ᠮᠣᠩᠭᠣᠯ ᠦᠨᠳᠦᠰᠦᠲᠡᠨ ᠦ ᠰᠢᠯᠭᠠᠷᠠᠭᠰᠠᠨ ᠠᠷᠠᠳᠴᠢᠯᠠᠭᠰᠠᠨ ᠬᠤᠪᠢᠰᠬᠠᠯᠴᠢ ᠰᠢᠨᠡᠯᠠᠮ᠎ᠠ - ᠬᠣᠶᠠᠳᠤᠭᠠᠷ ᠪᠦᠯᠦᠭ᠂ᠥᠯᠵᠡᠢᠵᠢᠷᠭᠠᠯ– ᠭᠢᠯᠠᠯᠵᠠᠭᠰᠠᠨ ᠨᠢᠭᠡ ᠨᠠᠰᠤ5(3) Шинэлам – 2-р бүлэг᠂ Өлзийжаргал– гялалзсан нэг нас 5(3)
(ᠭᠤᠷᠪᠠ)᠂ ᠰᠢᠨᠡᠯᠡᠮ᠎ᠡ ᠨᠠᠶᠠᠨ ᠵᠢᠩ ᠦ᠋ᠨ ᠲᠡᠮᠦᠷ ᠭᠢᠨᠵᠢᠨ ᠡᠴᠡ ᠰᠤᠯᠠᠯᠠᠭᠳᠠᠭᠰᠠᠨ ᠨᠢ
ᠰᠢᠨᠡᠯᠡᠮ᠎ᠡ ᠪᠠᠷᠠᠭᠤᠨ ᠬᠦᠩ ᠨᠣᠶᠠᠨ ᠴᠣᠭᠲᠣᠸᠴᠢᠷ ᠲᠤ᠌ ᠨᠢᠭᠤᠴᠠ ᠤᠳᠬ᠎ᠠ ᠲᠠᠢ ᠬᠠᠮᠠᠷ ᠢ᠋ᠶ᠋ᠠᠷ ᠠᠮᠢᠰᠬᠤᠭᠤᠯᠬᠤ ᠵᠠᠬᠢᠳᠠᠯ ᠶᠠᠪᠤᠭᠤᠯᠤᠭᠰᠠᠨ ᠠ᠋ᠴᠠ ᠴᠣᠭᠲᠣᠸᠴᠢᠷ ᠨᠠᠰᠤᠨᠪᠠᠲᠤ ᠬᠣᠶᠠᠭᠤᠯᠠ2000 ᠯᠠᠩ ᠮᠥᠩᠭᠥ ᠶ᠋ᠢ ᠳᠠᠯᠠᠳ ᠤ᠋ᠨ ᠮᠠᠰᠢᠳᠡᠯᠭᠡᠷ ᠲᠤᠰᠠᠯᠠᠭᠴᠢ ᠶ᠋ᠢᠨ ᠠᠴᠢᠮᠠᠭ ᠲᠤ᠌ ᠰᠠᠪᠠᠯᠠᠵᠤ ᠥᠭᠴᠡᠢ᠃ ᠡᠭᠦᠨ ᠡᠴᠡ ᠪᠣᠯᠵᠤ ᠰᠢᠨᠡᠯᠡᠮ᠎ᠡ ᠶ᠋ᠢ ᠡᠨᠡ ᠤᠳᠠᠭ᠎ᠠ ᠶ᠋ᠢᠨ ᠴᠢᠭᠤᠯᠭᠠᠨ ᠠ᠋ᠴᠠ ᠠᠮᠢ ᠶ᠋ᠢ ᠨᠢ ᠥᠷᠥᠰᠢᠶᠡᠵᠦ ᠬᠦᠵᠦᠭᠦᠨ ᠳ᠋ᠦ᠍ᠨᠢ ᠨᠠᠶᠠᠨ ᠵᠢᠩ ᠦ᠋ᠨ ᠬᠦᠨᠳᠦ ᠲᠡᠮᠦᠷ ᠭᠢᠨᠵᠢ ᠵᠡᠭᠦᠯᠭᠡᠨ ᠬᠠᠷᠢᠶ᠎ᠠ ᠰᠤᠮᠤᠨ ᠳ᠋ᠤᠨᠢ ᠲᠤᠰᠢᠶᠠᠵᠤ ᠠᠢᠯ ᠡᠷᠦᠬᠡ ᠳ᠋ᠦ᠍ᠨᠢ ᠶᠠᠯ᠎ᠠ ᠬᠦᠯᠢᠶᠡᠯᠭᠡᠬᠦ ᠪᠣᠯᠪᠠ᠃ ᠲᠤᠰ ᠵᠢᠯ ᠦ᠋ᠨ ᠡᠪᠦᠯ ᠴᠣᠭᠲᠣᠸᠴᠢᠷ ᠬᠥᠮᠦᠨ ᠶᠠᠪᠤᠭᠤᠯᠵᠤ ᠱᠠᠨᠪᠧᠢ ᠶ᠋ᠢᠨ ᠰᠤᠬᠠᠢ ᠶ᠋ᠢᠨ ᠪᠠᠢᠰᠢᠩ ᠣᠷᠴᠢᠮ ᠪᠠᠢᠭᠰᠠᠨ ᠳ᠋ᠤᠯᠢ ᠶ᠋ᠢᠨ ᠲᠦᠷᠦᠭᠦᠦ(ᠳᠡᠯᠡᠳ ᠬᠤᠰᠢᠭᠤᠨ ᠤ᠋) ᠭᠠᠷᠵᠢ ᠯᠤᠤ ᠦ ᠭᠡᠳᠡᠭ ᠬᠥᠮᠦᠨ ᠢ᠋ ᠰᠢᠷᠠᠠᠤᠰᠤᠨ ᠭᠣᠣᠯ ᠤ᠋ᠨ ᠶᠡᠬᠡ ᠲᠣᠬᠣᠢ ᠭᠡᠬᠦ ᠭᠠᠵᠠᠷ ᠤᠷᠢᠵᠤ ᠠᠪᠴᠢᠷᠠᠭᠠᠳ᠂《ᠮᠠᠨ ᠤ᠋ ᠬᠤᠰᠢᠭᠤᠨ ᠤ᠋ ᠰᠢᠨᠡᠯᠡᠮ᠎ᠡ ᠭᠡᠳᠡᠭ ᠬᠥᠮᠦᠨ ᠢ᠋ ᠨᠠᠶᠠᠨ ᠵᠢᠩ ᠦ᠋ᠨ ᠭᠠᠪᠠ ᠳᠥᠩᠭᠡ ᠡᠴᠡ ᠠᠪᠤᠷᠠᠨ ᠭᠠᠷᠭᠠᠬᠤ ᠪᠣᠯᠪᠠ ᠤᠤ᠂ ᠠᠷᠪᠠᠨ ᠰᠠᠢᠨ ᠮᠣᠷᠢ ᠪᠠᠷ ᠲᠠᠯᠠᠷᠬᠠᠶ᠎ᠠ》 ᠭᠡᠵᠦ ᠬᠦᠰᠡᠮᠵᠢᠯᠡᠪᠡ᠃ ᠭᠠᠷᠵᠢ ᠯᠤᠤ ᠦ ᠠᠷᠪᠠᠨ ᠰᠠᠢᠨ ᠮᠣᠷᠢᠨ ᠳ᠋ᠤ᠌ ᠳᠤᠷᠠᠯᠠᠵᠤ ᠥᠪᠡᠷ ᠦ᠋ᠨ ᠲᠠᠯ᠎ᠠ ᠶ᠋ᠢᠨ ᠰᠢᠷᠬᠠᠲᠤᠭᠰᠠᠨ ᠯᠢᠶᠡᠨᠵᠠᠩ ᠱᠠᠨᠵᠢᠮᠢᠳᠤᠭ ᠢ᠋ ᠦᠯᠡᠳᠡᠭᠡᠵᠦ ᠰᠢᠷᠬ᠎ᠠ ᠶ᠋ᠢ ᠨᠢ ᠰᠤᠪᠢᠯᠠᠭᠤᠯᠬᠤ ᠪᠠᠷ ᠤᠷᠢᠳᠠᠯ ᠨᠥᠬᠥᠴᠡᠯ ᠪᠣᠯᠭᠠᠨ ᠰᠢᠨᠠᠯᠠᠮ᠎ᠠ ᠶ᠋ᠢ ᠠᠪᠤᠷᠠᠬᠤ ᠪᠠᠷ ᠪᠣᠯᠪᠠ᠃ ᠲᠡᠭᠡᠭᠡᠳ ᠶᠡᠬᠡ ᠲᠣᠬᠣᠢ ᠶ᠋ᠢᠨ ᠵᠤᠯᠵᠠᠭ᠎ᠠ ᠭᠡᠳᠡᠭ ᠠᠢᠯ ᠳ᠋ᠤ᠌ ᠱᠠᠨᠵᠢᠮᠢᠳᠤᠭ ᠨᠢᠭᠡ ᠰᠠᠷ᠎ᠠ ᠰᠤᠪᠢᠯᠠᠭᠠᠳ ᠢᠯᠠᠷᠢ ᠪᠣᠯᠤᠭᠰᠠᠨ ᠲᠤᠯᠠ ᠴᠣᠭᠲᠣᠸᠴᠢᠷ ᠱᠠᠷᠯᠢᠭ ᠤ᠋ᠨ ᠴᠠᠮᠬᠠᠭ ᠤ᠋ᠨ ᠳᠤᠭᠤᠢᠯᠠᠩ ᠤ᠋ᠨ ᠲᠦᠷᠦᠭᠦᠦ ᠪᠥᠭᠡᠳ ᠱᠠᠨᠵᠢᠮᠢᠳᠤᠭ ᠢ᠋ ᠳᠠᠭᠠᠭᠠᠴᠢᠯᠠᠨ ᠠᠪᠤᠭᠰᠠᠨ ᠴᠠᠭᠠᠨ ᠬᠥᠮᠥᠰᠬᠡᠲᠦ ᠪᠠᠶᠠᠨᠳᠡᠯᠭᠡᠷ ᠢ᠋ ᠶᠠᠪᠤᠭᠤᠯᠵᠤ ᠲᠡᠮᠡᠭᠡᠲᠦ ᠬᠣᠲᠠ ᠶ᠋ᠢᠨ ᠣᠷᠴᠢᠮ ᠪᠠᠢᠬᠤ ᠠᠨᠳᠤᠬᠠᠢ ᠶ᠋ᠢᠨ ᠰᠦᠮ᠎ᠡ ᠳ᠋ᠦ᠍ ᠰᠠᠭᠤᠵᠤ ᠪᠠᠢᠭᠰᠠᠨ ᠭᠠᠷᠵᠢ ᠯᠤᠤ ᠦ ᠳ᠋ᠦ᠍ ᠱᠠᠨᠵᠢᠮᠢᠳᠤᠭ ᠢ᠋ ᠬᠣᠶᠠᠷ ᠰᠠᠢᠨ ᠵᠢᠷᠣᠭ᠎ᠠ ᠮᠣᠷᠢᠨ ᠤ᠋ ᠪᠡᠯᠡᠭ ᠲᠡᠢ ᠬᠦᠷᠭᠡᠵᠦ ᠣᠴᠢᠪᠠ᠃ ᠭᠠᠷᠵᠢ ᠯᠤᠤ ᠦ ᠪᠠᠶᠠᠷᠯᠠᠬᠤ ᠳ᠋ᠠᠭᠠᠨ ᠴᠣᠭᠲᠣᠸᠴᠢᠷ ᠤ᠋ᠨ ᠠᠩᠬ᠎ᠠ ᠠᠮᠠᠯᠠᠭᠰᠠᠨ ᠠᠷᠪᠠᠨ ᠮᠣᠷᠢᠨ ᠤ᠋ ᠪᠡᠯᠡᠭ ᠡᠴᠡ ᠬᠣᠶᠠᠷ ᠮᠣᠷᠢ ᠶ᠋ᠢ ᠠᠪᠤᠭᠠᠳ ᠪᠤᠰᠤᠳ ᠢ᠋ ᠨᠢ ᠠᠪᠬᠤ ᠦᠭᠡᠢ ᠭᠡᠵᠡᠢ᠃ ᠭᠠᠷᠵᠢ ᠯᠤᠤ ᠦ ᠲᠡᠷᠡ ᠳᠠᠷᠤᠢ ᠳ᠋ᠤᠨᠢ ᠱᠠᠨᠵᠢᠮᠢᠳᠤᠭ ᠲᠤ᠌ ᠰᠢᠨᠡᠯᠡᠮ᠎ᠡ ᠶ᠋ᠢ ᠠᠪᠤᠷᠠᠬᠤ ᠡᠭᠦᠷᠭᠡ ᠲᠤᠰᠢᠶᠠᠵᠤ ᠬᠡᠳᠦᠨ ᠴᠡᠷᠢᠭ ᠲᠡᠢ ᠶᠠᠪᠤᠭᠤᠯᠵᠠᠢ᠃ ᠲᠡᠳᠡ ᠮᠠᠩᠬᠠᠲᠤ ᠶ᠋ᠢᠨ ᠣᠷᠴᠢᠮ ᠰᠣᠳᠨᠠᠮᠳᠣᠩᠷᠣᠪ᠂ ᠲᠥᠪᠳᠡᠨᠪᠠᠯᠪᠤᠷ ᠵᠡᠷᠭᠡ ᠬᠥᠮᠦᠰ ᠲᠡᠢ ᠬᠠᠷᠢᠯᠴᠠᠵᠤ ᠬᠠᠮᠲᠤᠷᠠᠭᠠᠳ ᠬᠥᠮᠦᠨ ᠳ᠋ᠦ᠍ ᠰᠡᠷᠡᠭᠳᠡᠯ ᠦᠭᠡᠢ ᠪᠡᠷ ᠥᠨᠥ ᠶ᠋ᠢᠨ ᠦᠦᠰᠢᠨ ᠬᠤᠰᠢᠭᠤᠨ ᠤ᠋ ᠤᠯᠠᠭᠠᠨᠲᠣᠯᠤᠭᠠᠢ ᠰᠤᠮᠤᠨ ᠤ᠋ ᠪᠠᠶᠠᠨ᠌ᠣ᠋ᠪᠤᠭᠠ ᠭᠠᠴᠠᠭᠠᠨ ᠤ᠋ ᠲᠣᠭᠣᠨᠣᠲᠤ ᠶ᠋ᠢᠨ ᠰᠢᠯᠢ ᠶ᠋ᠢᠨ ᠪᠣᠷᠣᠦ᠌ᠬᠢᠨ ᠭᠡᠳᠡᠭ ᠠᠢᠯ ᠳ᠋ᠤ᠌ ᠬᠠᠮᠲᠤ ᠪᠠᠷ ᠭᠡᠨᠡᠳᠲᠡ ᠴᠥᠮᠥᠷᠡᠨ ᠣᠷᠣᠵᠤ᠂ ᠰᠢᠨᠠᠯᠠᠮ᠎ᠠ ᠶ᠋ᠢ ᠭᠠᠪᠠ ᠭᠢᠨᠵᠢ ᠲᠡᠢ ᠨᠢ ᠠᠪᠴᠤ ᠭᠠᠷᠭᠠᠭᠠᠳ ᠨᠡᠯᠢᠶᠡᠳ ᠬᠣᠯᠠ ᠶᠠᠪᠤᠭᠰᠠᠨ ᠤ᠋ ᠳᠠᠷᠠᠭ᠎ᠠ ᠬᠦᠵᠦᠭᠦᠨ ᠳ᠋ᠡᠬᠢ ᠭᠠᠪᠠ ᠭᠢᠨᠵᠢ ᠶ᠋ᠢ ᠨᠢ ᠲᠠᠰᠤᠯᠵᠤ ᠳᠠᠭᠠᠭᠤᠯᠤᠨ ᠶᠠᠪᠤᠵᠠᠢ᠃ ᠬᠣᠵᠢᠮ ᠨᠢ ᠳ᠋ᠤᠯᠢ ᠶ᠋ᠢᠨ ᠳᠡᠭᠡᠷᠡᠮ ᠰᠢᠨᠡᠯᠡᠮ᠎ᠡ ᠶ᠋ᠢ ᠪᠤᠯᠢᠶᠠᠨ ᠠᠪᠴᠤ ᠶᠠᠪᠤᠴᠢᠬᠠᠵᠠᠢ ᠭᠡᠮᠡᠨ ᠴᠤᠤᠷᠬᠠᠯ ᠦᠭᠡ ᠲᠠᠷᠬᠠᠭᠠᠭᠰᠠᠨ ᠪᠠᠢᠨ᠎ᠠ᠃
ᠲᠡᠳᠡ ᠰᠢᠷᠠᠤ᠋ᠰᠤᠨ ᠭᠣᠣᠯ ᠤ᠋ᠨ ᠤᠷᠢᠳᠤ ᠪᠡᠶ᠎ᠡ ᠳ᠋ᠦ᠍ ᠬᠦᠷᠦᠭᠡᠳ ᠦᠦᠰᠢᠨ ᠦ᠌ ᠠᠭᠤᠯᠵᠠᠷ ᠳᠠᠬᠢ ᠵᠠᠩ ᠵᠢᠶᠠ ᠪᠠᠢ ᠶ᠋ᠢᠨ ᠠᠭᠤᠯᠠᠨ ᠳ᠋ᠤ᠌ ᠰᠠᠭᠤᠭᠠᠳ ᠰᠠᠶᠢ ᠴᠣᠭᠲᠣᠸᠴᠢᠷ ᠲᠤ᠌ ᠰᠢᠨᠡᠯᠡᠮ᠎ᠡ ᠶ᠋ᠢ ᠠᠪᠤᠷᠠᠨ ᠭᠠᠷᠭᠠᠭᠰᠠᠨ ᠢ᠋ᠶ᠋ᠠᠨ ᠮᠡᠳᠡᠭᠡ ᠬᠦᠷᠭᠡᠭᠰᠡᠨ ᠳ᠋ᠦ᠍᠂ ᠲᠡᠷᠡ ᠪᠠᠰᠠ ᠬᠣᠶᠠᠷ ᠮᠣᠷᠢ ᠨᠡᠮᠡᠵᠦ ᠥᠭᠭᠦᠭᠡᠳ ᠰᠢᠨᠡᠯᠡᠮ᠎ᠡ ᠶ᠋ᠢ ᠦᠷᠭᠦᠯᠵᠢᠯᠡᠨ ᠬᠠᠲᠤᠨ ᠭᠣᠣᠯ ᠢ᠋ᠶ᠋ᠠᠷ ᠳᠠᠭᠠᠭᠤᠯᠵᠤ ᠭᠠᠷᠭᠠᠬᠤ ᠪᠣᠯᠪᠠ ᠤᠤ ᠭᠡᠮᠡᠨ ᠬᠦᠰᠡᠮᠵᠢᠯᠡᠪᠡ᠃ ᠲᠡᠳᠡ ᠬᠠᠩᠭᠢᠨ ᠬᠤᠰᠢᠭᠤᠨ ᠳ᠋ᠤ᠌ ᠲᠣᠭᠣᠷᠢᠭᠤ ᠵᠠᠮ ᠢ᠋ᠶ᠋ᠠᠷ ᠵᠢᠰᠦ ᠪᠤᠷᠤᠭᠤᠯᠠᠨ ᠶᠠᠪᠤᠭᠠᠳ ᠪᠢᠩᠲᠦ ᠶ᠋ᠢᠨ ᠰᠢᠷ᠎ᠠ ᠵᠣᠣ ᠠ᠋ᠴᠠ ᠰᠢᠨᠡᠯᠡᠮ᠎ᠡ ᠶ᠋ᠢ ᠰᠥᠨᠢ ᠪᠡᠷ ᠬᠠᠲᠤᠨ ᠭᠣᠣᠯ ᠢ᠋ᠶ᠋ᠠᠷ ᠭᠠᠷᠭᠠᠯᠭᠠᠪᠠ᠃ ᠢᠩᠭᠢᠭᠡᠳ ᠰᠢᠨᠠᠯᠠᠮ᠎ᠠ ᠬᠠᠯᠬ᠎ᠠ ᠮᠣᠩᠭᠣᠯ ᠵᠦᠭ ᠳᠤᠲᠠᠭᠠᠴᠢᠬᠠᠯ᠎ᠠ ᠭᠡᠵᠦ ᠦᠭᠡ ᠭᠠᠷᠭᠠᠵᠠᠢ᠃ ᠰᠢᠨᠠᠯᠠᠮ᠎ᠠ ᠬᠠᠲᠤᠨ ᠭᠣᠣᠯ ᠢ᠋ᠶ᠋ᠠᠷ ᠭᠠᠷᠤᠭᠰᠠᠨ ᠤ᠋ ᠳᠠᠷᠠᠭ᠎ᠠ ᠪᠤᠭᠤᠲᠤ ᠬᠣᠲᠠ ᠳ᠋ᠤ᠌ ᠣᠴᠢᠵᠤ᠂ ᠲᠡᠨᠳᠡ ᠡᠴᠡ ᠳᠠᠬᠢᠨ ᠬᠠᠲᠤᠨ ᠭᠣᠣᠯ ᠢ᠋ ᠭᠡᠲᠦᠯᠵᠦ ᠦᠦᠰᠢᠨ ᠳ᠋ᠡᠭᠡᠨ ᠨᠢᠭᠤᠴᠠ ᠪᠠᠷ ᠪᠤᠴᠠᠵᠤ ᠢᠷᠡᠵᠦ᠂ ᠵᠠᠮ ᠳ᠋ᠠᠭᠠᠨ ᠵᠠᠰᠠᠭ ᠬᠤᠰᠢᠭᠤᠨ ᠤ᠋ ᠪᠠᠪᠤᠤ ᠮᠡᠢᠷᠡᠨ ᠦ᠌ ᠭᠡᠷ ᠲᠦ᠍ ᠨᠢᠭᠡ ᠬᠤᠭᠤᠴᠠᠭ᠎ᠠ ᠬᠡᠦᠬᠡᠳ ᠲᠦ᠋ᠨᠢ ᠪᠢᠴᠢᠭ ᠵᠢᠭᠠᠵᠤ ᠪᠡᠶ᠎ᠡ ᠪᠡᠨ ᠰᠤᠪᠢᠯᠠᠨ ᠳᠠᠯᠳᠠᠯᠠᠪᠠ᠃
ᠰᠢᠨᠡᠯᠡᠮ᠎ᠡ ᠲᠤᠰ ᠵᠢᠯ ᠦ᠋ᠨ ᠰᠡᠭᠦᠯ ᠰᠠᠷ᠎ᠠ ᠶ᠋ᠢᠨ ᠨᠢᠭᠡᠨ ᠡᠳᠦᠷ ᠪᠠᠪᠤᠤ ᠮᠡᠢᠷᠡᠨ ᠦ᠌ ᠵᠢᠷᠣᠭ᠎ᠠ ᠴᠣᠬᠣᠷ ᠮᠣᠷᠢ ᠶ᠋ᠢ ᠤᠨᠤᠵᠤ ᠰᠡᠮᠡᠬᠡᠷ ᠭᠡᠷ ᠲᠡᠭᠡᠨ ᠬᠠᠷᠢᠭᠰᠠᠨ ᠳ᠋ᠤ᠌ ᠵᠢᠷᠠᠨ ᠠᠨᠳᠠ ᠶ᠋ᠢᠨ ᠪᠦᠯᠦᠭ ᠲᠦ᠍ ᠰᠡᠷᠡᠭᠳᠡᠪᠡ᠃ ᠰᠢᠨᠠᠯᠠᠮ᠎ᠠ ᠳᠥᠩᠭᠡᠵᠦ ᠭᠡᠷ ᠲᠡᠭᠡᠨ ᠴᠠᠭᠠᠨ ᠢᠳᠡᠭᠡ ᠴᠠᠢ ᠠᠮᠰᠠᠭᠠᠳ ᠶᠠᠭᠠᠷᠠᠤ ᠰᠠᠨᠳᠤᠷᠤᠤ ᠪᠠᠷ ᠤᠰᠠᠩ ᠤ᠋ᠨ ᠰᠠᠭᠤᠷᠢ ᠳᠡᠭᠡᠷ᠎ᠡ ᠪᠡᠨ ᠣᠴᠢᠵᠤ ᠤᠰᠠᠩ ᠲᠠᠯᠪᠢᠵᠤ ᠳᠠᠭᠠᠳᠬᠠᠯ ᠬᠢᠵᠦ ᠮᠥᠷᠭᠥᠴᠢᠬᠡᠭᠡᠳ ᠵᠠᠢᠳᠠᠪᠠ᠃ ᠡᠬᠡᠨᠡᠷ ᠨᠢ᠄《ᠶᠠᠭᠤᠨ ᠳ᠋ᠤ᠌ ᠶᠠᠭᠠᠷᠠᠭᠠᠳ ᠪᠠᠢᠨ᠎ᠠ᠂ ᠪᠤᠳᠠᠭ᠎ᠠ ᠬᠣᠭᠣᠯᠠ ᠪᠡᠯᠡᠳᠬᠡᠶ᠎ᠡ᠂ ᠬᠣᠭᠣᠯᠠ ᠢᠳᠡᠴᠢᠬᠡᠭᠡᠳ ᠶᠠᠪᠤ᠁》 ᠭᠡᠬᠦ ᠳ᠋ᠦ᠍ ᠰᠢᠨᠡᠯᠡᠮ᠎ᠡ᠄《 ᠪᠢ ᠣᠳᠣ ᠭᠡᠷ ᠡᠴᠡ ᠭᠠᠷᠬᠤ ᠦᠭᠡᠢ ᠪᠣᠯ ᠠᠶᠤᠯ ᠲᠠᠢ ᠪᠠᠢᠨ᠎ᠠ᠂ ᠲᠡᠢᠮᠦ ᠡᠴᠡ ᠡᠨᠡ ᠴᠠᠭ ᠲᠤ᠌ ᠵᠠᠪᠠᠯ ᠮᠣᠷᠳᠠᠬᠤ ᠴᠢᠬᠤᠯᠠ ᠲᠠᠢ᠁》 ᠭᠡᠳ ᠭᠠᠷᠴᠤ ᠶᠠᠪᠤᠵᠠᠢ᠃
ᠰᠢᠨᠠᠯᠠᠮ᠎ᠠ ᠤᠳᠠᠯ ᠦᠭᠡᠢ ᠲᠡᠳᠡᠨ ᠦ᠌ ᠭᠡᠷ ᠡᠴᠡ ᠳᠡᠮᠡᠢ ᠬᠣᠯᠠ ᠦᠭᠡᠢ ᠪᠠᠢᠭ᠎ᠠ ᠳᠤᠭᠤᠢᠯᠠᠩ ᠤ᠋ᠨ ᠢᠳᠡᠪᠬᠢᠲᠡᠨ ᠪᠦᠷᠢᠨᠪᠠᠶᠠᠷ(20 ᠳ᠋ᠤᠭᠠᠷ ᠵᠠᠭᠤᠨ ᠤ᠋ ᠳᠥᠴᠢᠭᠡᠳ ᠣᠨ ᠤ᠋ ᠰᠡᠭᠦᠯᠡᠷ ᠦᠦᠰᠢᠨ ᠬᠤᠰᠢᠭᠤᠨ ᠤ᠋ ᠤᠢᠭᠤᠷᠵᠢᠨ ᠬᠠᠷᠢᠶᠠᠨ ᠤ᠋ ᠵᠠᠯᠠᠨ ᠤ᠋ ᠲᠤᠰᠢᠶᠠᠯ ᠳ᠋ᠤ᠌ ᠪᠠᠢᠪᠠ) ᠶ᠋ᠢᠨ ᠭᠡᠷ ᠲᠦ᠍ ᠬᠦᠷᠪᠡ᠃ ᠲᠡᠷᠡ ᠲᠡᠭᠦᠨ ᠡᠴᠡ ᠳᠤᠭᠤᠢᠯᠠᠩ ᠤ᠋ᠨ ᠨᠥᠬᠥᠳ ᠦ᠋ᠨ ᠪᠠᠢᠳᠠᠯ ᠢ᠋ᠶ᠋ᠠᠨ ᠣᠢᠯᠠᠭᠠᠬᠤ ᠶ᠋ᠢᠨ ᠳᠠᠭᠠᠤ ᠰᠤᠳᠨᠠᠮᠳᠣᠩᠷᠣᠪ᠂ ᠲᠦᠮᠡᠨᠵᠢᠷᠭᠠᠯ ᠨᠠᠷ ᠲᠤ᠌ ᠴᠢᠬᠤᠯᠠ ᠦᠭᠡ ᠳᠠᠮᠵᠢᠭᠤᠯᠬᠤ ᠶ᠋ᠢ ᠨᠠᠢᠳᠠᠵᠤ᠂ ᠡᠨᠡ ᠲᠡᠷᠡ ᠶ᠋ᠢ ᠵᠣᠭᠣᠭᠳᠠᠭᠰᠠᠭᠠᠷ ᠰᠥᠨᠢ ᠳᠦᠯᠢ ᠪᠣᠯᠴᠢᠬᠠᠵᠠᠢ᠃
ᠰᠢᠨᠡᠯᠡᠮ᠎ᠡ ᠢᠩᠭᠢᠵᠦ ᠵᠢᠷᠣᠭ᠎ᠠ ᠮᠣᠷᠢᠨ ᠤ᠋ ᠰᠠᠢᠨ ᠢ᠋ᠶ᠋ᠠᠷ ᠨᠢᠭᠡ ᠡᠳᠦᠷ ᠳᠠᠪᠬᠢᠭᠤᠯᠤᠭᠰᠠᠨ ᠲᠤᠯᠠ ᠮᠣᠷᠢ ᠪᠠᠨ ᠲᠡᠵᠢᠭᠡᠵᠦ ᠰᠠᠢᠨ ᠠᠮᠠᠷᠠᠭᠤᠯᠬᠤ ᠶ᠋ᠢ ᠪᠣᠳᠣᠵᠤ ᠬᠣᠨᠳᠣᠴᠠᠭ ᠤ᠋ᠨ ᠰᠢᠷᠬ᠎ᠠ ᠨᠢ ᠴᠦ᠍ ᠵᠢᠮᠵᠢᠭᠢᠨᠡᠨ ᠡᠪᠡᠳᠴᠦ ᠪᠠᠢᠬᠤ ᠲᠤᠯᠠ ᠪᠠᠭ᠎ᠠ ᠠᠮᠠᠷᠠᠵᠤ ᠤᠨᠲᠠᠬᠤ ᠰᠠᠨᠠᠭ᠎ᠠ ᠲᠠᠢ ᠪᠠᠢᠵᠠᠢ᠃
ᠭᠡᠲᠡᠯ᠎ᠡ ᠰᠢᠨᠠᠯᠠᠮ᠎ᠠ ᠬᠡᠵᠢᠶᠡᠳᠡ ᠬᠡᠷᠡᠭ ᠶᠠᠪᠤᠳᠠᠯ ᠤ᠋ᠨ ᠢᠯᠠᠭᠳᠠᠬᠤ ᠲᠠᠯ᠎ᠠ ᠶ᠋ᠢ ᠢᠯᠡᠭᠦᠦ ᠪᠣᠳᠣᠯᠬᠢᠯᠠᠵᠤ ᠶᠠᠪᠤᠳᠠᠭ ᠲᠤᠯᠠ ᠪᠠᠢᠨ ᠳᠠᠬᠢᠨ ᠭᠠᠳᠠᠨ᠎ᠠ ᠭᠠᠷᠴᠤ ᠪᠠᠢᠳᠠᠯ ᠢ᠋ ᠠᠵᠢᠭᠯᠠᠵᠤ ᠪᠠᠢᠭᠰᠠᠭᠠᠷ ᠭᠡᠨᠡᠳᠲᠡ ᠰᠡᠩᠳᠡ ᠮᠡᠩᠳᠡ᠄
《ᠪᠢ ᠣᠳᠣ ᠶᠠᠪᠤᠯ᠎ᠠ᠂ ᠨᠠᠮᠠᠶ᠋ᠢ ᠬᠥᠮᠦᠨ ᠨᠡᠬᠡᠮᠵᠢᠯᠡᠵᠦ ᠪᠠᠢᠨ᠎ᠠ᠂ ᠪᠢ ᠵᠡᠭᠦᠨ ᠦᠨᠡᠰᠦᠨ ᠬᠦᠳᠦᠩ ᠢ᠋ᠶ᠋ᠡᠷ ᠳᠥᠩᠭᠡᠵᠦ ᠭᠠᠷᠬᠤ ᠳ᠋ᠤ᠌ ᠴᠡᠷᠢᠭ ᠢᠷᠡᠪᠡᠯ᠂ ᠨᠠᠮᠠᠶ᠋ᠢ ᠣᠳᠣ ᠵᠡᠭᠦᠨᠰᠢ ᠳᠤᠲᠠᠭᠠᠯ᠎ᠠ᠂ ᠦᠦᠰᠢᠨᠵᠤᠤ ᠶ᠋ᠢᠨ ᠰᠦᠮ᠎ᠡ ᠳ᠋ᠦ᠍ ᠬᠦᠷᠬᠦ ᠤᠴᠢᠷ ᠲᠠᠢ ᠭᠡᠵᠦ ᠬᠡᠯᠡᠭᠡᠷᠡᠢ! ᠪᠢ ᠶᠠᠪᠤᠭᠠᠳ ᠨᠡᠯᠢᠶᠡᠳ ᠤᠳᠠᠭᠰᠠᠨ ᠤ᠋ ᠬᠣᠢᠨ᠎ᠠ ᠴᠡᠷᠢᠭ ᠢᠷᠡᠭᠡᠳ ᠠᠰᠠᠭᠤᠪᠠᠯ᠂ ᠨᠠᠮᠠᠶ᠋ᠢ ᠶᠠᠪᠤᠭᠠᠳ ᠨᠡᠯᠢᠶᠡᠳ ᠤᠳᠠᠴᠢᠬᠠᠭᠰᠠᠨ᠂ ᠰᠠᠢᠨ ᠵᠢᠷᠣᠭ᠎ᠠ ᠮᠣᠷᠢ ᠤᠨᠤᠵᠤ ᠪᠠᠢᠬᠤ ᠶᠤᠮ ᠴᠢᠨᠢ ᠣᠳᠣ ᠦᠦᠰᠢᠨᠵᠤᠤ ᠶ᠋ᠢᠨ ᠰᠦᠮ᠎ᠡ ᠣᠢᠷᠠᠳᠴᠤ ᠪᠠᠢᠬ᠎ᠠ᠂ ᠦᠦᠰᠢᠨᠵᠤᠤ ᠳ᠋ᠤ᠌ ᠣᠴᠢᠬᠤ ᠤᠴᠢᠷ ᠲᠠᠢ ᠭᠡᠵᠦ ᠬᠡᠯᠡᠵᠦ ᠪᠠᠢᠭᠰᠠᠨ ᠭᠡᠵᠦ ᠬᠡᠯᠡᠭᠡᠷᠡᠢ!》 ᠭᠡᠳ ᠭᠠᠷᠴᠤ ᠮᠣᠷᠢᠨ ᠳ᠋ᠠᠭᠠᠨ ᠮᠣᠷᠳᠠᠴᠢᠬᠠᠯᠠ᠃ ᠲᠡᠭᠡᠲᠡᠯ᠎ᠡ ᠪᠠᠷᠠᠭᠤᠨ ᠭᠦᠳᠦᠴᠡᠭ ᠦ᠋ᠨ ᠣᠷᠣᠢ ᠪᠠᠷ ᠸᠠᠩᠴᠤᠭᠷᠠᠪᠳᠠᠨ ᠲᠦᠷᠦᠭᠦᠲᠡᠢ ᠠᠷᠪᠠᠭᠠᠳ ᠮᠣᠷᠢᠲᠠᠢ ᠬᠥᠮᠦᠰ ᠭᠠᠳᠠᠨ᠎ᠠ ᠬᠦᠷᠦᠭᠡᠳ ᠢᠷᠡᠪᠡ᠃ ᠸᠠᠩᠴᠤᠭᠷᠠᠪᠳᠠᠨ᠄
《ᠰᠢᠨᠠᠯᠠᠮ᠎ᠠ ᠲᠠᠨ ᠤ᠋ ᠳ᠋ᠤ᠌ ᠢᠷᠡᠭᠡᠳ ᠬᠠᠮᠢᠭᠠᠰᠢ ᠶᠠᠪᠤᠪᠠ᠂ ᠬᠤᠷᠳᠤᠨ ᠬᠡᠯᠡ᠁》 ᠭᠡᠵᠦ ᠵᠠᠩᠳᠤᠷᠤᠨ ᠠᠰᠠᠭᠤᠬᠤ ᠳ᠋ᠤ᠌᠂ ᠪᠦᠷᠢᠨᠪᠠᠶᠠᠷ ᠰᠢᠨᠠᠯᠠᠮ᠎ᠠ ᠶ᠋ᠢ ᠪᠠᠷᠢᠭᠳᠠᠬᠤ ᠠ᠋ᠴᠠ ᠠᠶᠤᠬᠤ ᠳ᠋ᠠᠭᠠᠨ ᠲᠡᠭᠦᠨ ᠦ᠌ ᠵᠠᠬᠢᠭᠰᠠᠨ ᠶᠣᠰᠣᠭᠠᠷ ᠬᠡᠯᠡᠵᠦ ᠴᠢᠳᠠᠬᠤ ᠦᠭᠡᠢ ᠡᠭ ᠮᠡᠭ ᠭᠡᠵᠦ ᠰᠠᠨᠳᠤᠷᠤᠨ᠎ᠠ᠃ ᠸᠠᠩᠴᠤᠭᠷᠠᠪᠳᠠᠨ ᠠᠭᠤᠷ ᠬᠦᠷᠴᠦ ᠬᠤᠯᠤᠰᠤᠨ ᠮᠠᠪᠠᠩ ᠲᠠᠰᠢᠭᠤᠷ ᠢ᠋ᠶ᠋ᠠᠷ ᠪᠦᠷᠢᠨᠪᠠᠶᠠᠷ ᠢ᠋ ᠲᠣᠯᠣᠭᠠᠢ ᠲᠦᠷᠦᠭᠦᠦ ᠦᠭᠡᠢ ᠲᠠᠰᠢᠭᠤᠷᠳᠠᠬᠤ ᠳ᠋ᠤ᠌ ᠲᠡᠷᠡ᠄
《ᠰᠢᠨᠡᠯᠡᠮ᠎ᠡ ᠥᠨᠥᠬᠡᠨ ᠵᠡᠭᠦᠨᠰᠢ ᠶᠠᠪᠤᠭᠰᠠᠨ᠂ ᠳᠡᠮᠡᠢ ᠬᠣᠯᠠᠳᠠᠭᠰᠠᠨ ᠦᠭᠡᠢ ᠪᠠᠢᠬ᠎ᠠ᠂ ᠦᠦᠰᠢᠨᠵᠦᠦ ᠳ᠋ᠦ᠍ ᠬᠦᠷᠬᠦ ᠤᠴᠢᠷ ᠲᠠᠢ ᠭᠡᠵᠦ ᠬᠡᠯᠡᠭᠰᠡᠨ》 ᠭᠡᠵᠦ ᠬᠠᠷᠢᠭᠤᠯᠵᠠᠢ᠃
ᠰᠢᠨᠠᠯᠠᠮ᠎ᠠ ᠶ᠋ᠢ ᠪᠠᠷᠢᠭᠳᠠᠴᠢᠬᠠᠯᠠ ᠪᠠ ᠭᠡᠵᠦ ᠪᠦᠷᠢᠨᠪᠠᠶᠠᠷ ᠤ᠋ᠨ ᠭᠡᠷ ᠳᠠᠶᠠᠭᠠᠷ ᠢ᠋ᠶ᠋ᠠᠨ ᠰᠠᠨᠠᠭᠠᠰᠢᠷᠠᠨ ᠵᠣᠪᠠᠵᠤ ᠪᠠᠢᠲᠠᠯ᠎ᠠ᠂ ᠰᠢᠨᠠᠯᠠᠮ᠎ᠠ ᠡᠭᠦᠳᠡ ᠪᠡᠷ ᠰᠡᠮᠡᠭᠡᠷᠬᠡᠨ ᠣᠷᠣᠵᠤ ᠢᠷᠡᠯ᠎ᠡ᠃ ᠪᠦᠷᠢᠨᠪᠠᠶᠠᠷ ᠤ᠋ᠨ ᠬᠢᠨ ᠪᠦᠷ ᠰᠣᠴᠢᠨ ᠭᠠᠢᠬᠠᠵᠤ᠄
《ᠲᠠ ᠶᠠᠭᠠᠬᠢᠭᠠᠳ ᠢᠷᠡᠴᠢᠬᠡᠪᠡ? ᠸᠠᠩᠴᠤᠭᠷᠠᠪᠳᠠᠨ ᠨᠠᠷ ᠴᠢᠮᠠᠶ᠋ᠢ ᠡᠷᠢᠵᠦ ᠪᠠᠢᠨ᠎ᠠ᠂ ᠬᠤᠷᠳᠤᠨ ᠳᠠᠯᠳᠠᠯᠠ᠁ 》 ᠭᠡᠵᠦ ᠰᠠᠨᠳᠤᠷᠴᠠᠭᠠᠨᠠ᠃
ᠰᠢᠨᠠᠯᠠᠮ᠎ᠠ ᠣᠭᠲᠣ ᠠᠶᠤᠵᠤ ᠰᠣᠴᠢᠭᠰᠠᠨ ᠪᠠᠢᠳᠠᠯ ᠦᠭᠡᠢ ᠪᠡᠷ᠄
《ᠨᠣᠬᠠᠢ ᠬᠤᠴᠠᠬᠤ ᠪᠠᠷ ᠢ᠋ᠶ᠋ᠠᠨ ᠬᠤᠴᠠ᠂ ᠲᠡᠮᠡᠭᠡ ᠶᠠᠪᠤᠬᠤ ᠪᠠᠷ ᠢ᠋ᠶ᠋ᠠᠨ ᠶᠠᠪᠤᠨ᠎ᠠ ᠳᠠ! ᠸᠠᠩᠴᠣᠭᠷᠠᠪᠳᠠᠨ ᠨᠠᠷ ᠥᠨᠥ ᠰᠥᠨᠢ ᠳ᠋ᠡᠭᠡᠨ ᠨᠠᠮᠠᠶ᠋ᠢ ᠬᠥᠭᠡᠭᠡᠳ ᠦᠦᠰᠢᠨᠵᠦᠦ ᠶ᠋ᠢᠨ ᠰᠦᠮ᠎ᠡ ᠳ᠋ᠦ᠍ ᠬᠦᠷᠬᠦ ᠶᠦᠮ᠃ ᠪᠢ ᠲᠠᠨ ᠤ᠋ ᠳ᠋ᠤ᠌ ᠬᠣᠨᠣᠭ ᠪᠠᠷᠢᠵᠤ᠂ ᠮᠣᠷᠢ ᠪᠠᠨ ᠪᠠᠰᠠ ᠲᠡᠵᠢᠭᠡᠯᠭᠡᠵᠦ ᠠᠮᠠᠷᠠᠭᠤᠯᠤᠶᠠ!》 ᠭᠡᠳ ᠬᠤᠪᠴᠠᠰᠤ ᠬᠤᠨᠠᠷ ᠢ᠋ᠶ᠋ᠠᠨ ᠲᠠᠢᠯᠤᠯ ᠦᠭᠡᠢ ᠪᠡᠷ ᠤᠨᠲᠠᠯ᠎ᠠ᠂ ᠪᠦᠷᠢᠨᠪᠠᠶᠠᠷ ᠤ᠋ᠨ ᠬᠢᠨ ᠳᠠᠬᠢᠵᠤ ᠬᠥᠮᠦᠨ ᠢᠷᠡᠬᠦ ᠡᠴᠡ ᠪᠣᠯᠭᠣᠮᠵᠢᠯᠠᠨ ᠰᠥᠨᠢᠵᠢᠨ ᠤᠨᠲᠠᠭᠰᠠᠨ ᠦᠭᠡᠢ ᠭᠠᠳᠠᠨ᠎ᠠ ᠡᠷᠭᠢᠴᠡᠭᠡᠳ ᠥᠩᠭᠡᠷᠡᠯ᠎ᠡ᠃
ᠰᠢᠨᠠᠯᠠᠮ᠎ᠠ ᠮᠠᠷᠭᠠᠰᠢ ᠥᠷᠯᠥᠭᠡ ᠨᠠᠷᠠ ᠭᠠᠷᠬᠤ ᠠ᠋ᠴᠠ ᠡᠮᠦᠨ᠎ᠡ ᠵᠠᠰᠠᠭ ᠬᠣᠰᠢᠭᠤ ᠵᠦᠭ ᠮᠣᠷᠳᠠᠪᠠ᠃ ᠸᠠᠩᠴᠣᠭᠷᠠᠪᠳᠠᠨ ᠨᠠᠷ ᠲᠡᠷᠡ ᠰᠥᠨᠢ ᠳ᠋ᠡᠭᠡᠨ ᠦᠦᠰᠢᠨᠵᠦᠦ ᠶ᠋ᠢᠨ ᠰᠦᠮ᠎ᠡ ᠳ᠋ᠦ᠍ ᠬᠦᠷᠴᠦ ᠰᠦᠮ᠎ᠡ ᠶ᠋ᠢᠨ ᠭᠠᠳᠠᠭᠤᠷ ᠬᠠᠷᠠᠭᠤᠯ ᠮᠠᠨᠠᠭ᠎ᠠ ᠵᠣᠭᠰᠣᠭᠠᠨ ᠯᠠᠮᠠ ᠨᠠᠷ ᠤ᠋ᠨ ᠣᠷᠣᠨ ᠭᠡᠷ ᠢ᠋ ᠨᠡᠩᠵᠢᠨ ᠪᠠᠢᠴᠠᠭᠠᠪᠠ᠃ ᠲᠡᠳᠡ ᠰᠢᠨᠠᠯᠠᠮ᠎ᠠ ᠶ᠋ᠢᠨ ᠰᠤᠷᠠᠭ ᠢ᠋ ᠴᠦ᠍ ᠣᠯᠤᠭᠰᠠᠨ ᠦᠭᠡᠢ ᠦᠦᠰᠢᠨᠵᠦᠦ ᠳ᠋ᠦ᠍ ᠬᠣᠶᠠᠷ ᠬᠣᠨᠣᠭᠠᠳ ᠪᠤᠴᠠᠨ ᠢᠷᠡᠬᠦ ᠳ᠋ᠦ᠍ ᠰᠢᠨᠠᠯᠠᠮ᠎ᠠ ᠬᠠᠷᠢᠨ ᠲᠤᠰ ᠡᠳᠦᠷ ᠲᠡᠭᠡᠨ ᠵᠠᠰᠠᠭ ᠬᠤᠰᠢᠭᠤᠨ ᠤ᠋ ᠯᠠᠮᠠ ᠶ᠋ᠢᠨ ᠰᠦᠮ᠎ᠡ ᠳ᠋ᠦ᠍ ᠬᠦᠷᠴᠦ ᠣᠴᠢᠭᠰᠠᠨ ᠪᠠᠢᠵᠠᠢ᠃
ᠬᠡᠳᠦᠨ ᠡᠳᠦᠷ ᠦ᠋ᠨ ᠳᠠᠷᠠᠭ᠎ᠠ ᠰᠤᠳᠨᠠᠮᠳᠣᠩᠷᠣᠪ᠂ ᠲᠦᠮᠡᠨᠵᠢᠷᠭᠠᠯ ᠨᠠᠷ ᠵᠠᠰᠠᠭ ᠬᠤᠰᠢᠭᠤᠨ ᠤ᠋ ᠪᠠᠪᠤᠤ ᠮᠡᠢᠷᠡᠨ ᠦ᠌ ᠳ᠋ᠦ᠍ ᠬᠦᠷᠴᠦ ᠰᠢᠨᠡᠯᠡᠮ᠎ᠡ ᠲᠡᠢ ᠬᠡᠳᠦᠨ ᠡᠳᠦᠷ ᠶᠠᠷᠢᠯᠴᠠᠨ ᠵᠣᠭᠣᠭᠳᠠᠭᠰᠠᠨ ᠭᠡᠨ᠎ᠡ᠃①
— — — —
① ᠲᠤᠰ ᠠᠭᠤᠯᠭ᠎ᠠ ᠶ᠋ᠢ ᠦᠦᠰᠢᠨ ᠬᠤᠰᠢᠭᠤᠨ ᠤ᠋ ᠨᠢᠭᠡᠳᠦᠮᠡᠯ ᠹᠷᠣᠨᠲ ᠤ᠋ᠨ ᠬᠡᠯᠲᠡᠰ ᠦ᠋ᠨ ᠳᠠᠷᠤᠭ᠎ᠠ ᠪᠠᠢᠭᠰᠠᠨ ᠴᠢ ᠪᠤᠤ ᠴᠤᠸᠠᠨ(ᠪᠠᠲᠤᠷᠠᠪᠳᠠᠨ) ᠪᠦᠷᠢᠨᠪᠠᠶᠠᠷ ᠵᠠᠯᠠᠨ ᠤ᠋ ᠵᠢᠷᠭᠤᠳᠤᠭᠠᠷ ᠬᠥᠪᠡᠭᠦᠨ ᠰᠡᠳᠡᠪᠠᠨᠽᠠᠷ ᠨᠠᠰᠤᠲᠠᠳ ᠤ᠋ᠨ ᠬᠡᠯᠡᠭᠰᠡᠨ ᠢ᠋ ᠡᠮᠬᠢᠳᠬᠡᠨ ᠨᠠᠢᠷᠠᠭᠤᠯᠪᠠ᠃
ᠦᠰᠦᠭ ᠠᠮᠢᠯᠠᠭᠤᠯᠤᠭᠴᠢ᠄ ᠣᠶᠤᠨᠪᠢᠯᠢᠭ᠌᠂ ᠪᠠᠯ
ᠦᠰᠦᠭ ᠬᠢᠨᠠᠭᠴᠢ᠄ ᠣᠳᠬᠣᠨᠴᠡᠴᠡᠭ