ᠵᠡᠭᠦᠳᠦ ᠠᠮᠠᠳᠠᠭᠰᠠᠨ ᠠᠪᠤ ᠮᠢᠨᠢ -ᠡᠩᠭᠡᠠᠠᠮᠤᠷ Züüd amdsan aav mini-EnkhüürЗүүд амдсан аав минь-Энхүүр ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠵᠡᠭᠦᠳᠦ ᠠᠮᠠᠳᠠᠭᠰᠠᠨ ᠠᠪᠤ ᠮᠢᠨᠢ -ᠡᠩᠭᠡᠠᠠᠮᠤᠷ Züüd amdsan aav mini-EnkhüürЗүүд амдсан аав минь-Энхүүр

ᠵᠡᠭᠦᠳᠦ ᠠᠮᠠᠳᠠᠭᠰᠠᠨ ᠠᠪᠤ ᠮᠢᠨᠢ -ᠡᠩᠭᠡᠠᠠᠮᠤᠷ Züüd amdsan aav mini-EnkhüürЗүүд амдсан аав минь-Энхүүр

2025-10-03

272

ᠵᠡᠭᠦᠳᠦ ᠠᠮᠠᠳᠠᠭᠰᠠᠨ ᠠᠪᠤ ᠮᠢᠨᠢ

   ᠰᠢᠯᠦᠭ᠄ ᠡᠩᠭᠡᠠᠠᠮᠤᠷ 
   [ᠮᠣᠩᠭᠣᠯ ᠤᠯᠤᠰ ᠤ᠋ᠨ] 

ᠮᠥᠩᠬᠡ ᠲᠩᠷᠢ ᠶ᠋ᠢᠨ ᠣᠷᠣᠨ ᠳ᠋ᠤ᠌ 
ᠮᠥᠩᠬᠡᠳᠡ ᠣᠳᠤᠭᠰᠠᠨ ᠠᠪᠤ ᠮᠢᠨᠢ 
ᠪᠣᠯᠵᠣᠭ᠎ᠠ ᠦᠭᠡᠢ ᠵᠡᠭᠦᠳᠦᠨ ᠳ᠋ᠦ᠍ 
ᠪᠠᠭᠤᠵᠤ ᠢᠷᠡᠭᠡᠳ ᠪᠣᠯᠳᠠᠭ ᠦᠭᠡᠢ 
ᠠᠷᠤ ᠶ᠋ᠢᠨ ᠰᠠᠢᠬᠠᠨ ᠠᠭᠤᠯᠠᠨ ᠳ᠋ᠤ᠌ 
ᠠᠢᠯᠴᠢᠯᠠᠨ ᠶᠠᠪᠤᠭᠰᠠᠨ ᠠᠪᠤ ᠮᠢᠨᠢ 
ᠠᠷᠭ᠎ᠠ ᠲᠠᠢ ᠴᠠᠷᠭ᠎ᠠ ᠵᠡᠭᠦᠳᠦᠨ ᠳ᠋ᠦ᠍ 
ᠠᠮᠠᠳᠠᠵᠤ ᠢᠷᠡᠭᠡᠳ ᠪᠣᠯᠳᠠᠭ ᠦᠭᠡᠢ 
ᠰᠢᠯᠢ ᠶ᠋ᠢᠨ ᠥᠨᠳᠥᠷ ᠠᠭᠤᠯᠠᠨ ᠳ᠋ᠤ᠌ 
ᠰᠢᠩᠭᠡᠭᠡᠳ ᠣᠳᠤᠭᠰᠠᠨ ᠠᠪᠤ ᠮᠢᠨᠢ 
ᠰᠥᠨᠢ ᠡᠳᠦᠷ ᠦ᠋ᠨ ᠵᠡᠭᠦᠳᠦᠨ ᠳ᠋ᠦ᠍ 
ᠰᠢᠯᠵᠢᠵᠦ ᠢᠷᠡᠭᠡᠳ ᠪᠣᠯᠳᠠᠭ ᠦᠭᠡᠢ 
ᠤᠬᠠᠮᠰᠠᠷ ᠤ᠋ᠨ ᠶᠢᠷᠲᠢᠨᠴᠦ ᠳ᠋ᠦ᠍ ᠣᠴᠢᠭᠰᠠᠨ ᠴᠤ᠌
ᠤᠬᠠᠭᠠᠨᠲᠠᠨ ᠤ᠋ ᠳᠡᠭᠡᠳᠦ ᠠᠪᠤ ᠮᠢᠨᠢ 
ᠭᠡᠭᠡᠨ ᠲᠤᠩᠭᠠᠯᠠᠭ ᠪᠠᠶᠠᠨ ᠳ᠋ᠤ᠌ ᠮᠢᠨᠢ 
ᠭᠡᠷᠡᠯ ᠪᠣᠯᠤᠨ ᠰᠢᠩᠭᠡ ᠳᠡ
ᠡᠷᠭᠢᠵᠦ ᠨᠠᠳᠠ ᠳ᠋ᠤ᠌ ᠪᠠᠨ ᠢᠷᠡᠬᠦ ᠪᠡᠷ ᠴᠢᠨᠢ
ᠡᠩᠬᠦᠷᠡᠢᠯᠡᠵᠦ ᠠᠰᠠᠷᠠᠵᠤ ᠪᠠᠢᠶ᠎ᠠ
ᠥᠪᠡᠷ ᠦ᠋ᠨ ᠲᠥᠷᠥᠯ ᠢ᠋ᠶ᠋ᠡᠨ ᠣᠯᠬᠤ ᠪᠠᠷ ᠴᠢᠨᠢ
ᠡᠷᠭᠢᠵᠦ ᠲᠡᠳᠬᠦᠵᠦ ᠶᠠᠪᠤᠶ᠎ᠠ

   ᠢᠷᠡᠯᠲᠡ᠄ 《ᠮᠣᠩᠭᠣᠯᠴᠤᠳ ᠤ᠋ᠨ ᠲᠩᠷᠢ ᠤᠬᠠᠭᠠᠨ》 ᠨᠣᠮ ᠠ᠋ᠴᠠ ᠰᠡᠢᠷᠡᠭᠦᠯᠪᠡ
   ᠦᠰᠦᠭ ᠠᠮᠢᠯᠠᠭᠤᠯᠤᠭᠰᠠᠨ ᠨᠢ᠄ ᠴᠢ· ᠤᠷᠠᠨᠴᠡᠴᠡᠭ