ᠵᠠᠮᠤᠷ ᠴᠡᠴᠡᠭZamar tsetsegЗамар цэцэг ᠡᠪᠡᠰᠦ ᠤᠷᠭᠤᠮᠠᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠵᠠᠮᠤᠷ ᠴᠡᠴᠡᠭZamar tsetsegЗамар цэцэг

ᠵᠠᠮᠤᠷ ᠴᠡᠴᠡᠭZamar tsetsegЗамар цэцэг

2025-10-01

67

ᠵᠠᠮᠤᠷ ᠴᠡᠴᠡᠭ

   ᠲᠤᠰ ᠡᠮ ᠪᠣᠯ ᠴᠠᠩᠬᠤᠢ ᠴᠡᠴᠡᠭ ᠦ᠋ᠨ ᠢᠵᠠᠭᠤᠷ ᠤ᠋ᠨ ᠤᠷᠭᠤᠮᠠᠯ ᠪᠣᠯᠬᠤ ᠵᠠᠮᠤᠷ ᠴᠡᠴᠡᠭ ᠦ᠋ᠨ ᠬᠠᠲᠠᠭᠠᠭᠰᠠᠨ ᠴᠡᠴᠡᠭ ᠦ᠋ᠨ ᠴᠣᠮᠣᠷᠯᠢᠭ ᠮᠥᠨ᠃ ᠪᠠᠰᠠ ᠰᠧᠪᠢᠮᠧᠳᠦᠭ᠂ ᠰᠧᠶᠥ᠋ᠩ᠂ ᠰᠠᠷᠭᠠᠢ ᠴᠡᠴᠡᠭ ᠭᠡᠳᠡᠭ᠃
   [ ᠤᠤᠯ ᠤᠷᠭᠤᠮᠠᠯ] ᠰᠢᠯᠤᠭᠤᠨ ᠤᠷᠭᠤᠬᠤ ᠪᠤᠲᠠ ᠮᠣᠳᠣ᠃ ᠥᠨᠳᠥᠷ ᠨᠢ2m᠂ ᠡᠰᠢ ᠨᠢ ᠲᠤᠷᠤᠭ ᠪᠦᠳᠦᠭᠦᠨ᠂ ᠮᠥᠴᠢᠷ ᠨᠢ ᠪᠤᠲᠠᠯᠠᠨ᠎ᠠ᠃ ᠢᠬᠴᠤ ᠨᠣᠣᠯᠣᠭᠤᠷ ᠦᠰᠦ᠂ ᠪᠤᠯᠴᠢᠷᠬᠠᠢ ᠦᠰᠦ ᠪᠣᠯᠤᠨ ᠥᠷᠭᠡᠰᠦ ᠲᠡᠢ᠃ ᠰᠣᠨᠳᠣᠭᠣᠢ ᠥᠳᠥᠯᠢᠭ ᠨᠡᠢᠯᠡᠮᠡᠯ ᠨᠠᠪᠴᠢ ᠨᠢ ᠴᠤᠪᠤᠷᠠᠨ ᠤᠷᠭᠤᠨ᠎ᠠ᠂5~9 ᠵᠢᠵᠢᠭ ᠨᠠᠪᠴᠢ ᠲᠠᠢ᠂ ᠵᠤᠤᠪᠠᠩ ᠠ᠋ᠴᠠ ᠵᠤᠤᠪᠠᠩᠯᠢᠭ ᠲᠣᠩᠭᠣᠷᠤᠤ ᠥᠨᠳᠡᠭᠡᠯᠵᠢᠨ ᠬᠡᠯᠪᠡᠷᠢ ᠲᠡᠢ᠂2~5cm ᠤᠷᠲᠤ᠂1~2cm ᠥᠷᠭᠡᠨ᠂ ᠱᠣᠪᠬᠣ ᠪᠤᠶᠤ ᠮᠤᠬᠤᠷ ᠦᠵᠦᠭᠦᠷ ᠲᠡᠢ᠂ ᠲᠣᠭᠣᠷᠢᠭ ᠪᠤᠶᠤ ᠥᠷᠭᠡᠨ ᠱᠠᠭᠠᠨᠲᠠᠭ ᠤᠭ ᠲᠠᠢ᠂ ᠨᠠᠷᠢᠨ ᠬᠢᠷᠥᠭᠡᠨ ᠰᠢᠳᠦᠲᠦ ᠬᠥᠪᠡᠭᠡ ᠲᠡᠢ᠃ ᠨᠠᠪᠴᠢᠨ ᠤ᠋ ᠥᠪᠥᠷ ᠨᠢ ᠪᠦᠳᠡᠭᠢ ᠨᠣᠭᠣᠭᠠᠨ ᠥᠩᠭᠡ ᠲᠡᠢ᠂ ᠦᠰᠦ ᠦᠭᠡᠢ ᠪᠥᠭᠡᠳ ᠦᠷᠴᠢᠭᠢᠷ᠂ ᠠᠷᠤ ᠨᠢ ᠴᠢᠯᠪᠠᠩ ᠴᠠᠭᠠᠨ ᠥᠩᠭᠡ ᠲᠡᠢ᠂ ᠵᠥᠭᠡᠯᠡᠨ ᠦᠰᠦ ᠪᠦᠷᠬᠦᠵᠦ ᠪᠣᠢ᠃ ᠨᠠᠪᠴᠢᠨ ᠪᠠᠷᠢᠭᠤᠯ ᠳᠡᠭᠡᠷ᠎ᠡ ᠨᠢ ᠵᠥᠭᠡᠯᠡᠨ ᠦᠰᠦ ᠪᠣᠯᠤᠨ ᠥᠷᠭᠡᠰᠦ ᠲᠡᠢ᠃ ᠲᠣᠰᠬᠣᠭᠤᠷ ᠨᠠᠪᠴᠢ ᠨᠢ ᠶᠡᠷᠦᠩᠬᠡᠢ ᠨᠠᠪᠴᠢᠨ ᠪᠠᠷᠢᠭᠤᠯ ᠳᠡᠭᠡᠷ᠎ᠡ ᠪᠡᠨ ᠳᠠᠭᠠᠯᠳᠤᠵᠤ ᠪᠠᠢᠳᠠᠭ᠂ ᠬᠢᠷᠥᠭᠡᠨ ᠰᠢᠲᠦ ᠦᠭᠡᠢ᠂ ᠬᠥᠪᠡᠭᠡ ᠪᠡᠷ ᠨᠢ ᠤᠲᠠᠰᠤᠯᠢᠭ ᠲᠣᠯᠪᠣ ᠲᠠᠢ᠃ ᠴᠡᠴᠡᠭ ᠨᠢ ᠭᠠᠭᠴᠠᠭᠠᠷ ᠳᠡᠯᠭᠡᠷᠡᠬᠦ ᠪᠤᠶᠤ ᠬᠡᠳᠦᠨ ᠬᠦᠢᠰ ᠢ᠋ᠶ᠋ᠡᠷ ᠪᠥᠭᠡᠮᠨᠡᠷᠡᠨ ᠳᠡᠯᠭᠡᠷᠡᠨ᠎ᠡ᠂ ᠳ᠋ᠢᠶᠠᠮᠧᠲ᠋ᠷ ᠨᠢ6~8cm᠂ ᠳᠠᠩ ᠬᠡᠯᠲᠡᠰ ᠲᠡᠢ ᠪᠤᠶᠤ ᠳᠠᠪᠬᠤᠷ ᠬᠡᠯᠲᠡᠰ ᠲᠡᠢ᠂ ᠪᠣᠷᠣ ᠪᠤᠶᠤ ᠴᠠᠭᠠᠨ ᠥᠩᠭᠡ ᠲᠡᠢ᠃ ᠴᠡᠴᠡᠭ ᠦ᠋ᠨ ᠪᠠᠷᠢᠭᠤᠯ ᠨᠢ ᠣᠬᠣᠷ᠂ ᠨᠣᠣᠯᠣᠭᠤᠷ ᠦᠰᠦ᠂ ᠪᠤᠯᠴᠢᠷᠬᠠᠢ ᠦᠰᠦ ᠪᠣᠯᠤᠨ ᠥᠷᠭᠡᠰᠦ ᠲᠡᠢ᠃ ᠴᠡᠴᠡᠭ ᠦ᠋ᠨ ᠰᠠᠭᠤᠳᠠᠯ᠂ ᠴᠡᠴᠡᠭ ᠦ᠋ᠨ ᠲᠣᠭᠳᠣᠢ ᠳᠡᠭᠡᠷ᠎ᠡ ᠨᠢ ᠪᠤᠯᠴᠢᠷᠬᠠᠢ ᠦᠰᠦ ᠲᠡᠢ᠂ ᠲᠣᠭᠳᠣᠢ ᠢᠯᠲᠠᠰᠤ ᠨᠢ5᠂ ᠰᠡᠭᠦᠯ ᠰᠢᠭ ᠱᠣᠪᠣᠭᠣᠷ ᠦᠵᠦᠭᠦᠷ ᠲᠡᠢ᠂ ᠰᠢᠯᠤᠭᠤᠨ᠂ ᠳᠣᠲᠣᠷ᠎ᠠ ᠲᠠᠯ᠎ᠠ ᠪᠣᠯᠤᠨ ᠬᠥᠪᠡᠭᠡ ᠪᠡᠷ ᠨᠢ ᠨᠠᠷᠢᠨ ᠦᠰᠦ ᠲᠡᠢ᠃ ᠴᠡᠴᠡᠭ ᠦ᠋ᠨ ᠬᠡᠯᠲᠡᠰ ᠨᠢ5᠃ ᠣᠯᠠᠨ ᠡᠷ᠎ᠡ ᠲᠣᠭᠣᠷᠴᠣᠭ ᠲᠠᠢ᠂ ᠴᠡᠴᠡᠭ ᠦ᠋ᠨ ᠲᠣᠭᠳᠣᠢ ᠶ᠋ᠢᠨ ᠬᠣᠭᠣᠯᠠᠢ ᠶ᠋ᠢᠨ ᠬᠥᠪᠡᠭᠡ ᠳ᠋ᠡᠬᠢ ᠤᠷᠲᠤ ᠲᠠᠪᠠᠭ ᠳᠡᠭᠡᠷ᠎ᠡ ᠤᠷᠭᠤᠨ᠎ᠠ᠃ ᠣᠯᠠᠨ ᠡᠮ᠎ᠡ ᠲᠣᠭᠣᠷᠴᠣᠭ ᠲᠠᠢ᠂ ᠬᠤᠪᠢᠩ ᠬᠡᠯᠪᠡᠷᠢᠲᠦ ᠴᠡᠴᠡᠭ ᠦ᠋ᠨ ᠰᠠᠭᠤᠳᠠᠯ ᠤ᠋ᠨ ᠤᠭ ᠤ᠋ᠨ ᠬᠡᠰᠡᠭ ᠲᠦ᠍ ᠪᠠᠭᠯᠠᠭᠳᠠᠵᠤ ᠪᠣᠢ᠃ ᠲᠤᠷᠠᠩᠬᠠᠢ ᠵᠢᠮᠢᠰ ᠨᠢ ᠶᠠᠰᠤᠯᠢᠭ᠂ ᠬᠠᠪᠲᠠᠭᠠᠢ ᠪᠥᠮᠪᠥᠭᠡᠯᠢᠭ ᠬᠡᠯᠪᠡᠷᠢ ᠲᠡᠢ᠂ ᠪᠦᠳᠡᠭᠢ ᠰᠢᠭ ᠵᠦᠷᠵᠢᠨ ᠤᠯᠠᠭᠠᠨ ᠥᠩᠭᠡ ᠲᠡᠢ᠂ ᠳ᠋ᠢᠶᠠᠮᠧᠲ᠋ᠷ ᠨᠢ2~2.5cm᠃5~6 ᠳ᠋ᠤᠭᠠᠷ ᠰᠠᠷ᠎ᠠ ᠳ᠋ᠤ᠌ ᠴᠡᠴᠡᠭᠯᠡᠵᠦ᠂8~9 ᠳ᠋ᠦ᠍ᠭᠡᠷ ᠰᠠᠷ᠎ᠠ ᠳ᠋ᠤ᠌ ᠵᠢᠮᠢᠰᠯᠡᠨ᠎ᠡ᠃
   [ ᠤᠷᠭᠤᠬᠤ ᠣᠷᠴᠢᠨ ᠬᠢᠭᠡᠳ ᠲᠠᠷᠬᠠᠴᠠ] ᠶᠡᠷᠦ ᠳ᠋ᠡᠭᠡᠨ ᠮᠠᠨ ᠤ᠋ ᠤᠯᠤᠰ ᠤ᠋ᠨ ᠤᠮᠠᠷᠠᠲᠤ ᠬᠡᠰᠡᠭ ᠪᠣᠯᠤᠨ ᠳᠤᠮᠳᠠ ᠬᠡᠰᠡᠭ ᠦ᠋ᠨ ᠨᠠᠮ ᠠᠭᠤᠯᠠᠨ ᠣᠢ ᠳᠤᠮᠳᠠ ᠤᠷᠭᠤᠳᠠᠭ᠃ ᠪᠠᠰᠠ ᠬᠦᠷᠢᠶ᠎ᠡ ᠬᠠᠰᠢᠶ᠎ᠠ ᠪᠣᠯᠤᠨ ᠴᠡᠴᠡᠷᠯᠢᠭ ᠲᠦ᠍ ᠠᠷᠠᠴᠢᠯᠠᠨ ᠲᠠᠷᠢᠵᠤ ᠪᠣᠢ᠃
   [ ᠲᠡᠭᠦᠵᠦ ᠪᠣᠯᠪᠠᠰᠤᠷᠠᠭᠤᠯᠬᠤ]5~6 ᠳ᠋ᠤᠭᠠᠷ ᠰᠠᠷ᠎ᠠ ᠶ᠋ᠢᠨ ᠬᠣᠭᠣᠷᠣᠨᠳᠣ ᠴᠡᠴᠡᠭ ᠦ᠋ᠨ ᠴᠣᠮᠣᠷᠯᠢᠭ ᠨᠢ ᠳᠡᠯᠭᠡᠷᠡᠬᠦ ᠡᠴᠡ ᠡᠮᠦᠨ᠎ᠡ ᠬᠤᠭᠤᠴᠠᠭ᠎ᠠ ᠪᠦᠯᠦᠭ ᠬᠤᠪᠢᠶᠠᠨ ᠲᠡᠭᠦᠵᠦ ᠠᠪᠤᠭᠠᠳ᠂ ᠵᠥᠭᠡᠯᠡᠨ ᠭᠠᠯ ᠳᠡᠭᠡᠷ᠎ᠡ ᠬᠠᠭᠰᠠᠭᠠᠨ ᠬᠠᠲᠠᠭᠠᠨ᠎ᠠ᠃ ᠨᠠᠷᠠᠨ ᠳ᠋ᠤ᠌ ᠳᠡᠯᠭᠡᠪᠡᠯ ᠥᠩᠭᠡ ᠪᠠ ᠦᠨᠦᠷ ᠨᠢ ᠪᠦᠷ ᠠᠨᠠᠢᠬᠠᠨ ᠪᠣᠯᠳᠠᠭ᠃
   [ ᠠᠮᠲᠠ ᠴᠢᠨᠠᠷ ᠡᠷᠳᠡᠮ] ᠠᠮᠲᠠᠯᠢᠭ᠂ ᠥᠴᠦᠬᠡᠨ ᠭᠠᠰᠢᠭᠤᠨ ᠠᠮᠲᠠ ᠲᠠᠢ᠂ ᠲᠡᠭᠰᠢ ᠴᠢᠨᠠᠷ ᠲᠠᠢ᠂ ᠮᠣᠬᠣᠳᠠᠭ᠂ ᠵᠥᠭᠡᠯᠡᠨ᠂ ᠲᠣᠰᠣᠯᠢᠭ᠂ ᠬᠦᠨᠳᠦ ᠡᠷᠳᠡᠮ ᠲᠡᠢ᠃
   [ ᠴᠢᠳᠠᠯ ᠪᠠ ᠭᠣᠣᠯᠳᠠᠭᠤ ᠵᠠᠰᠠᠬᠤ] ᠬᠡᠢ ᠶ᠋ᠢ ᠳᠠᠷᠤᠬᠤ᠂ ᠰᠢᠷ᠎ᠠ ᠶ᠋ᠢ ᠠᠷᠢᠯᠭᠠᠬᠤ᠂ ᠰᠢᠩᠭᠡᠭᠡᠭᠴᠢ ᠰᠢᠷ᠎ᠠ ᠰᠠᠷᠨᠢᠭᠰᠠᠨ ᠢ᠋ ᠬᠤᠷᠢᠶᠠᠬᠤ ᠴᠢᠳᠠᠯ ᠲᠠᠢ᠃ ᠭᠣᠣᠯᠳᠠᠭᠤ ᠬᠡᠢ ᠰᠢᠷ᠎ᠠ᠂ ᠪᠠᠳᠭ᠋ᠠᠨ ᠰᠢᠷ᠎ᠠ᠂ ᠡᠰᠡ ᠰᠢᠩᠭᠡᠭᠰᠡᠨ᠂ ᠬᠣᠳᠣᠭᠣᠳᠣᠨ ᠰᠢᠷ᠎ᠠ᠂ ᠰᠤᠳᠠᠯ ᠤ᠋ᠨ ᠡᠪᠡᠳᠴᠢᠨ᠂ ᠬᠠᠨᠢᠶᠠᠳᠤ ᠵᠡᠷᠭᠡ ᠶ᠋ᠢ ᠵᠠᠰᠠᠬᠤ ᠳ᠋ᠤ᠌ ᠬᠡᠷᠡᠭᠯᠡᠨ᠎ᠡ᠃

   ᠬᠢᠲᠠᠳ ᠨᠡᠷ᠎ᠡ᠄玫瑰花 玫瑰
   ᠠᠩᠭ᠌ᠯᠢ ᠨᠡᠷ᠎ᠡ᠄Rosa rugosa Thunb.

   ᠦᠰᠦᠭ ᠠᠮᠢᠯᠠᠭᠤᠯᠤᠭᠴᠢ᠄ ᠤᠷᠠᠨᠴᠢᠮᠡᠭ
   ᠬᠢᠨᠠᠭᠴᠢ᠄ ᠲᠤᠶᠠᠭ᠎ᠠ