᠰTaiyaa böör-TsagaanbarТайяа бөөр-Цагаанбар

2025-10-04

372

ᠲᠠᠶᠠ ᠪᠥᠭᠡᠷ᠎ᠡ

       ᠴᠠᠭᠠᠨᠪᠠᠷᠰ ᠳᠠᠭᠤᠯᠠᠪᠠ 
             ᠬᠣᠷᠴᠢᠨ ᠠᠷᠠᠳ ᠤ᠋ᠨ ᠳᠠᠭᠤᠤ 

ᠠᠯᠲᠠᠨ ᠬᠢᠩᠭᠠᠨ ᠠᠭᠤᠯᠠᠨ ᠤ᠋ ᠪᠠᠨ ᠳᠡᠭᠡᠷ᠎ᠡ ᠨᠢ ᠠᠯᠬᠤᠭᠠᠳ ᠭᠠᠷᠤᠭᠠᠳ ᠣᠴᠢᠬᠤᠯᠠᠢ (ᠣᠴᠢᠬᠤᠯᠠᠷ)ᠬᠦᠢ 
ᠠᠪᠤ ᠶ᠋ᠢᠨ ᠨᠤᠲᠤᠭ ᠮᠣᠩᠭᠣᠯᠵᠢᠨ ᠬᠣᠰᠢᠭᠤ ᠮᠢᠨᠢ ᠦᠵᠡᠭᠳᠡᠵᠦ ᠪᠠᠢᠮᠠᠷ ᠰᠠᠨᠠᠭᠳᠠᠨ᠎ᠠ ᠬᠦᠢ 
ᠠᠯᠲᠠᠨ ᠬᠢᠩᠭᠠᠨ ᠠᠭᠤᠯᠠᠨ ᠤ᠋ ᠪᠠᠨ ᠳᠡᠭᠡᠷ᠎ᠡ ᠡᠴᠡ ᠠᠯᠬᠤᠭᠠᠳ ᠪᠠᠭᠤᠭᠠᠳ ᠢᠷᠡᠬᠦᠯᠡᠢ(ᠢᠷᠡᠬᠦᠯᠡᠷ) ᠳᠡ ᠬᠦᠢ 
ᠠᠷᠪᠠᠨ ᠨᠠᠰᠤ ᠲᠠᠢ ᠳᠠᠶᠨ ᠪᠥᠭᠡᠷ᠎ᠡ ᠮᠢᠨᠢ ᠠᠯᠬᠤᠵᠤ ᠪᠠᠢᠮᠠᠷ ᠰᠠᠨᠠᠭᠳᠠᠨ᠎ᠠ ᠬᠦᠢ 

ᠡᠷᠳᠡᠨᠢ ᠬᠢᠩᠭᠠᠨ ᠠᠭᠤᠯᠠᠨ ᠤ᠋ ᠪᠠᠨ ᠳᠡᠭᠡᠷ᠎ᠡ ᠨᠢ ᠥᠨᠳᠡᠢᠭᠡᠳ ᠠᠯᠬᠤᠭᠠᠳ ᠭᠠᠷᠬᠤᠯᠠᠢ (ᠭᠠᠷᠬᠤᠯᠠᠷ) ᠳᠠ ᠬᠦᠢ 
ᠡᠴᠢᠭᠡ ᠶ᠋ᠢᠨ ᠮᠢᠨᠢ ᠨᠤᠲᠤᠭ ᠮᠣᠩᠭᠣᠯᠵᠢᠨ ᠬᠣᠰᠢᠭᠤ ᠮᠢᠨᠢ ᠦᠵᠡᠭᠳᠡᠵᠦ ᠪᠠᠢᠮᠠᠷ ᠰᠠᠨᠠᠭᠳᠠᠨ᠎ᠠ ᠬᠦ 
ᠡᠷᠳᠡᠨᠢ ᠬᠢᠩᠭᠠᠨ ᠠᠭᠤᠯᠠᠨ ᠤ᠋ ᠪᠠᠨ ᠳᠡᠭᠡᠷ᠎ᠡ ᠡᠴᠡ ᠡᠷᠭᠢᠭᠡᠳ ᠪᠠᠭᠤᠶ᠎ᠠ ᠭᠡᠬᠦᠯᠡᠢ ( ᠭᠡᠬᠦᠯᠡᠷ )ᠳᠡ ᠬᠦᠢ
ᠶᠢᠰᠦᠨ ᠨᠠᠰᠤ ᠲᠠᠢ ᠲᠠᠶᠠ ᠪᠥᠭᠡᠷ᠎ᠡ ᠮᠢᠨᠢ ᠢᠨᠢᠶᠡᠵᠦ ᠪᠠᠢᠮᠠᠷ ᠰᠠᠨᠠᠭᠳᠠᠨ᠎ᠠ ᠬᠦᠢ

ᠠᠪᠳᠠᠷ᠎ᠠ ᠬᠣᠷᠭᠣ ᠪᠠᠷ ᠠᠯᠲᠠ ᠮᠥᠩᠭᠥ ᠪᠡᠨ ᠣᠯᠪᠠᠴᠤ ᠳᠠ ᠥᠪᠡᠷ ᠦ᠋ᠨ ᠪᠡᠶ᠎ᠡ ᠮᠢᠨᠢ ᠪᠠᠶᠠᠷᠯᠠᠭᠰᠠᠨ ᠦᠭᠡᠢ ᠰᠢᠦ ᠬᠦᠢ
ᠦᠷ᠎ᠡ ᠴᠦ᠍ ᠪᠠᠭ᠎ᠠ ᠲᠠᠶᠠ ᠪᠥᠭᠡᠷ᠎ᠡ ᠪᠡᠨ ᠣᠯᠤᠭᠠᠳ ᠡᠪᠴᠢᠭᠦᠦ ᠪᠡᠨ ᠳᠦᠭᠦᠷᠡᠩ ᠪᠠᠶᠠᠷᠯᠠᠵᠤ ᠶᠠᠪᠤᠵᠠᠢ ᠬᠦᠢ
ᠠᠷᠤ ᠶ᠋ᠢᠨ ᠠᠪᠳᠠᠷ᠎ᠠ ᠪᠠᠷ ᠠᠯᠲᠠ ᠮᠥᠩᠭᠥ ᠪᠡᠨ ᠣᠯᠪᠠᠴᠤ ᠳᠠ ᠠᠰ ᠤ᠋ᠨ ᠪᠡᠶ᠎ᠡ ᠮᠢᠨᠢ ᠪᠠᠶᠠᠷᠯᠠᠭᠰᠠᠨ ᠦᠭᠡᠢ ᠬᠦᠢ
ᠠᠩᠭ᠎ᠠ ᠴᠤ᠌ ᠪᠠᠭ᠎ᠠ ᠲᠠᠶᠠ ᠪᠥᠭᠡᠷ᠎ᠡ ᠪᠡᠨ ᠣᠯᠤᠭᠠᠳ ᠠᠶᠤᠤᠯᠢᠬᠠᠢ ᠳᠦᠭᠦᠷᠡᠩ ᠪᠠᠶᠠᠷᠯᠠᠵᠠᠢ ᠠ᠋ ᠬᠦᠢ

ᠴᠢᠬᠦᠦ ᠳ᠋ᠦ᠍ ᠪᠡᠨ ᠴᠢᠢᠯᠡᠭᠡᠳ ᠲᠡᠭᠡᠭᠰᠡᠨ ᠴᠢᠩ ᠴᠠᠢ ᠶ᠋ᠢᠨ ᠮᠢᠨᠢ ᠰᠢᠩᠭᠡᠨ ᠠᠭᠤᠷ ᠨᠢ ᠲᠠᠷᠠᠭᠠᠳᠤᠢ ᠰᠢᠦ ᠬᠦᠢ
ᠴᠢᠳᠬᠥᠷ ᠦ᠋ᠨ ᠵᠤᠯᠵᠠᠭ᠎ᠠ ᠵᠢᠭᠰᠧᠷᠮ᠎ᠡ ᠬᠠᠲᠤᠨ ᠮᠢᠨᠢ ᠰᠠᠢᠬᠠᠨ ᠦᠷ᠎ᠡ ᠶ᠋ᠢ ᠮᠢᠨᠢ ᠠᠯᠠᠯ᠎ᠠ ᠶᠠ ᠬᠦᠢ
ᠴᠣᠮᠣ ᠳ᠋ᠤ᠌ ᠪᠠᠨ ᠴᠢᠢᠯᠡᠭᠰᠡᠨ ᠴᠢᠩ ᠴᠠᠢ ᠶ᠋ᠢᠨ ᠮᠢᠨᠢ ᠴᠤᠬᠤᠮᠬᠠᠨ ᠠᠭᠤᠷ ᠨᠢ ᠲᠠᠷᠠᠭᠠᠳᠤᠢ ᠶᠠ ᠬᠦᠢ
ᠰᠢᠮᠨᠤᠰ ᠤ᠋ᠨ ᠵᠤᠯᠵᠠᠭ᠎ᠠ ᠵᠢᠭᠰᠧᠷᠮ᠎ᠡ ᠬᠠᠲᠤᠨ ᠮᠢᠨᠢ ᠦᠷ᠎ᠡ ᠶ᠋ᠢ ᠮᠢᠨᠢ ᠠᠯᠠᠭᠠᠳ ᠶᠣᠯᠣᠭᠣᠪᠠ ᠬᠦᠢ

ᠬᠣᠣ ᠳ᠋ᠤ᠌ ᠪᠠᠨ ᠬᠢᠭᠰᠡᠨ ᠬᠤᠤᠷᠠᠵᠠᠨ ᠤ᠋ ᠮᠢᠨᠢ ᠬᠠᠩᠬᠤᠯᠬᠤ ᠦᠨᠦᠷ ᠨᠢ ᠭᠠᠷᠤᠭᠠᠳᠤᠢ ᠳᠠ ᠬᠦᠢ
ᠬᠣᠣᠷᠲᠠᠨ ᠤ᠋ ᠵᠤᠯᠵᠠᠭ᠎ᠠ ᠵᠢᠭᠰᠧᠷᠮ᠎ᠡ ᠴᠢᠮ᠎ᠠ ᠶ᠋ᠢ ᠬᠣᠵᠢᠮ ᠳ᠋ᠤ᠌ ᠪᠠᠨ ᠶᠠᠪᠤᠭᠠᠳ ᠮᠡᠳᠡᠶ᠎ᠡ ᠬᠦᠢ
ᠠᠶᠠᠭᠠᠨ ᠳ᠋ᠤ᠌ ᠪᠠᠨ ᠬᠢᠭᠰᠡᠨ ᠠᠷᠠᠵᠠᠨ ᠤ᠋ ᠮᠢᠨᠢ ᠠᠩᠬᠢᠯᠬᠤ ᠦᠨᠦᠷ ᠨᠢ ᠭᠠᠷᠤᠭᠠᠳᠤᠢ ᠬᠦᠢ
ᠠᠲᠠᠭᠠᠲᠠᠨ ᠤ᠋ ᠵᠤᠯᠵᠠᠭ᠎ᠠ ᠵᠢᠭᠰᠧᠷᠮ᠎ᠡ ᠴᠢᠮ᠎ᠠ ᠶ᠋ᠢ ᠠᠯᠭᠤᠷ ᠲᠤ᠌ ᠪᠠᠨ ᠶᠠᠪᠤᠵᠤ ᠪᠠᠢᠭᠠᠳ ᠮᠡᠳᠡᠶ᠎ᠡ ᠬᠦᠢ

ᠨᠠᠢ᠍ᠮᠠᠨ ᠥᠩᠭᠡ ᠶ᠋ᠢᠨ ᠴᠡᠴᠡᠭ ᠪᠣᠯᠤᠨ ᠬᠤᠸᠠᠷ ᠲᠠᠢ ᠪᠠᠨ ᠯᠢᠩᠬᠤᠸᠠᠯᠠᠵᠤ ᠢᠷᠡᠭᠡᠳ ᠤᠷᠭᠤᠨ᠎ᠠ ᠰᠢᠦ ᠬᠦᠢ
ᠨᠠᠢ᠍ᠮᠠᠨ ᠨᠠᠰᠤ ᠲᠠᠢ ᠳᠠᠶᠨ ᠪᠥᠭᠡᠷ᠎ᠡ ᠮᠢᠨᠢ ᠨᠠᠢᠨᠠᠢ ᠨᠢ ᠰᠠᠨᠠᠭᠠᠳ ᠤᠶᠠᠷᠠᠭᠤᠯᠤᠨ᠎ᠠ ᠬᠦᠢ
ᠶᠢᠰᠦᠨ ᠥᠩᠭᠡ ᠶ᠋ᠢᠨ ᠴᠡᠴᠡᠭ ᠪᠣᠯᠤᠨ ᠬᠤᠸᠠᠷ ᠨᠢ ᠳᠡ ᠡᠳᠦᠷ ᠦ᠋ᠨ ᠵᠢᠪᠠᠷ ᠲᠤ᠌ ᠪᠠᠨ ᠮᠢᠷᠠᠯᠵᠠᠨ᠎ᠠ ᠬᠦᠢ
ᠶᠢᠰᠦᠨ ᠨᠠᠰᠤ ᠲᠠᠢ ᠲᠠᠶᠠ ᠪᠥᠭᠡᠷ᠎ᠡ ᠪᠡᠨ ᠪᠣᠳᠣᠪᠠᠯ ᠳᠠ ᠡᠮᠧ ᠨᠢ ᠡᠪᠬᠡᠷᠡᠲᠡᠯ᠎ᠡ ᠤᠬᠢᠯᠠᠨ᠎ᠠ ᠳᠠ ᠬᠦᠢ

    ᠦᠰᠦᠭ ᠠᠮᠢᠯᠠᠭᠤᠯᠵᠤ ᠬᠠᠲᠠᠭᠰᠠᠨ ᠨᠢ ᠄ ᠭᠠᠸᠠ   
    ᠪᠢᠴᠢᠯᠭᠡ ᠶ᠋ᠢAI ᠪᠠᠷ ᠨᠠᠢᠷᠠᠭᠤᠯᠪᠠ
    ᠬᠢᠨᠠᠭᠴᠢ ᠄ᠮᠥᠴᠢᠷ