ᠰᠠᠢᠷᠬᠠᠭᠴᠢ ᠴᠢᠨᠠᠷ -ᠴᠢ᠊· ᠤᠷᠠᠨᠴᠡᠴᠡᠭSairkhagch chanar-Chi·UrntsetsegСайрхагч чанар-Чи·Урнцэцэг
ᠰᠠᠢᠷᠬᠠᠭᠴᠢ ᠴᠢᠨᠠᠷ
ᠦᠭᠡ᠄ ᠴᠢ᠊· ᠤᠷᠠᠨᠴᠡᠴᠡᠭ
ᠴᠢᠨᠠᠪᠠᠴᠤ ᠱᠥᠯᠥ ᠨᠡᠢᠯᠡᠬᠦ ᠦᠭᠡᠢ
ᠦᠬᠦᠪᠡᠴᠦ ᠶᠠᠰᠤ ᠨᠡᠢᠯᠡᠬᠦ ᠦᠭᠡᠢ
(ᠠᠷᠠᠳ ᠤ᠋ᠨ ᠰᠡᠴᠡᠨ ᠦᠭᠡ)
ᠲᠥᠷᠥ ᠶ᠋ᠢᠨ ᠬᠣᠰᠢᠭᠤ ᠮᠣᠩᠭᠣᠯ
ᠲᠥᠷᠥᠭᠰᠡᠨ ᠨᠤᠲᠤᠭ ᠮᠣᠩᠭᠣᠯ
ᠲᠥᠷᠥᠯᠬᠢ ᠬᠡᠯᠡ ᠮᠠᠨᠢ ᠮᠣᠩᠭᠣᠯ
ᠳᠥᠲᠡᠯᠡᠭᠰᠡᠨ ᠬᠥᠮᠦᠨ ᠮᠣᠩᠭᠣᠯ
ᠳᠡᠭᠡᠳᠦᠰ ᠡᠴᠡ ᠬᠠᠢᠷᠠᠯᠠᠭᠰᠠᠨ ᠨᠡᠷ᠎ᠡ ᠮᠣᠩᠭᠣᠯ
ᠲᠣᠪᠬᠢᠭᠰᠠᠨ ᠲᠡᠷᠯᠢᠭ ᠨᠢ ᠮᠣᠩᠭᠣᠯ
ᠳᠠᠷᠪᠢᠵᠤ ᠪᠥᠵᠢᠭᠰᠡᠨ ᠨᠢ ᠮᠣᠩᠭᠣᠯ ᠠᠲᠠᠯ᠎ᠠ
ᠲᠥᠷᠥ ᠶ᠋ᠢᠨ ᠬᠡᠯᠡ ᠪᠡᠷ ᠰᠠᠢᠷᠬᠠᠵᠤ
ᠲᠥᠷᠥᠯᠬᠢ ᠬᠡᠯᠡ ᠪᠡᠨ ᠭᠠᠳᠠᠭᠤᠷᠴᠢᠯᠠᠨᠠ ᠤᠤ?
ᠬᠣᠣᠰ ᠬᠡᠯᠡ ᠭᠡᠵᠦ ᠵᠠᠷᠯᠠᠭᠰᠠᠨ ᠠ᠋ᠴᠠ ᠪᠢᠰᠢ
ᠬᠣᠪᠢᠨ ᠤ᠋ ᠬᠡᠯᠡ ᠪᠡᠨ ᠪᠢᠲᠡᠭᠡᠢ ᠬᠡᠯᠡ ᠭᠡᠵᠦ ᠴᠠᠭᠠᠵᠠᠯᠠᠭᠰᠠᠨ ᠦᠭᠡᠢ
ᠲᠥᠷᠥ ᠶ᠋ᠢᠨ ᠬᠡᠯᠡ ᠭᠦᠶᠦᠳᠡᠭ ᠪᠣᠯ
ᠲᠥᠷᠥᠯᠬᠢ ᠬᠡᠯᠡ ᠪᠠᠰᠠ ᠶᠠᠪᠤᠵᠤ ᠪᠠᠢᠬᠤ ᠶᠣᠰᠣᠲᠠᠢ
ᠲᠦᠮᠡᠨ ᠮᠣᠩᠭᠣᠯ ᠤ᠋ᠨ ᠲᠤᠢᠯ ᠨᠢ ᠪᠣᠯᠤᠭᠰᠠᠨ ᠠ᠋ᠴᠠ ᠬᠣᠢᠰᠢ
ᠲᠦᠪᠡᠭ ᠦᠭᠡᠢ ᠲᠥᠷᠥᠯᠬᠢ ᠬᠡᠯᠡ ᠪᠡᠷ ᠢ᠋ᠶ᠋ᠡᠨ ᠶᠠᠷᠢᠬᠤ ᠶᠣᠰᠣᠲᠠᠢ
ᠲᠩᠷᠢᠯᠢᠭ ᠪᠣᠰᠤᠭ᠎ᠠ ᠦᠰᠦᠭ ᠪᠢᠴᠢᠭ ᠢ᠋ᠶ᠋ᠡᠷ ᠢ᠋ᠶ᠋ᠡᠨ ᠪᠢᠴᠢᠬᠦ ᠶᠣᠰᠣᠲᠠᠢ
ᠲᠡᠷᠢᠭᠦᠯᠡᠭᠴᠢ ᠡᠴᠡ ᠦᠨᠳᠦᠰᠦᠲᠡᠨ ᠦ᠌ ᠦᠭᠡ ᠬᠡᠯᠡ ᠦᠰᠦᠭ ᠪᠢᠴᠢᠭ ᠢ᠋
ᠳᠡᠭᠡᠳᠦᠯᠡᠵᠦ ᠳᠡᠭᠵᠢᠷᠡᠭᠦᠯᠵᠦ ᠶᠠᠪᠤ ᠭᠡᠰᠡᠨ ᠡᠴᠡ ᠪᠢᠰᠢ
ᠲᠦᠯᠬᠢᠵᠦ ᠬᠤᠮᠢᠵᠤ ᠲᠦᠮᠡᠨ ᠡᠴᠡ ᠵᠠᠢᠳᠠᠭᠤᠯ ᠭᠡᠰᠡᠨ ᠦᠭᠡᠢ
ᠲᠥᠷᠥ ᠶ᠋ᠢᠨ ᠰᠡᠨᠳᠡᠢ ᠳ᠋ᠦ᠍ ᠰᠠᠭᠤᠯ᠎ᠠ ᠭᠡᠳ ᠲᠡᠷᠡ ᠤᠤ?
ᠲᠥᠷᠥ ᠶ᠋ᠢᠨ ᠠᠯᠪᠠᠨ ᠳ᠋ᠤ᠌ ᠦᠢᠯᠡᠴᠢᠯᠡᠯ᠎ᠡ ᠭᠡᠳ ᠲᠡᠷᠡ ᠤᠤ?
ᠲᠥᠷᠥ ᠶ᠋ᠢᠨ ᠬᠡᠯᠡ ᠪᠡᠷ
ᠲᠠᠯ᠎ᠠ ᠪᠠᠨ ᠬᠣᠭᠣᠰᠣᠷᠠᠲᠠᠯ᠎ᠠ ᠪᠢᠴᠢᠭᠰᠡᠨ ᠴᠤ᠌
ᠲᠠᠩᠨᠠᠢ ᠪᠠᠨ ᠴᠣᠭᠣᠷᠠᠲᠠᠯ᠎ᠠ ᠬᠡᠯᠡᠭᠰᠡᠨ ᠴᠤ᠌
ᠲᠡᠳᠡᠨ ᠳ᠋ᠦ᠍ ᠪᠡᠨ ᠪᠣᠯ ᠬᠠᠰᠢᠶᠠᠯᠠᠪᠠᠴᠤ ᠬᠠᠷᠢ᠂ ᠬᠠᠨᠢ ᠪᠢᠰᠢ
ᠲᠥᠷᠥᠯ ᠠᠷᠠᠯᠵᠢᠭᠰᠠᠨ ᠴᠤ᠌ ᠲᠡᠨᠦᠭᠦᠯ ᠵᠢᠳᠬᠦᠷ᠂
ᠲᠥᠷᠥᠯ ᠪᠢᠰᠢ ᠭᠡᠳᠡᠭ ᠢ᠋ᠶ᠋ᠡᠨ ᠰᠠᠨᠠᠭᠠᠷᠠᠢ!!! ᠰᠡᠳᠬᠢᠭᠡᠷᠡᠢ!!!
ᠤᠴᠢᠷ ᠨᠢ᠄
ᠥᠪᠡᠷ ᠢ᠋ ᠪᠡᠨ ᠭᠣᠯᠣᠭᠰᠠᠨ ᠮᠥᠨ ᠴᠢᠨᠠᠷ ᠢ᠋
ᠥᠷᠥᠭᠡᠯ ᠦ᠋ᠨ ᠬᠥᠮᠦᠨ ᠲᠦᠪᠡᠭ ᠦᠭᠡᠢ ᠲᠠᠨᠢᠨ᠎ᠠ!
ᠲᠠᠨᠢᠭᠰᠠᠨ ᠨᠢᠳᠦ
ᠲᠠᠨᠢᠯ ᠴᠢᠷᠠᠢ ᠳ᠋ᠤ᠌ ᠴᠢᠨᠢ
ᠲᠠᠭᠠᠰᠢᠶᠠᠯ ᠱᠠᠩᠨᠠᠭᠰᠠᠨ ᠴᠤ᠌
ᠲᠠᠬᠢᠬᠤ ᠣᠷᠴᠢᠯᠠᠩ ᠳ᠋ᠤ᠌
ᠳᠠᠭᠠᠵᠢᠩᠨᠠᠯ ᠪᠣᠯᠬᠤ ᠶ᠋ᠢ ᠬᠡᠨ ᠪᠠᠢᠭ ᠭᠡᠬᠦ ᠁ ᠁
ᠳᠡᠭᠡᠷᠡᠬᠢ ᠨᠢ ᠰᠠᠭᠤᠳᠠᠯ ᠢ᠋ᠶ᠋ᠠᠨ ᠣᠯᠬᠤ ᠦᠭᠡᠢ ᠪᠣᠯ
ᠳᠣᠣᠷᠠᠬᠢ ᠨᠢ ᠭᠦᠶᠦᠳᠡᠯ ᠢ᠋ᠶ᠋ᠡᠨ ᠣᠯᠬᠤ ᠦᠭᠡᠢ!
ᠪᠤᠷᠤᠭᠤ ᠵᠠᠮ ᠢ᠋ᠶ᠋ᠠᠷ ᠪᠤᠳᠠᠭ᠎ᠠ ᠲᠡᠭᠡᠭᠡᠪᠡᠯ
ᠪᠤᠴᠠᠬᠤ ᠵᠠᠮ ᠳ᠋ᠤ᠌ ᠪᠠᠨ ᠰᠢᠷᠣᠢ ᠲᠡᠭᠡᠭᠡᠨ᠎ᠡ!
(ᠮᠣᠩᠭᠣᠯ ᠠᠷᠠᠳ ᠤ᠋ᠨ ᠰᠡᠴᠡᠨ ᠦᠭᠡ)
ᠦᠰᠦᠭ ᠠᠮᠢᠯᠠᠭᠤᠯᠤᠭᠰᠠᠨ ᠨᠢ᠄ ᠴᠢ᠊· ᠤᠷᠠᠨᠴᠡᠴᠡᠭ