ᠨᠠᠷᠠᠰᠤᠨ ᠭᠡᠰᠢᠭᠦᠦNarsan gishüüНарсан гишүү ᠡᠪᠡᠰᠦ ᠤᠷᠭᠤᠮᠠᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠨᠠᠷᠠᠰᠤᠨ ᠭᠡᠰᠢᠭᠦᠦNarsan gishüüНарсан гишүү

ᠨᠠᠷᠠᠰᠤᠨ ᠭᠡᠰᠢᠭᠦᠦNarsan gishüüНарсан гишүү

2025-10-04

34

ᠨᠠᠷᠠᠰᠤᠨ ᠭᠡᠰᠢᠭᠦᠦ

   ᠲᠤᠰ ᠡᠮ ᠪᠣᠯ ᠨᠠᠷᠠᠰᠤᠨ ᠤ᠋ ᠢᠵᠠᠭᠤᠷ ᠤ᠋ᠨ ᠤᠷᠭᠤᠮᠠᠯ ᠪᠣᠯᠬᠤ ᠨᠠᠷᠠᠰᠤ ᠪᠠ ᠨᠣᠬᠠᠢ ᠶ᠋ᠢᠨ ᠬᠤᠱᠢ ᠶ᠋ᠢᠨ ᠬᠠᠲᠠᠭᠠᠭᠰᠠᠨ ᠳᠠᠪᠠᠷᠬᠠᠢ ᠲᠠᠢ ᠡᠰᠢᠨ ᠦ᠌ ᠭᠡᠰᠢᠭᠦᠦ ᠮᠥᠨ᠃ ᠪᠠᠰᠠ ᠷᠣᠨᠰᠢᠩ᠂ ᠵᠤᠯᠠ ᠮᠣᠳᠣ ᠭᠡᠳᠡᠭ᠃
   [ᠤᠤᠯ ᠤᠷᠭᠤᠮᠠᠯ]1. ᠨᠠᠷᠠᠰᠤ ᠮᠥᠩᠬᠡ ᠨᠣᠭᠣᠭᠠᠨ ᠲᠤᠷᠤᠭ ᠮᠣᠳᠣ᠃15~25m ᠥᠨᠳᠥᠷ᠂ ᠳ᠋ᠢᠶᠠᠮᠧᠲ᠋ᠷ ᠨᠢ1m ᠬᠦᠷᠳᠡᠭ᠃ ᠬᠣᠯᠲᠣᠰᠣ ᠨᠢ ᠴᠠᠢᠪᠤᠷ ᠬᠦᠷᠡᠩ ᠥᠩᠭᠡ ᠲᠡᠢ᠂ ᠬᠠᠢᠷᠰᠤᠯᠢᠭ ᠬᠠᠪᠲᠠᠰᠤ ᠰᠢᠭ᠋ ᠱᠠᠭᠠᠷᠠᠨ᠎ᠠ᠃ ᠵᠢᠵᠢᠭ ᠮᠥᠴᠢᠷ ᠨᠢ ᠳᠣᠷᠣᠢ᠂ ᠭᠦᠢᠬᠡᠨ ᠵᠦᠷᠵᠢᠨ ᠰᠢᠷ᠎ᠠ ᠪᠤᠶᠤ ᠴᠠᠢᠪᠤᠷ ᠰᠢᠷ᠎ᠠ ᠥᠩᠭᠡ ᠲᠡᠢ᠃ ᠨᠠᠪᠴᠢ ᠨᠢ ᠵᠡᠭᠦᠦ ᠬᠡᠯᠪᠡᠷᠢ ᠲᠡᠢ᠂ ᠬᠣᠶᠠᠷ ᠢ᠋ᠶ᠋ᠠᠷ ᠨᠢᠭᠡ ᠪᠠᠭᠴᠠ ᠪᠤᠶᠤ ᠬᠠᠶᠠ ᠭᠤᠷᠪᠠ ᠪᠠᠷ ᠨᠢᠭᠡ ᠪᠠᠭᠴᠠ ᠪᠣᠯᠳᠠᠭ᠂10~15cm ᠤᠷᠲᠤ ᠨᠠᠷᠢᠨ ᠬᠢᠷᠥᠭᠡᠨ ᠰᠢᠳᠦᠨ ᠬᠥᠪᠡᠭᠡ ᠲᠡᠢ᠃ ᠨᠠᠪᠴᠢᠨ ᠲᠣᠭᠳᠣᠢ ᠨᠢ ᠠᠩᠬ᠎ᠠ ᠦᠶ᠎ᠡ ᠳ᠋ᠡᠭᠡᠨ ᠭᠦᠢᠬᠡᠨ ᠬᠦᠷᠡᠩ ᠥᠩᠭᠡ ᠲᠡᠢ᠂ ᠠᠶᠠᠨᠳᠠᠭᠠᠨ ᠭᠦᠨ ᠴᠠᠢᠪᠤᠷ ᠥᠩᠭᠡ ᠲᠡᠢ ᠪᠣᠯᠳᠠᠭ᠃ ᠴᠡᠴᠡᠭ ᠨᠢ ᠭᠠᠭᠴᠠ ᠪᠡᠯᠭᠡ ᠲᠡᠢ᠂1 ᠭᠡᠷ ᠲᠡᠢ ᠪᠥᠭᠡᠳ ᠪᠣᠷᠭᠣᠴᠣᠭ ᠪᠠᠭ ᠴᠡᠴᠡᠭ ᠲᠡᠢ᠃ ᠡᠷ᠎ᠡ ᠪᠣᠭᠣᠷᠴᠣᠭ ᠴᠡᠴᠡᠭ ᠨᠢ ᠤᠷᠲᠤ ᠥᠨᠳᠡᠭᠡᠯᠵᠢᠨ ᠬᠡᠯᠪᠡᠷᠢ ᠲᠡᠢ᠂1~1.5cm ᠤᠷᠲᠤ᠂ ᠰᠢᠷᠠᠩᠭᠤᠢ ᠨᠣᠭᠣᠭᠠᠨ ᠥᠩᠭᠡ ᠲᠡᠢ᠃ ᠴᠡᠴᠡᠭ ᠨᠢ ᠳᠡᠯᠭᠡᠷᠡᠪᠡᠯ ᠤᠨᠵᠢᠭᠢᠷ ᠪᠠᠭ ᠴᠡᠴᠡᠭ ᠰᠢᠭ ᠪᠣᠯᠳᠠᠭ᠃ ᠡᠷ᠎ᠡ ᠲᠣᠭᠣᠷᠴᠣᠭ ᠨᠢ ᠣᠯᠠᠨ᠂ ᠡᠮ᠎ᠡ ᠪᠣᠷᠭᠣᠴᠣᠭ ᠴᠡᠴᠡᠭ ᠨᠢ ᠥᠷᠭᠡᠨ ᠥᠨᠳᠡᠭᠡᠯᠵᠢᠨ ᠬᠡᠯᠪᠡᠷᠢ ᠲᠡᠢ᠂7mm ᠤᠷᠲᠤ᠂ ᠪᠣᠷᠣ ᠥᠩᠭᠡ ᠲᠡᠢ᠂2 ᠦᠷ᠎ᠡ ᠨᠠᠬᠢᠶ᠎ᠠ ᠲᠠᠢ᠃ ᠪᠣᠷᠭᠣᠴᠣᠭ ᠵᠢᠮᠢᠰ ᠨᠢ ᠥᠨᠳᠡᠭᠡᠯᠵᠢᠨ ᠬᠡᠯᠪᠡᠷᠢ ᠲᠡᠢ᠂5~8cm ᠤᠷᠲᠤ᠂ ᠳ᠋ᠢᠶᠠᠮᠧᠲ᠋ᠷ ᠨᠢ3~5cm᠂ ᠮᠥᠴᠢᠷ ᠳᠡᠭᠡᠷ᠎ᠡ ᠪᠡᠨ ᠬᠡᠳᠦᠨ ᠵᠢᠯ ᠢ᠋ᠶ᠋ᠡᠷ ᠬᠠᠳᠠᠭᠠᠯᠠᠭᠳᠠᠨ᠎ᠠ᠃ ᠦᠷ᠎ᠡ ᠨᠢ ᠳᠠᠯᠠᠪᠴᠢ ᠲᠠᠢ᠂ ᠵᠢᠭᠳᠡ ᠪᠤᠰᠤ ᠵᠤᠤᠪᠠᠩ ᠬᠡᠯᠪᠡᠷᠢ ᠲᠡᠢ᠂ ᠵᠢᠭᠠᠬᠠᠨ ᠬᠠᠪᠲᠠᠭᠠᠢ᠂ ᠪᠣᠷᠣ ᠬᠦᠷᠡᠩ ᠪᠤᠶᠤ ᠪᠣᠷᠣ ᠥᠩᠭᠡ ᠲᠡᠢ᠂ ᠲᠣᠰᠣᠯᠢᠭ ᠬᠥᠪᠦᠷᠡᠯ ᠦ᠋ᠨ ᠰᠦ ᠲᠡᠢ᠃4~5 ᠳ᠋ᠤᠭᠠᠷ ᠰᠠᠷ᠎ᠠ ᠳ᠋ᠤ᠌ ᠴᠡᠴᠡᠭᠯᠡᠵᠦ᠂ ᠢᠷᠡᠬᠦ ᠵᠢᠯ ᠦ᠋ᠨ9 ᠳ᠋ᠦ᠍ᠭᠡᠷ ᠰᠠᠷ᠎ᠠ ᠳ᠋ᠤ᠌ ᠵᠢᠮᠢᠰ ᠨᠢ ᠪᠣᠯᠪᠠᠰᠤᠷᠠᠨ᠎ᠠ᠃
   2. ᠨᠣᠬᠠᠢ ᠬᠤᠱ᠌ᠢ ᠮᠥᠩᠬᠡ ᠨᠣᠭᠣᠭᠠᠨ ᠲᠤᠷᠤᠭ ᠮᠣᠳᠣ᠃40m ᠥᠨᠳᠥᠷ᠂ ᠬᠣᠯᠲᠣᠰᠣ ᠨᠢ ᠤᠯᠠᠪᠤᠷ ᠬᠦᠷᠡᠩ ᠥᠩᠭᠡ ᠲᠡᠢ᠂ ᠵᠢᠵᠢᠭ ᠮᠥᠴᠢᠷ ᠨᠢ ᠶᠡᠷᠦ ᠳ᠋ᠡᠭᠡᠨ ᠳᠤᠭᠤᠢᠷᠠᠨ ᠤᠷᠭᠤᠨ᠎ᠠ᠂ ᠤᠯᠠᠪᠤᠷ ᠬᠦᠷᠡᠩ ᠥᠩᠭᠡ ᠲᠡᠢ᠃ ᠡᠪᠦᠯ ᠦ᠋ᠨ ᠨᠠᠬᠢᠶ᠎ᠠ ᠨᠢ ᠤᠷᠲᠤᠯᠵᠢᠨ ᠵᠤᠤᠪᠠᠩ ᠬᠡᠯᠪᠡᠷᠢ ᠲᠡᠢ᠂ ᠨᠠᠬᠢᠶ᠎ᠠ ᠶ᠋ᠢᠨ ᠬᠠᠢᠷᠰᠤ ᠨᠢ ᠤᠯᠠᠭᠠᠨ ᠬᠦᠷᠡᠩ ᠥᠩᠭᠡ ᠲᠡᠢ᠃ ᠨᠠᠪᠴᠢ ᠨᠢ ᠵᠡᠭᠦᠦ ᠬᠡᠯᠪᠡᠷᠢ ᠲᠡᠢ᠂ ᠬᠣᠶᠠᠷ ᠢ᠋ᠶ᠋ᠠᠷ ᠨᠢᠭᠡ ᠪᠠᠭᠴᠠ ᠪᠣᠯᠳᠠᠭ᠂ ᠨᠠᠷᠢᠨ ᠤᠷᠲᠤ ᠮᠥᠷᠲᠡᠭᠡᠨ ᠵᠥᠭᠡᠯᠡᠨ᠂ ᠨᠠᠪᠴᠢᠨ ᠬᠥᠪᠡᠭᠡ ᠳ᠋ᠦ᠍ᠨᠢ ᠨᠠᠷᠢᠨ ᠬᠢᠷᠥᠭᠡᠨ ᠰᠢᠲᠦ ᠲᠡᠢ᠃ ᠨᠠᠪᠴᠢᠨ ᠪᠠᠭᠯᠠᠭᠴᠢ ᠨᠢ ᠰᠠᠷᠢᠰᠤᠯᠢᠭ᠂ ᠴᠠᠢᠪᠤᠷ ᠴᠠᠭᠠᠨ ᠥᠩᠭᠡ ᠲᠡᠢ᠂ ᠮᠥᠩᠬᠡ ᠣᠷᠣᠰᠢᠨ᠎ᠠ᠃ ᠡᠷ᠎ᠡ ᠪᠣᠷᠭᠣᠴᠣᠭ ᠴᠡᠴᠡᠭ ᠨᠢ ᠵᠤᠤᠪᠠᠩ ᠠ᠋ᠴᠠ ᠥᠨᠳᠡᠭᠡᠯᠵᠢᠨ ᠬᠡᠯᠪᠡᠷᠢ ᠲᠡᠢ᠂ ᠰᠢᠷ᠎ᠠ ᠥᠩᠭᠡ ᠲᠡᠢ᠂ ᠡᠷ᠎ᠡ ᠲᠣᠭᠣᠷᠴᠣᠭ ᠨᠢ2 ᠴᠡᠴᠡᠭ ᠦ᠋ᠨ ᠲᠣᠭᠣᠰᠣᠨ ᠤᠭᠤᠲᠠ ᠲᠠᠢ᠃ ᠡᠮ᠎ᠡ ᠪᠣᠷᠭᠣᠴᠣᠭ ᠴᠡᠴᠡᠭ ᠨᠢ ᠵᠤᠤᠪᠠᠩ ᠬᠡᠯᠪᠡᠷᠢ ᠲᠡᠢ᠃ ᠮᠢᠬᠠᠨ ᠪᠣᠷᠣ ᠥᠩᠭᠡ ᠲᠡᠢ᠂ ᠪᠣᠷᠭᠣᠴᠣᠭ ᠵᠢᠮᠢᠰ ᠨᠢ ᠥᠨᠳᠡᠭᠡᠯᠵᠢᠨ ᠲᠣᠭᠣᠷᠢᠭ ᠲᠠᠤᠬᠠᠢ ᠬᠡᠯᠪᠡᠷᠢ ᠲᠡᠢ᠂4~7cm ᠤᠷᠲᠤ᠂ ᠳ᠋ᠢᠶᠠᠮᠧᠲ᠋ᠷ ᠨᠢ2.5~4.5cm᠂ ᠬᠦᠢᠰᠦ ᠨᠢ ᠪᠠᠭ᠎ᠠ ᠮᠥᠷᠲᠡᠭᠡᠨ ᠣᠬᠣᠷ᠂ ᠵᠢᠭᠠᠬᠠᠨ ᠬᠣᠲᠣᠢᠭᠰᠠᠨ ᠪᠤᠶᠤ ᠵᠢᠭᠠᠬᠠᠨ ᠭᠦᠳᠦᠢᠭᠰᠡᠨ ᠪᠠᠢᠳᠠᠭ᠃4~5 ᠳ᠋ᠤᠭᠠᠷ ᠰᠠᠷ᠎ᠠ ᠳ᠋ᠤ᠌ ᠴᠡᠴᠡᠭᠯᠡᠵᠦ᠂ ᠳᠠᠷᠠᠭ᠎ᠠ ᠵᠢᠯ ᠦ᠋ᠨ ᠬᠢᠨᠢ10 ᠳ᠋ᠤᠭᠠᠷ ᠰᠠᠷ᠎ᠠ ᠳ᠋ᠤ᠌ ᠵᠢᠮᠢᠰ ᠨᠢ ᠪᠣᠯᠪᠠᠰᠤᠷᠠᠨ᠎ᠠ᠃
   [ ᠤᠷᠭᠤᠬᠤ ᠣᠷᠴᠢᠨ ᠬᠢᠭᠡᠳ ᠲᠠᠷᠬᠠᠴᠠ] ᠠᠭᠤᠯᠠᠨ ᠣᠷᠣᠨ ᠳ᠋ᠤ᠌ ᠤᠷᠭᠤᠨ᠎ᠠ᠃ ᠨᠠᠷᠠᠰᠤ ᠪᠣᠯ ᠬᠢᠷᠢᠨ᠂ ᠯᠢᠶᠣᠤᠨᠢᠩ᠂ ᠥᠪᠥᠷ ᠮᠣᠩᠭᠣᠯ᠂ ᠾᠧᠪᠧᠢ᠂ ᠱᠠᠨᠳᠦ᠋ᠩ᠂ ᠱᠠᠨᠰᠢ᠂ ᠭᠠᠨᠰᠦ᠂ ᠬᠥᠬᠡᠨᠠᠭᠤᠷ᠂ ᠱᠠᠨ ᠰᠢ᠂ ᠰᠧᠴᠤᠸᠠᠨ᠂ ᠭᠦᠢᠵᠧᠦ᠂ ᠶᠦᠨᠨᠠᠨ ᠳ᠋ᠤ᠌ ᠲᠠᠷᠬᠠᠴᠠ ᠲᠠᠢ᠃ ᠨᠣᠬᠠᠢ ᠶᠢᠨ ᠬᠤᠱᠢ ᠪᠣᠯ ᠬᠤᠸᠠᠢᠾᠧ ᠭᠣᠣᠯ ᠤ᠋ᠨ ᠤᠷᠤᠰᠬᠠᠯ ᠳᠠᠭᠤ ᠣᠷᠣᠨ᠂ ᠬᠠᠨᠱᠥ᠋ᠢ ᠭᠣᠣᠯ ᠤ᠋ᠨ ᠤᠷᠤᠰᠬᠠᠯ ᠳᠠᠭᠤ ᠣᠷᠣᠨ ᠪᠣᠯᠤᠨ ᠬᠦᠬᠡᠮᠥ᠋ᠷᠡᠨ ᠦ᠌ ᠤᠷᠤᠰᠬᠠᠯ ᠳᠠᠭᠤ ᠣᠷᠣᠨ᠂ ᠹᠦᠵᠢᠶᠠᠨ᠂ ᠭᠣᠸᠠᠩᠳᠥ᠋ᠩ᠂ ᠶᠦᠨᠨᠠᠨ ᠳ᠋ᠤ᠌ ᠲᠠᠷᠬᠠᠴᠠ ᠲᠠᠢ᠃
   [ ᠲᠡᠭᠦᠵᠦ ᠪᠣᠯᠪᠠᠰᠤᠷᠠᠭᠤᠯᠬᠤ] ᠮᠣᠳᠣ ᠣᠭᠲᠣᠯᠬᠤ ᠪᠤᠶᠤ ᠮᠣᠳᠣᠨ ᠬᠡᠷᠡᠭᠰᠡᠯ ᠦ᠋ᠨ ᠦᠢᠯᠡᠳᠪᠦᠷᠢ ᠡᠴᠡ ᠠᠪᠴᠤ᠂ ᠰᠣᠩᠭᠣᠨ ᠵᠠᠰᠠᠭᠠᠳ ᠨᠠᠷᠠᠨ ᠳ᠋ᠤ᠌ ᠬᠠᠲᠠᠭᠠᠬᠤ ᠪᠤᠶᠤ ᠰᠡᠭᠦᠳᠡᠷ ᠲᠦ᠍ ᠬᠠᠲᠠᠭᠠᠨ᠎ᠠ᠃
   [ ᠠᠮᠲᠠ᠂ ᠴᠢᠨᠠᠷ᠂ ᠡᠷᠳᠡᠮ] ᠠᠮᠲᠠᠯᠢᠭ᠂ ᠭᠠᠰᠢᠭᠤᠨ ᠠᠮᠲᠠ ᠲᠠᠢ; ᠪᠦᠯᠢᠶᠡᠨ ᠴᠢᠨᠠᠷ ᠲᠠᠢ; ᠬᠠᠭᠤᠷᠠᠢ᠂ ᠰᠢᠷᠦᠭᠦᠨ᠂ ᠲᠣᠰᠣᠯᠢᠭ ᠡᠷᠳᠡᠮ ᠲᠡᠢ᠃
   [ ᠴᠢᠳᠠᠯ ᠪᠠ ᠭᠣᠣᠯᠳᠠᠭᠤ ᠵᠠᠰᠠᠬᠤ]  ᠪᠠᠳᠭ᠋ᠠᠨ ᠬᠡᠢ ᠶ᠋ᠢ ᠳᠠᠷᠤᠬᠤ᠂ ᠬᠦᠢᠲᠡᠨ ᠰᠢᠷ᠎ᠠ ᠤᠰᠤ ᠶ᠋ᠢ ᠠᠷᠢᠯᠭᠠᠬᠤ᠂ ᠡᠪᠡᠳᠬᠦ ᠶ᠋ᠢ ᠵᠣᠭᠰᠣᠭᠠᠬᠤ᠂ ᠬᠠᠪᠤᠳᠠᠷ ᠢ᠋ ᠬᠠᠷᠢᠭᠤᠯᠬᠤ ᠴᠢᠳᠠᠯ ᠲᠠᠢ᠃ ᠭᠣᠣᠯᠳᠠᠭᠤ ᠬᠦᠢᠲᠡᠨ ᠰᠢᠷ᠎ᠠ ᠤᠰᠤᠨ ᠡᠪᠡᠳᠴᠢᠨ᠂ ᠠᠯᠠᠭ ᠮᠠᠷᠢᠶ᠎ᠠ᠂ ᠬᠠᠮᠠᠭᠤ᠂ ᠨᠢᠰᠤᠭᠤ᠂ ᠠᠸᠠᠷᠳᠠ᠂ ᠶᠠᠰᠤ ᠦᠶᠡᠰ ᠲᠦ᠍ ᠬᠡᠢ ᠰᠢᠨᠤᠭᠰᠠᠨ ᠵᠡᠷᠭᠡ ᠶ᠋ᠢ ᠵᠠᠰᠠᠬᠤ ᠳ᠋ᠤ᠌ ᠬᠡᠷᠡᠭᠯᠡᠨ᠎ᠡ᠃

   ᠬᠢᠲᠠᠳ ᠨᠡᠷ᠎ᠡ᠄松节(1.油松   2.马尾松)
   ᠠᠩᠭ᠌ᠯᠢ ᠨᠡᠷ᠎ᠡ᠄1.Pinus tabulaeformis Carr.
2.Pinus massoniana Lamb.

   ᠦᠰᠦᠭ ᠠᠮᠢᠯᠠᠭᠤᠯᠤᠭᠴᠢ ᠄ ᠲᠣᠣᠬᠣᠸᠠᠷ
   ᠬᠢᠨᠠᠭᠴᠢ᠄ ᠴᠡᠪᠡᠷᠴᠡᠴᠡᠭ