ᠮᠣᠩᠭᠣᠯ ᠦᠨᠳᠦᠰᠦᠲᠡᠨ ᠦ ᠰᠢᠯᠭᠠᠷᠠᠭᠰᠠᠨ ᠠᠷᠠᠳᠴᠢᠯᠠᠭᠰᠠᠨ ᠬᠤᠪᠢᠰᠬᠠᠯᠴᠢ ᠰᠢᠨᠡᠯᠠᠮ᠎ᠠ - ᠬᠣᠶᠠᠳᠤᠭᠠᠷ ᠪᠦᠯᠦᠭ᠂ᠥᠯᠵᠡᠢᠵᠢᠷᠭᠠᠯ– ᠭᠢᠯᠠᠯᠵᠠᠭᠰᠠᠨ ᠨᠢᠭᠡ ᠨᠠᠰᠤ5(2) Шинэлам – 2-р бүлэг᠂ Өлзийжаргал– гялалзсан нэг нас 5(2)
(ᠬᠣᠶᠠᠷ)᠂《ᠭᠠᠯᠠᠭᠤᠲᠤ ᠶ᠋ᠢᠨ ᠴᠢᠭᠤᠯᠭᠠᠨ》 ᠭᠡᠰᠡᠨ ᠳᠠᠭᠤᠤ ᠶ᠋ᠢᠨ ᠲᠤᠬᠠᠢ
ᠲᠤᠰ ᠳᠠᠭᠤᠤ ᠪᠣᠯ1920 ᠣᠨ ᠳᠠᠷᠤᠢ ᠴᠠᠭᠠᠨ ᠪᠡᠴᠢᠨ ᠵᠢᠯ ᠦ᠋ᠨ ᠭᠠᠯᠠᠭᠤᠲᠤ ᠶ᠋ᠢᠨ ᠴᠢᠭᠤᠯᠭᠠᠨ ᠳ᠋ᠤ᠌ ᠳᠤᠭᠤᠢᠯᠠᠩ ᠤ᠋ᠨ ᠬᠥᠮᠦᠰ ᠢ᠋ ᠬᠦᠨᠳᠦ ᠬᠡᠴᠡᠭᠦᠦ ᠡᠷᠡᠭᠦᠦ ᠲᠠᠮᠤᠯᠠᠯ ᠦᠵᠡᠭᠦᠯᠵᠦ᠂ ᠳᠠᠯᠠᠳ ᠳᠠ(ᠲᠤᠬᠠᠢ ᠶ᠋ᠢᠨ ᠦᠶ᠎ᠡ ᠶ᠋ᠢᠨ ᠴᠢᠭᠤᠯᠭᠠᠨ ᠳᠠᠷᠤᠭ᠎ᠠ ᠰᠦᠮᠪᠦᠷᠪᠠᠲᠦ) ᠶ᠋ᠢᠨ ᠲᠦᠰᠢᠮᠡᠯ ᠮᠠᠰᠢᠳᠡᠯᠭᠡᠷ᠂ ᠰᠢᠨᠠᠯᠠᠮ᠎ᠠ ᠶ᠋ᠢ ᠡᠷᠡᠭᠦᠳᠡᠵᠦ᠂ ᠨᠠᠶᠠᠨ ᠵᠢᠩ ᠦ᠋ᠨ ᠲᠡᠮᠦᠷ ᠭᠢᠨᠵᠢ ᠪᠡᠷ ᠳᠥᠩᠭᠡᠯᠡᠵᠦ ᠲᠠᠷᠴᠢᠯᠠᠭᠠᠭᠰᠠᠨ ᠭᠠᠯᠠᠭᠤᠲᠤ ᠶ᠋ᠢᠨ ᠴᠢᠭᠤᠯᠭᠠᠨ ᠤ᠋ ᠦᠨᠡᠨ ᠪᠠᠢᠳᠠᠯ ᠢ᠋ ᠢᠯᠡᠴᠢᠯᠡᠭᠰᠡᠨ ᠲᠡᠦᠬᠡᠲᠦ ᠠᠷᠠᠳ ᠤ᠋ᠨ ᠳᠠᠭᠤᠤ ᠪᠣᠯᠤᠨ᠎ᠠ᠃
ᠡᠨᠡ ᠳᠠᠭᠤᠤ ᠶ᠋ᠢ ᠠᠷᠠᠳ ᠤ᠋ᠨ ᠳᠤᠮᠳᠠ ᠡᠨᠡ ᠨᠢ ᠨᠢᠭᠡ ᠪᠠᠳᠠᠭ ᠰᠢᠯᠦᠭ ᠵᠣᠬᠢᠶᠠᠵᠤ᠂ ᠨᠥᠭᠦᠭᠡ ᠨᠢ ᠪᠠᠰᠠ ᠨᠢᠭᠡ ᠪᠠᠳᠠᠭ ᠡᠷᠭᠦᠭᠰᠡᠭᠡᠷ ᠪᠠᠢᠭᠠᠳ ᠠᠷᠪᠠᠨ ᠬᠡᠳᠦᠨ ᠪᠠᠳᠠᠭ ᠰᠢᠯᠦᠭ ᠪᠣᠯᠵᠤ᠂ ᠮᠠᠯᠴᠢᠨ ᠠᠷᠠᠳ ᠤ᠋ᠨ ᠠᠮᠠᠨ ᠵᠣᠬᠢᠶᠠᠯ ᠢ᠋ᠶ᠋ᠠᠷ ᠪᠦᠷᠢᠯᠳᠦᠭᠰᠡᠨ ᠶᠣᠰᠣᠲᠠᠢ ᠲᠡᠦᠬᠡᠲᠦ ᠠᠷᠠᠳ ᠤ᠋ᠨ ᠳᠠᠭᠤᠤ ᠪᠣᠯᠤᠭᠰᠠᠨ ᠶᠤᠮ᠃
ᠭᠠᠯᠠᠭᠤᠲᠤ ᠶ᠋ᠢᠨ ᠴᠢᠭᠤᠯᠭᠠᠨ ᠪᠠᠢᠨ᠎ᠠ
ᠭᠠᠰᠠᠯᠭᠠᠭᠰᠠᠨ ᠴᠢᠭᠤᠯᠭᠠᠨ ᠪᠠᠢᠨ᠎ᠠ
ᠭᠠᠵᠠᠷ ᠬᠣᠯᠠ ᠶ᠋ᠢᠨ ᠳᠠᠯᠠᠳ ᠳᠠ
ᠭᠠᠪᠠᠯᠠ ᠴᠢᠨᠢ ᠳᠦᠭᠦᠷᠦᠯ᠎ᠡ ᠪᠠ?
ᠳᠠᠷᠢᠰᠣᠣᠠ ᠶ᠋ᠢᠨ ᠬᠡᠦᠬᠡᠨ ᠪᠠᠢᠨ᠎ᠠ
ᠳᠠᠯᠠᠢᠬᠦᠦ ᠶ᠋ᠢᠨ ᠡᠮ᠎ᠡ ᠪᠠᠢᠨ᠎ᠠ
ᠳᠠᠷᠪᠠᠭᠯᠠᠭᠤᠯᠤᠭᠰᠠᠨ ᠳᠠᠯᠠᠳ ᠤ᠋ᠳ ᠤ᠋ᠨ
ᠳᠠᠯᠠᠯᠭ᠎ᠠ ᠶ᠋ᠢᠨ ᠠᠶᠠᠭ᠎ᠠ ᠨᠢ ᠪᠠᠢᠨ᠎ᠠ
ᠢᠳᠡᠬᠦ ᠪᠡᠷ ᠢ᠋ᠶ᠋ᠡᠨ ᠢᠳᠡᠴᠢᠬᠡ ᠳᠡ
ᠤᠤᠭᠤᠬᠤ ᠪᠠᠷ ᠢ᠋ᠶ᠋ᠠᠨ ᠤᠤᠭᠤᠴᠢᠬ᠎ᠠ ᠳᠠ
ᠢᠳᠡᠭᠰᠡᠨ ᠢ᠋ᠶ᠋ᠡᠨ ᠰᠢᠩᠭᠡᠭᠡᠬᠦ ᠦᠭᠡᠢ ᠪᠣᠯᠪᠠᠯᠠ
ᠢᠯᠵᠠᠷᠠᠵᠤ ᠦᠬᠦᠯᠭᠦᠢ ᠳᠡ!
ᠡᠮᠬᠢᠳᠬᠡᠨ ᠨᠠᠢᠷᠠᠭᠤᠯᠤᠭᠴᠢ ᠶ᠋ᠢᠨ ᠦᠭᠡ
ᠦᠦᠰᠢᠨ ᠬᠤᠰᠢᠭᠤᠨ ᠤ᠋ ᠳᠤᠭᠤᠢᠯᠠᠩ ᠤ᠋ᠨ ᠬᠥᠳᠡᠯᠭᠡᠭᠡᠨ ᠡᠬᠢᠯᠡᠭᠰᠡᠨ ᠡᠴᠡ ᠬᠣᠢᠰᠢ ᠳᠠᠷᠤᠢ1828 ᠣᠨ ᠠ᠋ᠴᠠ1933 ᠣᠨ(1933 ᠣᠨ ᠪᠣᠯᠬᠤ ᠳ᠋ᠤ᠌ ᠳᠣᠲᠣᠭᠠᠳᠤ ᠮᠣᠩᠭᠣᠯ ᠤ᠋ᠨ ᠠᠷᠠᠳ ᠤ᠋ᠨ ᠬᠤᠪᠢᠰᠬᠠᠯᠲᠤ ᠨᠠᠮ ᠨᠢᠭᠡᠨᠲᠡ ᠲᠠᠷᠬᠠᠵᠤ᠂ ᠳᠤᠭᠤᠢᠯᠠᠩ ᠤ᠋ᠨ ᠬᠥᠳᠡᠯᠭᠡᠭᠡᠨ ᠴᠦ᠍ ᠲᠡᠦᠬᠡᠲᠦ ᠡᠭᠦᠷᠭᠡ ᠪᠡᠨ ᠪᠡᠶᠡᠯᠡᠭᠦᠯᠵᠦ᠂ ᠲᠤᠬᠠᠢ ᠶ᠋ᠢᠨ ᠬᠥᠮᠦᠰ ᠨᠢ ᠴᠦ᠍ ᠨᠢᠭᠡᠳᠦᠯᠲᠡᠢ᠂ ᠵᠣᠬᠢᠶᠠᠨ ᠪᠠᠢᠭᠤᠯᠤᠯᠲᠠ ᠲᠠᠢ ᠬᠥᠳᠡᠯᠭᠡᠭᠡᠨ ᠦᠭᠡᠢ ᠪᠣᠯᠴᠢᠬᠠᠵᠠᠢ᠃ ᠢᠩᠭᠢᠭᠡᠳ ᠲᠡᠳᠡ ᠥᠭᠡᠷ᠎ᠡ ᠬᠡᠯᠪᠡᠷᠢ ᠵᠦᠭ ᠰᠢᠯᠵᠢᠵᠦ ᠰᠠᠷᠨᠢᠭᠠᠳ ᠥᠪᠡᠷ ᠥᠪᠡᠷᠰᠡᠳ ᠦ᠋ᠨ ᠢ᠋ᠶ᠋ᠡᠨ ᠭᠠᠷᠬᠤ ᠵᠠᠮ ᠢ᠋ᠶ᠋ᠠᠨ ᠰᠣᠩᠭᠣᠵᠠᠢ᠃ ᠡᠢᠮᠦ ᠡᠴᠡ1933 ᠣᠨ ᠬᠦᠷᠲᠡᠯ᠎ᠡ ᠪᠢᠴᠢᠭᠰᠡᠨ ᠢ᠋ᠶ᠋ᠡᠨ ᠲᠣᠳᠣᠷᠬᠠᠢᠯᠠᠮᠤᠢ) ᠬᠦᠷᠲᠡᠯᠡᠬᠢ ᠵᠠᠭᠤ ᠭᠠᠷᠤᠢ ᠵᠢᠯ ᠦ᠋ᠨ ᠬᠤᠭᠤᠴᠠᠭᠠᠨ ᠳ᠋ᠤ᠌ ᠶᠡᠬᠡ ᠵᠣᠣ ᠴᠢᠭᠤᠯᠭᠠᠨ ᠤ᠋ ᠭᠠᠵᠠᠷ ᠠ᠋ᠴᠠ ᠦᠦᠰᠢᠨ ᠬᠤᠰᠢᠭᠤᠨ ᠳ᠋ᠤ᠌ ᠭᠠᠷᠤᠭᠰᠠᠨ ᠲᠣᠮᠣ ᠲᠣᠮᠣ ᠬᠡᠷᠡᠭ ᠵᠠᠷᠭᠤ(ᠳᠡᠭᠡᠭᠰᠢ ᠵᠠᠭᠠᠯᠳᠤᠭᠰᠠᠨ ᠡᠷᠭᠦᠯᠲᠡ ᠭᠣᠮᠣᠳᠠᠯ ᠤ᠋ᠳ) ᠢ᠋ ᠬᠢᠨᠠᠨ ᠰᠢᠢᠳᠬᠡᠵᠦ ᠲᠣᠭᠲᠠᠨᠢᠭᠤᠯᠬᠤ ᠪᠠᠷ ᠦᠦᠰᠢᠨ ᠬᠤᠰᠢᠭᠤᠨ ᠤ᠋ ᠨᠦᠬᠡᠨᠰᠥ᠋ᠮᠡ ᠶ᠋ᠢᠨ ᠴᠢᠭᠤᠯᠭᠠᠨ᠂ ᠬᠠᠯᠢᠭᠤᠲᠤ ᠶ᠋ᠢᠨ ᠴᠢᠭᠤᠯᠭᠠᠨ᠂ ᠮᠠᠩᠬᠠᠲᠤ ᠶ᠋ᠢᠨ ᠴᠢᠭᠤᠯᠭᠠᠨ᠂ ᠳᠣᠭᠣᠯᠲᠠᠢ ᠶ᠋ᠢᠨ ᠴᠢᠭᠤᠯᠭᠠᠨ᠂ ᠪᠠᠷᠰᠤᠬᠠᠢ ᠶ᠋ᠢᠨ ᠴᠢᠭᠤᠯᠭᠠᠨ᠂ ᠰᠢᠨᠡᠰᠦᠮ᠎ᠡ ᠶ᠋ᠢᠨ ᠴᠢᠭᠤᠯᠭᠠᠨ᠂ ᠭᠠᠯᠠᠭᠤᠲᠤ ᠶ᠋ᠢᠨ ᠴᠢᠭᠤᠯᠭᠠᠨ᠂ ᠪᠠᠨᠳᠢᠳᠠ ᠶ᠋ᠢᠨ ᠳᠤᠭᠠᠩ ᠤ᠋ᠨ ᠴᠢᠭᠤᠯᠭᠠᠨ ᠵᠡᠷᠭᠡ ᠴᠢᠭᠤᠯᠭᠠᠨ ᠨᠤᠭᠤᠳ ᠤ᠋ᠨ ᠣᠯᠠᠩᠬᠢ ᠨᠢ ᠳᠤᠭᠤᠢᠯᠠᠩ ᠤ᠋ᠨ ᠬᠥᠳᠡᠯᠭᠡᠭᠡᠨ ᠳ᠋ᠦ᠍ ᠬᠣᠯᠪᠣᠭᠳᠠᠭᠰᠠᠨ ᠤᠴᠢᠷ ᠤ᠋ᠳ ᠪᠠᠢᠭ᠎ᠠ ᠶᠤᠮ᠃
ᠡᠭᠦᠨ ᠦ᠌ ᠳᠣᠲᠣᠷ᠎ᠠ ᠠ᠋ᠴᠠ ᠴᠠᠭᠠᠨ ᠪᠡᠴᠢᠨ ᠵᠢᠯ (1920) ᠶᠢᠨ ᠭᠠᠯᠠᠭᠤᠲᠤ ᠶ᠋ᠢᠨ ᠰᠦᠮ᠎ᠡ ᠳ᠋ᠦ᠍ ᠪᠣᠯᠤᠭᠰᠠᠨ《ᠭᠠᠯᠠᠭᠤᠲᠤ ᠶ᠋ᠢᠨ ᠴᠢᠭᠤᠯᠭᠠᠨ》 ᠪᠣᠯ ᠪᠤᠰᠤᠳ ᠠᠯᠢ ᠨᠢᠭᠡᠨ ᠴᠠᠭ ᠬᠤᠭᠤᠴᠠᠭᠠᠨ ᠳ᠋ᠠᠬᠢ ᠴᠢᠭᠤᠯᠭᠠᠨ ᠠ᠋ᠴᠠ ᠴᠤ᠌ ᠢᠯᠭᠠᠭᠳᠠᠬᠤ ᠣᠨᠴᠠᠭᠠᠢ ᠨᠢᠭᠡ ᠴᠢᠭᠤᠯᠭᠠᠨ ᠪᠣᠯᠤᠨ᠎ᠠ᠃ ᠤᠴᠢᠷ ᠨᠢ᠄ ᠨᠢᠭᠡ ᠳ᠋ᠦ᠍᠂ ᠴᠢᠭᠤᠯᠭᠠᠨ ᠳᠠ ᠶ᠋ᠢᠨ ᠭᠠᠵᠠᠷ ᠠ᠋ᠴᠠ ᠣᠷᠣᠯᠴᠠᠭᠰᠠᠨ ᠲᠦᠰᠢᠮᠡᠯ᠂ ᠳᠠᠭᠠᠯ ᠬᠥᠲᠥᠯ᠂ ᠴᠡᠷᠢᠭ300 ᠭᠠᠷᠤᠢ ᠪᠣᠯᠵᠤ(ᠦᠦᠰᠢᠨ ᠦ᠌ ᠲᠦᠰᠢᠮᠡᠳ ᠪᠠᠭᠲᠠᠨ᠎ᠠ)᠂ ᠲᠤᠬᠠᠢ ᠶ᠋ᠢᠨ ᠦᠶ᠎ᠡ ᠶ᠋ᠢᠨ ᠬᠣᠶᠠᠷ ᠬᠣᠷᠢᠶ᠎ᠠ ᠮᠣᠷᠢᠲᠤ ᠴᠡᠷᠢᠭ ᠲᠡᠢ ᠲᠡᠩᠴᠡᠨ᠎ᠡ᠃ ᠳ᠋ᠠ ᠶᠢᠨ ᠭᠠᠵᠠᠷ ᠠ᠋ᠴᠠ ᠡᠢᠮᠦ ᠵᠤᠵᠠᠭᠠᠨ ᠬᠥᠮᠦᠨ ᠣᠷᠣᠯᠴᠠᠭᠰᠠᠨ ᠴᠢᠭᠤᠯᠭᠠᠨ ᠶᠡᠬᠡ ᠵᠣᠣ ᠶ᠋ᠢᠨ ᠲᠡᠦᠬᠡᠨ ᠳ᠋ᠦ᠍ ᠬᠠᠷᠠᠭᠳᠠᠭ᠎ᠠ ᠦᠭᠡᠢ᠃ ᠬᠣᠶᠠᠷ ᠲᠤ᠌᠂ ᠴᠢᠭᠤᠯᠭᠠᠨ ᠳᠠ ᠶ᠋ᠢᠨ ᠲᠦᠰᠢᠮᠡᠯ ᠪᠣᠯᠤᠨ ᠪᠤᠰᠤᠳ ᠬᠥᠮᠦᠰ ᠦ᠋ᠨ ᠬᠡᠭᠡᠯᠢ ᠬᠠᠬᠤᠤᠯᠢ᠂ ᠶᠡᠬᠡ ᠲᠣᠷᠭᠠᠭᠤᠯᠢ᠂ ᠲᠣᠨᠣᠵᠤ ᠳᠡᠭᠡᠷᠡᠮᠳᠡᠭᠰᠡᠨ ᠮᠥᠩᠭᠥ ᠵᠣᠭᠣᠰ᠂ ᠡᠳ᠋ ᠬᠣᠭᠰᠢᠯ ᠮᠠᠯ ᠤᠨᠤᠭ᠎ᠠ ᠶ᠋ᠢ ᠲᠣᠭᠠᠯᠠᠬᠤᠶᠠ ᠪᠡᠷᠬᠡ᠃ ᠭᠤᠷᠪᠠ ᠳ᠋ᠤ᠌᠂ ᠳᠤᠭᠤᠢᠯᠠᠩ ᠤ᠋ᠨ ᠳᠣᠲᠣᠷᠠᠬᠢ ᠢᠲᠡᠪᠬᠢᠲᠡᠳ ᠢ᠋ ᠬᠦᠨᠳᠦ ᠬᠡᠴᠡᠭᠦᠦ ᠪᠡᠷ ᠲᠡᠮᠦᠯᠡᠨ ᠡᠷᠡᠭᠦᠳᠡᠭᠰᠡᠨ ᠪᠥᠭᠡᠳ ᠢᠯᠠᠩᠭᠤᠶ᠎ᠠ ᠰᠢᠨᠡᠨᠯᠠᠮᠠ ᠶ᠋ᠢ ᠬᠡᠳᠦᠨ ᠰᠠᠷ᠎ᠠ ᠪᠠᠷ ᠬᠠᠢᠯᠠᠰᠤᠨ ᠮᠣᠳᠣᠨ ᠠ᠋ᠴᠠ ᠳᠡᠭᠦᠵᠢᠯᠡᠨ ᠴᠣᠬᠢᠵᠤ᠂ ᠳᠠᠩ ᠤ᠋ᠨ ᠲᠠᠯᠠᠪᠠᠢ ᠳ᠋ᠤ᠌ ᠬᠣᠨᠳᠣᠴᠣᠭ ᠢ᠋ ᠨᠢ ᠴᠣᠬᠢᠨ ᠭᠡᠮᠲᠦᠭᠡᠵᠦ ᠵᠡᠮᠳᠡᠭ ᠬᠥᠮᠦᠨ ᠪᠣᠯᠭᠠᠵᠠᠢ᠃ ᠡᠢᠮᠦ ᠡᠴᠡ ᠡᠷᠡᠭᠦᠦ ᠶ᠋ᠢᠨ ᠬᠠᠤᠯᠢ ᠪᠣᠯᠤᠨ ᠵᠡᠷᠯᠢᠭ ᠬᠠᠤᠯᠢ ᠦᠵᠡᠭᠦᠯᠦᠭᠰᠡᠨ ᠢ᠋ᠶ᠋ᠡᠷ ᠬᠠᠮᠤᠭ ᠰᠦᠷᠡᠬᠡᠢ ᠪᠣᠯᠵᠠᠢ᠃ ᠳᠥᠷᠪᠡ ᠳ᠋ᠦ᠍᠂ ᠴᠢᠭᠤᠯᠭᠠᠨ ᠳᠠ ᠶ᠋ᠢᠨ ᠬᠢᠨ ᠭᠠᠯᠠᠭᠤᠲᠤ ᠶ᠋ᠢᠨ ᠰᠦᠮ᠎ᠡ ᠳᠡᠭᠡᠷ᠎ᠡ ᠢᠷᠡᠭᠡᠳ ᠳᠠᠬᠢᠨ ᠪᠤᠴᠠᠨ ᠶᠠᠪᠤᠲᠠᠯ᠎ᠠ3 ᠰᠠᠷ᠎ᠠ ᠪᠣᠯᠤᠭᠰᠠᠨ ᠶᠠᠪᠤᠳᠠᠯ ᠨᠢ ᠶᠡᠬᠡ ᠵᠣᠣ ᠶ᠋ᠢᠨ ᠴᠢᠭᠤᠯᠭᠠᠨ ᠳ᠋ᠤ᠌ ᠤᠷᠢᠳ ᠡᠮᠦᠨ᠎ᠡ ᠭᠠᠷᠤᠭᠠᠳᠤᠢ ᠲᠡᠦᠬᠡᠨ ᠲᠡᠮᠳᠡᠭᠯᠡᠯ ᠢ᠋ ᠳᠠᠪᠠᠭᠰᠠᠨ ᠤᠷᠲᠤ ᠴᠢᠭᠤᠯᠭᠠᠨ ᠪᠣᠯᠵᠠᠢ᠃ ᠲᠠᠪᠤ ᠳ᠋ᠤ᠌᠂ ᠶᠡᠬᠡ ᠵᠣᠣ ᠶ᠋ᠢᠨ ᠲᠡᠦᠬᠡᠨ ᠳ᠋ᠦ᠍ ᠦᠭᠡᠢ ᠲᠣᠮᠣ ᠴᠢᠭᠤᠯᠭᠠᠨ ᠪᠣᠯᠤᠭᠰᠠᠨ ᠪᠣᠯᠪᠠᠴᠤ ᠠᠰᠠᠭᠤᠳᠠᠯ ᠢ᠋ ᠴᠠᠭᠠᠳᠬᠠᠵᠤ ᠬᠡᠷᠡᠭ ᠤᠴᠢᠷ ᠢ᠋ ᠰᠢᠢᠳᠪᠦᠷᠢᠯᠡᠵᠦ ᠣᠭᠲᠣ ᠴᠢᠳᠠᠭᠰᠠᠨ ᠦᠭᠡᠢ᠃ ᠲᠤᠬᠠᠢᠯᠠᠪᠠᠯ ᠰᠢᠨᠡᠯᠡᠮ᠎ᠡ ᠴᠣᠭᠲᠥ᠋ᠬᠦᠷᠡᠩ ᠢ᠋ ᠳᠣᠬᠢᠵᠤ ᠬᠠᠲᠤᠨ ᠨᠠᠷᠠᠨᠭᠡᠷᠡᠯ ᠢ᠋ ᠠᠯᠠᠭᠰᠠᠨ ᠦᠨᠡᠨ ᠤᠴᠢᠷ ᠤ᠋ᠨ ᠥᠴᠢᠭ ᠢ᠋ ᠣᠯᠵᠤ ᠴᠢᠳᠠᠭᠰᠠᠨ ᠦᠭᠡᠢ ᠲᠤᠯᠠ ᠲᠠᠢᠵᠢ ᠸᠠᠩᠴᠤᠭᠷᠠᠪᠳᠠᠨ ᠤ᠋ ᠵᠠᠭᠠᠯᠳᠤᠯᠭ᠎ᠠ ᠨᠢ ᠶᠠᠮᠠᠷ ᠴᠤ᠌ ᠦᠷ᠎ᠡ ᠳ᠋ᠦᠩ ᠭᠠᠷᠤᠭᠰᠠᠨ ᠦᠭᠡᠢ᠃ ᠭᠠᠯᠠᠭᠤᠲᠤ ᠶ᠋ᠢᠨ ᠴᠢᠭᠤᠯᠭᠠᠨ ᠨᠢ ᠳᠤᠭᠤᠢᠯᠠᠩ ᠤ᠋ᠨ ᠬᠥᠳᠡᠯᠭᠡᠭᠡᠨ ᠢ᠋ ᠳᠠᠷᠤᠩᠭᠤᠢᠯᠠᠵᠤ᠂ ᠳᠠᠷᠤᠢ ᠳᠠᠯᠠᠨ ᠠᠨᠳᠠ ᠶ᠋ᠢᠨ ᠪᠡᠶ᠎ᠡ ᠮᠠᠬᠠᠪᠣᠳ ᠣᠶᠤᠨ ᠰᠠᠨᠠᠭᠠᠨ ᠳ᠋ᠤ᠌ ᠬᠦᠨᠳᠦ ᠬᠡᠴᠡᠭᠦᠦ ᠲᠠᠯᠬᠢᠭᠳᠠᠯ ᠬᠣᠬᠢᠷᠠᠯ ᠪᠣᠯᠤᠭᠰᠠᠨ ᠪᠣᠯᠪᠠᠴᠤ ᠦᠦᠰᠢᠨ ᠬᠤᠰᠢᠭᠤᠨ ᠤ᠋ ᠳᠤᠭᠤᠢᠯᠠᠩ ᠢ᠋ ᠲᠠᠷᠬᠠᠭᠠᠵᠤ ᠴᠢᠳᠠᠭᠰᠠᠨ ᠦᠭᠡᠢ᠂《ᠳᠠᠷᠤᠯᠲᠠ ᠬᠡᠳᠦᠢ ᠶᠡᠬᠡ ᠪᠣᠯ ᠡᠰᠡᠷᠭᠦᠴᠡᠯ ᠲᠡᠳᠦᠢ ᠶᠡᠬᠡ》 ᠭᠡᠳᠡᠭ ᠢ᠋ᠶ᠋ᠡᠷ ᠰᠢᠨᠡᠯᠡᠮ᠎ᠡ ᠶ᠋ᠢᠨ ᠤᠳᠤᠷᠢᠳᠤᠭᠰᠠᠨ ᠦᠦᠰᠢᠨ ᠬᠤᠰᠢᠭᠤᠨ ᠤ᠋ ᠳᠤᠭᠤᠢᠯᠠᠩ ᠤ᠋ᠨ ᠬᠥᠳᠡᠯᠭᠡᠭᠡᠨ ᠭᠠᠯᠠᠭᠤᠲᠤ ᠶ᠋ᠢᠨ ᠴᠢᠭᠤᠯᠭᠠᠨ ᠠ᠋ᠴᠠ ᠬᠣᠢᠰᠢ ᠨᠡᠩ ᠶᠡᠬᠡ ᠪᠡᠷ ᠥᠷᠭᠡᠵᠢᠨ ᠬᠥᠭᠵᠢᠵᠡᠢ᠃
ᠦᠰᠦᠭ ᠠᠮᠢᠯᠠᠭᠤᠯᠤᠭᠴᠢ᠄ ᠪᠠᠯ᠂ ᠰᠠᠷᠠᠨᠲᠤᠶᠠᠭ᠎ᠠ᠂ ᠣᠶᠤᠨᠪᠢᠯᠢᠭ᠌
ᠬᠢᠨᠠᠭᠴᠢ᠄ ᠣᠳᠬᠣᠨᠴᠡᠴᠡᠭ᠂ ᠠᠯᠲᠠᠨᠱᠠ᠂ ᠪᠠᠯ