ᠰᠡᠳᠬᠢᠯ ᠦ᠋ᠨ ᠴᠡᠨᠡᠭ -ᠴᠢ᠊· ᠤᠷᠠᠨᠴᠡᠴᠡᠭSetgeliin tseneg-Chi·UrntsetsegСэтгэлийн цэнэг-Чи·Урнцэцэг
ᠰᠡᠳᠬᠢᠯ ᠦ᠋ᠨ ᠴᠡᠨᠡᠭ
ᠦᠭᠡ᠄ ᠴᠢ᠊· ᠤᠷᠠᠨᠴᠡᠴᠡᠭ
ᠬᠥᠮᠦᠨ ᠡᠴᠡ ᠢᠯᠡᠭᠦᠦ ᠶᠠᠪᠤᠬᠤ ᠳ᠋ᠤ᠌ ᠪᠠᠨ ᠪᠢᠰᠢ
ᠬᠥᠮᠦᠨ ᠰᠢᠭ ᠬᠥᠮᠦᠨ ᠶᠠᠪᠤᠬᠤ ᠳ᠋ᠤ᠌ ᠪᠠᠨ
ᠬᠥᠭᠵᠢᠮ ᠰᠢᠭ ᠤᠶᠠᠩᠭᠠᠯᠢᠭ ᠬᠡᠯᠡ ᠪᠡᠷ ᠢ᠋ᠶ᠋ᠡᠨ
ᠬᠥᠳᠡᠯᠮᠦᠷᠢ ᠶ᠋ᠢᠨ ᠡᠷᠴᠢᠮ ᠢ᠋ᠶ᠋ᠡᠨ ᠴᠢᠩᠭᠠᠯᠠᠬᠤ ᠰᠠᠢᠬᠠᠨ
ᠬᠥᠮᠦᠨ ᠰᠢᠭ ᠵᠣᠭᠰᠣᠭ᠎ᠠ ᠦᠰᠦᠭ ᠢ᠋ᠶ᠋ᠡᠨ
ᠬᠥᠨᠳᠡᠢ ᠬᠠᠩᠭᠠᠢ ᠪᠠᠷ ᠲᠦᠭᠡᠭᠡᠬᠦ ᠰᠠᠢᠬᠠᠨ
ᠣᠯᠠᠨ ᠤ᠋ ᠳᠤᠮᠳᠠ ᠣᠳᠣ ᠮᠡᠲᠦ ᠭᠢᠯᠠᠯᠵᠠᠬᠤ ᠦᠭᠡᠢ ᠴᠤ᠌
ᠣᠷᠴᠢᠯᠠᠩ ᠤ᠋ᠨ ᠲᠣᠭᠣᠰᠣ ᠶ᠋ᠢ ᠬᠥᠳᠡᠯᠭᠡᠬᠦ ᠰᠠᠢᠬᠠᠨ
ᠤᠳᠤᠮᠲᠤ ᠮᠣᠩᠭᠣᠯ ᠪᠢᠴᠢᠭ ᠢ᠋ᠶ᠋ᠡᠷ ᠢ᠋ᠶ᠋ᠡᠨ
ᠣᠭᠣᠰᠣᠷ ᠦᠭᠡᠢ ᠴᠠᠬᠢᠮ ᠳ᠋ᠤ᠌ ᠪᠦᠵᠢᠢᠬᠦ ᠰᠠᠢᠬᠠᠨ
ᠣᠭᠲᠠᠷᠭᠤᠢ ᠶ᠋ᠢᠨ ᠴᠡᠩᠬᠡᠷ ᠳᠣᠯᠭᠢᠶᠠᠨ ᠢ᠋ᠶ᠋ᠠᠷ
ᠤᠷᠭᠤᠭ᠎ᠠ ᠪᠣᠰᠤᠭ᠎ᠠ ᠦᠰᠦᠭ ᠢ᠋ᠶ᠋ᠡᠨ ᠰᠠᠴᠤᠬᠤ ᠰᠠᠢᠬᠠᠨ
ᠣᠨᠴᠠ ᠶ᠋ᠢᠨ ᠭᠤᠸᠠᠯᠢᠭ ᠪᠢᠴᠢᠭ ᠢ᠋ᠶ᠋ᠡᠷ ᠢ᠋ᠶ᠋ᠡᠨ
ᠣᠶᠤᠨ ᠲᠠᠷᠢᠬᠢ ᠪᠠᠨ ᠴᠡᠨᠡᠭᠯᠡᠬᠦ ᠰᠠᠢᠬᠠᠨ
ᠲᠦᠮᠡᠨ ᠦ᠌ ᠳᠤᠮᠳᠠ ᠲᠦᠢᠮᠡᠷ ᠮᠡᠲᠦ ᠳᠦᠷᠡᠯᠵᠡᠬᠦ ᠦᠭᠡᠢ ᠴᠤ᠌
ᠲᠦᠳᠡᠭ ᠪᠣᠯᠵᠤ ᠲᠥᠪ ᠴᠣᠭᠯᠢᠭ ᠪᠢᠴᠢᠭ ᠢ᠋ᠶ᠋ᠡᠨ
ᠲᠦᠮᠡᠨ ᠣᠯᠠᠨ ᠳ᠋ᠤ᠌ ᠪᠠᠨ ᠲᠠᠷᠬᠠᠭᠠᠬᠤ ᠰᠠᠢᠬᠠᠨ
ᠲᠩᠷᠢᠯᠢᠭ ᠮᠣᠩᠭᠣᠯ ᠦᠰᠦᠭ ᠢ᠋ᠶ᠋ᠡᠨ
ᠲᠠᠯ᠎ᠠ ᠬᠥᠳᠡᠭᠡ ᠳ᠋ᠦ᠍ ᠪᠡᠨ ᠪᠢᠴᠢᠬᠦ ᠰᠠᠢᠬᠠᠨ
ᠲᠠᠢᠪᠤᠩ ᠠᠮᠤᠭᠤᠯᠠᠩ ᠬᠡᠯᠡ ᠪᠡᠷ ᠢ᠋ᠶ᠋ᠡᠨ
ᠲᠠᠮᠢᠷ ᠲᠡᠩᠬᠡᠭᠡ ᠪᠡᠨ ᠨᠥᠬᠥᠬᠦ ᠰᠠᠢᠬᠠᠨ
ᠲᠠᠪᠤᠨ ᠬᠣᠰᠢᠭᠤ ᠮᠠᠯ ᠤ᠋ᠨ ᠢ᠋ᠶ᠋ᠠᠨ ᠴᠤᠤᠷᠢᠶᠠᠨ ᠢ᠋ᠶ᠋ᠠᠷ
ᠰᠠᠭᠠᠲᠠᠭᠤᠯᠤᠭᠳᠠᠬᠤ ᠰᠠᠢᠬᠠᠨ
ᠠᠶᠠᠯᠭ᠎ᠠ ᠪᠠᠶᠠᠰᠬᠤᠯᠠᠩ ᠳᠠᠭᠤᠤ ᠰᠢᠯᠦᠭ ᠢ᠋ᠶ᠋ᠡᠷ ᠢ᠋ᠶ᠋ᠡᠨ
ᠪᠤᠪᠠᠢᠯᠠᠭᠳᠠᠬᠤ ᠰᠠᠢᠬᠠᠨ
ᠠᠶᠠᠨᠳᠠᠭᠠᠨ ᠬᠠᠢᠷᠠᠯᠠᠭᠳᠠᠬᠤ ᠮᠣᠩᠭᠣᠯ ᠰᠣᠶᠣᠯ ᠰᠠᠢᠬᠠᠨ ᠠ᠋ᠴᠠ ᠰᠠᠢᠬᠠᠨ
ᠦᠰᠦᠭ ᠠᠮᠢᠯᠠᠭᠤᠯᠤᠭᠰᠠᠨ ᠨᠢ᠄ ᠴᠢ᠊· ᠤᠷᠠᠨᠴᠡᠴᠡᠭ