ᠡᠰᠡᠨ ᠲᠠᠢᠰᠢ ᠬᠠᠭᠠᠨEsen taish khaanЭсэн тайш хаан ᠴᠤᠤᠲᠤ ᠬᠥᠮᠥᠰ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠡᠰᠡᠨ ᠲᠠᠢᠰᠢ ᠬᠠᠭᠠᠨEsen taish khaanЭсэн тайш хаан

ᠡᠰᠡᠨ ᠲᠠᠢᠰᠢ ᠬᠠᠭᠠᠨEsen taish khaanЭсэн тайш хаан

ᠠᠩᠭᠢᠯᠠᠯ:ᠴᠤᠤᠲᠤ ᠬᠥᠮᠥᠰ
2025-09-30

160

ᠡᠰᠡᠨ ᠲᠠᠢᠰᠢ ᠬᠠᠭᠠᠨ

   ᠨᠠᠢᠷᠠᠭᠤᠯᠤᠭᠰᠠᠨ ᠨᠢ᠄ ᠱ· ᠴᠸᠶᠢᠨ — ᠣᠢᠳᠤᠪ
   ᠣᠢᠷᠠᠳ ᠠᠢᠮᠠᠭ ᠤ᠋ᠨ ᠴᠣᠷᠣᠰ ᠣᠪᠣᠭᠲᠠᠨ ᠡᠰᠡᠨ ᠲᠠᠢᠰᠢ ᠲᠣᠭᠣᠨ ᠲᠡᠢᠰᠢ ᠶ᠋ᠢᠨ ᠬᠥᠪᠡᠭᠦᠨ᠂ ᠣᠢᠷᠠᠳ ᠤ᠋ᠨ ᠪᠠᠲᠤᠯᠠ ᠴᠢᠩᠰᠠᠩ ᠤ᠋ᠨ ᠠᠴᠢ1407 ᠣᠨ ᠳ᠋ᠤ᠌ ᠲᠥᠷᠥᠭᠰᠡᠨ ᠪᠢᠯᠡ᠃
1434 ᠣᠨ ᠳ᠋ᠤ᠌ ᠡᠰᠡᠨ ᠦ᠌ ᠡᠴᠢᠭᠡ ᠲᠣᠭᠣᠨ ᠲᠠᠢᠵᠢ᠂ ᠲᠠᠢᠽᠦᠢ᠍ᠩ ᠬᠠᠭᠠᠨ ᠲᠣᠳᠣᠪᠣᠬ᠎ᠠ ᠨᠠᠷ ᠵᠡᠭᠦᠨ ᠮᠣᠩᠭᠣᠯ ᠢ᠋ ᠢᠯᠠᠵᠤ᠂ ᠠᠷᠤᠭᠲᠠᠢ ᠲᠡᠢᠰᠢ ᠶ᠋ᠢ ᠬᠥᠨᠥᠭᠡᠵᠡᠢ᠃
1438 ᠣᠨ ᠳ᠋ᠤ᠌ ᠡᠰᠡᠨ ᠦ᠌ ᠡᠴᠢᠭᠡ ᠲᠣᠭᠣᠨ ᠲᠡᠢᠰᠢ᠂ᠲᠠᠢᠽᠦᠢ᠍ᠩ ᠬᠠᠭᠠᠨ ᠲᠣᠳᠣᠪᠣᠬ᠎ᠠ ᠮᠣᠩᠭᠣᠯ ᠤᠯᠤᠰ ᠤ᠋ᠨ23 ᠳ᠋ᠠᠬᠢ ᠬᠠᠭᠠᠨ ᠢ᠋ ᠬᠣᠷᠣᠭᠠᠵᠠᠢ᠃
1439 ᠣᠨ ᠳ᠋ᠤ᠌ ᠲᠣᠭᠣᠨ ᠲᠠᠢᠰᠢ ᠬᠠᠭᠠᠨ ᠰᠠᠭᠤᠬᠤ ᠪᠠᠷ ᠣᠷᠣᠯᠳᠣᠭᠰᠠᠨ ᠪᠣᠯᠪᠠᠴᠤ ᠵᠣᠷᠢᠯᠭ᠎ᠠ ᠳ᠋ᠤ᠌ ᠪᠠᠨ ᠡᠰᠡ ᠬᠦᠷᠪᠡ᠂ ᠲᠡᠭᠡᠭᠡᠳ ᠬᠡᠯᠡᠯᠴᠡᠭᠡᠷ ᠶᠣᠰᠣᠭᠠᠷ ᠠᠵᠠᠢ ᠲᠡᠢᠰᠢ ᠶ᠋ᠢᠨ ᠠᠬᠠᠮᠠᠳ ᠬᠦᠦ ᠲᠣᠳᠣᠪᠣᠬ᠎ᠠ ᠶ᠋ᠢ ᠮᠣᠩᠭᠣᠯ ᠤ᠋ᠨ ᠬᠠᠭᠠᠨ ᠢ᠋ᠶ᠋ᠠᠷ ᠡᠷᠭᠦᠮᠵᠢᠯᠡᠵᠦ᠂ᠲᠠᠢᠽᠦᠢ᠍ᠩ ᠴᠣᠯᠠ ᠣᠯᠭᠣᠭᠠᠳ ᠲᠣᠭᠣᠨ ᠥᠪᠡᠷ ᠢ᠋ᠶ᠋ᠡᠨ ᠲᠠᠢᠰᠢ ᠴᠣᠯᠠ ᠱᠠᠩᠨᠠᠭᠤᠯᠵᠤ ᠪᠠᠢᠭᠰᠠᠨ ᠪᠢᠯᠡ᠃
1444—1466 ᠣᠨ ᠬᠦᠷᠲᠡᠯ᠎ᠡ ᠡᠰᠡᠨ ᠲᠠᠢᠰᠢ ᠤᠳᠠᠭ᠎ᠠ ᠳᠠᠷᠠᠭ᠎ᠠ ᠪᠠᠷ ᠳᠣᠪᠲᠣᠯᠤᠯᠲᠠ ᠬᠢᠵᠦ ᠶᠡᠬᠡ ᠭᠣᠪᠢ ᠶ᠋ᠢᠨ ᠠᠷᠤ ᠥᠪᠥᠷ ᠪᠣᠯᠤᠨ ᠭᠣᠪᠢ ᠶ᠋ᠢᠨ ᠪᠠᠷᠠᠭᠤᠨ ᠬᠡᠰᠡᠭ ᠢ᠋ ᠦᠨᠳᠦᠰᠦᠨ ᠳ᠋ᠦ᠍ ᠪᠡᠨ ᠲᠠᠢᠽᠦᠢ᠍ᠩ ᠬᠠᠭᠠᠨ ᠤ᠋ ᠵᠠᠬᠢᠷᠭᠠᠨ ᠳ᠋ᠤ᠌ ᠣᠷᠣᠭᠤᠯᠵᠠᠢ᠃
ᠮᠢᠩ ᠤᠯᠤᠰ ᠤ᠋ᠨ ᠬᠠᠭᠠᠨ ᠭᠦᠩᠵᠦ ᠪᠡᠨ ᠡᠰᠡᠨ ᠲᠡᠢᠰᠢ ᠶ᠋ᠢᠨ ᠪᠠᠭ᠎ᠠ ᠬᠥᠪᠡᠭᠦᠨ ᠳ᠋ᠦ᠍ ᠥᠭᠬᠦ ᠤᠷᠤᠭ ᠢ᠋ᠶ᠋ᠠᠨ ᠪᠤᠴᠠᠭᠠᠭᠰᠠᠨ ᠠ᠋ᠴᠠ1449 ᠣᠨ ᠤ᠋7 ᠰᠠᠷ᠎ᠠ ᠳ᠋ᠤ᠌ ᠮᠢᠩ ᠤᠯᠤᠰ ᠢ᠋ ᠳᠥᠷᠪᠡᠨ ᠵᠠᠮ ᠢ᠋ᠶ᠋ᠠᠷ ᠳᠠᠭᠠᠷᠢᠯᠲᠠ ᠬᠢᠵᠦ ᠪᠡᠭᠡᠵᠢᠩ ᠬᠦᠷᠦᠭᠰᠡᠨ ᠦ᠌ ᠳᠠᠷᠠᠭ᠎ᠠ ᠮᠢᠩ ᠤᠯᠤᠰ ᠤ᠋ᠨ ᠬᠠᠭᠠᠨ ᠢᠩᠽᠦᠢ᠍ᠩ ᠥᠪᠡᠷ ᠦ᠋ᠨ ᠪᠡᠶ᠎ᠡ ᠪᠡᠷ ᠢ᠋ᠶ᠋ᠡᠨ50 ᠲᠦᠮᠡᠨ ᠴᠡᠷᠢᠭ ᠳᠠᠢᠴᠢᠯᠠᠨ ᠪᠠᠢᠯᠳᠤᠭᠰᠠᠨ ᠪᠣᠯᠪᠠᠴᠤ ᠡᠰᠡᠨ ᠳᠠᠢᠰᠤᠨ ᠢ᠋ ᠠᠷᠤ ᠲᠠᠯ᠎ᠠ ᠳ᠋ᠤ᠌ ᠪᠠᠨ ᠭᠦᠨ ᠣᠷᠣᠭᠤᠯᠬᠤ ᠠᠷᠭ᠎ᠠ ᠶ᠋ᠢ ᠬᠡᠷᠡᠭᠯᠡᠵᠦ᠂ ᠳ᠋ᠦ᠍ ᠮᠦ᠍ ᠪᠦ ᠭᠡᠳᠡᠭ ᠭᠠᠵᠠᠷ ᠮᠢᠩ ᠦ᠋ᠨ ᠬᠠᠭᠠᠨ ᠤ᠋ ᠤᠳᠤᠷᠢᠳᠤᠭᠰᠠᠨ ᠴᠡᠷᠢᠭ ᠢ᠋ ᠪᠤᠲᠠ ᠨᠢᠷᠭᠡᠵᠦ ᠢᠩᠽᠦᠢ᠍ᠩ ᠬᠠᠭᠠᠨ ᠢ᠋ ᠠᠮᠢᠳᠤ ᠪᠠᠷ ᠨᠢ ᠪᠠᠷᠢᠪᠴᠢᠯᠠᠵᠠᠢ᠃ ᠡᠭᠦᠨ ᠢ᠋ ᠲᠡᠦᠬᠡᠨ ᠳ᠋ᠦ᠍《 ᠳ᠋ᠦ᠍ ᠮᠦ᠍ ᠪᠦ ᠶ᠋ᠢᠨ ᠬᠤᠪᠢᠰᠤᠯ》 ᠭᠡᠳᠡᠭ ᠪᠠᠢᠨ᠎ᠠ᠃1450 ᠣᠨ ᠤ᠋7 ᠰᠠᠷ᠎ᠠ ᠳ᠋ᠤ᠌ ᠮᠢᠩ᠂ ᠮᠣᠩᠭᠣᠯ ᠬᠣᠶᠠᠷ ᠤᠯᠤᠰ ᠤ᠋ᠨ ᠡᠷᠬᠡ ᠠᠰᠢᠭ ᠤ᠋ᠨ ᠡᠭᠦᠳᠡᠨ ᠡᠴᠡ ᠢᠩᠽᠦᠢ᠍ᠩ ᠬᠠᠭᠠᠨ ᠢ᠋ ᠤᠯᠤᠰ ᠲᠤ᠌ ᠨᠢ ᠪᠤᠴᠠᠭᠠᠭᠰᠠᠨ ᠶᠤᠮ᠃
ᠡᠰᠡᠨ ᠦ᠌ ᠲᠥᠷᠥᠭᠰᠡᠨ ᠡᠭᠡᠴᠢ ᠪᠣᠯ ᠲᠠᠢᠽᠦᠢ᠍ᠩ ᠬᠠᠭᠠᠨ ᠤ᠋ ᠶᠡᠬᠡ ᠬᠠᠲᠤᠨ ᠲᠡᠢᠮᠦ ᠡᠴᠡ ᠵᠢᠭᠡ ᠬᠦᠦ ᠪᠡᠨ ᠬᠠᠭᠠᠨ ᠣᠷᠣ ᠰᠠᠭᠤᠬᠤ ᠬᠣᠩ ᠲᠠᠢᠵᠢ ᠡᠷᠭᠦᠮᠵᠢᠯᠡᠬᠦ ᠶ᠋ᠢ ᠱᠠᠭᠠᠷᠳᠠᠭᠰᠠᠨ ᠪᠣᠯᠪᠠᠴᠤ ᠬᠠᠭᠠᠨ ᠵᠥᠪᠰᠢᠶᠡᠷᠡᠭᠰᠡᠨ ᠦᠭᠡᠢ ᠤᠴᠢᠷ ᠲᠠᠢᠽᠦᠢ᠍ᠩ ᠬᠠᠭᠠᠨ ᠢ᠋ ᠤᠰᠠᠳᠬᠠᠬᠤ ᠪᠠᠷ ᠰᠢᠢᠳᠴᠡᠢ᠃
1451 ᠣᠨ ᠳ᠋ᠤ᠌ ᠲᠠᠢᠽᠦᠢ᠍ᠩ ᠬᠠᠭᠠᠨ ᠥᠪᠡᠷ ᠦ᠋ᠨ ᠡᠷᠬᠡ ᠰᠦᠷ ᠢ᠋ᠶ᠋ᠡᠨ ᠬᠠᠮᠠᠭᠠᠯᠠᠬᠤ ᠪᠠᠷ ᠳᠡᠭᠦᠦ ᠠᠭᠪᠠᠷᠵᠢᠨ ᠵᠢᠨᠦᠩ ᠪᠠᠭ᠎ᠠ ᠳᠡᠭᠦᠦ ᠮᠠᠨᠳᠤᠭᠤᠯ ᠬᠣᠶᠠᠷ ᠢ᠋ᠶ᠋ᠠᠨ ᠳᠠᠭᠠᠭᠤᠯᠤᠨ ᠡᠰᠡᠨ ᠲᠠᠢᠰᠢ ᠲᠠᠢ ᠪᠠᠢᠯᠳᠤᠭᠰᠠᠨ ᠪᠣᠯᠪᠠᠴᠤ ᠡᠰᠡᠨ ᠬᠣᠣᠷᠲᠤ ᠠᠷᠭ᠎ᠠ ᠪᠠᠷ ᠠᠭᠪᠠᠷᠵᠢᠨ ᠵᠢᠨᠦᠩ ᠢ᠋ ᠠᠬ᠎ᠠ ᠠ᠋ᠴᠠ ᠨᠢ ᠤᠷᠪᠠᠭᠤᠯᠵᠤ᠂ᠲᠠᠢᠽᠦᠢ᠍ᠩ ᠬᠠᠭᠠᠨ ᠢ᠋ ᠳᠠᠢᠯᠠᠵᠠᠢ᠃ᠲᠠᠢᠽᠦᠢ᠍ᠩ ᠬᠠᠭᠠᠨ ᠤᠷᠢᠶᠠᠩᠬᠠᠢ ᠴᠠᠪᠳᠠᠨ ᠤ᠋ ᠳ᠋ᠤ᠌ ᠵᠢᠭᠤᠲᠠᠵᠤ ᠣᠴᠢᠭᠠᠳ ᠬᠠᠳᠠᠮ ᠴᠠᠪᠳᠠᠨ ᠳ᠋ᠤ᠌ ᠬᠣᠣᠷᠯᠠᠭᠳᠠᠵᠠᠢ᠃ ᠢᠩᠭᠢᠵᠦ ᠬᠠᠭᠠᠨ ᠢ᠋ ᠰᠥᠨᠥᠭᠡᠭᠰᠡᠨ ᠦ᠌ ᠬᠣᠢᠨ᠎ᠠ ᠠᠭᠪᠠᠷᠵᠢᠨ ᠵᠢᠨᠦᠩ ᠢ᠋ ᠮᠣᠩᠭᠣᠯ ᠤ᠋ᠨ25 ᠳ᠋ᠠᠬᠢ ᠬᠠᠭᠠᠨ ᠢ᠋ᠶ᠋ᠠᠷ ᠡᠷᠭᠦᠮᠵᠢᠯᠡᠨ ᠰᠠᠭᠤᠯᠭᠠᠵᠠᠢ᠃
1453 ᠣᠨ ᠳ᠋ᠤ᠌ ᠡᠰᠡᠨ ᠲᠠᠢᠰᠢ ᠣᠢᠷᠠᠳ ᠤ᠋ᠨ ᠨᠣᠶᠠᠳ ᠲᠠᠢ ᠮᠣᠩᠭᠣᠯ ᠤ᠋ᠨ ᠬᠠᠭᠠᠨ ᠰᠢᠷᠡᠭᠡ ᠶ᠋ᠢ ᠪᠤᠯᠢᠶᠠᠬᠤ ᠲᠥᠷᠥ ᠶ᠋ᠢᠨ ᠡᠷᠭᠢᠯᠲᠡ ᠭᠠᠷᠭᠠᠪᠠ᠃ ᠠᠭᠪᠠᠷᠵᠢᠨ ᠵᠢᠨᠦᠩ  ᠢ ᠬᠠᠭᠠᠨ ᠰᠢᠷᠡᠭᠡᠨ ᠳ᠋ᠦ᠍ ᠰᠠᠭᠤᠯᠭᠠᠬᠤ ᠶᠣᠰᠣᠯᠠᠯ ᠬᠢᠬᠦ ᠨᠡᠷ᠎ᠡ ᠪᠡᠷ ᠬᠠᠭᠠᠨ ᠤ᠋ ᠨᠣᠶᠠᠳ ᠲᠦᠰᠢᠮᠡᠳ᠂ ᠠᠯᠲᠠᠨ ᠤᠷᠤᠭ ᠤ᠋ᠨ ᠦᠷ᠎ᠡ ᠬᠣᠢᠴᠢᠰ ᠴᠥᠮ ᠢ᠋ ᠠᠯᠠᠵᠠᠢ᠃ ᠭᠠᠭᠴᠠ ᠠᠭᠪᠠᠷᠵᠢᠨ ᠵᠢᠨᠦᠩ ᠦ᠋ᠨ ᠬᠦᠦ ᠭᠠᠳᠠᠨ᠎ᠠ ᠰᠡᠷᠭᠡᠢᠯᠡᠵᠦ ᠪᠠᠢᠭᠰᠠᠨ ᠠ᠋ᠴᠠ ᠠᠮᠢᠳᠤ ᠮᠡᠨᠳᠦ ᠵᠢᠭᠤᠲᠠᠨ ᠭᠠᠷᠤᠭᠰᠠᠨ ᠪᠠᠢᠨ᠎ᠠ᠃ ᠢᠩᠭᠢᠵᠦ ᠡᠰᠡᠨ(ᠠᠯᠲᠠᠨ ᠤᠷᠤᠭ ᠤ᠋ᠨ ᠪᠤᠰᠤ ᠬᠥᠮᠦᠨ ) ᠮᠣᠩᠭᠣᠯ ᠤ᠋ᠨ ᠬᠠᠭᠠᠨ ᠰᠢᠷᠡᠭᠡᠨ ᠳ᠋ᠦ᠍ ᠰᠠᠭᠤᠭᠰᠠᠨ ᠪᠠᠢᠨ᠎ᠠ᠂ ᠬᠠᠭᠠᠨ ᠤ᠋ ᠴᠣᠯᠠ ᠪᠠᠨ《ᠶᠡᠬᠡ ᠶᠤᠸᠠᠨ ᠤᠯᠤᠰ ᠤ᠋ᠨ ᠲᠩᠷᠢᠯᠢᠭ ᠪᠣᠭᠳᠠ ᠬᠠᠭᠠᠨ》 ᠭᠡᠵᠡᠢ᠃ ᠭᠡᠪᠡᠴᠦ ᠰᠠᠢᠨ ᠰᠠᠢᠬᠠᠨ ᠴᠠᠭ ᠲᠤᠩ ᠪᠣᠭᠣᠨᠢ ᠪᠠᠢᠭᠰᠠᠨ ᠠᠵᠠᠢ᠃
1454 ᠣᠨ ᠳ᠋ᠤ᠌ ᠣᠢᠷᠠᠳ ᠤ᠋ᠨ ᠪᠠᠷᠠᠭᠤᠨ ᠭᠠᠷ ᠤ᠋ᠨ ᠴᠢᠩᠰᠠᠩ ᠠᠯᠠᠭᠲᠡᠮᠤᠷ᠂ ᠵᠡᠭᠦᠨ ᠭᠠᠷ ᠤ᠋ᠨ ᠴᠢᠩᠰᠠᠩ ᠬᠠᠳᠠᠨᠲᠡᠮᠤᠷ ᠡᠰᠡᠨ ᠢ᠋ ᠲᠡᠳᠡᠨ ᠳ᠋ᠦ᠍ ᠬᠡᠷᠬᠡᠮ ᠴᠣᠯᠠ ᠬᠦᠷᠲᠡᠭᠡᠭᠰᠡᠨ ᠦᠭᠡᠢ ᠡᠴᠡ ᠴᠡᠷᠢᠭ ᠳᠠᠢᠴᠢᠯᠠᠨ ᠳᠠᠢᠯᠠᠭᠰᠠᠨ ᠳ᠋ᠤ᠌ ᠡᠰᠡᠨ ᠬᠠᠷᠠᠲᠠᠢ ᠢᠯᠠᠭᠳᠠᠵᠤ ᠤᠷᠢᠶᠠᠩᠬᠠᠢ ᠳ᠋ᠤ᠌ ᠵᠢᠭᠤᠲᠠᠵᠤ ᠣᠴᠢᠨ ᠬᠠᠭᠤᠴᠢᠨ ᠦᠰᠲᠡᠨ ᠰᠢᠷᠠᠰᠤᠨ ᠤ᠋ ᠬᠥᠪᠡᠭᠦᠨ ᠳ᠋ᠦ᠍ ᠪᠠᠷᠢᠭᠳᠠᠵᠤ ᠠᠯᠠᠭᠳᠠᠵᠠᠢ᠃
1453—1454 ᠣᠨ ᠳ᠋ᠤ᠌ ᠥᠪᠡᠷ ᠦ᠋ᠨ ᠣᠢᠷᠠᠳ ᠤ᠋ᠨ ᠨᠥᠬᠥᠳ ᠲᠦ᠍ ᠪᠡᠨ ᠠᠯᠠᠭᠠᠳᠠᠬᠤ ᠬᠦᠷᠲᠡᠯ᠎ᠡ ᠭᠠᠭᠴᠠᠬᠠᠨ ᠵᠢᠯ ᠬᠠᠭᠠᠨ ᠰᠢᠷᠡᠭᠡ ᠶ᠋ᠢ ᠡᠵᠡᠩᠨᠡᠭᠡᠳ47 ᠨᠠᠰᠤᠲᠠᠢ ᠳ᠋ᠤ᠌ ᠪᠠᠨ ᠳᠠᠭᠤᠰᠤᠭᠰᠠᠨ ᠮᠣᠩᠭᠣᠯ ᠤ᠋ᠨ ᠲᠡᠦᠬᠡᠨ ᠳ᠋ᠡᠬᠢ26 ᠳ᠋ᠤᠭᠠᠷ ᠬᠠᠭᠠᠨ ᠪᠢᠯᠡ᠃

   ᠢᠷᠡᠯᠲᠡ᠄《ᠮᠣᠩᠭᠣᠯ ᠤ᠋ᠨ ᠭᠤᠴᠢᠨ ᠵᠢᠷᠭᠤᠭᠠᠨ ᠬᠠᠭᠠᠳ ᠤ᠋ᠨ ᠲᠣᠪᠴᠢ ᠨᠠᠮᠲᠠᠷ》 ᠨᠣᠮ ᠠ᠋ᠴᠠ ᠰᠣᠩᠭᠣᠵᠤ ᠨᠠᠢᠷᠠᠭᠤᠯᠤᠨ ᠰᠡᠢᠷᠡᠭᠦᠯᠪᠡ᠃
   ᠦᠰᠦᠭ ᠠᠮᠢᠯᠠᠭᠤᠯᠤᠭᠰᠠᠨ ᠨᠢ᠄ ᠴᠢ᠊· ᠤᠷᠠᠨᠴᠡᠴᠡᠭ