ᠮᠣᠩᠭᠣᠯ ᠦᠨᠳᠦᠰᠦᠲᠡᠨ ᠦ ᠰᠢᠯᠭᠠᠷᠠᠭᠰᠠᠨ ᠠᠷᠠᠳᠴᠢᠯᠠᠭᠰᠠᠨ ᠬᠤᠪᠢᠰᠬᠠᠯᠴᠢ ᠰᠢᠨᠡᠯᠠᠮ᠎ᠠ - ᠬᠣᠶᠠᠳᠤᠭᠠᠷ ᠪᠦᠯᠦᠭ᠂ᠥᠯᠵᠡᠢᠵᠢᠷᠭᠠᠯ– ᠭᠢᠯᠠᠯᠵᠠᠭᠰᠠᠨ ᠨᠢᠭᠡ ᠨᠠᠰᠤ5(1) Шинэлам – 2-р бүлэг᠂ Өлзийжаргал– гялалзсан нэг нас 5(1)
ᠲᠠᠪᠤ ᠂ ᠭᠠᠯᠠᠭᠤᠲᠤ ᠶ᠋ᠢᠨ ᠴᠢᠭᠤᠯᠭᠠᠨ ᠪᠠ ᠲᠡᠭᠦᠨ ᠡᠴᠡ ᠬᠣᠢᠰᠢᠬᠢ ᠤᠴᠢᠷ ᠶᠠᠪᠤᠳᠠᠯ ᠤ᠋ᠳ
(ᠨᠢᠭᠡ)᠂ 《ᠭᠠᠯᠠᠭᠤᠲᠤ ᠶ᠋ᠢᠨ ᠴᠢᠭᠤᠯᠭᠠᠨ》
《ᠵᠢᠷᠠᠨ ᠠᠨᠳᠠ》 ᠶ᠋ᠢᠨ ᠲᠦᠷᠦᠭᠦᠦ ᠸᠠᠩᠴᠤᠭᠷᠠᠪᠳᠠᠨ ᠪᠣᠯ ᠶᠡᠬᠡ ᠪᠢᠴᠢᠭ ᠦ᠋ᠨ ᠬᠥᠮᠦᠨ ᠮᠥᠷᠲᠡᠭᠡᠨ ᠰᠡᠴᠡᠨ ᠰᠡᠷᠭᠦᠯᠡᠩ ᠲᠠᠢᠵᠢ ᠢᠵᠠᠭᠤᠷᠲᠠᠨ ᠶᠤᠮ᠂ ᠲᠡᠷᠡ ᠰᠢᠨᠠᠯᠠᠮ᠎ᠠ ᠲᠠᠢ ᠨᠢᠭᠡ ᠨᠤᠲᠤᠭ ᠤ᠋ᠨ ᠬᠥᠮᠦᠨ ᠪᠣᠯᠪᠠᠴᠤ᠂ ᠤᠯᠤᠰ ᠲᠥᠷᠥ ᠶ᠋ᠢᠨ ᠵᠣᠷᠢᠯᠭ᠎ᠠ ᠨᠢ ᠲᠡᠭᠦᠨ ᠲᠡᠢ ᠠᠳᠠᠯᠢ ᠪᠤᠰᠤ ᠪᠠᠢᠪᠠ᠃ ᠠᠷᠠᠳ ᠤ᠋ᠨ ᠵᠦᠢᠷ ᠰᠡᠴᠡᠨ ᠦᠭᠡᠨ ᠳ᠋ᠦ᠍ᠷ《ᠵᠢᠪᠠᠷ ᠨᠡᠪᠲᠡᠷᠡᠬᠦ ᠦᠭᠡᠢ ᠬᠡᠷᠡᠮ ᠭᠡᠵᠦ ᠪᠠᠢᠳᠠᠭ ᠦᠭᠡᠢ》 ᠭᠡᠳᠡᠭ ᠢ᠋ᠶ᠋ᠡᠷ ᠰᠢᠨᠡᠯᠡᠮ᠎ᠡ ᠬᠥᠮᠦᠨ ᠲᠣᠮᠢᠯᠠᠵᠤ ᠬᠠᠲᠤᠨ ᠨᠠᠷᠠᠨᠭᠡᠷᠡᠯ ᠢ᠋ ᠠᠯᠠᠭᠰᠠᠨ ᠤᠴᠢᠷ ᠤ᠋ᠨ ᠠᠨᠢᠷ ᠢ᠋ ᠸᠠᠩᠴᠤᠭᠷᠠᠪᠳᠠᠨ ᠲᠠᠢᠵᠢ ᠮᠡᠳᠡᠴᠢᠬᠡᠭᠰᠡᠨ ᠲᠤᠯᠠ᠂ ᠶᠡᠬᠡ ᠵᠣᠣ ᠶ᠋ᠢᠨ ᠴᠢᠭᠤᠯᠭᠠᠨ ᠤ᠋ ᠲᠤᠰᠠᠯᠠᠨ ᠰᠢᠢᠳᠬᠡᠭᠴᠢ᠂ ᠣᠲᠣᠭ ᠬᠤᠰᠢᠭᠤᠨ ᠤ᠋ ᠵᠠᠰᠠᠭ ᠨᠣᠶᠠᠨ ᠭᠠᠯᠰᠠᠩᠷᠤᠯᠮᠠᠸᠠᠩᠵᠠᠯᠵᠠᠮᠰᠤ ᠳ᠋ᠤ᠌《ᠳᠠᠯᠠᠨ ᠠᠨᠳᠠ》 ᠶ᠋ᠢᠨ ᠪᠦᠯᠦᠭ ᠨᠢ《ᠨᠠᠪᠴᠢᠲᠤ ᠡᠷᠭᠦᠮᠵᠢᠯᠡᠯᠲᠦ ᠰᠡᠴᠡᠨ ᠬᠠᠲᠤᠨ》 ᠨᠠᠷᠠᠨᠭᠡᠷᠡᠯ ᠢ᠋ ᠨᠢᠭᠤᠴᠠ ᠪᠠᠷ ᠠᠯᠠᠵᠠᠢ ᠭᠡᠵᠦ ᠵᠠᠭᠠᠯᠳᠤᠯᠭ᠎ᠠ ᠬᠢᠵᠡᠢ᠃ ᠢᠩᠭᠢᠭᠡᠳ ᠴᠢᠭᠤᠯᠭᠠᠨ ᠤ᠋ ᠲᠤᠰᠠᠯᠠᠨ ᠰᠢᠢᠳᠬᠡᠭᠴᠢ ᠡᠴᠡ ᠦᠦᠰᠢᠨ ᠬᠤᠰᠢᠭᠤᠨ ᠤ᠋ ᠲᠣᠭᠣᠷᠢᠮ ᠤ᠋ᠨ ᠰᠦᠮ᠎ᠡ ᠳᠡᠭᠡᠷ᠎ᠡ ᠴᠢᠭᠤᠯᠭᠠᠨ ᠪᠣᠯᠵᠤ ᠬᠡᠷᠡᠭ ᠢ᠋ ᠰᠢᠢᠳᠪᠦᠷᠢᠯᠡᠬᠦ ᠪᠡᠷ ᠵᠠᠷᠯᠠᠪᠠ᠃《ᠳᠠᠯᠠᠨ ᠠᠨᠳᠠ》 ᠶ᠋ᠢᠨ ᠪᠦᠯᠦᠭ ᠡᠴᠡ ᠣᠲᠣᠭ ᠨᠣᠶᠠᠨ ᠢᠷᠡᠬᠦ ᠡᠴᠡ ᠡᠮᠦᠨᠡᠬᠢ ᠪᠡᠯᠡᠳᠬᠡᠯ ᠦ᠋ᠳ ᠢ᠋ ᠣᠯᠠᠨ ᠲᠠᠯ᠎ᠠ ᠪᠠᠷ ᠬᠠᠷᠰᠢᠯᠠᠭᠰᠠᠨ ᠠ᠋ᠴᠠ ᠪᠣᠯᠵᠤ ᠡᠨᠡ ᠤᠳᠠᠭ᠎ᠠ ᠶ᠋ᠢᠨ ᠲᠣᠭᠣᠷᠢᠮ ᠤ᠋ᠨ ᠰᠦᠮ᠎ᠡ ᠳ᠋ᠡᠬᠢ ᠴᠢᠭᠤᠯᠭᠠᠨ ᠪᠦᠲᠦᠭᠰᠡᠨ ᠦᠭᠡᠢ᠃ ᠢᠩᠭᠢᠭᠰᠡᠨ ᠳ᠋ᠦ᠍ ᠲᠤᠰᠠᠯᠠᠨ ᠰᠢᠢᠳᠬᠡᠭᠴᠢ ᠡᠴᠡ ᠲᠤᠬᠠᠢ ᠶ᠋ᠢᠨ ᠦᠶ᠎ᠡ ᠶ᠋ᠢᠨ ᠶᠡᠬᠡ ᠵᠣᠣ ᠶ᠋ᠢᠨ ᠴᠢᠭᠤᠯᠭᠠᠨ ᠤ᠋ ᠲᠡᠷᠢᠭᠦᠨ ᠪᠣᠯᠬᠤ ᠳᠡᠯᠡᠳ ᠬᠤᠰᠢᠭᠤᠨ ᠤ᠋ ᠵᠠᠰᠠᠭ ᠨᠣᠶᠠᠨ ᠰᠥᠮᠪᠥᠷᠪᠠᠲᠤ ᠳ᠋ᠤ᠌ ᠵᠠᠷᠭᠤ ᠶ᠋ᠢ ᠳᠠᠮᠵᠢᠭᠤᠯᠤᠨ ᠮᠡᠳᠡᠭᠦᠯᠦᠭᠰᠡᠨ ᠪᠠᠢᠨ᠎ᠠ᠃
ᠲᠡᠷᠡ ᠦᠶ᠎ᠡ ᠳ᠋ᠦ᠍ ᠵᠡᠭᠦᠨᠭᠠᠷ ᠬᠣᠰᠢᠭᠤ᠂ ᠳᠡᠯᠡᠳ ᠬᠣᠰᠢᠭᠤ᠂ ᠬᠠᠩᠭᠢᠨ ᠬᠣᠰᠢᠭᠤ᠂ ᠣᠲᠣᠭ ᠬᠣᠰᠢᠭᠤ᠂ ᠦᠦᠰᠢᠨ ᠬᠣᠰᠢᠭᠤ᠂ ᠵᠠᠰᠠᠭ ᠬᠤᠰᠢᠭᠤᠨ ᠳ᠋ᠤ᠌ ᠬᠡᠪᠴᠢᠶ᠎ᠡ ᠨᠢ ᠠᠳᠠᠯᠢ ᠦᠭᠡᠢ ᠡᠳᠦᠢ ᠲᠡᠳᠦᠢ ᠳᠤᠭᠤᠢᠯᠠᠩ ᠤ᠋ᠨ ᠬᠥᠳᠡᠯᠭᠡᠭᠡᠨ ᠥᠷᠨᠢᠵᠦ ᠪᠠᠢᠵᠠᠢ᠃ ᠡᠢᠮᠦ ᠡᠴᠡ ᠳᠡᠯᠡᠳ ᠳᠠ《ᠨᠢᠭᠡ ᠦᠬᠡᠷ ᠦ᠋ᠨ ᠡᠪᠡᠷ ᠢ᠋ ᠴᠣᠬᠢᠵᠤ ᠵᠠᠭᠤᠨ ᠦᠬᠡᠷ ᠢ᠋ ᠠᠶᠤᠯᠭᠠᠬᠤ》 ᠪᠠᠷ ᠵᠣᠷᠢᠭ ᠰᠢᠭᠤᠳᠴᠤ ᠵᠠᠭᠠᠯᠳᠤᠯᠭ᠎ᠠ ᠶ᠋ᠢ ᠴᠢᠬᠤᠯᠠᠴᠢᠯᠠᠵᠤ ᠲᠤᠰᠠᠯᠠᠭᠴᠢ ᠲᠠᠢᠵᠢ ᠮᠠᠰᠢᠳᠡᠯᠭᠡᠷ ᠲᠦ᠍ ᠲᠦᠰᠢᠮᠡᠯ ᠳᠠᠭᠠᠯ ᠬᠥᠲᠥᠯ᠂ ᠬᠠᠮᠠᠭᠠᠯᠠᠭᠴᠢ ᠴᠡᠷᠢᠭ᠂ ᠰᠤᠪᠢᠯᠠᠭᠴᠢ ᠵᠡᠷᠭᠡ ᠭᠤᠷᠪᠠᠨ ᠵᠠᠭᠤ ᠰᠢᠬᠠᠮ ᠬᠥᠮᠦᠨ ᠢ᠋ ᠳᠠᠭᠠᠭᠤᠯᠤᠨ ᠳᠡᠯᠡᠳ ᠬᠤᠰᠢᠭᠤᠨ ᠠ᠋ᠴᠠ ᠦᠦᠰᠢᠨ ᠬᠤᠰᠢᠭᠤᠨ ᠤ᠋ ᠭᠠᠯᠠᠭᠤᠲᠤ ᠶ᠋ᠢᠨ ᠰᠦᠮ᠎ᠡ ᠳ᠋ᠦ᠍ ᠴᠢᠭᠤᠯᠭᠠᠨ ᠤ᠋ ᠴᠤᠭᠯᠠᠭᠠᠨ ᠪᠣᠯᠵᠤ ᠰᠢᠨᠠᠯᠠᠮ᠎ᠠ ᠶ᠋ᠢ ᠳᠠᠷᠤᠩᠭᠤᠢᠯᠠᠬᠤ ᠪᠠᠷ ᠪᠦᠷᠢᠳᠦᠯ᠎ᠡ᠃
ᠴᠢᠭᠤᠯᠭᠠᠨ ᠡᠬᠢᠯᠡᠬᠦ ᠦᠶᠡᠰ ᠵᠥᠪᠬᠡᠨ ᠦᠦᠰᠢᠨ ᠨᠣᠶᠠᠨ ᠤ᠋ ᠪᠦᠯᠦᠭ ᠪᠣᠯᠤᠨ ᠵᠠᠭᠠᠯᠳᠤᠭᠴᠢ ᠡᠲᠡᠭᠡᠳ ᠦ᠋ᠨ ᠬᠥᠮᠦᠰ ᠴᠤᠭᠯᠠᠷᠠᠪᠠ᠃ ᠮᠠᠰᠢᠳᠡᠯᠭᠡᠷ ᠲᠤᠰᠠᠯᠠᠭᠴᠢ ᠠ᠋ᠴᠠ ᠰᠢᠨᠡᠯᠡᠮ᠎ᠡ ᠪᠣᠯᠤᠨ ᠲᠡᠳᠡᠨ ᠦ᠌ ᠳᠤᠭᠤᠢᠯᠠᠩ ᠤ᠋ᠨ ᠬᠥᠮᠦᠰ ᠢ᠋ ᠭᠤᠷᠪᠠᠨ ᠡᠳᠦᠷ ᠦ᠋ᠨ ᠳᠣᠲᠣᠷ᠎ᠠ ᠵᠠᠪᠠᠯ ᠭᠠᠯᠠᠭᠤᠲᠤ ᠶ᠋ᠢᠨ ᠰᠦᠮ᠎ᠡ ᠳᠡᠭᠡᠷ᠎ᠡ ᠢᠷᠡᠬᠦ ᠬᠡᠷᠡᠭᠲᠡᠢ ᠭᠡᠮᠡᠨ ᠵᠠᠷᠯᠢᠭ ᠪᠣᠯᠵᠠᠢ᠃ ᠲᠤᠬᠠᠢ ᠶ᠋ᠢᠨ ᠦᠶ᠎ᠡ ᠳ᠋ᠦ᠍ ᠰᠢᠨᠠᠯᠠᠮ᠎ᠠ ᠪᠣᠯᠤᠨ ᠳᠤᠭᠤᠢᠯᠠᠩ ᠤ᠋ᠨ ᠬᠥᠮᠦᠰ ᠭᠠᠯᠠᠭᠤᠲᠤ ᠶ᠋ᠢᠨ ᠰᠦᠮ᠎ᠡ ᠡᠴᠡ ᠵᠡᠭᠦᠨ ᠲᠡᠢ40 ᠭᠠᠵᠠᠷ ᠤ᠋ᠨ ᠠᠯᠤᠰ ᠳᠠᠬᠢ ᠮᠠᠩᠬᠠᠲᠤ ᠶ᠋ᠢᠨ ᠰᠦᠮ᠎ᠡ ᠳᠡᠭᠡᠷ᠎ᠡ ᠰᠠᠭᠤᠵᠤ ᠪᠠᠢᠵᠠᠢ᠃ ᠲᠡᠳᠡ ᠮᠠᠰᠢᠳᠡᠯᠭᠡᠷ ᠦ᠋ᠨ ᠵᠠᠷᠯᠢᠭ ᠵᠠᠬᠢᠶ᠎ᠠ ᠪᠠᠷ ᠭᠠᠯᠠᠭᠤᠲᠤ ᠶ᠋ᠢᠨ ᠰᠦᠮ᠎ᠡ ᠳ᠋ᠦ᠍ ᠣᠴᠢᠬᠤ ᠦᠭᠡᠢ ᠪᠡᠷ ᠨᠢᠭᠡ ᠬᠤᠭᠤᠴᠠᠭ᠎ᠠ ᠪᠣᠯᠵᠤ ᠰᠢᠨᠠᠯᠠᠮ᠎ᠠ ᠠ᠋ᠴᠠ ᠸᠠᠩᠴᠤᠭᠷᠠᠪᠳᠠᠨ ᠲᠠᠢᠵᠢ᠂ ᠳᠠᠯᠠᠢᠬᠦᠦ ᠶ᠋ᠢᠨ ᠡᠬᠡᠨᠡᠷ ᠳᠠᠷᠢᠰᠣᠸ᠋ᠠ ᠶ᠋ᠢᠨ ᠬᠡᠦᠬᠡᠨ ᠮᠥᠩᠭᠥᠨᠴᠡᠴᠡᠭ(ᠳᠠᠯᠠᠢᠬᠦᠦ ᠶ᠋ᠢᠨ ᠭᠡᠷᠭᠡᠢ) ᠶ᠋ᠢ ᠡᠷᠬᠡ ᠰᠦᠷ ᠢ᠋ᠶ᠋ᠡᠷ ᠢ᠋ᠶ᠋ᠡᠨ ᠪᠤᠯᠢᠶᠠᠨ ᠠᠪᠴᠤ ᠬᠣᠶᠠᠭᠤᠯᠠ ᠶ᠋ᠢ ᠬᠠᠮᠲᠤ ᠲᠣᠯᠣᠭᠠᠢ ᠬᠣᠯᠪᠣᠨ ᠶᠠᠪᠤᠵᠤ ᠳᠠᠯᠠᠢᠬᠦᠦ ᠶ᠋ᠢᠨ ᠭᠡᠷ ᠡᠷᠦᠬᠡ ᠶ᠋ᠢ ᠰᠠᠮᠠᠭᠤᠷᠠᠭᠤᠯᠤᠭᠰᠠᠨ ᠤᠴᠢᠷ ᠪᠣᠯᠤᠨ ᠦᠦᠰᠢᠨ ᠬᠤᠰᠢᠭᠤᠨ ᠤ᠋ ᠪᠡᠢᠯᠡ ᠨᠣᠶᠠᠨ ᠴᠠᠭᠳᠤᠷᠰᠡᠷᠡᠩ ᠭᠣᠶᠠᠴᠢ ᠪᠠᠷ ᠭᠠᠳᠠᠨᠠᠬᠢ ᠢᠷᠭᠡᠨᠴᠤᠳ ᠲᠤ᠌ ᠭᠠᠵᠠᠷ ᠨᠤᠲᠤᠭ ᠢ᠋ᠶ᠋ᠠᠨ ᠬᠤᠳᠠᠯᠳᠤᠵᠤ᠂ ᠮᠠᠯᠴᠢᠨ ᠲᠦᠮᠡᠨ ᠢ᠋ ᠤᠮᠠᠷᠠᠰᠢ ᠨᠡᠭᠦᠯᠭᠡᠨ ᠭᠡᠷ ᠣᠷᠣᠨ ᠭᠠᠵᠠᠷ ᠨᠤᠲᠤᠭ ᠢ᠋ ᠨᠢ ᠦᠭᠡᠢ ᠪᠣᠯᠭᠠᠭᠰᠠᠨ ᠵᠡᠷᠭᠡ ᠤᠴᠢᠷ ᠭᠣᠮᠣᠳᠠᠯ ᠢ᠋ ᠳᠡ ᠶ᠋ᠢᠨ ᠲᠦᠰᠢᠮᠡᠳ ᠲᠦ᠍ ᠵᠠᠭᠠᠯᠳᠤᠯᠭ᠎ᠠ ᠬᠢᠵᠦ ᠮᠠᠩᠬᠠᠲᠤ ᠠ᠋ᠴᠠ ᠭᠠᠯᠠᠭᠤᠲᠤ ᠳ᠋ᠤ᠌ ᠢᠷᠡᠬᠦ ᠦᠭᠡᠢ᠂ ᠪᠠᠢᠳᠠᠯ ᠢ᠋ ᠬᠠᠷᠠᠵᠤ ᠮᠠᠩᠬᠠᠲᠤ ᠳᠡᠭᠡᠷ᠎ᠡ ᠦᠷᠭᠦᠯᠵᠢᠯᠡᠨ ᠰᠠᠭᠤᠵᠤ ᠪᠠᠢᠯ᠎ᠠ᠃
ᠳᠡ ᠶ᠋ᠢᠨ ᠲᠦᠰᠢᠮᠡᠳ ᠰᠢᠨᠠᠯᠠᠮ᠎ᠠ ᠶ᠋ᠢᠨ ᠡᠨᠡ ᠬᠦ᠌ ᠵᠠᠭᠠᠯᠳᠤᠯᠭ᠎ᠠ ᠭᠣᠮᠣᠳᠠᠯ ᠢ᠋ ᠣᠢᠰᠢᠶᠠᠬᠤ ᠦᠭᠡᠢ ᠪᠠᠢᠵᠤ᠂ ᠮᠠᠰᠢᠳᠡᠯᠭᠡᠷ ᠦ᠋ᠨ ᠳᠠᠭᠠᠭᠤᠯᠤᠭᠰᠠᠨ ᠬᠡᠳᠦᠨ ᠵᠠᠭᠤᠨ ᠬᠥᠮᠦᠨ ᠦ᠌ ᠪᠦᠬᠦ ᠠᠮᠢᠳᠤᠷᠠᠯ ᠤ᠋ᠨ ᠵᠠᠷᠤᠳᠠᠯ ᠮᠥᠩᠭᠥ ᠶ᠋ᠢ ᠦᠦᠰᠢᠨ ᠬᠤᠰᠢᠭᠤᠨ ᠤ᠋ ᠠᠷᠠᠳ ᠲᠦᠮᠡᠨ ᠡᠴᠡ ᠲᠡᠰᠬᠡᠨ ᠠᠪᠤᠭᠰᠠᠨ《ᠲᠠᠪᠤᠨ ᠰᠠᠭᠠᠯᠢ》 ᠶ᠋ᠢ ᠲᠦᠰᠢᠬᠦ ᠮᠥᠷᠲᠡᠭᠡᠨ ᠬᠦᠷᠦᠯᠴᠡᠬᠦ ᠦᠭᠡᠢ ᠪᠣᠯᠬᠤ ᠳ᠋ᠤ᠌ ᠲᠡᠳᠡ ᠭᠠᠯᠠᠭᠤᠲᠤ ᠠ᠋ᠴᠠ ᠭᠠᠳᠠᠭᠰᠢ ᠪᠠᠨ ᠭᠠᠷᠴᠤ ᠮᠠᠯᠴᠢᠳ ᠤ᠋ᠨ ᠭᠡᠷ ᠡᠴᠡ ᠮᠠᠯ ᠰᠦᠷᠦᠭ ᠢ᠋ ᠳᠤᠷ᠎ᠠ ᠪᠠᠷ ᠲᠠᠭᠤᠵᠤ ᠲᠡᠭᠡᠷᠮᠡᠳᠡᠬᠦ ᠵᠦᠭ ᠰᠢᠯᠵᠢᠭᠰᠡᠨ ᠪᠠᠢᠨ᠎ᠠ᠃
ᠭᠠᠯᠠᠭᠤᠲᠤ ᠶ᠋ᠢᠨ ᠴᠢᠭᠤᠯᠭᠠᠨ ᠤ᠋ ᠭᠠᠯ ᠲᠣᠭᠣᠭᠠᠨ ᠤ᠋ ᠠᠵᠢᠯ ᠢ᠋ ᠬᠠᠪᠰᠤᠷᠴᠤ ᠪᠠᠢᠭᠰᠠᠨ ᠦᠦᠰᠢᠨ ᠬᠤᠰᠢᠭᠤᠨ ᠤ᠋ ᠤᠢᠭᠤᠷᠵᠢᠨ ᠣᠪᠣᠭ ᠤ᠋ᠨ ᠴᠣᠭᠪᠠᠶᠠᠷ ᠨᠠᠰᠤᠲᠠᠨ1984 ᠣᠨ ᠳ᠋ᠤ᠌ ᠨᠠᠮᠠᠶ᠋ᠢ ᠳ᠋ᠤ᠌ ᠬᠡᠯᠡᠬᠦ ᠳ᠋ᠡᠭᠡᠨ᠄《ᠪᠢ ᠮᠠᠭᠠᠵᠢᠨ ᠲᠣᠰᠣ ᠪᠣᠯᠤᠨ ᠮᠠᠯ ᠤ᠋ᠨ ᠥᠭᠡᠬᠦᠨ ᠲᠣᠰᠣ ᠶ᠋ᠢ ᠬᠣᠯᠢᠵᠤ ᠪᠣᠭᠣᠷᠰᠣᠭ ᠪᠤᠴᠠᠯᠭᠠᠭᠰᠠᠨ ᠳ᠋ᠤ᠌ ᠂ ᠳᠠᠯᠠᠳ ᠤ᠋ᠨ ᠲᠦᠰᠢᠮᠡᠳ ᠦ᠋ᠳ ᠭᠠᠯ ᠲᠣᠭᠣᠭᠠᠨ ᠤ᠋ ᠭᠡᠷ ᠲᠦ᠍ ᠣᠷᠣᠵᠤ ᠢᠷᠡᠭᠡᠳ ᠨᠠᠮᠠᠶ᠋ᠢ ᠮᠠᠪᠠᠩ(ᠮᠣᠷᠢᠨ ᠲᠠᠰᠢᠭᠤᠷ) ᠲᠠᠰᠢᠭᠤᠷ ᠢ᠋ᠶ᠋ᠠᠷ ᠲᠣᠯᠣᠭᠠᠢ ᠲᠦᠷᠦᠭᠦᠦ ᠦᠭᠡᠢ ᠵᠣᠳᠣᠵᠤ᠄< ᠦᠬᠡᠷ ᠦᠦᠰᠢᠨ ᠶᠠᠭᠤ ᠴᠤ᠌ ᠮᠡᠳᠡᠬᠦ ᠦᠭᠡᠢ ᠵᠣᠯᠢᠭ! ᠬᠣᠨᠢᠨ ᠤ᠋ ᠲᠠᠷᠭᠤᠨ ᠰᠡᠭᠦᠯ ᠢ᠋ ᠬᠠᠢᠯᠭᠠᠵᠤ ᠰᠢᠷ᠎ᠠ ᠲᠣᠰᠣ ᠲᠠᠢ ᠬᠣᠯᠢᠵᠤ ᠪᠣᠭᠣᠷᠰᠣᠭ ᠪᠤᠴᠠᠯᠭᠠ!> ᠭᠡᠵᠦ ᠵᠠᠩᠳᠤᠷᠤᠭᠰᠠᠨ᠃ ᠢᠩᠭᠢᠭᠡᠳ ᠡᠳᠦᠷ ᠲᠦ᠍ ᠬᠡᠳᠦᠨ ᠠᠷᠪᠠᠨ ᠬᠣᠨᠢ ᠠᠯᠠᠵᠤ ᠬᠣᠨᠢᠨ ᠰᠡᠭᠦᠯ ᠪᠣᠯᠤᠨ ᠮᠠᠯᠴᠢᠳ ᠠ᠋ᠴᠠ ᠠᠪᠴᠢᠷᠠᠭᠰᠠᠨ ᠠᠢᠷᠠᠭ ᠤ᠋ᠨ ᠭᠠᠩ ᠢ᠋ᠶ᠋ᠠᠷ ᠳᠦᠭᠦᠷᠡᠩ ᠰᠢᠷ᠎ᠠ ᠲᠣᠰᠣ ᠲᠠᠢ ᠬᠣᠯᠢᠵᠤ ᠬᠡᠳᠦᠨ ᠰᠠᠷ᠎ᠠ ᠪᠣᠭᠣᠷᠰᠣᠭ ᠪᠤᠴᠠᠯᠭᠠᠵᠤ ᠢᠳᠡᠭᠦᠯᠵᠦ ᠪᠠᠢᠭᠠᠳ ᠪᠢ ᠠᠭᠤᠰᠬᠢᠨ ᠡᠪᠡᠳᠴᠢᠨ ᠲᠡᠢ ᠪᠣᠯᠴᠢᠬᠠᠭᠰᠠᠨ ᠰᠢᠦ᠁》 ᠭᠡᠵᠦ ᠶᠠᠷᠢᠵᠤ ᠪᠠᠢᠭᠰᠠᠨ᠃
ᠮᠠᠯᠴᠢᠨ ᠲᠦᠮᠡᠨ ᠦ᠌ ᠢᠩᠭᠢᠵᠦ ᠦᠷᠡᠭᠳᠡᠯ ᠰᠦᠢᠳᠦᠯ ᠳ᠋ᠦ᠍ ᠤᠴᠠᠷᠠᠭᠰᠠᠨ ᠢ᠋ ᠰᠢᠨᠠᠯᠠᠮ᠎ᠠ ᠥᠪᠡᠷ ᠦ᠋ᠨ ᠠᠶᠤᠯ ᠲᠦᠭᠰᠢᠭᠦᠷᠢ ᠶ᠋ᠢ ᠬᠠᠢᠬᠤᠷᠤᠯ ᠦᠭᠡᠢ ᠪᠠᠷ ᠵᠢᠷᠠ ᠭᠠᠷᠤᠢ ᠳᠤᠭᠤᠢᠯᠠᠩ ᠤ᠋ᠨ ᠨᠥᠬᠥᠳ ᠢ᠋ᠶ᠋ᠡᠨ ᠳᠠᠭᠠᠭᠤᠯᠤᠨ ᠮᠠᠩᠬᠠᠲᠤ ᠶ᠋ᠢᠨ ᠰᠦᠮ᠎ᠡ ᠡᠴᠡ ᠮᠣᠷᠳᠠᠵᠤ ᠭᠠᠯᠠᠭᠤᠲᠤ ᠶ᠋ᠢᠨ ᠰᠦᠮ᠎ᠡ ᠶ᠋ᠢᠨ ᠳᠡᠷᠭᠡᠳᠡ ᠪᠠᠢᠬᠤ《ᠮᠠᠢᠮᠠᠢ ᠶ᠋ᠢᠨ ᠭᠠᠯ ᠤ᠋ᠨ ᠮᠠᠩᠬ᠎ᠠ》 ᠭᠡᠳᠡᠭ ᠭᠠᠵᠠᠷ (ᠰᠦᠮ᠎ᠡ ᠡᠴᠡ ᠡᠮᠦᠨᠡᠰᠢ ᠮᠢᠩᠭᠠᠨ ᠮᠧᠲ᠋ᠷ ᠲᠦ᠍ ᠴᠠᠮ ᠮᠣᠯᠣᠮ ᠤ᠋ᠨ ᠨᠠᠢᠷ ᠤ᠋ᠨ ᠡᠳᠦᠷ ᠠᠷᠠᠯᠵᠢᠶ᠎ᠠ ᠬᠤᠳᠠᠯᠳᠤᠭ᠎ᠠ ᠬᠢᠳᠡᠭ ᠲᠤᠰᠬᠠᠢ ᠲᠠᠯᠠᠪᠠᠢ) ᠶ᠋ᠢᠨ ᠳᠡᠷᠭᠡᠳᠡ ᠮᠠᠢᠬᠠᠨ ᠪᠠᠷᠢᠵᠤ ᠪᠠᠭᠤᠳᠠᠯᠯᠠᠨ ᠰᠠᠭᠤᠵᠠᠭᠠᠯ᠎ᠠ᠃ ᠲᠤᠬᠠᠢ ᠶ᠋ᠢᠨ ᠦᠶ᠎ᠡ ᠳ᠋ᠦ᠍ ᠳᠤᠭᠤᠢᠯᠠᠩ ᠤ᠋ᠨ ᠬᠥᠮᠦᠰ ᠡᠳᠦᠢ ᠲᠡᠳᠦᠢ ᠵᠡᠪᠰᠡᠭ ᠲᠡᠢ ᠲᠤᠯᠠ ᠳᠠᠯᠠᠳ ᠳᠠ ᠶ᠋ᠢᠨ ᠲᠦᠰᠢᠮᠡᠯ ᠴᠡᠷᠢᠭ ᠦ᠋ᠳ ᠲᠡᠷᠡ ᠳᠠᠷᠤᠢ ᠳ᠋ᠤᠨᠢ ᠭᠠᠷ ᠬᠥᠳᠡᠯᠵᠦ ᠴᠢᠳᠠᠭᠰᠠᠨ ᠦᠭᠡᠢ᠃ ᠮᠠᠰᠢᠳᠡᠯᠭᠡᠷ ᠡᠴᠡ ᠰᠢᠨᠡᠯᠡᠮ᠎ᠡ ᠶ᠋ᠢ ᠢᠷᠡᠵᠦ ᠬᠠᠲᠤᠨ ᠨᠠᠷᠠᠨᠭᠡᠷᠡᠯ ᠢ᠋ ᠠᠯᠠᠭᠤᠯᠤᠭᠰᠠᠨ ᠤᠴᠢᠷ ᠪᠣᠯᠤᠨ ᠬᠤᠢ ᠬᠦᠢ ᠶ᠋ᠢ ᠠᠯᠠᠭᠰᠠᠨ ᠶᠠᠯ᠎ᠠ ᠪᠠᠨ ᠴᠠᠭᠠᠪᠤᠷᠢᠯᠠ! ᠭᠡᠰᠡᠨ ᠪᠢᠴᠢᠭ ᠵᠠᠷᠯᠢᠭ ᠶᠠᠪᠤᠭᠤᠯᠬᠤ ᠳ᠋ᠤ᠌ ᠰᠢᠨᠠᠯᠠᠮ᠎ᠠ ᠴᠦ᠍ ᠬᠠᠷᠢᠭᠤ ᠳ᠋ᠤᠨᠢ ᠡᠢᠮᠦ ᠤᠴᠢᠷ ᠣᠭᠲᠣ ᠦᠭᠡᠢ ᠭᠡᠮᠡᠨ ᠪᠢᠴᠢᠭ ᠥᠭᠴᠦ ᠬᠡᠳᠦ ᠬᠣᠨᠣᠯ᠎ᠠ᠃
ᠨᠢᠭᠡᠨ ᠡᠳᠦᠷ ᠮᠠᠰᠢᠳᠡᠯᠭᠡᠷ ᠥᠪᠡᠷ ᠦ᠋ᠨ ᠰᠢᠳᠠᠷ ᠬᠥᠮᠦᠨ ᠪᠣᠯᠬᠤ ᠰᠣᠯᠢᠶ᠎ᠠ ᠵᠢᠮᠪᠠ ᠶ᠋ᠢ ᠵᠠᠷᠤᠵᠤ ᠳᠤᠭᠤᠢᠯᠠᠩ ᠤ᠋ᠨ ᠬᠥᠮᠦᠰ ᠲᠡᠢ ᠬᠡᠯᠡᠯᠴᠡᠭᠡᠷ ᠬᠢᠨ᠎ᠡ ᠭᠡᠵᠦ ᠨᠠᠭᠠᠰᠢ ᠴᠠᠭᠠᠰᠢ ᠶᠠᠪᠤᠯᠴᠠᠵᠤ ᠨᠠᠢᠷᠠᠮᠳᠠᠭᠤ ᠮᠠᠶᠢᠭ ᠢ᠋ᠶ᠋ᠠᠷ ᠬᠠᠨᠳᠤᠵᠤ ᠪᠠᠢᠭᠠᠳ ᠣᠯᠠᠨ ᠤ᠋ ᠰᠡᠷᠡᠮᠵᠢ ᠦᠭᠡᠢ ᠶ᠋ᠢ ᠳᠠᠯᠢᠮᠳᠠᠭᠤᠯᠤᠨ ᠳᠡᠯᠡᠳ ᠴᠡᠷᠢᠭ ᠢ᠋ᠶ᠋ᠡᠷ ᠭᠡᠨᠡᠳᠲᠡ ᠳᠠᠭᠠᠷᠢᠭᠤᠯᠵᠤ ᠰᠢᠨᠡᠯᠡᠮ᠎ᠡ ᠲᠦᠷᠦᠭᠦᠲᠡᠢ ᠵᠢᠷᠠ ᠭᠠᠷᠤᠢ ᠬᠥᠮᠦᠰ ᠢ᠋ ᠪᠠᠷᠢᠪᠴᠢᠯᠠᠵᠠᠢ᠃ ᠦᠦᠰᠢᠨ ᠨᠣᠶᠠᠨ ᠤ᠋ ᠪᠦᠯᠦᠭ ᠨᠢ ᠳᠤᠭᠤᠢᠯᠠᠩ ᠤ᠋ᠨ ᠳᠣᠲᠣᠷᠠᠬᠢ ᠬᠥᠮᠦᠰ ᠦ᠋ᠨ ᠬᠡᠨ ᠨᠢ ᠢᠳᠡᠪᠬᠢᠲᠡᠨ᠂ ᠭᠣᠣᠯᠯᠠᠭᠴᠢ ᠭᠡᠳᠡᠭ ᠢ᠋ ᠨᠠᠷᠢᠨ ᠮᠡᠳᠡᠬᠦ ᠲᠤᠯᠠ ᠭᠣᠣᠯ ᠬᠥᠮᠦᠰ ᠢ᠋ ᠨᠢ ᠪᠦᠷ ᠴᠢᠩᠭ᠎ᠠ ᠤᠶᠠᠵᠤ᠂ ᠴᠢᠩᠭ᠎ᠠ ᠬᠠᠮᠢᠶᠠᠷᠤᠯᠲᠠ ᠬᠢᠵᠦ᠂ ᠡᠩ ᠦ᠋ᠨ ᠬᠥᠮᠦᠰ ᠢ᠋ ᠰᠤᠯᠠ ᠪᠠᠷ ᠪᠠᠢᠰᠢᠩ ᠭᠡᠷ ᠲᠦ᠍ ᠬᠣᠷᠢᠵᠤ ᠲᠠᠯᠪᠢᠵᠠᠢ᠃
ᠢᠩᠭᠢᠭᠡᠳ ᠰᠢᠨᠠᠯᠠᠮ᠎ᠠ ᠠ᠋ᠴᠠ ᠡᠬᠢᠯᠡᠭᠦᠯᠦᠨ ᠭᠣᠣᠯ ᠢᠳᠡᠪᠬᠢᠲᠡᠨ ᠨᠦ᠍ᠭᠦᠳ ᠢ᠋ ᠨᠢᠭᠡ ᠨᠢᠭᠡ ᠪᠡᠷ ᠳᠡᠭᠦᠵᠢᠯᠡᠬᠦ᠂ ᠵᠣᠳᠣᠬᠤ᠂ ᠭᠠᠩᠰᠠ ᠳᠠᠷᠤᠵᠤ ᠬᠥᠯ ᠦ᠋ᠨ ᠪᠤᠯᠴᠢᠩ ᠢ᠋ ᠨᠢ ᠰᠢᠬᠠᠬᠤ ᠵᠡᠷᠭᠡ ᠵᠡᠷᠯᠢᠭ ᠡᠷᠡᠭᠦᠦ ᠪᠡᠷ ᠬᠡᠴᠢᠨᠡᠨ ᠲᠠᠮᠤᠯᠠᠭᠰᠠᠨ ᠢ᠋ ᠥᠭᠦᠯᠡᠬᠦᠶᠡ ᠪᠡᠷᠬᠡ᠃ ᠡᠭᠦᠨ ᠳ᠋ᠦ᠍ ᠰᠣᠳᠨᠠᠮᠳᠣᠩᠷᠤᠪ᠂ ᠲᠦᠮᠡᠨᠵᠢᠷᠭᠠᠯ᠂ ᠵᠠᠮᠶᠠᠨᠵᠠᠪ᠂ ᠪᠠᠪᠠ᠂ ᠲᠠᠢᠵᠢ ᠠᠷᠪᠢᠨᠪᠠᠶᠠᠷ᠂ ᠲᠥᠪᠳᠡᠨᠪᠠᠯᠪᠤᠷ᠂ ᠮᠥᠩᠬᠡ᠂ ᠲᠡᠭᠦᠰᠵᠢᠷᠭᠠᠯᠠᠩ᠂ ᠮᠠᠨᠳᠠ᠂ ᠨᠢᠮᠠᠷᠢᠨᠴᠢᠨ᠂ ᠡᠷᠳᠡᠨᠢ᠂ ᠰᠠᠷᠪᠠᠵᠠᠪ᠂ ᠪᠠᠶᠠᠰᠬᠤ᠂ ᠲᠣᠳᠡᠤᠠ ···· ᠵᠡᠷᠭᠡ ᠬᠥᠮᠦᠰ ᠢ᠋ ᠬᠦᠨᠳᠦ ᠡᠷᠡᠭᠦᠳᠡᠪᠡ᠃ ᠢᠯᠠᠩᠭᠤᠶ᠎ᠠ ᠰᠢᠨᠡᠯᠡᠮ᠎ᠡ ᠶ᠋ᠢ ᠰᠦᠮ᠎ᠡ ᠶ᠋ᠢᠨ ᠪᠦᠳᠦᠭᠦᠨ ᠬᠠᠢᠯᠠᠰᠤᠨ ᠮᠣᠳᠣᠨ ᠤ᠋ ᠬᠠᠳᠤᠭᠤᠷ ᠰᠠᠯᠠᠭᠠᠨ ᠠ᠋ᠴᠠ ᠭᠠᠷ ᠢ᠋ ᠨᠢ ᠠᠷᠤ ᠳ᠋ᠤᠨᠢ ᠬᠣᠯᠪᠣᠵᠤ ᠤᠶᠠᠭᠠᠳ ᠳᠡᠭᠦᠵᠢᠯᠡᠵᠦ ᠨᠢᠷᠤᠭᠤᠨ ᠭᠣᠣᠯ ᠳ᠋ᠤᠨᠢ ᠬᠠᠳᠠᠨ ᠲᠡᠭᠡᠷᠮ᠎ᠡ ᠶ᠋ᠢᠨ ᠬᠠᠭᠠᠰ ᠬᠠᠳᠠ ᠶ᠋ᠢ ᠲᠠᠯᠪᠢᠵᠤ ᠬᠠᠷ᠎ᠠ ᠲᠠᠰᠢᠭᠤᠷ ᠢ᠋ᠶ᠋ᠠᠷ ᠨᠢᠳᠦ ᠨᠢᠭᠤᠷ ᠦᠭᠡᠢ ᠲᠠᠰᠢᠭᠤᠷᠳᠠᠨ ᠲᠠᠮᠤᠯᠠᠪᠠ᠃ ᠰᠢᠨᠠᠯᠠᠮ᠎ᠠ ᠮᠠᠨᠠᠷᠠᠴᠢᠬᠠᠪᠠᠯ ᠠᠮᠠᠨ ᠳ᠋ᠤᠨᠢ ᠬᠦᠢᠲᠡᠨ ᠤᠰᠤ ᠪᠤᠶᠤ ᠰᠢᠭᠡᠰᠦ ᠴᠢᠳᠬᠤᠵᠤ ᠰᠡᠬᠡᠭᠡᠷᠡᠭᠦᠯᠦᠭᠡᠳ ᠳᠠᠬᠢᠨ ᠲᠠᠮᠤᠯᠠᠪᠠ᠃ ᠢᠩᠭᠢᠵᠦ ᠬᠣᠨᠣᠭ ᠡᠳᠦᠷ ᠤᠳᠠᠭᠠᠰᠢᠷᠠᠭᠰᠠᠨ ᠴᠤ᠌ ᠰᠢᠨᠡᠯᠡᠮ᠎ᠡ ᠬᠠᠲᠠᠭᠤ ᠴᠢᠩᠭ᠎ᠠ ᠪᠠᠢᠵᠤ᠂ ᠲᠡᠳᠡ ᠥᠴᠢᠭ ᠣᠯᠵᠤ ᠴᠢᠳᠠᠬᠤ ᠦᠭᠡᠢ ᠪᠠᠢᠯ᠎ᠠ᠃
ᠤᠳᠠᠭᠠᠨ ᠡᠳᠦᠷ ᠦ᠋ᠨ ᠡᠷᠡᠭᠦᠦ ᠲᠠᠮᠤᠯᠠᠯ ᠳ᠋ᠤ᠌ ᠰᠢᠨᠡᠯᠡᠮ᠎ᠡ ᠶ᠋ᠢᠨ ᠬᠣᠨᠳᠣᠴᠣᠭ ᠤ᠋ᠨ ᠮᠢᠬ᠎ᠠ ᠨᠢ ᠴᠢᠰᠤ ᠨᠥᠵᠢ ᠪᠣᠯᠵᠤ ᠤᠷᠤᠰᠤᠭᠠᠳ ᠶᠠᠰᠤ ᠨᠢ ᠭᠤᠳᠤᠢᠵᠤ ᠦᠵᠡᠭᠳᠡᠬᠦ ᠪᠣᠯᠵᠠᠢ᠃
ᠰᠢᠨᠠᠯᠠᠮ᠎ᠠ ᠪᠣᠯᠤᠨ ᠪᠤᠰᠤᠳ ᠭᠤᠤᠯᠠᠭᠴᠢ ᠬᠥᠮᠦᠰ ᠢ᠋ ᠵᠣᠳᠣᠵᠤ ᠲᠠᠮᠤᠯᠠᠵᠤ ᠪᠠᠢᠭᠠᠳ ᠬᠡᠷᠡᠭ ᠰᠢᠭᠦᠬᠦ ᠳᠠᠩ ᠤ᠋ᠨ ᠲᠠᠯᠠᠪᠠᠢ ᠠ᠋ᠴᠠ ᠭᠠᠳᠠᠨ᠎ᠠ ᠰᠤᠯᠠ ᠴᠠᠭ ᠤ᠋ᠳ ᠲᠤ᠌ ᠳᠥᠷᠪᠡ ᠪᠤᠶᠤ ᠬᠣᠶᠠᠷ ᠢ᠋ᠶ᠋ᠠᠷ ᠬᠠᠷᠢᠯᠴᠠᠨ ᠨᠢᠷᠤᠭᠤ ᠨᠢᠷᠤᠭᠤ ᠶ᠋ᠢ ᠨᠢ ᠬᠠᠪᠰᠤᠷᠭᠠᠨ ᠤᠷᠲᠤ ᠳᠠᠮᠠᠷ ᠭᠡᠵᠢᠭᠡ(ᠮᠠᠨᠵᠤ ᠴᠢᠩ ᠦ᠋ᠨ ᠦᠶ᠎ᠡ ᠳ᠋ᠦ᠍ ᠡᠷᠡᠭᠲᠡᠢᠴᠦᠳ ᠭᠤᠷᠪᠠ ᠪᠠᠷ ᠬᠦᠷᠦᠭᠰᠡᠨ ᠤᠷᠲᠤ ᠭᠡᠵᠢᠭᠡ ᠲᠠᠯᠪᠢᠵᠤ ᠪᠠᠢᠵᠠᠢ) ᠶ᠋ᠢ ᠨᠢ ᠬᠣᠯᠪᠣᠵᠤ ᠤᠶᠠᠬᠤ ᠪᠥᠭᠡᠳ ᠳᠡᠭᠡᠰᠦ ᠪᠡᠷ ᠨᠢᠷᠤᠭᠤ ᠪᠠᠷ ᠨᠢ ᠴᠢᠩᠭ᠎ᠠ ᠬᠦᠯᠢᠵᠦ ᠬᠥᠯ ᠳ᠋ᠦ᠍ᠨᠢ ᠪᠠᠰᠠ ᠲᠡᠮᠦᠷ ᠲᠤᠱᠠᠭ᠎ᠠ ᠲᠠᠢ ᠪᠠᠢᠳᠠᠭ᠃
ᠢᠩᠭᠢᠵᠦ ᠣᠯᠠᠨ ᠬᠣᠨᠣᠭ ᠡᠷᠡᠭᠦᠳᠡᠭᠳᠡᠭᠰᠡᠨ ᠪᠣᠯᠪᠠᠴᠤ ᠬᠠᠲᠤᠨ ᠨᠠᠷᠠᠨᠭᠡᠷᠡᠯ ᠢ᠋ ᠠᠯᠠᠭᠰᠠᠨ ᠤᠴᠢᠷ ᠢ᠋ ᠣᠭᠲᠣ ᠥᠴᠢᠭᠯᠡᠭᠰᠡᠨ ᠦᠭᠡᠢ ᠪᠠᠢᠯ᠎ᠠ᠃ ᠨᠢᠭᠡᠨ ᠤᠳᠠᠭ᠎ᠠ ᠶ᠋ᠢᠨ ᠳᠠᠩ ᠤ᠋ᠨ ᠲᠠᠯᠠᠪᠠᠢ ᠳ᠋ᠤ᠌ ᠭᠣᠣᠯ ᠵᠠᠭᠠᠯᠳᠤᠭᠴᠢ ᠪᠣᠯᠤᠭᠰᠠᠨ ᠸᠠᠩᠴᠤᠭᠷᠠᠪᠳᠠᠨ ᠵᠠᠬᠢᠷᠤᠭᠴᠢ ᠵᠡᠷᠭᠡ ᠲᠡᠢ ᠥᠲᠥᠨ ᠤᠲᠤᠭᠠᠲᠤ ᠮᠠᠯᠠᠭᠠᠢ ᠪᠠᠨ ᠲᠥᠪ ᠶᠡᠬᠡᠮᠰᠦᠭ ᠢ᠋ᠶ᠋ᠡᠷ ᠵᠡᠭᠦᠵᠦ ᠴᠠᠭᠠᠨ ᠰᠠᠭᠠᠷᠠᠯ ᠬᠤᠪᠴᠠᠰᠤᠨ ᠳᠡᠭᠡᠷ᠎ᠡ ᠪᠡᠨ ᠰᠢᠷ᠎ᠠ ᠲᠣᠷᠭᠠᠨ ᠪᠦᠰᠡ ᠪᠦᠰᠡᠯᠡᠨ ᠬᠣᠷᠭᠣᠢ ᠬᠠᠨᠵᠢᠶᠠᠷ ᠡᠮᠦᠰᠴᠦ ᠬᠥᠯ ᠳ᠋ᠡᠭᠡᠨ ᠬᠠᠳᠬᠤᠮᠠᠯ ᠬᠤᠸᠠᠷ ᠲᠠᠢ ᠬᠠᠷ᠎ᠠ ᠮᠠᠭᠨᠢ ᠡᠮᠦᠰᠴᠦ ᠶᠡᠬᠡ ᠯᠡ ᠣᠨᠴᠠᠭᠠᠢ ᠪᠠᠢᠳᠠᠯ ᠦᠵᠡᠭᠦᠯᠦᠨ ᠭᠠᠷ ᠰᠡᠭᠰᠦᠷᠴᠦ ᠢᠯᠠᠭᠴᠢ ᠡᠲᠡᠭᠡᠳ ᠦ᠋ᠨ ᠰᠦᠷ ᠮᠠᠨᠳᠤᠭᠤᠯᠵᠤ ᠪᠠᠢᠬᠤ ᠳ᠋ᠤ᠌ ᠰᠢᠨᠡᠯᠡᠮ᠎ᠡ ᠲᠦᠷᠦᠭᠦᠲᠠᠢ ᠬᠥᠮᠦᠰ ᠴᠥᠮ ᠬᠦᠵᠦᠭᠦᠨ ᠳ᠋ᠡᠭᠡᠨ ᠳᠥᠩᠭᠡ ᠲᠡᠢ ᠭᠠᠷ ᠪᠠᠷᠢᠪᠴᠢ ᠲᠠᠢ ᠳᠠᠩ ᠤ᠋ᠨ ᠲᠠᠯᠠᠪᠠᠢ ᠳ᠋ᠤ᠌ ᠪᠥᠬᠥᠢᠨ ᠰᠥᠭᠥᠳᠴᠦ ᠪᠠᠢᠯ᠎ᠠ᠃ ᠸᠠᠩᠴᠤᠭᠷᠠᠪᠳᠠᠨ ᠠ᠋ᠴᠠ ᠰᠢᠨᠠᠯᠠᠮ᠎ᠠ ᠶ᠋ᠢ ᠬᠣᠮᠣᠭᠠᠢᠯᠠᠨ ᠵᠠᠩᠳᠤᠷᠴᠤ᠄《ᠪᠤᠭᠤᠷᠤᠯ ᠮᠣᠷᠢᠲᠤ ᠬᠤᠢ ᠬᠦᠢ ᠶ᠋ᠢ/ ᠪᠤᠵᠠᠢ ᠶ᠋ᠢᠨ ᠪᠠᠯᠠᠷ ᠲᠤ᠌ ᠰᠢᠢᠳᠬᠡᠵᠡᠢ/ ᠪᠤᠯᠲᠤ ᠲᠡᠭᠦᠨ ᠢ᠋ ᠨᠢ ᠮᠡᠳᠡᠶ᠎ᠡ ᠭᠡᠪᠡᠯ/ ᠪᠤᠭᠤᠷᠤᠯ ᠮᠣᠷᠢ ᠨᠢ ᠪᠢᠳᠡᠨ ᠳ᠋ᠦ᠍ ᠪᠣᠢ》 ᠭᠡᠵᠦ ᠰᠢᠯᠦᠭᠯᠡᠨ ᠡᠬᠢᠯᠡᠭᠦᠯᠦᠭᠡᠳ᠂《ᠴᠢ ᠬᠤᠢ ᠬᠦᠢ ᠴᠣᠭᠳᠦᠢ᠍ᠭᠦᠷᠡᠩ ᠢ᠋ ᠳᠣᠬᠢᠵᠤ ᠬᠠᠲᠤᠨ ᠨᠠᠷᠠᠨᠭᠡᠷᠡᠯ ᠢ᠋ ᠠᠯᠠᠭᠤᠯᠤᠭᠠᠳ ᠪᠠᠰᠠ ᠬᠡᠷᠡᠭ ᠯᠡᠪᠡᠷᠡᠬᠦ ᠡᠴᠡ ᠠᠶᠤᠵᠤ ᠪᠤᠵᠠᠢ ᠶ᠋ᠢᠨ ᠪᠠᠯᠠᠷ ᠲᠤ᠌ ᠴᠣᠭᠳᠦᠢ᠍ᠭᠦᠷᠡᠩ ᠢ᠋ ᠠᠯᠠᠵᠤ (ᠦᠨᠡᠨ ᠳ᠋ᠡᠭᠡᠨ ᠰᠢᠨᠡᠯᠡᠮ᠎ᠡ ᠬᠥᠮᠦᠨ ᠲᠣᠮᠢᠯᠠᠵᠤ ᠲᠡᠭᠦᠨ ᠢ᠋ ᠠᠯᠠᠭᠤᠯᠵᠠᠢ᠃) ᠬᠡᠯᠡ ᠲᠠᠰᠤᠯᠪᠠ᠃ ᠬᠤᠳᠠᠯ ᠭᠡᠪᠡᠯ ᠴᠣᠭᠳᠥ᠋ᠭᠦᠷᠡᠩ ᠦ᠋ᠨ ᠤᠨᠤᠵᠤ ᠪᠠᠢᠭᠰᠠᠨ ᠪᠤᠭᠤᠷᠤᠯ ᠮᠣᠷᠢ ᠪᠤᠵᠠᠢ ᠶ᠋ᠢᠨ ᠪᠠᠯᠠᠷ ᠲᠤ᠌ ᠡᠮᠡᠭᠡᠯ ᠲᠣᠬᠣᠮ ᠬᠠᠵᠠᠭᠠᠷ ᠨᠣᠭᠲᠣ ᠲᠠᠢ ᠪᠠᠨ ᠶᠠᠪᠤᠵᠤ ᠪᠠᠢᠭᠰᠠᠨ ᠢ᠋ ᠮᠠᠨ ᠤ᠋ ᠵᠢᠷᠠᠨ ᠠᠨᠳᠠ ᠶ᠋ᠢᠨ ᠬᠥᠮᠦᠰ ᠣᠯᠵᠤ ᠠᠪᠴᠠᠢ᠂ ᠮᠣᠷᠢ ᠨᠢ ᠮᠠᠨᠤᠰ ᠤ᠋ᠨ ᠭᠠᠷ ᠲᠤ᠌ ᠪᠠᠢᠭᠰᠠᠭᠠᠷ····》 ᠭᠡᠵᠦ ᠠᠮᠠ ᠲᠤᠯᠭᠠᠨ ᠰᠦᠷᠳᠡᠭᠦᠯᠦᠭᠰᠡᠨ ᠳ᠋ᠦ᠍᠂ ᠳᠡ ᠶ᠋ᠢᠨ ᠲᠦᠰᠢᠮᠡᠳ ᠦ᠋ᠨ ᠡᠮᠦᠨ᠎ᠡ ᠰᠥᠭᠥᠳᠴᠦ ᠪᠠᠢᠭᠰᠠᠨ ᠰᠢᠨᠡᠯᠡᠮ᠎ᠡ ᠲᠡᠷᠡ ᠳᠣᠣᠷ᠎ᠠ ᠨᠢ᠄《 ᠵᠠ! ᠲᠡᠭᠡᠪᠡᠯ ᠴᠣᠭᠳᠥ᠋ᠭᠦᠷᠡᠩ ᠦᠨᠡᠬᠡᠷ ᠪᠤᠭᠤᠷᠤᠯ ᠮᠣᠷᠢ ᠲᠠᠢ ᠪᠠᠢᠭᠰᠠᠨ᠂ ᠥᠨᠥ ᠡᠷᠬᠢᠮ ᠲᠠᠨ ᠤ᠋ ᠬᠡᠯᠡᠬᠦ ᠪᠡᠷ ᠪᠤᠭᠤᠷᠤᠯ ᠮᠣᠷᠢ ᠨᠢ ᠲᠠᠨᠤᠰ ᠤ᠋ᠨ(ᠵᠢᠷᠠᠨ ᠠᠨᠳᠠ) ᠭᠠᠷ ᠲᠤ᠌ ᠪᠠᠢᠬᠤ ᠪᠠᠷ ᠦᠵᠡᠪᠡᠯ ᠴᠣᠭᠳᠥ᠋ᠭᠦᠷᠡᠩ ᠢ᠋ ᠯᠠᠪ ᠲᠠᠨᠤᠰ ᠠᠯᠠᠴᠢᠬᠠᠭᠠᠳ ᠬᠠᠷᠢᠨ ᠡᠭᠦᠨ ᠢ᠋ᠶ᠋ᠡᠨ ᠨᠢᠭᠤᠵᠤ ᠳᠠᠯᠳᠠᠯᠠᠬᠤ ᠶ᠋ᠢᠨ ᠲᠥᠯᠥᠭᠡ ᠮᠠᠨᠤᠰ ᠲᠤ᠌ ᠬᠥᠷ ᠲᠣᠬᠣᠵᠤ ᠮᠤᠰᠬᠢᠵᠦ ᠪᠠᠢᠨ᠎ᠠ᠃ ᠮᠣᠷᠢ ᠨᠢ ᠲᠠ ᠨᠠᠷ ᠤ᠋ᠨ ᠭᠠᠷ ᠲᠤ᠌ ᠪᠠᠢᠬᠤ ᠴᠢᠨᠢ ᠭᠡᠷᠡᠴᠢ ᠨᠢ ᠳᠠᠷᠤᠢ ᠲᠡᠷᠡ ᠮᠥᠨ!》 ᠭᠡᠵᠦ ᠡᠷᠡᠰ ᠰᠢᠭᠤᠷᠬᠠᠢ ᠬᠠᠷᠢᠭᠤᠯᠪᠠ᠃
ᠰᠢᠨᠡᠯᠡᠮ᠎ᠡ ᠶ᠋ᠢᠨ ᠡᠨᠡ ᠦᠭᠡ ᠶ᠋ᠢ ᠳᠡ ᠶ᠋ᠢᠨ ᠲᠦᠰᠢᠮᠡᠯ ᠮᠠᠰᠢᠳᠡᠯᠭᠡᠷ ᠰᠣᠨᠣᠰᠤᠭᠠᠳ ᠳᠣᠲᠣᠷ᠎ᠠ ᠪᠠᠨ《ᠠᠱ᠌ᠢ ᠭᠡᠵᠦ ᠠᠷᠭ᠎ᠠ ᠪᠠᠨ ᠪᠠᠷᠠᠵᠤ ᠤᠬᠠᠭ᠎ᠠ ᠠᠯᠳᠠᠭᠰᠠᠨ》 ᠲᠤᠯᠠ ᠬᠠᠮᠠᠷ ᠲᠠᠮᠠᠬᠢ ᠪᠠᠨ ᠬᠦᠴᠦᠲᠡᠢ ᠰᠤᠷᠤᠭᠠᠳ ᠬᠠᠮᠠᠷ ᠢ᠋ᠶ᠋ᠠᠨ ᠮᠢᠨᠴᠦᠷᠡᠭᠦᠯᠵᠦ ᠴᠢᠷᠠᠢ ᠨᠢ ᠪᠠᠷᠳᠠᠢᠵᠤ ᠪᠠᠢᠯ᠎ᠠ᠃
ᠭᠠᠯᠠᠭᠤᠲᠤ ᠶ᠋ᠢᠨ ᠴᠢᠭᠤᠯᠭᠠᠨ ᠰᠢᠨᠠᠯᠠᠮ᠎ᠠ ᠠ᠋ᠴᠠ ᠥᠴᠢᠭ ᠣᠯᠵᠤ ᠳᠡᠢᠯᠬᠦ ᠦᠭᠡᠢ ᠡᠳᠦᠷ ᠰᠠᠷ᠎ᠠ ᠦᠷᠭᠦᠯᠵᠢᠯᠡᠭᠰᠡᠭᠡᠷ ᠭᠤᠷᠪᠠᠨ ᠰᠠᠷ᠎ᠠ ᠶ᠋ᠢᠨ ᠬᠤᠭᠤᠴᠠᠭ᠎ᠠ ᠪᠣᠯᠪᠠ᠃ ᠳ᠋ᠠ ᠶᠢᠨ ᠲᠦᠰᠢᠮᠡᠯ ᠴᠡᠷᠢᠭ᠂ ᠳᠠᠭᠠᠯ ᠪᠣᠯᠤᠨ ᠦᠦᠰᠢᠨ ᠨᠣᠶᠠᠨ ᠤ᠋ ᠪᠦᠯᠦᠭ ᠲᠡᠢ ᠨᠡᠢᠯᠡᠭᠡᠳ ᠭᠤᠷᠪᠠᠨ ᠵᠠᠭᠤ ᠢᠯᠡᠭᠦᠦ ᠬᠥᠮᠦᠰ ᠦ᠋ᠨ ᠡᠳᠦᠷᠵᠢᠨ ᠰᠠᠢᠨ ᠢ᠋ ᠢᠳᠡᠵᠦ ᠤᠤᠭᠤᠬᠤ ᠡᠨᠡ ᠬᠦ᠌ ᠵᠠᠷᠤᠳᠠᠯ ᠮᠥᠩᠭᠥ ᠨᠢ ᠦᠦᠰᠢᠨ ᠬᠤᠰᠢᠭᠤᠨ ᠤ᠋ ᠬᠦᠨᠳᠦ ᠳᠠᠷᠤᠭᠠᠰᠤ ᠪᠣᠯᠪᠠ᠃
ᠡᠨᠡ ᠬᠤᠭᠤᠴᠠᠭᠠᠨ ᠳ᠋ᠤ᠌ ᠰᠢᠨᠡᠯᠡᠮ᠎ᠡ ᠪᠠᠷᠠᠭᠤᠨ ᠬᠦᠩ ᠨᠣᠶᠠᠨ ᠴᠤᠭᠲᠤᠸᠴᠢᠷ ᠲᠤ᠌ ᠰᠡᠮᠡᠷᠬᠡᠨ ᠨᠢᠭᠡᠨ ᠬᠤᠪᠢ ᠵᠠᠬᠢᠳᠠᠯ ᠪᠢᠴᠢᠵᠦ《···· ᠪᠢ ᠥᠨᠥ ᠬᠦᠨᠳᠦ ᠬᠡᠴᠡᠭᠦᠦ ᠲᠠᠮᠤᠯᠠᠯ ᠳ᠋ᠤ᠌ ᠲᠠᠷᠴᠢᠯᠭᠠᠭᠳᠠᠵᠤ ᠪᠠᠢᠨ᠎ᠠ᠂ ᠣᠳᠣᠬᠠᠨ ᠳ᠋ᠤ᠌ ᠪᠢ ᠠᠮᠠ ᠪᠠᠷ ᠠᠮᠢᠰᠬᠤᠵᠤ ᠪᠠᠢᠨ᠎ᠠ᠃ ᠶᠠᠭ ᠪᠣᠯᠬᠤ ᠦᠭᠡᠢ ᠪᠣᠯᠪᠠᠯ ᠬᠦᠩ ᠨᠣᠶᠠᠨ ᠤ᠋ ᠲᠡᠷᠡ ᠤᠳᠠᠭ᠎ᠠ ᠰᠢᠭ᠋< ᠬᠧᠩ!> ᠭᠡᠵᠦ ᠬᠠᠮᠠᠷ ᠢ᠋ᠶ᠋ᠠᠷ ᠠᠮᠢᠰᠬᠤᠵᠤ᠂ ᠠᠮᠠ ᠪᠠᠷ ᠳᠤᠤᠭᠠᠷᠬᠤ ᠶᠤᠮ ᠪᠠ⁈ ᠲᠠ ᠨᠠᠳᠠ ᠳ᠋ᠤ᠌ ᠨᠣᠭᠣᠭᠠᠨ ᠲᠣᠷᠭᠠᠨ ᠲᠤᠩᠬᠤ ᠪᠠᠨ ᠲᠠᠢᠯᠵᠤ ᠬᠠᠢᠷᠠᠯᠠ!》 ᠭᠡᠵᠦ ᠶᠠᠪᠤᠭᠤᠯᠵᠠᠢ᠃ ᠴᠤᠭᠲᠤᠸᠴᠢᠷ ᠬᠦᠩ ᠨᠣᠶᠠᠨ ᠵᠠᠬᠢᠳᠠᠯ ᠢ᠋ ᠣᠯᠵᠤ ᠦᠵᠡᠭᠡᠳ ᠰᠣᠴᠢᠨ ᠰᠠᠨᠳᠤᠷᠴᠠᠢ᠃ ᠤᠤᠯ ᠨᠢ ᠰᠢᠨᠠᠯᠠᠮ᠎ᠠ ᠴᠣᠭᠲᠤᠸᠴᠢᠷ ᠬᠦᠩ ᠲᠡᠢ ᠤᠴᠠᠷᠠᠵᠤ ᠨᠠᠷᠠᠨᠭᠡᠷᠡᠯ ᠬᠠᠲᠤᠨ ᠢ᠋ ᠲᠣᠨᠢᠯᠭᠠᠬᠤ ᠲᠤᠬᠠᠢ ᠤᠴᠢᠷ ᠢ᠋ ᠵᠥᠪ ᠡᠷᠢᠬᠦ ᠳ᠋ᠦ᠍ ᠲᠡᠷᠡ ᠤᠳᠠᠭ᠎ᠠ ᠬᠦᠩ ᠨᠣᠶᠠᠨ《ᠬᠧᠩ!》 ᠭᠡᠵᠦ ᠬᠠᠮᠠᠷ ᠢ᠋ᠶ᠋ᠠᠨ ᠳᠤᠤᠭᠠᠷᠭᠠᠵᠤ ᠳᠠᠯᠳᠠ ᠪᠠᠷ ᠵᠥᠪᠰᠢᠶᠡᠷᠡᠭᠰᠡᠨ ᠢ᠋ᠶ᠋ᠡᠨ ᠢᠯᠡᠳᠬᠡᠵᠡᠢ᠃ ᠰᠢᠨᠠᠯᠠᠮ᠎ᠠ ᠶ᠋ᠢᠨ ᠵᠠᠬᠢᠳᠠᠯ ᠤ᠋ᠨ ᠠᠭᠤᠯᠭ᠎ᠠ ᠪᠣᠯᠪᠠᠯ᠄《ᠨᠠᠮᠠᠶ᠋ᠢ ᠬᠦᠨᠳᠦ ᠰᠦᠷᠡᠬᠡᠢ ᠡᠷᠡᠭᠦᠦ ᠲᠠᠮᠤᠯᠠᠯ ᠢ᠋ᠶ᠋ᠠᠷ ᠲᠠᠷᠴᠢᠯᠠᠭᠠᠵᠤ ᠪᠠᠢᠨ᠎ᠠ᠃ ᠭᠡᠪᠡᠴᠦ ᠪᠢ ᠣᠳᠣᠬᠠᠨ ᠳᠡᠭᠡᠷ᠎ᠡ ᠰᠢᠲᠦ ᠵᠠᠭᠤᠨ ᠶᠠᠮᠠᠷ ᠴᠤ᠌ ᠥᠴᠢᠭ ᠬᠡᠯᠡᠭᠰᠡᠨ ᠦᠭᠡᠢ᠂ ᠶᠠᠭ ᠪᠣᠯᠬᠤ ᠦᠭᠡᠢ ᠪᠣᠯ ᠲᠡᠷᠡ ᠶᠠᠪᠤᠳᠠᠯ ᠳᠡᠭᠡᠷ᠎ᠡ ᠴᠢᠨᠦ ᠲᠡᠷᠡ ᠤᠳᠠᠭ᠎ᠠ< ᠬᠧᠩ!> ᠭᠡᠵᠦ ᠳᠣᠬᠢᠭᠰᠠᠨ ᠤᠴᠢᠷ ᠢ᠋ ᠴᠢᠨᠢ ᠫᠢᠯᠠ ᠲᠠᠢ ᠴᠢᠷᠠᠨ ᠲᠠᠢ ᠨᠢ ᠬᠡᠯᠡᠴᠢᠬᠡᠶ᠎ᠡ! ᠦᠭᠡᠢ ᠪᠣᠯ ᠴᠢ ᠨᠠᠮᠠᠶ᠋ᠢ ᠲᠦᠷᠭᠡᠨ ᠠᠷᠭ᠎ᠠ ᠪᠣᠳᠣᠵᠤ ᠠᠪᠤᠷᠠ!》 ᠭᠡᠰᠡᠨ ᠠᠭᠤᠯᠭ᠎ᠠ ᠲᠠᠢ ᠶᠤᠮ᠃ ᠴᠣᠭᠲᠣᠸᠴᠢᠷ ᠬᠦᠩ ᠨᠣᠶᠠᠨ ᠴᠤ᠌ ᠡᠨᠡ ᠤᠴᠢᠷ ᠢ᠋ ᠳᠣᠲᠣᠷ᠎ᠠ ᠪᠠᠨ ᠲᠣᠪ ᠲᠣᠳᠣᠷᠬᠠᠢ ᠮᠡᠳᠡᠵᠦ ᠪᠠᠢᠵᠠᠢ᠃ ᠴᠣᠭᠲᠣᠸᠴᠢᠷ ᠤ᠋ᠨ ᠠᠪᠤ ᠪᠠᠯᠵᠤᠤᠷ1872 ᠣᠨ ᠳ᠋ᠤ᠌ ᠬᠣᠲᠣᠩ ᠦᠨᠳᠦᠰᠦᠲᠡᠨ ᠦ᠌ ᠮᠠ ᠬᠤᠸᠠ ᠯᠦᠩ ᠦ᠋ᠨ ᠤᠷᠪᠠᠯᠭ᠎ᠠ(ᠦᠦᠰᠢᠨᠴᠦᠳ ᠮᠠᠭᠤ ᠬᠤᠯᠠᠭᠠᠢ ᠶ᠋ᠢᠨ ᠳᠡᠭᠡᠷᠡᠮ ᠭᠡᠳᠡᠭ) ᠢ᠋ ᠪᠠᠷᠠᠭᠤᠨᠰᠢ ᠴᠣᠬᠢᠵᠤ ᠬᠥᠭᠡᠭᠡᠭᠡᠳ ᠲᠥᠷᠥ ᠶ᠋ᠢᠨ ᠭᠠᠪᠢᠶ᠎ᠠ ᠪᠠᠷ ᠢ᠋ᠶ᠋ᠠᠨ ᠮᠠᠨᠵᠤ ᠴᠢᠩ ᠦ᠋ᠨ ᠵᠠᠰᠠᠭ ᠤ᠋ᠨ ᠭᠠᠵᠠᠷ ᠠ᠋ᠴᠠ ᠦᠶ᠎ᠡ ᠤᠯᠠᠷᠢᠨ ᠲᠥᠷᠥ ᠶ᠋ᠢᠨ ᠬᠦᠩ ᠨᠣᠶᠠᠨ ᠢ᠋ᠶ᠋ᠠᠷ ᠡᠷᠭᠦᠮᠵᠢᠯᠡᠭᠳᠡᠵᠦ ᠶᠡᠬᠡ ᠬᠡᠮᠵᠢᠶᠡᠨ ᠦ᠌ ᠮᠥᠩᠭᠥ ᠵᠣᠭᠣᠰᠤᠨ ᠤ᠋ ᠱᠠᠩᠨᠠᠯ ᠣᠯᠵᠠᠢ᠃ ᠥᠨᠥ ᠬᠠᠷᠢᠨ ᠬᠠᠲᠤᠨ ᠨᠠᠷᠠᠨᠭᠡᠷᠡᠯ ᠢ᠋ ᠳᠣᠬᠢᠵᠤ ᠠᠯᠠᠭᠤᠯᠤᠭᠰᠠᠨ ᠶᠠᠪᠤᠳᠠᠯ ᠯᠡᠪᠡᠷᠡᠬᠦ ᠳᠡᠭᠡᠷ᠎ᠡ ᠲᠤᠯᠪᠠᠯ ᠲᠣᠮᠣ ᠬᠡᠷᠡᠭ ᠪᠣᠯᠵᠤ ᠴᠢᠩ ᠦ᠋ᠨ ᠵᠠᠰᠠᠭ ᠤ᠋ᠨ ᠭᠠᠵᠠᠷ ᠠ᠋ᠴᠠ ᠰᠣᠶᠣᠷᠬᠠᠭᠰᠠᠨ ᠲᠣᠭᠣᠰ ᠤ᠋ᠨ ᠤᠲᠤᠭ᠎ᠠ ᠲᠠᠢ ᠤᠯᠠᠭᠠᠨ ᠥᠳᠥᠨᠡ ᠴᠢᠯᠠᠭᠤ ᠶ᠋ᠢᠨ ᠵᠢᠩᠰᠡ ᠮᠠᠯᠠᠭᠠᠢ ᠲᠠᠢ ᠲᠣᠯᠣᠭᠠᠢ ᠨᠢ ᠮᠥᠷᠦᠨ ᠳᠡᠭᠡᠷ᠎ᠡ ᠪᠠᠢᠬᠤᠶᠠ ᠪᠡᠷᠬᠡ ᠭᠡᠳᠡᠭ ᠢ᠋ ᠮᠡᠳᠡᠪᠡ᠃ ᠲᠡᠷᠡ ᠳᠠ ᠶ᠋ᠢᠨ ᠲᠦᠰᠢᠮᠡᠳ ᠮᠠᠰᠢᠳᠡᠯᠭᠡᠷ ᠲᠦ᠍ ᠦᠦᠰᠢᠨ ᠬᠤᠰᠢᠭᠤᠨ ᠤ᠋ ᠪᠠᠷᠠᠭᠤᠨ ᠬᠦᠩ ᠨᠣᠶᠠᠨ ᠤ᠋ ᠬᠤᠪᠢ ᠪᠠᠷ ᠲᠤᠰᠬᠠᠢ ᠵᠠᠬᠢᠳᠠᠯ ᠪᠢᠴᠢᠵᠦ ᠶᠡᠬᠡ ᠬᠡᠮᠵᠢᠶᠡᠨ ᠦ᠌ ᠮᠥᠩᠭᠥ ᠭᠦᠶᠦᠯᠭᠡᠵᠦ᠂《ᠰᠢᠨᠡᠯᠡᠮ᠎ᠡ ᠶ᠋ᠢᠨ ᠤᠴᠢᠷ ᠥᠨᠥ ᠪᠣᠯᠲᠠᠯ᠎ᠠ ᠢᠯᠭᠠᠪᠤᠷᠢ ᠭᠠᠷᠬᠤ ᠦᠭᠡᠢ ᠪᠠᠢᠭ᠎ᠠ ᠤᠴᠢᠷ ᠪᠢᠳᠡ ᠬᠤᠰᠢᠭᠤᠨ ᠳ᠋ᠠᠭᠠᠨ ᠲᠤᠰᠢᠶᠠᠵᠤ ᠠᠪᠤᠭᠠᠳ ᠠᠭᠠᠵᠢᠮ ᠢ᠋ᠶ᠋ᠠᠷ ᠮᠥᠷᠳᠡᠨ ᠪᠠᠢᠴᠠᠭᠠᠵᠤ ᠪᠠᠢᠭᠠᠳ ᠰᠢᠢᠳᠪᠦᠷᠢᠯᠡᠶ᠎ᠡ!᠁》 ᠭᠡᠵᠦ ᠭᠤᠶᠤᠴᠢᠯᠠᠵᠤ ᠲᠤᠰᠬᠠᠢ ᠬᠣᠶᠠᠷ ᠲᠤᠰᠢᠶᠠᠯᠲᠠᠨ ᠶᠠᠪᠤᠭᠤᠯᠵᠠᠢ᠃
ᠭᠠᠯᠠᠭᠤᠲᠤ ᠶ᠋ᠢᠨ ᠰᠦᠮ᠎ᠡ ᠳᠡᠭᠡᠷ᠎ᠡ ᠴᠢᠭᠤᠯᠭᠠᠵᠤ ᠪᠠᠢᠬᠤ ᠳᠠᠯᠠᠳ ᠤ᠋ᠨ ᠲᠦᠰᠢᠮᠡᠳ ᠴᠦ᠍ ᠶᠠᠭ ᠡᠨᠡ ᠦᠶ᠎ᠡ ᠳ᠋ᠦ᠍ ᠠᠷᠭ᠎ᠠ ᠪᠦᠬᠦᠨ ᠢ᠋ᠶ᠋ᠡᠷ ᠰᠢᠨᠠᠯᠠᠮ᠎ᠠ ᠶ᠋ᠢ ᠲᠠᠮᠤᠯᠠᠪᠠᠴᠤ ᠥᠴᠢᠭ ᠣᠯᠵᠤ ᠳᠡᠢᠯᠬᠦ ᠦᠭᠡᠢ ᠪᠠᠢᠭᠰᠠᠨ ᠲᠤᠯᠠ ᠬᠠᠮᠠᠷ ᠢ᠋ ᠨᠢ ᠠᠪᠤᠭᠠᠳ ᠠᠮᠠ ᠶ᠋ᠢ ᠨᠢ ᠲᠠᠭᠯᠠᠪᠠ ᠭᠡᠭᠴᠢ ᠪᠡᠷ ᠸᠠᠩᠴᠤᠭᠷᠠᠪᠳᠠᠨ ᠤ᠋ ᠬᠡᠯᠡᠭᠰᠡᠨ ᠦᠭᠡ ᠰᠢᠨᠠᠯᠠᠮ᠎ᠠ ᠳ᠋ᠤ᠌ ᠲᠣᠷᠭᠠᠭᠳᠠᠭᠰᠠᠨ ᠵᠡᠷᠭᠡ ᠰᠢᠯᠲᠠᠭᠠᠨ ᠠ᠋ᠴᠠ ᠪᠣᠯᠵᠤ ᠲᠤᠰᠠᠯᠠᠭᠴᠢ ᠮᠠᠰᠢᠳᠡᠯᠭᠡᠷ ᠶᠠᠭ《 ᠪᠠᠷᠰ ᠤᠨᠤᠭᠠᠳ ᠪᠠᠭᠤᠵᠤ ᠴᠢᠳᠠᠬᠤ ᠦᠭᠡᠢ》 ᠪᠠᠢᠳᠠᠯ ᠳ᠋ᠤ᠌ ᠣᠷᠣᠵᠠᠢ᠃ ᠡᠨᠡ ᠦᠶᠡᠰ ᠪᠠᠷᠠᠭᠤᠨ ᠬᠦᠩ ᠨᠣᠶᠠᠨ ᠴᠣᠭᠲᠣᠸᠴᠢᠷ ᠤ᠋ᠨ ᠶᠠᠪᠤᠭᠤᠯᠤᠭᠰᠠᠨ ᠬᠣᠶᠠᠷ ᠬᠥᠮᠦᠨ ᠲᠠᠪᠤᠨ ᠵᠠᠭᠤ ᠯᠠᠩ ᠮᠥᠩᠭᠥ ᠠᠴᠢᠶᠠᠯᠠᠨ ᠵᠠᠬᠢᠳᠠᠯ ᠬᠦᠷᠭᠡᠵᠦ ᠢᠷᠡᠭᠰᠡᠨ ᠳ᠋ᠦ᠍᠂ ᠸᠠᠩᠴᠤᠭᠷᠠᠪᠳᠠᠨ ᠵᠠᠬᠢᠳᠠᠯ ᠤ᠋ᠨ ᠠᠭᠤᠯᠭ᠎ᠠ ᠶ᠋ᠢ ᠣᠢᠯᠠᠭᠠᠵᠤ ᠴᠢᠭᠤᠯᠭᠠᠨ ᠤ᠋ ᠰᠢᠭᠦᠯᠲᠡ ᠶ᠋ᠢ ᠲᠦᠷ ᠬᠣᠢᠰᠢᠯᠠᠭᠤᠯᠤᠭᠰᠠᠨ ᠪᠠᠢᠨ᠎ᠠ᠃
ᠢᠩᠭᠢᠭᠡᠳ ᠪᠠᠷᠠᠭᠤᠨ ᠬᠦᠩ ᠨᠣᠶᠠᠨ ᠤ᠋ ᠠᠷᠭ᠎ᠠ ᠪᠠᠷ ᠪᠣᠯᠵᠤ ᠦᠦᠰᠢᠨ ᠬᠤᠰᠢᠭᠤᠨ ᠠ᠋ᠴᠠ ᠮᠢᠩᠭᠠᠨ ᠯᠠᠩ ᠮᠥᠩᠭᠥ ᠶ᠋ᠢᠨ ᠬᠡᠭᠡᠯᠢ ᠡᠷᠭᠦᠭᠡᠳ ᠪᠠᠰᠠ ᠳᠤᠭᠤᠢᠯᠠᠩ ᠳ᠋ᠤ᠌ ᠣᠷᠣᠯᠴᠠᠭᠰᠠᠨ ᠬᠥᠮᠦᠰ ᠢ᠋ ᠭᠤᠷᠪᠠᠨ ᠮᠢᠩᠭᠠᠨ ᠯᠠᠩ ᠮᠥᠩᠭᠥ ᠪᠡᠷ ᠶᠠᠯᠠᠯᠠᠨ ᠴᠡᠷᠢᠭ ᠦ᠋ᠨ ᠬᠦᠨᠡᠰᠦ ᠪᠣᠷᠳᠣᠭᠠᠨ ᠤ᠋ ᠪᠦᠬᠦ ᠵᠠᠷᠤᠳᠠᠯ ᠢ᠋ ᠴᠦ᠍ ᠭᠠᠷᠭᠠᠭᠤᠯᠬᠤ ᠪᠣᠯᠪᠠ᠃ ᠰᠢᠨᠡᠯᠡᠮ᠎ᠡ ᠶ᠋ᠢᠨ ᠭᠡᠷ ᠬᠥᠷᠥᠩᠭᠡ ᠪᠣᠯᠤᠨ ᠳᠤᠭᠤᠢᠯᠠᠩ ᠤ᠋ᠨ ᠨᠥᠬᠥᠳ ᠦ᠋ᠨ ᠭᠡᠷ ᠡᠷᠦᠬᠡ ᠶ᠋ᠢ ᠬᠣᠭᠣᠰᠣᠷᠠᠲᠠᠯ᠎ᠠ ᠬᠤᠷᠢᠶᠠᠵᠤ ᠰᠢᠨᠡᠯᠡᠮ᠎ᠡ ᠶ᠋ᠢᠨ ᠬᠦᠵᠦᠭᠦᠨ ᠳ᠋ᠦ᠍ ᠨᠠᠶᠠᠨ ᠵᠢᠩ ᠦ᠋ᠨ ᠲᠡᠮᠦᠷ ᠭᠢᠨᠵᠢ ᠳᠡᠭᠦᠵᠢᠯᠡᠵᠦ ᠰᠣᠭᠣᠵᠢᠯᠠᠭᠠᠳ(ᠲᠤᠬᠠᠢ ᠶ᠋ᠢᠨ ᠦᠶ᠎ᠡ ᠶ᠋ᠢᠨ ᠡᠷᠡᠭᠦᠦ ᠶ᠋ᠢᠨ ᠪᠠᠭᠠᠵᠢ) ᠬᠤᠰᠢᠭᠤᠨ ᠳ᠋ᠤᠨᠢ ᠲᠤᠰᠢᠶᠠᠪᠠ᠃ ᠮᠠᠰᠢᠳᠡᠯᠭᠡᠷ ᠲᠤᠰᠠᠯᠠᠭᠴᠢ ᠡᠨᠡ ᠬᠦ᠌ ᠲᠦᠪᠡᠭ ᠪᠤᠳᠤᠯᠢᠶᠠᠨᠲᠠᠢ ᠮᠤᠬᠤᠷ ᠬᠡᠷᠡᠭ ᠡᠴᠡ ᠮᠤᠯᠲᠤᠷᠠᠨ ᠭᠠᠷᠬᠤ ᠶ᠋ᠢᠨ ᠰᠢᠯᠲᠠᠭ ᠣᠯᠵᠤ᠄《ᠨᠠᠷᠠᠨᠭᠡᠷᠡᠯ ᠬᠠᠲᠤᠨ ᠢ᠋ ᠠᠯᠠᠭᠰᠠᠨ ᠲᠡᠷᠡ ᠬᠥᠮᠦᠨ ᠢ᠋ ᠪᠠᠷᠢᠪᠴᠢᠯᠠᠭᠰᠠᠨ ᠬᠣᠢᠨ᠎ᠠ ᠰᠢᠨᠡᠯᠡᠮ᠎ᠡ ᠶ᠋ᠢ ᠳᠠᠬᠢᠵᠤ ᠰᠢᠭᠦᠮᠦᠢ》 ᠭᠡᠪᠡ᠃
ᠰᠢᠨᠠᠯᠠᠮ᠎ᠠ ᠢᠩᠭᠢᠵᠦ ᠤᠷᠠᠨ ᠠᠷᠭ᠎ᠠ ᠬᠡᠷᠡᠭᠯᠡᠵᠦ ᠭᠠᠯᠠᠭᠤᠲᠤ ᠶ᠋ᠢᠨ ᠴᠢᠭᠤᠯᠭᠠᠨ ᠠ᠋ᠴᠠ ᠮᠤᠯᠲᠤᠷᠠᠵᠠᠢ᠃ ᠡᠨᠡ ᠪᠣᠯ ᠣᠷᠳᠣᠰ ᠤ᠋ᠨ ᠳᠤᠭᠤᠢᠯᠠᠩ ᠤ᠋ᠨ ᠬᠥᠳᠡᠯᠭᠡᠭᠡᠨ ᠦ᠌ ᠲᠡᠦᠬᠡᠨ ᠳ᠋ᠡᠬᠢ《ᠴᠠᠭᠠᠨ ᠪᠡᠴᠢᠨ ᠵᠢᠯ ᠦ᠋ᠨ ᠭᠠᠯᠠᠭᠤᠲᠤ ᠶ᠋ᠢᠨ ᠴᠢᠭᠤᠯᠭᠠᠨ》 ᠪᠣᠯᠤᠨ᠎ᠠ᠃
ᠳᠡᠯᠡᠳ ᠳᠠ ᠶ᠋ᠢᠨ ᠭᠤᠷᠪᠠᠨ ᠵᠠᠭᠤ ᠰᠢᠬᠠᠮ ᠬᠥᠮᠦᠰ ᠢᠯᠡ ᠳᠠᠯᠳᠠ ᠠᠪᠤᠭᠰᠠᠨ ᠪᠠ ᠳᠣᠷᠭᠣᠨ ᠶᠠᠯᠠᠯᠠᠵᠤ ᠲᠣᠨᠣᠵᠤ ᠳᠡᠭᠡᠷᠡᠮᠳᠡᠭᠰᠡᠨ ᠲᠡᠢ ᠪᠡᠨ ᠬᠡᠳᠦᠨ ᠵᠠᠭᠤ ᠮᠣᠷᠢ ᠯᠠᠭᠤᠰᠠ ᠪᠠᠨ ᠭᠠᠨᠵᠤᠭ᠎ᠠ ᠳᠦᠭᠦᠷᠡᠩ ᠲᠡᠭᠡᠭᠡᠵᠦ᠂ ᠪᠠᠰᠠ ᠬᠡᠳᠦᠨ ᠴᠥᠷᠬᠡᠯᠡᠭᠡ ᠲᠡᠮᠡᠭᠡ ᠪᠡᠷ ᠠᠴᠢᠶᠠᠯᠠᠵᠤ ᠳᠥᠭᠥᠮ ᠳᠦᠭᠦᠷᠡᠩ ᠮᠠᠯ ᠲᠠᠭᠤᠵᠤ ᠳᠠᠯᠠᠳ ᠬᠣᠰᠢᠭᠤ ᠵᠦᠭ ᠢ᠋ᠶ᠋ᠡᠨ ᠪᠤᠴᠠᠵᠠᠢ᠃
ᠦᠰᠦᠭ ᠠᠮᠢᠯᠠᠭᠤᠯᠤᠭᠴᠢ᠄ ᠴᠡᠩᠬᠡᠯᠴᠡᠴᠡᠭ᠂ ᠰᠠᠷᠠᠨᠲᠤᠶᠠᠭ᠎ᠠ᠂ ᠪᠠᠯ᠂ ᠣᠶᠤᠨᠪᠢᠯᠢᠭ᠌ ᠂ ᠪᠠᠳᠮᠠᠰᠡᠴᠡᠨ
ᠬᠢᠨᠠᠭᠴᠢ᠄ ᠣᠳᠬᠣᠨᠴᠡᠴᠡᠭ᠂ ᠲ· ᠬᠦᠮᠦᠵᠢᠯᠲᠦ᠂ ᠪᠠᠯ