ᠮᠣᠩᠭᠣᠯ ᠢᠶᠠᠨ ᠮᠠᠭᠤᠯᠠᠵᠤ ᠬᠠᠷᠢ ᠶᠢᠨ ᠬᠢᠨ ᠳᠦ ᠪᠥᠬᠥᠯᠵᠡᠭᠰᠡᠳ ᠲᠦ- ᠸᠠᠴᠢᠷᠪᠠᠲᠤ ᠶ᠋ᠢᠨ ᠳᠠᠰᠢᠪᠠᠯᠪᠠᠷ Монголоо муулж харийнханд бөхөлзөгсдөд - Очирбатын Дашбалбар ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠣᠩᠭᠣᠯ ᠢᠶᠠᠨ ᠮᠠᠭᠤᠯᠠᠵᠤ ᠬᠠᠷᠢ ᠶᠢᠨ ᠬᠢᠨ ᠳᠦ ᠪᠥᠬᠥᠯᠵᠡᠭᠰᠡᠳ ᠲᠦ- ᠸᠠᠴᠢᠷᠪᠠᠲᠤ ᠶ᠋ᠢᠨ ᠳᠠᠰᠢᠪᠠᠯᠪᠠᠷ Монголоо муулж харийнханд бөхөлзөгсдөд - Очирбатын Дашбалбар

ᠮᠣᠩᠭᠣᠯ ᠢᠶᠠᠨ ᠮᠠᠭᠤᠯᠠᠵᠤ ᠬᠠᠷᠢ ᠶᠢᠨ ᠬᠢᠨ ᠳᠦ ᠪᠥᠬᠥᠯᠵᠡᠭᠰᠡᠳ ᠲᠦ- ᠸᠠᠴᠢᠷᠪᠠᠲᠤ ᠶ᠋ᠢᠨ ᠳᠠᠰᠢᠪᠠᠯᠪᠠᠷ Монголоо муулж харийнханд бөхөлзөгсдөд - Очирбатын Дашбалбар

2025-10-01

317

ᠮᠣᠩᠭᠣᠯ ᠢᠶᠠᠨ ᠮᠠᠭᠤᠯᠠᠵᠤ ᠬᠠᠷᠢ ᠶᠢᠨ ᠬᠢᠨ ᠳᠦ ᠪᠥᠬᠥᠯᠵᠡᠭᠰᠡᠳ ᠲᠦ


 ᠲᠦᠮᠡᠨ ᠮᠢᠨᠢ ᠮᠥᠬᠥᠬᠦ ᠶ᠋ᠢ ᠴᠢ ᠦᠵᠡᠬᠦ ᠦᠭᠡᠢ
 ᠦᠨᠡᠨ ᠮᠢᠨᠢ ᠠᠯᠳᠠᠷᠠᠬᠤ ᠶ᠋ᠢ ᠴᠢ ᠦᠵᠡᠬᠦ ᠦᠭᠡᠢ
 ᠦᠯᠢᠭᠡᠷ ᠮᠢᠨᠢ ᠳᠠᠭᠤᠰᠬᠤ ᠶ᠋ᠢ ᠴᠢ ᠦᠵᠡᠬᠦ ᠦᠭᠡᠢ
 ᠲᠥᠷᠥᠯ ᠮᠢᠨᠢ ᠲᠠᠰᠤᠷᠠᠬᠤ ᠶ᠋ᠢ ᠴᠢ ᠦᠵᠡᠬᠦ ᠦᠭᠡᠢ
 ᠰᠣᠶᠣᠮᠪᠣ ᠮᠢᠨᠢ ᠪᠦᠳᠡᠭᠢᠷᠡᠬᠦ ᠶ᠋ᠢ ᠴᠢ ᠦᠵᠡᠬᠦ ᠦᠭᠡᠢ
 ᠰᠣᠶᠣᠯ ᠮᠢᠨᠢ ᠰᠣᠯᠢᠭᠳᠠᠬᠤ ᠶ᠋ᠢ ᠴᠢ ᠦᠵᠡᠬᠦ ᠦᠭᠡᠢ
 ᠤᠨᠤᠨ ᠮᠢᠨᠢ ᠰᠢᠷᠭᠢᠬᠦ ᠶ᠋ᠢ ᠴᠢ ᠦᠵᠡᠬᠦ ᠦᠭᠡᠢ
 ᠣᠯᠠᠨ ᠮᠢᠨᠢ ᠵᠣᠪᠠᠬᠤ ᠶ᠋ᠢ ᠴᠢ ᠦᠵᠡᠬᠦ ᠦᠭᠡᠢ
 ᠬᠡᠨᠲᠡᠢ ᠮᠢᠨᠢ ᠨᠠᠮᠰᠠᠬᠤ ᠶ᠋ᠢ ᠴᠢ ᠦᠵᠡᠬᠦ ᠦᠭᠡᠢ
 ᠬᠡᠷᠦᠯᠦᠨ ᠮᠢᠨᠢ ᠲᠠᠲᠠᠷᠠᠬᠤ ᠶ᠋ᠢ ᠴᠢ ᠦᠵᠡᠬᠦ ᠦᠭᠡᠢ
 ᠬᠡᠢᠮᠣᠷᠢ ᠮᠢᠨᠢ ᠳᠣᠷᠣᠢᠲᠠᠬᠤ ᠶ᠋ᠢ ᠴᠢ ᠦᠵᠡᠬᠦ ᠦᠭᠡᠢ
 ᠬᠣᠢᠮᠣᠷ ᠮᠢᠨᠢ ᠬᠠᠩᠬᠠᠢᠬᠤ ᠶ᠋ᠢ ᠴᠢ ᠦᠵᠡᠬᠦ ᠦᠭᠡᠢ
 ᠰᠦᠯᠳᠡ ᠮᠢᠨᠢ ᠤᠨᠠᠬᠤ ᠶ᠋ᠢ ᠴᠢ ᠦᠵᠡᠬᠦ ᠦᠭᠡᠢ
 ᠰᠦᠨᠡᠰᠦ ᠮᠢᠨᠢ ᠳᠡᠭᠡᠭᠰᠢᠯᠡᠬᠦ ᠶ᠋ᠢ ᠴᠢ ᠦᠵᠡᠬᠦ ᠦᠭᠡᠢ
 ᠰᠡᠳᠬᠢᠯ ᠮᠢᠨᠢ ᠰᠡᠪᠲᠦᠬᠦ ᠶ᠋ᠢ ᠴᠢ ᠦᠵᠡᠬᠦ ᠦᠭᠡᠢ
 ᠰᠡᠷᠡᠮᠵᠢ ᠮᠢᠨᠢ ᠠᠯᠳᠠᠷᠠᠬᠤ ᠶ᠋ᠢ ᠴᠢ ᠦᠵᠡᠬᠦ ᠦᠭᠡᠢ
 ᠤᠬᠠᠭᠠᠨ ᠮᠢᠨᠢ ᠰᠠᠮᠠᠭᠤᠷᠠᠬᠤ ᠶ᠋ᠢ ᠴᠢ ᠦᠵᠡᠬᠦ ᠦᠭᠡᠢ
 ᠤᠴᠠᠷᠠᠭᠰᠠᠨ ᠮᠢᠨᠢ ᠰᠠᠯᠬᠤ ᠶ᠋ᠢ ᠴᠢ ᠦᠵᠡᠬᠦ ᠦᠭᠡᠢ
 ᠡᠪ ᠮᠢᠨᠢ ᠡᠪᠳᠡᠷᠡᠬᠦ ᠶ᠋ᠢ ᠴᠢ ᠦᠵᠡᠬᠦ ᠦᠭᠡᠢ
 ᠡᠵᠡᠨ ᠮᠢᠨᠢ ᠵᠠᠯᠠᠷᠠᠬᠤ ᠶ᠋ᠢ ᠴᠢ ᠦᠵᠡᠬᠦ ᠦᠭᠡᠢ
 ᠳᠠᠭᠤᠤ ᠮᠢᠨᠢ ᠰᠠᠭᠠᠷᠠᠬᠤ ᠶ᠋ᠢ ᠴᠢ ᠦᠵᠡᠬᠦ ᠦᠭᠡᠢ
 ᠳᠤᠤᠯᠢᠶᠠᠨ ᠮᠢᠨᠢ ᠲᠠᠰᠤᠷᠠᠬᠤ ᠶ᠋ᠢ ᠴᠢ ᠦᠵᠡᠬᠦ ᠦᠭᠡᠢ
 ᠪᠠᠯᠴᠢᠭ ᠰᠢᠪᠠᠷ ᠳᠤᠮᠳᠠ ᠠ᠋ᠴᠠ ᠨᠢ
 ᠪᠠᠳᠮᠠᠯᠢᠩᠬᠤ᠎ᠠ ᠤᠷᠭᠤᠳᠠᠭ ᠶᠤᠮ
 ᠪᠠᠷᠠᠭᠤᠨ ᠰᠢᠭᠤᠢ ᠳᠤᠮᠳᠠ ᠨᠢ
 ᠴᠠᠭᠠᠨ ᠬᠤᠰᠤ ᠬᠢᠷᠠᠯᠵᠠᠳᠠᠭ ᠶᠤᠮ
 ᠬᠣᠭ ᠲᠠᠢ ᠠᠭᠠᠷ ᠳᠤᠮᠳᠠ ᠨᠢ
 ᠰᠡᠷᠴᠢᠭᠢᠨᠡᠩᠬᠡᠨ ᠳᠡᠯᠪᠢᠯᠡᠳᠡᠭ ᠶᠦᠮ
 ᠬᠣᠭ ᠤ᠋ᠨ ᠡᠪᠡᠰᠦᠨ ᠳᠤᠮᠳᠠ ᠨᠢ
 ᠠᠯᠲᠠᠨ ᠬᠠᠷᠭᠠᠨ᠎ᠠ ᠲᠤᠶᠠᠭᠠᠷᠠᠳᠠᠭ ᠶᠤᠮ᠃
 ᠣᠯᠠᠨ ᠲᠡᠨᠡᠭ ᠦ᠋ᠳ ᠦ᠋ᠨ ᠳᠤᠮᠳᠠ ᠠ᠋ᠴᠠ ᠨᠢ
 ᠴᠡᠴᠡᠨ ᠮᠡᠷᠭᠡᠳ ᠨᠢ ᠲᠥᠷᠥᠳᠡᠭ ᠶᠦᠮ
 ᠣᠪᠣᠬᠠᠢ ᠪᠣᠷᠣ ᠭᠡᠷ ᠲᠦ᠍ ᠨᠢ
 ᠬᠦᠴᠦᠲᠦ ᠰᠤᠤᠲᠠᠨ ᠨᠤᠭᠤᠳ ᠲᠥᠷᠥᠳᠡᠭ ᠶᠦᠮ
 ᠣᠷᠴᠢᠯᠠᠩ ᠤ᠋ᠨ ᠵᠢᠮ᠎ᠡ
 ᠭᠤᠲᠤᠷᠠᠬᠤ ᠭᠤᠨᠢᠬᠤ ᠶ᠋ᠢᠨ ᠬᠡᠷᠡᠭ ᠦᠭᠡᠢ
 ᠤᠷᠤᠭ ᠰᠠᠭᠠᠷᠠᠯ ᠮᠠᠨᠠᠨ ᠢ᠋ ᠳᠡᠪᠲᠦᠭᠡᠵᠦ
 ᠰᠠᠷᠠᠨ ᠲᠤᠶᠠᠭᠠᠷᠠᠳᠠᠭ ᠶᠤᠮ
 ᠬᠠᠷᠠᠩᠭᠤᠢ ᠰᠥᠨᠢ ᠶ᠋ᠢᠨ ᠲᠩᠷᠢ ᠳ᠋ᠦ᠍
 ᠣᠳᠣᠳ ᠬᠦᠴᠦᠲᠡᠢ ᠬᠡᠷᠡᠯᠳᠦᠳᠡᠭ
 ᠬᠠᠩᠭᠠᠢ ᠶ᠋ᠢᠨ ᠠᠭᠤᠯᠠ ᠶ᠋ᠢᠨ ᠲᠠᠭᠲᠤᠨ ᠳ᠋ᠤ᠌
 ᠸᠠᠩᠰᠡᠮᠪᠡᠷᠦ ᠤᠷᠭᠤᠳᠠᠭ
 ᠡᠪᠡᠰᠦ ᠨᠣᠭᠣᠭᠠᠨ ᠠ᠋ᠴᠠ ᠵᠠᠢᠳᠠᠭᠤ
 ᠥᠨᠢ ᠮᠥᠩᠬᠡ ᠶ᠋ᠢᠨ ᠵᠢᠪᠡᠷᠭᠡᠨ ᠰᠠᠯᠬᠢᠨ ᠳ᠋ᠤ᠌
 ᠭᠤᠨᠳᠠᠭᠤᠬᠠᠨ ᠪᠠᠢᠵᠤ ᠤᠷᠭᠤᠳᠠᠭ
 ᠠᠮᠢᠳᠤᠷᠠᠯ ᠤ᠋ᠨ ᠬᠠᠷ᠎ᠠ ᠪᠠᠷᠠᠭᠠᠨ ᠠ᠋ᠴᠠ
 ᠭᠡᠷᠡᠯ ᠭᠡᠭᠡ ᠶ᠋ᠢ ᠨᠢ ᠢᠯᠭᠠᠭᠰᠠᠨ
 ᠠᠵᠠ ᠲᠠᠢ ᠲᠡᠷᠡ ᠬᠥᠮᠦᠨ
 ᠠᠯᠤᠰ ᠤ᠋ᠨ ᠵᠠᠮ ᠳ᠋ᠤ᠌ ᠭᠤᠨᠳᠠᠬᠤ ᠦᠭᠡᠢ
 ᠶᠢᠷᠲᠢᠨᠴᠦ ᠶ᠋ᠢᠨ ᠡᠭᠡᠯ ᠠᠮᠢᠳᠤᠷᠠᠯ ᠠ᠋ᠴᠠ ᠵᠥᠪ ᠵᠠᠮ ᠢ᠋ ᠰᠣᠩᠭᠣᠭᠰᠠᠨ
 ᠢᠷᠦᠭᠡᠯ ᠲᠡᠢ ᠲᠡᠷᠡ ᠬᠥᠮᠦᠨ ᠳ᠋ᠦ᠍
 ᠠᠶᠠᠨ ᠤ᠋ ᠣᠯᠵᠠ ᠠᠯᠳᠠᠬᠤ ᠦᠭᠡᠢ
 ᠬᠠᠷᠠᠩᠭᠤᠢ ᠳᠤᠮᠳᠠ ᠭᠡᠷᠡᠯᠲᠦᠳᠡᠭ ᠵᠤᠯᠠ ᠭᠡᠵᠦ ᠪᠠᠢᠳᠠᠭ
 ᠬᠠᠮᠤᠭ ᠤ᠋ᠨ ᠳᠤᠮᠳᠠ ᠠ᠋ᠴᠠ ᠲᠣᠳᠣᠷᠠᠳᠠᠭ ᠬᠤᠲᠤᠭᠲᠤ ᠭᠡᠵᠦ ᠪᠠᠢᠳᠠᠭ
 ᠳᠠᠪᠠᠭ᠎ᠠ ᠬᠡᠳᠦᠢ ᠥᠷᠭᠡᠨ ᠴᠦ᠍ ᠭᠠᠲᠤᠯᠵᠤ ᠴᠢᠳᠠᠭᠰᠠᠨ ᠨᠢ ᠢᠯᠠᠵᠤ ᠪᠠᠢᠳᠠᠭ
 ᠪᠦᠷᠭᠦᠳ ᠪᠣᠯᠵᠣᠮᠣᠷ ᠠ᠋ᠴᠠ ᠠᠶᠤᠳᠠᠭ ᠦᠭᠡᠢ ᠰᠢᠭ
 ᠬᠣᠷᠸ᠎ᠠ ᠠ᠋ᠴᠠ ᠪᠢ ᠠᠶᠤᠬᠤ ᠦᠭᠡᠢ
 ᠠᠷᠰᠯᠠᠨ ᠭᠥᠷᠦᠭᠡᠰᠦᠨ ᠡᠴᠡ ᠠᠶᠤᠳᠠᠭ ᠦᠭᠡᠢ ᠰᠢᠭ
 ᠦᠬᠦᠯ ᠡᠴᠡ ᠪᠢ ᠠᠶᠤᠬᠤ ᠦᠭᠡᠢ
 ᠠᠪᠤ ᠨᠢ ᠬᠦᠦ ᠡᠴᠡ ᠪᠡᠨ ᠠᠶᠤᠳᠠᠭ ᠦᠭᠡᠢ ᠰᠢᠭ
 ᠦᠨᠡᠨ ᠡᠴᠡ ᠪᠢ ᠠᠶᠤᠬᠤ ᠦᠭᠡᠢ᠃