ᠤᠷᠠᠨ ᠲᠦᠰᠢ-ᠬᠣᠨᠢᠴᠢᠨ ᠨᠠ᠊· ᠮᠥᠩᠬᠡᠪᠠᠭᠠᠲᠤᠷUran dösh-Khonichin-Na·MönkhbaatarУран дөш-Хоньчин-На·Мөнхбаатар ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠤᠷᠠᠨ ᠲᠦᠰᠢ-ᠬᠣᠨᠢᠴᠢᠨ ᠨᠠ᠊· ᠮᠥᠩᠬᠡᠪᠠᠭᠠᠲᠤᠷUran dösh-Khonichin-Na·MönkhbaatarУран дөш-Хоньчин-На·Мөнхбаатар

ᠤᠷᠠᠨ ᠲᠦᠰᠢ-ᠬᠣᠨᠢᠴᠢᠨ ᠨᠠ᠊· ᠮᠥᠩᠬᠡᠪᠠᠭᠠᠲᠤᠷUran dösh-Khonichin-Na·MönkhbaatarУран дөш-Хоньчин-На·Мөнхбаатар

2025-10-02

442

ᠤᠷᠠᠨ ᠲᠦᠰᠢ

     ᠵᠣᠬᠢᠶᠠᠭᠴᠢ᠄ ᠬᠣᠨᠢᠴᠢᠨ ᠨᠠ᠊· ᠮᠥᠩᠬᠡᠪᠠᠭᠠᠲᠤᠷ 
     ᠤᠶᠠᠩᠭᠠᠯᠠᠭᠴᠢ᠄ ᠬᠣᠨᠢᠴᠢᠨ ᠨᠠ᠊· ᠮᠥᠩᠬᠡᠪᠠᠭᠠᠲᠤᠷ 

ᠣᠩᠭᠣᠨ ᠪᠠᠢᠭᠠᠯᠢ ᠶ᠋ᠢᠨ ᠡᠯᠢᠭᠡᠨ ᠳ᠋ᠦ᠍ ᠰᠦᠷ ᠪᠤᠰᠬᠠᠨ ᠰᠦᠮᠪᠦᠷᠯᠡᠭᠰᠡᠨ 
ᠣᠷᠳᠣᠰ ᠨᠤᠲᠤᠭ ᠤ᠋ᠨ ᠥᠷᠥᠴᠡᠨ ᠳ᠋ᠦ᠍ ᠮᠥᠷ ᠳᠠᠰᠬᠠᠨ ᠰᠦᠨᠳᠡᠷᠯᠡᠭᠰᠡᠨ 
ᠣᠷᠴᠢᠬᠤ ᠴᠠᠭ ᠤ᠋ᠨ ᠬᠦᠷᠳᠦᠨ ᠳ᠋ᠦ᠍ ᠰᠦᠵᠢᠭ ᠠᠷᠭᠠᠮᠵᠢᠨ ᠪᠤᠭᠤᠷᠤᠯᠲᠤᠭᠰᠠᠨ 
ᠤᠳᠤᠮ ᠰᠤᠳᠤᠷ ᠤ᠋ᠨ ᠬᠠᠭᠤᠳᠠᠰᠤᠨ ᠳ᠋ᠤ᠌ ᠰᠦᠰᠦᠭ ᠠᠷᠭᠠᠳᠠᠨ ᠴᠡᠩᠬᠡᠷᠲᠦᠭᠰᠡᠨ 
ᠥᠯᠥᠭᠡᠢ ᠨᠤᠲᠤᠭ ᠤ᠋ᠨ ᠮᠢᠨᠢ ᠰᠦᠯᠳᠡ ᠪᠣᠯᠤᠭᠰᠠᠨ ᠤᠷᠠᠨ ᠲᠦᠰᠢ 
ᠦᠷᠦ ᠵᠢᠷᠦᠬᠡᠨ ᠦ᠌ ᠮᠢᠨᠢ ᠰᠢᠲᠦᠭᠡᠨ ᠪᠣᠯᠤᠭᠰᠠᠨ ᠲᠦᠰᠢᠭᠲᠦ ᠬᠠᠢᠷᠬᠠᠨ 

ᠬᠠᠨ ᠬᠤᠷᠮᠤᠰᠲᠠ ᠶ᠋ᠢᠨ ᠮᠡᠯᠮᠡᠢ ᠳ᠋ᠦ᠍ ᠴᠡᠴᠡᠭ ᠪᠣᠯᠤᠨ ᠤᠷᠭᠤᠭᠰᠠᠨ 
ᠬᠠᠶ᠋ᠢᠷᠠᠪ ᠲᠣᠬᠣᠢ ᠶ᠋ᠢᠨ ᠥᠯᠮᠡᠢ ᠳ᠋ᠦ᠍ ᠴᠢᠮᠡᠭ ᠪᠣᠯᠤᠨ ᠬᠠᠨᠠᠷᠠᠭᠰᠠᠨ 
ᠬᠠᠭᠠᠨ ᠰᠠᠭᠤᠳᠠᠯ ᠤ᠋ᠨ ᠳᠡᠷᠭᠡᠳᠡ ᠬᠠᠨᠢ ᠪᠣᠯᠤᠨ ᠲᠠᠩᠬᠠᠢᠭᠰᠠᠨ 
ᠬᠠᠲᠤᠨ ᠨᠡᠭᠦᠳᠡᠯ ᠦ᠋ᠨ ᠬᠠᠵᠠᠭᠤᠳᠠ ᠬᠠᠨ᠎ᠠ ᠪᠣᠯᠤᠨ ᠬᠠᠩᠬᠠᠢᠭᠰᠠᠨ 
ᠶᠤᠯᠲᠤᠷᠮ᠎ᠠ ᠳᠠᠷᠬᠠᠨ ᠤ᠋ ᠣᠮᠣᠭ ᠪᠠᠳᠠᠷᠠᠭᠠᠭᠰᠠᠨ ᠳᠣᠮᠣᠭᠲᠤ ᠲᠦᠰᠢ
ᠶᠣᠯᠣ ᠰᠢᠪᠠᠭᠤᠨ ᠤ᠋ ᠳᠣᠮᠣᠭ ᠬᠣᠴᠣᠷᠭᠠᠭᠰᠠᠨ ᠣᠮᠣᠭᠲᠤ ᠬᠠᠢᠷᠬᠠᠨ

ᠨᠣᠭᠣᠭᠠᠨ ᠰᠢᠮᠡᠯᠢᠭ ᠪᠠᠯ ᠳ᠋ᠤᠨᠢ ᠵᠡᠭᠡᠷ᠎ᠡ ᠬᠤᠯᠠᠨ ᠰᠦᠷᠦᠭᠯᠡᠭᠰᠡᠨ
ᠨᠣᠮᠢᠨ ᠰᠠᠬᠤᠯᠠᠭ ᠣᠢ ᠳ᠋ᠤᠨᠢ ᠵᠡᠷᠯᠢᠭ ᠠᠮᠢᠲᠠᠨ ᠰᠢᠪᠡᠭᠡᠯᠡᠭᠰᠡᠨ
ᠨᠣᠢᠲᠠᠨ ᠴᠢᠭᠢᠭᠯᠢᠭ ᠬᠥᠨᠳᠡᠢ ᠳ᠋ᠦ᠍ᠨᠢ ᠬᠠᠨᠳᠠᠭᠠᠢ ᠪᠤᠭᠤ ᠲᠡᠰᠢᠭᠰᠡᠨ
ᠨᠣᠶᠠᠨ ᠰᠦᠷᠯᠢᠭ ᠣᠷᠭᠢᠯ ᠳ᠋ᠤᠨᠢ ᠬᠠᠷᠴᠠᠭᠠᠢ ᠨᠠᠴᠢᠨ ᠬᠠᠯᠢᠭᠰᠠᠨ
ᠤᠨᠠᠭᠰᠠᠨ ᠬᠠᠯᠠᠭᠤᠨ ᠰᠢᠷᠣᠢ ᠶ᠋ᠢ ᠮᠢᠨᠢ ᠮᠠᠨᠠᠵᠤ ᠰᠠᠭᠤᠷᠢᠯᠠᠭᠰᠠᠨ ᠳᠥᠰᠢ
ᠤᠤᠭᠤᠭᠰᠠᠨ ᠠᠷᠢᠭᠤᠨ ᠤᠰᠤ ᠶ᠋ᠢ ᠮᠢᠨᠢ ᠰᠠᠬᠢᠵᠤ ᠪᠠᠢᠷᠢᠯᠠᠭᠰᠠᠨ ᠬᠠᠢᠷᠬᠠᠨ

ᠠᠷᠰᠠᠩ ᠳᠠᠷᠰᠠᠩ ᠲᠠᠢ ᠠᠩᠭᠠᠯ ᠠ᠋ᠴᠠ ᠨᠢ ᠷᠠᠰᠢᠶᠠᠨ ᠪᠤᠯᠠᠭ ᠣᠨᠳᠣᠷᠤᠭᠰᠠᠨ
ᠠᠷᠴᠠ ᠭᠠᠪᠢᠷ᠎ᠠ ᠲᠠᠢ ᠬᠢᠷ᠎ᠠ ᠠ᠋ᠴᠠ ᠨᠢ ᠠᠩᠬᠢᠯᠤᠮ᠎ᠠ ᠦᠨᠦᠷ ᠬᠠᠩᠬᠤᠯᠤᠭᠰᠠᠨ
ᠠᠭᠠᠷᠤ ᠽᠠᠨᠳᠠᠨ ᠲᠠᠢ ᠬᠠᠨᠠᠨ ᠠ᠋ᠴᠠ ᠨᠢ ᠠᠷᠭᠠᠯᠢ ᠤᠭᠠᠯᠵᠠ ᠬᠠᠷᠠᠢᠭᠰᠠᠨ
ᠠᠰᠬ᠎ᠠ ᠬᠠᠯᠢᠯ ᠲᠠᠢ ᠬᠠᠳᠠᠨ ᠠ᠋ᠴᠠ ᠨᠢ ᠠᠯᠠᠭ ᠪᠦᠷᠭᠦᠳ ᠰᠤᠮᠤᠳᠠᠭᠰᠠᠨ
ᠪᠤᠳᠠᠩᠲᠤ ᠭᠠᠯᠪᠠ ᠶ᠋ᠢᠨ ᠰᠢᠭᠤᠷᠭ᠎ᠠ ᠰᠥᠷᠦᠭᠰᠡᠨ ᠮᠠᠨᠠᠨᠲᠤ ᠲᠦᠰᠢ
ᠪᠤᠭᠤᠷᠤᠯ ᠬᠣᠷᠸ᠎ᠠ ᠶ᠋ᠢᠨ ᠲᠣᠭᠣᠰᠣ ᠨᠥᠮᠥᠷᠦᠭᠰᠡᠨ ᠪᠤᠶᠠᠨᠲᠤ ᠬᠠᠢᠷᠬᠠᠨ

ᠲᠡᠭᠰᠢᠬᠡᠨ ᠠᠭᠤᠵᠢᠮ ᠣᠷᠣᠢ ᠳ᠋ᠤᠨᠢ ᠠᠳᠤᠭᠤ ᠮᠠᠯ ᠠᠯᠠᠭᠰᠢᠭᠰᠠᠨ 
ᠳᠡᠯᠭᠡᠷᠬᠡᠨ ᠠᠭᠤᠳᠠᠮ ᠬᠣᠷᠮᠣᠢ ᠳ᠋ᠤᠨᠢ ᠠᠢᠯ ᠡᠷᠦᠬᠡ ᠨᠤᠲᠤᠭᠰᠢᠭᠰᠠᠨ
ᠳᠡᠭᠡᠳᠦ ᠰᠢᠲᠦᠭᠡᠨᠲᠦ ᠣᠪᠣᠭᠠᠨ ᠳ᠋ᠤᠨᠢ ᠬᠦᠴᠦᠲᠦ ᠪᠥᠬᠡ ᠵᠣᠳᠣᠭᠯᠠᠭᠰᠠᠨ
ᠲᠡᠪᠬᠡ ᠬᠡᠯᠪᠡᠷᠢᠲᠦ ᠪᠠᠷᠠᠨ ᠳ᠋ᠤᠨᠢ ᠬᠦᠰᠡᠯᠲᠦ ᠤᠶᠠᠩᠭ᠎ᠠ ᠪᠠᠳᠠᠭᠯᠠᠭᠰᠠᠨ
ᠮᠢᠨᠳᠠᠰᠤᠨ ᠴᠡᠩᠬᠡᠷ ᠤᠨᠢᠶᠠᠷ ᠲᠤ᠌ ᠳᠤᠨᠢᠶᠠᠷᠲᠤᠨ ᠬᠠᠷᠠᠭᠳᠠᠬᠤ ᠲᠦᠰᠢ
ᠮᠢᠷᠠᠯᠵᠠᠬᠤ ᠲᠣᠷᠭᠠᠨ ᠵᠡᠷᠭᠡᠯᠭᠡᠨ ᠳ᠋ᠦ᠍ ᠤᠨᠢᠶᠠᠷᠲᠤᠨ ᠦᠵᠡᠭᠳᠡᠬᠦ ᠬᠠᠢᠷᠬᠠᠨ

ᠠᠯᠤᠰ ᠬᠣᠯᠠ ᠠ᠋ᠴᠠ ᠳᠦᠷᠰᠦᠯᠡᠪᠡᠯ ᠠᠭᠰᠢᠷᠠᠭ᠎ᠠ ᠬᠣᠩᠭᠣᠷ ᠡᠪᠦᠭᠡᠨ ᠴᠦ᠍ ᠰᠢᠭ
ᠠᠴᠢ ᠬᠣᠢᠴᠢ ᠨᠢ ᠬᠤᠷᠠᠭᠠᠳ ᠠᠷᠪᠠᠭᠤᠯᠠ ᠬᠣᠷᠢᠭᠤᠯᠠ ᠰᠠᠭᠤᠭ᠎ᠠ ᠴᠣ ᠰᠢᠭ᠋
ᠠᠰᠬᠠᠨ ᠳᠣᠣᠷ᠎ᠠ ᠠ᠋ᠴᠠ ᠵᠢᠷᠤᠭᠯᠠᠪᠠᠯ ᠭᠤᠪᠠᠢ ᠭᠠᠯᠪᠢᠷᠬᠠᠨ ᠥᠬᠢᠨ ᠴᠦ᠍ ᠰᠢᠭ
ᠠᠯᠲᠠᠨ ᠪᠡᠶ᠎ᠡ ᠪᠡᠨ ᠴᠢᠮᠡᠭᠡᠳ ᠭᠣᠶᠣᠯᠠᠵᠤ ᠭᠠᠩᠭᠠᠯᠠᠵᠤ ᠪᠠᠢᠭ᠎ᠠ ᠴᠤ᠌ ᠰᠢᠭ᠋
ᠠᠶᠠᠯᠠᠵᠤ ᠬᠦᠷᠬᠦ ᠡᠴᠡ ᠨᠢ ᠤᠷᠢᠳ ᠠᠯᠳᠠᠷ ᠨᠢ ᠪᠣᠳᠣᠭᠳᠠᠬᠤ ᠲᠦᠰᠢ 
ᠠᠪᠠᠷᠢᠵᠤ ᠭᠠᠷᠬᠤ ᠠ᠋ᠴᠠ ᠨᠢ ᠡᠮᠦᠨ᠎ᠡ ᠠᠭᠯᠠᠭ ᠨᠢ ᠰᠠᠨᠠᠭᠳᠠᠬᠤ ᠬᠠᠢᠷᠬᠠᠨ

ᠬᠠᠪᠤᠷ ᠴᠠᠭ ᠤ᠋ᠨ ᠤᠷᠢᠬᠠᠨ ᠳ᠋ᠤ᠌ ᠬᠠᠢᠯ ᠤᠷᠤᠰᠬᠠᠨ ᠤᠶᠠᠩᠭᠠᠷᠠᠭᠰᠠᠨ
ᠬᠠᠯᠠᠭᠤᠨ ᠵᠤᠨ ᠤ᠋ ᠤᠯᠠᠷᠢᠯ ᠳ᠋ᠤ᠌ ᠬᠠᠷᠠᠭ᠎ᠠ ᠪᠠᠶᠠᠰᠬᠠᠨ ᠰᠣᠯᠣᠩᠭᠠᠷᠠᠭᠰᠠᠨ
ᠬᠠᠮᠪᠤᠨ ᠨᠠᠮᠤᠷ ᠤ᠋ᠨ ᠰᠡᠷᠢᠭᠦᠨ ᠳ᠋ᠦ᠍ ᠠᠩ ᠰᠠᠨᠠᠭᠤᠯᠤᠨ ᠪᠥᠷᠲᠥᠯᠵᠡᠭᠰᠡᠨ
ᠬᠠᠬᠢᠷ ᠡᠪᠦᠯ ᠦ᠋ᠨ ᠬᠦᠢᠲᠡᠨ ᠳ᠋ᠦ᠍ ᠴᠠᠩ ᠰᠠᠪᠰᠠᠭᠤᠯᠤᠨ ᠥᠨᠳᠡᠯᠵᠡᠭᠰᠡᠨ
ᠨᠠᠪᠲᠠᠭ ᠱᠠᠪᠳᠠᠭ ᠤ᠋ᠨ ᠰᠦᠭ ᠲᠡᠢ ᠪᠠᠳᠠᠷᠠᠯᠲᠤ ᠳᠥᠷᠪᠡᠯᠵᠢᠨ ᠲᠦᠰᠢ
ᠨᠠᠢᠷᠠᠭ ᠱᠠᠳ ᠤ᠋ᠨ ᠬᠥᠭ ᠲᠡᠢ ᠪᠠᠬᠠᠷᠠᠯᠲᠤ ᠲᠠᠮᠠᠭᠠᠯᠠᠵᠢᠨ ᠬᠠᠢᠷᠬᠠᠨ

ᠪᠣᠷᠣ ᠲᠣᠬᠣᠢ ᠶ᠋ᠢᠨ ᠬᠥᠷᠥᠰᠥ ᠶ᠋ᠢ ᠬᠥᠪᠡᠭᠡ ᠳᠠᠷᠤᠨ ᠲᠠᠮᠠᠭᠠᠯᠠᠭᠰᠠᠨ
ᠪᠤᠷᠬᠠᠨ ᠬᠠᠯᠳᠤᠨ ᠤ᠋ ᠰᠦᠨᠡᠰᠦ ᠶ᠋ᠢ ᠬᠥᠰᠢᠭᠡ ᠢᠷᠡᠨ ᠬᠠᠳᠠᠭᠠᠯᠠᠭᠰᠠᠨ
ᠪᠣᠭᠳᠠ ᠠᠭᠤᠯᠠ ᠶ᠋ᠢᠨ ᠲᠡᠷᠢᠭᠦᠨ ᠢ᠋ ᠣᠭᠲᠠᠷᠭᠤᠢ ᠲᠤᠯᠤᠨ ᠦᠵᠡᠭᠦᠯᠦᠭᠰᠡᠨ
ᠪᠣᠷᠵᠢᠭᠢᠨ ᠤ᠋ ᠲᠠᠯ᠎ᠠ ᠶ᠋ᠢᠨ ᠲᠡᠨᠢᠭᠦᠨ ᠢ᠋ ᠤᠭᠰᠠᠭ᠎ᠠ ᠵᠠᠯᠭᠠᠨ ᠬᠠᠷᠠᠭᠤᠯᠤᠭᠰᠠᠨ
ᠬᠥᠪᠥᠩ ᠡᠭᠦᠯᠡᠨ ᠳ᠋ᠦ᠍ ᠣᠷᠢᠶᠠᠭᠳᠠᠭᠰᠠᠨ ᠴᠡᠯᠡᠭᠡᠷ ᠥᠨᠳᠥᠷ ᠳᠥᠰᠢ
ᠬᠦᠳᠡᠩ ᠮᠠᠨᠠᠨ ᠳ᠋ᠤ᠌ ᠪᠦᠷᠬᠦᠭᠳᠡᠭᠰᠡᠨ ᠴᠡᠩᠬᠡᠷ ᠰᠦᠨᠳᠡᠷ ᠬᠠᠢᠷᠬᠠᠨ

ᠡᠷᠬᠡᠰ ᠳᠡᠯᠡᠬᠡᠢ ᠶ᠋ᠢᠨ ᠬᠠᠴᠢᠨ ᠢ᠋ ᠡᠩᠬᠡ ᠶᠢᠷᠲᠢᠨᠴᠦ ᠳ᠋ᠦ᠍ ᠮᠡᠳᠡᠷᠡᠭᠦᠯᠦᠭᠰᠡᠨ
ᠡᠵᠡᠨ᠎ᠡ ᠳᠠᠯᠳᠠ ᠶ᠋ᠢᠨ ᠬᠦᠴᠦᠨ ᠢ᠋ ᠡᠨᠡ ᠣᠷᠴᠢᠯᠠᠩ ᠳ᠋ᠤ᠌ ᠪᠠᠳᠠᠷᠠᠭᠤᠯᠤᠭᠰᠠᠨ
ᠡᠳ᠋ ᠡᠷᠳᠡᠨᠢᠰ ᠦ᠋ᠨ ᠪᠠᠶᠠᠯᠢᠭ ᠢ᠋ ᠡᠩᠭᠡᠷ ᠵᠣ ᠳ᠋ᠠᠭᠠᠨ ᠢᠯᠡᠷᠡᠭᠦᠯᠦᠭᠰᠡᠨ
ᠡᠷᠭᠢᠬᠦ ᠡᠷᠢᠨ ᠦ᠌ ᠴᠢᠨᠡᠭᠡᠯᠢᠭ ᠢ᠋ ᠡᠯᠢᠭᠡᠨ ᠲᠦᠮᠡᠨ ᠳ᠋ᠡᠭᠡᠨ ᠲᠠᠨᠢᠭᠤᠯᠤᠭᠰᠠᠨ
ᠮᠥᠩᠭᠥᠨ ᠰᠠᠷᠠᠨ ᠤ᠋ ᠲᠤᠶᠠᠭᠠᠨ ᠳ᠋ᠤ᠌ ᠡᠭᠦᠷᠢᠳᠡ ᠰᠦᠮᠡᠯᠵᠡᠬᠦ ᠲᠦᠰᠢ
ᠮᠥᠩᠬᠡ ᠲᠩᠷᠢ ᠶ᠋ᠢᠨ ᠬᠠᠶᠠᠭᠠᠨ ᠳ᠋ᠤ᠌ ᠥᠨᠢᠳᠡ ᠭᠢᠯᠠᠯᠵᠠᠬᠤ ᠬᠠᠢᠷᠬᠠᠨ

ᠬᠠᠷᠠᠨ ᠪᠡᠶᠡᠰᠴᠦ ᠠᠯᠬᠤᠬᠤ ᠪᠠᠷ ᠵᠢᠷᠤᠭ ᠦᠵᠡᠰᠬᠦᠯᠡᠩ ᠲᠣᠳᠣᠷᠠᠭᠰᠠᠨ
ᠬᠠᠢᠨ ᠪᠠᠬᠠᠷᠴᠤ ᠠᠪᠠᠷᠢᠬᠤ ᠪᠠᠷ ᠳᠣᠮᠣᠭ ᠰᠣᠨᠣᠰᠬᠤᠯᠠᠩ ᠲᠣᠬᠢᠷᠠᠭᠰᠠᠨ
ᠬᠠᠢᠯᠠᠨ ᠤᠶᠠᠷᠠᠵᠤ ᠳᠠᠭᠤᠯᠠᠬᠤ ᠪᠠᠷ ᠬᠠᠮᠤᠭ ᠵᠢᠷᠭᠠᠯᠠᠩ ᠪᠢᠯᠬᠠᠷᠠᠭᠰᠠᠨ
ᠬᠠᠢᠷᠠᠯᠠᠨ ᠮᠥᠷᠥᠭᠡᠳᠴᠦ ᠳᠤᠷᠠᠰᠬᠤ ᠪᠠᠷ ᠣᠮᠣᠭ ᠵᠢᠪᠬᠤᠯᠠᠩ ᠪᠠᠳᠠᠷᠠᠭᠰᠠᠨ
ᠦᠶ᠎ᠡ ᠶ᠋ᠢᠨ ᠦᠶ᠎ᠡ ᠪᠡᠷ ᠢ᠋ᠶ᠋ᠡᠨ ᠰᠢᠲᠦᠬᠦ ᠤᠷᠠᠨ ᠲᠦᠰᠢ ᠶ᠋ᠢᠨ ᠠᠭᠤᠯᠠ
ᠦᠷ᠎ᠡ ᠶ᠋ᠢᠨ ᠦᠷ᠎ᠡ ᠳ᠋ᠡᠭᠡᠨ ᠥᠮᠴᠢᠯᠡᠭᠦᠯᠬᠦ ᠤᠤᠭᠠᠯ ᠳᠠᠷᠬᠠᠨ ᠬᠠᠢᠷᠬᠠᠨ

   ᠦᠰᠦᠭ ᠠᠮᠢᠯᠠᠭᠤᠯᠤᠭᠴᠢ᠄ ᠪᠠᠢ· ᠰᠠᠷᠠᠨ᠎ᠠ
   ᠦᠰᠦᠭ ᠬᠠᠳᠠᠭᠴᠢ᠄ ᠪᠠᠢ ᠰᠠᠷᠠᠨ᠎ᠠ
   ᠬᠢᠨᠠᠭᠴᠢ ᠪᠠᠭᠰᠢ᠄ ᠣᠳᠬᠠᠨᠰᠣ᠎ᠠ