ᠴᠠᠭ ᠲᠥᠷᠥ ᠶᠢᠨ ᠦᠢᠮᠡᠭᠡᠨ – ᠳ᠋᠂ ᠨᠠᠮᠲᠠᠭ - ᠠᠮᠢᠳᠤᠷᠠᠯ ᠤᠨ ᠵᠠᠮ ᠂ ᠨᠢᠭᠡᠳᠦᠭᠡᠷ ᠪᠦᠯᠦᠭ 〔ᠬᠣᠷᠢ ᠶᠢᠰᠦ〕 Цаг төрийн үймээн – Д ᠂ Намдаг - Амьдралын зам ᠂ нэгдүгээр бүлэг - 29 ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠴᠠᠭ ᠲᠥᠷᠥ ᠶᠢᠨ ᠦᠢᠮᠡᠭᠡᠨ – ᠳ᠋᠂ ᠨᠠᠮᠲᠠᠭ - ᠠᠮᠢᠳᠤᠷᠠᠯ ᠤᠨ ᠵᠠᠮ ᠂ ᠨᠢᠭᠡᠳᠦᠭᠡᠷ ᠪᠦᠯᠦᠭ 〔ᠬᠣᠷᠢ ᠶᠢᠰᠦ〕 Цаг төрийн үймээн – Д ᠂ Намдаг - Амьдралын зам ᠂ нэгдүгээр бүлэг - 29

ᠴᠠᠭ ᠲᠥᠷᠥ ᠶᠢᠨ ᠦᠢᠮᠡᠭᠡᠨ – ᠳ᠋᠂ ᠨᠠᠮᠲᠠᠭ - ᠠᠮᠢᠳᠤᠷᠠᠯ ᠤᠨ ᠵᠠᠮ ᠂ ᠨᠢᠭᠡᠳᠦᠭᠡᠷ ᠪᠦᠯᠦᠭ 〔ᠬᠣᠷᠢ ᠶᠢᠰᠦ〕 Цаг төрийн үймээн – Д ᠂ Намдаг - Амьдралын зам ᠂ нэгдүгээр бүлэг - 29

ᠠᠩᠭᠢᠯᠠᠯ:ᠲᠤᠭᠤᠵᠢ ᠷᠣᠮᠠᠨ
2025-10-03

63

ᠵᠣᠷᠢᠭ ᠪᠠᠳᠠᠷᠠᠯᠲᠠ


       ᠣᠶᠤᠨᠳᠠᠷᠢ ᠡᠬᠡ ᠶ᠋ᠢᠨ ᠢ᠋ᠶ᠋ᠡᠨ《ᠪᠣᠭᠳᠠ ᠶ᠋ᠢᠨ ᠵᠠᠷᠯᠢᠭ ᠢ᠋ ᠳᠠᠪᠠᠵᠤ ᠪᠣᠯᠳᠠᠭ ᠦᠭᠡᠢ ᠶᠦᠮ》 ᠭᠡᠵᠦ ᠪᠠᠢᠨ ᠪᠠᠢᠨ ᠳᠠᠪᠲᠠᠨ ᠬᠡᠯᠡᠭᠰᠡᠨ ᠢ᠋ ᠴᠢᠩ ᠰᠡᠳᠬᠢᠯ ᠡᠴᠡ ᠪᠡᠨ ᠵᠢᠭᠰᠢᠨ᠂ ᠨᠢᠭᠡ ᠴᠦ᠍ ᠦᠭᠡ ᠳᠤᠤᠭᠠᠷᠤᠯ ᠦᠭᠡᠢ ᠪᠠᠢᠭᠠᠳ ᠭᠡᠷ ᠡᠴᠡ ᠪᠡᠨ ᠭᠠᠷᠤᠭᠰᠠᠨ ᠠᠵᠢ᠃ ᠥᠪᠡᠷ ᠦ᠋ᠨ ᠬᠢᠨᠢ ᠪᠣᠳᠣᠯ ᠢ᠋ᠶ᠋ᠠᠷ ᠪᠣᠯ᠄《ᠪᠢᠳᠡ ᠭᠠᠭᠴᠠ ᠥᠬᠢᠨ ᠢ᠋ᠶ᠋ᠡᠨ ᠪᠤᠰᠤᠳ ᠲᠤ ᠥᠭᠬᠦ ᠦᠭᠡᠢ》 ᠭᠡᠬᠦ ᠡᠴᠡ ᠠᠪᠤᠭᠠᠳ《ᠥᠪᠡᠷ ᠦ᠋ᠨ ᠬᠢᠨᠢ ᠰᠠᠨᠠᠯ ᠮᠡᠳᠡᠨ᠎ᠡ》 ᠭᠡᠬᠦ ᠬᠦᠷᠲᠡᠯ᠎ᠡ ᠣᠯᠠᠨ ᠲᠥᠷᠥᠯ ᠦ᠋ᠨ ᠰᠢᠯᠲᠠᠭᠠᠨ ᠪᠠᠢᠵᠤ ᠪᠣᠯᠬᠤ ᠰᠢᠭ᠋ ᠰᠠᠨᠠᠭᠳᠠᠨ᠎ᠠ᠃ ᠬᠡᠷᠪᠡ ᠲᠡᠷᠡ ᠪᠦᠬᠦᠨ ᠢ᠋ᠶ᠋ᠡᠷ ᠢ᠋ᠶ᠋ᠡᠨ ᠪᠣᠯᠳᠠᠭ ᠦᠭᠡᠢ ᠠᠪᠠᠰᠤ ᠨᠠᠮᠠᠶ᠋ᠢ ᠨᠢᠭᠡ ᠲᠡᠢᠰᠢ ᠨᠢ ᠰᠠᠮ ᠤᠷᠭᠤᠨ ᠵᠢᠭᠤᠲᠠᠭᠤᠯᠵᠤ ᠪᠣᠯᠬᠤ ᠰᠢᠦ ᠳᠡ ᠭᠡᠬᠦ ᠡᠴᠡ ᠡᠴᠢᠭᠡ ᠡᠬᠡ ᠬᠣᠶᠠᠷ ᠢ᠋ ᠥᠰᠢᠨ ᠵᠠᠨᠤᠬᠤ ᠰᠡᠳᠬᠢᠯ ᠲᠥᠷᠥᠨ᠎ᠡ᠃《ᠣᠳᠣ ᠠ᠋ᠴᠠ ᠡᠬᠢᠯᠡᠨ ᠨᠠᠳᠠ ᠳ᠋ᠤ᠌ ᠠᠪᠤ ᠡᠵᠢ ᠪᠠᠢᠬᠤ ᠦᠭᠡᠢ᠂ ᠠᠪᠤᠷᠠᠨ ᠢᠪᠡᠭᠡᠬᠦ ᠪᠤᠷᠬᠠᠨ ᠰᠠᠬᠢᠭᠤᠰᠤ ᠴᠦ᠍ ᠠᠯᠠᠭ᠎ᠠ᠃ ᠴᠥᠮ ᠪᠣᠭᠳᠠ ᠶ᠋ᠢᠨ ᠲᠠᠯ᠎ᠠ ᠳ᠋ᠤ᠌ ᠪᠠᠢᠳᠠᠭ ᠢ᠋ᠶ᠋ᠠᠷ ᠮᠢᠨᠦ ᠳᠠᠢᠰᠤᠨ ᠰᠢᠦ ᠳᠡ》 ᠭᠡᠬᠦ ᠡᠴᠡ ᠳᠠᠷᠤᠢ ᠪᠣᠭᠣᠵᠤ ᠦᠬᠦᠭᠦᠰᠢᠲᠡᠢ ᠠᠵᠢ᠃ ᠭᠡᠪᠡᠴᠦ ᠪᠠᠯᠳᠠᠨᠴᠡᠷᠢᠩ ᠢ᠋ ᠪᠣᠳᠣᠯ᠎ᠠ᠃ ᠲᠡᠷᠡ ᠮᠠᠨᠢ ᠨᠠᠳᠠ ᠴᠢᠩ ᠰᠡᠳᠬᠢᠯ ᠡᠴᠡ ᠬᠠᠢᠷᠠᠲᠠᠢ ᠪᠣᠯᠬᠣᠷ ᠨᠠᠮᠠᠶ᠋ᠢ ᠥᠮᠥᠭᠯᠡᠨ ᠬᠠᠮᠠᠭᠠᠯᠠᠬᠤ ᠲᠡᠳᠦᠢ ᠦᠭᠡᠢ᠂ ᠥᠪᠡᠷ ᠦ᠋ᠨ ᠪᠡᠶ᠎ᠡ ᠪᠡᠷ ᠠᠪᠤᠨ ᠨᠢᠭᠡᠨ ᠲᠠᠢᠰᠢ ᠤᠷᠭᠤᠬᠤ ᠪᠣᠯᠪᠠ ᠤᠤ? ᠭᠡᠬᠦ ᠰᠡᠳᠬᠢᠯ ᠲᠥᠷᠥᠬᠦ ᠳ᠋ᠦ᠍ ᠥᠪᠡᠷ ᠦ᠋ᠨ ᠡᠷᠬᠡ ᠦᠭᠡᠢ ᠪᠠᠶᠠᠷ ᠪᠠᠶᠠᠰᠬᠤᠯᠠᠩ ᠲᠠᠢ ᠪᠣᠯᠤᠯ᠎ᠠ᠃  
       ᠲᠡᠷᠡ ᠳᠣᠣᠷ᠎ᠠ ᠪᠠᠨ ᠭᠡᠷ ᠡᠴᠡ ᠪᠡᠨ ᠱᠠᠭᠠᠢᠨ ᠵᠢᠯᠣᠭᠣᠴᠢ ᠲᠦᠪᠰᠢᠨ ᠢ᠋ ᠲᠠᠭᠤᠲᠠᠯ᠎ᠠ᠂ ᠬᠣᠶᠠᠷ ᠳᠠᠬᠢᠨ ᠲᠠᠭᠤᠲᠠᠯ᠎ᠠ᠃ 
       ᠲᠦᠪᠰᠢᠨ ᠪᠠᠷᠠᠭᠤᠨ ᠭᠡᠷ ᠲᠦ᠍ ᠭᠠᠭᠴᠠ ᠥᠬᠢᠨ ᠦ᠌ ᠪᠡᠨ ᠬᠠᠷᠠᠩᠭᠤᠢ ᠭᠠᠰᠠᠯᠠᠩ ᠳ᠋ᠤ᠌ ᠤᠨᠠᠭᠰᠠᠨ ᠲᠤᠬᠠᠢ ᠳ᠋ᠤ᠌ ᠬᠡᠷᠬᠢᠬᠦ ᠤᠬᠠᠭᠠᠨ ᠢ᠋ᠶ᠋ᠠᠨ ᠣᠯᠬᠤ ᠦᠭᠡᠢ ᠪᠣᠯᠤᠭᠰᠠᠨ ᠡᠴᠢᠭᠡ ᠡᠬᠡ ᠬᠣᠶᠠᠷ ᠤ᠋ᠨ ᠭᠤᠨᠢᠭᠲᠤ ᠶᠠᠷᠢᠶᠠᠨ ᠢ᠋ ᠰᠣᠨᠣᠰᠤᠨ ᠮᠥᠨ ᠯᠡ ᠣᠢ ᠭᠠᠰᠢᠭᠤᠨ ᠪᠣᠯᠤᠨ ᠰᠠᠭᠤᠭᠰᠠᠨ ᠤᠴᠢᠷ ᠭᠤᠷᠪᠠᠳᠠᠬᠢ ᠳᠠᠭᠤᠳᠠᠯᠲᠠ ᠳᠡᠭᠡᠷ᠎ᠡ ᠠᠩᠬ᠎ᠠ ᠤᠳᠠᠭ᠎ᠠ ᠪᠠᠨ ᠰᠣᠨᠣᠰᠤᠨ ᠪᠣᠰᠤᠨ ᠬᠠᠷᠠᠢᠵᠤ᠄  
       — ᠬᠡᠦᠬᠡᠨ ᠮᠢᠨᠢ ᠶᠠᠭᠤ ᠬᠡ ᠪᠣᠢ? ᠭᠡᠵᠦ ᠭᠡᠷ ᠡᠴᠡ ᠭᠠᠷᠴᠤ ᠢᠷᠡᠪᠡ᠃  
       — ᠲᠠ ᠮᠣᠷᠢ ᠲᠡᠷᠭᠡ ᠬᠥᠯᠥᠯᠡ᠂ ᠪᠢ ᠶᠠᠪᠤᠶ᠎ᠠ!  
       — ᠵᠠ ᠂ ᠵᠠ ᠣᠳᠣᠬᠠᠨ ᠭᠡᠵᠦ ᠲᠦᠪᠰᠢᠨ ᠮᠣᠷᠢᠨ ᠤ᠋ ᠫᠧᠩ ᠤᠷᠤᠭᠤ ᠫᠢᠵᠢᠭᠢᠨᠡᠨ ᠬᠠᠷᠠᠢᠯᠭᠠᠪᠠ᠃  
       ᠣᠶᠤᠳᠠᠷᠢ ᠪᠤᠴᠠᠨ ᠣᠷᠣᠵᠤ ᠬᠤᠪᠴᠠᠰᠤ ᠬᠤᠨᠠᠷ ᠢ᠋ᠶ᠋ᠠᠨ ᠵᠠᠰᠠᠨ ᠪᠦᠰᠡ ᠪᠡᠨ ᠴᠢᠩᠭᠠᠯᠠᠬᠤ ᠳ᠋ᠠᠭᠠᠨ ᠲᠣᠯᠢᠨ ᠤ᠋ ᠡᠮᠦᠨ᠎ᠡ ᠣᠴᠢᠨ ᠵᠣᠭᠰᠣᠯ᠎ᠠ᠃ ᠨᠢᠳᠦ ᠨᠢ ᠤᠯᠠᠢᠭᠰᠠᠨ ᠪᠣᠯᠤᠨ ᠪᠥᠯᠴᠥᠢᠨ ᠬᠠᠪᠤᠳᠤᠭᠰᠠᠨ ᠦᠵᠡᠭᠳᠡᠪᠡ᠃ ᠬᠣᠢᠰᠢᠳᠠ ᠪᠠᠨ ᠶᠠᠭᠠᠬᠢᠭᠰᠠᠨ ᠴᠦ᠍ ᠢᠩᠭᠢᠵᠦ ᠤᠬᠢᠯᠠᠬᠤ ᠦᠭᠡᠢ ᠭᠡᠵᠦ ᠵᠢᠷᠦᠬᠡ ᠪᠡᠨ ᠴᠢᠩᠭᠠᠯᠠᠬᠤ ᠶ᠋ᠢᠨ ᠵᠡᠷᠭᠡᠴᠡᠭᠡ ᠪᠡᠷ ᠪᠠᠯᠳᠠᠨᠴᠡᠷᠢᠩ ᠳᠡᠭᠡᠷ᠎ᠡ ᠤᠷᠭᠤᠨ ᠣᠳᠤᠭᠰᠠᠨ ᠬᠣᠢᠨ᠎ᠠ ᠨᠠᠮᠠᠶ᠋ᠢ ᠳᠠᠢᠰᠤᠩᠨᠠᠭᠴᠢ ᠪᠦᠬᠦᠨ ᠢ᠋ᠶ᠋ᠡᠷ ᠶᠠᠭᠠᠬᠢᠬᠤ ᠪᠣᠯ? ᠭᠡᠬᠦ ᠡᠴᠡ ᠢᠨᠢᠶᠡᠳᠦ ᠬᠦᠷᠬᠦ ᠠᠵᠢ᠃ ᠭᠡᠷ ᠡᠴᠡ ᠭᠠᠷᠤᠨ ᠮᠣᠷᠢ ᠲᠡᠷᠭᠡᠨ ᠳ᠋ᠡᠭᠡᠨ ᠰᠠᠭᠤᠬᠤ ᠳ᠋ᠤ᠌ ᠡᠬᠡ ᠨᠢ ᠭᠠᠷᠴᠤ ᠢᠷᠡᠨ᠄  
       — ᠬᠡᠦᠬᠡᠨ ᠮᠢᠨᠢ ᠬᠠᠮᠢᠭ᠎ᠠ ᠣᠴᠢᠬᠤ ᠨᠢ ᠪᠣᠢ? ᠭᠡᠵᠦ ᠤᠶᠠᠬᠠᠨ ᠵᠥᠭᠡᠯᠡᠨ ᠬᠣᠭᠣᠯᠠᠢ ᠪᠠᠷ ᠠᠰᠠᠭᠤᠪᠠ᠃ ᠬᠠᠷᠢᠭᠤ ᠳ᠋ᠤᠨᠢ ᠣᠶᠤᠨᠳᠠᠷᠢ᠄  
       — ᠨᠢᠭᠡ ᠠᠢᠯ ᠳ᠋ᠤ᠌ ᠣᠴᠢᠨ᠎ᠠ ᠭᠡᠵᠦ ᠬᠡᠭᠵᠡᠭᠦᠬᠡᠨ ᠢ᠋ᠶ᠋ᠡᠷ ᠬᠡᠯᠡᠪᠡ᠃ 
       — ᠦᠭᠡᠢ ᠬᠡᠦᠬᠡᠨ ᠮᠢᠨᠢ ᠳᠡᠮᠡᠢ ᠪᠢᠰᠢ ᠤᠤ? ᠭᠡᠵᠦ ᠴᠡᠴᠡᠷᠬᠢᠯᠡᠭᠰᠡᠨ ᠬᠣᠭᠣᠯᠠᠢ ᠪᠠᠷ ᠬᠡᠯᠡᠬᠦ ᠳ᠋ᠦ᠍ᠨᠢ᠄ 
       — ᠲᠠ ᠨᠠᠮᠠᠶ᠋ᠢ ᠪᠤᠰᠤᠳ ᠤ᠋ᠨ ᠪᠣᠭᠣᠯ ᠪᠣᠯᠭᠠᠬᠤ ᠠ᠋ᠴᠠ ᠢᠯᠡᠭᠦᠦ ᠶᠠᠭᠠᠬᠢᠬᠤ ᠬᠡ ᠪᠣᠢ? ᠭᠡᠵᠦ ᠬᠠᠰᠢᠶ᠎ᠠ ᠳᠠᠪᠠᠨ ᠰᠣᠨᠣᠰᠤᠭᠳᠠᠲᠠᠯ᠎ᠠ ᠴᠢᠩᠭ᠎ᠠ ᠬᠡᠯᠡᠪᠡ᠃  
       ᠡᠬᠡ ᠰᠣᠴᠢᠨ᠂《ᠡᠢᠰᠢ》 ᠭᠡᠵᠦ ᠠᠮᠠᠨ ᠳᠣᠲᠣᠷ᠎ᠠ ᠪᠠᠨ ᠥᠭᠦᠯᠡᠬᠦ ᠡᠴᠡ ᠥᠭᠡᠷ᠎ᠡ ᠶᠠᠭᠤ ᠴᠦ᠍ ᠬᠡᠯᠡᠭᠰᠡᠨ ᠦᠭᠡᠢ ᠪᠥᠭᠡᠳ ᠬᠠᠰᠢᠶᠠᠨ ᠤ᠋ ᠪᠠᠨ ᠶᠡᠬᠡ ᠬᠠᠭᠠᠯᠭ᠎ᠠ ᠶ᠋ᠢ ᠥᠪᠡᠷ ᠢ᠋ᠶ᠋ᠡᠨ ᠨᠡᠭᠡᠭᠡᠯ᠎ᠡ᠃ ᠲᠡᠭᠦᠨ ᠢ᠋ᠶ᠋ᠡᠷ ᠵᠢᠯᠣᠭᠣᠴᠢ ᠲᠦᠪᠰᠢᠨ ᠭᠠᠷᠤᠭᠰᠠᠨ ᠢ᠋ᠶ᠋ᠠᠨ᠄ 
       — ᠬᠠᠮᠢᠭᠠᠰᠢ ᠪᠠᠨ ᠶᠠᠪᠤᠬᠤ ᠪᠣᠢ ᠬᠡᠦᠬᠡᠨ ᠠ᠋?  
       — ᠬᠦᠷᠢᠶ᠎ᠡ ᠣᠷᠣᠶ᠎ᠠ ᠲᠦᠪᠰᠢᠨ ᠭᠤᠸᠠᠢ᠃  
       ᠲᠦᠪᠰᠢᠨ ᠮᠣᠷᠢ ᠲᠡᠷᠭᠡ ᠪᠡᠨ ᠠᠭᠠᠵᠢᠭᠤᠬᠠᠨ ᠶᠠᠪᠤᠭᠤᠯᠤᠨ ᠮᠠᠢᠮᠠᠢ ᠬᠣᠲᠠ ᠶ᠋ᠢᠨ ᠪᠠᠷᠠᠭᠤᠨ᠎ᠠ ᠭᠠᠷᠤᠭᠰᠠᠨ ᠢ᠋ᠶ᠋ᠠᠨ ᠰᠠᠭᠤᠳᠠᠯ ᠠ᠋ᠴᠠ ᠡᠷᠭᠢᠨ᠄ 
       — ᠬᠡᠦᠬᠡᠨ ᠮᠢᠨᠢ ᠪᠠᠭᠰᠢ ᠳ᠋ᠠᠭᠠᠨ ᠪᠠᠷᠠᠯᠬᠠᠬᠤ ᠴᠢᠨᠢ ᠤᠤ? 
       — ᠦᠭᠡᠢ ᠲᠦᠪᠰᠢᠨ ᠭᠤᠸᠠᠢ᠂ ᠪᠠᠯᠳᠠᠨᠴᠡᠷᠢᠩ ᠲᠠᠢ ᠠᠭᠤᠯᠵᠠᠶ᠎ᠠ᠃ 
       ᠲᠦᠪᠰᠢᠨ ᠨᠢᠳᠦ ᠪᠡᠨ ᠲᠣᠮᠣ ᠪᠣᠯᠭᠠᠨ ᠥᠭᠡᠳᠡ ᠡᠴᠡ ᠨᠢ ᠰᠢᠷᠳᠡᠭᠰᠡᠨ ᠢ᠋ᠶ᠋ᠡᠨ᠄ 
       —《ᠵᠥᠪ》 ᠭᠡᠳ ᠴᠠᠭᠠᠰᠢ ᠡᠷᠭᠢᠨ ᠮᠣᠷᠢᠨ ᠳ᠋ᠠᠭᠠᠨ ᠲᠠᠰᠢᠭᠤᠷ ᠥᠭᠪᠡ᠃ ᠮᠣᠷᠢ ᠣᠷᠣᠭᠰᠢ ᠵᠢᠳᠬᠦᠨ ᠱᠣᠭᠰᠢᠯ᠎ᠠ᠂ ᠲᠦᠪᠰᠢᠨ ᠨᠡᠮᠡᠨ᠂ ᠨᠡᠮᠡᠨ ᠲᠠᠰᠢᠭᠤᠷᠳᠠᠭᠰᠠᠨ ᠳ᠋ᠤ᠌ ᠮᠣᠷᠢ ᠤᠯᠠᠮ ᠢ᠋ᠶ᠋ᠠᠷ ᠬᠤᠷᠳᠤᠯᠠᠨ ᠳᠠᠪᠬᠢᠪᠠ᠃ 
       ᠥᠨᠥᠳᠥᠷ ᠦ᠋ᠨ ᠬᠤᠪᠢ ᠳ᠋ᠤ᠌ ᠬᠦᠷᠢᠶ᠎ᠡ ᠮᠠᠢᠮᠠᠢ ᠬᠣᠶᠠᠷ ᠤ᠋ᠨ ᠬᠣᠭᠣᠷᠣᠨᠳᠣ ᠬᠥᠯ ᠬᠥᠳᠡᠯᠭᠡᠭᠡᠨ ᠶᠡᠬᠡ᠂ ᠠᠬ᠎ᠠ ᠳᠡᠭᠦᠦ ᠤᠷᠤᠭ ᠲᠥᠷᠥᠯ ᠦ᠋ᠳ ᠲᠡᠭᠡᠨ ᠵᠣᠯᠭᠠᠬᠤ ᠭᠡᠵᠦ ᠭᠣᠶᠣ ᠰᠠᠢᠬᠠᠨ ᠢ᠋ ᠡᠮᠦᠰᠦᠭᠰᠡᠨ᠂ ᠤᠨᠤᠭ᠎ᠠ ᠲᠠᠢ ᠤᠨᠤᠭ᠎ᠠ ᠦᠭᠡᠢ ᠶᠠᠩᠵᠤ ᠪᠦᠷᠢ ᠶ᠋ᠢᠨ ᠬᠥᠮᠦᠰ ᠦᠷᠭᠦᠯᠵᠢᠯᠡᠨ ᠴᠤᠪᠤᠨ᠎ᠠ᠃ ᠲᠡᠷᠡ ᠳᠤᠮᠳᠠᠭᠤᠷ ᠲᠦᠪᠰᠢᠨ ᠣᠶᠤᠨᠳᠠᠷᠢ ᠶ᠋ᠢ ᠢᠨᠠᠭ ᠡᠷ᠎ᠡ ᠲᠡᠢ ᠨᠢ ᠠᠭᠤᠯᠵᠠᠭᠤᠯᠬᠤ ᠶ᠋ᠢ ᠶᠠᠭᠠᠷᠠᠪᠴᠢᠯᠠᠨ ᠲᠣᠭᠣᠰᠣ ᠮᠠᠨᠠᠷᠠᠭᠤᠯᠤᠨ ᠳᠠᠪᠬᠢᠭᠰᠠᠭᠠᠷ ᠯᠠ ᠪᠠᠢᠯ᠎ᠠ᠃ ᠲᠡᠷᠭᠡᠨ ᠦ᠌ ᠳᠤᠭᠤᠢ ᠪᠠᠢᠨ ᠪᠠᠢᠨ ᠤᠪᠤᠨ ᠳᠣᠪᠣᠨ ᠳᠣᠲᠣᠷ᠎ᠠ ᠣᠷᠣᠨ ᠪᠡᠶ᠎ᠡ ᠥᠰᠥᠷᠬᠡᠨ ᠳᠣᠩᠰᠣᠯᠬᠤ ᠳ᠋ᠤ᠌ ᠣᠶᠤᠨᠳᠠᠷᠢ《ᠶᠡᠷᠦ ᠮᠠᠨ ᠤ᠋ ᠣᠳᠣ ᠶ᠋ᠢᠨ ᠠᠮᠢᠳᠤᠷᠠᠯ ᠡᠭᠡᠭᠡ ᠯᠡ ᠡᠨᠡ ᠳᠣᠩᠰᠣᠯᠭ᠎ᠠ ᠰᠢᠭ᠋ ᠪᠣᠯᠵᠤ ᠳᠠ》 ᠭᠡᠵᠦ ᠨᠢᠭᠡ ᠦᠶ᠎ᠡ ᠪᠣᠳᠣᠭᠰᠠᠨ ᠢ᠋ᠶ᠋ᠠᠨ᠃《ᠡᠭᠦᠨ ᠦ᠌ ᠡᠮᠦᠨ᠎ᠡ ᠪᠢ ᠣᠢ ᠭᠠᠰᠢᠭᠤᠨ ᠢ᠋ᠶ᠋ᠠᠷ ᠪᠠᠭᠤᠵᠤ ᠥᠭᠭᠦ ᠶ᠋ᠢᠨ ᠣᠷᠣᠨ ᠳ᠋ᠤ᠌ ᠡᠷᠡᠮᠡᠬᠡᠢ ᠵᠣᠷᠢᠭ ᠢ᠋ᠶ᠋ᠠᠷ ᠲᠡᠮᠡᠴᠡᠬᠦ ᠶᠣᠰᠣᠲᠠᠢ》 ᠭᠡᠵᠦ ᠪᠡᠶ᠎ᠡ ᠪᠡᠨ ᠢᠳᠬᠠᠪᠠ᠃ ᠡᠭᠦᠨ ᠡᠴᠡ ᠴᠠᠭᠠᠰᠢ ᠪᠣᠳᠣᠬᠤ ᠳ᠋ᠠᠭᠠᠨ ᠪᠠᠯᠳᠠᠨᠴᠡᠷᠢᠩ ᠲᠡᠢ ᠠᠭᠤᠯᠵᠠᠬᠤ᠂ ᠠᠭᠤᠯᠵᠠᠭᠰᠠᠨ ᠬᠣᠢᠨ᠎ᠠ ᠪᠠᠨ ᠪᠦᠬᠦ ᠶᠠᠪᠤᠳᠠᠯ ᠢ᠋ᠶ᠋ᠠᠨ ᠨᠢᠭᠡᠮᠦᠰᠦᠨ ᠲᠣᠭᠠᠴᠢᠬᠤ᠂ ᠲᠡᠭᠡᠭᠡᠳ ᠬᠣᠶᠠᠭᠤᠯᠠ ᠪᠠᠨ ᠤᠷᠭᠤᠨ ᠠᠯᠠᠭ᠎ᠠ ᠪᠣᠯᠬᠤ ᠶ᠋ᠢ ᠪᠣᠳᠣᠵᠤ ᠡᠭᠦᠨ ᠢ᠋ᠶ᠋ᠡᠨ ᠣᠶᠤᠨᠳᠠᠷᠢ ᠰᠡᠳᠬᠢᠯᠴᠢᠯᠡᠨ ᠪᠦᠲᠦᠭᠡᠬᠦ ᠳ᠋ᠦ᠍ ᠪᠠᠲᠤ ᠢᠳᠡᠭᠡᠨ ᠪᠠᠶᠠᠷᠯᠠᠬᠤ ᠠᠵᠢ᠃ 
       ᠭᠡᠲᠡᠯ᠎ᠡ ᠮᠣᠷᠢ ᠲᠡᠷᠭᠡ ᠨᠢ᠂  ᠪᠠᠯᠳᠠᠨᠴᠡᠷᠢᠩ᠄《ᠡᠨᠡ ᠮᠠᠨ ᠤ᠋ ᠬᠢ》ᠭᠡᠵᠦ ᠪᠠᠭᠤᠳᠠᠭ ᠪᠠᠢᠭᠰᠠᠨ ᠪᠤᠰᠤᠳ ᠤ᠋ᠨ ᠬᠠᠰᠢᠶᠠᠨ ᠤ᠋ ᠡᠮᠦᠨ᠎ᠡ ᠢᠷᠡᠵᠦ ᠵᠣᠭᠰᠣᠪᠠ᠃ ᠣᠶᠤᠨᠳᠠᠷᠢ ᠶᠠᠭᠠᠷᠠᠯᠲᠠᠢ ᠨᠢ ᠠᠷᠭ᠎ᠠ ᠦᠭᠡᠢ ᠪᠠᠭᠤᠨ ᠬᠠᠰᠢᠶᠠᠨ ᠤ᠋ ᠬᠠᠭᠠᠯᠭ᠎ᠠ ᠶ᠋ᠢ ᠲᠠᠲᠠᠬᠤ ᠳ᠋ᠤ᠌ ᠳᠣᠲᠣᠷ᠎ᠠ ᠨᠢ ᠬᠣᠶᠠᠷ ᠭᠡᠷ᠂ ᠵᠡᠭᠦᠨ ᠲᠠᠯ᠎ᠠ ᠶ᠋ᠢᠨ ᠬᠢᠨᠢ ᠨᠡᠯᠢᠶᠡᠳ ᠲᠣᠮᠣ᠂ ᠪᠦᠷᠢᠶᠡᠰᠦ ᠪᠡᠷ ᠬᠠᠷᠢᠭᠤ ᠦᠭᠡᠢ ᠳᠣᠷᠣᠢ᠂ ᠪᠠᠷᠠᠭᠤᠨ ᠭᠡᠷ ᠨᠢ ᠪᠠᠭᠠᠪᠲᠤᠷ ᠪᠣᠯᠤᠭᠠᠳ ᠪᠦᠷᠢᠶᠡᠰᠦ ᠰᠠᠢᠲᠠᠢ ᠪᠠᠢᠬᠤ ᠲᠤᠯᠠ᠂ ᠣᠶᠤᠨᠳᠠᠷᠢ ᠲᠡᠷᠡ ᠭᠡᠷ ᠢ᠋ ᠪᠠᠯᠳᠠᠨᠴᠡᠷᠢᠩ ᠦ᠋ᠨ ᠬᠢ ᠪᠣᠯᠪᠠ ᠤᠤ ᠭᠡᠵᠦ ᠪᠣᠳᠣᠪᠠ᠃ ᠭᠡᠷ ᠦ᠋ᠨ ᠬᠠᠭᠠᠯᠭ᠎ᠠ ᠶ᠋ᠢ ᠲᠠᠲᠠᠬᠤ ᠳ᠋ᠤ᠌᠂ ᠬᠣᠢᠮᠣᠷ ᠲᠤ ᠨᠢ ᠭᠤᠷᠪᠠ ᠣᠷᠴᠢᠮ ᠨᠠᠰᠤᠨ ᠤ᠋ ᠡᠷᠡᠭᠲᠡᠢ ᠬᠡᠦᠬᠡᠳ ᠨᠢᠰᠦ ᠨᠢᠯᠪᠤᠰᠤ ᠪᠠᠨ ᠴᠤᠪᠤᠷᠠᠭᠤᠯᠤᠨ ᠤᠬᠢᠯᠠᠵᠤ ᠰᠠᠭᠤᠭ᠎ᠠ ᠦᠵᠡᠭᠳᠡᠨ᠎ᠡ᠃ ᠪᠠᠷᠠᠭᠤᠨ ᠲᠠᠢ ᠨᠢ ᠣᠷᠣ᠂ ᠤᠷᠢᠲᠠᠢ ᠨᠢ ᠭᠤᠴᠢ ᠭᠠᠷᠤᠢ ᠨᠠᠰᠤᠨ ᠤ᠋ ᠡᠬᠡᠨᠡᠷ ᠮᠠᠨᠴᠤᠢ ᠲᠠᠢ ᠬᠡᠦᠬᠡᠳ ᠲᠡᠪᠡᠷᠢᠨ ᠬᠥᠬᠥᠭᠦᠯᠵᠦ ᠰᠠᠭᠤᠨ᠎ᠠ᠃ ᠯᠠᠪᠯᠠᠨ ᠠᠵᠢᠬᠤ ᠳ᠋ᠤ᠌ ᠡᠬᠡᠨᠡᠷ ᠦ᠋ᠨ ᠡᠮᠦᠰᠦᠭᠰᠡᠨ ᠵᠡᠭᠦᠭᠰᠡᠨ ᠨᠢ ᠮᠠᠭᠤ ᠪᠢᠰᠢ᠃ ᠭᠡᠪᠡᠴᠦ ᠰᠠᠨᠠᠭ᠎ᠠ ᠰᠡᠳᠬᠢᠯ ᠦ᠋ᠨ ᠵᠣᠪᠠᠯᠠᠩ ᠳ᠋ᠤ᠌ ᠳᠠᠷᠤᠭᠳᠠᠭᠰᠠᠨ ᠪᠣᠯᠤᠯᠲᠠᠢ᠃ ᠮᠢᠬ᠎ᠠ ᠱᠥᠯᠥ ᠮᠠᠭᠤᠲᠠᠢ᠂ ᠵᠢᠰᠦ ᠴᠢᠷᠠᠢ ᠴᠣᠩᠬᠢᠭᠠᠷ᠂ ᠡᠬᠢᠯᠡᠭᠡᠳ ᠣᠶᠤᠨᠳᠠᠷᠢ ᠶ᠋ᠢ ᠭᠠᠢᠬᠠᠭᠰᠠᠨ ᠴᠢᠷᠠᠢ ᠭᠠᠷᠭᠠᠨ ᠨᠢᠭᠡ ᠬᠡᠰᠡᠭ ᠰᠢᠷᠳᠡᠭᠰᠡᠨ ᠢ᠋ᠶ᠋ᠡᠨ ᠬᠡᠦᠬᠡᠳ ᠢ᠋ᠶ᠋ᠡᠨ ᠬᠣᠢᠰᠢ ᠲᠠᠯᠪᠢᠪᠠ᠃ ᠲᠡᠷᠡ ᠨᠢ ᠳᠥᠩᠭᠡᠵᠦ ᠲᠠᠯᠪᠢᠮᠠᠭᠴᠠ ᠠᠭ ᠲᠠᠭ ᠦᠭᠡᠢ ᠪᠠᠷᠬᠢᠷᠠᠪᠠ᠃   
       ᠣᠶᠤᠨᠳᠠᠷᠢ ᠪᠠᠯᠳᠠᠨᠴᠡᠷᠢᠩ ᠦ᠋ᠨ ᠭᠡᠷ ᠣᠷᠣᠨ ᠢ᠋ ᠡᠢᠮᠦ ᠠᠢᠯ ᠪᠠᠢᠨ᠎ᠠ ᠭᠡᠵᠦ ᠣᠭᠲᠣᠬᠠᠨ ᠴᠦ᠍ ᠰᠠᠨᠠᠭ᠎ᠠ ᠦᠭᠡᠢ ᠳ᠋ᠡᠭᠡᠨ ᠲᠡᠩᠴᠡᠭᠦᠷᠢ ᠪᠡᠨ ᠠᠯᠳᠠᠭᠰᠠᠨ ᠮᠡᠲᠦ ᠪᠣᠯᠤᠨ ᠠᠮᠤᠷ ᠮᠡᠨᠳᠦ ᠪᠡᠨ ᠮᠡᠳᠡᠵᠦ ᠴᠢᠳᠠᠭᠰᠠᠨ ᠦᠭᠡᠢ ᠪᠥᠭᠡᠳ ᠲᠡᠷᠡ ᠠᠪᠠᠭᠠᠢ ᠴᠦ᠍ ᠮᠡᠨᠳᠦ ᠤᠰᠤ ᠮᠡᠳᠡᠭᠰᠡᠨ ᠦᠭᠡᠢ᠃  
       — ᠲᠠ ᠳᠡᠭᠡᠭᠰᠢ ᠪᠡᠨ ᠰᠠᠭᠤ ᠳᠠ᠃ ᠰᠠᠷ᠎ᠠ ᠰᠢᠨ᠎ᠡ ᠶ᠋ᠢᠨ ᠢᠳᠡᠭᠡᠨ ᠠᠮᠰᠠ! ᠭᠡᠳ ᠴᠠᠢ ᠬᠢᠵᠦ ᠥᠭᠬᠦ ᠶ᠋ᠢ ᠵᠠᠪᠳᠤᠪᠠ᠃ 
       — ᠵᠦᠭᠡᠷ᠂ ᠪᠢ ᠵᠥᠪᠬᠡᠨ ᠨᠢᠭᠡ ᠬᠥᠮᠦᠨ ᠢ᠋ ᠰᠤᠷᠠᠭᠯᠠᠬᠤ ᠪᠠᠷ ᠣᠷᠣᠵᠤ ᠢᠷᠡᠪᠡ ᠭᠡᠬᠦ ᠳ᠋ᠦ᠍᠄  
       — ᠬᠡᠨ ᠭᠡᠭᠴᠢ ᠶ᠋ᠢ ᠪᠣᠢ? 
       — ᠪᠠᠯᠳᠠᠨᠴᠡᠷᠢᠩ᠂ 
       — ᠪᠠᠯᠳᠠᠨᠴᠡᠷᠢᠩ ᠭᠡᠨ᠎ᠡ? ᠪᠠᠢᠬᠤ ᠦᠭᠡᠢ ᠠ᠋᠂ ᠲᠡᠢᠮᠦ ᠬᠥᠮᠦᠨ ᠡᠨᠡ ᠬᠠᠰᠢᠶᠠᠨ ᠳ᠋ᠤ᠌ ᠪᠠᠢᠬᠤ ᠦᠭᠡᠢ᠃ 
       — ᠦᠭᠡᠢ ᠭᠡᠵᠢ ᠤᠤ? ᠤᠭ ᠨᠢ ᠡᠨᠳᠡ ᠭᠡᠵᠦ᠂ ᠲᠣᠳᠣᠷᠬᠠᠢ ᠵᠢᠭᠠᠵᠤ ᠥᠭᠭᠦᠭᠰᠡᠨ ᠶᠦᠮ ᠰᠠᠨ᠃  
       ᠡᠬᠡᠨᠡᠷ ᠦ᠋ᠨ ᠴᠢᠷᠠᠢ ᠭᠡᠨᠡᠳᠲᠡ ᠬᠤᠪᠠᠬᠠᠢ ᠴᠠᠭᠠᠨ ᠪᠣᠯᠵᠤ᠄  
       — ᠴᠢ ᠲᠡᠭᠦᠨ ᠢ᠋ᠶ᠋ᠡᠷ ᠶᠠᠭᠠᠬᠢᠬᠤ ᠬᠡ ᠪᠣᠢ? 
       — ᠬᠥᠨᠳᠡᠯᠡᠨ ᠦ᠌ ᠬᠥᠮᠦᠨ ᠳ᠋ᠦ᠍ ᠬᠠᠮᠢᠶ᠎ᠠ ᠦᠭᠡᠢ ᠵᠦᠢᠯ ᠭᠡᠵᠦ ᠡᠭᠳᠡᠭᠦᠴᠡᠨ ᠬᠠᠷᠢᠭᠤᠯᠪᠠ᠃ ᠲᠡᠭᠡᠭᠡᠳ ᠡᠬᠡᠨᠡᠷ ᠦ᠋ᠨ ᠠᠮᠢᠰᠬᠤᠯ ᠳᠡᠭᠡᠷ᠎ᠡ ᠬᠥᠭᠡᠷᠦᠨ ᠨᠢᠳᠦᠨ ᠳ᠋ᠦ᠍ᠨᠢ ᠨᠢᠯᠪᠤᠰᠤ ᠬᠤᠷᠠᠯᠳᠤᠵᠤ ᠡᠬᠢᠯᠡᠬᠦ ᠳ᠋ᠦ᠍᠄  
       — ᠦᠭᠡᠢ ᠢᠩᠭᠢᠬᠦ ᠳ᠋ᠦ᠍ ᠲᠠ ᠶᠠᠭᠤ ᠨᠢ ᠪᠣᠢ? 
       — ᠴᠢᠮᠠᠶ᠋ᠢ ᠬᠠᠷᠠᠬᠤ ᠳ᠋ᠤ᠌ ᠶᠠᠭᠤ ᠨᠢ ᠪᠠᠢᠮᠠᠷ ᠰᠢᠭ᠋ ᠪᠠᠢᠨ᠎ᠠ ᠭᠡᠵᠦ ᠬᠠᠷᠢᠭᠤ ᠡᠭᠳᠡᠭᠦᠴᠡᠯ᠎ᠡ᠃  
       ᠣᠶᠤᠨᠳᠠᠷᠢ ᠦᠭᠡ ᠳᠠᠭᠤ ᠦᠭᠡᠢ ᠭᠠᠷᠬᠤ ᠶ᠋ᠢᠨ ᠮᠥᠷᠥᠭᠡᠳᠦᠰᠦ ᠪᠣᠯᠤᠨ ᠡᠭᠦᠳᠡ ᠤᠷᠤᠭᠤ ᠶᠠᠪᠤᠬᠤ ᠳ᠋ᠤ᠌᠂ ᠡᠬᠡᠨᠡᠷ᠄《ᠴᠢ ᠪᠠᠢᠵᠠ ᠭᠡᠵᠦ ᠬᠠᠰᠬᠢᠷᠤᠨ᠂ ᠤᠷᠳᠤᠭᠤᠷ ᠨᠢ ᠣᠷᠣᠵᠤ ᠢᠷᠡᠵᠦ ᠡᠭᠦᠳᠡ ᠪᠡᠨ ᠲᠠᠭᠯᠠᠭᠠᠳ᠄ 
       — ᠴᠢ ᠪᠠᠯᠳᠠᠨᠢᠮ᠎ᠡ ᠲᠡᠢ ᠠᠭᠤᠯᠵᠠᠬᠤ ᠴᠣᠬᠣᠮ ᠶᠠᠮᠠᠷ ᠬᠡᠷᠡᠭ ᠲᠡᠢ ᠪᠣᠢ? ᠲᠡᠭᠦᠨ ᠢ᠋ᠶ᠋ᠡᠨ ᠬᠡᠯᠡ! ᠭᠡᠵᠦ ᠴᠡᠴᠡᠷᠬᠢᠯᠡᠭᠰᠡᠨ ᠬᠣᠭᠣᠯᠠᠢ ᠪᠠᠷ ᠥᠭᠦᠯᠡᠬᠦ ᠶ᠋ᠢᠨ ᠢ᠋ᠶ᠋ᠡᠨ ᠵᠡᠷᠭᠡᠴᠡᠭᠡ ᠪᠡᠷ ᠭᠠᠷ ᠢ᠋ᠶ᠋ᠠᠨ ᠰᠠᠷᠪᠠᠢᠯᠭᠠᠨ ᠨᠢᠭᠤᠷ ᠤ᠋ᠨ ᠬᠢᠨᠢ ᠡᠮᠦᠨ᠎ᠡ ᠠᠪᠴᠢᠷᠠᠪᠠ᠃ ᠤᠷᠲᠤ ᠤᠷᠲᠤ ᠬᠢᠮᠤᠰᠤ ᠲᠠᠢ ᠨᠠᠷᠢᠬᠠᠨ ᠬᠤᠷᠤᠭᠤ ᠨᠤᠭᠤᠳ ᠤ᠋ᠨ ᠵᠠᠪᠰᠠᠷ ᠢ᠋ᠶ᠋ᠠᠷ ᠨᠢᠮᠭᠡᠨ ᠵᠣᠪᠬᠢ ᠲᠠᠢ ᠲᠣᠷᠮᠣᠭᠣᠷ ᠬᠠᠷ᠎ᠠ ᠨᠢᠳᠦ ᠨᠢ ᠭᠣᠮᠣᠳᠠᠯ ᠡᠷᠢᠨ ᠨᠡᠪᠲᠡ ᠬᠠᠷᠠᠭᠳᠠᠭᠰᠠᠨ ᠢ᠋ ᠬᠡᠯᠡᠬᠦ ᠤᠤ? ᠶᠡᠷᠦ ᠡᠨᠡ ᠦᠶ᠎ᠡ ᠠᠶᠤᠮᠰᠢᠭᠲᠠᠢ᠃ ᠣᠷᠣᠨ ᠳᠡᠭᠡᠷ᠎ᠡ ᠣᠷᠬᠢᠭᠳᠠᠭᠰᠠᠨ ᠥᠯᠥᠭᠡᠢ ᠲᠡᠢ ᠬᠡᠦᠬᠡᠳ ᠨᠢ ᠡᠭᠡᠷᠡᠨ ᠳᠠᠭᠵᠢᠭᠠᠳ ᠬᠣᠭᠣᠯᠠᠢ ᠨᠢ ᠵᠥᠪᠬᠡᠨ ᠬᠢᠬᠤᠨᠠᠳᠤᠨ ᠬᠡᠷᠴᠢᠭᠢᠨᠡᠵᠦ ᠪᠠᠢᠯ᠎ᠠ᠃ ᠭᠡᠪᠡᠴᠦ ᠣᠶᠤᠨᠳᠠᠷᠢ ᠲᠡᠷᠡ ᠡᠬᠡᠨᠡᠷ ᠦ᠋ᠨ《ᠪᠠᠯᠳᠠᠨᠢᠮ᠎ᠡ》 ᠭᠡᠰᠡᠨ ᠢ᠋ ᠨᠢ ᠰᠠᠨᠠᠨ ᠪᠠᠭ᠎ᠠ ᠵᠡᠷᠭᠡ ᠰᠡᠭᠡᠭᠡ ᠠᠪᠴᠤ᠄  
       — ᠦᠭᠡᠢ ᠪᠢ ᠪᠠᠯᠳᠠᠨᠢᠮ᠎ᠡ ᠶ᠋ᠢ ᠪᠢᠰᠢ᠂ ᠪᠠᠯᠳᠠᠨᠴᠡᠷᠢᠩ ᠢ᠋ ᠡᠷᠢᠵᠦ ᠶᠠᠪᠤᠭ᠎ᠠ ᠶᠤᠮ᠃ 
       — ᠮᠥᠨ᠂ ᠮᠥᠨ᠃ ᠲᠡᠷᠡ ᠴᠢᠮ᠎ᠠ ᠳ᠋ᠤ᠌ ᠨᠡᠷ᠎ᠡ ᠪᠡᠨ ᠪᠠᠯᠳᠠᠨᠴᠡᠷᠢᠩ ᠭᠡᠳᠡᠭ ᠪᠠᠢᠵᠠᠢ᠃  
       — ᠦᠭᠡᠢ᠂ ᠪᠢ ᠡᠨᠡ ᠨᠡᠷ᠎ᠡ ᠶ᠋ᠢ ᠥᠪᠡᠷ ᠡᠴᠡ ᠨᠢ ᠪᠢᠰᠢ᠂ ᠥᠭᠡᠷ᠎ᠡ ᠪᠤᠰᠤᠳ ᠠ᠋ᠴᠠ ᠣᠯᠵᠤ ᠮᠡᠳᠡᠭᠰᠡᠨ ᠶᠦᠮ᠃ 
       ᠠ᠋ ᠵᠣᠯᠢᠭ᠂ ᠪᠤᠰᠤᠳ ᠲᠤ ᠪᠠᠰᠠ ᠨᠡᠷ᠎ᠡ ᠪᠡᠨ ᠢᠩᠭᠢᠵᠦ ᠪᠤᠷᠤᠭᠤᠯᠠᠳᠠᠭ ᠪᠠᠢᠵᠠᠢ ᠭᠡᠳ ᠡᠬᠡᠨᠡᠷ ᠨᠢᠳᠦᠨ ᠳ᠋ᠡᠭᠡᠨ ᠬᠤᠷᠠᠯᠳᠤᠭᠰᠠᠨ ᠨᠢᠯᠪᠤᠰᠤ ᠶ᠋ᠢ ᠪᠠᠷᠢᠵᠤ ᠴᠢᠳᠠᠬᠤ ᠪᠠᠨ ᠪᠣᠯᠢᠨ ᠮᠡᠭᠰᠢᠨ ᠤᠬᠢᠯᠠᠵᠤ ᠡᠬᠢᠯᠡᠯ᠎ᠡ᠃ ᠳᠠᠭᠤ ᠨᠢ ᠲᠤᠩ ᠲᠠᠮᠢᠷ ᠦᠭᠡᠢ ᠢᠩᠭᠢᠨᠡᠬᠦ ᠠᠪᠢᠶᠠᠨ ᠤ᠋ ᠴᠠᠭᠠᠨ᠎ᠠ ᠥᠭᠡᠷ᠎ᠡ ᠨᠢᠭᠡᠨ ᠬᠡᠷᠵᠢᠭᠢᠨᠡᠨ ᠴᠡᠴᠡᠷᠬᠢᠯᠡᠭᠰᠡᠨ ᠶᠠᠭᠤᠮ᠎ᠠ ᠳᠠᠪᠬᠤᠷ ᠰᠣᠨᠣᠰᠳᠠᠬᠤ ᠨᠢ ᠲᠡᠭᠦᠨ ᠦ᠌ ᠢᠳᠡ ᠬᠦᠨᠳᠦᠷᠡᠯ ᠢ᠋ᠶ᠋ᠡᠨ ᠣᠯᠵᠤ ᠪᠠᠢᠭ᠎ᠠ ᠠᠭᠤᠰᠬᠢᠨ ᠤ᠋ ᠮᠡᠩᠭᠡᠷ ᠡᠪᠡᠳᠴᠢᠨ ᠪᠠᠢᠯ᠎ᠠ᠃  
       ᠪᠢ ᠲᠠᠨ ᠤ᠋ ᠦᠭᠡ ᠶ᠋ᠢ ᠢᠲᠡᠭᠡᠬᠦ ᠦᠭᠡᠢ ᠪᠠᠢᠨ᠎ᠠ᠂ ᠬᠥᠮᠦᠰ ᠲᠡᠭᠦᠨ ᠢ᠋ ᠵᠦᠭᠡᠷ ᠴᠦ᠍ ᠦᠭᠡᠢ ᠪᠠᠯᠳᠠᠨᠴᠡᠷᠢᠩ ᠬᠦᠩ ᠭᠡᠳᠡᠭ ᠶᠦᠮ ᠰᠠᠨ ᠭᠡᠬᠦ ᠳ᠋ᠦ᠍᠄  
       — ᠮᠥᠨ᠂ ᠮᠥᠨ᠂ ᠲᠡᠷᠡ ᠴᠢᠨᠢ ᠥᠪᠡᠷ ᠢ᠋ ᠪᠡᠨ ᠬᠦᠩ ᠭᠡᠵᠦ ᠵᠠᠷᠯᠠᠬᠤ ᠪᠠᠢᠲᠤᠭᠠᠢ᠂ ᠸᠠᠩ ᠪᠣᠯᠭᠠᠨ ᠡᠷᠭᠦᠮᠵᠢᠯᠡᠬᠦ ᠡᠴᠡ ᠪᠤᠴᠠᠬᠤ ᠦᠭᠡᠢ ᠰᠠᠭᠰᠠᠭᠤ ᠠᠮᠢᠲᠠᠨ ᠭᠡᠵᠦ ᠠᠮᠠᠨ ᠳᠣᠲᠣᠷ᠎ᠠ ᠪᠠᠨ ᠪᠤᠪᠠᠲᠤᠨᠠᠨ᠂ ᠨᠢᠯᠪᠤᠰᠤ ᠪᠠᠨ ᠠᠷᠴᠢᠭᠰᠠᠨ ᠬᠠᠯᠠᠭᠤᠨ ᠨᠢᠳᠤᠷᠭ᠎ᠠ ᠪᠠᠨ ᠰᠢᠷᠲᠡᠨ᠎ᠡ᠃  
       ᠣᠶᠤᠨᠳᠠᠷᠢ ᠡᠬᠡᠨᠡᠷ ᠦ᠋ᠨ ᠦᠭᠡ ᠶ᠋ᠢ ᠰᠢᠭᠤᠳ ᠢᠲᠡᠭᠡᠬᠦ ᠰᠡᠳᠬᠢᠯ ᠲᠥᠷᠥᠨ ᠳᠣᠲᠣᠷ᠎ᠠ ᠨᠢ ᠬᠠᠷᠠᠩᠭᠤᠢᠯᠠᠪᠠ᠃ ᠮᠣᠳᠣ ᠮᠡᠲᠦ ᠬᠥᠰᠢᠨ᠂ ᠨᠢᠳᠦ ᠪᠡᠨ ᠴᠦ᠍ ᠴᠠᠪᠴᠢᠬᠤ ᠲᠡᠩᠬᠡᠯ ᠦᠭᠡᠢ ᠪᠣᠯᠵᠤ ᠪᠠᠢᠬᠤ ᠳ᠋ᠤ᠌ ᠡᠬᠡᠨᠡᠷ ᠬᠠᠵᠠᠭᠤ ᠠ᠋ᠴᠠ ᠨᠢ᠄  
       — ᠴᠢ ᠮᠡᠳᠡᠵᠦ ᠪᠠᠢᠨ᠎ᠠ ᠤᠤ? ᠲᠡᠷᠡ ᠴᠢᠨᠢ ᠬᠥᠮᠦᠨ ᠪᠢᠰᠢ᠂ ᠬᠥᠮᠦᠨ ᠦ᠌ ᠬᠤᠪᠢ ᠵᠠᠶᠠᠭ᠎ᠠ ᠶ᠋ᠢ ᠪᠤᠵᠠᠷᠯᠠᠨ ᠬᠣᠣᠷᠯᠠᠭᠴᠢ᠂ ᠬᠤᠳᠠᠯ ᠭᠡᠪᠡᠯ ᠴᠢ  ᠬᠠᠷᠠ ᠨᠠᠮᠠᠶ᠋ᠢ᠂ ᠬᠣᠶᠠᠷ ᠬᠡᠦᠬᠡᠳ ᠨᠢ ᠲᠡᠷᠡ ᠪᠠᠢᠨ᠎ᠠ᠂ ᠬᠥᠮᠦᠨ ᠢ᠋ ᠡᠢᠮᠦ ᠪᠣᠯᠭᠠᠵᠤ ᠣᠷᠬᠢᠭᠠᠳ ᠬᠠᠶᠠᠨ ᠠᠯᠠᠭ᠎ᠠ ᠪᠣᠯᠳᠠᠭ ᠬᠥᠮᠦᠨ ᠡᠨᠡ ᠬᠣᠷᠸ᠎ᠠ ᠳ᠋ᠤ᠌ ᠪᠠᠢᠬᠤ ᠤᠤ? ᠪᠢ ᠨᠢᠭᠡ ᠠᠢᠯ ᠤ᠋ᠨ ᠬᠡᠦᠬᠡᠨ ᠤᠷᠤᠭᠤ ᠶᠠᠪᠤᠳᠠᠭ ᠪᠣᠯᠤᠭᠰᠠᠨ ᠢ᠋ ᠨᠢ ᠲᠤᠭᠤᠯᠤᠭᠰᠠᠨ ᠶᠤᠮ᠃ ᠢᠩᠭᠢᠬᠦ ᠳ᠋ᠦ᠍ ᠲᠡᠷᠡ ᠡᠮᠡᠭᠲᠡᠢ ᠨᠢ ᠴᠢ ᠪᠠᠢᠵᠠᠢ᠃ ᠨᠢᠭᠡ ᠮᠡᠳᠡᠬᠦ ᠳ᠋ᠦ᠍ ᠴᠢᠮᠠᠶ᠋ᠢ ᠮᠥᠨ ᠬᠠᠶᠠᠨ᠎ᠠ᠂ ᠢᠩᠭᠢᠬᠦ ᠳ᠋ᠡᠭᠡᠨ ᠬᠡᠪᠡᠯᠢ ᠳ᠋ᠦ᠍ ᠴᠢᠨᠢ ᠬᠡᠦᠬᠡᠳ ᠲᠡᠢ ᠪᠣᠯᠭᠠᠵᠤ ᠬᠠᠶᠠᠨ᠎ᠠ ᠰᠢᠦ᠂ ᠠ᠋ ᠴᠢ ᠬᠠᠶᠠ! ᠤᠷᠢᠲᠠᠭᠠᠳ ᠬᠠᠶᠠ! ᠨᠢᠭᠤᠷ ᠤᠷᠤᠭᠤ ᠨᠢ ᠰᠢᠷᠣᠢ ᠰᠠᠴᠤᠵᠤ ᠲᠣᠯᠣᠭᠠᠢ ᠳ᠋ᠤᠨᠢ ᠰᠢᠨᠠᠭ᠎ᠠ ᠤᠰᠤ ᠰᠠᠴᠤᠭᠠᠳ ᠬᠥᠬᠡᠭᠡ! ᠢᠩᠭᠢᠪᠡᠯ ᠴᠢ ᠡᠴᠦᠰ ᠲᠡᠭᠡᠨ ᠭᠤᠨᠢᠬᠤ ᠦᠭᠡᠢ᠂ ᠦᠷ᠎ᠡ ᠬᠡᠦᠬᠡᠳ ᠦᠭᠡᠢ ᠳᠠᠩ ᠪᠡᠶ᠎ᠡ ᠪᠠᠢᠭᠰᠠᠨ ᠢ᠋ᠶ᠋ᠠᠷ ᠢ᠋ᠶ᠋ᠠᠨ ᠴᠢ ᠨᠢᠭᠡ ᠮᠡᠳᠡᠬᠦ ᠳ᠋ᠦ᠍ ᠬᠤᠪᠢ ᠵᠠᠶᠠᠭᠠᠨ ᠤ᠋ ᠪᠠᠨ ᠡᠷ᠎ᠡ ᠳ᠋ᠦ᠍ ᠣᠴᠢᠬᠤ ᠴᠢᠨᠢ ᠮᠠᠭᠠᠳ ᠰᠢᠦ᠃ ᠡᠭᠦᠨ ᠢ᠋ ᠪᠢ ᠴᠢᠮ᠎ᠠ ᠳ᠋ᠤ᠌ ᠬᠠᠷ᠎ᠠ ᠬᠣᠣᠷ ᠤ᠋ᠨ ᠰᠡᠳᠬᠢᠯ ᠡᠴᠡ ᠬᠡᠯᠡᠵᠦ ᠪᠠᠢᠭ᠎ᠠ ᠪᠢᠰᠢ᠃ ᠡᠮᠡᠭᠲᠡᠢ ᠪᠢᠳᠡᠨ ᠦ᠌ ᠬᠤᠪᠢ ᠵᠠᠶᠠᠭ᠎ᠠ ᠨᠢᠭᠡᠨ ᠠᠳᠠᠯᠢ ᠳᠣᠷᠣᠢ ᠪᠠᠢᠳᠠᠭ ᠦᠭᠡᠢ ᠪᠣᠯᠪᠠᠴᠤ ᠪᠢ ᠬᠥᠭᠡᠭᠡᠭᠡᠳ ᠡᠴᠦᠰ ᠲᠦ᠋ᠨᠢ ᠡᠴᠢᠭᠡ ᠡᠬᠡ ᠶ᠋ᠢᠨ ᠢ᠋ᠶ᠋ᠡᠨ ᠭᠡᠷ ᠣᠷᠣᠨ ᠢ᠋ ᠪᠠᠷᠠᠳᠠᠨ ᠰᠠᠯᠬᠤ ᠮᠢᠨᠢ᠁ ᠭᠡᠬᠦ ᠮᠡᠲᠦ ᠶᠠᠭᠤᠮᠠᠰ ᠢ᠋ ᠬᠥᠪᠦᠷᠡᠯᠳᠦᠭᠦᠯᠦᠨ ᠶᠠᠷᠢᠭᠰᠠᠭᠠᠷ ᠯᠠ ᠪᠠᠢᠪᠠ᠃ ᠣᠶᠤᠨᠳᠠᠷᠢ ᠨᠢᠭᠡ ᠴᠦ᠍ ᠦᠭᠡ ᠳᠤᠤᠭᠠᠷᠤᠭᠰᠠᠨ ᠦᠭᠡᠢ᠃ ᠰᠡᠳᠬᠢᠯ ᠳ᠋ᠦ᠍ᠨᠢ ᠵᠥᠪᠬᠡᠨ《 ᠨᠠᠮᠠᠶ᠋ᠢ ᠠᠪᠤᠷᠠᠬᠤ ᠶᠠᠭᠤᠮ᠎ᠠ ᠶᠠᠭᠤ ᠴᠦ᠍ ᠠᠯᠠᠭ᠎ᠠ》 ᠭᠡᠳᠡᠭ ᠪᠣᠳᠣᠯ ᠡᠷᠭᠢᠯᠳᠦᠵᠦ ᠪᠠᠢᠭᠰᠠᠨ ᠪᠥᠭᠡᠳ ᠬᠥᠯ ᠨᠢ ᠲᠡᠨᠳᠡ ᠡᠴᠡ ᠥᠪᠡᠷ ᠢ᠋ᠶ᠋ᠡᠨ ᠬᠥᠳᠡᠯᠦᠨ ᠭᠠᠷᠭᠠᠵᠠᠢ᠃ 
       ᠬᠠᠰᠢᠶᠠᠨ ᠤ᠋ ᠬᠠᠭᠠᠯᠭ᠎ᠠ ᠪᠠᠷ ᠵᠢᠰᠦ ᠴᠢᠷᠠᠢ ᠵᠢᠭᠲᠡᠢᠬᠡᠨ ᠤᠷᠤᠭᠤ ᠳᠣᠷᠣᠢ᠂ ᠣᠢ ᠭᠠᠰᠢᠭᠤᠨ ᠳ᠋ᠤ᠌ ᠳᠠᠷᠤᠭᠳᠠᠨ ᠭᠠᠷᠴᠤ ᠢᠷᠡᠬᠦ ᠳ᠋ᠦ᠍ᠨᠢ ᠲᠦᠪᠰᠢᠨ᠄ ᠬᠡᠷᠡᠭ ᠵᠣᠷᠢᠭ ᠨᠢ ᠡᠰᠡ ᠪᠦᠲᠦᠭᠰᠡᠨ ᠢ᠋ ᠳᠠᠷᠤᠢ ᠮᠡᠳᠡᠪᠡ᠃ ᠲᠡᠷᠭᠡᠨ ᠳ᠋ᠡᠭᠡᠨ ᠡᠯᠡᠢ ᠪᠠᠯᠠᠢ ᠬᠥᠮᠦᠨ ᠦ᠌ ᠪᠠᠢᠳᠠᠯ ᠢ᠋ᠶ᠋ᠠᠷ ᠭᠤᠢᠪᠢᠯᠠᠨ ᠠᠪᠠᠷᠢᠵᠤ ᠰᠠᠭᠤᠬᠤ ᠳ᠋ᠤᠨᠢ ᠭᠠᠢᠬᠠᠨ ᠮᠡᠯᠡᠷᠡᠭᠰᠡᠨ ᠪᠥᠭᠡᠳ ᠪᠠᠯᠳᠠᠨᠴᠡᠷᠢᠩ ᠢ᠋ ᠭᠠᠷᠴᠤ ᠢᠷᠡᠨ ᠦᠳᠡᠬᠦ ᠪᠣᠯᠪᠠ ᠤᠤ ᠭᠡᠬᠦ ᠳ᠋ᠡᠭᠡᠨ ᠬᠠᠰᠢᠶᠠᠨ ᠤ᠋ ᠬᠠᠭᠠᠯᠭ᠎ᠠ ᠶ᠋ᠢ ᠰᠢᠷᠲᠡᠨ ᠬᠦᠯᠢᠶᠡᠪᠡ᠃ ᠣᠶᠤᠨᠳᠠᠷᠢ ᠶ᠋ᠢᠨ ᠶᠠᠪᠤᠶ᠎ᠠ ᠳᠠ ᠭᠡᠵᠦ ᠰᠠᠨᠠᠭ᠎ᠠ ᠠᠯᠲᠠᠨ ᠬᠡᠯᠡᠬᠦ ᠳ᠋ᠦ᠍᠂ ᠮᠣᠷᠢᠨ ᠤ᠋ ᠪᠠᠨ  ᠵᠢᠯᠣᠭᠣ ᠶ᠋ᠢ ᠬᠣᠢᠰᠢ ᠲᠡᠳᠡᠨ ᠳᠤᠭᠲᠤᠷᠴᠤ《ᠴᠤᠤ》 ᠭᠡᠵᠦ ᠬᠡᠯᠡᠯ᠎ᠡ᠃ ᠮᠣᠷᠢ ᠳᠤᠷᠠᠮᠵᠢᠬᠠᠨ ᠢ᠋ᠶ᠋ᠠᠷ ᠬᠥᠳᠡᠯᠦᠨ ᠠᠭᠠᠵᠢᠭᠤᠬᠠᠨ ᠠᠯᠬᠤᠯᠠᠪᠠ᠃ ᠲᠦᠪᠰᠢᠨ ᠴᠦ᠍ ᠬᠤᠷᠳᠤᠯᠠᠬᠤ ᠶ᠋ᠢ ᠪᠣᠳᠣᠭᠰᠠᠨ ᠦᠭᠡᠢ᠂《ᠦᠭᠡᠢ ᠬᠡᠦᠬᠡᠨ ᠠ᠋ ᠶᠠᠭᠤ ᠪᠣᠯᠪᠠ ᠳᠠ》 ᠭᠡᠵᠦ ᠠᠰᠠᠭᠤᠨ ᠡᠷᠭᠢᠨ ᠬᠠᠷᠠᠬᠤ ᠶ᠋ᠢ ᠵᠠᠪᠳᠤᠭᠰᠠᠨ ᠢ᠋ᠶ᠋ᠠᠨ᠂ ᠣᠶᠤᠨᠳᠠᠷᠢ ᠶ᠋ᠢᠨ ᠣᠢ ᠭᠠᠰᠢᠭᠤᠨ ᠳ᠋ᠤ᠌ ᠳᠠᠷᠤᠭᠳᠠᠭᠰᠠᠨ ᠴᠢᠷᠠᠢ ᠶ᠋ᠢ ᠳᠠᠬᠢᠨ ᠬᠠᠷᠠᠬᠤ ᠠ᠋ᠴᠠ ᠪᠠᠨ ᠬᠠᠯᠠᠰᠢᠷᠠᠨ ᠪᠣᠯᠢᠪᠠ᠃ ᠠᠷᠤ ᠳ᠋ᠤᠨᠢ ᠣᠶᠤᠨᠳᠠᠷᠢ ᠬᠡᠮᠵᠢᠶ᠎ᠡ ᠦᠭᠡᠢ ᠢᠲᠡᠭᠡᠭᠰᠡᠨ ᠭᠠᠭᠴᠠ ᠭᠣᠷᠢᠳᠠᠯᠭ᠎ᠠ ᠪᠠᠨ ᠪᠦᠷᠢᠮᠦᠰᠦᠨ ᠪᠠᠯᠠᠷᠠᠭᠰᠠᠨ ᠤ᠋ ᠬᠤᠪᠢ ᠳ᠋ᠤ᠌ ᠪᠦᠬᠦ ᠲᠡᠩᠬᠡᠯ ᠨᠢᠭᠡᠮᠦᠰᠦᠨ ᠠᠯᠳᠠᠷᠠᠵᠤ ᠨᠢᠳᠦ ᠪᠡᠨ ᠴᠦ᠍ ᠴᠠᠪᠴᠢᠬᠤ ᠰᠡᠭᠡᠭᠡ ᠦᠭᠡᠢ ᠪᠣᠯᠤᠭᠰᠠᠨ ᠪᠠᠢᠯ᠎ᠠ᠃ 
       ᠮᠣᠷᠢ ᠲᠡᠷᠭᠡ ᠶᠡᠷᠦ ᠬᠤᠷᠳᠤᠯᠠᠬᠤ ᠦᠭᠡᠢ ᠶᠠᠪᠤᠭᠰᠠᠭᠠᠷ  ᠺᠣᠨᠰᠣᠯ ᠳᠡᠨᠵᠢ ᠬᠦᠷᠪᠡ᠃ ᠥᠭᠡᠳᠡ ᠠᠪᠠᠷᠢᠬᠤ ᠳ᠋ᠠᠭᠠᠨ ᠪᠦᠷ ᠠᠭᠠᠵᠢᠭᠤᠬᠠᠨ ᠦᠶ᠎ᠡ ᠦᠶ᠎ᠡ ᠵᠣᠭᠰᠣᠴᠢᠬᠠᠬᠤ ᠰᠢᠬᠠᠪᠠ᠃  
       ᠶᠠᠭ ᠡᠨᠡ ᠦᠶ᠎ᠡ ᠪᠡᠷ ᠣᠶᠤᠨᠳᠠᠷᠢ ᠳ᠋ᠤ᠌᠂ ᠡᠷ᠎ᠡ ᠳ᠋ᠡᠭᠡᠨ ᠬᠠᠶᠠᠭᠳᠠᠭᠰᠠᠨ ᠬᠥᠭᠡᠷᠦᠬᠦᠢ ᠡᠬᠡᠨᠡᠷ᠂ ᠲᠡᠭᠦᠨ ᠭᠤᠨᠢᠨ ᠭᠤᠲᠤᠷᠠᠬᠤ ᠳ᠋ᠤ᠌ ᠳᠠᠷᠤᠭᠳᠠᠭᠰᠠᠨ ᠴᠢᠷᠠᠢ᠂ ᠬᠣᠶᠠᠷ ᠨᠢᠯᠬ᠎ᠠ ᠬᠡᠦᠬᠡᠳ᠁ ᠶᠠᠭᠤᠲᠠᠢ ᠬᠦᠦᠲᠡᠢ ᠪᠡᠨ ᠰᠡᠳᠬᠢᠯ ᠳ᠋ᠦ᠍ ᠣᠷᠣᠵᠤ ᠢᠷᠡᠨ᠂ ᠨᠢᠳᠦᠨ ᠳ᠋ᠦ᠍ ᠲᠤᠰᠬᠤ ᠠᠵᠢ᠃ ᠲᠡᠭᠦᠨ ᠢ᠋ ᠣᠶᠤᠨᠳᠠᠷᠢ ᠦᠷᠦ ᠡᠪᠡᠳᠦᠯ᠎ᠡ᠃ ᠲᠡᠭᠦᠨ ᠢ᠋ ᠲᠥᠯᠥᠭᠡᠯᠡᠨ ᠪᠠᠯᠳᠠᠨᠴᠡᠷᠢᠩ ᠢ᠋ ᠴᠢᠩ ᠰᠡᠳᠬᠢᠯ ᠡᠴᠡ ᠪᠡᠨ ᠵᠢᠭᠰᠢᠨ ᠵᠠᠨᠤᠯ᠎ᠠ᠃ ᠭᠡᠲᠡᠯ᠎ᠡ ᠲᠡᠷᠡ ᠡᠮᠡᠭᠲᠡᠢ ᠶ᠋ᠢᠨ ᠭᠤᠨᠢᠭᠲᠤ ᠶᠠᠪᠤᠳᠠᠯ ᠶᠡᠷᠦ ᠨᠢᠭᠡᠨ ᠬᠥᠮᠦᠨ ᠦ᠌ ᠶᠠᠪᠤᠳᠠᠯ ᠪᠢᠰᠢ᠂ ᠬᠠᠷᠢᠨ ᠮᠣᠩᠭᠣᠯ ᠡᠮᠡᠭᠲᠡᠢ ᠪᠦᠷᠢ ᠶ᠋ᠢᠨ ᠬᠤᠪᠢ ᠵᠠᠶᠠᠭ᠎ᠠ ᠮᠥᠨ ᠪᠠᠢᠬᠤ ᠲᠤᠯᠠ᠂ ᠣᠶᠤᠨᠳᠠᠷᠢ᠂《ᠨᠠᠳᠠ ᠳ᠋ᠤ᠌ ᠠᠮᠢᠳᠤᠷᠠᠬᠤ ᠪᠠ ᠠᠮᠢᠳᠤ ᠶᠠᠪᠤᠬᠤ ᠶ᠋ᠢ ᠬᠦᠰᠡᠭᠰᠡᠨ ᠠᠮᠢ ᠪᠡᠶ᠎ᠡ ᠪᠡᠨ ᠬᠠᠢᠷᠠᠯᠠᠬᠤ ᠶ᠋ᠢᠨ ᠬᠡᠷᠡᠭ ᠶᠠᠭᠤ ᠪᠣᠢ?》 ᠭᠡᠳᠡᠭ ᠠᠰᠠᠭᠤᠳᠠᠯ ᠢ᠋ ᠥᠪᠡᠷ ᠲᠡᠭᠡᠨ ᠲᠠᠯᠪᠢᠪᠠ᠃ ᠡᠨᠡ ᠵᠠᠭᠤᠷ᠎ᠠ ᠮᠣᠷᠢ ᠲᠡᠷᠭᠡ ᠳᠡᠨᠵᠢ ᠳᠡᠭᠡᠷ᠎ᠡ ᠭᠠᠷᠤᠭᠠᠳ ᠰᠦᠷᠡᠬᠡᠢ ᠪᠡᠬᠡ ᠪᠠᠷᠢᠭᠳᠠᠭᠰᠠᠨ ᠲᠤᠢᠫᠤᠤ ᠶ᠋ᠢᠨ ᠬᠡᠷᠡᠮᠡᠨ ᠬᠠᠰᠢᠶᠠᠨ ᠤ᠋ ᠤᠷᠳᠤᠭᠤᠷ ᠣᠷᠣᠨ ᠶᠠᠪᠤᠵᠤ ᠪᠠᠢᠯ᠎ᠠ᠃ ᠡᠨᠡ ᠪᠣᠯ ᠠᠮᠧᠷᠢᠺᠠ ᠶ᠋ᠢᠨ ᠨᠢᠭᠡᠨ ᠲᠣᠮᠣ ᠫᠦᠰᠡ ᠶ᠋ᠢᠨ ᠪᠠᠷᠠᠭ᠎ᠠ ᠠᠭᠤᠯᠬᠤ ᠭᠠᠵᠠᠷ᠃ ᠳᠣᠲᠣᠷ᠎ᠠ ᠨᠢ ᠨᠢᠭᠡ ᠳᠡᠯᠭᠡᠭᠦᠷ ᠪᠠᠢᠳᠠᠭ ᠪᠥᠭᠡᠳ ᠣᠳᠣ ᠣᠶᠤᠨᠳᠠᠷᠢ ᠲᠡᠷᠡ ᠳᠡᠯᠭᠡᠭᠦᠷ ᠲᠦ᠍ ᠣᠷᠣᠭᠰᠠᠨ ᠬᠥᠮᠦᠨ ᠪᠦᠷᠢ《ᠬᠥᠮᠦᠨ ᠦ᠌ ᠬᠠᠷ᠎ᠠ ᠨᠢᠳᠦᠨ ᠡᠴᠡ ᠪᠤᠰᠤᠳ ᠶᠠᠭᠤᠮ᠎ᠠ ᠪᠦᠬᠦᠨ ᠪᠠᠢᠨ᠎ᠠ》 ᠭᠡᠵᠦ ᠱᠠᠭᠰᠢᠨ ᠬᠡᠯᠡᠯᠴᠡᠳᠡᠭ ᠢ᠋ ᠰᠠᠨᠠᠪᠠ᠃  
       — ᠠᠯᠢ᠂ ᠲᠦᠪᠰᠢᠨ ᠭᠤᠸᠠᠢ᠂ ᠲᠠ ᠡᠨᠳᠡ ᠵᠣᠭᠰᠣᠨ᠎ᠠ ᠤᠤ? ᠪᠢ ᠡᠨᠳᠡᠬᠢ ᠶ᠋ᠢᠨ ᠳᠡᠯᠭᠡᠭᠦᠷ ᠲᠦ᠍ ᠨᠢᠭᠡ ᠣᠷᠣᠵᠤ ᠦᠵᠡᠶ᠎ᠡ ᠭᠡᠬᠦ ᠳ᠋ᠦ᠍᠂ ᠲᠦᠪᠰᠢᠨ᠂ 
       — ᠠ ᠲᠡᠭᠡ ᠬᠡᠦᠬᠡᠨ ᠠ᠋᠃ ᠡᠨᠳᠡ ᠴᠢᠨᠢ ᠶᠣᠰᠣᠲᠠᠢ ᠬᠥᠮᠦᠨ ᠦ᠌ ᠬᠠᠷ᠎ᠠ ᠨᠢᠳᠦᠨ ᠡᠴᠡ ᠪᠤᠰᠤᠳ ᠨᠢ ᠪᠠᠢᠳᠠᠭ ᠭᠠᠵᠠᠷ ᠭᠡᠵᠦ ᠰᠠᠨᠠᠭ᠎ᠠ ᠰᠡᠳᠬᠢᠯ ᠰᠡᠷᠭᠦᠬᠦ ᠪᠣᠯᠪᠠ ᠤᠤ ᠭᠡᠬᠦ ᠳ᠋ᠡᠭᠡᠨ ᠣᠷᠢᠶᠠᠯᠭᠠᠨ ᠢ᠋ᠶ᠋ᠠᠷ ᠬᠡᠯᠡᠨ᠂ ᠮᠣᠷᠢᠨ ᠤ᠋ ᠪᠠᠨ ᠠᠮᠠ ᠶ᠋ᠢ ᠲᠠᠲᠠᠯ᠎ᠠ᠃ ᠣᠶᠤᠨᠳᠠᠷᠢ ᠲᠡᠷᠭᠡᠨ ᠡᠴᠡ ᠪᠠᠭᠤᠨ ᠬᠠᠰᠢᠶᠠᠨ ᠤ᠋ ᠳᠡᠯᠭᠡᠰᠦᠲᠡᠢ ᠪᠠᠢᠭ᠎ᠠ ᠶᠡᠬᠡ ᠬᠠᠭᠠᠯᠭ᠎ᠠ ᠪᠠᠷ ᠣᠷᠣᠨ ᠵᠡᠭᠦᠨ ᠬᠣᠢᠰᠢ ᠡᠷᠭᠢᠨ ᠥᠨᠳᠥᠷ ᠴᠢᠯᠠᠭᠤᠨ ᠲᠣᠪᠴᠢᠶᠠᠨ ᠳᠡᠭᠡᠷ᠎ᠡ ᠪᠠᠷᠢᠭᠳᠠᠭᠰᠠᠨ ᠲᠣᠮᠣ ᠳ᠋ᠦᠨᠵᠡᠨ ᠪᠠᠢᠰᠢᠩ ᠳ᠋ᠤ᠌ ᠣᠷᠣᠪᠠ᠃ 
       ᠡᠨᠡ ᠫᠦᠰᠡ ᠦᠨᠡᠬᠡᠷ ᠰᠣᠨᠢᠨ᠂ ᠦᠨᠦᠷ ᠲᠠᠨᠢᠷ ᠠ᠋ᠴᠠ ᠠᠪᠤᠭᠠᠳ ᠳᠡᠯᠭᠡᠭᠰᠡᠨ ᠲᠠᠯᠪᠢᠭᠰᠠᠨ ᠶᠠᠭᠤᠮᠠᠰ ᠴᠥᠮ ᠪᠤᠰᠤᠳ ᠫᠦᠰᠡ ᠨᠦ᠍ᠭᠦᠳ ᠡᠴᠡ ᠲᠠᠰᠤ ᠥᠭᠡᠷ᠎ᠡ᠂ ᠧᠦ᠋ᠷᠣᠫᠠ ᠮᠠᠶᠢᠭ ᠤ᠋ᠨ ᠡᠷᠡᠭᠲᠡᠢ᠂ ᠡᠮᠡᠭᠲᠡᠢ ᠬᠥᠮᠦᠨ ᠦ᠌ ᠪᠡᠯᠡᠨ ᠬᠤᠪᠴᠠᠰᠤ ᠨᠤᠭᠤᠳ᠂ ᠤᠨᠤᠳᠠᠭ ᠳᠤᠭᠤᠢ᠂ ᠣᠶᠣᠳᠠᠯ ᠤ᠋ᠨ ᠮᠠᠰᠢᠨ᠂ ᠰᠦᠨ ᠦ᠌ ᠮᠠᠰᠢᠨ᠂ ᠪᠤᠰᠤᠳ ᠡᠷᠭᠢ ᠱᠤᠷᠠᠭ ᠢ᠋ᠶ᠋ᠠᠷ ᠪᠦᠷᠢᠯᠳᠦᠭᠰᠡᠨ ᠪᠠᠭᠠᠵᠢ ᠬᠡᠷᠡᠭᠰᠡᠯ᠂ ᠲᠣᠭ᠎ᠠ ᠪᠠᠷ ᠨᠢ ᠰᠥᠨᠢ ᠶ᠋ᠢᠨ ᠬᠠᠷᠠᠩᠭᠤᠢ ᠳ᠋ᠤ᠌ ᠴᠢᠳᠬᠥᠷ ᠦ᠋ᠨ ᠭᠠᠯ ᠤ᠋ᠨ ᠥᠩᠭᠡ ᠪᠡᠷ ᠲᠣᠳᠣᠬᠠᠨ ᠬᠠᠷᠠᠭᠳᠠᠳᠠᠭ ᠡᠩᠭᠡᠷ ᠦ᠋ᠨ ᠴᠠᠭ᠂ ᠤᠷᠲᠤ ᠪᠣᠭᠣᠨᠢ ᠬᠣᠶᠠᠷ ᠵᠠᠬ᠎ᠠ ᠶ᠋ᠢᠨ ᠬᠢᠨᠢ ᠭᠣᠣᠯ ᠢ᠋ ᠪᠤᠷᠵᠠᠭᠠᠷ ᠦᠰᠦ ᠲᠡᠢ᠂ ᠲᠠᠰᠤ ᠬᠠᠷ᠎ᠠ ᠴᠢᠷᠠᠢ ᠲᠠᠢ ᠬᠥᠮᠦᠨ ᠦ᠌ ᠬᠠᠮᠠᠷ ᠳᠡᠭᠡᠷ᠎ᠡ ᠨᠢ ᠰᠢᠭᠢᠳᠬᠡᠨ ᠦᠢᠯᠡᠳᠦᠭᠰᠡᠨ ᠰᠢᠷᠡᠭᠡᠨ ᠦ᠌ ᠠᠶᠠᠭᠠᠨ ᠴᠠᠭ᠁ ᠶᠣᠰᠣᠲᠠᠢ ᠳᠣᠯᠣᠭᠠᠨ ᠰᠢᠳᠢ ᠶ᠋ᠢᠨ ᠶᠠᠭᠤᠮᠠᠰ ᠡᠨᠳᠡ ᠪᠠᠢᠭ᠎ᠠ ᠦᠵᠡᠭᠳᠡᠨ᠎ᠡ᠃ ᠭᠡᠪᠡᠴᠦ ᠡᠳᠡᠭᠡᠷ ᠢ᠋ ᠣᠶᠤᠨᠳᠠᠷᠢ ᠰᠣᠨᠢᠷᠬᠠᠭᠰᠠᠨ ᠦᠭᠡᠢ᠂ ᠵᠥᠪᠬᠡᠨ ᠨᠢᠳᠦ ᠳᠤᠰᠬᠠᠨ ᠥᠩᠭᠡᠷᠡᠭᠡᠳ ᠶᠠᠩᠵᠤ ᠪᠦᠷᠢ ᠶ᠋ᠢᠨ ᠠᠩ ᠤ᠋ᠨ ᠫᠤᠤ᠂ ᠴᠢᠨᠣ᠎ᠠ ᠦᠨᠡᠭᠡᠨ ᠦ᠌ ᠬᠠᠪᠬ᠎ᠠ᠂ ᠭᠤᠷ᠎ᠠ ᠶ᠋ᠢᠨ ᠡᠪᠡᠷ ᠪᠠᠷᠢᠭᠤᠯ ᠲᠠᠢ ᠤᠷᠲᠤ ᠪᠣᠭᠣᠨᠢ ᠬᠢᠲᠤᠭ᠎ᠠ᠂ ᠡᠪᠬᠡᠮᠡᠯ ᠲᠣᠩᠭᠣᠷᠠᠭ ᠮᠡᠲᠦ ᠶ᠋ᠢ ᠬᠤᠳᠠᠯᠳᠤᠬᠤ ᠬᠡᠰᠡᠭ ᠦ᠋ᠨ ᠡᠮᠦᠨ᠎ᠡ ᠣᠴᠢᠯ᠎ᠠ᠃ ᠲᠡᠭᠡᠭᠡᠳ ᠪᠠᠨᠲᠠᠩ ᠤ᠋ᠨ ᠰᠢᠯᠦᠨ ᠬᠠᠪᠬᠠᠭ ᠲᠠᠢ ᠬᠠᠢᠷᠴᠠᠭ ᠤᠷᠤᠭᠤ ᠨᠢᠳᠦ ᠲᠤᠰᠬᠠᠨ ᠠᠵᠢᠬᠤ ᠳ᠋ᠤ᠌᠂ ᠳᠣᠲᠣᠷ᠎ᠠ ᠨᠢ ᠶᠡᠬᠡ ᠪᠠᠭ᠎ᠠ ᠬᠡᠮᠵᠢᠶᠡᠨ ᠦ᠌ ᠭᠠᠷ ᠫᠤᠤ᠂ ᠶᠠᠩᠵᠤ ᠪᠦᠷᠢ ᠶ᠋ᠢᠨ ᠫᠤᠤ ᠶ᠋ᠢᠨ ᠰᠤᠮᠤ᠂ ᠬᠣᠩᠬᠢᠶ᠎ᠠ᠂ ᠳᠠᠷᠢ᠂ ᠲᠤᠭᠤᠯᠭ᠎ᠠ᠂ ᠵᠢᠭᠠᠰᠤᠨ ᠤ᠋ ᠮᠠᠲᠠᠭᠠᠷ ᠳᠡᠭᠡᠭᠡ ᠨᠦ᠍ᠭᠦᠳ ᠪᠠᠰᠠ ᠪᠤᠰᠤᠳ ᠢ᠋ ᠶᠠᠩᠵᠤ ᠣᠷᠣᠭᠤᠯᠤᠨ ᠦᠷᠦᠭᠰᠡᠨ ᠦ᠌ ᠳᠤᠮᠳᠠ ᠨᠢᠭᠤᠷ ᠳᠡᠭᠡᠷ᠎ᠡ ᠪᠡᠨ ᠪᠤᠲᠠ ᠮᠠᠯ ᠤ᠋ᠨ ᠰᠡᠭ ᠦ᠋ᠨ ᠳᠡᠭᠡᠷ᠎ᠡ ᠰᠤᠨᠤᠨ  ᠤᠨᠠᠭᠰᠠᠨ ᠣᠯᠠᠨ  ᠴᠢᠨᠣ᠎ᠠ ᠶ᠋ᠢᠨ ᠵᠢᠷᠤᠭ ᠲᠠᠢ ᠴᠠᠭᠠᠰᠤᠨ ᠬᠠᠢᠷᠴᠠᠭ ᠵᠢᠷᠤᠭ ᠶᠠᠭᠤᠮ᠎ᠠ ᠭᠤᠷᠪᠠ ᠪᠠᠢᠯ᠎ᠠ᠃  ᠭᠡᠲᠡᠯ᠎ᠡ ᠣᠳᠣ ᠣᠶᠤᠨᠳᠠᠷᠢ ᠲᠡᠭᠦᠨ ᠢ᠋ ᠯᠡ ᠱᠣᠬᠣᠭᠣᠷᠬᠠᠨ ᠰᠢᠷᠲᠡᠬᠦ ᠠᠵᠢ᠃ ᠪᠠᠨᠲᠠᠩ ᠤ᠋ᠨ  ᠨᠥᠭᠥᠭᠡᠳᠡᠬᠢ  ᠳᠠᠭᠠᠷᠠᠩ ᠰᠢᠭ᠋ ᠪᠠᠷᠪᠠᠭᠠᠷ ᠨᠣᠣᠰᠣᠨ ᠡᠳ᠋ ᠢ᠋ᠶ᠋ᠡᠷ ᠬᠢᠭᠳᠡᠭᠰᠡᠨ ᠵᠠᠳᠠᠭᠠᠢ ᠡᠩᠭᠡᠷ ᠲᠡᠢ ᠰᠠᠭᠠᠷᠠᠯ ᠬᠦᠷᠮ᠎ᠡ ᠮᠠᠶᠢᠭ ᠤ᠋ᠨ ᠵᠠᠬ᠎ᠠ ᠡᠷᠭᠢᠮᠡᠯ ᠰᠤᠳᠠᠯ ᠲᠠᠢ ᠴᠡᠩᠬᠡᠷ ᠲᠥᠪᠡᠳ ᠴᠠᠮᠴᠠ ᠲᠠᠢ ᠪᠥᠭᠡᠳ ᠲᠡᠭᠦᠨ ᠳ᠋ᠡᠭᠡᠨ ᠮᠣᠭᠠᠢ ᠶ᠋ᠢᠨ ᠡᠷᠢᠶᠡᠨ ᠵᠠᠩᠭᠢᠶ᠎ᠠ ᠶ᠋ᠢ ᠡᠷᠡᠦ ᠳᠣᠣᠷ᠎ᠠ ᠪᠤᠯᠳᠤᠷᠤᠤ ᠵᠠᠩᠭᠢᠳᠤᠨ ᠵᠡᠭᠦᠭᠰᠡᠨ ᠳᠡᠭᠡᠳᠦ ᠤᠷᠤᠭᠤᠯ ᠳ᠋ᠠᠭᠠᠨ ᠰᠡᠷᠪᠡᠭᠡᠷ ᠰᠢᠷ᠎ᠠ ᠰᠠᠬᠠᠯ ᠲᠠᠢ᠂ ᠲᠣᠯᠣᠭᠠᠢ ᠶ᠋ᠢᠨ ᠦᠰᠦ ᠵᠢᠷ ᠦ᠋ᠨ ᠰᠢᠷᠭᠠᠯ᠂ ᠠᠬᠢᠮᠠᠭ ᠨᠠᠰᠤ ᠲᠠᠢ ᠬᠤᠳᠠᠯᠳᠤᠭᠴᠢ ᠵᠣᠭᠰᠣᠵᠤ ᠪᠠᠢᠯ᠎ᠠ᠃ ᠡᠨᠡ ᠬᠥᠮᠦᠨ ᠨᠢᠭᠡ ᠲᠠᠯ᠎ᠠ ᠪᠠᠷ ᠣᠶᠤᠨᠳᠠᠷᠢ ᠶ᠋ᠢᠨ ᠭᠤᠸ᠎ᠠ ᠰᠠᠢᠬᠠᠨ ᠢ᠋ ᠰᠣᠨᠢᠷᠬᠠᠵᠤ᠂ ᠨᠥᠭᠦᠭᠡ ᠲᠠᠯ᠎ᠠ ᠪᠠᠷ ᠣᠢ ᠭᠠᠰᠢᠭᠤᠨ ᠳ᠋ᠤ᠌ ᠳᠠᠷᠤᠭᠳᠠᠭᠰᠠᠨ ᠢ᠋ ᠡᠨᠡᠷᠢᠩᠭᠦᠢ ᠰᠡᠳᠬᠢᠯ ᠢ᠋ᠶ᠋ᠡᠷ ᠠᠵᠢᠵᠤ ᠰᠢᠷᠳᠡᠬᠦ ᠠᠵᠢ᠃ 
       ᠣᠶᠤᠨᠳᠠᠷᠢ ᠴᠢᠨᠣ᠎ᠠ ᠶ᠋ᠢᠨ ᠬᠠᠢᠷᠴᠠᠭ ᠢ᠋ ᠬᠤᠷᠤᠭᠤ ᠪᠠᠷ ᠢ᠋ᠶ᠋ᠠᠨ ᠵᠢᠭᠠᠨ 
       — ᠡᠨᠡ᠃ ᠪᠢ ᠠᠪᠤᠶ᠎ᠠ ᠭᠡᠬᠦ ᠳ᠋ᠦ᠍᠂ ᠬᠤᠳᠠᠯᠳᠤᠭᠴᠢ《ᠡᠨᠡ ᠴᠢᠮ᠎ᠠ ᠳ᠋ᠤ᠌ ᠬᠡᠷᠡᠭᠲᠡᠢ ᠶᠠᠭᠤᠮ᠎ᠠ ᠪᠢᠰᠢ》 ᠭᠡᠵᠦ ᠬᠡᠯᠡᠬᠦ ᠶ᠋ᠢ ᠬᠦᠰᠡᠬᠦ ᠪᠣᠯᠪᠠᠴᠤ ᠮᠣᠩᠭᠣᠯ ᠬᠡᠯᠡ ᠮᠡᠳᠡᠬᠦ ᠦᠭᠡᠢ ᠳ᠋ᠡᠭᠡᠨ ᠪᠣᠭᠣᠭᠳᠠᠨ ᠲᠣᠯᠣᠭᠠᠢ ᠰᠡᠭᠰᠦᠷᠦᠨ ᠢᠨᠢᠶᠡᠮᠰᠦᠭᠯᠡᠪᠡ᠃ 
       — ᠦᠭᠡᠢ ᠪᠢ ᠵᠦᠭᠡᠷ ᠦᠵᠡᠶ᠎ᠡ᠃ ᠲᠠ ᠨᠠᠳᠠ ᠳ᠋ᠤ᠌ ᠦᠵᠡᠭᠦᠯ! ᠭᠡᠬᠦ ᠳ᠋ᠦ᠍ ᠬᠤᠳᠠᠯᠳᠤᠭᠴᠢ ᠬᠠᠢᠷᠴᠠᠭ ᠤ᠋ᠨ ᠰᠢᠯᠦᠨ ᠬᠠᠪᠬᠠᠭ ᠢ᠋ ᠳᠡᠭᠡᠭᠰᠢ ᠡᠷᠭᠦᠨ ᠥᠨᠥᠬᠢ ᠶᠠᠭᠤᠮ᠎ᠠ ᠶ᠋ᠢ ᠭᠠᠷᠭᠠᠵᠤ ᠢᠷᠡᠭᠡᠳ ᠲᠠᠭ ᠢ᠋ ᠨᠢ ᠨᠡᠭᠡᠭᠡᠨ ᠣᠶᠤᠨᠳᠠᠷᠢ ᠶ᠋ᠢᠨ ᠡᠮᠦᠨ᠎ᠡ ᠪᠠᠷᠢᠯ᠎ᠠ᠃ ᠭᠡᠲᠡᠯ᠎ᠡ᠂ ᠨᠡᠭᠡᠭᠡᠭᠳᠡᠭᠰᠡᠨ ᠲᠠᠭ ᠤ᠋ᠨ ᠨᠢᠭᠤᠷ ᠲᠤ ᠬᠣᠬᠢᠮᠠᠢ ᠶ᠋ᠢᠨ ᠲᠣᠯᠣᠭᠠᠢ᠂ ᠵᠥᠷᠢᠭᠦᠯᠦᠨ ᠲᠠᠯᠪᠢᠭᠰᠠᠨ ᠬᠤᠪᠠᠬᠠᠢ ᠶᠠᠰᠤᠨ ᠴᠥᠮᠥᠭᠡ ᠶ᠋ᠢ ᠰᠠᠨᠠᠮᠵᠢ ᠪᠣᠯᠭᠠᠨ ᠵᠢᠷᠤᠭᠰᠠᠨ ᠨᠢ ᠦᠵᠡᠭᠳᠡᠭᠰᠡᠨ ᠪᠥᠭᠡᠳ ᠬᠤᠳᠠᠯᠳᠤᠭᠴᠢ ᠶ᠋ᠢ ᠲᠡᠷᠡ ᠵᠦᠢᠯ ᠢ᠋ᠶ᠋ᠡᠨ ᠪᠤᠴᠠᠭᠠᠨ ᠬᠢᠬᠦ ᠶ᠋ᠢ ᠵᠠᠪᠳᠤᠬᠤ ᠳ᠋ᠤ᠌ ᠣᠶᠤᠨᠳᠠᠷᠢ ᠵᠠᠭᠠᠮ᠎ᠠ ᠠ᠋ᠴᠠ ᠨᠢ ᠰᠢᠭᠦᠷᠡᠨ ᠠᠪᠴᠤ᠄  
       — ᠮᠠᠨ ᠤ᠋ ᠨᠣᠬᠠᠢ ᠶᠡᠬᠡ ᠮᠠᠭᠤ᠂ ᠭᠠᠯᠵᠠᠭᠤ ᠪᠠᠢᠨ᠎ᠠ ᠭᠡᠵᠦ ᠠᠮᠢᠰᠬᠤᠭᠠᠳᠠᠨ ᠬᠡᠯᠡᠪᠡ᠃ 
       ᠬᠤᠳᠠᠯᠳᠤᠭᠴᠢ ᠦᠭᠡ ᠳᠠᠭᠤ ᠦᠭᠡᠢ ᠶᠠᠭᠤᠮᠠᠨ ᠤ᠋ ᠪᠠᠨ ᠬᠣᠢᠨ᠎ᠠ ᠠ᠋ᠴᠠ ᠭᠠᠷ ᠰᠤᠩᠭᠠᠪᠠ᠃ ᠬᠠᠷᠢᠭᠤ ᠳ᠋ᠤᠨᠢ ᠣᠶᠤᠨᠳᠠᠷᠢ ᠵᠡᠭᠦᠨ ᠭᠠᠷ ᠤ᠋ᠨ ᠢ᠋ᠶ᠋ᠠᠨ ᠳᠤᠮᠳᠠ ᠬᠤᠷᠤᠭᠤᠨ ᠤ᠋ ᠪᠥᠭᠡᠵᠢ ᠶ᠋ᠢ ᠰᠤᠭᠤ ᠲᠡᠳᠡᠨ ᠠᠪᠴᠤ ᠭᠠᠷ ᠳᠡᠭᠡᠷ᠎ᠡ ᠨᠢ ᠲᠠᠯᠪᠢᠪᠠ᠃ 
       ᠲᠡᠷᠡ ᠪᠥᠭᠡᠵᠢ ᠨᠢ ᠬᠣᠯᠢᠯᠴᠠᠭ᠎ᠠ ᠦᠭᠡᠢ ᠰᠢᠵᠢᠷ ᠠᠯᠲᠠ᠂ ᠬᠦᠨᠳᠦ ᠶ᠋ᠢᠨ ᠬᠡᠮᠵᠢᠶ᠎ᠡ ᠲᠠᠪᠤᠨ ᠴᠢᠨ ᠭᠠᠷᠤᠢ᠃ ᠲᠡᠳᠦᠢ ᠬᠦᠨᠳᠦ ᠶᠠᠭᠤᠮ᠎ᠠ ᠭᠡᠨᠡᠳᠲᠡ ᠭᠠᠷ ᠲᠤ ᠣᠷᠣᠭᠰᠠᠨ ᠢ᠋ ᠬᠤᠳᠠᠯᠳᠤᠭᠴᠢ《ᠦᠭᠡᠢ ᠡᠨᠡ ᠴᠢᠨᠢ ᠶᠠᠭᠤ ᠪᠣᠢ? ᠪᠢ ᠵᠡᠭᠦᠳᠦᠯᠡᠵᠦ ᠪᠠᠢᠨ᠎ᠠ ᠤᠤ?》 ᠭᠡᠵᠦ ᠰᠠᠨᠠᠨ ᠪᠠᠢᠰᠢᠩ ᠤ᠋ᠨ ᠢ᠋ᠶ᠋ᠠᠨ ᠲᠠᠭᠠᠵᠠ ᠶ᠋ᠢ ᠰᠢᠷᠲᠡᠨ ᠨᠢᠳᠦ ᠴᠠᠪᠴᠢᠪᠠ᠃ ᠲᠡᠭᠡᠭᠡᠳ ᠠᠯᠠᠭ᠎ᠠ ᠲᠡᠨᠢᠢᠯᠭᠡᠨ ᠬᠠᠷᠠᠭᠰᠠᠨ ᠪᠥᠭᠡᠳ ᠰᠢᠵᠢᠷ ᠠᠯᠲᠠ ᠶ᠋ᠢ ᠨᠢᠳᠦᠨ ᠳ᠋ᠡᠭᠡᠨ ᠳᠤᠰᠤᠮᠠᠭᠴᠠ ᠰᠡᠳᠬᠢᠯ ᠪᠤᠯᠢᠶᠠᠭᠳᠠᠨ《ᠭᠣᠣᠯᠳᠠ!》 ᠭᠡᠵᠦ ᠥᠪᠡᠷ ᠲᠡᠭᠡᠨ ᠰᠢᠪᠡᠨᠡᠯ᠎ᠡ᠃ ᠭᠡᠲᠡᠯ᠎ᠡ ᠪᠠᠰᠠ ᠰᠡᠳᠬᠢᠯ ᠳ᠋ᠦ᠍ᠨᠢ《ᠡᠴᠦᠰ ᠦ᠋ᠨ ᠡᠴᠦᠰ ᠲᠦ᠍ ᠪᠢ ᠨᠢᠭᠡ ᠡᠮᠡᠭᠲᠡᠢ ᠶ᠋ᠢᠨ ᠥᠪᠡᠷ ᠢ᠋  ᠨᠢ ᠶᠦᠮ ᠤᠤ᠂ ᠠᠯᠢ ᠡᠰᠡᠪᠡᠯ ᠥᠪᠡᠷ ᠪᠤᠰᠤᠳ ᠤ᠋ᠨ ᠠᠮᠢ ᠶ᠋ᠢ ᠪᠤᠰᠠᠨᠢᠭᠤᠯᠬᠤ ᠬᠡᠷᠡᠭ ᠲᠦ᠍ ᠭᠣᠣᠯ ᠬᠡᠷᠡᠭᠯᠡᠭᠦᠷ ᠢ᠋ ᠨᠢ ᠣᠯᠭᠣᠭᠰᠠᠨ ᠨᠢᠭᠦᠯ ᠳ᠋ᠦ᠍ ᠤᠨᠠᠬᠤ ᠪᠢᠰᠢ ᠤᠤ》 ᠭᠡᠵᠦ ᠪᠤᠳᠤᠭᠳᠠᠨ ᠰᠠᠨᠳᠤᠷᠤᠯ᠎ᠠ᠃ 
       ᠡᠨᠡ ᠵᠠᠭᠤᠷ᠎ᠠ ᠣᠶᠤᠨᠳᠠᠷᠢ ᠳᠡᠯᠭᠡᠭᠦᠷ ᠡᠴᠡ ᠭᠠᠷᠴᠤ ᠠᠮᠵᠢᠭᠰᠠᠨ ᠪᠠᠢᠵᠠᠢ᠃ ᠬᠤᠳᠠᠯᠳᠤᠭᠴᠢ ᠴᠦ᠍ ᠤᠯᠠᠮ ᠢ᠋ᠶ᠋ᠠᠷ ᠰᠠᠨᠳᠤᠷᠤᠨ ᠪᠠᠨᠲᠠᠩ ᠤ᠋ᠨ ᠢ᠋ᠶ᠋ᠠᠨ ᠳᠡᠭᠡᠭᠦᠷ ᠶᠣᠰᠣᠲᠠᠢ ᠠᠮᠧᠷᠢᠺᠠ ᠬᠥᠮᠦᠨ ᠦ᠌ ᠭᠠᠪᠰᠢᠭᠠᠢᠯᠠᠯ ᠢ᠋ᠶ᠋ᠠᠷ ᠦᠰᠦᠷᠦᠨ ᠭᠠᠷᠴᠤ᠂ ᠡᠷᠭᠢᠨ ᠲᠣᠭᠣᠷᠢᠨ ᠢ᠋ ᠨᠡᠩᠵᠢᠭᠡᠳ ᠲᠡᠨᠳᠡ ᠡᠴᠡ ᠪᠡᠨ ᠭᠠᠳᠠᠭᠰᠢ ᠭᠠᠷᠤᠨ ᠬᠠᠰᠢᠶᠠᠨ ᠤ᠋ ᠪᠠᠨ ᠬᠠᠭᠠᠯᠭ᠎ᠠ ᠳᠡᠭᠡᠷ᠎ᠡ ᠬᠦᠷᠦᠯ᠎ᠡ᠃ ᠭᠤᠳᠤᠮᠵᠢ ᠡᠯᠡᠢ ᠬᠤᠯᠡᠢ᠂ ᠭᠠᠭᠴᠠ ᠬᠦ᠌ ᠮᠣᠷᠢ ᠲᠡᠷᠭᠡ ᠴᠠᠭᠠᠰᠢ ᠬᠤᠷᠳᠤᠯᠠᠨ ᠶᠠᠪᠤᠬᠤ ᠶ᠋ᠢ ᠬᠤᠳᠠᠯᠳᠤᠭᠴᠢ ᠣᠯᠵᠤ ᠬᠠᠷᠠᠭᠰᠠᠨ ᠪᠥᠭᠡᠳ ᠲᠡᠷᠡ ᠲᠡᠷᠭᠡᠨ ᠳ᠋ᠦ᠍ ᠥᠨᠥ ᠪᠠᠷᠢᠭᠠᠳ ᠠᠪᠬᠤ ᠶ᠋ᠢ ᠬᠦᠰᠡᠭᠰᠡᠨ ᠡᠮᠡᠭᠲᠡᠢ ᠶ᠋ᠢ ᠰᠠᠭᠤᠯᠭᠠᠭᠠᠳ ᠵᠢᠭᠤᠲᠠᠵᠤ ᠶᠠᠪᠤᠭ᠎ᠠ ᠶ᠋ᠢ ᠲᠣᠳᠣᠷᠬᠠᠢ ᠮᠡᠳᠡᠪᠡ᠃ ᠭᠡᠪᠡᠴᠦ ᠭᠡᠨᠡᠳᠲᠡ ᠬᠣᠢᠨ᠎ᠠ ᠠ᠋ᠴᠠ ᠨᠢ ᠬᠥᠭᠡᠭᠡᠬᠦ ᠬᠦᠰᠡᠯ ᠦᠭᠡᠢ ᠪᠣᠯᠤᠨ ᠣᠷᠣᠨ ᠳ᠋ᠤᠨᠢ ᠬᠠᠷᠢᠨ ᠲᠡᠷᠡ ᠴᠢᠭ ᠢ᠋ᠶ᠋ᠡᠷ ᠢ᠋ᠶ᠋ᠡᠨ ᠲᠦᠷᠭᠡᠨ ᠲᠣᠨᠢᠯᠤᠭ! ᠭᠡᠰᠡᠨ ᠪᠣᠳᠣᠯ ᠲᠥᠷᠥᠪᠡ᠃ ᠶᠠᠭᠤᠨ ᠳ᠋ᠤ᠌ ᠭᠡᠪᠡᠯ᠄  
       ᠨᠢᠭᠡ ᠳ᠋ᠦ᠍᠂《 ᠪᠢ ᠬᠥᠮᠦᠨ ᠲᠥᠷᠥᠯᠬᠢᠲᠡᠨ ᠦ᠌ ᠳᠡᠭᠡᠳᠦ ᠴᠠᠭᠠᠨ ᠠᠷᠠᠰᠤᠲᠠᠨ ᠪᠠᠢᠬᠤ ᠠᠲᠠᠯ᠎ᠠ ᠪᠠᠨ ᠰᠠᠷᠮᠠᠭᠴᠢᠨ ᠤ᠋ ᠲᠥᠷᠥᠯ ᠡᠴᠡ ᠲᠡᠳᠦᠢ ᠯᠡ ᠬᠣᠯᠠᠳᠠᠭ᠎ᠠ ᠦᠭᠡᠢ ᠰᠢᠷ᠎ᠠ ᠠᠷᠠᠰᠤᠲᠠᠨ ᠬᠡᠦᠬᠡᠨ ᠦ᠌ ᠲᠥᠯᠥᠭᠡ ᠠᠮᠢ ᠲᠡᠮᠡᠴᠡᠨ ᠭᠦᠶᠦᠬᠦ ᠶ᠋ᠢᠨ ᠬᠡᠷᠡᠭ ᠶᠠᠭᠤ ᠪᠣᠢ?》 ᠭᠡᠳᠡᠭ ᠨᠢᠭᠡ ᠠᠰᠠᠭᠤᠳᠠᠯ ᠣᠷᠣᠵᠤ ᠢᠷᠡᠭᠰᠡᠨ ᠦ᠌ ᠳᠡᠭᠡᠷ᠎ᠡ ᠵᠡᠭᠦᠨ ᠭᠠᠷ ᠲᠤ ᠠᠳᠬᠤᠭᠠᠰᠤᠲᠠᠢ ᠪᠠᠢᠭ᠎ᠠ ᠲᠠᠪᠤᠨ ᠴᠢᠨ ᠦ᠌ ᠰᠢᠵᠢᠷ ᠠᠯᠲᠠᠨ ᠪᠥᠭᠡᠵᠢ ᠬᠣᠢᠰᠢ ᠨᠢ ᠴᠢᠩᠭᠠᠭᠠᠪᠠ᠃ 
       ᠬᠣᠶᠠᠷ ᠲᠤ᠂ ᠡᠴᠦᠰ ᠦ᠋ᠨ ᠪᠦᠯᠦᠭ ᠲᠦ᠍᠂ ᠠᠷᠢᠭᠤᠨ ᠪᠤᠷᠬᠠᠨ ᠤ᠋ ᠡᠮᠦᠨ᠎ᠡ《ᠪᠢ ᠲᠡᠷᠡ ᠡᠮᠡᠭᠲᠡᠢ ᠶ᠋ᠢ ᠭᠡᠮᠲᠦ ᠬᠡᠷᠡᠭ ᠡᠴᠡ ᠠᠪᠤᠷᠠᠬᠤ ᠭᠡᠵᠦ ᠬᠣᠢᠨ᠎ᠠ ᠠ᠋ᠴᠠ ᠨᠢ ᠭᠦᠶᠦᠭᠡᠳ ᠣᠯᠤᠭ᠎ᠠ ᠦᠭᠡᠢ ᠪᠢᠯᠡ》 ᠭᠡᠵᠦ ᠥᠴᠢᠬᠦ ᠳ᠋ᠦ᠍ ᠶᠠᠭᠠᠬᠢᠭᠰᠠᠨ ᠪᠣᠯᠬᠤ ᠦᠭᠡᠢ ᠪᠠᠢᠬᠤ ᠪᠢᠯᠡ ᠭᠡᠵᠦ ᠪᠣᠳᠣᠨ ᠪᠠᠶᠠᠷᠯᠠᠨ᠎ᠠ᠃  

            ᠦᠰᠦᠭ ᠠᠮᠢᠯᠠᠭᠤᠯᠤᠭᠰᠠᠨ ᠨᠢ᠄ ᠳᠠᠪᠰᠢᠯᠲᠦ