ᠪᠣᠭᠣᠷᠴᠢ – ᠢᠰᠦᠰ ᠾᠷᠢᠰᠲ᠋ᠣᠰ ᠤ᠋ᠨ ᠡᠯᠴᠢ - ᠴᠢᠩᠭᠢᠰ ᠬᠠᠭᠠᠨ ᠊ᠤ᠌ ᠨᠢᠭᠤᠴᠠ ᠲᠡᠦᠬᠡ 24 Боорчи – Исүс христосын элч - Чингис хаан оо нууц түүх 24
ᠪᠣᠭᠣᠷᠴᠢ –
ᠢᠰᠦᠰ ᠾᠷᠢᠰᠲ᠋ᠣᠰ ᠤ᠋ᠨ ᠡᠯᠴᠢ
ᠡᠢᠮᠦ ᠪᠡᠯᠡᠳᠬᠡᠯ ᠬᠠᠩᠭᠠᠭᠳᠠᠬᠤ ᠬᠦᠷᠲᠡᠯ᠎ᠡ ᠪᠤᠭᠤᠷᠴᠢ ᠳ᠋ᠤ᠌ ᠬᠢᠵᠦ ᠭᠦᠢᠴᠡᠳᠬᠡᠬᠦ ᠠᠵᠢᠯ ᠣᠯᠠᠨ ᠦᠯᠡᠳᠡᠭᠡᠳ ᠪᠠᠢᠯ᠎ᠠ᠃ ᠲᠡᠷᠡ ᠶᠠᠭᠤᠨ ᠤ᠋ ᠡᠮᠦᠨ᠎ᠡ ᠴᠢᠩᠭᠢᠰ ᠬᠠᠭᠠᠨ ᠤ᠋ ᠨᠢᠭᠡᠨ ᠭᠠᠢᠬᠠᠯᠲᠠᠢ ᠵᠠᠷᠯᠢᠭ ᠢ᠋ ᠭᠦᠢᠴᠡᠯᠳᠦᠭᠦᠯᠬᠦ ᠬᠡᠷᠡᠭᠲᠡᠢ ᠪᠣᠯᠵᠠᠢ᠃ ᠪᠠᠷᠢᠭᠵᠠᠨ ᠠᠭᠤᠯᠠᠨ ᠤ᠋ ᠨᠡᠷ᠎ᠡ ᠶ᠋ᠢ ᠥᠭᠡᠷᠡᠴᠢᠯᠡᠨ ᠲᠡᠭᠦᠨ ᠢ᠋ ᠲᠩᠷᠢ ᠠᠭᠤᠯᠠ ᠭᠡᠮᠡᠨ ᠨᠡᠷᠡᠯᠡᠵᠦ᠂ ᠣᠷᠭᠢᠯ ᠳ᠋ᠤᠨᠢ ᠬᠥᠮᠦᠨ ᠭᠠᠷᠬᠤ ᠶ᠋ᠢ ᠴᠠᠭᠠᠵᠠᠯᠠᠭᠰᠠᠨ ᠵᠠᠷᠯᠢᠭ ᠴᠢᠩᠭᠢᠰ ᠬᠠᠭᠠᠨ ᠪᠠᠭᠤᠯᠭᠠᠭᠰᠠᠨ ᠢ᠋ ᠳᠠᠷᠤᠢ ᠣᠯᠠᠨ ᠲᠦᠮᠡᠨ ᠳ᠋ᠦ᠍ ᠵᠠᠷᠯᠠᠨ ᠲᠤᠩᠬᠠᠭᠯᠠᠭᠠᠳ ᠪᠠᠢᠯ᠎ᠠ᠃ ᠬᠠᠷᠢᠨ ᠪᠤᠭᠤᠷᠴᠢ ᠳ᠋ᠤ᠌ ᠨᠢᠭᠤᠴᠠ ᠪᠠᠷ ᠵᠠᠷᠯᠢᠭ ᠪᠣᠯᠭᠠᠭᠰᠠᠨ ᠶᠣᠰᠣᠭᠠᠷ ᠥᠨᠥᠬᠢ ᠢᠰᠢ ᠾᠶ᠋ᠮᠠᠮ ᠤ᠋ᠨ ᠤᠷᠠᠯᠠᠭᠰᠠᠨ ᠣᠨᠢᠰᠣᠨ ᠱᠠᠲᠤ ᠶ᠋ᠢ ᠰᠢᠲᠠᠭᠠᠬᠤ ᠪᠣᠯᠵᠠᠢ᠃ ᠤᠭ ᠨᠢ ᠪᠤᠭᠤᠷᠴᠢ ᠡᠨᠡ ᠱᠠᠲᠤ ᠶ᠋ᠢ ᠦᠭᠡᠢ ᠪᠣᠯᠭᠠᠬᠤ ᠶ᠋ᠢ ᠬᠦᠰᠡᠭᠡ ᠦᠭᠡᠢ ᠪᠢᠯᠡ᠃ ᠤᠴᠢᠷ ᠨᠢ ᠡᠨᠡ ᠱᠠᠲᠤ ᠪᠣᠯ ᠢᠰᠢ ᠾᠶ᠋ᠮᠠᠮ ᠭᠡᠭᠴᠢ ᠦᠨᠡᠨ ᠰᠡᠳᠬᠢᠯᠲᠦ ᠤᠷᠠᠨ ᠳᠠᠷᠬᠠᠨ ᠤ᠋ ᠪᠦᠲᠦᠭᠡᠭᠰᠡᠨ ᠭᠠᠢᠬᠠᠮᠰᠢᠭᠲᠠᠢ ᠬᠠᠷᠠᠭᠠᠳ ᠬᠠᠨᠤᠮᠠ ᠦᠭᠡᠢ ᠪᠦᠲᠦᠭᠡᠯ ᠶᠦ᠍ᠮ᠃ ᠴᠢᠩᠭᠢᠰ ᠬᠠᠭᠠᠨ ᠭᠡᠨᠡᠳᠲᠡ ᠡᠢᠮᠦ ᠬᠠᠴᠢᠷᠬᠠᠯ ᠲᠠᠢ ᠵᠠᠷᠯᠢᠭ ᠪᠠᠭᠤᠯᠭᠠᠭᠰᠠᠨ ᠢ᠋ ᠪᠤᠭᠤᠷᠴᠢ ᠭᠠᠢᠬᠠᠨ ᠡᠭᠳᠡᠭᠦᠴᠡᠭᠰᠡᠨ ᠴᠦ᠍ ᠲᠡᠭᠦᠨ ᠢ᠋ᠶ᠋ᠡᠨ ᠢᠯᠡ ᠭᠠᠷᠭᠠᠨ ᠮᠡᠳᠡᠭᠳᠡᠭᠰᠡᠨ ᠦᠭᠡᠢ᠃ ᠢᠰᠢ ᠾᠶ᠋ᠮᠠᠮ ᠴᠢᠩᠭᠢᠰ ᠬᠠᠭᠠᠨ ᠤ᠋ ᠵᠠᠷᠯᠢᠭ ᠢ᠋ᠶ᠋ᠠᠷ ᠮᠣᠩᠭᠣᠯ ᠤ᠋ᠨ ᠲᠠᠯ᠎ᠠ ᠨᠤᠲᠤᠭ ᠲᠤ᠌ ᠶᠡᠬᠡ ᠬᠣᠲᠠ ᠪᠠᠷᠢᠬᠤ ᠪᠠᠷ ᠶᠠᠪᠤᠬᠤ ᠪᠣᠯᠤᠭᠠᠳ ᠬᠣᠲᠠ ᠪᠠᠷᠢᠬᠤ ᠠᠵᠢᠯ ᠤ᠋ᠨ ᠳᠠᠳᠤᠯᠭ᠎ᠠ ᠲᠠᠢ ᠤᠷᠠᠴᠤᠳ ᠢ᠋ ᠴᠤᠭᠯᠠᠭᠤᠯᠤᠨ ᠪᠡᠯᠡᠳᠬᠡᠵᠦ ᠪᠠᠢᠭ᠎ᠠ ᠪᠢᠯᠡ᠃ ᠨᠢᠭᠡᠨᠲᠡ ᠴᠢᠩᠭᠢᠰ ᠬᠠᠭᠠᠨ ᠵᠠᠷᠯᠢᠭ ᠪᠣᠯᠭᠠᠭᠰᠠᠨ ᠲᠤᠯᠠ ᠢᠰᠢ ᠾᠶ᠋ᠮᠠᠮ ᠢ᠋ ᠳᠠᠭᠤᠳᠠᠨ ᠠᠪᠴᠢᠷᠠᠵᠤ ᠡᠨᠡ ᠲᠤᠬᠠᠢ ᠬᠡᠯᠡᠬᠦ ᠡᠴᠡ ᠥᠭᠡᠷ᠎ᠡ ᠠᠷᠭ᠎ᠠ ᠪᠤᠭᠤᠷᠴᠢ ᠳ᠋ᠤ᠌ ᠪᠠᠢᠭᠰᠠᠨ ᠦᠭᠡᠢ᠃ ᠬᠡᠯᠡ ᠴᠢᠮᠡᠭᠡ ᠦᠭᠡᠢ ᠰᠢᠲᠠᠭᠠᠵᠤ ᠪᠣᠯᠬᠤ ᠪᠠᠢᠭᠰᠠᠨ ᠴᠤ᠌ ᠪᠤᠭᠤᠷᠴᠢ ᠶᠠᠭᠠᠬᠢᠭᠠᠳ ᠴᠤ᠌ ᠶᠤᠮ ᠲᠡᠭᠡᠵᠦ ᠴᠢᠳᠠᠭᠰᠠᠨ ᠦᠭᠡᠢ᠃ ᠬᠠᠷᠢᠨ ᠴᠢᠩᠭᠢᠰ ᠬᠠᠭᠠᠨ ᠤ᠋ ᠡᠯ᠎ᠡ ᠵᠠᠷᠯᠢᠭ ᠢ᠋ ᠰᠣᠨᠣᠰᠤᠭᠠᠳ ᠨᠣᠮᠣᠬᠠᠨ ᠳᠥᠯᠭᠡᠨ ᠵᠠᠩ ᠲᠠᠢ ᠲᠡᠷᠡ ᠤᠷᠠᠨ ᠳᠠᠷᠬᠠᠨ ᠤ᠋ ᠬᠡᠷᠬᠢᠨ ᠴᠣᠴᠢᠷᠳᠠᠨ ᠭᠡᠯᠮᠡᠭᠳᠡᠬᠦ ᠶ᠋ᠢ ᠪᠤᠭᠤᠷᠴᠢ ᠭᠠᠳᠠᠷᠯᠠᠵᠤ ᠪᠠᠢᠯ᠎ᠠ᠃ ᠢᠰᠢ ᠾᠶ᠋ᠮᠠᠮ ᠪᠣᠯ ᠦᠨᠡᠨᠴᠢ ᠰᠢᠳᠤᠷᠭᠤ ᠵᠠᠩ ᠲᠠᠢ ᠳᠡᠭᠡᠷ᠎ᠡ ᠴᠢᠩᠭᠢᠰ ᠬᠠᠭᠠᠨ ᠳ᠋ᠤ᠌ ᠲᠣᠭᠣᠭᠳᠠᠭᠰᠠᠨ ᠳ᠋ᠠᠭᠠᠨ ᠬᠥᠯ ᠨᠢ ᠭᠠᠵᠠᠷ ᠬᠦᠷᠬᠦ ᠦᠭᠡᠢ ᠬᠥᠭᠡᠷᠴᠦ ᠪᠠᠢᠭᠰᠠᠨ ᠲᠤᠯᠠ ᠪᠤᠭᠤᠷᠴᠢ ᠶ᠋ᠢᠨ ᠳᠡᠭᠡᠷᠡᠬᠢ ᠦᠭᠡ ᠭᠠᠵᠠᠷ ᠴᠥᠮᠥᠷᠡᠵᠦ ᠭᠠᠯᠪᠠ ᠶᠡᠭᠦᠯᠡᠭᠰᠡᠨ ᠲᠡᠢ ᠠᠳᠠᠯᠢ ᠰᠣᠨᠣᠰᠤᠭᠳᠠᠵᠠᠢ᠃ ᠲᠡᠭᠷᠢ ᠠᠭᠤᠯᠠ ᠶ᠋ᠢᠨ ᠣᠷᠣᠢ ᠶ᠋ᠢ ᠬᠦᠷᠲᠡᠯ᠎ᠡ ᠪᠣᠰᠠᠬᠠᠬᠰᠠᠨ ᠲᠡᠷᠡ ᠣᠨᠢᠰᠣᠨ ᠱᠠᠲᠤ ᠪᠣᠯ ᠢᠰᠢ ᠾᠶ᠋ᠮᠠᠮ ᠡᠨᠡ ᠶᠠᠪᠤᠭ᠎ᠠ ᠨᠠᠰᠤᠨ ᠳ᠋ᠠᠭᠠᠨ ᠳᠠᠬᠢᠭᠠᠳ ᠬᠡᠵᠢᠶ᠎ᠡ ᠴᠦ᠍ ᠪᠠᠷᠢᠵᠤ ᠪᠣᠰᠬᠠᠵᠤ ᠴᠢᠳᠠᠬᠤ ᠦᠭᠡᠢ᠂ ᠪᠠᠰᠠ ᠲᠡᠭᠦᠨ ᠦ᠌ ᠪᠣᠳᠣᠭᠰᠠᠨ ᠢ᠋ᠶ᠋ᠠᠷ ᠥᠭᠡᠷ᠎ᠡ ᠬᠡᠨ ᠴᠦ᠍ ᠪᠦᠲᠦᠭᠡᠵᠦ ᠴᠢᠳᠠᠬᠤ ᠦᠭᠡᠢ ᠲᠡᠢᠮᠦ ᠮᠥᠩᠬᠡ ᠶ᠋ᠢᠨ ᠪᠦᠲᠦᠭᠡᠯ ᠶᠦ᠍ᠮ᠃ ᠴᠢᠩᠭᠢᠰ ᠬᠠᠭᠠᠨ ᠵᠠᠷᠯᠢᠭ ᠪᠠᠭᠤᠯᠭᠠᠵᠤ᠂ ᠬᠣᠷᠽᠸᠮ ᠤ᠋ᠨ ᠪᠦᠬᠦ ᠤᠷᠠᠴᠤᠳ ᠢ᠋ ᠨᠢᠭᠡᠨ ᠳᠣᠣᠷ᠎ᠠ ᠴᠤᠭᠯᠠᠭᠤᠯᠵᠤ ᠢᠰᠢ ᠾᠶ᠋ᠮᠠᠮ ᠳ᠋ᠤ᠌ ᠲᠤᠰᠢᠶᠠᠭ᠎ᠠ ᠦᠭᠡᠢ ᠪᠣᠯ ᠥᠭᠡᠷ᠎ᠡ ᠬᠡᠨ ᠴᠦ᠍ ᠡᠢᠮᠦ ᠱᠠᠲᠤ ᠶ᠋ᠢ ᠤᠷᠠᠯᠠᠨ᠎ᠠ ᠭᠡᠵᠦ ᠰᠡᠳᠬᠢᠬᠦ ᠦᠭᠡᠢ ᠪᠠᠢᠭᠰᠠᠨ ᠭᠡᠵᠦ ᠪᠣᠳᠣᠬᠤ ᠤᠴᠢᠷ ᠬᠡᠴᠢᠨᠡᠨ ᠲᠦᠮᠡᠨ ᠭᠡᠮ ᠦᠭᠡᠢ ᠬᠥᠮᠦᠰ ᠢ᠋ ᠠᠯᠠᠵᠤ᠂ ᠲᠥᠷᠥᠯᠬᠢ ᠤᠯᠤᠰ ᠢ᠋ ᠨᠢ ᠦᠨᠡᠰᠦᠨ ᠲᠣᠪᠷᠠᠭ ᠪᠣᠯᠭᠠᠨ ᠲᠦᠢᠪᠡᠭᠡᠨ ᠰᠥᠨᠥᠭᠡᠭᠰᠡᠨ ᠴᠢᠩᠭᠢᠰ ᠬᠠᠭᠠᠨ ᠢ᠋ ᠰᠡᠳᠬᠢᠯ ᠳ᠋ᠡᠭᠡᠨ ᠥᠷᠥᠰᠢᠶᠡᠨ ᠬᠡᠯᠲᠦᠷᠢᠭᠦᠯᠦᠭᠡᠳ ᠵᠣᠭᠰᠣᠬᠤ ᠦᠭᠡᠢ ᠪᠦᠷ ᠰᠢᠲᠦᠨ ᠪᠢᠰᠢᠷᠡᠬᠦ ᠪᠣᠯᠤᠭᠰᠠᠨ ᠪᠢᠯᠡ᠃ ᠬᠡᠵᠢᠶ᠎ᠡ ᠴᠦ᠍᠂ ᠬᠡᠨ ᠴᠦ᠍ ᠰᠡᠳᠬᠢᠵᠦ ᠤᠷᠠᠯᠠᠭᠠ ᠦᠭᠡᠢ ᠡᠢᠮᠦ ᠠᠪᠤᠷᠭᠤ ᠱᠠᠲᠤ ᠬᠢᠬᠦ ᠰᠠᠨᠠᠭ᠎ᠠ ᠶ᠋ᠢ ᠥᠳᠥᠭᠡᠵᠦ ᠪᠠᠷᠢᠵᠤ ᠪᠤᠰᠬᠠᠬᠤ ᠬᠥᠷᠥᠩᠭᠡ ᠬᠦᠴᠦ ᠶ᠋ᠢ ᠬᠠᠢᠷ᠎ᠠ ᠦᠭᠡᠢ ᠵᠣᠷᠢᠭᠤᠯᠤᠭᠰᠠᠨ ᠴᠢᠩᠭᠢᠰ ᠬᠠᠭᠠᠨ ᠪᠣᠯ ᠢᠰᠢ ᠾᠶ᠋ᠮᠠᠮ ᠤ᠋ᠨ ᠬᠤᠪᠢ ᠳ᠋ᠤ᠌ ᠠᠯᠯᠠ ᠲᠡᠭᠷᠢ ᠡᠴᠡ ᠳᠤᠲᠠᠬᠤ ᠦᠭᠡᠢ ᠠᠭᠤᠤ ᠶᠡᠬᠡ ᠬᠦᠴᠦᠲᠡᠨ᠂ ᠠᠷᠢᠭᠤᠨ ᠳᠡᠭᠡᠳᠦ ᠶᠠᠪᠤᠳᠠᠯᠲᠠᠨ ᠪᠣᠯᠵᠠᠢ᠃ ᠬᠡᠷᠪᠡ ᠴᠢᠩᠭᠢᠰ ᠬᠠᠭᠠᠨ ᠪᠠᠢᠭ᠎ᠠ ᠦᠭᠡᠢ ᠪᠣᠯ ᠡᠢᠮᠦ ᠠᠪᠤᠷᠭᠤ ᠲᠣᠮᠣ᠂ ᠡᠨᠡ ᠶᠢᠷᠲᠢᠨᠴᠦ ᠶ᠋ᠢᠨ ᠬᠠᠮᠤᠭ ᠤ᠋ᠨ ᠥᠨᠳᠥᠷ ᠱᠠᠲᠤ ᠶ᠋ᠢ ᠬᠡᠨ ᠴᠦ᠍ ᠬᠡᠵᠢᠶ᠎ᠡ ᠴᠦ᠍ ᠳᠠᠷᠬᠠᠯᠠᠬᠤ ᠦᠭᠡᠢ ᠪᠠᠢᠭᠰᠠᠨ ᠪᠢᠯᠡ᠃ ᠭᠡᠲᠡᠯ᠎ᠡ ᠣᠳᠣ ᠥᠪᠡᠷ ᠦ᠋ᠨ ᠬᠢᠨᠢ ᠣᠶᠤᠨ ᠤᠬᠠᠭᠠᠨ ᠤᠷ᠎ᠠ ᠴᠢᠳᠠᠯ ᠢ᠋ᠶ᠋ᠠᠷ ᠪᠦᠲᠦᠭᠡᠭᠳᠡᠭᠰᠡᠨ ᠡᠨᠡ ᠭᠠᠢᠬᠠᠮᠰᠢᠭ ᠢ᠋ ᠰᠢᠲᠠᠭᠠᠬᠤ ᠭᠡᠳᠡᠭ ᠶᠠᠭᠤ ᠭᠡᠰᠡᠨ ᠦᠭᠡ ᠪᠣᠯᠬᠤ ᠶ᠋ᠢ ᠢᠰᠢ ᠾᠶ᠋ᠮᠠᠮ ᠣᠢᠯᠠᠭᠠᠵᠤ ᠮᠡᠳᠡᠷᠡᠮᠡᠭᠴᠡ ᠪᠤᠭᠤᠷᠴᠢ ᠶ᠋ᠢᠨ ᠥᠯᠮᠡᠢ ᠳ᠋ᠦ᠍ ᠤᠬᠠᠭᠠᠨ ᠦᠭᠡᠢ ᠮᠡᠲᠦ ᠤᠨᠠᠵᠠᠢ᠃ ᠥᠪᠡᠷ ᠢ᠋ᠶ᠋ᠡᠨ ᠵᠠᠷᠯᠢᠭ ᠪᠠᠭᠤᠯᠭᠠᠵᠤ ᠪᠦᠲᠦᠭᠡᠯᠭᠡᠴᠢᠬᠡᠭᠡᠳ ᠳᠠᠷᠠᠭ᠎ᠠ ᠨᠢ ᠲᠡᠭᠦᠨ ᠢ᠋ᠶ᠋ᠡᠨ ᠤᠰᠠᠳᠬᠠᠬᠤ ᠵᠠᠷᠯᠢᠭ ᠪᠠᠭᠤᠯᠭᠠᠭᠰᠠᠨ ᠴᠢᠩᠭᠢᠰ ᠬᠠᠭᠠᠨ ᠤ᠋ ᠤᠬᠠᠭᠠᠨ ᠢ᠋ ᠢᠰᠢ ᠾᠶ᠋ᠮᠠᠮ ᠣᠢᠯᠠᠭᠠᠵᠤ ᠴᠢᠳᠠᠭᠰᠠᠨ ᠦᠭᠡᠢ᠃ ᠢᠰᠢ ᠾᠶ᠋ᠮᠠᠮ ᠢ᠋ ᠪᠦᠦ ᠬᠡᠯᠡ᠂ ᠳᠡᠷᠭᠡᠳᠡ ᠨᠢ ᠰᠢᠳᠠᠷᠯᠠᠵᠤ ᠨᠠᠰᠤ ᠪᠠᠷ ᠢ᠋ᠶ᠋ᠠᠨ ᠵᠢᠳᠬᠦᠭᠰᠡᠨ ᠪᠤᠭᠤᠷᠴᠢ ᠴᠤ᠌ ᠣᠢᠯᠠᠭᠠᠬᠤ ᠦᠭᠡᠢ ᠪᠠᠢᠭ᠎ᠠ ᠪᠠᠨ ᠴᠢᠩ ᠦᠨᠡᠨ ᠢ᠋ᠶ᠋ᠡᠷ ᠥᠴᠢᠵᠡᠢ᠃ ᠴᠢᠩᠭᠢᠰ ᠬᠠᠭᠠᠨ ᠤ᠋ ᠡᠨᠡ ᠵᠠᠷᠯᠢᠭ ᠢ᠋ ᠵᠥᠪ ᠭᠡᠵᠦ ᠪᠣᠳᠣᠬᠤ ᠦᠭᠡᠢ ᠪᠠᠢᠭ᠎ᠠ ᠪᠠᠨ ᠪᠤᠭᠤᠷᠴᠢ ᠢᠰᠢ ᠾᠶ᠋ᠮᠠᠮ ᠠ᠋ᠴᠠ ᠨᠢᠭᠤᠭᠰᠠᠨ ᠦᠭᠡᠢ᠃ ᠤᠷᠠᠨ ᠳᠠᠷᠬᠠᠨ ᠬᠥᠮᠦᠨ ᠢ᠋ ᠮᠣᠩᠭᠣᠯᠴᠤᠳ ᠤᠭ ᠠ᠋ᠴᠠ ᠬᠦᠨᠳᠦᠯᠡᠨ ᠦᠵᠡᠳᠡᠭ ᠲᠤᠯᠠ ᠡᠵᠡᠯᠡᠨ ᠠᠪᠤᠭᠰᠠᠨ ᠤᠯᠤᠰ ᠣᠷᠣᠨ ᠠ᠋ᠴᠠ ᠡᠢᠮᠦ ᠬᠥᠮᠦᠰ ᠢ᠋ ᠶᠠᠭᠤᠨ ᠤ᠋ ᠲᠦᠷᠦᠭᠦᠨ ᠳ᠋ᠦ᠍ ᠣᠯᠵᠠᠯᠠᠨ ᠠᠪᠴᠤ ᠠᠰᠢᠭᠯᠠᠳᠠᠭ ᠲᠡᠷᠡ ᠯᠠ ᠶᠣᠰᠣᠭᠠᠷ ᠪᠤᠭᠤᠷᠴᠢ᠂ ᠢᠰᠢ ᠾᠢᠮᠡᠮ ᠳ᠋ᠦ᠍ ᠬᠦᠨᠳᠦᠳᠬᠡᠯ ᠲᠡᠢ ᠬᠠᠨᠳᠤᠵᠤ ᠪᠠᠢᠯ᠎ᠠ᠃ ᠪᠠᠰᠠ ᠢᠰᠢ ᠾᠢᠮᠡᠮ ᠦ᠋ᠨ ᠬᠠᠭᠠᠰ ᠵᠢᠯ ᠬᠦᠷᠬᠦ ᠦᠭᠡᠢ ᠶ᠋ᠢᠨ ᠳᠣᠲᠣᠷ᠎ᠠ ᠤᠳᠤᠷᠢᠳᠤᠨ ᠪᠠᠷᠢᠵᠤ ᠪᠤᠰᠬᠠᠭᠰᠠᠨ ᠲᠡᠷᠡ ᠥᠨᠳᠥᠷ ᠱᠠᠲᠤ ᠪᠣᠯ ᠬᠥᠮᠦᠨ ᠭᠠᠢᠬᠠᠵᠤ᠂ ᠦᠵᠡᠭᠡ ᠦᠭᠡᠢ ᠬᠥᠮᠦᠨ ᠰᠣᠨᠣᠰᠪᠠᠴᠤ ᠢᠲᠡᠭᠡᠮ᠎ᠡ ᠦᠭᠡᠢ ᠭᠠᠢᠬᠠᠮᠰᠢᠭ ᠪᠣᠯᠬᠤ ᠶ᠋ᠢ ᠪᠤᠭᠤᠷᠴᠢ ᠡᠷᠬᠡ ᠦᠭᠡᠢ ᠬᠦᠯᠢᠶᠡᠨ ᠵᠥᠪᠰᠢᠶᠡᠷᠡᠵᠦ ᠪᠠᠰᠠ ᠲᠡᠷᠡ ᠱᠠᠲᠤ ᠪᠠᠷ ᠭᠠᠷᠴᠤ ᠲᠡᠭᠷᠢ ᠠᠭᠤᠯᠠᠨ ᠤ᠋ ᠣᠷᠣᠢ ᠳ᠋ᠤ᠌ ᠭᠠᠷᠤᠭᠰᠠᠨ ᠢ᠋ᠶ᠋ᠠᠨ ᠬᠤᠪᠢ ᠵᠣᠬᠢᠶᠠᠯ ᠭᠡᠵᠦ ᠪᠣᠳᠣᠬᠤ ᠪᠢᠯᠡ᠃
| ᠪᠢ ᠥᠪᠡᠷ ᠦ᠋ᠨ ᠪᠡᠶ᠎ᠡ ᠪᠡᠷ ᠴᠢᠩᠭᠢᠰ ᠬᠠᠭᠠᠨ ᠳ᠋ᠤ᠌ ᠪᠠᠷᠠᠯᠬᠠᠵᠤ ᠤᠴᠢᠷᠯᠠᠨ ᠭᠤᠶᠤᠶ᠎ᠠ ᠭᠡᠵᠦ ᠢᠰᠢ ᠾᠢ᠍ᠮᠡᠮ ᠭᠤᠶᠤᠵᠠᠢ᠃ ᠬᠠᠷᠢᠨ ᠪᠤᠭᠤᠷᠴᠢ ᠡᠨᠡ ᠲᠠᠯ᠎ᠠ ᠪᠠᠷ ᠴᠢᠩᠭᠢᠰ ᠬᠠᠭᠠᠨ ᠳ᠋ᠤ᠌ ᠳᠠᠬᠢᠨ ᠢᠯᠡᠳᠬᠡᠬᠦ ᠰᠠᠨᠠᠭ᠎ᠠ ᠦᠭᠡᠢ ᠪᠠᠢᠭᠰᠠᠨ ᠪᠣᠯᠬᠣᠷ ᠵᠥᠪᠰᠢᠶᠡᠷᠡᠭᠰᠡᠨ ᠦᠭᠡᠢ᠃
| ᠢᠰᠢ ᠾᠢ᠍ᠮᠡᠮ ᠴᠢ ᠨᠢᠯᠪᠤᠰᠤ ᠤᠷᠤᠰᠬᠠᠨ ᠪᠤᠤ ᠪᠤᠬᠢᠨᠢᠳᠤ᠃ ᠴᠢᠩᠭᠢᠰ ᠬᠠᠭᠠᠨ ᠴᠢᠮᠠᠲᠤ ᠮᠣᠩᠭᠣᠯ ᠤ᠋ᠨ ᠲᠠᠯ᠎ᠠ ᠨᠤᠲᠤᠭ ᠲᠤ᠌ ᠶᠡᠬᠡ ᠬᠣᠲᠠ ᠴᠣᠭᠴᠠᠯᠠᠨ ᠪᠣᠰᠬᠠᠬᠤ ᠵᠠᠷᠯᠢᠭ ᠪᠠᠭᠤᠯᠭᠠᠭᠰᠠᠨ ᠪᠢᠰᠢ ᠤᠤ? ᠴᠢ ᠡᠢᠮᠦ ᠥᠴᠦᠬᠡᠨ ᠵᠦᠢᠯ ᠳ᠋ᠦ᠍ ᠬᠠᠷᠠᠮᠰᠠᠬᠤ ᠶᠠᠪᠤᠳᠠᠯ ᠦᠭᠡᠢ ᠂ ᠴᠢ ᠴᠢᠩᠭᠢᠰ ᠬᠠᠭᠠᠨ ᠤ᠋ ᠵᠠᠷᠯᠢᠭ ᠢ᠋ᠶ᠋ᠠᠷ ᠡᠨᠡ ᠪᠠᠢᠲᠤᠭᠠᠢ ᠭᠠᠢᠬᠠᠮᠰᠢᠭ ᠢ᠋ ᠪᠦᠲᠦᠭᠡᠬᠦ ᠪᠣᠯᠤᠨ᠎ᠠ᠃ ᠴᠢᠩᠭᠢᠰ ᠬᠠᠭᠠᠨ ᠨᠢᠭᠡᠨᠲᠡ ᠯᠡ ᠢᠩᠭᠢᠵᠦ ᠰᠢᠢᠳᠦᠭᠰᠡᠨ ᠪᠣᠯ ᠢᠯᠡᠭᠦᠦ ᠦᠭᠡ ᠵᠠᠷᠤᠵᠤ ᠲᠡᠭᠦᠨ ᠢ᠋ ᠪᠤᠤ ᠬᠢᠯᠢᠩᠨᠡᠭᠦᠯ᠃ ᠴᠢᠨᠦ ᠬᠠᠷ᠎ᠠ ᠲᠣᠯᠣᠭᠠᠢ ᠳ᠋ᠤ᠌ ᠬᠣᠣᠷ ᠪᠣᠯᠵᠤ ᠮᠡᠳᠡᠨ᠎ᠡ᠃ ᠪᠢ ᠴᠢᠮᠠᠲᠤ ᠰᠠᠢᠨ ᠰᠠᠨᠠᠬᠤ ᠲᠤᠯᠠ ᠡᠭᠦᠨ ᠢ᠋ ᠬᠡᠯᠡᠵᠦ ᠪᠠᠢᠨ᠎ᠠ ᠭᠡᠵᠦ ᠪᠤᠭᠤᠷᠴᠢ ᠶ᠋ᠢᠨ ᠤᠬᠠᠭᠤᠯᠤᠭᠰᠠᠨ ᠢ᠋ ᠢᠰᠢ ᠾᠢ᠍ᠮᠡᠮ ᠠᠷᠭ᠎ᠠ ᠦᠭᠡᠢ ᠵᠥᠪᠰᠢᠶᠡᠷᠡᠵᠡᠢ᠃ ᠦᠨᠡᠬᠡᠷ ᠴᠢᠩᠭᠢᠰ ᠬᠠᠭᠠᠨ ᠢᠩᠭᠢᠵᠦ ᠰᠢᠢᠳᠦᠭᠰᠡᠨ ᠪᠣᠯ ᠬᠡᠨ ᠴᠦ᠍ ᠥᠭᠡᠷᠡᠴᠢᠯᠡᠵᠦ ᠴᠢᠳᠠᠬᠤ ᠦᠭᠡᠢ ᠪᠢᠵᠡ ᠠ᠋᠃ ᠭᠡᠪᠡᠴᠦ ᠠᠯᠯᠠ ᠲᠡᠭᠷᠢ ᠳ᠋ᠡᠭᠡᠨ ᠬᠠᠨᠳᠤᠨ ᠭᠤᠶᠤᠵᠤ ᠠᠪᠤᠷᠠᠯ ᠬᠦᠰᠡᠬᠦ ᠪᠡᠷ ᠢᠰᠢ ᠾᠢ᠍ᠮᠡᠮ ᠰᠢᠢᠳᠴᠡᠢ᠃ ᠪᠦᠲᠦᠭᠡᠭᠰᠡᠨ ᠱᠠᠲᠤᠨ ᠠ᠋ᠴᠠ ᠬᠠᠭᠠᠴᠠᠬᠤ ᠬᠦᠰᠡᠯ ᠲᠡᠭᠦᠨ ᠳ᠋ᠦ᠍ ᠪᠠᠢᠭᠰᠠᠨ ᠦᠭᠡᠢ᠃
| ᠱᠠᠲᠤ ᠶ᠋ᠢ ᠬᠡᠵᠢᠶ᠎ᠡ ᠰᠢᠲᠠᠭᠠᠬᠤ ᠪᠣᠢ ᠭᠡᠵᠦ ᠢᠰᠢ ᠾᠢ᠍ᠮᠡᠮ ᠠᠷᠭ᠎ᠠ ᠪᠠᠷᠠᠭᠳᠠᠨ ᠠᠰᠠᠭᠤᠪᠠ᠃
| ᠢᠰᠢ ᠾᠢ᠍ᠮᠡᠮ᠂ ᠴᠢ ᠲᠡᠷᠡ ᠱᠠᠲᠤ ᠶ᠋ᠢ ᠰᠢᠳᠡᠵᠦ ᠦᠨᠡᠰᠦ ᠪᠣᠯᠬᠤ ᠶ᠋ᠢ ᠦᠵᠡᠬᠦ ᠭᠡᠵᠦ ᠬᠦᠰᠡᠨ᠎ᠡ ᠤᠤ? ᠴᠢ ᠳᠠᠷᠤᠢ ᠮᠣᠩᠭᠣᠯ ᠤ᠋ᠨ ᠵᠦᠭ ᠮᠣᠷᠳᠠᠭᠲᠤᠨ᠃ ᠪᠢ ᠴᠢᠮᠠᠶ᠋ᠢ ᠶᠠᠪᠤᠮᠠᠭᠴᠠ ᠱᠠᠲᠤ ᠶ᠋ᠢ ᠰᠢᠲᠠᠭᠠᠶᠠ ᠭᠡᠵᠦ ᠪᠤᠭᠤᠷᠴᠢ ᠲᠡᠭᠦᠨ ᠢ᠋ ᠦᠷᠦ ᠡᠪᠡᠳᠦᠨ ᠬᠡᠯᠡᠵᠡᠢ᠃
| ᠪᠤᠭᠤᠷᠴᠢ ᠰᠠᠢᠳ ᠠ᠋᠂ ᠪᠢ ᠲᠠᠨ ᠠ᠋ᠴᠠ ᠨᠢᠭᠡ ᠵᠦᠢᠯ ᠭᠤᠶᠤᠶ᠎ᠠ᠃ ᠲᠠ ᠵᠥᠪᠰᠢᠶᠡᠷᠡᠭᠡᠴᠢ᠃ ᠢᠰᠢ ᠾᠢ᠍ᠮᠡᠮ ᠢ᠋ ᠶᠠᠯ᠎ᠠ ᠲᠠᠢ ᠵᠦᠢᠯ ᠭᠤᠶᠤᠬᠤ ᠦᠭᠡᠢ ᠭᠡᠵᠦ ᠪᠤᠭᠤᠷᠴᠢ ᠰᠠᠨᠠᠭᠰᠠᠨ ᠲᠤᠯᠠ ᠲᠣᠯᠣᠭᠠᠢ ᠳᠣᠬᠢᠪᠠ᠃
| ᠬᠡᠯᠡᠭᠲᠦᠨ᠃
| ᠪᠤᠭᠤᠷᠴᠢ ᠰᠠᠢᠳ ᠠ᠋᠂ ᠪᠢ ᠥᠪᠡᠷ ᠦ᠋ᠨ ᠬᠢᠭᠰᠡᠨ ᠱᠠᠲᠤ ᠪᠠᠷ ᠳᠠᠬᠢᠨ ᠨᠢᠭᠡ ᠥᠭᠰᠥᠵᠦ ᠲᠡᠭᠷᠢ ᠠᠭᠤᠯᠠᠨ ᠤ᠋ ᠣᠷᠣᠢ ᠳ᠋ᠤ᠌ ᠭᠠᠷᠪᠠᠯ ᠪᠣᠯᠬᠤ ᠪᠣᠯᠪᠠ ᠤᠤ?
ᠪᠤᠭᠤᠷᠴᠢ ᠡᠭᠦᠨ ᠢ᠋ ᠰᠣᠨᠣᠰᠤᠭᠠᠳ ᠲᠡᠷᠡ ᠳᠣᠣᠷ᠎ᠠ ᠪᠠᠨ ᠵᠥᠪᠰᠢᠶᠡᠷᠡᠵᠦ ᠴᠢᠳᠠᠭᠰᠠᠨ ᠦᠭᠡᠢ᠃ ᠤᠴᠢᠷ ᠨᠢ ᠴᠢᠩᠭᠢᠰ ᠬᠠᠭᠠᠨ ᠮᠣᠷᠢᠯᠠᠵᠤ ᠲᠡᠭᠷᠢ ᠲᠡᠢ ᠶᠠᠷᠢᠭᠰᠠᠨ ᠤ᠋ ᠳᠠᠷᠠᠭ᠎ᠠ ᠲᠡᠷᠡ ᠠᠭᠤᠯᠠᠨ ᠤ᠋ ᠣᠷᠣᠢ ᠳ᠋ᠤ᠌ ᠳᠠᠬᠢᠨ ᠬᠥᠮᠦᠨ ᠭᠠᠷᠬᠤ ᠶ᠋ᠢ ᠴᠠᠭᠠᠵᠠᠯᠠᠭᠰᠠᠨ ᠲᠤᠯᠠ ᠢᠰᠢ ᠾᠢ᠍ᠮᠡᠮ ᠦ᠋ᠨ ᠬᠦᠰᠡᠯᠲᠡ ᠶ᠋ᠢ ᠵᠥᠪᠰᠢᠶᠡᠷᠡᠵᠦ ᠪᠣᠯᠬᠤ ᠦᠭᠡᠢ ᠪᠠᠢᠯ᠎ᠠ᠃
| ᠪᠤᠭᠤᠷᠴᠢ ᠰᠠᠢᠳ ᠠ᠋᠂ ᠲᠠ ᠨᠠᠮᠠᠶ᠋ᠢ ᠭᠠᠷᠪᠠ ᠭᠡᠵᠦ ᠴᠢᠩᠭᠢᠰ ᠬᠠᠭᠠᠨ ᠳ᠋ᠤ᠌ ᠠᠢᠯᠠᠳᠬᠠᠬᠤ ᠶ᠋ᠢᠨ ᠬᠡᠷᠡᠭ ᠦᠭᠡᠢ ᠪᠢᠵᠡ᠂ ᠣᠳᠣ ᠲᠡᠷᠡ ᠱᠠᠲᠤ ᠶ᠋ᠢ ᠨᠢᠭᠡᠨᠲᠡ ᠰᠢᠲᠠᠭᠠᠬᠤ ᠲᠤᠯᠠ ᠳᠠᠬᠢᠨ ᠬᠡᠨ ᠳ᠋ᠦ᠍ ᠴᠦ᠍ ᠬᠡᠷᠡᠭ ᠦᠭᠡᠢ ᠪᠣᠯᠵᠠᠢ᠃ ᠬᠠᠷᠢᠨ ᠪᠢ ᠥᠪᠡᠷ ᠦ᠋ᠨ ᠢ᠋ᠶ᠋ᠡᠨ ᠱᠠᠲᠤ ᠪᠠᠷ ᠳᠠᠬᠢᠨ ᠨᠢᠭᠡ ᠥᠭᠰᠥᠬᠦ ᠶ᠋ᠢ ᠬᠦᠰᠡᠨ᠎ᠡ᠃ ᠬᠣᠵᠢᠮ ᠬᠣᠢᠨ᠎ᠠ ᠡᠨᠡ ᠭᠠᠢᠬᠠᠮᠰᠢᠭᠲᠤ ᠱᠠᠲᠤ ᠪᠠᠷ ᠢᠰᠢ ᠾᠢᠮᠡᠮ ᠭᠡᠭᠴᠢ ᠳᠠᠷᠬᠠᠨ ᠬᠠᠮᠤᠭ ᠤ᠋ᠨ ᠰᠡᠭᠦᠯᠴᠢ ᠶ᠋ᠢᠨ ᠤᠳᠠᠭ᠎ᠠ ᠭᠠᠷᠴᠠᠢ ᠭᠡᠵᠦ ᠬᠥᠮᠦᠰ ᠳᠤᠷᠠᠰᠤᠨ ᠶᠠᠷᠢᠵᠤ ᠪᠠᠢᠭᠠᠰᠠᠢ ᠭᠡᠵᠦ ᠬᠦᠰᠡᠵᠦ ᠪᠠᠢᠨ᠎ᠠ ᠭᠡᠵᠦ ᠢᠰᠢ ᠾᠢᠮᠡᠮ᠂ ᠪᠤᠭᠤᠷᠴᠢ ᠶ᠋ᠢ ᠡᠷᠡᠭᠡᠯᠵᠡᠵᠦ ᠪᠠᠢᠭ᠎ᠠ ᠶ᠋ᠢ ᠮᠡᠳᠡᠭᠡᠳ ᠬᠡᠯᠡᠵᠡᠢ᠃ ᠢᠰᠢ ᠾᠢᠮᠡᠮ ᠦ᠋ᠨ ᠡᠨᠡ ᠬᠦᠰᠡᠯ ᠳ᠋ᠦ᠍ ᠬᠣᠣᠷ ᠲᠠᠢ ᠵᠦᠢᠯ ᠦᠭᠡᠢ ᠲᠤᠯᠠ ᠪᠤᠭᠤᠷᠴᠢ ᠵᠥᠪᠰᠢᠶᠡᠷᠡᠪᠡ᠃
| ᠴᠢ ᠲᠡᠭᠡᠪᠡᠯ ᠬᠡᠵᠢᠶ᠎ᠡ ᠭᠠᠷᠤᠨ᠎ᠠ? ᠭᠡᠪᠡᠯ᠂
| ᠲᠠ ᠬᠡᠵᠢᠶ᠎ᠡ ᠱᠠᠲᠤ ᠶ᠋ᠢ ᠰᠢᠲᠠᠭᠠᠨ᠎ᠠ? ᠲᠡᠷᠡ ᠡᠳᠦᠷ ᠯᠡ ᠭᠠᠷᠤᠶ᠎ᠠ ᠭᠡᠵᠦ ᠢᠰᠢ ᠾᠢᠮᠡᠮ ᠡᠷᠡᠭᠡᠯᠵᠡᠭᠰᠡᠨ ᠦᠭᠡᠢ ᠬᠡᠯᠡᠪᠡ᠃
| ᠵᠠ ᠲᠡᠭᠡᠪᠡᠯ ᠪᠢ ᠬᠡᠯᠡᠶ᠎ᠡ᠃
| ᠪᠢ ᠪᠤᠭᠤᠷᠴᠢ ᠰᠠᠢᠳ ᠲᠠᠨ ᠳ᠋ᠤ᠌ ᠭᠦᠨ᠎ᠡ ᠲᠠᠯᠠᠷᠬᠠᠵᠤ ᠪᠠᠢᠨ᠎ᠠ ᠭᠡᠵᠦ ᠢᠰᠢ ᠾᠢᠮᠡᠮ ᠰᠠᠬᠠᠯ ᠢ᠋ᠶ᠋ᠠᠨ ᠳᠠᠬᠢᠨ ᠳᠠᠬᠢᠨ ᠢᠯᠪᠢᠨ ᠪᠥᠬᠥᠯᠵᠡᠬᠦ ᠨᠢ ᠶᠡᠬᠡᠳᠡ ᠪᠠᠶᠠᠷᠯᠠᠭᠰᠠᠨ ᠢ᠋ ᠢᠯᠡᠳᠬᠡᠨ᠎ᠡ᠃ ᠪᠣᠭᠤᠷᠴᠢ ᠴᠤ᠌ ᠡᠨᠡ ᠭᠡᠮ ᠦᠭᠡᠢ᠂ ᠵᠢᠳᠬᠦᠯ ᠲᠡᠢ ᠤᠷᠠᠨ ᠳᠠᠷᠬᠠᠨ ᠢ᠋ ᠪᠠᠶᠠᠷᠯᠠᠭᠤᠯᠤᠭᠰᠠᠨ ᠳ᠋ᠠᠭᠠᠨ ᠰᠡᠳᠬᠢᠯ ᠬᠠᠩᠬᠤᠯᠤᠭᠤᠨ ᠪᠠᠢᠯ᠎ᠠ᠃
ᠢᠰᠢ ᠾᠢᠮᠡᠮ ᠢ᠋ ᠭᠠᠷᠴᠤ ᠣᠳᠤᠭᠰᠠᠨ ᠤ᠋ ᠳᠠᠷᠠᠭ᠎ᠠ ᠴᠢᠩᠭᠢᠰ ᠬᠠᠭᠠᠨ ᠤ᠋ ᠡᠯᠴᠢ ᠢᠷᠡᠪᠡ᠃ ᠴᠢᠩᠭᠢᠰ ᠬᠠᠭᠠᠨ ᠲᠡᠭᠦᠨ ᠢ᠋ ᠦᠷᠭᠦᠭᠡᠨ ᠳ᠋ᠡᠭᠡᠨ ᠳᠠᠭᠤᠳᠠᠵᠠᠢ᠃ ᠶᠠᠭᠠᠷᠠᠨ ᠣᠴᠢᠪᠠᠯ ᠶᠡᠬᠡ ᠦᠷᠭᠦᠭᠡᠨ ᠦ᠌ ᠭᠠᠳᠠᠨ᠎ᠠ ᠲᠣᠭᠣᠷᠢᠭ ᠲᠤ᠌ ᠣᠭᠲᠣ ᠦᠵᠡᠭᠡ ᠦᠭᠡᠢ ᠬᠢᠴᠡ ᠶ᠋ᠢᠨ ᠲᠡᠮᠦᠷ ᠳᠤᠭᠤᠢᠲᠤ ᠰᠡᠦᠬᠡ᠂ ᠥᠨᠳᠥᠷ ᠬᠥᠯ ᠲᠡᠢ ᠤᠷᠲᠤ ᠬᠦᠵᠦᠭᠦᠦ ᠲᠡᠢ ᠣᠯᠠᠨ ᠰᠠᠢᠬᠠᠨ ᠠᠭᠲᠠ᠂ ᠬᠠᠷ᠎ᠠ ᠬᠤᠪᠴᠠᠰᠤ ᠨᠥᠮᠥᠭᠡᠨ ᠡᠮᠦᠰᠦᠭᠰᠡᠨ ᠵᠠᠭᠠᠯᠮᠠᠢᠲᠠᠨ ᠤ᠋ ᠱᠠᠰᠢᠨ ᠤ᠋ ᠯᠠᠮᠠ ᠬᠡᠳᠦ ᠭᠤᠷᠪᠠᠨ ᠬᠥᠮᠦᠨ ᠢᠷᠡᠭᠰᠡᠨ ᠬᠠᠷᠠᠭᠳᠠᠵᠠᠢ᠃ ᠶᠡᠬᠡ ᠦᠷᠭᠦᠭᠡᠨ ᠳ᠋ᠦ᠍ ᠣᠷᠣᠪᠠᠯ ᠴᠢᠩᠭᠢᠰ ᠬᠠᠭᠠᠨ ᠠ᠋ᠴᠠ ᠭᠠᠳᠠᠨ᠎ᠠ ᠪᠢᠴᠢᠭ ᠦ᠋ᠨ ᠲᠦᠰᠢᠮᠡᠯ ᠶᠧᠯᠢᠤᠢ ᠴᠦᠼᠡᠢ᠂ ᠰᠢᠭᠢᠬᠤᠲᠤᠭ ᠤ᠋ᠨ ᠬᠠᠮᠲᠤ ᠰᠠᠭᠤᠵᠤ ᠪᠠᠢᠯ᠎ᠠ᠃ ᠭᠠᠳᠠᠨ᠎ᠠ ᠠ᠋ᠴᠠ ᠵᠣᠴᠢᠨ ᠢᠷᠡᠭᠰᠡᠨ ᠤ ᠤᠴᠢᠷ ᠲᠡᠭᠦᠨ ᠢ᠋ ᠳᠠᠭᠤᠳᠠᠭᠤᠯᠤᠭᠰᠠᠨ ᠢ᠋ ᠪᠤᠭᠤᠷᠴᠢ ᠲᠠᠭᠠᠮᠠᠭᠯᠠᠵᠠᠢ᠃
| ᠡᠨᠡ ᠡᠯᠢᠶ᠎ᠡ ᠰᠢᠭ ᠨᠡᠪᠰᠡᠭᠡᠷ ᠠᠮᠢᠲᠠᠳ ᠴᠢᠨᠢ ᠶᠠᠭᠤᠨ ᠤᠯᠤᠰ ᠬᠠᠮᠢᠭ᠎ᠠ ᠠ᠋ᠴᠠ ᠭᠠᠷᠤᠭᠠᠳ ᠢᠷᠡᠪᠡ? ᠭᠡᠵᠦ ᠪᠤᠭᠤᠷᠴᠢ ᠡᠷᠡᠭᠡᠯᠡᠬᠦ ᠶᠠᠭᠤᠮ᠎ᠠ ᠦᠭᠡᠢ ᠰᠢᠭᠤᠳ ᠠᠰᠠᠭᠤᠪᠠ᠃ ᠲᠡᠭᠦᠨ ᠦ᠌ ᠡᠨᠡ ᠵᠠᠳᠠᠭᠠᠢ ᠦᠭᠡᠨ ᠳ᠋ᠦ᠍ ᠴᠢᠩᠭᠢᠰ ᠬᠠᠭᠠᠨ ᠢᠨᠢᠶᠡᠮᠰᠦᠭᠯᠡᠵᠦ ᠨᠥᠭᠦᠭᠡ ᠬᠣᠶᠠᠷ ᠨᠢ ᠳᠤᠤᠭᠠᠷᠤᠭᠰᠠᠨ ᠦᠭᠡᠢ᠃
| ᠷᠢᠮ ᠬᠡᠮᠡᠬᠦ ᠤᠯᠤᠰ ᠤ᠋ᠨ ᠶᠡᠬᠡ ᠯᠠᠮᠠᠳᠠᠨ ᠤ᠋ ᠡᠯᠴᠢ ᠨᠠᠳᠠᠳᠤ ᠪᠠᠷᠠᠯᠬᠠᠬᠤ ᠭᠡᠵᠦ ᠢᠷᠡᠭᠡᠳ ᠬᠡᠷᠬᠢᠬᠦ ᠶ᠋ᠢ ᠵᠥᠪᠯᠡᠬᠦ ᠭᠡᠵᠦ ᠪᠤᠭᠤᠷᠴᠢ ᠴᠢᠮᠠᠶ᠋ᠢ ᠳᠠᠭᠤᠳᠠᠭᠰᠠᠨ ᠶᠤᠮ ᠭᠡᠵᠦ ᠴᠢᠩᠭᠢᠰ ᠬᠠᠭᠠᠨ ᠬᠡᠯᠡᠪᠡ᠃
| ᠶᠡᠬᠡ ᠰᠠᠢᠬᠠᠨ ᠠᠭᠲᠠ ᠲᠠᠢ᠂ ᠲᠡᠷᠡ ᠷᠢᠮ ᠭᠡᠳᠡᠭ ᠤᠯᠤᠰ ᠴᠢᠨᠢ ᠡᠨᠳᠡ ᠡᠴᠡ ᠬᠢᠷᠢ ᠬᠣᠯᠠ ᠶᠤᠮ ᠪᠣᠢ? ᠭᠡᠰᠡᠨ ᠪᠤᠭᠤᠷᠴᠢ ᠶ᠋ᠢᠨ ᠦᠭᠡᠨ ᠳ᠋ᠦ᠍ 《ᠣᠴᠢᠭᠠᠳ ᠡᠵᠡᠯᠡᠭᠡᠳ ᠠᠪᠴᠢᠬᠠᠪᠠᠯ ᠶᠠᠭᠠᠬᠢᠭᠰᠠᠨ ᠶᠤᠮ ᠪᠣᠢ》 ᠭᠡᠰᠡᠨ ᠣᠮᠣᠭ ᠲᠠᠢ ᠰᠠᠨᠠᠭ᠎ᠠ ᠲᠣᠳᠣᠷᠠᠨ᠎ᠠ᠃
| ᠷᠢᠮ ᠬᠡᠮᠡᠭᠴᠢ ᠤᠯᠤᠰ ᠨᠢ ᠡᠨᠳᠡ ᠡᠴᠡ ᠪᠠᠷᠠᠭᠤᠨ ᠵᠦᠭ ᠲᠦ᠍ ᠪᠠᠢᠬᠤ ᠭᠠᠵᠠᠷ ᠳᠤᠮᠳᠠ ᠶ᠋ᠢᠨ ᠲᠠᠩᠭᠢᠰ ᠤ᠋ᠨ ᠬᠣᠢᠭ ᠳᠡᠭᠡᠷ᠎ᠡ ᠣᠷᠣᠰᠢᠭᠴᠢ ᠤᠯᠤᠰ ᠶᠤᠮ᠃ ᠮᠢᠩᠭᠠᠨ ᠵᠢᠯ ᠦ᠋ᠨ ᠡᠮᠦᠨ᠎ᠡ ᠷᠢᠮ ᠦ᠋ᠳ ᠡᠨᠡ ᠭᠠᠵᠠᠷ ᠢ᠋ ᠪᠦᠬᠦᠯᠢ ᠳ᠋ᠦ᠍ᠨᠢ ᠡᠵᠡᠯᠡᠭᠰᠡᠨ ᠬᠦᠴᠦᠷᠬᠡᠭ ᠭᠦᠷᠦᠨ ᠪᠠᠢᠭᠰᠠᠨ ᠭᠡᠨ᠎ᠡ᠃ ᠬᠠᠷᠢᠨ ᠮᠣᠩᠭᠣᠯᠴᠤᠳ ᠤ᠋ᠨ ᠡᠪᠦᠭᠡ ᠳᠡᠭᠡᠳᠦᠰ ᠾᠦᠩᠨᠦ ᠭᠦᠷᠦᠨ ᠦ᠌ ᠬᠠᠭᠠᠳ ᠳᠣᠪᠲᠣᠯᠤᠨ ᠢᠷᠡᠵᠦ ᠲᠡᠷᠡ ᠷᠢᠮ ᠦ᠋ᠨ ᠶᠡᠬᠡ ᠤᠯᠤᠰ ᠢ᠋ ᠮᠥᠬᠥᠭᠡᠵᠡᠢ᠃ ᠣᠳᠣ ᠡᠨᠡ ᠷᠢᠮ ᠵᠠᠭᠠᠯᠮᠠᠢ ᠶ᠋ᠢᠨ ᠱᠠᠰᠢᠨ ᠢ᠋ ᠰᠢᠲᠦᠨ ᠰᠠᠭᠤᠭᠴᠢ ᠵᠢᠵᠢᠭ ᠤᠯᠤᠰ ᠪᠣᠯᠤᠭᠰᠠᠨ ᠭᠡᠨ᠎ᠡ᠃ ᠬᠠᠷᠢᠨ ᠲᠡᠷᠡ ᠱᠣᠪᠬᠣ ᠣᠷᠣᠢ ᠲᠠᠢ ᠰᠦᠮ᠎ᠡ ᠳ᠋ᠦ᠍ ᠮᠥᠷᠭᠥᠭᠴᠢ ᠵᠠᠭᠠᠯᠮᠠᠢ ᠶ᠋ᠢᠨ ᠱᠠᠰᠢᠨ ᠪᠣᠯ ᠬᠠᠭᠤᠴᠢᠨ ᠷᠢᠮ ᠦ᠋ᠨ ᠶᠡᠬᠡ ᠭᠦᠷᠦᠨ ᠦ᠌ ᠡᠵᠡᠯᠡᠵᠦ ᠪᠠᠢᠭᠰᠠᠨ ᠪᠦᠬᠦ ᠨᠤᠲᠤᠭ ᠣᠷᠣᠨ ᠳ᠋ᠤ᠌ ᠰᠢᠲᠦᠳᠡᠭ ᠱᠠᠰᠢᠨ ᠪᠣᠯᠵᠠᠢ᠃ ᠵᠠᠭᠠᠯᠮᠠᠢ ᠶ᠋ᠢᠨ ᠱᠠᠰᠢᠨ ᠤ᠋ ᠯᠠᠮᠠ ᠨᠠᠷ ᠴᠡᠷᠢᠭ ᠴᠤᠤᠬ᠎ᠠ ᠦᠭᠡᠢ ᠴᠦ᠍ ᠶᠡᠬᠡ ᠡᠷᠬᠡ ᠮᠠᠲᠠᠯ ᠲᠠᠢ᠃ ᠣᠯᠠᠨ ᠤᠯᠤᠰ ᠤ᠋ᠨ ᠵᠢᠯᠣᠭᠣ ᠶ᠋ᠢ ᠥᠪᠡᠷ ᠦ᠋ᠨ ᠱᠠᠰᠢᠨ ᠤ᠋ ᠨᠥᠯᠦᠭᠡᠨ ᠳ᠋ᠦ᠍ ᠪᠠᠷᠢᠳᠠᠭ ᠭᠡᠵᠡᠢ᠃ ᠲᠡᠢᠮᠦ ᠪᠣᠯᠬᠣᠷ ᠡᠨᠡ ᠬᠠᠷ᠎ᠠ ᠬᠤᠪᠴᠠᠰᠤᠲᠤ ᠯᠠᠮᠠ ᠨᠠᠷ ᠢ᠋ ᠲᠥᠷᠥ ᠶ᠋ᠢᠨ ᠡᠯᠴᠢ ᠭᠡᠵᠦ ᠦᠵᠡᠬᠦ ᠨᠢ ᠵᠦᠢᠲᠡᠢ ᠭᠡᠵᠦ ᠶᠸᠯᠢᠤᠢ ᠴᠦᠼᠠᠢ ᠦᠭᠡ ᠪᠡᠨ ᠵᠥᠭᠡᠭᠡᠨ ᠬᠡᠯᠡᠪᠡ᠃ ᠶᠸᠯᠢᠤᠢ ᠴᠦᠼᠠᠢ ᠭᠡᠭᠴᠢ ᠡᠨᠡ ᠡᠷ᠎ᠡ ᠠᠯᠲᠠᠨ ᠤᠯᠤᠰ ᠢ᠋ ᠠᠩᠬᠠᠯᠠᠨ ᠳᠠᠢᠯᠠᠬᠤ ᠳ᠋ᠤ᠌ ᠴᠢᠩᠭᠢᠰ ᠬᠠᠭᠠᠨ ᠳ᠋ᠤ᠌ ᠰᠠᠢᠨ ᠳᠤᠷ᠎ᠠ ᠪᠠᠷ ᠳᠠᠭᠠᠵᠤ ᠢᠷᠡᠭᠰᠡᠨ ᠣᠷᠳᠣᠨ ᠤ᠋ ᠲᠦᠰᠢᠮᠡᠯ ᠪᠢᠴᠢᠭ ᠦ᠋ᠨ ᠬᠥᠮᠦᠨ ᠲᠤᠯᠠ ᠤᠩᠰᠢᠭᠰᠠᠨ ᠰᠣᠨᠣᠰᠤᠭᠰᠠᠨ ᠠᠷᠪᠢᠨ ᠪᠠᠰᠠ ᠠᠯᠢᠪᠠ ᠶ᠋ᠢ ᠳᠠᠪᠬᠤᠷ ᠬᠣᠷᠣᠨ ᠰᠠᠨᠠᠭ᠎ᠠ ᠦᠭᠡᠢ ᠪᠠᠢᠭ᠎ᠠ ᠪᠠᠷ ᠨᠢ ᠦᠨᠡᠯᠡᠵᠦ ᠴᠡᠩᠨᠡᠨ ᠰᠢᠳᠤᠷᠭᠤ ᠪᠠᠷ ᠬᠡᠯᠡᠬᠦ ᠲᠤᠯᠠ ᠶᠡᠬᠡᠳᠡ ᠦᠨᠡᠯᠡᠭᠳᠡᠨ ᠴᠢᠩᠭᠢᠰ ᠬᠠᠭᠠᠨ ᠤ᠋ ᠣᠷᠳᠣᠨ ᠤ᠋ ᠳᠣᠲᠣᠷᠠᠬᠢ ᠪᠢᠴᠢᠭ ᠬᠡᠷᠡᠭ ᠦ᠋ᠨ ᠶᠡᠬᠡ ᠲᠦᠰᠢᠮᠡᠯ ᠳ᠋ᠦ᠍ ᠡᠷᠭᠦᠮᠵᠢᠯᠡᠭᠳᠡᠵᠡᠢ᠃ ᠡᠨᠡ ᠤᠳᠠᠭ᠎ᠠ ᠴᠤ᠌ ᠶᠸᠯᠢᠤᠢ ᠴᠦᠼᠠᠢ ᠶ᠋ᠢᠨ ᠦᠭᠡ ᠶ᠋ᠢ ᠪᠦᠭᠦᠳᠡ ᠠᠩᠬᠠᠷᠤᠯᠲᠠᠢ ᠰᠣᠨᠣᠰᠴᠤ ᠰᠢᠭᠢᠬᠤᠲᠤᠭ ᠲᠡᠮᠳᠡᠭᠯᠡᠨ ᠠᠪᠴᠠᠢ᠃ ᠮᠣᠩᠭᠣᠯᠴᠤᠳ ᠤ᠋ᠨ ᠳᠡᠭᠡᠳᠦ ᠡᠪᠦᠭᠡ ᠾᠦᠩᠨᠦ ᠨᠠᠷ ᠤ᠋ᠨ ᠶᠡᠬᠡ ᠪᠠᠢᠯᠳᠤᠨ ᠳᠠᠭᠠᠭᠤᠯᠤᠯᠲᠠ ᠣᠳᠣ ᠨᠢᠭᠡᠨᠲᠡ ᠳᠣᠮᠣᠭ ᠪᠣᠯᠤᠨ ᠬᠣᠴᠣᠷᠤᠭᠠᠳ ᠬᠦᠴᠦᠷᠬᠡᠭ ᠾᠦᠩᠨᠦ ᠭᠦᠷᠦᠨ ᠡᠴᠡ ᠲᠣᠭᠣᠰᠣ ᠴᠤ᠌ ᠦᠯᠡᠳᠡᠭᠡ ᠦᠭᠡᠢ ᠪᠠᠢᠬᠤ ᠳ᠋ᠤ᠌ ᠲᠡᠭᠦᠨ ᠳ᠋ᠦ᠍ ᠳᠠᠷᠤᠭᠳᠠᠨ ᠮᠥᠬᠥᠭᠰᠡᠨ ᠭᠡᠬᠦ ᠷᠢᠮ ᠦ᠋ᠳ ᠥᠨᠥ ᠶ᠋ᠢ ᠬᠦᠷᠲᠡᠯ᠎ᠡ ᠣᠷᠣᠰᠢᠨ ᠪᠠᠢᠭᠰᠠᠭᠠᠷ ᠵᠣᠭᠰᠣᠬᠤ ᠦᠭᠡᠢ᠂ ᠲᠡᠷᠡ ᠾᠥ᠋ᠩᠨᠦᠴᠦᠳ ᠦ᠋ᠨ ᠦᠷ᠎ᠡ ᠤᠳᠤᠮ ᠪᠣᠯᠬᠤ ᠶᠡᠬᠡ ᠴᠢᠩᠭᠢᠰ ᠬᠠᠭᠠᠨ ᠳ᠋ᠤ᠌ ᠡᠯᠴᠢ ᠢᠯᠡᠭᠡᠭᠰᠡᠨ ᠪᠣᠯᠬᠤ ᠶ᠋ᠢ ᠮᠡᠳᠡᠬᠦ ᠳ᠋ᠦ᠍ ᠬᠡᠨ ᠳ᠋ᠦ᠍ ᠴᠦ᠍ ᠰᠣᠨᠢᠨ ᠰᠠᠨᠠᠭᠳᠠᠬᠤ ᠠᠵᠢ᠃ ᠴᠢᠩᠭᠢᠰ ᠬᠠᠭᠠᠨ ᠬᠡᠨ ᠦ᠌ ᠴᠦ᠍ ᠪᠠᠢᠭᠰᠠᠨ ᠠᠯᠢᠪᠠ ᠡᠯᠴᠢ ᠳ᠋ᠦ᠍ ᠶᠡᠬᠡ ᠯᠡ ᠬᠦᠨᠳᠦᠳᠬᠡᠯᠲᠡᠢ ᠬᠠᠨᠳᠤᠳᠠᠭ ᠪᠥᠭᠡᠳ ᠣᠳᠣ ᠴᠤ᠌ ᠡᠨᠡ ᠪᠠᠢᠳᠠᠯ ᠢ᠋ᠶ᠋ᠠᠷ ᠢ᠋ᠶ᠋ᠠᠨ ᠰᠣᠨᠣᠰᠴᠤ ᠮᠡᠳᠡᠬᠦ ᠡᠴᠡ ᠴᠠᠭᠠᠰᠢ ᠦᠭᠡᠢ ᠷᠢᠮ ᠭᠡᠭᠴᠢ ᠤᠯᠤᠰ ᠤ᠋ᠨ ᠯᠠᠮᠠ ᠶ᠋ᠢᠨ ᠡᠯᠴᠢ ᠶ᠋ᠢ ᠲᠥᠷᠥ ᠶ᠋ᠢᠨ ᠡᠯᠴᠢ ᠶ᠋ᠢᠨ ᠶᠣᠰᠣᠭᠠᠷ ᠪᠠᠷᠠᠯᠬᠠᠭᠤᠯᠬᠤ ᠵᠠᠷᠯᠢᠭ ᠪᠠᠭᠤᠯᠭᠠᠪᠠ᠃ ᠬᠠᠷᠢᠨ ᠢᠩᠭᠢᠬᠦ ᠳ᠋ᠦ᠍ ᠪᠡᠨ ᠪᠤᠭᠤᠷᠴᠢ ᠶ᠋ᠢ ᠪᠠᠢᠯᠴᠠᠭᠤᠯᠤᠭᠰᠠᠨ ᠨᠢ ᠨᠢᠭᠡ ᠲᠠᠯ᠎ᠠ ᠠ᠋ᠴᠠ ᠲᠡᠭᠦᠨ ᠳ᠋ᠦ᠍ ᠬᠦᠨᠳᠦᠳᠬᠡᠯ ᠦᠵᠡᠭᠦᠯᠦᠨ ᠨᠥᠭᠦᠭᠡ ᠲᠠᠯ᠎ᠠ ᠠ᠋ᠴᠠ ᠣᠳᠣ ᠰᠦᠪᠡᠭᠡᠳᠡᠢ ᠶ᠋ᠢᠨ ᠠᠷᠤ ᠠ᠋ᠴᠠ ᠶᠠᠪᠤᠬᠤ ᠵᠠᠮ ᠳ᠋ᠤᠨᠢ ᠬᠡᠷᠡᠭ ᠪᠣᠯᠤᠨ᠎ᠠ ᠭᠡᠵᠦ ᠪᠣᠳᠣᠭᠰᠠᠨ ᠤ᠋ ᠬᠢ ᠪᠠᠢᠪᠠ᠃ ᠴᠢᠩᠭᠢᠰ ᠬᠠᠭᠠᠨ ᠢᠩᠭᠢᠵᠦ ᠥᠪᠡᠷ ᠲᠤᠨᠢ ᠶᠠᠯᠢᠮ ᠦᠭᠡᠢ ᠴᠦ᠍ ᠪᠣᠯᠪᠠ ᠬᠦᠨᠳᠦᠯᠡᠯ ᠦᠵᠡᠭᠦᠯᠬᠦ ᠪᠦᠷᠢ ᠳ᠋ᠦ᠍ ᠪᠤᠭᠤᠷᠴᠢ ᠪᠠᠶᠠᠷᠯᠠᠨ ᠪᠠᠬᠠᠳᠤᠳᠠᠭ ᠪᠠᠢᠪᠠ᠃ ᠴᠢᠩᠭᠢᠰ ᠬᠠᠭᠠᠨ ᠴᠤ᠌ ᠪᠤᠭᠤᠷᠴᠢ ᠶ᠋ᠢᠨ ᠰᠡᠳᠬᠢᠯ ᠢ᠋ ᠣᠢᠯᠠᠭᠠᠨ᠎ᠠ᠃ ᠶᠡᠷᠦ ᠨᠢ ᠴᠢᠩᠭᠢᠰ ᠬᠠᠭᠠᠨ ᠢ᠋ ᠪᠤᠭᠤᠷᠴᠢ ᠰᠢᠭ᠋᠂ ᠪᠤᠭᠤᠷᠴᠢ ᠶ᠋ᠢ ᠴᠢᠩᠭᠢᠰ ᠬᠠᠭᠠᠨ ᠰᠢᠭ᠋ ᠣᠢᠯᠠᠭᠠᠳᠠᠭ ᠮᠡᠳᠡᠳᠡᠭ ᠬᠥᠮᠦᠨ ᠦᠭᠡᠢ ᠶᠦᠮ᠃ ᠢᠯᠡᠭᠦᠦ ᠳᠤᠲᠠᠭᠤ ᠣᠯᠠᠨ ᠦᠭᠡ ᠶᠠᠷᠢᠵᠤ ᠠᠮᠠ ᠣᠷᠣᠯᠳᠣᠬᠤ ᠦᠭᠡᠢ ᠴᠦ᠍ ᠠᠯᠢᠪᠠ ᠶ᠋ᠢ ᠵᠥᠪᠯᠡᠬᠦ ᠳ᠋ᠦ᠍ ᠪᠤᠭᠤᠷᠴᠢ ᠳᠠᠭᠤ ᠦᠭᠡᠢ ᠴᠦ᠍ ᠭᠡᠰᠡᠨ ᠰᠠᠭᠤᠵᠤ ᠪᠠᠢᠪᠠᠯ ᠭᠠᠷᠭᠠᠭᠰᠠᠨ ᠰᠢᠢᠳᠪᠦᠷᠢ ᠨᠢ ᠦᠨᠡᠨ ᠪᠠᠲᠤᠲᠠᠢ ᠪᠣᠯᠬᠤ ᠰᠢᠭ᠋ ᠴᠢᠩᠭᠢᠰ ᠬᠠᠭᠠᠨ ᠳ᠋ᠤ᠌ ᠰᠠᠨᠠᠭᠳᠠᠳᠠᠭ ᠪᠢᠯᠡ᠃ ᠪᠤᠭᠤᠷᠴᠢ ᠲᠠᠭ ᠳᠠᠭᠤ ᠦᠭᠡᠢ ᠰᠠᠭᠤᠬᠤ ᠨᠢ ᠵᠥᠪᠰᠢᠶᠡᠷᠡᠭᠰᠡᠨ ᠦ᠌ ᠲᠡᠮᠳᠡᠭ ᠲᠤᠯᠠ ᠪᠤᠭᠤᠷᠴᠢ ᠶ᠋ᠢ ᠢᠩᠭᠢᠵᠦ ᠳᠠᠭᠤ ᠦᠭᠡᠢ ᠰᠣᠨᠣᠰᠤᠨ ᠰᠠᠭᠤᠬᠤ ᠳ᠋ᠤ᠌ ᠴᠢᠩᠭᠢᠰ ᠬᠠᠭᠠᠨ ᠲᠤᠢᠯ ᠤ᠋ᠨ ᠳᠤᠷᠠᠲᠠᠢ ᠪᠠᠢᠯ᠎ᠠ᠃ ᠬᠠᠷᠢᠨ ᠪᠤᠭᠤᠷᠴᠢ᠂ ᠬᠡᠷᠡᠭᠡ ᠬᠡᠮᠡᠬᠦ ᠬᠥᠪᠡᠭᠦᠨ ᠲᠡᠢ ᠪᠣᠯᠤᠭᠰᠠᠨ ᠠ᠋ᠴᠠ ᠪᠠᠨ ᠬᠣᠢᠰᠢ ᠣᠯᠠᠨ ᠦᠭᠡ ᠲᠡᠢ᠂ ᠵᠢᠭᠠᠬᠠᠨ ᠳᠠᠪᠠᠯᠢᠭᠤᠨ ᠲᠦᠷᠢᠮᠡᠬᠡᠢ ᠵᠠᠩ ᠲᠠᠢ ᠪᠣᠯᠤᠭᠰᠠᠨ ᠢ᠋ ᠬᠡᠨ ᠴᠦ᠍ ᠠᠩᠵᠠᠭᠠᠷᠠᠭᠰᠠᠨ ᠦᠭᠡᠢ ᠠᠵᠢ᠃ ᠥᠪᠡᠷ ᠦ᠋ᠨ ᠵᠠᠩ ᠠᠭᠠᠰᠢᠨ ᠳ᠋ᠤ᠌ ᠭᠠᠷᠤᠭᠰᠠᠨ ᠡᠨᠡ ᠥᠭᠡᠷᠡᠴᠢᠯᠡᠯᠲᠡ ᠶ᠋ᠢ ᠪᠤᠭᠤᠷᠴᠢ ᠴᠤ᠌ ᠮᠡᠳᠡᠭᠰᠡᠨ ᠦᠭᠡᠢ᠃
ᠡᠷᠲᠡᠨ ᠦ᠌ ᠬᠦᠴᠦᠷᠬᠡᠭ ᠲᠡᠦᠬᠡ ᠲᠡᠢ ᠷᠢᠮ ᠭᠡᠭᠴᠢ ᠤᠯᠤᠰ ᠤ᠋ᠨ ᠡᠯᠴᠢ ᠢᠷᠡᠭᠰᠡᠨ ᠨᠢ ᠴᠢᠩᠭᠢᠰ ᠬᠠᠭᠠᠨ ᠤ᠋ ᠰᠦᠷ ᠬᠦᠴᠦ ᠠ᠊ᠳ᠌ᠷᠢᠶᠠᠲ᠋ ᠤ᠋ᠨ ᠲᠠᠩᠭᠢᠰ ᠬᠦᠷᠲᠡᠯᠡᠬᠢ ᠦᠯᠡᠳᠡᠭᠰᠡᠨ ᠪᠦᠬᠦ ᠠᠢᠮᠠᠭ ᠤᠯᠤᠰ ᠢ᠋ ᠳᠣᠩᠰᠣᠯᠭᠠᠨ ᠠᠶᠤᠯᠭᠠᠭᠰᠠᠨ ᠤ᠋ ᠲᠡᠮᠳᠡᠭ ᠪᠠᠢᠪᠠ᠃ ᠳᠣᠷᠣᠨ᠎ᠠ ᠵᠦᠭ ᠡᠴᠡ ᠭᠡᠨᠡᠳᠲᠡ ᠬᠤᠢ ᠰᠠᠯᠬᠢ ᠰᠢᠭ᠋ ᠳᠣᠪᠲᠣᠯᠤᠨ ᠢᠷᠡᠭᠡᠳ ᠯᠠᠯᠤ ᠶ᠋ᠢᠨ ᠱᠠᠰᠢᠨᠲᠠᠨ ᠤ᠋ ᠨᠢᠭᠡᠳᠦᠭᠰᠡᠨ ᠤᠯᠤᠰ ᠬᠤᠷᠽᠸᠮ ᠢ᠋ ᠳᠦᠷᠪᠡᠭᠡᠨ ᠵᠢᠯ ᠦ᠋ᠨ ᠳᠣᠲᠣᠷ᠎ᠠ ᠮᠥᠬᠥᠭᠡᠨ ᠡᠵᠡᠯᠡᠨ ᠠᠪᠤᠭᠰᠠᠨ ᠲᠠᠯ᠎ᠠ ᠶ᠋ᠢᠨ ᠨᠡᠭᠦᠳᠡᠯᠴᠢᠨ ᠠᠢᠮᠠᠭ ᠤ᠋ᠨ ᠲᠤᠬᠠᠢ ᠮᠡᠳᠡᠭᠡ ᠰᠠᠯᠬᠢ ᠮᠡᠲᠦ ᠲᠠᠷᠬᠠᠵᠤ᠂ ᠲᠡᠳᠡᠨ ᠦ᠌ ᠲᠣᠭᠰᠢᠨ ᠲᠦᠷᠢᠮᠡᠬᠡᠢ ᠠᠪᠤᠷᠢ᠂ ᠳᠠᠢᠨᠴᠢ ᠲᠥᠷᠬᠦ ᠶ᠋ᠢ ᠬᠤᠷᠽᠸᠮ ᠠ᠋ᠴᠠ ᠵᠢᠭᠤᠲᠠᠨ ᠣᠴᠢᠭᠰᠠᠨ ᠬᠥᠮᠦᠨ ᠪᠦᠬᠦᠨ ᠪᠠᠲᠤᠯᠠᠨ ᠶᠠᠷᠢᠭᠰᠠᠭᠠᠷ ᠮᠣᠩᠭᠣᠯᠴᠤᠳ ᠤ᠋ᠨ ᠲᠤᠬᠠᠢ ᠣᠳᠣ ᠪᠠᠯᠴᠢᠷ ᠬᠡᠦᠬᠡᠳ ᠴᠦ᠍ ᠰᠣᠨᠣᠰᠤᠭᠠᠳ ᠠᠶᠤᠬᠤ ᠪᠠᠷ ᠪᠣᠯᠵᠠᠢ᠃ ᠬᠡᠷᠡᠮ ᠦ᠋ᠨ ᠳᠣᠲᠣᠷᠠᠬᠢ ᠬᠠᠯᠠᠭᠤᠨ ᠬᠠᠨᠵᠤ ᠲᠠᠢ ᠰᠢᠪᠠᠷ ᠴᠢᠯᠠᠭᠤᠨ ᠣᠷᠤᠮᠵᠢᠨ ᠳ᠋ᠤ᠌ ᠨᠡᠭᠦᠬᠦ ᠦᠭᠡᠢ ᠰᠠᠭᠤᠵᠤ᠂ ᠭᠠᠷᠬᠤ ᠦᠭᠡᠢ ᠠᠮᠢᠳᠤᠷᠠᠭᠴᠢ ᠰᠠᠭᠤᠷᠢᠨ ᠰᠣᠶᠣᠯ ᠲᠠᠢ ᠢᠷᠭᠡᠳ ᠲᠦ᠍ ᠮᠣᠷᠢ ᠤᠨᠤᠵᠤ ᠮᠣᠳᠣ ᠲᠣᠬᠣᠵᠤ ᠭᠠᠵᠠᠷ ᠠ᠋ᠴᠠ ᠤᠷᠭᠤᠬᠤ ᠮᠡᠲᠦ ᠭᠡᠨᠡᠳᠲᠡ ᠲᠠᠯ᠎ᠠ ᠲᠠᠯ᠎ᠠ ᠠ᠋ᠴᠠ ᠣᠷᠢᠯᠠᠯᠳᠤᠨ ᠭᠠᠷᠴᠤ ᠢᠷᠡᠬᠦ ᠲᠡᠷᠡ ᠠᠶᠤᠮᠰᠢᠭᠲᠤ ᠮᠣᠩᠭᠣᠯᠴᠤᠳ ᠶᠠᠭ ᠯᠠ ᠵᠡᠷᠯᠢᠭ ᠳᠣᠭᠰᠢᠨ ᠠᠮᠢᠲᠠᠳ᠂ ᠥᠯᠥᠰᠬᠦᠯᠡᠩ ᠠᠷᠢᠶᠠᠲᠠᠨ ᠮᠡᠲᠦ ᠰᠡᠳᠬᠢᠭᠳᠡᠬᠦ ᠠᠵᠢ᠃ ᠡᠢᠮᠦ ᠪᠠᠢᠳᠠᠯ ᠢ᠋ ᠪᠠᠷᠠᠭᠤᠨ ᠵᠦᠭ ᠴᠥᠮᠥᠷᠡᠨ ᠳᠣᠪᠲᠣᠯᠵᠤ ᠪᠠᠢᠭ᠎ᠠ ᠰᠦᠪᠡᠭᠡᠳᠡᠢ ᠶ᠋ᠢᠨ ᠢᠯᠠᠭᠤᠭᠰᠠᠨ ᠪᠠᠭᠠᠲᠤᠷ ᠴᠡᠷᠢᠭ ᠪᠦᠷᠢᠨ ᠬᠠᠷᠠᠭᠤᠯᠤᠯ᠎ᠠ᠃
ᠷᠢᠮ ᠦ᠋ᠨ ᠶᠡᠬᠡ ᠯᠠᠮᠠᠳᠠᠨ ᠤ᠋ ᠡᠯᠴᠢ ᠥᠷᠥᠭᠡᠰᠦᠨ ᠬᠥᠮᠥᠰᠬᠡ ᠲᠡᠢ᠂ ᠡᠲᠡᠭᠡᠳ ᠴᠢᠷᠠᠢ ᠲᠠᠢ ᠠᠪᠷᠠᠮ ᠲᠠᠶᠠᠨ ᠭᠡᠭᠴᠢ ᠶᠡᠬᠡ ᠶ᠋ᠢ ᠦᠵᠡᠵᠦ ᠲᠤᠯᠤ ᠴᠣᠬᠢᠭᠰᠠᠨ᠂ ᠳᠠᠯ᠎ᠠ ᠬᠣᠯᠠ ᠭᠠᠷᠤᠭᠰᠠᠨ ᠴᠤ᠌ ᠬᠥᠩᠭᠡᠨ ᠱᠠᠯᠠᠮᠠᠭᠠᠢ ᠢᠪᠷᠠᠢ ᠭᠠᠷᠤᠯ ᠤ᠋ᠨ ᠡᠨᠡ ᠡᠷ᠎ᠡ ᠡᠬᠢᠯᠡᠭᠡᠳ ᠠᠽᠸᠷᠪᠠᠢᠵᠠᠨ ᠤ᠋ ᠯᠢᠯᠫᠣᠷ ᠪᠠᠯᠭᠠᠰᠤ ᠶ᠋ᠢ ᠡᠵᠡᠯᠡᠭᠡᠳ ᠪᠠᠢᠭᠰᠠᠨ ᠰᠦᠪᠡᠭᠡᠳᠡᠢ ᠲᠡᠢ ᠠᠭᠤᠯᠵᠠᠭᠰᠠᠨ ᠠᠵᠢ᠃ ᠠᠯᠲᠠᠨ ᠤᠯᠤᠰ ᠲᠠᠢ ᠬᠢᠭᠰᠡᠨ ᠠᠩᠬᠠᠨ ᠤ᠋ ᠲᠡᠢᠨ ᠳ᠋ᠦ᠍ ᠵᠡᠭᠦᠨ ᠬᠥᠯ ᠦ᠋ᠨ ᠥᠰᠥᠭᠡᠢ ᠪᠡᠨ ᠲᠠᠰᠤ ᠴᠠᠪᠴᠢᠭᠤᠯᠵᠤ ᠳᠣᠭᠣᠯᠠᠩ ᠪᠣᠯᠤᠭᠰᠠᠨ ᠰᠦᠪᠡᠭᠡᠳᠡᠢ ᠲᠡᠮᠦᠷ ᠬᠦ ᠬᠤᠶᠠᠭ ᠬᠠᠩᠭᠢᠨᠠᠭᠤᠯᠤᠨ ᠬᠠᠵᠠᠭᠠᠨᠠᠨ ᠠᠯᠬᠤᠬᠤ ᠨᠢ ᠭᠠᠵᠠᠷ ᠳᠣᠷᠭᠢᠵᠤ ᠪᠠᠢᠬᠤ ᠮᠡᠲᠦ ᠪᠥᠭᠡᠳ ᠡᠯᠴᠢ ᠨᠠᠷ ᠶᠡᠬᠡᠳᠡ ᠰᠦᠷᠳᠡᠭᠰᠡᠨ ᠴᠦ᠍ ᠬᠠᠷᠢᠨ ᠦᠵᠡᠭᠰᠡᠨ ᠵᠣᠪᠠᠭᠰᠠᠨ ᠨᠢ ᠶᠡᠬᠡ ᠲᠠᠶᠠᠨ ᠣᠭᠲᠣ ᠠᠵᠢᠭ ᠦᠭᠡᠢ ᠵᠣᠭᠰᠣᠵᠠᠢ᠃ ᠦᠨᠡᠬᠡᠷ ᠠᠪᠷᠠᠮ ᠲᠠᠶᠠᠨ ᠯᠠᠮᠠ ᠦᠬᠦᠵᠦ ᠬᠦᠷᠲᠡᠯ᠎ᠡ ᠦᠵᠡᠭᠰᠡᠨ ᠪᠢᠯᠡ᠃ ᠲᠡᠢᠮᠦ ᠡᠴᠡ ᠴᠢᠩᠭᠢᠰ ᠬᠠᠭᠠᠨ ᠤ᠋ ᠳᠣᠭᠰᠢᠨ ᠲᠦᠷᠦᠭᠦᠲᠦ ᠵᠠᠩᠵᠤᠨ ᠰᠦᠪᠡᠭᠡᠳᠡᠢ ᠶ᠋ᠢᠨ ᠥᠩᠭᠡᠨ ᠭᠠᠳᠠᠨᠠᠬᠢ ᠪᠠᠢᠳᠠᠯ ᠠ᠋ᠴᠠ ᠠᠶᠤᠵᠤ ᠰᠦᠷᠳᠡᠭᠰᠡᠨ ᠦᠭᠡᠢ᠂ ᠳᠠᠭᠠᠭᠤᠯ ᠱᠠᠪᠢ ᠨᠠᠷ ᠢ᠋ᠶ᠋ᠠᠨ ᠵᠣᠷᠢᠭᠵᠢᠭᠤᠯᠵᠤ ᠵᠣᠭᠰᠣᠵᠠᠢ᠃ ᠬᠠᠷᠢᠨ ᠴᠤ᠌ ᠡᠨᠡ ᠰᠦᠪᠡᠭᠡᠳᠡᠢ ᠣᠯᠠᠨ ᠵᠢᠯ ᠦ᠋ᠨ ᠡᠮᠦᠨ᠎ᠡ ᠲᠠᠩᠭᠤᠳ ᠤ᠋ᠨ ᠠᠰᠢᠭ ᠪᠠᠯᠭᠠᠰᠤᠨ ᠤ᠋ ᠣᠢᠷ᠎ᠠ ᠠᠩᠬ᠎ᠠ ᠤᠴᠠᠷᠠᠭᠰᠠᠨ ᠮᠣᠩᠭᠣᠯ ᠠ᠋ᠴᠠ ᠲᠡᠢᠮᠦ ᠴᠦ᠍ ᠳᠣᠭᠰᠢᠨ ᠰᠦᠷᠯᠢᠭ ᠦᠵᠡᠭᠳᠡᠭᠰᠡᠨ ᠦᠭᠡᠢ ᠪᠢᠯᠡ᠃ ᠰᠦᠪᠡᠭᠡᠳᠡᠢ ᠪᠠᠷᠠᠭᠤᠨ ᠵᠦᠭ ᠦ᠋ᠨ ᠣᠯᠠᠨ ᠬᠣᠲᠠ ᠪᠠᠯᠭᠠᠰᠤ ᠶ᠋ᠢ ᠡᠵᠡᠯᠡᠵᠦ ᠡᠨᠡ ᠨᠤᠲᠤᠭ ᠤ᠋ᠨ ᠬᠥᠮᠦᠨ ᠵᠤᠨ ᠤ᠋ ᠠᠶᠢᠭ ᠵᠠᠶᠢᠭ ᠢ᠋ ᠮᠡᠳᠡᠬᠦ ᠪᠣᠯᠤᠭᠰᠠᠨ ᠲᠤᠯᠠ ᠲᠠᠶᠠᠨ ᠤ᠋ ᠦᠭᠡ ᠶ᠋ᠢ ᠠᠩᠬᠠᠷᠤᠨ ᠰᠣᠨᠣᠰᠤᠭᠠᠳ ᠲᠡᠷᠡ ᠳᠣᠣᠷ᠎ᠠ ᠨᠢ ᠬᠠᠷᠢᠭᠤ ᠥᠭᠴᠡᠢ᠃ ᠬᠠᠷᠢᠨ ᠲᠡᠭᠡᠬᠦ ᠳ᠋ᠡᠭᠡᠨ ᠴᠢᠩᠭᠢᠰ ᠬᠠᠭᠠᠨ ᠳ᠋ᠤ᠌ ᠪᠠᠷᠠᠯᠬᠠᠬᠤ ᠶ᠋ᠢᠨ ᠡᠮᠦᠨ᠎ᠡ ᠲᠡᠭᠦᠨ ᠦ᠌ ᠰᠢᠳᠠᠷ ᠵᠠᠩᠵᠤᠨ ᠪᠤᠭᠤᠷᠴᠢ ᠳ᠋ᠤ᠌ ᠪᠠᠷᠠᠯᠬᠠᠬᠤ ᠶ᠋ᠢ ᠵᠥᠪᠯᠡᠵᠡᠢ᠃
| ᠮᠠᠨ ᠤ᠋ ᠷᠢᠮ ᠤᠯᠤᠰ ᠤ᠋ᠨ ᠶᠡᠬᠡ ᠯᠠᠮᠠᠲᠠᠨ ᠮᠣᠩᠭᠣᠯᠴᠤᠳ ᠲᠠ ᠨᠠᠷ ᠲᠠᠢ ᠳᠠᠢᠰᠤᠩᠨᠠᠬᠤ ᠬᠦᠰᠡᠯ ᠦᠭᠡᠢ ᠭᠡᠵᠦ ᠡᠯᠴᠢ ᠶ᠋ᠢᠨ ᠬᠡᠯᠡᠭᠰᠡᠨ ᠢ᠋ ᠰᠣᠨᠣᠰᠤᠭᠠᠳ ᠰᠦᠪᠡᠭᠡᠳᠡᠢ
| ᠡᠨᠡ ᠷᠢᠮ ᠤᠯᠤᠰ ᠬᠦᠷᠲᠡᠯ᠎ᠡ ᠬᠡᠳᠦᠢ ᠬᠢᠷᠢ ᠵᠠᠢ ᠲᠠᠢ ᠪᠣᠯ ᠭᠡᠵᠦ ᠤᠢᠭᠤᠷ ᠬᠡᠯᠡᠮᠦᠷᠴᠢ ᠡᠴᠡ ᠠᠰᠠᠭᠤᠵᠠᠢ᠃
| ᠣᠳᠣ ᠲᠠ ᠪᠢᠳᠡᠨ ᠦ᠌ ᠪᠠᠢᠭ᠎ᠠ ᠯᠢᠯᠫᠦᠷ ᠪᠠᠯᠭᠠᠰᠤ ᠠ᠋ᠴᠠ ᠳᠠᠷᠤᠢ ᠮᠢᠩᠭ᠎ᠠ ᠰᠢᠬᠠᠮ ᠪᠠᠷ᠎ᠠ ᠶ᠋ᠢᠨ ᠵᠠᠢ ᠲᠠᠢ ᠪᠣᠯᠪᠠ ᠤᠤ ᠭᠡᠵᠡᠢ᠃
| ᠲᠡᠭᠡᠪᠡᠯ ᠮᠢᠨᠦ ᠴᠡᠷᠢᠭ ᠰᠠᠭᠠᠳ ᠦᠭᠡᠢ ᠶᠠᠪᠤᠪᠠᠯ ᠬᠣᠶᠠᠷ ᠰᠠᠷ᠎ᠠ ᠶ᠋ᠢᠨ ᠳᠠᠷᠠᠭ᠎ᠠ ᠲᠠᠨ ᠤ᠋ ᠬᠣᠲᠠ ᠳ᠋ᠤ᠌ ᠬᠦᠷᠬᠦ ᠶᠦᠮ ᠪᠠᠢᠨ᠎ᠠ᠃ ᠮᠢᠨᠦ ᠴᠡᠷᠢᠭ ᠢ᠋ ᠣᠴᠢᠬᠤ ᠳ᠋ᠤ᠌ ᠬᠠᠭᠠᠯᠭ᠎ᠠ ᠪᠠᠨ ᠳᠡᠯᠭᠡᠨ ᠨᠠᠢᠷ ᠲᠠᠢ ᠪᠠᠷ ᠤᠭᠲᠤᠭᠲᠤᠨ᠃ ᠲᠡᠷᠡ ᠦᠶ᠎ᠡ ᠳ᠋ᠦ᠍ ᠪᠢ ᠡᠳᠡᠨ ᠦ᠌ ᠨᠥᠬᠥᠷ᠂ ᠳᠠᠢᠰᠤᠨ ᠠᠯᠢᠨ ᠪᠣᠯᠬᠤ ᠶ᠋ᠢ ᠬᠡᠯᠡᠶ᠎ᠡ ᠭᠡᠵᠦ ᠰᠦᠪᠡᠭᠡᠳᠡᠢ ᠶᠡᠬᠡ ᠪᠡᠷ ᠢᠨᠢᠶᠡᠵᠡᠢ᠃ ᠬᠠᠷᠢᠨ ᠤᠢᠭᠤᠷ ᠬᠡᠯᠡᠮᠦᠷᠴᠢ ᠰᠦᠪᠡᠭᠡᠳᠡᠢ ᠶ᠋ᠢᠨ ᠡᠨᠡ ᠦᠭᠡ ᠶ᠋ᠢ ᠶᠠᠭ ᠶᠣᠰᠣᠭᠠᠷ ᠨᠢ ᠣᠷᠴᠢᠭᠤᠯᠵᠤ ᠴᠢᠳᠠᠭᠰᠠᠨ ᠦᠭᠡᠢ ᠪᠢᠯᠡ᠃ ᠭᠡᠲᠡᠯ᠎ᠡ ᠲᠡᠮᠦᠷ ᠬᠤᠪᠴᠠᠰᠤᠲᠤ᠂ ᠥᠷᠥᠭᠡᠰᠦᠨ ᠨᠢᠳᠦᠲᠦ ᠡᠨᠡ ᠳᠣᠭᠣᠯᠠᠩ ᠮᠣᠩᠭᠣᠯ ᠵᠠᠩᠵᠤᠨ ᠴᠣᠬᠣᠮ ᠶᠠᠭᠤᠨ ᠲᠤᠬᠠᠢ᠂ ᠶᠠᠭᠤ ᠭᠡᠵᠦ ᠬᠡᠯᠡᠭᠰᠡᠨ ᠢ᠋ ᠲᠡᠭᠦᠨ ᠦ᠌ ᠳᠠᠭᠤᠨ ᠤ᠋ ᠥᠩᠭᠡ᠂ ᠨᠢᠳᠦᠨ ᠦ᠌ ᠬᠠᠷᠠᠴᠠ᠂ ᠢᠨᠢᠶᠡᠳᠦ ᠡᠴᠡ ᠨᠢ ᠲᠠᠶᠠᠨ ᠲᠦᠪᠡᠭ ᠦᠭᠡᠢ ᠣᠢᠯᠠᠭᠠᠭᠰᠠᠨ ᠴᠤ᠌ ᠣᠭᠲᠣ ᠣᠢᠯᠠᠭᠠᠭ᠎ᠠ ᠦᠭᠡᠢ᠂ ᠮᠡᠳᠡᠭᠡ ᠦᠭᠡᠢ ᠴᠢᠷᠠᠢ ᠭᠠᠷᠭᠠᠨ ᠥᠩᠭᠡᠷᠡᠭᠡᠵᠡᠢ᠃ ᠷᠢᠮ ᠦ᠋ᠨ ᠶᠡᠬᠡ ᠯᠠᠮᠠᠲᠠᠨ ᠤ᠋ ᠲᠠᠩᠨᠠᠭᠤᠯ᠂ ᠡᠯᠴᠢ ᠪᠣᠯᠵᠤ ᠳᠣᠷᠣᠨ᠎ᠠ ᠵᠦᠭ ᠦ᠋ᠨ ᠪᠠᠷᠤᠭ ᠪᠦᠬᠦ ᠤᠯᠤᠰ ᠲᠤ᠌ ᠵᠣᠷᠴᠢᠭᠰᠠᠨ ᠲᠡᠶᠡᠨ ᠡᠨᠡ ᠪᠠᠢᠲᠤᠭᠠᠢ ᠶᠡᠬᠡ ᠦᠭᠡ ᠲᠡᠢ ᠬᠠᠭᠠᠨ ᠡᠵᠡᠨ ᠲᠡᠢ ᠠᠭᠤᠯᠵᠠᠵᠤ ᠪᠠᠢᠭᠰᠠᠨ ᠲᠤᠯᠠ ᠰᠦᠪᠡᠭᠡᠳᠡᠢ ᠶ᠋ᠢᠨ ᠳᠠᠪᠠᠯᠢᠭᠤᠨ ᠦᠭᠡᠨ ᠳ᠋ᠦ᠍ ᠭᠠᠢᠬᠠᠭᠰᠠᠨ ᠦᠭᠡᠢ᠃ ᠣᠯᠤᠭᠰᠠᠨ ᠥᠴᠦᠬᠡᠨ ᠢᠯᠠᠯᠲᠠ ᠪᠠᠨ ᠡᠭᠦᠷᠢᠳᠡ ᠶ᠋ᠢᠨ ᠬᠢ ᠮᠡᠲᠦ ᠰᠠᠨᠠᠬᠤ ᠨᠢ ᠵᠢᠷ ᠦ᠋ᠨ ᠴᠡᠷᠢᠭ ᠦ᠋ᠨ ᠤᠳᠤᠷᠢᠳᠤᠭᠴᠢᠳ ᠤ᠋ᠨ ᠡᠪᠡᠳᠴᠢᠨ ᠪᠠᠢᠳᠠᠭ ᠢ᠋ ᠲᠡᠷᠡ ᠰᠠᠢᠨ ᠮᠡᠳᠡᠬᠦ ᠪᠢᠯᠡ ᠃ ᠰᠥᠪᠡᠭᠡᠳᠡᠢ ᠪᠣᠯ ᠳᠠᠶᠠᠨ ᠤ᠋ ᠨᠢᠭᠤᠷ ᠲᠤᠯᠤᠨ ᠠᠭᠤᠯᠵᠠᠭᠰᠠᠨ ᠬᠣᠶᠠᠳᠠᠬᠢ ᠮᠣᠩᠭᠣᠯ ᠬᠥᠮᠦᠨ ᠶᠦ᠍ᠮ᠃ ᠤᠴᠢᠷ ᠨᠢ ᠰᠢᠷ᠎ᠠ ᠮᠥᠷᠡᠨ ᠡᠴᠡ ᠬᠣᠢᠰᠢ ᠠᠮᠢᠳᠤᠷᠠᠨ ᠰᠠᠭᠤᠭᠴᠢ ᠨᠡᠭᠦᠳᠡᠯᠴᠢᠨ ᠠᠢᠮᠠᠭ ᠤ᠋ᠳ ᠤ᠋ᠨ ᠨᠤᠲᠤᠭ ᠢ᠋ᠶ᠋ᠠᠷ ᠲᠡᠷᠡ ᠣᠴᠢᠵᠤ ᠪᠠᠢᠭᠰᠠᠨ ᠦᠭᠡᠢ᠃ ᠣᠴᠢᠬᠤ ᠬᠡᠷᠡᠭ ᠴᠦ᠍ ᠭᠠᠷᠤᠭᠰᠠᠨ ᠦᠭᠡᠢ᠃ ᠣᠴᠢᠭᠰᠠᠨ ᠡᠯᠴᠢ ᠨᠠᠷ ᠤ᠋ᠨ ᠦᠭᠡᠨ ᠡᠴᠡ ᠰᠣᠨᠣᠰᠪᠠᠯ ᠲᠡᠢᠰᠢ ᠵᠦᠭᠯᠡᠬᠦ ᠨᠢ ᠶᠡᠷᠦ ᠦᠬᠦᠭᠰᠡᠨ ᠲᠡᠢ ᠠᠳᠠᠯᠢ ᠭᠡᠯᠴᠡᠵᠡᠢ᠃ ᠲᠡᠷᠡ ᠨᠡᠭᠦᠳᠡᠯᠴᠢᠳ ᠢ᠋ ᠳᠠᠶᠠᠨ ᠬᠡᠭᠡᠷ᠎ᠡ ᠪᠡᠯᠴᠢᠬᠦ ᠵᠡᠷᠯᠢᠭ ᠭᠥᠷᠦᠭᠡᠰᠦᠨ ᠦ᠌ ᠠᠳᠠᠯᠢ ᠦᠯᠦ ᠲᠣᠭᠣᠮᠰᠠᠷᠯᠠᠨ ᠦᠵᠡᠳᠡᠭ ᠪᠠᠢᠵᠠᠢ᠃ ᠭᠡᠲᠡᠯ᠎ᠡ ᠥᠨᠥᠬᠢ ᠵᠡᠷᠯᠢᠭ ᠠᠷᠢᠶᠠᠲᠠᠨ ᠮᠡᠲᠦ ᠨᠡᠭᠦᠳᠡᠯᠴᠢᠳ ᠢ᠋ ᠲᠡᠮᠦᠵᠢᠨ ᠭᠡᠭᠴᠢ ᠨᠢᠭᠡᠨ ᠪᠠᠭᠠᠲᠤᠷ ᠡᠷ᠎ᠡ ᠨᠢᠭᠡᠳᠬᠡᠨ ᠬᠤᠷᠢᠶᠠᠵᠤ ᠤᠯᠤᠰ ᠪᠠᠢᠭᠤᠯᠤᠭᠠᠳ ᠬᠡᠳᠦᠬᠡᠨ ᠵᠢᠯ ᠦ᠋ᠨ ᠳᠣᠲᠣᠷ᠎ᠠ ᠣᠢᠷ᠎ᠠ ᠶ᠋ᠢᠨ ᠬᠦᠷᠰᠢ᠂ ᠬᠦᠴᠦᠷᠬᠡᠭ ᠵᠦᠷᠴᠢᠳ᠂ ᠲᠠᠩᠭᠤᠳ᠂ ᠤᠢᠭᠤᠷ ᠬᠠᠷᠯᠠᠭ᠋᠂ ᠬᠢᠳᠠᠨ ᠤᠯᠤᠰ ᠤ᠋ᠳ ᠢ᠋ ᠡᠵᠡᠯᠡᠨ ᠳᠠᠭᠠᠭᠤᠯᠤᠭᠰᠠᠨ ᠰᠤᠷᠠᠭ ᠬᠣᠯᠠ ᠶ᠋ᠢᠨ ᠷᠢᠮ ᠦ᠋ᠨ ᠤᠯᠤᠰ ᠲᠤ᠌ ᠲᠤᠭᠤᠯᠳᠠᠭᠰᠠᠭᠠᠷ ᠤᠳᠠᠵᠤ᠂ ᠡᠨᠡ ᠨᠢ ᠲᠡᠳᠡᠨ ᠦ᠌ ᠰᠡᠳᠬᠢᠯ ᠳ᠋ᠦ᠍ ᠭᠠᠢᠲᠤ ᠾᠦᠩᠨᠦ ᠶ᠋ᠢᠨ ᠰᠦᠨᠡᠰᠦ ᠰᠡᠭᠦᠳᠡᠷ ᠢ᠋ ᠳᠠᠬᠢᠨ ᠠᠮᠢᠯᠠᠭᠤᠯᠵᠠᠢ᠃ ᠲᠡᠮᠦᠵᠢᠨ ᠦ᠌ ᠲᠣᠯᠣᠭᠠᠢᠯᠠᠭᠰᠠᠨ ᠮᠣᠩᠭᠣᠯᠴᠤᠳ ᠢᠩᠭᠢᠭᠡᠳ ᠵᠣᠭᠰᠣᠭᠰᠠᠨ ᠦᠭᠡᠢ ᠪᠦᠷ ᠺᠠᠰᠫᠢ ᠶ᠋ᠢᠨ ᠲᠠᠩᠭᠢᠰ ᠬᠦᠷᠲᠡᠯ᠎ᠡ ᠳᠣᠪᠲᠣᠯᠤᠨ ᠢᠷᠡᠭᠡᠳ ᠯᠠᠯᠤ ᠶ᠋ᠢᠨ ᠱᠠᠰᠢᠨᠲᠠᠨ ᠤ᠋ ᠬᠤᠷᠽᠸᠮ ᠤᠯᠤᠰ ᠢ᠋ ᠰᠥᠨᠥᠭᠡᠭᠰᠡᠨ ᠨᠢ ᠵᠠᠭᠠᠯᠮᠠᠢ ᠶ᠋ᠢᠨ ᠱᠠᠰᠢᠨᠲᠠᠨ ᠨᠤᠭᠤᠳ ᠤ᠋ᠨ ᠬᠤᠪᠢ ᠳ᠋ᠤ᠌ ᠬᠡᠳᠦ ᠰᠠᠢᠰᠢᠶᠠᠯᠲᠠᠢ ᠴᠤ᠌ ᠵᠤᠨ ᠤ᠋ ᠲᠡᠭᠷᠢ ᠡᠴᠡ ᠴᠠᠰᠤ ᠤᠨᠠᠭᠰᠠᠨ ᠲᠠᠢ ᠠᠳᠠᠯᠢ ᠴᠣᠴᠢᠮᠠᠭ ᠰᠠᠨᠠᠭᠠᠨ ᠳ᠋ᠤ᠌ ᠦᠭᠡᠢ ᠶᠠᠪᠤᠳᠠᠯ ᠪᠣᠯᠵᠠᠢ᠃ ᠲᠡᠢᠮᠦ ᠤᠴᠢᠷ ᠠ᠋ᠴᠠ ᠬᠦᠴᠦᠷᠬᠡᠭ ᠳᠠᠢᠰᠤᠨ ᠤ᠋ ᠡᠮᠦᠨ᠎ᠡ ᠬᠦᠯᠢᠴᠡᠩᠭᠦᠢ ᠵᠣᠭᠰᠣᠬᠤ ᠨᠢ ᠳᠠᠶᠠᠨ ᠤ᠋ ᠴᠣᠷ ᠤ᠋ᠨ ᠭᠠᠭᠴᠠ ᠵᠥᠪ ᠵᠠᠮ ᠪᠠᠢᠪᠠ᠃ ᠡᠭᠦᠨ ᠡᠴᠡ ᠭᠠᠳᠠᠨ᠎ᠠ ᠶᠡᠬᠡ ᠯᠠᠮᠠᠳᠠᠨ ᠤ᠋ ᠦᠭᠭᠦᠭᠰᠡᠨ ᠨᠢᠭᠤᠴᠠ ᠳᠠᠭᠠᠭᠠᠯᠭᠠᠪᠤᠷᠢ ᠶ᠋ᠢᠨ ᠴᠢᠬᠤᠯᠠ ᠶ᠋ᠢ ᠪᠣᠳᠣᠭᠰᠠᠨ ᠴᠤ᠌ ᠮᠣᠩᠭᠣᠯᠴᠤᠳ ᠤ᠋ᠨ ᠭᠠᠰᠢᠭᠤᠨ ᠦᠭᠡ᠂ ᠳᠠᠪᠠᠯᠢᠭᠤᠨ ᠵᠠᠩ ᠢ᠋ ᠲᠡᠪᠴᠢᠨ ᠥᠩᠭᠡᠷᠡᠭᠡᠬᠦ ᠶᠣᠰᠣᠲᠠᠢ ᠪᠠᠢᠯ᠎ᠠ᠃ ᠲᠡᠢᠮᠦ ᠴᠦ᠍ ᠤᠴᠢᠷ ᠠ᠋ᠴᠠ ᠰᠦᠪᠡᠭᠡᠳᠡᠢ ᠶ᠋ᠢᠨ ᠪᠠᠷᠳᠠᠮ ᠶᠡᠬᠡ ᠦᠭᠡ ᠶ᠋ᠢ ᠥᠴᠦᠬᠡᠨ ᠵᠠᠩᠵᠤᠨ ᠤ᠋ ᠬᠥᠭᠡᠷᠦᠦ ᠣᠮᠣᠭᠯᠠᠩ ᠵᠠᠩ ᠤ᠋ᠨ ᠢᠯᠡᠷᠡᠯ ᠲᠡᠳᠦᠢ ᠬᠡᠷᠡᠭ ᠭᠡᠵᠦ ᠦᠵᠡᠵᠡᠢ᠃
| ᠲᠠᠶᠠᠨ ᠪᠣᠯ ᠷᠢᠮ ᠦ᠋ᠨ ᠶᠡᠬᠡ ᠯᠠᠮᠠᠲᠠᠨ ᠤ᠋ ᠰᠢᠳᠠᠷ ᠤ᠋ᠳ ᠠ᠋ᠴᠠ ᠳᠣᠷᠣᠨ᠎ᠠ ᠵᠦᠭ ᠦ᠋ᠨ ᠰᠢᠷ᠎ᠠ ᠠᠷᠠᠰᠤᠲᠠᠨ ᠨᠤᠭᠤᠳ ᠢ᠋ ᠬᠠᠮᠤᠭ ᠤ᠋ᠨ ᠰᠠᠢᠨ ᠮᠡᠳᠡᠬᠦ ᠴᠥᠭᠡᠨ ᠬᠥᠮᠦᠨ ᠦ᠌ ᠨᠢᠭᠡ ᠪᠢᠯᠡ᠃ ᠲᠡᠢᠮᠦ ᠤᠴᠢᠷ ᠠ᠋ᠴᠠ ᠬᠡᠨ ᠦ᠌ ᠴᠦ᠍ ᠦᠯᠦ ᠮᠡᠳᠡᠬᠦ ᠴᠢᠩᠭᠢᠰ ᠬᠠᠭᠠᠨ ᠲᠠᠢ ᠠᠭᠤᠯᠵᠠᠵᠤ ᠢᠷᠡᠭᠡᠳᠦᠢ ᠳ᠋ᠦ᠍ ᠲᠣᠬᠢᠶᠠᠯᠳᠤᠵᠤ ᠮᠡᠳᠡᠬᠦ ᠳᠣᠪᠲᠣᠯᠭᠠᠨ ᠠ᠋ᠴᠠ ᠤᠯᠤᠰ ᠪᠣᠯᠤᠭᠠᠳ ᠱᠠᠰᠢᠨ ᠰᠣᠶᠣᠯ ᠢ᠋ᠶ᠋ᠠᠨ ᠬᠠᠮᠠᠭᠠᠯᠠᠨ ᠰᠡᠷᠭᠡᠢᠯᠡᠬᠦ ᠠᠷᠭ᠎ᠠ ᠵᠠᠮ ᠢ᠋ ᠬᠠᠢᠬᠤ ᠡᠭᠦᠷᠭᠡ ᠲᠡᠭᠦᠨ ᠳ᠋ᠦ᠍ ᠲᠣᠬᠣᠭᠳᠠᠵᠠᠢ᠃ ᠰᠦᠪᠡᠭᠡᠳᠡᠢ ᠶ᠋ᠢᠨ ᠡᠵᠡᠯᠡᠨ ᠠᠪᠤᠭᠠᠳ ᠪᠠᠢᠭᠰᠠᠨ ᠯᠢᠯᠫᠥᠷ ᠪᠠᠯᠭᠠᠰᠤ ᠠ᠋ᠴᠠ ᠭᠷᠥ᠋ᠵᠢᠶᠠ ᠶ᠋ᠢᠨ ᠲᠪᠢᠯᠢᠰᠢ ᠬᠣᠲᠠ ᠶ᠋ᠢ ᠳᠠᠭᠠᠷᠢᠨ ᠺᠡᠣᠺᠡᠰ ᠦ᠋ᠨ ᠨᠢᠷᠤᠭᠤ ᠶ᠋ᠢ ᠳᠠᠪᠠᠵᠤ ᠠᠹᠭᠠᠨᠢᠰᠲ᠋ᠠᠨ ᠤ᠋ ᠫᠸᠷᠸᠡᠨ ᠦ᠌ ᠬᠥᠨᠳᠡᠢ ᠳ᠋ᠦ᠍ ᠰᠠᠭᠤᠭ᠎ᠠ ᠴᠢᠩᠭᠢᠰ ᠬᠠᠭᠠᠨ ᠤ᠋ ᠬᠡᠭᠡᠷ᠎ᠡ ᠶ᠋ᠢᠨ ᠦᠷᠭᠦᠭᠡᠨ ᠳ᠋ᠦ᠍ ᠢᠷᠡᠬᠦ ᠬᠦᠷᠲᠡᠯ᠎ᠡ ᠰᠦᠪᠡᠭᠡᠳᠡᠢ ᠶ᠋ᠢᠨ ᠰᠢᠢᠳᠬᠡᠨ ᠣᠯᠭᠣᠭᠰᠠᠨ ᠠᠯᠲᠠᠨ ᠫᠠᠢᠰᠠ ᠶ᠋ᠢ ᠦᠵᠡᠭᠦᠯᠦᠭᠰᠡᠨ ᠢ᠋ᠶ᠋ᠡᠷ ᠷᠢᠮ ᠦ᠋ᠨ ᠯᠠᠮᠠᠲᠠᠨ ᠤ᠋ ᠡᠯᠴᠢ ᠨᠠᠷ ᠲᠤ᠌ ᠥᠴᠦᠬᠡᠨ ᠴᠦ᠍ ᠰᠠᠭᠠᠳ ᠤᠴᠠᠷᠠᠭᠰᠠᠨ ᠦᠭᠡᠢ ᠲᠤᠯᠠ ᠳᠠᠶᠠᠨ ᠨᠡᠭᠦᠳᠡᠯᠴᠢᠨ ᠮᠣᠩᠭᠣᠯᠴᠤᠳ ᠤ᠋ᠨ ᠡᠨᠡ ᠤᠬᠠᠭᠠᠨ ᠳ᠋ᠤ᠌ ᠪᠠᠭ᠎ᠠ ᠦᠭᠡᠢ ᠪᠢᠰᠢᠷᠡᠵᠡᠢ᠃ ᠣᠯᠠᠨ ᠤᠯᠤᠰ ᠳᠠᠮᠵᠢᠭᠰᠠᠨ ᠬᠣᠯᠠ ᠶ᠋ᠢᠨ ᠠᠶᠠᠨ ᠵᠠᠮ ᠳ᠋ᠤ᠌ ᠳᠠᠭᠠᠷᠢᠨ ᠥᠩᠭᠡᠷᠡᠬᠦ ᠪᠣᠭᠣᠮᠲᠠ᠂ ᠬᠣᠲᠠ ᠨᠤᠭᠤᠳ ᠤ᠋ᠨ ᠬᠠᠷᠠᠭᠤᠯ ᠬᠠᠮᠠᠭᠠᠯᠠᠯᠲᠠ ᠶ᠋ᠢ ᠢᠩᠭᠢᠵᠦ ᠡᠩ ᠦ᠋ᠨ ᠪᠥᠭᠡᠳ ᠰᠢᠭᠤᠷᠬᠠᠢ ᠵᠣᠬᠢᠶᠠᠨ ᠪᠠᠢᠭᠤᠯᠤᠭᠰᠠᠨ ᠢ᠋ ᠲᠡᠷᠡ ᠬᠠᠮᠢᠭ᠎ᠠ ᠴᠤ᠌ ᠦᠵᠡᠭᠰᠡᠨ ᠦᠭᠡᠢ ᠲᠤᠯᠠ ᠶᠡᠬᠡᠳᠡ ᠭᠠᠢᠬᠠᠨ ᠪᠠᠬᠠᠳᠤᠵᠠᠢ᠃ ᠰᠦᠪᠡᠭᠡᠳᠡᠢ ᠶ᠋ᠢᠨ ᠦᠭᠭᠦᠭᠰᠡᠨ᠂ ᠳᠡᠭᠡᠷ᠎ᠡ ᠨᠢ ᠴᠢᠩᠭᠢᠰ ᠬᠠᠭᠠᠨ ᠤ᠋ ᠵᠠᠷᠯᠢᠭ ᠲᠠᠮᠠᠭ᠎ᠠ ᠶ᠋ᠢ ᠰᠡᠢᠯᠦᠭᠰᠡᠨ ᠲᠣᠬᠣᠢ ᠬᠢᠷᠢ ᠶᠢᠨ ᠠᠯᠲᠠᠨ ᠫᠠᠢᠰᠠ ᠶ᠋ᠢ ᠦᠵᠡᠭᠦᠯᠦᠮᠡᠭᠴᠡ ᠲᠡᠳᠡᠨ ᠦ᠌ ᠶᠠᠪᠤᠬᠤ ᠵᠠᠮ ᠤ᠋ᠨ ᠪᠦᠬᠦ ᠰᠠᠭᠠᠳ ᠰᠢᠯᠭᠠᠯᠲᠠ ᠬᠣᠷᠣᠮ ᠤ᠋ᠨ ᠳᠣᠲᠣᠷ᠎ᠠ ᠦᠭᠡᠢ ᠪᠣᠯᠵᠤ ᠪᠠᠢᠯ᠎ᠠ᠃ ᠪᠠᠰᠠ ᠥᠷᠲᠡᠭᠡ ᠤᠯᠠᠭ᠎ᠠ ᠶ᠋ᠢ ᠭᠠᠪᠰᠢᠭᠠᠢ ᠵᠣᠬᠢᠶᠠᠨ ᠪᠠᠢᠭᠤᠯᠵᠤ ᠲᠡᠳᠡᠨ ᠳ᠋ᠦ᠍ ᠪᠠᠷᠤᠭ ᠬᠣᠭᠣᠯᠠ ᠢᠳᠡᠬᠦ ᠴᠠᠭ ᠭᠠᠷᠬᠤ ᠦᠭᠡᠢ ᠰᠢᠬᠠᠮ ᠲᠦᠷᠭᠡᠨ ᠢ᠋ᠶ᠋ᠡᠷ ᠤᠨᠤᠭ᠎ᠠ ᠶ᠋ᠢ ᠨᠢ ᠶᠡᠭᠦᠯᠡᠵᠦ ᠪᠠᠢᠭᠰᠠᠨ ᠨᠢ ᠬᠠᠷᠢᠨ ᠴᠤ᠌ ᠲᠦᠪᠡᠭᠲᠡᠢ ᠮᠡᠲᠦ ᠰᠠᠨᠠᠭᠳᠠᠵᠠᠢ᠃ ᠦᠨᠡᠬᠡᠷ ᠮᠣᠩᠭᠣᠯ ᠴᠡᠷᠢᠭ ᠦ᠋ᠨ ᠲᠦᠷᠭᠡᠨ ᠭᠠᠪᠰᠢᠭᠠᠢ ᠵᠣᠬᠢᠶᠠᠨ ᠪᠠᠢᠭᠤᠯᠤᠯᠲᠠ᠂ ᠰᠠᠬᠢᠯᠭ᠎ᠠ ᠪᠠᠲᠤ ᠲᠠᠢ ᠪᠠᠢᠳᠠᠯ ᠨᠢ ᠲᠡᠭᠦᠨ ᠢ᠋ ᠶᠡᠬᠡᠳᠡ ᠪᠢᠰᠢᠷᠡᠭᠦᠯᠵᠡᠢ᠃ ᠲᠠᠯ᠎ᠠ ᠶ᠋ᠢᠨ ᠡᠨᠡ ᠨᠡᠭᠦᠳᠡᠯᠴᠢᠳ ᠢ᠋ ᠲᠡᠢᠮᠦ ᠳᠣᠣᠷ᠎ᠠ ᠳ᠋ᠤ᠌ ᠦᠵᠡᠵᠦ ᠪᠣᠯᠬᠤ ᠦᠭᠡᠢ ᠪᠣᠯᠤᠯᠲᠠᠢ ᠶ᠋ᠢ ᠲᠠᠶᠠᠨ ᠣᠢᠯᠠᠭᠠᠵᠤ ᠪᠠᠢᠯ᠎ᠠ᠃ ᠵᠠᠮ ᠵᠠᠭᠤᠷ᠎ᠠ ᠬᠣᠷᠽᠸᠮ ᠤ᠋ᠨ ᠬᠣᠲᠠ ᠨᠤᠭᠤᠳ ᠤ᠋ᠨ ᠠᠮᠢᠳᠤᠷᠠᠯ ᠰᠡᠷᠭᠦᠵᠦ ᠲᠡᠢᠨ ᠦ᠌ ᠲᠦᠢᠮᠡᠷ ᠤᠲᠤᠭ᠎ᠠ ᠤᠨᠢᠶᠠᠷ ᠳᠠᠷᠤᠭᠳᠠᠵᠤ ᠡᠬᠢᠯᠡᠭᠰᠡᠨ ᠨᠢ ᠢᠯᠡᠳᠲᠡ ᠪᠠᠢᠪᠠ᠃ ᠲᠡᠷᠡ ᠶ᠋ᠢ ᠪᠦᠦ ᠬᠡᠯᠡ᠂ ᠴᠢᠩᠭᠢᠰ ᠬᠠᠭᠠᠨ ᠤᠷᠢᠳ ᠤ᠋ᠨ ᠬᠠᠭᠠᠳ ᠠ᠋ᠴᠠ ᠪᠠᠭ᠎ᠠ ᠲᠠᠲᠠᠪᠤᠷᠢ ᠲᠣᠭᠲᠠᠭᠠᠵᠤ᠂ ᠬᠡᠨ ᠴᠦ᠍ ᠪᠣᠯᠪᠠ ᠳᠤᠷᠠᠲᠠᠢ ᠱᠠᠰᠢᠨ ᠢ᠋ᠶ᠋ᠠᠨ ᠰᠢᠲᠦᠬᠦ ᠶ᠋ᠢ ᠵᠥᠪᠰᠢᠶᠡᠷᠡᠭᠰᠡᠨ ᠳ᠋ᠦ᠍ ᠬᠥᠮᠦᠰ ᠬᠠᠷᠢᠨ ᠴᠤ᠌ ᠲᠠᠯᠠᠷᠬᠠᠯ ᠲᠠᠢ ᠪᠠᠢᠭ᠎ᠠ ᠨᠢ ᠠᠵᠢᠭᠯᠠᠭᠳᠠᠵᠠᠢ᠃ ᠯᠠᠯᠤ ᠶ᠋ᠢᠨ ᠱᠠᠰᠢᠨᠲᠠᠨ ᠤ᠋ ᠤᠯᠤᠰ ᠲᠤ᠌ ᠵᠠᠭᠠᠯᠮᠠᠢ ᠶ᠋ᠢᠨ ᠱᠠᠰᠢᠨ ᠢ᠋ ᠳᠡᠯᠭᠡᠷᠡᠭᠦᠯᠬᠦ ᠶ᠋ᠢ ᠵᠥᠪᠰᠢᠶᠡᠷᠡᠭᠰᠡᠨ ᠨᠢ ᠲᠠᠶᠠᠨ ᠢ᠋ ᠶᠠᠭᠤ ᠶᠠᠭᠤᠨ ᠠ᠋ᠴᠠ ᠢᠯᠡᠭᠦᠦ ᠲᠡᠢ ᠭᠠᠢᠬᠠᠰᠢᠷᠠᠭᠤᠯᠵᠠᠢ᠃ ᠲᠠᠶᠠᠨ ᠴᠢᠩᠭᠢᠰ ᠬᠠᠭᠠᠨ ᠤ᠋ ᠬᠡᠭᠡᠷ᠎ᠡ ᠶ᠋ᠢᠨ ᠬᠦᠷᠢᠶᠡᠨ ᠳ᠋ᠦ᠍ ᠬᠦᠷᠦᠮᠡᠭᠴᠡ ᠠᠯᠲᠠᠨ ᠫᠠᠢᠰᠠ ᠪᠠᠨ ᠬᠠᠷᠠᠭᠤᠯ ᠤ᠋ᠨ ᠠᠬᠠᠯᠠᠭᠴᠢ ᠶᠢᠰᠦᠨᠲᠡᠢ ᠭᠡᠭᠴᠢ ᠳ᠋ᠦ᠍ ᠦᠵᠡᠭᠦᠯᠵᠦ ᠴᠢᠩᠭᠢᠰ ᠬᠠᠭᠠᠨ ᠳ᠋ᠤ᠌ ᠪᠠᠷᠠᠯᠬᠠᠬᠤ ᠬᠦᠰᠡᠯ ᠢ᠋ᠶ᠋ᠡᠨ ᠢᠯᠡᠳᠬᠡᠵᠡᠢ᠃ ᠳᠠᠬᠢᠭᠠᠳ ᠯᠠ ᠥᠨᠥᠬᠢ ᠰᠢᠳᠢᠲᠦ ᠫᠠᠢᠰᠠ ᠶ᠋ᠢᠨ ᠢ᠋ᠶ᠋ᠡᠨ ᠬᠦᠴᠦ ᠪᠡᠷ ᠬᠦᠷᠢᠶᠡᠨ ᠦ᠌ ᠳᠣᠲᠣᠭᠰᠢ ᠰᠠᠭᠠᠳ ᠦᠭᠡᠢ ᠨᠡᠪᠲᠡᠷᠡᠵᠡᠢ᠃ ᠲᠡᠳᠡᠨ ᠢ᠋ ᠲᠤᠰᠬᠠᠢ ᠭᠡᠷ ᠲᠦ᠍ ᠣᠷᠣᠭᠤᠯᠵᠤ ᠶᠸᠯᠢᠦᠢ ᠴᠦᠼᠠᠢ ᠭᠡᠭᠴᠢ ᠲᠦᠰᠢᠮᠡᠯ ᠢᠷᠡᠵᠦ ᠲᠡᠳᠡᠨ ᠦ᠌ ᠢᠷᠡᠭᠰᠡᠨ ᠬᠡᠷᠡᠭ ᠦ᠋ᠨ ᠤᠴᠢᠷ ᠢ᠋ ᠪᠠᠢᠴᠠᠭᠠᠨ ᠠᠰᠠᠭᠤᠵᠠᠢ᠃ ᠬᠠᠷᠢᠨ ᠰᠦᠪᠡᠭᠡᠳᠡᠢ ᠶ᠋ᠢᠨ ᠬᠡᠯᠡᠭᠰᠡᠨ ᠢ᠋ᠶ᠋ᠡᠷ ᠪᠤᠭᠤᠷᠴᠢ ᠲᠠᠢ ᠠᠭᠤᠯᠵᠠᠭ᠎ᠠ ᠦᠭᠡᠢ ᠨᠢ ᠥᠪᠡᠷ ᠦ᠋ᠨ ᠶᠡᠬᠡ ᠯᠠᠮᠠᠲᠠᠨ ᠤ᠋ ᠨᠡᠷ᠎ᠡ ᠰᠦᠷ ᠢ᠋ ᠡᠷᠭᠦᠬᠦ ᠭᠡᠰᠡᠨ ᠲᠠᠶᠠᠨ ᠤ᠋ ᠶᠡᠬᠡ ᠰᠠᠨᠠᠭ᠎ᠠ ᠪᠠᠢᠪᠠ᠃ ᠲᠡᠷᠡ ᠥᠪᠡᠷ ᠦ᠋ᠨ ᠶᠡᠬᠡ ᠯᠠᠮᠠᠳᠠᠨ ᠢ᠋ ᠴᠢᠩᠭᠢᠰ ᠬᠠᠭᠠᠨ ᠠ᠋ᠴᠠ ᠳᠡᠭᠡᠭᠦᠷ ᠲᠦ᠍ ᠪᠣᠳᠣᠭᠰᠠᠭᠠᠷ ᠪᠠᠢᠯ᠎ᠠ᠃ ᠶᠡᠷᠦ ᠨᠢ ᠲᠡᠷᠡ ᠳᠣᠲᠣᠷ᠎ᠠ ᠪᠠᠨ ᠴᠢᠩᠭᠢᠰ ᠬᠠᠭᠠᠨ ᠭᠡᠭᠴᠢ ᠪᠣᠯᠤᠨ ᠡᠳᠡᠭᠡᠷ ᠮᠣᠩᠭᠣᠯᠴᠤᠳ ᠢ᠋ ᠳᠣᠣᠷ᠎ᠠ ᠳ᠋ᠤ᠌ ᠦᠵᠡᠭᠰᠡᠭᠡᠷ ᠪᠠᠢᠭᠰᠠᠨ ᠪᠥᠭᠡᠳ ᠭᠠᠭᠴᠠᠬᠠᠨ ᠲᠡᠳᠡᠨ ᠦ᠌ ᠳᠡᠩᠳᠡᠭᠦᠦ ᠵᠡᠷᠯᠢᠭ ᠲᠣᠭᠰᠢᠨ ᠠᠪᠤᠷᠢ ᠲᠠᠢ ᠶ᠋ᠢ ᠰᠣᠨᠣᠰᠤᠭᠰᠠᠨ ᠲᠤᠯᠠ ᠳᠡᠮᠡᠢ ᠶᠡᠬᠡᠮᠰᠦᠭᠯᠡᠨ ᠬᠠᠢᠷᠠᠨ ᠠᠮᠢ ᠪᠠᠨ ᠵᠣᠯᠢᠶᠠᠰᠤᠯᠠᠬᠤ ᠠ᠋ᠴᠠ ᠪᠣᠯᠭᠣᠮᠵᠢᠯᠠᠨ ᠲᠡᠪᠴᠢᠵᠦ ᠶᠠᠪᠤᠵᠠᠢ᠃ ᠲᠡᠭᠦᠨ ᠡᠴᠡ ᠪᠢᠰᠢ ᠳᠣᠷᠣᠨ᠎ᠠ ᠵᠦᠭ ᠦ᠋ᠨ ᠠᠯᠲᠠᠨ ᠤᠯᠤᠰ᠂ ᠰᠥᠩ ᠤᠯᠤᠰ ᠤ᠋ᠨ ᠶᠡᠬᠡ ᠬᠠᠭᠠᠳ ᠲᠠᠢ ᠠᠭᠤᠯᠵᠠᠵᠤ ᠬᠡᠷᠡᠭ ᠬᠡᠯᠡᠯᠴᠡᠵᠦ ᠶᠠᠪᠤᠭᠰᠠᠨ ᠲᠡᠭᠦᠨ ᠳ᠋ᠦ᠍ ᠡᠨᠡ ᠵᠡᠷᠭᠡ ᠶ᠋ᠢᠨ ᠨᠡᠭᠦᠳᠡᠯᠴᠢᠨ ᠣᠮᠣᠭ ᠤ᠋ᠨ ᠬᠢᠨ ᠳ᠋ᠦ᠍ ᠳᠣᠣᠷ᠎ᠠ ᠦᠵᠡᠭᠳᠡᠨ ᠪᠥᠬᠥᠯᠵᠡᠬᠦ ᠨᠢ ᠲᠡᠪᠴᠢᠵᠦ ᠪᠣᠯᠣᠰᠢ ᠦᠭᠡᠢ ᠬᠡᠷᠡᠭ ᠶᠦᠮ᠃ ᠭᠡᠪᠡᠴᠦ ᠡᠯᠴᠢ ᠬᠥᠮᠦᠨ ᠣᠴᠢᠭᠰᠠᠨ ᠤᠯᠤᠰ ᠤ᠋ᠨ ᠶᠣᠰᠣ ᠶ᠋ᠢ ᠳᠠᠭᠠᠬᠤ ᠨᠢ ᠬᠠᠤᠯᠢ ᠲᠤᠯᠠ ᠶᠠᠭᠠᠬᠢᠯᠲᠠᠢ ᠪᠢᠯᠡ᠃
ᠲᠠᠶᠠᠨ ᠤᠢᠭᠤᠷ ᠬᠡᠯᠡᠮᠦᠷᠴᠢ ᠪᠡᠨ ᠳᠠᠭᠠᠭᠤᠯᠤᠨ ᠴᠢᠩᠭᠢᠰ ᠬᠠᠭᠠᠨ ᠳ᠋ᠤ᠌ ᠪᠠᠷᠠᠯᠬᠠᠬᠤ ᠪᠠᠷ ᠣᠴᠢᠪᠠ᠃ ᠶᠠᠪᠤᠬᠤ ᠵᠠᠮ ᠳ᠋ᠤ᠌ ᠬᠢᠮᠡᠯ ᠪᠣᠷᠣᠭ᠎ᠠ ᠰᠢᠷ ᠰᠢᠷ ᠳᠤᠰᠤᠯᠠᠵᠤ ᠪᠠᠢᠭᠰᠠᠨ ᠨᠢ ᠳᠠᠬᠢᠭᠠᠳ ᠯᠠ ᠠᠯᠮᠠᠢᠷᠠᠭᠤᠯᠪᠠ᠃ ᠲᠡᠷᠡ ᠠᠮᠢᠳᠤᠷᠠᠯ ᠳ᠋ᠠᠭᠠᠨ ᠬᠢᠮᠡᠯ ᠪᠣᠷᠣᠭ᠎ᠠ ᠣᠷᠣᠭᠤᠯᠬᠤ ᠶ᠋ᠢ ᠠᠩᠬ᠎ᠠ ᠦᠵᠡᠵᠡᠢ᠃ ᠭᠡᠪᠡᠴᠦ ᠢᠩᠭᠢᠵᠦ ᠪᠣᠷᠣᠭ᠎ᠠ ᠣᠷᠣᠭᠤᠯᠵᠤ ᠪᠣᠯᠬᠤ ᠶ᠋ᠢ ᠲᠡᠭᠦᠨ ᠦ᠌ ᠦᠯᠦ ᠲᠣᠭᠣᠮᠰᠠᠷᠯᠠᠭᠴᠢ ᠨᠡᠭᠦᠳᠡᠯᠴᠢᠨ ᠰᠢᠭᠢᠬᠤᠲᠤᠭ ᠰᠠᠨᠠᠭᠠᠴᠢᠯᠠᠭᠰᠠᠨ ᠢ᠋ ᠬᠠᠷᠢᠨ ᠮᠡᠳᠡᠭᠰᠡᠨ ᠦᠭᠡᠢ᠃ ᠠᠷᠪᠠᠨ ᠲᠠᠪᠤᠨ ᠭᠠᠵᠠᠷ ᠤ᠋ᠨ ᠬᠡᠯᠡ ᠮᠡᠳᠡᠳᠡᠭ᠂ ᠾᠢᠮᠠᠯᠠᠢ ᠶ᠋ᠢᠨ ᠶᠡᠬᠡ ᠨᠢᠷᠤᠭᠤᠨ ᠤ᠋ ᠬᠣᠢᠲᠤ ᠤᠷᠲᠤ ᠲᠠᠯ᠎ᠠ ᠳ᠋ᠤ᠌ ᠣᠷᠣᠰᠢᠭᠴᠢ ᠪᠦᠬᠦ ᠤᠯᠤᠰ ᠣᠷᠣᠨ ᠢ᠋ ᠨᠦᠬᠡᠯᠡᠭᠰᠡᠨ ᠲᠠᠶᠠᠨ ᠨᠡᠭᠦᠳᠡᠯᠴᠢᠨ ᠠᠢᠮᠠᠭ ᠤ᠋ᠳ ᠤ᠋ᠨ ᠶᠡᠬᠡ ᠬᠠᠭᠠᠨ ᠲᠡᠮᠦᠵᠢᠨ ᠣ ᠠᠯᠲᠠᠨ ᠴᠠᠴᠠᠷ ᠲᠤ᠌ ᠬᠥᠯ ᠲᠠᠯᠪᠢᠬᠤ ᠨᠢ ᠡᠨᠡ ᠠᠵᠢ᠃ ᠲᠡᠷᠡ ᠣᠷᠣᠭᠠᠳ ᠨᠢᠳᠦ ᠳᠠᠰᠲᠠᠯᠠ ᠪᠠᠨ ᠶᠠᠭᠤ ᠴᠤ᠌ ᠳᠤᠤᠭᠠᠷᠤᠭᠰᠠᠨ ᠦᠭᠡᠢ᠃ ᠪᠠᠰᠠ ᠬᠡᠲᠦᠷᠬᠡᠢ ᠳᠣᠣᠷ᠎ᠠ ᠮᠡᠬᠦᠢᠭᠰᠡᠨ ᠦᠭᠡᠢ᠂ ᠰᠤᠷᠤᠭᠰᠠᠨ ᠵᠠᠩ ᠢ᠋ᠶ᠋ᠠᠷ ᠬᠣᠷᠣᠮ ᠤ᠋ᠨ ᠳᠣᠲᠣᠷ᠎ᠠ ᠴᠠᠴᠠᠷ ᠤ᠋ᠨ ᠳᠣᠲᠣᠷᠠᠬᠢ ᠪᠠᠢᠳᠠᠯ ᠢ᠋ ᠭᠦᠶᠦᠯᠭᠡᠨ ᠬᠠᠷᠠᠵᠤ ᠠᠮᠵᠢᠪᠠ᠃ ᠴᠢᠩᠭᠢᠰ ᠬᠠᠭᠠᠨ ᠴᠠᠴᠠᠷ ᠤ᠋ᠨ ᠬᠣᠢᠮᠣᠷ ᠲᠤ᠌ ᠬᠣᠷᠽᠸᠮ ᠤ᠋ᠨ ᠰᠦᠯᠳᠡ ᠮᠤᠬᠠᠮᠮᠠᠳ᠋ ᠤ᠋ᠨ ᠶᠡᠬᠡ ᠠᠯᠲᠠᠨ ᠰᠡᠨᠳᠡᠢ ᠳ᠋ᠦ᠍ ᠵᠠᠯᠠᠷᠠᠵᠠᠢ᠃ ᠬᠠᠮᠢᠭ᠎ᠠ ᠴᠤ᠌ ᠪᠠᠢᠬᠤ ᠦᠭᠡᠢ ᠤᠷᠠᠨ ᠬᠢᠴᠡ ᠲᠡᠢ ᠡᠨᠡ ᠴᠣᠯ ᠠᠯᠲᠠᠨ ᠰᠡᠨᠳᠡᠢ ᠶ᠋ᠢ ᠳᠠᠶᠠᠨ ᠲᠠᠨᠢᠵᠤ ᠪᠠᠢᠪᠠ᠃ ᠮᠤᠬᠠᠮᠮᠠᠳ᠋ ᠰᠦᠯᠲᠠᠨ ᠰᠡᠮᠡᠷᠺᠡᠨᠳ᠋ ᠳᠠᠬᠢ ᠦᠷᠭᠦᠭᠡᠨ ᠳ᠋ᠡᠭᠡᠨ ᠡᠨᠡ ᠰᠡᠨᠳᠡᠢ ᠳ᠋ᠡᠭᠡᠨ ᠵᠠᠯᠠᠷᠠᠭᠠᠳ ᠲᠡᠭᠦᠨ ᠲᠡᠢ ᠶᠠᠷᠢᠯᠴᠠᠵᠤ ᠪᠠᠢᠵᠠᠢ᠃ ᠲᠡᠷᠡ ᠦᠶ᠎ᠡ ᠳ᠋ᠦ᠍ ᠳᠠᠶᠠᠨ ᠶᠧᠵᠢᠫᠲ ᠦ᠋ᠨ ᠪᠠᠶᠠᠨ ᠬᠤᠳᠠᠯᠳᠤᠭᠠᠴᠢᠨ ᠤ᠋ ᠳᠦᠷᠢ ᠪᠡᠷ ᠬᠣᠷᠽᠧᠮ ᠳ᠋ᠦ᠍ ᠲᠠᠩᠨᠠᠭᠤᠯ ᠬᠢᠵᠦ ᠶᠠᠪᠤᠭᠰᠠᠨ ᠪᠢᠯᠡ᠃ ᠴᠢᠩᠭᠢᠰ ᠬᠠᠭᠠᠨ ᠲᠡᠭᠦᠨ ᠳ᠋ᠦ᠍ ᠶᠡᠷᠦ ᠣᠨᠴᠠᠭᠠᠢ ᠰᠡᠳᠬᠢᠭᠳᠡᠯ ᠲᠥᠷᠥᠭᠦᠯᠦᠭᠰᠡᠨ ᠦᠭᠡᠢ᠂ ᠶᠠᠳᠠᠷᠠᠵᠤ ᠠᠶᠠᠨᠰᠢᠭᠰᠠᠨ ᠴᠢᠷᠠᠢ ᠲᠠᠢ ᠪᠤᠭᠤᠷᠤᠯ ᠰᠠᠬᠠᠯ ᠲᠠᠢ ᠲᠡᠷᠡ ᠬᠥᠮᠦᠨ ᠨᠡᠭᠦᠳᠡᠯᠴᠢᠳ ᠦ᠋ᠨ ᠳᠣᠭᠰᠢᠨ ᠬᠠᠭᠠᠨ ᠭᠡᠬᠦ ᠡᠴᠡ ᠪᠡᠨ ᠢᠯᠡᠭᠦᠦ ᠲᠠᠩᠭᠤᠳ ᠤ᠋ᠨ ᠵᠢᠷ ᠦ᠋ᠨ ᠬᠤᠳᠠᠯᠳᠤᠭᠠᠴᠢᠨ ᠤ᠋ ᠲᠥᠷᠬᠦ ᠲᠡᠢ ᠦᠵᠡᠭᠳᠡᠵᠡᠢ᠃ ᠳᠠᠶᠠᠨ ᠪᠤᠰᠤᠳ ᠬᠥᠮᠦᠨ ᠦ᠌ ᠠᠳᠠᠯᠢ ᠴᠢᠩᠭᠢᠰ ᠬᠠᠭᠠᠨ ᠤ᠋ ᠲᠤᠬᠠᠢ ᠰᠤᠷᠠᠭ ᠬᠣᠪ ᠢ᠋ᠶ᠋ᠠᠷ ᠰᠠᠨᠠᠭᠠᠨ ᠳ᠋ᠠᠭᠠᠨ ᠪᠣᠢ ᠪᠣᠯᠭᠠᠭᠰᠠᠨ ᠬᠡᠢ ᠳᠦᠷᠢ ᠳ᠋ᠦ᠍ ᠢᠲᠡᠭᠡᠵᠦ ᠶᠠᠪᠤᠭᠰᠠᠨ ᠢ᠋ᠶ᠋ᠠᠨ ᠣᠢᠯᠠᠭᠠᠪᠠ᠃ ᠴᠢᠩᠭᠢᠰ ᠬᠠᠭᠠᠨ ᠤ᠋ ᠪᠠᠷᠠᠭᠤᠨ ᠲᠠᠯ᠎ᠠ ᠳ᠋ᠤ᠌ ᠤᠷᠲᠤ ᠬᠠᠷ᠎ᠠ ᠰᠠᠬᠠᠯ ᠲᠠᠢ ᠥᠨᠥᠬᠢ ᠶᠧᠯᠢᠦᠢ ᠴᠦᠼᠠᠢ ᠬᠠᠷᠢᠨ ᠵᠡᠭᠦᠨ ᠲᠠᠯ᠎ᠠ ᠳ᠋ᠤᠨᠢ ᠨᠢᠭᠡᠨ ᠦᠯᠦ ᠲᠠᠨᠢᠭᠴᠢ ᠬᠥᠮᠦᠨ ᠰᠠᠭᠤᠭᠰᠠᠨ ᠢ᠋ ᠰᠦᠪᠡᠭᠡᠳᠡᠢ ᠶ᠋ᠢᠨ ᠶᠠᠷᠢᠭᠰᠠᠨ ᠪᠤᠭᠤᠷᠴᠢ ᠭᠡᠭᠴᠢ ᠪᠢᠵᠡ ᠭᠡᠵᠦ ᠳᠠᠭᠠᠵᠠᠢ᠃ ᠦᠨᠡᠬᠡᠷ ᠶᠧᠯᠢᠦᠢ ᠴᠦᠼᠠᠢ ᠶ᠋ᠢᠨ ᠲᠠᠨᠢᠯᠴᠠᠭᠤᠯᠤᠭᠰᠠᠨ ᠢ᠋ᠶ᠋ᠠᠷ ᠪᠤᠭᠤᠷᠴᠢ ᠰᠠᠢᠳ ᠠᠵᠢ᠃ ᠪᠤᠭᠤᠷᠴᠢ ᠶ᠋ᠢᠨ ᠳᠣᠣᠷ᠎ᠠ ᠪᠢᠷ ᠶᠡᠨᠲᠡᠢ ᠵᠡᠬᠡᠨ ᠰᠠᠭᠤᠭᠰᠠᠨ ᠢᠳᠡᠷᠬᠡᠨ ᠡᠷ᠎ᠡ ᠨᠢ ᠰᠢᠭᠢᠬᠤᠲᠤᠭ ᠭᠡᠬᠦ ᠠᠵᠢ᠃ ᠶᠧᠯᠢᠦᠢ ᠴᠦᠼᠠᠢ ᠲᠡᠭᠦᠨ ᠤ ᠲᠤᠬᠠᠢ ᠬᠠᠭᠠᠨ ᠳ᠋ᠠᠭᠠᠨ ᠲᠠᠨᠢᠯᠴᠠᠭᠤᠯᠪᠠ ᠪᠣᠯᠤᠯᠲᠠᠢ ᠬᠡᠳᠦᠨ ᠦᠭᠡ ᠬᠡᠯᠡᠭᠡᠳ ᠳᠠᠶᠠᠨ ᠳ᠋ᠤ᠌ ᠳᠣᠬᠢᠶ᠎ᠠ ᠥᠭᠪᠡ᠃ ᠴᠢᠩᠭᠢᠰ ᠬᠠᠭᠠᠨ ᠤ᠋ ᠣᠷᠳᠣᠨ ᠤ᠋ ᠶᠣᠰᠣ ᠳᠢᠭᠯᠢᠮ ᠠᠯᠢᠪᠠ ᠰᠣᠶᠣᠯ ᠲᠠᠢ ᠤᠯᠤᠰ ᠭᠦᠷᠦᠨ ᠦ᠌ ᠬᠢ ᠡᠴᠡ ᠬᠣᠴᠣᠷᠴᠤ ᠳᠣᠣᠷ᠎ᠠ ᠣᠷᠣᠬᠤ ᠰᠢᠨᠵᠢ ᠦᠭᠡᠢ ᠶ᠋ᠢ ᠲᠡᠷᠡ ᠮᠡᠳᠡᠭᠡᠳ ᠥᠪᠡᠷ ᠢ᠋ᠶ᠋ᠡᠨ ᠴᠦ᠍ ᠶᠣᠰᠣ ᠠᠯᠳᠠᠬᠤ ᠦᠭᠡᠢ ᠶ᠋ᠢ ᠬᠢᠴᠢᠶᠡᠵᠡᠢ᠃ ᠲᠡᠢᠮᠦ ᠴᠦ᠍ ᠤᠴᠢᠷ ᠠ᠋ᠴᠠ ᠥᠪᠡᠷ ᠦ᠋ᠨ ᠢᠷᠡᠭᠰᠡᠨ ᠬᠡᠷᠡᠭ ᠦ᠋ᠨ ᠤᠴᠢᠷ ᠢ᠋ ᠤᠢᠭᠤᠷ ᠬᠡᠯᠡᠮᠦᠷᠴᠢ ᠪᠡᠷ ᠢ᠋ᠶ᠋ᠡᠨ ᠳᠠᠮᠵᠢᠭᠤᠯᠤᠨ ᠤᠯᠠᠮᠵᠢᠯᠠᠭᠰᠠᠨ ᠳ᠋ᠤ᠌ ᠶᠧᠯᠢᠦᠢ ᠴᠦᠼᠠᠢ ᠠᠯᠠᠭ᠎ᠠ ᠳᠡᠯᠭᠡᠨ ᠥᠪᠡᠷ ᠡᠴᠡ ᠠᠷᠠᠢ ᠳᠣᠣᠷ᠎ᠠ ᠰᠠᠭᠤᠬᠤ ᠶ᠋ᠢ ᠤᠷᠢᠵᠠᠢ᠃ ᠲᠠᠩᠰᠤᠭ ᠽᠠᠨᠳᠠᠨ ᠰᠢᠷᠡᠭᠡ ᠵᠥᠭᠡᠯᠡᠨ ᠣᠯᠪᠣᠭᠲᠤ ᠰᠠᠨᠳᠠᠯᠢ ᠨᠢ ᠦᠵᠡᠲᠡᠯ᠎ᠡ ᠳᠣᠷᠣᠨ᠎ᠠ ᠵᠦᠭ ᠦ᠋ᠨ ᠭᠠᠢᠬᠠᠮᠰᠢᠭᠲᠤ ᠬᠢᠴᠡ ᠲᠡᠢ ᠪᠥᠭᠡᠳ ᠵᠦᠷᠴᠢᠳ ᠦ᠋ᠨ ᠠᠯᠲᠠᠨ ᠤᠯᠤᠰ ᠤ᠋ᠨ ᠬᠠᠭᠠᠨ ᠤ᠋ ᠣᠷᠳᠣᠨ ᠤ᠋ ᠲᠠᠪᠢᠯᠭ᠎ᠠ ᠲᠠᠢ ᠠᠳᠠᠯᠢ ᠰᠠᠨᠠᠭᠳᠠᠵᠠᠢ ᠃ ᠶᠧᠯᠢᠦᠢ ᠴᠦᠼᠠᠢ ᠨᠢᠭᠡ ᠵᠦᠢᠯ ᠬᠡᠯᠡᠭᠰᠡᠨ ᠢ᠋ ᠬᠡᠯᠡᠮᠦᠷᠴᠢ ᠡᠴᠡ ᠰᠣᠨᠣᠰᠪᠠᠯ ᠢᠷᠡᠭᠰᠡᠨ ᠬᠡᠷᠡᠭ ᠦ᠋ᠨ ᠤᠴᠢᠷ ᠢ᠋ ᠴᠢᠩᠭᠢᠰ ᠬᠠᠭᠠᠨ ᠳ᠋ᠤ᠌ ᠠᠢᠯᠠᠳᠬ᠎ᠠ ᠭᠡᠰᠡᠨ ᠠᠵᠢ᠃ ᠶᠧᠯᠢᠦᠢ ᠴᠦᠼᠠᠢ ᠶ᠋ᠢᠨ ᠳᠠᠭᠤᠨ ᠤ᠋ ᠥᠩᠭᠡ ᠬᠡᠳᠦᠢ ᠵᠥᠭᠡᠯᠡᠨ ᠨᠠᠮᠳᠠᠭᠤ ᠴᠤ᠌ ᠡᠮᠦᠨ᠎ᠡ ᠠᠭᠤᠯᠵᠠᠭᠰᠠᠨ ᠳᠣᠭᠣᠯᠠᠩ ᠰᠥᠪᠡᠭᠡᠳᠡᠢ ᠶ᠋ᠢᠨ ᠳᠠᠭᠤ ᠲᠠᠢ ᠠᠳᠠᠯᠢ ᠲᠦᠷᠢᠮᠡᠬᠡᠢ ᠱᠠᠭᠠᠷᠳᠠᠭᠰᠠᠨ ᠠᠶᠠᠰ ᠲᠠᠢ ᠪᠠᠢᠬᠤ ᠶ᠋ᠢ ᠳᠠᠶᠠᠨ ᠮᠡᠳᠡᠷᠡᠵᠦ ᠥᠪᠡᠷ ᠦ᠋ᠨ ᠡᠷᠬᠡ ᠦᠭᠡᠢ ᠪᠣᠰᠴᠤ ᠮᠡᠬᠦᠢᠪᠡ᠃ ᠢᠩᠭᠢᠬᠦ ᠨᠢ ᠬᠡᠳᠦᠢ ᠳᠣᠷᠣᠮᠵᠢᠯᠠᠯ ᠲᠠᠢ ᠴᠤ᠌ ᠲᠥᠷᠥ ᠶ᠋ᠢᠨ ᠶᠣᠰᠣ ᠶ᠋ᠢ ᠳᠠᠭᠠᠬᠤ ᠨᠢ ᠲᠡᠭᠦᠨ ᠦ᠌ ᠡᠭᠦᠷᠭᠡ ᠪᠢᠯᠡ᠃
| ᠮᠠᠨ ᠤ᠋ ᠷᠢᠮ ᠦ᠋ᠨ ᠡᠵᠡᠨᠲᠦ ᠭᠦᠷᠦᠨ ᠪᠣᠯ ᠡᠨᠡ ᠭᠠᠵᠠᠷ ᠤ᠋ᠨ ᠬᠠᠮᠤᠭ ᠤ᠋ᠨ ᠡᠷᠲᠡᠨ ᠦ᠌ ᠠᠭᠤᠤ ᠶᠡᠬᠡ ᠲᠡᠦᠬᠡ ᠲᠡᠢ ᠤᠯᠤᠰ ᠶᠤᠮ᠃ ᠮᠢᠩᠭ᠎ᠠ ᠭᠠᠷᠤᠢ ᠵᠢᠯ ᠦ᠋ᠨ ᠲᠡᠷᠲᠡᠭᠡ᠂ ᠮᠠᠨ ᠤ᠋ ᠷᠢᠮ ᠡᠨᠡ ᠭᠠᠵᠠᠷ ᠢ᠋ ᠪᠦᠬᠦᠯᠢ ᠳ᠋ᠦ᠍ᠨᠢ ᠡᠵᠡᠯᠡᠭᠰᠡᠨ ᠶᠡᠬᠡ ᠭᠦᠷᠦᠨ ᠪᠠᠢᠵᠠᠢ᠃ ᠲᠡᠷᠡ ᠴᠠᠭ ᠲᠤ᠌ ᠲᠠᠨ ᠤ᠋ ᠮᠣᠩᠭᠣᠯᠴᠤᠳ ᠤ᠋ᠨ ᠳᠡᠭᠡᠳᠦ ᠡᠪᠦᠭᠡ ᠾᠦᠩᠨᠦ ᠭᠦᠷᠦᠨ ᠦ᠌ ᠬᠠᠭᠠᠨ ᠠᠲ᠋ᠢᠯᠯᠠ ᠴᠡᠷᠢᠭᠯᠡᠨ ᠨᠡᠭᠦᠵᠦ ᠢᠷᠡᠭᠡᠳ ᠮᠠᠨ ᠤ᠋ ᠷᠢᠮ ᠦ᠋ᠨ ᠡᠵᠡᠨᠲᠦ ᠭᠦᠷᠦᠨ ᠢ᠋ ᠮᠥᠬᠥᠭᠡᠪᠡ ᠭᠡᠵᠦ ᠲᠡᠦᠬᠡ ᠱᠠᠰᠲᠢᠷ ᠲᠤ᠌ ᠲᠡᠮᠳᠡᠭᠯᠡᠵᠡᠢ᠃ ᠭᠡᠪᠡᠴᠦ ᠷᠢᠮ ᠦ᠋ᠨ ᠶᠡᠬᠡ ᠤᠯᠤᠰ ᠠᠲ᠋ᠢᠯᠯᠠ ᠬᠠᠭᠠᠨ ᠤ᠋ ᠬᠦᠴᠦᠨ ᠳ᠋ᠦ᠍ ᠳᠠᠷᠤᠭᠳᠠᠨ ᠰᠥᠨᠥᠭᠰᠡᠨ ᠦᠭᠡᠢ᠃ ᠥᠪᠡᠷᠰᠡᠳ ᠦ᠋ᠨ ᠳᠣᠲᠣᠷ᠎ᠠ ᠪᠠᠨ ᠡᠪ ᠡᠪᠳᠡᠷᠡᠯᠴᠡᠨ ᠡᠷᠬᠡ ᠪᠤᠯᠢᠶᠠᠯᠳᠤᠭᠰᠠᠨ ᠠ᠋ᠴᠠ ᠪᠣᠯᠵᠤ ᠳᠠᠷᠤᠭᠳᠠᠵᠠᠢ᠃ ᠬᠡᠳᠦᠢ ᠲᠡᠢᠮᠦ ᠴᠦ᠍ ᠲᠡᠷᠡ ᠴᠠᠭ ᠾᠦᠩᠨᠦ ᠭᠦᠷᠦᠨ ᠡᠴᠡ ᠵᠥᠪᠬᠡᠨ ᠨᠡᠷ᠎ᠡ ᠯᠡ ᠦᠯᠡᠳᠡᠪᠡ᠃ ᠬᠠᠷᠢᠨ ᠮᠠᠨ ᠤ᠋ ᠤᠯᠤᠰ ᠥᠨᠥ ᠬᠦᠷᠲᠡᠯ᠎ᠡ ᠲᠣᠭᠲᠠᠨᠢᠭᠰᠠᠭᠠᠷ ᠪᠢᠳᠡᠨ ᠢ᠋ ᠠᠪᠤᠷᠠᠭᠴᠢ ᠢᠰᠦᠢᠰ ᠾᠷᠢᠰᠲ᠋ᠣᠰ ᠤ᠋ᠨ ᠠᠷᠢᠭᠤᠨ ᠰᠤᠷᠭᠠᠯ ᠡᠨᠡ ᠭᠠᠵᠠᠷ ᠤ᠋ᠨ ᠪᠦᠬᠦ ᠤᠯᠤᠰ ᠢ᠋ ᠨᠢᠭᠡᠳᠬᠡᠨ ᠢᠪᠡᠭᠡᠨ ᠲᠡᠳᠬᠦᠭᠰᠡᠭᠡᠷ ᠢᠷᠡᠵᠡᠢ᠃ ᠪᠢᠳᠡ ᠬᠡᠯᠡ ᠤᠭᠰᠠᠭ᠎ᠠ ᠶᠠᠮᠠᠷ ᠴᠤ᠌ ᠪᠠᠢᠭᠰᠠᠨ ᠶᠢᠷᠲᠢᠨᠴᠦ ᠶ᠋ᠢᠨ ᠡᠵᠡᠨ ᠦ᠌ ᠭᠡᠭᠡᠨ ᠰᠤᠷᠭᠠᠯ᠂ ᠬᠡᠮᠵᠢᠶᠡᠯᠡᠰᠢ ᠦᠭᠡᠢ ᠠᠪᠤᠷᠠᠯ ᠤ᠋ᠨ ᠳᠣᠣᠷ᠎ᠠ ᠠᠮᠢᠳᠤᠷᠠᠨ ᠰᠠᠭᠤᠬᠤ ᠶᠣᠰᠣᠲᠠᠢ ᠶᠤᠮ᠃ ᠮᠠᠨ ᠤ᠋ ᠶᠡᠬᠡ ᠯᠠᠮᠠᠲᠠᠨ ᠲᠠ ᠨᠠᠷ ᠢ᠋ ᠴᠦ᠍ ᠮᠥᠨ ᠠᠳᠠᠯᠢ ᠶᠢᠷᠲᠢᠨᠴᠦ ᠶ᠋ᠢᠨ ᠡᠵᠡᠨ ᠦ᠌ ᠠᠪᠤᠷᠠᠯ ᠳ᠋ᠤ᠌ ᠪᠠᠭᠲᠠᠭᠠᠰᠠᠢ ᠭᠡᠵᠦ ᠬᠦᠰᠡᠬᠦ ᠲᠤᠯᠠ ᠨᠠᠮᠠᠶ᠋ᠢ ᠡᠯᠴᠢ ᠪᠣᠯᠭᠠᠨ ᠢᠯᠡᠭᠡᠯ᠎ᠡ᠃ ᠲᠠᠨ ᠤ᠋ ᠲᠠᠯ᠎ᠠ ᠨᠤᠲᠤᠭ ᠤ᠋ᠨ ᠬᠡᠷᠡᠢᠳ ᠠᠢᠮᠠᠭ ᠢᠰᠦᠢᠰ ᠦ᠋ᠨ ᠠᠷᠢᠭᠤᠨ ᠰᠤᠷᠭᠠᠯ ᠢ᠋ ᠳᠠᠭᠠᠵᠤ ᠶᠢᠷᠲᠢᠨᠴᠦ ᠶ᠋ᠢᠨ ᠡᠵᠡᠨ ᠦ᠌ ᠢᠪᠡᠭᠡᠯ ᠳ᠋ᠦ᠍ ᠪᠠᠭᠲᠠᠵᠤ ᠪᠠᠢᠭᠰᠠᠨ ᠢ᠋ ᠪᠢ ᠲᠠ ᠪᠦᠬᠦᠨ ᠳ᠋ᠦ᠍ ᠰᠠᠨᠠᠭᠤᠯᠵᠤ ᠪᠠᠢᠨ᠎ᠠ ᠭᠡᠵᠦ ᠲᠠᠶᠠᠨ ᠳᠠᠪᠠᠯᠠᠭᠤᠨ ᠬᠡᠯᠡᠭᠡᠳ ᠬᠡᠯᠡᠮᠦᠷᠴᠢ ᠪᠡᠨ ᠬᠠᠷᠠᠵᠠᠢ᠃ ᠡᠨᠡ ᠪᠣᠯ ᠲᠡᠭᠦᠨ ᠦ᠌ ᠬᠡᠯᠡᠬᠦ ᠦᠭᠡ ᠶ᠋ᠢᠨ ᠣᠷᠣᠰᠢᠯ ᠪᠠᠢᠪᠠ᠃ ᠬᠡᠯᠡᠮᠦᠷᠴᠢ ᠲᠡᠭᠦᠨ ᠦ᠌ ᠰᠠᠶᠢ ᠬᠡᠯᠡᠭᠰᠡᠨ ᠢ᠋ ᠳᠠᠮᠵᠢᠭᠤᠯᠤᠭᠰᠠᠨ ᠤ᠋ ᠬᠣᠢᠨ᠎ᠠ ᠴᠠᠴᠠᠷ ᠲᠤ᠌ ᠬᠡᠰᠡᠭ ᠵᠠᠭᠤᠷ᠎ᠠ ᠨᠠᠮ ᠭᠦᠮ ᠪᠣᠯᠪᠠ᠃ ᠠᠩᠬ᠎ᠠ ᠤᠳᠠᠭ᠎ᠠ ᠴᠢᠩᠭᠢᠰ ᠬᠠᠭᠠᠨ ᠤ᠋ ᠦᠭᠡ ᠶ᠋ᠢ ᠰᠣᠨᠣᠰᠴᠤ ᠤᠬᠠᠭᠠᠨ ᠢ᠋ ᠮᠡᠳᠡᠬᠦ ᠴᠠᠭ ᠢᠷᠡᠯ᠎ᠡ᠃ ᠨᠡᠭᠦᠳᠡᠯᠴᠢᠳ ᠦ᠋ᠨ ᠬᠠᠭᠠᠨ ᠲᠡᠮᠦᠵᠢᠨ ᠭᠡᠭᠴᠢ ᠡᠨᠡ ᠬᠥᠮᠦᠨ ᠴᠣᠬᠣᠮ ᠶᠠᠮᠠᠷ ᠰᠢᠤᠬᠠᠨ ᠤᠬᠠᠭᠠᠨ ᠰᠠᠨᠠᠭ᠎ᠠ ᠲᠠᠢ ᠡᠷ᠎ᠡ ᠪᠣᠯ ᠭᠡᠬᠦ ᠡᠴᠡ ᠳᠠᠶᠠᠨ ᠲᠡᠰᠴᠦ ᠶᠠᠳᠠᠪᠠ᠃ ᠬᠥᠮᠦᠨ ᠦ᠌ ᠡᠬᠢᠯᠡᠨ ᠬᠡᠯᠡᠭᠰᠡᠨ ᠬᠡᠳᠦᠨ ᠦᠭᠡᠨ ᠡᠴᠡ ᠤᠬᠠᠭᠠᠨ ᠰᠠᠨᠠᠭᠠᠨ ᠤ᠋ ᠬᠢᠨᠢ ᠬᠢᠷᠢ ᠬᠡᠮᠵᠢᠶ᠎ᠡ ᠶ᠋ᠢ ᠮᠡᠳᠡᠵᠦ ᠴᠢᠳᠠᠳᠠᠭ ᠲᠠᠭᠠᠨ ᠲᠡᠷᠡ ᠪᠡᠷ ᠲᠤᠢᠯ ᠤ᠋ᠨ ᠶᠡᠬᠡ ᠪᠡᠷ ᠪᠠᠬᠠᠷᠬᠠᠨ ᠪᠠᠷᠳᠠᠮᠨᠠᠳᠠᠭ ᠪᠥᠭᠡᠳ ᠢᠩᠭᠢᠵᠦ ᠰᠢᠨᠵᠢᠬᠦ ᠳ᠋ᠡᠭᠡᠨ ᠬᠡᠵᠢᠶ᠎ᠡ ᠴᠦ᠍ ᠠᠯᠳᠠᠵᠤ ᠪᠠᠢᠭᠰᠠᠨ ᠦᠭᠡᠢ ᠭᠡᠵᠦ ᠥᠪᠡᠷ ᠢ᠋ ᠪᠡᠨ ᠲᠥᠪᠥᠢᠯᠭᠡᠳᠡᠭ ᠪᠢᠯᠡ᠃ ᠲᠡᠢᠮᠦ ᠤᠴᠢᠷ ᠠ᠋ᠴᠠ ᠡᠨᠡ ᠪᠦᠳᠦᠭᠦᠯᠢᠭ ᠵᠡᠷᠯᠢᠭ ᠨᠡᠭᠦᠳᠡᠯᠴᠢᠳ ᠦ᠋ᠨ ᠬᠠᠭᠠᠨ ᠢ᠋ ᠶᠠᠮᠠᠷ ᠬᠥᠮᠦᠨ ᠪᠣᠯᠬᠤ ᠶ᠋ᠢ ᠮᠡᠳᠡᠬᠦ ᠭᠡᠵᠦ ᠶᠠᠭᠠᠷᠠᠵᠠᠢ᠃ ᠭᠡᠲᠡᠯ᠎ᠡ ᠪᠦᠬᠦ ᠶᠠᠭᠤᠮ᠎ᠠ ᠲᠡᠭᠦᠨ ᠦ᠌ ᠰᠠᠨᠠᠭᠰᠠᠨ ᠢ᠋ᠶ᠋ᠠᠷ ᠪᠣᠯᠤᠭᠰᠠᠨ ᠦᠭᠡᠢ᠃ ᠲᠡᠭᠦᠨ ᠦ᠌ ᠦᠭᠡ ᠶ᠋ᠢ ᠬᠡᠯᠡᠮᠦᠷᠴᠢ ᠶ᠋ᠢᠨ ᠳᠠᠮᠵᠢᠭᠤᠯᠤᠭᠰᠠᠨ ᠤ᠋ ᠬᠣᠢᠨ᠎ᠠ ᠴᠢᠩᠭᠢᠰ ᠬᠠᠭᠠᠨ ᠤ᠋ ᠵᠡᠭᠦᠨ ᠲᠠᠯ᠎ᠠ ᠳ᠋ᠤ᠌ ᠰᠠᠭᠤᠭᠴᠢ ᠭᠡᠨᠡᠳᠲᠡ ᠳᠤᠤᠭᠠᠷᠤᠭᠰᠠᠨ ᠨᠢ ᠠᠷᠰᠯᠠᠨ ᠠᠷᠬᠢᠷᠠᠬᠤ ᠮᠡᠲᠦ ᠰᠣᠨᠣᠰᠤᠭᠳᠠᠭᠰᠠᠨ ᠳ᠋ᠤ᠌ ᠰᠠᠶᠢ ᠯᠠ ᠲᠡᠭᠦᠨ ᠢ᠋ ᠰᠠᠢᠲᠤᠷ ᠠᠩᠬᠠᠷᠤᠨ ᠬᠠᠷᠠᠵᠠᠢ᠃ ᠡᠨᠡ ᠪᠣᠯ ᠪᠤᠭᠤᠷᠴᠢ ᠪᠠᠢᠪᠠ᠃ ᠲᠠᠶᠠᠨ ᠤ᠋ ᠨᠢᠳᠦᠨ ᠳ᠋ᠦ᠍ ᠡᠨᠡ ᠨᠢᠮᠭᠡᠨ ᠳᠡᠪᠡᠯ ᠲᠡᠢ᠂ ᠦᠷᠴᠢᠯᠡᠭᠡᠲᠦ ᠴᠢᠷᠠᠢ ᠲᠠᠢ ᠡᠷ᠎ᠡ ᠶ᠋ᠢᠨ ᠵᠡᠭᠦᠨ ᠴᠢᠬᠢᠨ ᠦ᠌ ᠣᠮᠣᠭ ᠠ᠋ᠴᠠ ᠳᠣᠣᠭᠤᠷ ᠵᠤᠷᠠᠢᠬᠤ ᠭᠦᠨᠵᠡᠭᠡᠢ ᠤᠯᠠᠭᠠᠨ ᠰᠣᠷᠪᠢ ᠬᠠᠮᠤᠭ ᠤ᠋ᠨ ᠲᠦᠷᠦᠭᠦᠨ ᠳ᠋ᠦ᠍ ᠲᠤᠰᠴᠠᠢ᠃ ᠲᠠᠶᠠᠨ ᠲᠡᠭᠦᠨ ᠢ᠋ ᠲᠠᠨᠢᠪᠠ᠃ ᠲᠠᠶᠠᠨ ᠪᠣᠯ ᠦᠵᠡᠭᠰᠡᠨ ᠬᠠᠷᠠᠭᠰᠠᠨ ᠢ᠋ᠶ᠋ᠠᠨ ᠬᠡᠵᠢᠶ᠎ᠡ ᠴᠦ᠍ ᠠᠨᠳᠠᠭᠤᠷᠠᠵᠤ ᠮᠠᠷᠲᠠᠳᠠᠭ ᠦᠭᠡᠢ ᠭᠠᠷᠭᠠᠭᠤᠳ ᠣᠢ ᠲᠠᠢ ᠬᠥᠮᠦᠨ ᠪᠢᠯᠡ᠃ ᠲᠡᠷᠡ ᠠᠨᠳᠠᠭᠤᠷᠠᠭᠰᠠᠨ ᠦᠭᠡᠢ᠂ ᠣᠳᠣ ᠲᠡᠷᠡ ᠬᠥᠮᠦᠨ ᠦ᠌ ᠨᠢᠳᠦ ᠬᠥᠮᠥᠰᠬᠡ ᠨᠢ ᠴᠦ᠍ ᠰᠡᠳᠬᠢᠯ ᠳ᠋ᠦ᠍ ᠲᠣᠳᠣᠷᠠᠨ ᠪᠠᠭᠤᠪᠠ᠃ ᠴᠢᠩᠭᠢᠰ ᠬᠠᠭᠠᠨ ᠤ᠋ ᠰᠢᠳᠠᠷ ᠰᠠᠢᠳ ᠪᠤᠭᠤᠷᠴᠢ ᠭᠡᠭᠴᠢ ᠡᠨᠡ ᠡᠷ᠎ᠡ ᠣᠯᠠᠨ ᠵᠢᠯ ᠦ᠋ᠨ ᠡᠮᠦᠨ᠎ᠡ ᠲᠠᠩᠭᠤᠳ ᠤᠯᠤᠰ ᠤ᠋ᠨ ᠠᠰᠢᠭ ᠪᠠᠯᠭᠠᠰᠤᠨ ᠤ᠋ ᠣᠢᠷ᠎ᠠ ᠠᠩᠬ᠎ᠠ ᠤᠴᠠᠷᠠᠭᠰᠠᠨ ᠲᠡᠷᠡ ᠬᠥᠮᠦᠨ ᠮᠥᠨ ᠮᠡᠲᠦ ᠭᠡᠨᠡᠳᠲᠡ ᠰᠠᠨᠠᠭᠳᠠᠬᠤ ᠳ᠋ᠤ᠌ ᠠᠶᠤᠬᠤ ᠭᠠᠢᠬᠠᠬᠤ ᠵᠡᠷᠭᠡᠴᠡᠵᠡᠢ᠃ ᠭᠡᠪᠡᠴᠦ ᠣᠳᠣ ᠡᠷᠲᠡᠨ ᠦ᠌ ᠲᠡᠷᠡ ᠳᠤᠷᠠᠰᠤᠮᠵᠢ ᠳ᠋ᠤ᠌ ᠠᠪᠲᠠᠨ ᠰᠠᠭᠤᠬᠤ ᠬᠣᠷᠣᠮ ᠳᠠᠩᠴᠤ ᠪᠠᠢᠭᠰᠠᠨ ᠦᠭᠡᠢ᠃ ᠤᠢᠭᠤᠷ ᠬᠡᠯᠡᠮᠦᠷᠴᠢ ᠪᠤᠭᠤᠷᠴᠢ ᠶ᠋ᠢᠨ ᠬᠡᠯᠡᠭᠰᠡᠨ ᠢ᠋ ᠣᠷᠴᠢᠭᠤᠯᠵᠠᠢ᠃
| ᠴᠢᠨᠦ ᠲᠡᠷᠡ ᠶᠢᠷᠲᠢᠨᠴᠦ ᠶ᠋ᠢᠨ ᠡᠵᠡᠨ ᠭᠡᠭᠴᠢ ᠴᠢᠨᠢ ᠬᠡᠨ ᠪᠣᠢ? ᠲᠠᠨ ᠤ᠋ ᠤᠯᠤᠰ ᠤ᠋ᠨ ᠬᠠᠭᠠᠨ ᠶᠤᠮ ᠤᠤ? ᠲᠡᠷᠡ ᠶᠠᠭᠤᠨ ᠤ᠋ ᠶᠡᠬᠡ ᠨᠡᠷᠡᠲᠡᠢ ᠶᠦᠮ ᠪᠣᠢ?
ᠤᠯᠠᠭᠠᠨ ᠰᠣᠷᠪᠢᠲᠤ ᠶ᠋ᠢᠨ ᠠᠷᠬᠢᠷᠠᠬᠤ ᠮᠡᠲᠦ ᠳᠤᠤᠭᠠᠷᠤᠭᠰᠠᠨ ᠨᠢ ᠢᠩᠭᠢᠵᠦ ᠠᠰᠠᠭᠤᠭᠰᠠᠨ ᠬᠡᠷᠡᠭ ᠪᠠᠢᠵᠠᠢ᠃ 《ᠪᠢ ᠵᠡᠭᠦᠳᠦᠯᠡᠵᠦ ᠪᠠᠢᠭ᠎ᠠ ᠪᠢᠰᠢ ᠪᠢᠵᠡ》 ᠭᠡᠵᠦ ᠲᠠᠶᠠᠨ ᠪᠣᠳᠣᠵᠤ ᠪᠠᠢᠭᠰᠠᠨ ᠴᠤ᠌ ᠪᠤᠭᠤᠷᠴᠢ ᠶ᠋ᠢᠨ ᠠᠰᠠᠭᠤᠯᠲᠠ ᠳᠡᠩᠳᠡᠭᠦᠦ ᠭᠡᠨᠡᠳᠲᠡ ᠶ᠋ᠢᠨ᠂ ᠪᠠᠰᠠ ᠳᠡᠩᠳᠡᠭᠦᠦ ᠪᠣᠯᠬᠢ ᠰᠢᠯᠤᠭᠤᠨ ᠪᠠᠢᠭᠰᠠᠨ ᠨᠢ ᠲᠡᠭᠦᠨ ᠢ᠋ ᠰᠠᠨᠳᠤᠷᠭᠠᠪᠠ᠃ ᠡᠨᠡ ᠪᠣᠯ ᠵᠡᠷᠯᠢᠭ ᠨᠡᠭᠦᠳᠡᠯᠴᠢᠨ ᠯᠡ ᠠᠰᠠᠭᠤᠵᠤ ᠪᠣᠯᠬᠤ ᠦᠭᠡ ᠪᠠᠢᠯ᠎ᠠ᠃ 《ᠲᠠ ᠨᠠᠷ ᠶᠢᠷᠲᠢᠨᠴᠦ ᠶ᠋ᠢᠨ ᠡᠵᠡᠨ ᠢ᠋ ᠮᠡᠳᠡᠬᠦ ᠦᠭᠡᠢ ᠬᠠᠮᠢᠭ᠎ᠠ ᠶᠠᠪᠤᠭᠰᠠᠨ ᠤᠯᠤᠰ ᠪᠣᠢ》 ᠭᠡᠵᠦ ᠰᠦᠷᠭᠦᠯᠡᠨ ᠠᠰᠠᠭᠤᠮᠠᠷ ᠪᠠᠢᠭᠰᠠᠨ ᠴᠤ᠌ ᠲᠡᠪᠴᠢᠪᠡ᠃ ᠡᠢᠮᠦ ᠪᠦᠳᠦᠭᠦᠯᠢᠭ᠂ ᠡᠢᠮᠦ ᠢᠴᠢᠭᠦᠷᠢ ᠰᠤᠨᠵᠢᠭᠤᠷᠢ ᠦᠭᠡᠢ᠂ ᠠᠶᠤᠮᠰᠢᠭ ᠦᠭᠡᠢ ᠠᠰᠠᠭᠤᠯᠲᠠ ᠲᠠᠶᠠᠨ ᠡᠮᠦᠨ᠎ᠡ ᠨᠢ ᠰᠣᠨᠣᠰᠴᠤ ᠪᠠᠢᠭᠰᠠᠨ ᠦᠭᠡᠢ᠃ ᠪᠠᠰᠠ ᠲᠠᠯ᠎ᠠ ᠶ᠋ᠢᠨ ᠨᠡᠭᠦᠳᠡᠯᠴᠢᠳ ᠲᠡᠢ ᠪᠤᠷᠤᠭᠤ ᠶᠠᠷᠢᠵᠤ ᠡᠬᠢᠯᠡᠭᠰᠡᠨ ᠢ᠋ᠶ᠋ᠡᠨ ᠴᠦ᠍ ᠣᠢᠯᠠᠭᠠᠪᠠ᠃ ᠮᠣᠩᠭᠣᠯᠴᠤᠳ᠂ ᠬᠢᠲᠠᠳ ᠤ᠋ᠳ ᠲᠠᠢ ᠠᠳᠠᠯᠢ ᠮᠡᠳᠡᠮᠡᠬᠡᠢ ᠨᠡᠷᠡᠯᠬᠡᠦ ᠪᠢᠰᠢ ᠪᠣᠯᠬᠤ ᠶ᠋ᠢ ᠤᠬᠠᠭᠠᠷᠠᠪᠠ᠃ ᠲᠡᠭᠡᠭᠡᠳ ᠪᠤᠭᠤᠷᠴᠢ ᠳ᠋ᠤ᠌ ᠶᠢᠷᠲᠢᠨᠴᠦ ᠶ᠋ᠢᠨ ᠡᠵᠡᠨ ᠭᠡᠵᠦ ᠬᠡᠨ ᠪᠣᠯᠬᠤ ᠶ᠋ᠢ ᠣᠢᠯᠠᠭᠠᠭᠤᠯᠬᠤ ᠭᠡᠵᠦ ᠪᠣᠳᠣᠯᠬᠢᠯᠠᠪᠠ᠃ ᠲᠡᠷᠡ ᠬᠡᠵᠢᠶ᠎ᠡ ᠴᠦ᠍ ᠡᠢᠮᠦ ᠭᠡᠨᠡᠳᠲᠡ ᠶ᠋ᠢᠨ ᠬᠡᠴᠡᠭᠦᠦ ᠠᠰᠠᠭᠤᠯᠲᠠ ᠳ᠋ᠤ᠌ ᠬᠠᠷᠢᠭᠤᠯᠵᠤ ᠪᠠᠢᠭᠰᠠᠨ ᠦᠭᠡᠢ ᠮᠡᠲᠦ ᠰᠠᠨᠠᠭᠳᠠᠵᠠᠢ᠃ ᠶᠡᠷᠦ ᠨᠢ ᠶᠢᠷᠲᠢᠨᠴᠦ ᠶ᠋ᠢᠨ ᠡᠵᠡᠨ ᠭᠡᠵᠦ ᠬᠡᠨ ᠪᠣᠢ ᠭᠡᠵᠦ ᠲᠡᠷᠡ ᠥᠪᠡᠷ ᠡᠴᠡ ᠪᠡᠨ ᠴᠦ᠍ ᠠᠰᠠᠭᠤᠵᠤ ᠪᠠᠢᠭᠰᠠᠨ ᠦᠭᠡᠢ᠃
| ᠶᠢᠷᠲᠢᠨᠴᠦ ᠶ᠋ᠢᠨ ᠡᠵᠡᠨ ᠢᠰᠦᠢᠰ ᠾᠷᠢᠰᠲ᠋ᠣᠰ ᠪᠣᠯ ᠭᠡᠵᠦ ᠲᠠᠶᠠᠨ ᠰᠦᠮ᠎ᠡ ᠳ᠋ᠦ᠍ ᠴᠤᠭᠯᠠᠭᠰᠠᠨ ᠰᠦᠰᠦᠭᠲᠡᠨ ᠨᠦ᠍ᠭᠦᠳ ᠦ᠋ᠨ ᠡᠮᠦᠨ᠎ᠡ ᠬᠡᠯᠡᠳᠡᠭ ᠦᠭᠡ ᠪᠡᠨ ᠬᠡᠯᠡᠬᠦ ᠭᠡᠲᠡᠯ᠎ᠡ ᠪᠤᠭᠤᠷᠴᠢ ᠲᠡᠭᠦᠨ ᠦ᠌ ᠦᠭᠡ ᠶ᠋ᠢ ᠲᠠᠰᠤᠯᠤᠨ ᠳᠠᠬᠢᠨ ᠠᠷᠬᠢᠷᠠᠪᠠ᠃ ᠤᠢᠭᠤᠷ ᠬᠡᠯᠡᠮᠦᠷᠴᠢ ᠳᠠᠷᠤᠢ ᠣᠷᠴᠢᠭᠤᠯᠵᠠᠢ᠃
| ᠴᠢ ᠶᠢᠷᠲᠢᠨᠴᠦ ᠶ᠋ᠢᠨ ᠡᠵᠡᠨ ᠭᠡᠵᠦ ᠶᠠᠭᠤᠨ ᠳᠡᠮᠡᠢ ᠦᠭᠡ ᠪᠠᠢᠨ ᠪᠠᠢᠨ ᠴᠠᠯᠴᠢᠨᠠ ᠪᠣᠢ? ᠡᠨᠡ ᠶᠢᠷᠲᠢᠨᠴᠦ ᠳ᠋ᠦ᠍ ᠭᠠᠭᠴᠠᠬᠠᠨ ᠡᠵᠡᠨ ᠪᠠᠢᠬᠤ ᠶᠣᠰᠣᠲᠠᠢ ᠶᠤᠮ᠃ ᠣᠳᠣ ᠴᠢ ᠶᠢᠷᠲᠢᠨᠴᠦ ᠶ᠋ᠢᠨ ᠡᠵᠡᠨ ᠶᠡᠬᠡ ᠴᠢᠩᠭᠢᠰ ᠬᠠᠭᠠᠨ ᠤ᠋ ᠡᠮᠦᠨ᠎ᠡ ᠵᠣᠭᠰᠣᠵᠤ ᠪᠠᠢᠨ᠎ᠠ᠃ ᠬᠡᠷᠪᠡ ᠴᠢ ᠶᠡᠬᠡ ᠴᠢᠩᠭᠢᠰ ᠬᠠᠭᠠᠨ ᠠ᠋ᠴᠠ ᠥᠭᠡᠷ᠎ᠡ ᠶᠢᠷᠲᠢᠨᠴᠦ ᠶ᠋ᠢᠨ ᠡᠵᠡᠨ ᠭᠡᠵᠦ ᠥᠪᠡᠷ ᠢ᠋ ᠪᠡᠨ ᠲᠣᠭᠠᠴᠠᠭᠴᠢ ᠪᠠᠢᠭ᠎ᠠ ᠶ᠋ᠢ ᠮᠡᠳᠡᠬᠦ ᠠᠪᠠᠰᠤ ᠲᠡᠭᠦᠨ ᠢ᠋ ᠪᠡᠨ ᠪᠢᠳᠡᠨ ᠳ᠋ᠦ᠍ ᠵᠢᠭᠠᠵᠤ ᠦᠭᠭᠦᠭᠲᠦᠨ᠃ ᠪᠢᠳᠡ ᠳᠠᠷᠤᠢ ᠣᠴᠢᠵᠤ ᠡᠷᠡᠭᠴᠢᠨ ᠡᠮᠡᠭᠴᠢᠨ ᠢ᠋ᠶ᠋ᠡᠨ ᠦᠵᠡᠯᠴᠡᠶ᠎ᠡ᠃ ᠴᠢᠨᠦ ᠲᠡᠷᠡ ᠡᠵᠡᠨ ᠯᠠᠪ ᠡᠭᠦᠨ ᠢ᠋ ᠬᠦᠰᠡᠵᠦ ᠴᠢᠮᠠᠶ᠋ᠢ ᠶᠠᠪᠤᠭᠤᠯᠤᠭᠰᠠᠨ ᠪᠢᠵᠡ᠃ ᠬᠠᠷᠢᠨ ᠡᠯᠴᠢ ᠪᠡᠨ ᠢᠯᠡᠭᠡᠵᠦ ᠨᠠᠢᠷᠠᠮᠳᠠᠶ᠎ᠠ ᠭᠡᠰᠡᠨ ᠢ᠋ ᠦᠵᠡᠬᠦ ᠳ᠋ᠦ᠍ ᠶᠠᠯᠢᠮ ᠦᠭᠡᠢ ᠠᠮᠢᠲᠠᠨ ᠪᠣᠯᠤᠯᠲᠠᠢ᠃ ᠭᠡᠪᠡᠴᠦ ᠰᠠᠢᠬᠠᠨ ᠰᠡᠳᠬᠢᠯ ᠢ᠋ᠶ᠋ᠡᠷ ᠡᠯᠴᠢ ᠢᠯᠡᠭᠡᠭᠰᠡᠨ ᠠᠪᠠᠰᠤ ᠪᠢᠳᠡ ᠡᠨᠳᠡ ᠦᠵᠡᠬᠦ ᠶᠠᠪᠤᠳᠠᠯ ᠦᠭᠡᠢ᠃ ᠬᠠᠷᠢᠨ ᠲᠠᠨ ᠤ᠋ ᠤᠯᠤᠰ ᠬᠦᠷᠲᠡᠯ᠎ᠡ ᠡᠨᠳᠡ ᠡᠴᠡ ᠬᠡᠳᠦᠢ ᠬᠣᠯᠠ ᠪᠠᠢᠨ᠎ᠠ?
ᠪᠤᠭᠤᠷᠴᠢ ᠶᠠᠭ ᠥᠨᠥ ᠳᠣᠭᠣᠯᠠᠩ ᠰᠦᠪᠡᠭᠡᠳᠡᠢ ᠶ᠋ᠢᠨ ᠠᠳᠠᠯᠢ ᠦᠭᠡ ᠬᠡᠯᠡᠭᠰᠡᠨ ᠢ᠋ ᠲᠠᠶᠠᠨ ᠰᠣᠨᠣᠰᠤᠭᠠᠳ ᠡᠨᠡ ᠬᠣᠯᠠ ᠭᠠᠵᠠᠷ ᠪᠡᠶ᠎ᠡ᠂ ᠮᠣᠷᠢ ᠪᠠᠨ ᠵᠣᠪᠠᠭᠠᠨ ᠳᠡᠮᠡᠢ ᠢᠷᠡᠵᠡᠢ ᠭᠡᠵᠦ ᠣᠢᠯᠠᠭᠠᠪᠠ᠃ ᠮᠣᠩᠭᠣᠯᠴᠤᠳ ᠦᠭᠡᠰᠡᠨ ᠨᠢᠭᠡᠳᠦᠭᠰᠡᠨ ᠮᠡᠲᠦ ᠨᠢᠭᠡ ᠵᠦᠢᠯ ᠢ᠋ ᠬᠠᠲᠠᠭᠤ ᠱᠠᠭᠠᠷᠳᠠᠭᠰᠠᠨ ᠨᠢ ᠪᠦᠬᠦ ᠭᠠᠵᠠᠷ ᠢ᠋ ᠨᠢᠭᠡᠳᠬᠡᠨ ᠵᠠᠬᠢᠷᠬᠤ ᠶᠠᠪᠤᠳᠠᠯ ᠡᠳᠡᠨ ᠦ᠌ ᠭᠠᠭᠴᠠ ᠪᠣᠳᠣᠯᠭ᠎ᠠ ᠪᠣᠯᠬᠤ ᠶ᠋ᠢ ᠭᠡᠷᠡᠴᠢᠯᠡᠨ᠎ᠡ᠃ ᠳᠣᠭᠣᠯᠠᠩ ᠰᠦᠪᠡᠭᠡᠳᠡᠢ ᠥᠪᠡᠷ ᠦ᠋ᠨ ᠵᠣᠷᠢᠭ ᠢ᠋ᠶ᠋ᠠᠷ ᠳᠡᠮᠡᠢ ᠴᠠᠯᠴᠢᠭᠠ ᠦᠭᠡᠢ ᠶ᠋ᠢ ᠮᠡᠳᠡᠭᠡᠳ ᠡᠳᠡᠭᠡᠷ ᠨᠡᠭᠦᠳᠡᠯᠴᠢᠳ ᠡᠢᠮᠦ ᠬᠣᠯᠠ ᠶ᠋ᠢᠨ ᠬᠠᠲᠠᠭᠤ ᠵᠣᠷᠢᠯᠭ᠎ᠠ ᠲᠠᠢ ᠳ᠋ᠤ᠌ ᠶᠡᠬᠡᠳᠡ ᠭᠠᠢᠬᠠᠵᠠᠢ᠃ ᠲᠠᠯ᠎ᠠ ᠶ᠋ᠢᠨ ᠵᠡᠷᠯᠢᠭ ᠮᠣᠩᠭᠣᠯᠴᠤᠳ ᠢ᠋ ᠱᠠᠰᠢᠨ ᠰᠤᠷᠲᠠᠯ ᠳ᠋ᠠᠭᠠᠨ ᠳᠠᠭᠠᠭᠤᠯᠤᠨ ᠠᠪᠬᠤ ᠭᠡᠰᠡᠨ ᠶᠡᠬᠡ ᠯᠠᠮᠠᠲᠠᠨ ᠤ᠋ ᠵᠠᠷᠯᠢᠭ ᠬᠠᠳᠠ ᠮᠥᠷᠭᠥᠨ ᠪᠤᠲᠠᠷᠠᠬᠤ ᠲᠠᠩᠭᠢᠰ ᠤ᠋ᠨ ᠤᠰᠤ ᠠᠳᠠᠯᠢ ᠪᠤᠲᠠᠷᠠᠨ ᠰᠠᠷᠨᠢᠬᠤ ᠶ᠋ᠢ ᠲᠡᠷᠡ ᠥᠪᠡᠷ ᠢ᠋ᠶ᠋ᠡᠨ ᠦᠵᠡᠪᠡ᠃ ᠡᠳᠡᠨ ᠲᠡᠢ ᠢᠯᠡᠭᠦᠦ ᠦᠭᠡ ᠶᠠᠷᠢᠵᠤ ᠰᠥᠷᠭᠦᠯᠳᠦᠬᠦ ᠨᠢ ᠬᠠᠷᠢᠨ ᠴᠤ᠌ ᠲᠡᠳᠡᠨ ᠳ᠋ᠦ᠍ ᠷᠢᠮ ᠢ᠋ ᠳᠣᠪᠲᠣᠯᠬᠤ ᠰᠠᠨᠠᠭ᠎ᠠ ᠶ᠋ᠢ ᠲᠥᠷᠥᠭᠦᠯᠬᠦ ᠠᠶᠤᠯᠲᠠᠢ ᠪᠣᠯᠬᠤ ᠶ᠋ᠢ ᠳᠠᠶᠠᠨ ᠣᠢᠯᠠᠭᠠᠪᠠ᠃ ᠪᠤᠭᠤᠷᠴᠢ ᠶ᠋ᠢᠨ ᠢᠯᠡ ᠰᠢᠯᠤᠭᠤᠨ ᠦᠭᠡᠨ ᠳ᠋ᠦ᠍ ᠡᠰᠡᠷᠭᠦᠴᠡᠬᠦ ᠪᠤᠶᠤ ᠲᠠᠢᠯᠪᠤᠷᠢᠯᠠᠬᠤ ᠬᠠᠷᠢᠭᠤ ᠥᠭᠬᠦ ᠶᠠᠮᠠᠷ ᠴᠤ᠌ ᠪᠣᠯᠤᠮᠵᠢ ᠲᠡᠭᠦᠨ ᠳ᠋ᠦ᠍ ᠦᠯᠡᠳᠡᠭᠰᠡᠨ ᠦᠭᠡᠢ᠃ ᠣᠳᠣ ᠲᠡᠭᠦᠨ ᠳ᠋ᠦ᠍ ᠵᠥᠪᠬᠡᠨ ᠡᠯᠴᠢ ᠶ᠋ᠢᠨ ᠨᠡᠷ᠎ᠡ ᠳᠣᠣᠷ᠎ᠠ ᠥᠪᠡᠷ ᠢ᠋ ᠪᠡᠨ ᠬᠠᠮᠠᠭᠠᠯᠠᠨ ᠠᠪᠴᠤ ᠭᠠᠷᠬᠤ ᠶ᠋ᠢᠨ ᠲᠤᠯᠠᠳᠠ ᠢᠨᠢᠶᠡᠵᠦ ᠪᠥᠬᠥᠯᠵᠡᠬᠦ ᠡᠴᠡ ᠥᠭᠡᠷ᠎ᠡ ᠵᠠᠮ ᠦᠭᠡᠢ ᠪᠣᠯᠵᠠᠢ᠃
ᠬᠠᠷᠢᠨ ᠡᠨᠡ ᠪᠡᠷᠬᠡ ᠪᠠᠢᠳᠠᠯ ᠠ᠋ᠴᠠ ᠲᠡᠭᠦᠨ ᠢ᠋ ᠴᠢᠩᠭᠢᠰ ᠬᠠᠭᠠᠨ ᠥᠪᠡᠷ ᠢ᠋ᠶ᠋ᠡᠨ ᠠᠪᠤᠷᠠᠭᠰᠠᠨ ᠨᠢ ᠭᠠᠢᠬᠠᠯᠲᠠᠢ ᠬᠡᠷᠡᠭ ᠪᠣᠯᠤᠯ᠎ᠠ᠃ ᠪᠤᠭᠤᠷᠴᠢ ᠭᠡᠭᠴᠢ ᠮᠤᠩᠬᠠᠭ ᠠᠮᠢᠲᠠᠨ ᠵᠥᠪᠬᠡᠨ ᠥᠪᠡᠷ ᠦ᠋ᠨ ᠢ᠋ᠶ᠋ᠡᠨ ᠪᠣᠳᠣᠭᠰᠠᠨ ᠢ᠋ ᠬᠡᠯᠡᠭᠰᠡᠨ ᠠᠵᠢ᠃ ᠳᠠᠶᠠᠨ ᠳᠠᠬᠢᠨ ᠠᠮᠢᠰᠬᠤᠭ᠎ᠠ ᠠᠪᠤᠨ ᠲᠠᠢᠳᠬᠤᠷᠠᠪᠠ᠃ ᠱᠠᠰᠢᠨ ᠨᠢᠭᠡᠲᠡᠨ ᠢ᠋ᠶ᠋ᠡᠨ ᠨᠡᠭᠦᠳᠡᠯᠴᠢᠳ ᠦ᠋ᠨ ᠳᠣᠪᠲᠣᠯᠭᠠᠨ ᠠ᠋ᠴᠠ ᠠᠪᠤᠷᠠᠨ ᠰᠡᠷᠭᠡᠢᠯᠡᠬᠦ ᠠᠷᠢᠭᠤᠨ ᠡᠭᠦᠷᠭᠡ ᠪᠡᠨ ᠪᠡᠶᠡᠯᠡᠭᠦᠯᠬᠦ ᠶ᠋ᠢᠨ ᠲᠥᠯᠥᠭᠡ ᠪᠦᠬᠦᠨ ᠢ᠋ ᠲᠡᠪᠴᠢᠬᠦ ᠶᠣᠰᠣᠲᠠᠢ ᠶ᠋ᠢ ᠨᠢ ᠴᠢᠩᠭᠢᠰ ᠬᠠᠭᠠᠨ ᠲᠡᠭᠦᠨ ᠳ᠋ᠦ᠍ ᠰᠠᠨᠠᠭᠤᠯᠬᠤ ᠰᠢᠭ᠋ ᠰᠠᠨᠠᠭᠳᠠᠵᠠᠢ᠃
| ᠲᠠᠨ ᠤ᠋ ᠶᠡᠬᠡ ᠯᠠᠮᠠᠳᠠᠨ ᠴᠣᠬᠣᠮ ᠶᠠᠭᠤ ᠶ᠋ᠢ ᠬᠦᠰᠡᠨ᠎ᠡ ᠪᠣᠢ? ᠭᠡᠵᠦ ᠴᠢᠩᠭᠢᠰ ᠬᠠᠭᠠᠨ ᠵᠥᠭᠡᠯᠡᠬᠡᠨ ᠠᠰᠠᠭᠤᠪᠠ᠃ ᠴᠢᠩᠭᠢᠰ ᠬᠠᠭᠠᠨ ᠢ᠋ ᠡᠢᠮᠦ ᠠᠶᠠᠳᠠᠭᠤ ᠨᠠᠮ ᠳᠠᠭᠤ ᠲᠡᠢ ᠭᠡᠵᠦ ᠲᠠᠶᠠᠨ ᠣᠭᠲᠣ ᠰᠠᠨᠠᠭ᠎ᠠ ᠦᠭᠡᠢ ᠲᠤᠯᠠ ᠲᠡᠭᠦᠨ ᠦ᠌ ᠠᠰᠠᠭᠤᠭᠰᠠᠨ ᠢ᠋ ᠡᠬᠢᠯᠡᠭᠡᠳ ᠣᠢᠯᠠᠭᠠᠬᠤ ᠦᠭᠡᠢ ᠬᠡᠰᠡᠭ ᠲᠤᠯᠭᠠᠮᠳᠠᠭᠰᠠᠨ ᠴᠤ᠌ 《ᠴᠢᠩᠭᠢᠰ ᠬᠠᠭᠠᠨ ᠨᠢ ᠠᠷᠠᠢ ᠢᠯᠡᠭᠦᠦ ᠤᠬᠠᠭᠠᠨ ᠲᠠᠢ ᠶᠤᠮ》 ᠭᠡᠵᠦ ᠶᠡᠬᠡᠮᠰᠦᠭᠯᠡᠨ ᠪᠣᠳᠣᠵᠠᠢ᠃ ᠭᠡᠪᠡᠴᠦ ᠡᠨᠡ ᠠᠰᠠᠭᠤᠯᠲᠠ ᠵᠥᠭᠡᠯᠡᠨ ᠬᠡᠳᠦᠢ ᠴᠦ᠍ ᠪᠤᠭᠤᠷᠴᠢ ᠶ᠋ᠢᠨ ᠬᠢ ᠲᠡᠢ ᠠᠳᠠᠯᠢ ᠬᠡᠴᠡᠭᠦᠦ ᠲᠤᠯᠭᠠᠭᠰᠠᠨ ᠠᠰᠠᠭᠤᠯᠲᠠ ᠪᠠᠢᠪᠠ᠃
| ᠬᠡᠯᠡ ᠶᠠᠷᠢᠶ᠎ᠠ᠂ ᠵᠢᠰᠦ ᠴᠢᠷᠠᠢ ᠢᠯᠭᠠᠭ᠎ᠠ ᠦᠭᠡᠢ ᠡᠨᠡ ᠭᠠᠵᠠᠷ ᠤ᠋ᠨ ᠳᠡᠭᠡᠷ᠎ᠡ ᠠᠮᠢᠳᠤᠷᠠᠭᠴᠢ ᠬᠥᠮᠦᠨ ᠪᠦᠷ ᠶᠢᠷᠲᠢᠨᠴᠦ ᠶ᠋ᠢᠨ ᠡᠵᠡᠨ ᠤ ᠢᠪᠡᠭᠡᠯ ᠳᠣᠣᠷ᠎ᠠ ᠲᠡᠢᠨ ᠰᠠᠮᠠᠭᠤᠨ ᠦᠭᠡᠢ ᠠᠮᠢᠳᠤᠷᠠᠨ ᠰᠠᠭᠤᠬᠤ ᠶ᠋ᠢ ᠮᠠᠨ ᠤ᠋ ᠶᠡᠬᠡ ᠯᠠᠮᠠᠲᠠᠨ ᠬᠦᠰᠡᠳᠡᠭ ᠶᠦᠮ ᠭᠡᠵᠦ ᠲᠠᠶᠠᠨ ᠲᠠᠢᠪᠤᠩ᠂ ᠰᠠᠨᠳᠤᠷᠴᠤ ᠲᠡᠪᠡᠳᠡᠭᠰᠡᠨ ᠵᠦᠢᠯ ᠦᠭᠡᠢ ᠰᠠᠭᠤᠵᠤ ᠬᠠᠷᠢᠭᠤᠯᠪᠠ᠃ ᠮᠣᠩᠭᠣᠯᠴᠤᠳ ᠠ᠋ᠴᠠ ᠬᠡᠨ ᠨᠢ ᠴᠦ᠍ ᠲᠡᠷᠡ ᠳᠣᠣᠷ᠎ᠠ ᠪᠠᠨ ᠬᠠᠷᠢᠭᠤ ᠬᠡᠯᠡᠭᠰᠡᠨ ᠦᠭᠡᠢ᠃ ᠡᠨᠡ ᠨᠡᠭᠦᠳᠡᠯᠴᠢᠳ ᠢ᠋ ᠣᠳᠣ ᠯᠠ ᠨᠢᠭᠡ ᠥᠪᠡᠷ ᠦ᠋ᠨ ᠦᠭᠡᠨ ᠳ᠋ᠦ᠍ ᠪᠠᠷᠢᠵᠤ ᠠᠪᠤᠯ᠎ᠠ ᠭᠡᠮᠡᠨ ᠲᠡᠷᠡ ᠪᠠᠶᠠᠷᠯᠠᠭᠰᠠᠨ ᠪᠢᠯᠡ ᠃ ᠮᠣᠩᠭᠣᠯᠴᠤᠳ ᠤ᠋ᠨ ᠴᠢᠮᠡᠭᠡ ᠦᠭᠡᠢ ᠪᠣᠯᠤᠭᠰᠠᠨ ᠨᠢ ᠴᠢᠩᠭᠢᠰ ᠬᠠᠭᠠᠨ ᠤ᠋ ᠪᠠᠨ ᠦᠭᠡ ᠬᠡᠯᠡᠬᠦ ᠶ᠋ᠢ ᠬᠦᠯᠢᠶᠡᠭᠰᠡᠨ ᠬᠡᠷᠡᠭ ᠪᠠᠢᠪᠠ᠃ ᠲᠡᠳᠡ ᠬᠡᠳᠦᠢ ᠵᠡᠷᠯᠢᠭ ᠨᠡᠭᠦᠳᠡᠯᠴᠢᠳ ᠴᠦ᠍ ᠭᠡᠯᠡ ᠣᠷᠳᠣᠨ ᠤ᠋ ᠲᠢᠭ ᠶᠣᠰᠣᠨ ᠳ᠋ᠤ᠌ ᠠᠮᠠᠷᠬᠠᠨ᠂ ᠬᠤᠷᠳᠤᠨ ᠳᠠᠰᠤᠭᠰᠠᠨ ᠨᠢ ᠢᠯᠡᠳᠲᠡ ᠪᠠᠢᠪᠠ ᠃ ᠡᠨᠡ ᠪᠠᠢᠳᠠᠯ ᠢ᠋ ᠦᠵᠡᠭᠡᠳ ᠲᠠᠶᠠᠨ ᠥᠪᠡᠷ ᠦ᠋ᠨ ᠡᠷᠬᠡ ᠦᠭᠡᠢ ᠬᠦᠨᠳᠦᠳᠬᠡᠬᠦ ᠰᠡᠳᠬᠢᠭᠳᠡᠯ ᠲᠥᠷᠥᠵᠦ ᠪᠠᠢᠵᠠᠢ᠃
| ᠲᠠᠨ ᠤ᠋ ᠶᠡᠬᠡ ᠯᠠᠮᠠᠲᠠᠨ ᠤᠬᠠᠭᠠᠨ ᠲᠠᠢ᠂ ᠰᠠᠢᠬᠠᠨ ᠰᠡᠳᠬᠢᠯ ᠲᠡᠢ ᠬᠥᠮᠦᠨ ᠪᠣᠯᠤᠯᠲᠠᠢ᠃ ᠲᠡᠭᠦᠨ ᠦ᠌ ᠬᠦᠰᠡᠯ ᠨᠠᠳᠠᠳᠤ ᠲᠠᠭᠠᠰᠢᠶᠠᠭᠳᠠᠵᠤ ᠪᠠᠢᠨ᠎ᠠ᠃ ᠪᠢ ᠲᠡᠢᠨ ᠰᠠᠮᠠᠭᠤᠨ ᠢ᠋ ᠦᠯᠦ ᠬᠦᠰᠡᠬᠦ ᠤᠴᠢᠷ ᠡᠨᠡ ᠬᠣᠷᠽᠸᠮ ᠳ᠋ᠤ᠌ ᠢᠷᠡᠯ᠎ᠡ᠃ ᠬᠣᠷᠽᠸᠮ ᠤ᠋ᠨ ᠬᠠᠭᠠᠨ ᠮᠣᠬᠠᠮᠮᠠᠳ᠋ ᠮᠢᠨᠦ ᠢᠯᠡᠭᠡᠭᠰᠡᠨ ᠵᠢᠷ ᠦ᠋ᠨ ᠬᠤᠳᠠᠯᠳᠤᠭᠠᠴᠢᠳ ᠢ᠋ ᠠᠯᠠᠭᠰᠠᠨ ᠲᠤᠯᠠ ᠪᠢ ᠥᠪᠡᠷ ᠦ᠋ᠨ ᠡᠷᠬᠡ ᠦᠭᠡᠢ ᠶᠡᠬᠡ ᠴᠡᠷᠢᠭ ᠢ᠋ᠶ᠋ᠡᠨ ᠬᠥᠳᠡᠯᠭᠡᠨ ᠢᠷᠡᠵᠦ ᠶᠠᠯ᠎ᠠ ᠠᠰᠠᠭᠤᠬᠤ ᠠ᠋ᠴᠠ ᠥᠭᠡᠷ᠎ᠡ ᠠᠷᠭ᠎ᠠ ᠦᠭᠡᠢ ᠪᠣᠯᠪᠠ᠃ ᠮᠢᠨᠦ ᠰᠠᠢᠬᠠᠨ ᠰᠡᠳᠬᠢᠯ ᠳ᠋ᠦ᠍ ᠬᠡᠨ ᠴᠦ᠍ ᠪᠠᠢ᠂ ᠡᠨᠡ ᠮᠤᠬᠠᠮᠮᠠᠳ᠋ ᠰᠢᠭ᠋ ᠪᠠᠰᠠ ᠲᠡᠭᠦᠨ ᠢ᠋ ᠵᠠᠯᠭᠠᠮᠵᠢᠯᠠᠨ ᠰᠠᠭᠤᠭᠰᠠᠨ ᠵᠠᠯᠠᠯᠳᠢᠨ ᠰᠢᠭ᠋ ᠬᠠᠨᠳᠤᠨ᠎ᠠ᠃ ᠲᠡᠷᠡ ᠦᠬᠦᠳᠡᠯ ᠪᠣᠯᠵᠤ ᠤᠯᠤᠰ ᠢ᠋ᠶ᠋ᠠᠨ ᠬᠤᠷᠢᠶᠠᠯᠭᠠᠬᠤ ᠪᠣᠯᠤᠨ᠎ᠠ᠃ ᠮᠢᠨᠦ ᠤᠯᠤᠰ ᠪᠠᠶᠠᠨ᠂ ᠴᠡᠷᠢᠭ ᠦ᠋ᠨ ᠬᠦᠴᠦ ᠳᠡᠢᠯᠦᠭᠳᠡᠰᠢ ᠦᠭᠡᠢ᠃ ᠨᠠᠳᠠᠳᠤ ᠪᠤᠰᠤᠳ ᠤ᠋ᠨ ᠭᠠᠵᠠᠷ ᠨᠤᠲᠤᠭ᠂ ᠡᠳ᠋ ᠪᠠᠶᠠᠯᠢᠭ ᠬᠡᠷᠡᠭ ᠦᠭᠡᠢ᠂ ᠪᠢ ᠭᠠᠭᠴᠠᠬᠠᠨ ᠡᠨᠡ ᠭᠠᠵᠠᠷ ᠳᠡᠭᠡᠷ᠎ᠡ ᠲᠡᠢᠨ ᠰᠠᠮᠠᠭᠤᠨ ᠦᠭᠡᠢ ᠡᠩᠬᠡ ᠠᠮᠤᠭᠤᠯᠠᠩ ᠪᠠᠢᠬᠤ ᠶ᠋ᠢ ᠬᠦᠰᠡᠵᠦ ᠪᠡᠶ᠎ᠡ ᠪᠡᠨ ᠵᠣᠪᠠᠭᠠᠵᠤ᠂ ᠴᠡᠷᠢᠭ ᠢ᠋ᠶ᠋ᠡᠨ ᠬᠣᠬᠢᠷᠠᠭᠠᠵᠤ ᠶᠠᠪᠤᠨ᠎ᠠ᠃ ᠬᠣᠷᠽᠸᠮ ᠤ᠋ᠨ ᠬᠠᠭᠠᠨ ᠮᠣᠬᠠᠮᠮᠠᠳ᠋ ᠠᠯᠯᠠ ᠲᠩᠷᠢ ᠪᠡᠨ ᠳᠠᠭᠤᠳᠠᠭᠰᠠᠭᠠᠷ ᠮᠢᠨᠦ ᠴᠡᠷᠢᠭ ᠦ᠋ᠨ ᠡᠮᠦᠨ᠎ᠡ ᠮᠥᠬᠥᠵᠦ ᠰᠤᠢᠷᠠᠯᠠ᠃ ᠠᠯᠯᠠ ᠲᠩᠷᠢ ᠨᠢ ᠲᠡᠭᠦᠨ ᠳ᠋ᠦ᠍ ᠲᠤᠰᠠᠯᠠᠭᠰᠠᠨ ᠦᠭᠡᠢ᠃ ᠲᠠ ᠨᠠᠷ ᠴᠣ ᠬᠠᠷ᠎ᠠ ᠪᠤᠷᠤᠭᠤ ᠰᠠᠨᠠᠪᠠᠯ ᠮᠥᠨ ᠡᠭᠦᠨ ᠦ᠌ ᠠᠳᠠᠯᠢ ᠪᠣᠯᠬᠤ ᠨᠢ ᠭᠠᠷᠴᠠᠭ᠎ᠠ ᠦᠭᠡᠢ᠃ ᠮᠢᠨᠦ ᠶᠡᠬᠡ ᠴᠡᠷᠢᠭ ᠳᠣᠪᠲᠣᠯᠤᠨ ᠣᠷᠣᠪᠠᠯ ᠲᠠᠨ ᠤ᠋ ᠲᠡᠷᠡ ᠶᠢᠷᠲᠢᠨᠴᠦ ᠶ᠋ᠢᠨ ᠡᠵᠡᠨ ᠢᠰᠦᠢᠰ ᠴᠢᠨᠢ ᠲᠠ ᠨᠠᠷ ᠢ᠋ ᠠᠪᠤᠷᠠᠨ ᠬᠠᠮᠠᠭᠠᠯᠠᠨ᠎ᠠ ᠭᠡᠵᠦ ᠴᠢ ᠰᠠᠨᠠᠨ᠎ᠠ ᠤᠤ? ᠴᠢᠩ ᠦᠨᠡᠨ ᠢ᠋ᠶ᠋ᠡᠷ ᠨᠢ ᠬᠡᠯᠡᠭᠲᠦᠨ ᠭᠡᠵᠦ ᠴᠢᠩᠭᠢᠰ ᠬᠠᠭᠠᠨ ᠠᠰᠠᠭᠤᠬᠤ ᠳ᠋ᠠᠭᠠᠨ ᠢᠪᠡᠭᠡᠩᠭᠦᠢ ᠪᠡᠷ ᠢᠨᠢᠶᠡᠮᠰᠦᠭᠯᠡᠵᠦ ᠪᠠᠢᠭᠰᠠᠨ ᠨᠢ ᠲᠠᠶᠠᠨ ᠢ᠋ ᠬᠠᠷᠢᠭᠤ ᠣᠯᠬᠤ ᠦᠭᠡᠢ ᠭᠡᠳᠡᠭ ᠢ᠋ ᠯᠠᠪᠲᠠᠢ ᠮᠡᠳᠡᠵᠦ ᠪᠠᠢᠬᠤ ᠰᠢᠭ᠋ ᠰᠠᠨᠠᠭᠳᠠᠵᠠᠢ᠃ ᠴᠢᠩᠭᠢᠰ ᠬᠠᠭᠠᠨ ᠥᠨᠥᠳᠥᠷ ᠤᠭ ᠠ᠋ᠴᠠ ᠲᠤᠢᠯ ᠤ᠋ᠨ ᠪᠠᠶᠠᠷ ᠬᠥᠷ ᠲᠡᠢ ᠪᠠᠢᠵᠠᠢ᠃ ᠤᠴᠢᠷ ᠨᠢ ᠲᠡᠷᠡ ᠪᠤᠭᠤᠷᠴᠢ ᠶ᠋ᠢ ᠰᠦᠪᠡᠭᠡᠳᠡᠢ ᠶ᠋ᠢᠨ ᠬᠣᠢᠨ᠎ᠠ ᠠ᠋ᠴᠠ ᠢᠯᠡᠭᠡᠬᠦ ᠳ᠋ᠡᠭᠡᠨ ᠬᠡᠯᠡᠬᠦ ᠦᠭᠡ ᠪᠡᠨ ᠤᠷᠲᠤ ᠰᠥᠨᠢ ᠨᠢ ᠪᠣᠳᠣᠵᠤ ᠣᠯᠤᠭᠰᠠᠨ ᠪᠠᠢᠵᠠᠢ᠃
ᠬᠠᠷᠢᠨ ᠲᠠᠶᠠᠨ ᠴᠢᠩᠭᠢᠰ ᠬᠠᠭᠠᠨ ᠤ᠋ ᠬᠡᠴᠡᠭᠦᠦ ᠪᠡᠷᠬᠡ ᠠᠰᠠᠭᠤᠯᠲᠠ ᠳ᠋ᠤ᠌ ᠬᠠᠷᠢᠭᠤᠯᠬᠤ ᠶ᠋ᠢᠨ ᠡᠮᠦᠨ᠎ᠡ ᠣᠶᠤᠨ ᠤᠬᠠᠭᠠᠨ ᠢ᠋ᠶ᠋ᠠᠨ ᠬᠥᠪᠴᠢᠯᠡᠨ ᠪᠠᠢᠵᠤ ᠰᠠᠢᠲᠤᠷ ᠪᠣᠳᠣᠪᠠ᠃ ᠲᠡᠭᠦᠨ ᠢ᠋ ᠮᠣᠩᠭᠣᠯᠴᠤᠳ ᠰᠢᠪᠠᠳᠠᠭᠤᠯᠤᠭᠰᠠᠨ ᠦᠭᠡᠢ ᠪᠡᠷ ᠪᠠᠷᠠᠬᠤ ᠦᠭᠡᠢ ᠶᠸᠯᠢᠦᠢ ᠴᠦᠼᠠᠢ ᠢᠳᠡᠭᠡ ᠵᠣᠭᠣᠭ ᠲᠤ᠌ ᠤᠷᠢᠭᠰᠠᠨ ᠨᠢ ᠲᠡᠭᠦᠨ ᠳ᠋ᠦ᠍ ᠪᠣᠳᠣᠬᠤ ᠪᠣᠯᠤᠮᠵᠢ ᠣᠯᠭᠣᠭᠰᠠᠨ ᠣᠷᠳᠣᠨ ᠤ᠋ ᠲᠦᠰᠢᠮᠡᠯ ᠦ᠋ᠨ ᠨᠠᠷᠢᠨ ᠠᠷᠭ᠎ᠠ ᠪᠣᠯᠬᠤ ᠶ᠋ᠢ ᠮᠡᠳᠡᠭᠡᠳ ᠲᠡᠭᠦᠨ ᠳ᠋ᠦ᠍ ᠭᠦᠨ ᠲᠠᠯᠠᠷᠬᠠᠯ ᠲᠠᠢ ᠪᠣᠯᠵᠠᠢ᠃ ᠡᠨᠡ ᠮᠣᠩᠭᠣᠯᠴᠤᠳ ᠰᠠᠨᠠᠭᠰᠠᠨ ᠠ᠋ᠴᠠ ᠲᠡᠢᠮᠦ ᠴᠦ᠍ ᠠᠮᠠᠷ ᠬᠣᠭᠣᠯᠠ ᠪᠢᠰᠢ ᠪᠣᠯᠬᠤ ᠶ᠋ᠢ ᠳᠠᠶᠠᠨ ᠫᠧᠷᠰ ᠭᠠᠵᠠᠷ ᠤ᠋ᠨ ᠢᠳᠡᠭᠡ ᠪᠤᠳᠠᠭ᠎ᠠ ᠵᠣᠭᠣᠭᠯᠠᠵᠤ ᠰᠠᠭᠤᠬᠤ ᠳ᠋ᠠᠭᠠᠨ ᠪᠣᠳᠣᠵᠤ ᠪᠠᠢᠪᠠ᠃ ᠭᠡᠪᠡᠴᠦ ᠶᠸᠯᠢᠤᠢ ᠴᠦᠼᠠᠢ ᠬᠣᠭᠣᠯᠠᠢ ᠵᠠᠰᠠᠵᠤ ᠲᠡᠭᠦᠨ ᠡᠴᠡ ᠬᠠᠭᠠᠨ ᠤ᠋ ᠪᠠᠨ ᠦᠭᠡ ᠶ᠋ᠢᠨ ᠬᠠᠷᠢᠭᠤ ᠶ᠋ᠢ ᠨᠡᠬᠡᠪᠡ᠃ ᠥᠪᠡᠷ ᠢ᠋ ᠪᠡᠨ ᠶᠢᠷᠲᠢᠨᠴᠦ ᠶ᠋ᠢᠨ ᠡᠵᠡᠨ ᠲᠡᠢ ᠡᠩ ᠲᠡᠩᠴᠡᠭᠦᠦ ᠦᠵᠡᠬᠦ ᠨᠡᠭᠦᠳᠡᠯᠴᠢᠳ ᠦ᠋ᠨ ᠶᠡᠬᠡ ᠡᠵᠡᠨ ᠴᠢᠩᠭᠢᠰ ᠬᠠᠭᠠᠨ ᠲᠠᠢ ᠦᠭᠡ ᠬᠡᠯᠡ ᠪᠡᠨ ᠣᠯᠤᠯᠴᠠᠬᠤ ᠨᠢ ᠲᠤᠢᠯ ᠤ᠋ᠨ ᠬᠡᠴᠡᠭᠦᠦ ᠂ ᠪᠦᠷ ᠪᠣᠯᠤᠮᠵᠢ ᠦᠭᠡᠢ ᠬᠡᠷᠡᠭ ᠶᠦᠮ ᠭᠡᠳᠡᠭ ᠢ᠋ ᠲᠡᠷᠡ ᠣᠳᠣ ᠮᠡᠳᠡᠷᠡᠵᠦ ᠪᠠᠢᠯ᠎ᠠ᠃
| ᠮᠠᠨ ᠤ᠋ ᠶᠡᠬᠡ ᠯᠠᠮᠠᠳᠠᠨ ᠤ᠋ ᠬᠦᠰᠡᠯ ᠪᠣᠯ ᠶᠢᠷᠲᠢᠨᠴᠦ ᠶ᠋ᠢᠨ ᠡᠵᠡᠨ ᠦ᠌ ᠵᠠᠷᠯᠢᠭ ᠶᠤᠮ᠃ ᠶᠢᠷᠲᠢᠨᠴᠦ ᠶ᠋ᠢᠨ ᠡᠵᠡᠨ ᠪᠢᠳᠡᠨ ᠳ᠋ᠦ᠍ ᠠᠮᠢᠳᠤᠷᠠᠬᠤ ᠠᠷᠭ᠎ᠠ ᠵᠢᠭᠠᠵᠤ ᠥᠭᠭᠦᠭᠰᠡᠨ ᠰᠢᠭ ᠢ᠋ᠶ᠋ᠡᠨ ᠪᠠᠰᠠ ᠡᠩᠬᠡ ᠠᠮᠤᠷ ᠠᠮᠢᠳᠤᠷᠠᠬᠤ ᠠᠷᠭ᠎ᠠ ᠶ᠋ᠢ ᠵᠢᠭᠠᠵᠤ ᠥᠭᠴᠡᠢ᠃ ᠬᠡᠯᠡᠮᠦᠷᠴᠢ ᠶ᠋ᠢᠨ ᠳᠠᠮᠵᠢᠭᠤᠯᠤᠭᠰᠠᠨ ᠢ᠋ ᠰᠣᠨᠣᠰᠤᠭᠠᠳ ᠪᠤᠭᠤᠷᠴᠢ ᠶ᠋ᠢᠨ ᠭᠠᠷ ᠬᠥᠳᠡᠯᠵᠦ ᠳᠠᠶᠠᠨ ᠤ᠋ ᠦᠭᠡ ᠶ᠋ᠢ ᠲᠠᠰᠤᠯᠳᠠᠭᠤᠯᠤᠭᠰᠠᠨ ᠨᠢ ᠲᠡᠷᠡ ᠦᠭᠡ ᠬᠡᠯᠡᠬᠦ ᠵᠥᠪᠰᠢᠶᠡᠷᠡᠯ ᠬᠠᠭᠠᠨ ᠠ᠋ᠴᠠ ᠪᠠᠨ ᠬᠦᠰᠡᠭᠰᠡᠨ ᠬᠡᠷᠡᠭ ᠶᠦᠮ᠃ ᠬᠠᠷᠢᠨ ᠴᠢᠩᠭᠢᠰ ᠬᠠᠭᠠᠨ ᠪᠤᠭᠤᠷᠴᠢ ᠶ᠋ᠢᠨ ᠬᠡᠯᠡᠬᠦ ᠶ᠋ᠢ ᠰᠣᠨᠣᠰᠬᠤ ᠶ᠋ᠢ ᠬᠦᠰᠡᠵᠡᠢ᠃
| ᠯᠠᠮᠠ ᠶ᠋ᠢᠨ ᠡᠯᠴᠢ ᠴᠢ᠂ ᠴᠢᠩᠭᠢᠰ ᠬᠠᠭᠠᠨ ᠤ᠋ ᠦᠭᠡ ᠶ᠋ᠢ ᠳᠤᠲᠠᠭᠤ ᠣᠢᠯᠠᠭᠠᠪᠠ ᠤᠤ? ᠡᠰᠡᠪᠡᠯ ᠴᠢ ᠠᠯᠪᠠ ᠪᠠᠷ ᠵᠥᠷᠢᠭᠦᠳᠯᠡᠨ ᠵᠢᠳᠬᠦᠨ᠎ᠡ ᠤᠤ? ᠦᠭᠡᠢ ᠪᠣᠯ ᠤᠢᠭᠤᠷ ᠬᠡᠯᠡᠮᠦᠷᠴᠢ ᠴᠢ ᠪᠤᠷᠤᠭᠤ ᠵᠥᠷᠢᠭᠦᠦ ᠦᠭᠡ ᠬᠡᠯᠡᠵᠦ ᠡᠯᠴᠢ ᠶ᠋ᠢ ᠲᠥᠭᠡᠷᠢᠭᠳᠡᠭᠦᠯᠦᠨᠡ ᠤᠤ? ᠨᠠᠭᠠᠳᠤ ᠡᠯᠴᠢ ᠴᠢᠨᠢ ᠶᠠᠭᠠᠬᠢᠭᠠᠳ ᠢᠩᠭᠢᠵᠦ ᠶᠢᠷᠲᠢᠨᠴᠦ ᠶ᠋ᠢᠨ ᠡᠵᠡᠨ ᠭᠡᠵᠦ ᠪᠠᠢᠨ ᠪᠠᠢᠨ ᠳᠠᠪᠲᠠᠨ ᠴᠠᠯᠴᠢᠨᠠ ᠪᠣᠢ? ᠡᠨᠡ ᠬᠤᠷᠽᠸᠮ ᠤ᠋ᠨ ᠬᠢᠨ ᠥᠪᠡᠷᠰᠡᠳ ᠦ᠋ᠨ ᠠᠯᠯᠠ ᠲᠡᠭᠷᠢ ᠶ᠋ᠢ ᠮᠥᠨ ᠯᠡ ᠶᠢᠷᠲᠢᠨᠴᠦ ᠶ᠋ᠢᠨ ᠡᠵᠡᠨ ᠭᠡᠵᠦ ᠵᠠᠯᠪᠠᠷᠢᠵᠤ ᠮᠥᠷᠭᠥᠵᠦ ᠭᠣᠶᠣᠭᠰᠠᠭᠠᠷ ᠪᠢᠳᠡᠨ ᠳ᠋ᠦ᠍ ᠳᠠᠷᠤᠭᠳᠠᠭᠰᠠᠨ᠃ ᠪᠢᠰᠢᠷᠡᠵᠦ ᠰᠢᠲᠦᠭᠰᠡᠨ ᠢᠷᠭᠡᠳ ᠠᠯᠪᠠᠲᠤ ᠪᠠᠨ ᠬᠠᠮᠠᠭᠠᠯᠠᠵᠤ ᠡᠰᠡ ᠴᠢᠳᠠᠪᠠᠯ ᠬᠡᠨ ᠲᠡᠭᠦᠨ ᠢ᠋ ᠶᠢᠷᠲᠢᠨᠴᠦ ᠶ᠋ᠢᠨ ᠡᠵᠡᠨ ᠭᠡᠵᠦ ᠦᠵᠡᠬᠦ ᠪᠣᠢ? ᠬᠡᠷᠪᠡ ᠨᠠᠭᠠᠳᠤ ᠯᠠᠮᠠ ᠶ᠋ᠢᠨ ᠴᠢᠨᠢ ᠬᠡᠯᠡᠭᠡᠳ ᠪᠠᠢᠭ᠎ᠠ ᠰᠢᠭ᠋ ᠾᠷᠢᠰᠲ᠋ᠣᠰ ᠪᠢᠯᠡ ᠤᠤ ᠲᠡᠷᠡ ᠡᠵᠡᠨ ᠨᠢ ᠲᠡᠢᠮᠦ ᠰᠦᠷᠡᠬᠡᠢ ᠬᠦᠴᠦᠷᠬᠡᠭ ᠶᠦᠮ ᠪᠣᠯ ᠪᠢᠳᠡᠨ ᠳ᠋ᠦ᠍ ᠲᠡᠭᠦᠨ ᠢ᠋ ᠪᠡᠨ ᠦᠵᠡᠭᠦᠯᠦᠭ᠃ ᠪᠢᠳᠡᠨ ᠲᠡᠢ ᠢᠷᠡᠵᠦ ᠬᠦᠴᠦ ᠪᠡᠨ ᠦᠵᠡᠭ ᠭᠡᠰᠡᠨ ᠪᠢᠰᠢ ᠤᠤ? ᠦᠭᠡᠢ ᠪᠣᠯ ᠲᠡᠭᠦᠨ ᠢ᠋ ᠶᠢᠷᠲᠢᠨᠴᠦ ᠶ᠋ᠢᠨ ᠡᠵᠡᠨ ᠭᠡᠵᠦ ᠪᠤᠤ ᠳᠠᠭᠤᠳᠠᠭᠲᠤᠨ᠃ ᠮᠠᠨ ᠤ᠋ ᠬᠡᠷᠡᠢᠳ ᠠᠢᠮᠠᠭ ᠤ᠋ᠨ ᠲᠣᠭᠣᠷᠢᠯ ᠬᠠᠨ ᠾᠷᠢᠰᠲ᠋ᠣᠰ ᠢ᠋ ᠰᠢᠲᠦᠵᠦ ᠮᠣᠳᠣᠨ ᠵᠠᠭᠠᠯᠮᠠᠢ ᠭᠡᠷ ᠦ᠋ᠨ ᠢ᠋ᠶ᠋ᠡᠨ ᠡᠭᠦᠳᠡᠨ ᠳ᠋ᠦ᠍ ᠡᠯᠭᠦᠭᠡᠳ ᠶᠠᠭᠤ ᠬᠣᠨᠵᠢᠪᠠ᠂ ᠭᠠᠵᠠᠷ ᠳᠡᠭᠡᠷ᠎ᠡ ᠪᠤᠯᠠᠰᠢ ᠪᠤᠩᠬᠤᠨ ᠴᠤ᠌ ᠦᠭᠡᠢ ᠦᠬᠦᠭᠰᠡᠨ᠃ ᠲᠡᠭᠡᠬᠦ ᠪᠡᠷ ᠬᠠᠷ᠎ᠠ ᠬᠤᠪᠴᠠᠰᠤᠲᠤ ᠴᠢ ᠶᠢᠷᠲᠢᠨᠴᠦ ᠶ᠋ᠢᠨ ᠡᠵᠡᠨ ᠭᠡᠵᠦ ᠭᠠᠷ ᠲᠤ᠌ ᠦᠯᠦ ᠪᠠᠷᠢᠭᠳᠠᠵᠤ᠂ ᠨᠢᠳᠦᠨ ᠳ᠋ᠦ᠍ ᠦᠯᠦ ᠦᠵᠡᠭᠳᠡᠬᠦ ᠳᠡᠮᠡᠢ ᠶᠠᠭᠤᠮ᠎ᠠ ᠶᠠᠷᠢᠵᠤ ᠴᠠᠭ ᠢ᠋ ᠪᠤᠤ ᠪᠠᠷ᠎ᠠ᠃ ᠬᠠᠷᠢᠨ ᠲᠠᠨ ᠤ᠋ ᠤᠯᠤᠰ ᠮᠠᠨ ᠤ᠋ ᠴᠢᠩᠭᠢᠰ ᠬᠠᠭᠠᠨ ᠢ᠋ ᠳᠠᠭᠠᠵᠤ ᠢᠪᠡᠭᠡᠯ ᠳ᠋ᠦ᠍ᠨᠢ ᠪᠠᠭᠲᠠᠪᠠᠯ ᠪᠢᠳᠡ ᠲᠠᠨ ᠤ᠋ ᠤᠯᠤᠰ ᠢ᠋ ᠬᠠᠮᠠᠭᠠᠯᠠᠨ ᠠᠪᠴᠤ ᠵᠢᠷᠭᠠᠭᠠᠨ ᠰᠠᠭᠤᠶ᠎ᠠ᠃ ᠪᠢ ᠤᠳᠠᠬᠤ ᠦᠭᠡᠢ ᠴᠢᠩᠭᠢᠰ ᠬᠠᠭᠠᠨ ᠤ᠋ ᠵᠠᠷᠯᠢᠭ ᠢ᠋ᠶ᠋ᠠᠷ ᠪᠠᠷᠠᠭᠤᠨ ᠵᠦᠭ ᠣᠳᠤᠨ᠎ᠠ᠃ ᠲᠡᠭᠡᠬᠦ ᠳ᠋ᠡᠭᠡᠨ ᠰᠥᠪᠡᠭᠡᠳᠡᠢ ᠪᠠᠭᠠᠲᠤᠷ ᠤ᠋ᠨ ᠲᠡᠨᠳᠡ ᠡᠴᠡ ᠴᠡᠷᠢᠭ ᠢᠯᠡᠬᠡᠨ ᠲᠠᠨ ᠤ᠋ ᠶᠡᠬᠡ ᠯᠠᠮᠠᠲᠠᠨ ᠴᠢᠩ ᠦᠨᠡᠨ ᠡᠴᠡ ᠪᠡᠨ ᠨᠠᠢᠷᠠᠮᠳᠠᠶ᠎ᠠ ᠭᠡᠰᠡᠨ ᠡᠰᠡᠬᠦ ᠶ᠋ᠢ ᠰᠢᠯᠭᠠᠨ ᠦᠵᠡᠶ᠎ᠡ᠃ ᠴᠢ ᠮᠠᠨ ᠤ᠋ ᠴᠡᠷᠢᠭ ᠢ᠋ ᠭᠠᠵᠠᠷᠯᠠᠨ ᠳᠠᠭᠠᠭᠤᠯᠵᠤ ᠶᠠᠪᠤ ᠭᠡᠵᠦ ᠪᠤᠭᠤᠷᠴᠢ ᠰᠦᠷ ᠲᠡᠢ ᠬᠡᠯᠡᠭᠰᠡᠨ ᠳ᠋ᠦ᠍ ᠤᠢᠭᠤᠷ ᠬᠡᠯᠡᠮᠦᠷᠴᠢ ᠰᠦᠷᠳᠡᠨ ᠬᠣᠷᠮᠣᠢ ᠴᠡᠴᠡᠷᠡᠭᠦᠯᠵᠦ ᠵᠣᠭᠰᠣᠵᠠᠢ᠃ ᠪᠤᠭᠤᠷᠴᠢ ᠶ᠋ᠢᠨ ᠡᠨᠡ ᠦᠭᠡ ᠶᠸᠯᠢᠤᠢ ᠴᠦ᠋ᠼᠠᠢ ᠶ᠋ᠢ ᠪᠠᠬᠠᠨ ᠭᠠᠢᠬᠠᠰᠢᠷᠠᠭᠤᠯᠵᠤ ᠬᠠᠷᠢᠨ ᠴᠢᠩᠭᠢᠰ ᠬᠠᠭᠠᠨ ᠳ᠋ᠤ᠌ ᠲᠠᠭᠠᠰᠢᠶᠠᠭᠳᠠᠬᠤ ᠶ᠋ᠢ ᠳᠠᠶᠠᠨ ᠠᠩᠵᠠᠭᠠᠷᠠᠵᠠᠢ᠃
| ᠡᠯᠴᠢ ᠴᠢ ᠦᠨᠡᠬᠡᠷ ᠡᠪ ᠨᠠᠢᠷ ᠢ᠋ ᠬᠦᠰᠡᠵᠦ ᠢᠷᠡᠭᠰᠡᠨ ᠪᠣᠯ ᠥᠪᠡᠷ ᠢ᠋ᠶ᠋ᠡᠨ ᠮᠠᠨ ᠤ᠋ ᠴᠡᠷᠢᠭ ᠲᠦ᠍ ᠬᠣᠲᠠ ᠶ᠋ᠢᠨ ᠢ᠋ᠶ᠋ᠡᠨ ᠬᠡᠷᠡᠮ ᠦ᠋ᠨ ᠶᠡᠬᠡ ᠬᠠᠭᠠᠯᠭ᠎ᠠ ᠶ᠋ᠢ ᠳᠡᠯᠭᠡᠵᠦ ᠥᠭᠭᠦᠭᠳᠦᠨ ᠭᠡᠵᠦ ᠴᠢᠩᠭᠢᠰ ᠬᠠᠭᠠᠨ ᠪᠤᠭᠤᠷᠴᠢ ᠶ᠋ᠢᠨ ᠦᠭᠡᠨ ᠦ᠌ ᠳᠠᠷᠠᠭ᠎ᠠ ᠬᠡᠯᠡᠵᠡᠢ᠃ ᠡᠢᠮᠦ ᠭᠡᠨᠡᠨ ᠪᠥᠭᠡᠳ ᠲᠡᠨᠡᠭ᠂ ᠪᠠᠰᠠ ᠭᠡᠨᠡᠳᠲᠡ ᠶ᠋ᠢᠨ ᠱᠠᠭᠠᠷᠳᠠᠯᠭ᠎ᠠ ᠶ᠋ᠢ ᠡᠯᠴᠢ ᠪᠣᠯᠵᠤ ᠵᠠᠷᠤᠭᠳᠠᠨ ᠡᠯᠳᠡᠪ ᠬᠥᠮᠦᠰ ᠲᠡᠢ ᠨᠢᠭᠤᠷ ᠲᠤᠯᠵᠤ ᠶᠠᠪᠤᠬᠤ ᠳ᠋ᠠᠭᠠᠨ ᠲᠡᠷᠡ ᠣᠭᠲᠣ ᠦᠵᠡᠭᠰᠡᠨ ᠦᠭᠡᠢ ᠪᠢᠯᠡ᠃ ᠡᠨᠡ ᠴᠢᠩᠭᠢᠰ ᠬᠠᠭᠠᠨ ᠥᠪᠡᠷ ᠢ᠋ ᠪᠡᠨ ᠶᠢᠷᠲᠢᠨᠴᠦ ᠶ᠋ᠢᠨ ᠡᠵᠡᠨ ᠭᠡᠵᠦ ᠦᠨᠡᠬᠡᠷ ᠢᠲᠡᠭᠡᠭᠰᠡᠨ ᠡᠴᠡ ᠵᠠᠢᠯᠠᠬᠤ ᠦᠭᠡᠢ ᠠᠵᠢ᠃ ᠬᠠᠮᠢᠭ᠎ᠠ ᠪᠠᠢᠭ᠎ᠠ ᠷᠢᠮ᠂ ᠬᠡᠵᠢᠶ᠎ᠡ ᠬᠦᠷᠬᠦ ᠮᠣᠩᠭᠣᠯ ᠤ᠋ᠨ ᠴᠡᠷᠢᠭ ᠪᠢᠯᠡ᠃ ᠭᠡᠪᠡᠴᠦ ᠴᠢᠩᠭᠢᠰ ᠬᠠᠭᠠᠨ ᠤ᠋ ᠦᠭᠡᠨ ᠳ᠋ᠦ᠍ ᠬᠠᠷᠢᠭᠤ ᠬᠡᠯᠡᠬᠦ ᠦᠭᠡᠢ ᠪᠠᠢᠬᠤ ᠡᠷᠬᠡ ᠲᠡᠭᠦᠨ ᠳ᠋ᠦ᠍ ᠳᠠᠩᠴᠤ ᠪᠠᠢᠭᠰᠠᠨ ᠦᠭᠡᠢ᠃ ᠪᠣᠯᠳᠠᠭ ᠰᠠᠨ ᠪᠣᠯ ᠲᠡᠷᠡ ᠡᠨᠡ ᠶᠡᠬᠡᠮᠰᠦᠭ ᠲᠡᠨᠡᠭ ᠨᠡᠭᠦᠳᠡᠯᠴᠢᠳ ᠦ᠋ᠨ ᠴᠠᠴᠠᠷ ᠢ᠋ ᠣᠷᠬᠢᠨ ᠤᠳᠤᠮᠠᠷ ᠰᠠᠨᠠᠭᠳᠠᠨ᠎ᠠ᠃
| ᠮᠠᠨ ᠤ᠋ ᠤᠯᠤᠰ ᠤ᠋ᠨ ᠬᠢᠯᠢ ᠬᠦᠷᠲᠡᠯ᠎ᠡ ᠬᠣᠯᠠ ᠵᠠᠢ ᠲᠠᠢ᠃ ᠲᠡᠭᠡᠭᠡᠳ ᠵᠠᠮ ᠵᠠᠭᠤᠷ᠎ᠠ ᠶ᠋ᠢᠨ ᠤᠯᠤᠰ ᠠᠢᠮᠠᠭ ᠤ᠋ᠨ ᠡᠰᠡᠷᠭᠦᠴᠡᠯ ᠶᠡᠬᠡ ᠲᠤᠯᠠ ᠴᠢᠩᠭᠢᠰ ᠬᠠᠭᠠᠨ ᠲᠠᠨ ᠤ᠋ ᠡᠨᠡ ᠵᠠᠷᠯᠢᠭ ᠢ᠋ ᠲᠦᠷᠭᠡᠨ ᠵᠠᠭᠤᠷ᠎ᠠ ᠪᠡᠶᠡᠯᠡᠭᠦᠯᠬᠦ ᠳ᠋ᠦ᠍ ᠬᠡᠴᠡᠭᠦᠦ ᠪᠠᠢᠬᠤ ᠪᠣᠯᠪᠠ ᠤᠤ? ᠬᠠᠷᠢᠨ ᠪᠢ ᠳᠠᠷᠤᠢ ᠭᠡᠳᠡᠷᠭᠦ ᠪᠤᠴᠠᠵᠤ ᠴᠢᠩᠭᠢᠰ ᠬᠠᠭᠠᠨ ᠲᠠᠨ ᠤ᠋ ᠡᠨᠡ ᠦᠭᠡ ᠶ᠋ᠢ ᠶᠡᠬᠡ ᠯᠠᠮᠠᠳᠠᠨ ᠳ᠋ᠠᠭᠠᠨ ᠤᠯᠠᠮᠵᠢᠯᠠᠨ ᠬᠠᠷᠢᠭᠤ ᠶ᠋ᠢ ᠢᠯᠡᠭᠡᠶ᠎ᠡ᠃ ᠲᠠᠨ ᠤ᠋ ᠶᠡᠬᠡ ᠴᠡᠷᠢᠭ ᠪᠢᠳᠡᠨ ᠲᠡᠢ ᠨᠠᠢᠷᠠᠮᠳᠠᠬᠤ ᠪᠠᠷ ᠣᠴᠢᠬᠤ ᠠᠪᠠᠰᠤ ᠪᠢᠳᠡ ᠯᠠᠪᠲᠠᠢ ᠬᠣᠲᠠ ᠶ᠋ᠢᠨ ᠢ᠋ᠶ᠋ᠡᠨ ᠬᠠᠭᠠᠯᠭ᠎ᠠ ᠶ᠋ᠢ ᠳᠡᠯᠭᠡᠨ ᠤᠭᠲᠤᠬᠤ ᠪᠣᠯᠤᠨ᠎ᠠ ᠭᠡᠵᠦ ᠳᠠᠶᠠᠨ ᠤ᠋ ᠬᠡᠯᠡᠭᠰᠡᠨ ᠢ᠋ ᠴᠢᠩᠭᠢᠰ ᠬᠠᠭᠠᠨ ᠰᠣᠨᠣᠰᠤᠭᠠᠳ᠄
| ᠡᠯᠴᠢ ᠴᠢ ᠪᠦᠦ ᠰᠠᠨᠠᠭ᠎ᠠ ᠵᠣᠪᠠ᠃ ᠪᠢᠳᠡᠨ ᠳ᠋ᠦ᠍ ᠬᠣᠯᠠ ᠭᠠᠵᠠᠷ ᠭᠡᠵᠦ ᠦᠭᠡᠢ᠃ ᠭᠠᠭᠴᠠ ᠬᠦ᠌ ᠡᠯᠴᠢ ᠴᠢ ᠮᠢᠨᠦ ᠴᠡᠷᠢᠭ ᠢ᠋ ᠨᠤᠲᠤᠭ ᠲᠠᠭᠠᠨ ᠳᠠᠭᠠᠭᠤᠯᠤᠨ ᠣᠴᠢᠬᠤ ᠠ᠋ᠴᠠ ᠠᠶᠤᠵᠤ ᠪᠣᠢ ᠶ᠋ᠢ ᠪᠢ ᠬᠠᠷᠠᠵᠤ ᠪᠠᠢᠨ᠎ᠠ᠃ ᠡᠨᠡ ᠨᠢ ᠴᠦ᠍ ᠵᠥᠪ ᠪᠢᠵᠡ᠃ ᠶᠡᠬᠡ ᠯᠠᠮᠠᠳᠠᠨ ᠳ᠋ᠠᠭᠠᠨ ᠦᠨᠡᠨᠴᠢ ᠵᠢᠳᠬᠦᠬᠦ ᠰᠡᠳᠬᠢᠯ ᠢ᠋ ᠴᠢᠨᠢ ᠪᠢ ᠦᠨᠡᠯᠡᠵᠦ ᠪᠠᠢᠨ᠎ᠠ᠃ ᠬᠣᠵᠢᠮ ᠨᠢᠭᠡ ᠡᠳᠦᠷ ᠮᠣᠩᠭᠣᠯ ᠴᠡᠷᠢᠭ ᠲᠠᠨ ᠤ᠋ ᠬᠣᠲᠠ ᠶ᠋ᠢᠨ ᠳᠡᠷᠭᠡᠳᠡ ᠬᠦᠷᠦᠭᠡᠳ ᠲᠠᠨ ᠤ᠋ ᠶᠡᠬᠡ ᠯᠠᠮᠠᠲᠠᠨ ᠤ᠋ ᠦᠨᠡᠨ ᠦᠭᠡ ᠶ᠋ᠢ ᠰᠣᠨᠣᠰᠬᠤ ᠪᠠᠷ ᠠᠰᠠᠭᠤᠬᠤ ᠪᠣᠯᠤᠨ᠎ᠠ᠃ ᠲᠡᠷᠡ ᠴᠠᠭ ᠲᠤ᠌ ᠥᠨᠥᠳᠥᠷ ᠦ᠋ᠨ ᠬᠡᠯᠡᠭᠰᠡᠨ ᠦᠭᠡ ᠪᠡᠨ ᠪᠦᠦ ᠮᠠᠷᠲᠠᠭᠠᠷᠠᠢ ᠭᠡᠵᠦ ᠶᠡᠬᠡ ᠯᠠᠮᠠᠳᠠᠨ ᠳ᠋ᠠᠭᠠᠨ ᠬᠡᠯᠡᠭᠲᠦᠨ᠃ ᠴᠢᠨᠦ ᠦᠭᠡ ᠶ᠋ᠢ ᠶᠡᠬᠡ ᠯᠠᠮᠠᠳᠠᠨ ᠤ᠋ ᠦᠭᠡ ᠭᠡᠵᠦ ᠪᠢ ᠣᠢᠯᠠᠭᠠᠪᠠ᠃ ᠳᠠᠷᠠᠭ᠎ᠠ ᠠᠭᠤᠯᠵᠠᠬᠤ ᠳ᠋ᠤ᠌ ᠥᠨᠥᠳᠥᠷ ᠦ᠋ᠨ ᠦᠭᠡ ᠪᠡᠨ ᠮᠠᠷᠲᠠᠭᠰᠠᠨ ᠪᠠᠢᠪᠠᠯ ᠬᠠᠷᠢᠨ ᠶᠠᠯ᠎ᠠ ᠠᠰᠠᠭᠤᠬᠤ ᠪᠣᠯᠤᠨ᠎ᠠ ᠭᠡᠳᠡᠭ ᠢ᠋ ᠪᠠᠰᠠ ᠰᠠᠨᠠᠭᠤᠯᠤᠭᠲᠤᠨ᠃
ᠡᠨᠡ ᠦᠭᠡ ᠪᠡᠷ ᠠᠭᠤᠯᠵᠠᠯᠲᠠ ᠭᠡᠨᠡᠳᠲᠡ ᠥᠨᠳᠥᠷᠯᠡᠵᠦ ᠳᠠᠶᠠᠨ ᠴᠢᠩᠭᠢᠰ ᠬᠠᠭᠠᠨ ᠳ᠋ᠤ᠌ ᠪᠡᠯᠡᠭ ᠢ᠋ᠶ᠋ᠡᠨ ᠭᠠᠷᠳᠠᠭᠤᠯᠬᠤ ᠯᠠ ᠦᠯᠡᠳᠡᠪᠡ᠃ ᠪᠡᠯᠡᠭ ᠢ᠋ ᠴᠢᠩᠭᠢᠰ ᠬᠠᠭᠠᠨ ᠥᠪᠡᠷ ᠦ᠋ᠨ ᠪᠡᠶ᠎ᠡ ᠪᠡᠷ ᠬᠦᠯᠢᠶᠡᠨ ᠠᠪᠤᠭ᠎ᠠ ᠦᠭᠡᠢ ᠨᠢ ᠲᠡᠭᠦᠨ ᠦ᠌ ᠤᠯᠤᠰ ᠢ᠋᠂ ᠶᠡᠬᠡ ᠯᠠᠮᠠᠲᠠᠨ ᠢ᠋ ᠮᠣᠩᠭᠣᠯᠴᠤᠳ ᠬᠡᠷᠬᠢᠨ ᠦᠵᠡᠵᠦ ᠪᠠᠢᠭ᠎ᠠ ᠶ᠋ᠢᠨ ᠢᠯᠡᠷᠡᠯ ᠪᠠᠢᠪᠠ᠃ ᠰᠠᠶᠢ ᠪᠠᠷᠠᠯᠬᠠᠬᠤ ᠳ᠋ᠤ᠌ ᠬᠡᠯᠡᠭᠰᠡᠨ ᠲᠡᠭᠦᠨ ᠦ᠌ ᠦᠭᠡ ᠴᠢᠩᠭᠢᠰ ᠬᠠᠭᠠᠨ ᠳ᠋ᠤ᠌ ᠣᠨᠴᠠᠭᠠᠢ ᠰᠡᠳᠬᠢᠭᠳᠡᠯ ᠲᠥᠷᠥᠭᠦᠯᠵᠦ ᠴᠢᠳᠠᠭ᠎ᠠ ᠦᠭᠡᠢ ᠶ᠋ᠢ ᠳᠠᠶᠠᠨ ᠣᠢᠯᠠᠭᠠᠪᠠ᠃ ᠶᠡᠬᠡ ᠯᠠᠮᠠᠳᠠᠨ ᠤ᠋ ᠪᠡᠯᠡᠭ ᠢ᠋ ᠰᠢᠭᠢᠬᠤᠲᠤᠭ᠂ ᠬᠡᠷᠡᠭᠡ ᠭᠡᠭᠴᠢ ᠵᠠᠯᠠᠭᠤ ᠨᠣᠶᠠᠨ ᠤ᠋ ᠬᠠᠮᠲᠤ ᠬᠦᠯᠢᠶᠡᠨ ᠠᠪᠴᠠᠢ᠃
ᠠᠯᠯᠠ ᠲᠩᠷᠢ᠂ ᠢᠰᠥᠶ᠋ᠰ ᠲᠩᠷᠢ ᠬᠣᠶᠠᠷ ᠢ᠋ ᠦᠯᠦ ᠲᠣᠭᠣᠮᠰᠠᠷᠯᠠᠭᠴᠢ᠂ ᠥᠪᠡᠷᠰᠡᠳ ᠢ᠋ ᠪᠡᠨ ᠲᠡᠳᠡᠨ ᠡᠴᠡ ᠳᠡᠭᠡᠭᠦᠷ ᠲᠦ᠍ ᠦᠵᠡᠭᠴᠢ ᠴᠢᠩᠭᠢᠰ ᠬᠠᠭᠠᠨ ᠭᠡᠭᠴᠢ ᠳ᠋ᠦ᠍ ᠪᠠᠷᠠᠯᠬᠠᠵᠤ᠂ ᠦᠭᠡ ᠶ᠋ᠢ ᠨᠢ ᠰᠣᠨᠣᠰᠤᠭᠰᠠᠨ ᠳᠠᠶᠠᠨ ᠭᠠᠢᠬᠠᠵᠤ ᠡᠭᠳᠡᠭᠦᠴᠡᠬᠦ ᠵᠡᠷᠭᠡᠴᠡᠭᠰᠡᠭᠡᠷ ᠪᠠᠢᠪᠠ᠃ ᠬᠣᠷᠸ᠎ᠠ ᠶ᠋ᠢᠨ ᠬᠡᠷᠡᠭ ᠶᠠᠪᠤᠳᠠᠯ ᠶᠠᠭᠤᠲᠠᠢ ᠬᠤᠷᠳᠤᠨ ᠢ᠋ᠶ᠋ᠠᠷ ᠬᠤᠪᠢᠷᠠᠨ ᠥᠭᠡᠷᠡᠴᠢᠯᠡᠭᠳᠡᠨ᠎ᠡ ᠪᠣᠢ? ᠲᠠᠩᠭᠤᠳ ᠤ᠋ᠨ ᠠᠰᠢᠭ ᠪᠠᠯᠭᠠᠰᠤᠨ ᠤ᠋ ᠣᠢᠷ᠎ᠠ ᠫᠷᠧᠰᠺᠦᠴᠢ ᠨᠡᠷᠡᠲᠦ ᠬᠡᠷᠦᠮᠡᠯ ᠬᠤᠳᠠᠯᠳᠤᠭᠠᠴᠢᠨ ᠤ᠋ ᠳᠦᠷᠢ ᠪᠡᠷ ᠲᠠᠩᠨᠠᠭᠤᠯ ᠬᠢᠵᠦ ᠶᠠᠪᠤᠭᠠᠳ ᠬᠡᠭᠡᠷ᠎ᠡ ᠶ᠋ᠢᠨ ᠳᠡᠭᠡᠷᠡᠮᠴᠢᠳ ᠲᠦ᠍ ᠪᠠᠷᠢᠭᠳᠠᠨ ᠬᠠᠮᠤᠭ ᠪᠠᠷᠠᠭ᠎ᠠ ᠪᠠᠨ ᠳᠡᠭᠡᠷᠡᠮᠳᠡᠭᠦᠯᠦᠭᠰᠡᠨ ᠨᠢ ᠰᠠᠨᠠᠭᠳᠠᠪᠠ᠃ ᠲᠡᠭᠡᠬᠦ ᠳ᠋ᠦ᠍ ᠳᠠᠶᠠᠨ ᠦᠬᠦᠯ ᠲᠡᠢ ᠨᠢᠭᠤᠷ ᠲᠤᠯᠭᠠᠷᠠᠵᠤ ᠢᠰᠥᠶ᠋ᠰ ᠲᠩᠷᠢ ᠶ᠋ᠢᠨ ᠠᠪᠤᠷᠠᠯ ᠢ᠋ᠶ᠋ᠠᠷ ᠠᠮᠢᠳᠤ ᠦᠯᠡᠳᠡᠪᠡ ᠭᠡᠵᠦ ᠢᠲᠡᠭᠡᠭᠰᠡᠭᠡᠷ ᠥᠨᠥ ᠶ᠋ᠢ ᠬᠦᠷᠦᠭᠰᠡᠨ ᠪᠢᠯᠡ᠃ ᠭᠡᠲᠡᠯ᠎ᠡ ᠦᠬᠦᠯ ᠢ᠋ᠶ᠋ᠡᠨ ᠬᠦᠯᠢᠶᠡᠨ ᠡᠯᠡᠰᠦᠨ ᠳ᠋ᠦ᠍ ᠪᠤᠯᠠᠭ᠎ᠠ ᠲᠠᠢ ᠬᠡᠪᠲᠡᠵᠦ ᠪᠠᠢᠬᠤ ᠳ᠋ᠤᠨᠢ ᠳᠠᠪᠬᠢᠨ ᠢᠷᠡᠭᠡᠳ ᠡᠯᠡᠰᠦᠨ ᠡᠴᠡ ᠰᠤᠭᠤᠯᠤᠨ ᠠᠪᠴᠤ ᠠᠪᠤᠷᠠᠭᠰᠠᠨ ᠤᠯᠠᠭᠠᠨ ᠰᠣᠷᠪᠢᠲᠤ ᠮᠣᠩᠭᠣᠯ ᠡᠷ᠎ᠡ ᠶ᠋ᠢ ᠴᠣᠬᠣᠮ ᠢᠰᠥᠶ᠋ᠰ ᠲᠡᠭᠷᠢ ᠶ᠋ᠢᠨ ᠡᠯᠴᠢ ᠭᠡᠵᠦ ᠢᠳᠡᠭᠡᠨ ᠲᠡᠭᠦᠨ ᠳ᠋ᠦ᠍ ᠪᠢᠰᠢᠷᠡᠨ ᠡᠳᠦᠷ ᠠᠯᠭᠠᠰᠠᠬᠤ ᠦᠭᠡᠢ ᠵᠠᠯᠪᠠᠷᠢᠨ ᠮᠥᠷᠭᠥᠵᠦ ᠢᠷᠡᠭᠰᠡᠨ ᠪᠢᠯᠡ᠃ ᠠᠮᠢ ᠶ᠋ᠢ ᠨᠢ ᠠᠪᠤᠷᠠᠭᠰᠠᠨ ᠤ᠋ ᠬᠢ ᠲᠥᠯᠥᠭᠡ ᠲᠡᠷᠡ ᠢᠰᠥᠶ᠋ᠰ ᠲᠡᠭᠷᠢ ᠶ᠋ᠢᠨ ᠡᠯᠴᠢ ᠳ᠋ᠦ᠍ ᠰᠠᠢᠨ ᠰᠠᠢᠬᠠᠨ ᠢ᠋ ᠬᠦᠰᠡᠭᠰᠡᠨ ᠨᠢ ᠲᠣᠭ᠎ᠠ ᠦᠭᠡᠢ ᠪᠠᠢᠪᠠ᠃ ᠭᠡᠲᠡᠯ᠎ᠡ ᠲᠡᠭᠦᠨ ᠢ᠋ ᠠᠪᠤᠷᠠᠭᠴᠢ ᠢᠰᠦ᠋ᠰ ᠲᠩᠷᠢ ᠶ᠋ᠢᠨ ᠡᠯᠴᠢ ᠥᠨᠥᠳᠥᠷ ᠴᠢᠩᠭᠢᠰ ᠬᠠᠭᠠᠨ ᠤ᠋ ᠳᠡᠷᠭᠡᠳᠡ ᠰᠢᠳᠠᠷᠯᠠᠨ ᠰᠠᠭᠤᠬᠤ ᠶ᠋ᠢ ᠦᠵᠡᠵᠡᠢ᠃ ᠪᠦᠷ ᠲᠡᠷᠡ ᠢᠰᠥᠶ᠋ᠰ ᠲᠡᠭᠷᠢ ᠶ᠋ᠢᠨ ᠡᠯᠴᠢ ᠶ᠋ᠢ ᠴᠢᠩᠭᠢᠰ ᠬᠠᠭᠠᠨ ᠤ᠋ ᠶᠡᠬᠡ ᠰᠢᠳᠠᠷ ᠰᠠᠢᠳ ᠪᠤᠭᠤᠷᠴᠢ ᠭᠡᠳᠡᠭ ᠠᠵᠢ᠃ ᠴᠢᠩᠭᠢᠰ ᠬᠠᠭᠠᠨ ᠲᠠᠢ ᠬᠢᠭᠰᠡᠨ ᠬᠦᠨᠳᠦ ᠬᠦᠴᠢᠷ ᠠᠭᠤᠯᠵᠠᠯᠲᠠ ᠶ᠋ᠢᠨ ᠢ᠋ᠶ᠋ᠡᠨ ᠰᠡᠳᠬᠢᠭᠳᠡᠯ ᠡᠴᠡ ᠳᠠᠶᠠᠨ ᠠᠯᠭᠤᠷ ᠰᠠᠯᠵᠤ ᠲᠡᠷᠡ ᠥᠩᠭᠡᠷᠡᠭᠰᠡᠨ ᠶᠠᠪᠤᠳᠠᠯ ᠢ᠋ ᠰᠠᠶᠢ ᠯᠠ ᠨᠢᠭᠡ ᠰᠠᠨᠠᠬᠤ ᠲᠠᠢ ᠪᠠᠨ ᠪᠣᠯᠪᠠ᠃
ᠡᠨᠡ ᠶᠠᠪᠤᠳᠠᠯ ᠣᠳᠣ ᠠ᠋ᠴᠠ ᠬᠣᠷᠢᠭᠠᠳ ᠵᠢᠯ ᠦ᠋ᠨ ᠡᠮᠦᠨ᠎ᠡ 1205 ᠣᠨ ᠤ᠋ ᠬᠠᠪᠤᠷ ᠪᠣᠯᠤᠭᠰᠠᠨ ᠠᠵᠢ᠃ ᠨᠠᠢ᠍ᠮᠠᠨ ᠤᠯᠤᠰ ᠢ᠋ ᠮᠥᠬᠥᠭᠡᠵᠦ ᠢᠷᠭᠡᠳ ᠢ᠋ ᠨᠢ ᠬᠣᠷᠢᠶᠠᠨ ᠠᠪᠤᠭᠰᠠᠨ ᠲᠡᠮᠦᠵᠢᠨ ᠶᠡᠬᠡ ᠴᠡᠷᠢᠭ ᠦ᠋ᠨ ᠬᠠᠮᠲᠤ ᠠᠯᠲᠠᠢ ᠶ᠋ᠢᠨ ᠨᠢᠷᠤᠭᠤᠨ ᠤ᠋ ᠥᠪᠥᠷ ᠲᠦ᠍ ᠡᠪᠦᠯᠵᠢᠭᠡᠳ ᠬᠠᠪᠤᠷᠵᠢᠵᠤ ᠪᠠᠢᠪᠠ᠃ ᠬᠠᠪᠤᠷ ᠤ᠋ᠨ ᠤᠷᠢ ᠣᠷᠣᠵᠤ ᠡᠬᠢᠯᠡᠭᠰᠡᠨ ᠨᠢᠭᠡᠨ ᠡᠳᠦᠷ ᠲᠡᠮᠦᠵᠢᠨ᠂ ᠬᠠᠰᠠᠷ᠂ ᠪᠤᠭᠤᠷᠴᠢ᠂ ᠵᠡᠯᠮ᠎ᠡ ᠨᠠᠷ ᠤ᠋ᠨ ᠳᠤᠮᠳᠠ ᠨᠢᠭᠡᠨ ᠨᠢᠭᠤᠴᠠ ᠶᠠᠷᠢᠶ᠎ᠠ ᠪᠣᠯᠤᠭᠰᠠᠨ ᠨᠢ ᠲᠠᠩᠭᠤᠳ ᠤᠯᠤᠰ ᠲᠤ᠌ ᠴᠡᠷᠢᠭ ᠣᠷᠣᠭᠤᠯᠵᠤ ᠪᠠᠢᠳᠠᠯ ᠢ᠋ ᠲᠤᠷᠰᠢᠨ ᠲᠠᠩᠨᠠᠬᠤ ᠲᠤᠬᠠᠢ ᠪᠠᠢᠪᠠ᠃ ᠲᠠᠯ᠎ᠠ ᠨᠤᠲᠤᠭ ᠤ᠋ᠨ ᠮᠣᠩᠭᠣᠯ ᠠᠢᠮᠠᠭ ᠤ᠋ᠳ ᠲᠡᠮᠦᠵᠢᠨ ᠦ᠌ ᠳᠣᠣᠷ᠎ᠠ ᠨᠢᠭᠡᠳᠴᠦ ᠴᠡᠷᠢᠭ ᠦ᠋ᠨ ᠬᠦᠴᠦ ᠨᠢ ᠶᠡᠬᠡ ᠪᠣᠯᠤᠭᠠᠳ ᠪᠠᠢᠭᠰᠠᠨ ᠨᠢ ᠳᠠᠷᠠᠭ᠎ᠠ ᠶ᠋ᠢᠨ ᠣᠯᠵᠠ ᠣᠮᠣᠭ ᠢ᠋ ᠬᠠᠮᠢᠭ᠎ᠠ ᠠ᠋ᠴᠠ ᠡᠷᠢᠬᠦ ᠪᠣᠢ ᠭᠡᠰᠡᠨ ᠳᠠᠯᠳᠠ ᠬᠦᠰᠡᠯ ᠢ᠋ ᠪᠦᠭᠦᠳᠡ ᠶ᠋ᠢᠨ ᠰᠡᠳᠬᠢᠯ ᠳ᠋ᠦ᠍ ᠰᠠᠮ ᠣᠷᠣᠭᠤᠯᠵᠠᠢ᠃ ᠴᠡᠷᠢᠭ ᠦ᠋ᠨ ᠬᠦᠴᠦ ᠪᠡᠷ ᠪᠤᠯᠢᠶᠠᠨ ᠠᠪᠬᠤ ᠶ᠋ᠢᠨ ᠠᠮᠲᠠᠨ ᠳ᠋ᠤ᠌ ᠲᠡᠳᠡ ᠨᠢᠭᠡᠮᠦᠰᠦᠨ ᠰᠢᠨᠤᠨ ᠳᠤᠷᠠᠯᠠᠭᠠᠳ ᠪᠠᠢᠭᠰᠠᠨ ᠨᠢ ᠶᠠᠭ ᠯᠠ ᠴᠢᠰᠤᠨ ᠤ᠋ ᠠᠮᠲᠠ ᠮᠡᠳᠡᠷᠡᠭᠰᠡᠨ ᠠᠷᠢᠶᠠᠲᠠᠨ ᠤ᠋ ᠬᠦᠰᠡᠯ ᠢ᠋ ᠤᠨᠳᠤᠷᠤᠭᠠᠵᠤ ᠪᠠᠢᠯ᠎ᠠ᠃ ᠡᠢᠮᠦ ᠦᠶ᠎ᠡ ᠳ᠋ᠦ᠍ ᠴᠡᠷᠢᠭ ᠦ᠋ᠨ ᠴᠢᠳᠠᠪᠤᠷᠢ ᠶ᠋ᠢ ᠰᠢᠯᠭᠠᠨ ᠲᠤᠷᠰᠢᠬᠤ ᠪᠠᠰᠠ ᠰᠤᠷᠭᠠᠬᠤ ᠨᠢ ᠵᠠᠢᠯᠠᠰᠢ ᠦᠭᠡᠢ ᠪᠣᠯᠵᠠᠢ᠃ ᠠᠮᠢᠳᠤ ᠬᠤᠷᠠᠭ᠎ᠠ ᠠᠪᠴᠢᠷᠠᠨ ᠪᠡᠯᠲᠡᠷᠭᠡ ᠪᠡᠨ ᠰᠤᠷᠭᠠᠳᠠᠭ ᠴᠢᠨᠣ᠎ᠠ ᠶ᠋ᠢᠨ ᠠᠷᠭ᠎ᠠ ᠶ᠋ᠢ ᠬᠡᠷᠡᠭᠯᠡᠬᠦ ᠪᠡᠷ ᠲᠡᠮᠦᠵᠢᠨ ᠰᠢᠢᠳᠴᠡᠢ᠃ ᠣᠳᠣ ᠲᠠᠯ᠎ᠠ ᠨᠤᠲᠤᠭ ᠢ᠋ ᠬᠦᠷᠢᠶᠡᠯᠡᠨ ᠰᠠᠭᠤᠭᠴᠢ ᠰᠠᠭᠤᠷᠢᠨ ᠢᠷᠭᠡᠳ ᠦ᠋ᠨ ᠬᠣᠲᠠ ᠪᠠᠯᠭᠠᠰᠤ ᠶ᠋ᠢ ᠡᠵᠡᠯᠡᠨ ᠠᠪᠬᠤ ᠨᠢ ᠵᠠᠢᠯᠠᠰᠢ ᠦᠭᠡᠢ ᠪᠠᠢᠯ᠎ᠠ᠃ ᠭᠡᠪᠡᠴᠦ ᠲᠠᠯ᠎ᠠ ᠭᠠᠵᠠᠷ ᠲᠤ᠌ ᠮᠣᠷᠢᠨ ᠳᠡᠭᠡᠷ᠎ᠡ ᠰᠡᠯᠡᠮ᠎ᠡ ᠵᠢᠳᠠ᠂ ᠨᠤᠮᠤ ᠰᠤᠮᠤ ᠪᠠᠷ ᠳᠠᠢᠳᠤᠵᠤ ᠰᠤᠷᠤᠭᠰᠠᠨ ᠮᠣᠩᠭᠣᠯ ᠴᠡᠷᠢᠭ ᠲᠦ᠍ ᠰᠢᠪᠡᠷ ᠬᠡᠷᠡᠮ ᠢ᠋ ᠳᠠᠭᠠᠷᠢᠨ ᠡᠵᠡᠯᠡᠬᠦ ᠲᠤᠷᠰᠢᠯᠭ᠎ᠠ ᠠᠷᠭ᠎ᠠ ᠪᠠᠢᠭᠰᠠᠨ ᠦᠭᠡᠢ᠃ ᠰᠤᠷᠭᠠᠵᠤ ᠵᠢᠭᠠᠬᠤ ᠴᠢᠳᠠᠪᠤᠷᠢᠲᠠᠨ ᠴᠤ᠌ ᠦᠭᠡᠢ ᠪᠠᠢᠪᠠ᠃ ᠪᠠᠰᠠ ᠲᠡᠳᠡᠨ ᠢ᠋ ᠶᠠᠭᠠᠬᠢᠵᠤ ᠬᠠᠮᠠᠭᠠᠯᠠᠵᠤ ᠪᠡᠬᠢᠯᠡᠨ ᠰᠠᠭᠤᠳᠠᠭ ᠢ᠋ ᠴᠦ᠍ ᠦᠵᠡᠭᠰᠡᠨ ᠮᠡᠳᠡᠭᠰᠡᠨ ᠬᠥᠮᠦᠨ ᠬᠣᠪᠣᠷ ᠪᠠᠢᠯ᠎ᠠ᠃ ᠶᠠᠭ ᠡᠢᠮᠦ ᠵᠣᠷᠢᠯᠭ᠎ᠠ ᠶ᠋ᠢ ᠬᠡᠷᠡᠭᠵᠢᠭᠦᠯᠵᠦ᠂ ᠬᠤᠷᠠᠭ᠎ᠠ ᠰᠢᠭ᠋ ᠨᠣᠣᠯᠠᠵᠤ ᠪᠣᠯᠬᠤ ᠤᠯᠤᠰ ᠪᠣᠯ ᠲᠠᠩᠭᠤᠳ ᠭᠡᠵᠦ ᠲᠡᠮᠦᠵᠢᠨ ᠨᠠᠷ ᠦᠵᠡᠵᠡᠢ᠃ ᠲᠠᠩᠭᠤᠳ ᠤᠯᠤᠰ ᠲᠤ᠌ ᠬᠦᠷᠬᠦ ᠳ᠋ᠦ᠍ ᠡᠨᠡ ᠠᠯᠲᠠᠢ ᠶ᠋ᠢᠨ ᠨᠢᠷᠤᠭᠤᠨ ᠠ᠋ᠴᠠ ᠬᠠᠮᠤᠭ ᠤ᠋ᠨ ᠲᠦᠳᠡ ᠪᠠᠢᠯ᠎ᠠ᠃ ᠭᠡᠪᠡᠴᠦ ᠲᠠᠩᠭᠤᠳ ᠲᠤ᠌ ᠶᠡᠬᠡ ᠬᠦᠴᠦ ᠪᠡᠷ ᠰᠢᠯᠲᠠᠭᠠᠨ ᠦᠭᠡᠢ ᠳᠣᠪᠲᠣᠯᠬᠤ ᠨᠢ ᠪᠠᠰᠠ ᠭᠠᠯ ᠢ᠋ᠶ᠋ᠠᠷ ᠲᠣᠭᠯᠠᠬᠤ ᠰᠢᠭ᠋ ᠠᠶᠤᠯ ᠲᠠᠢ ᠬᠡᠷᠡᠭ ᠶᠦ᠍ᠮ᠃ ᠲᠠᠩᠭᠤᠳ ᠲᠠᠢ ᠶᠡᠬᠡ ᠲᠡᠢᠨ ᠡᠭᠦᠰᠬᠡᠪᠡᠯ ᠠᠯᠲᠠᠨ ᠤᠯᠤᠰ ᠬᠦᠴᠦ ᠬᠠᠪᠰᠤᠷᠬᠤ ᠲᠤᠯᠠ ᠲᠠᠩᠭᠤᠳ ᠢ᠋ ᠶᠡᠬᠡ ᠬᠦᠴᠦ ᠪᠡᠷ ᠳᠠᠢᠯᠠᠬᠤ ᠭᠡᠰᠡᠨ ᠵᠠᠷᠢᠮ ᠨᠥᠬᠥᠳ ᠦ᠋ᠨ ᠦᠭᠡ᠂ ᠬᠦᠰᠡᠯ ᠢ᠋ ᠨᠢᠴᠤᠭᠠᠬᠤ ᠥᠭᠡᠷ᠎ᠡ ᠠᠷᠭ᠎ᠠ ᠦᠭᠡᠢ ᠪᠣᠯᠵᠠᠢ᠃ ᠭᠡᠪᠡᠴᠦ ᠬᠡᠨ ᠬᠡᠨ ᠢ᠋ᠶ᠋ᠡᠨ ᠭᠣᠮᠣᠳᠠᠭᠠᠬᠤ ᠦᠭᠡᠢ ᠠᠷᠭ᠎ᠠ ᠣᠯᠤᠭᠰᠠᠨ ᠨᠢ ᠬᠠᠮᠤᠭ ᠤ᠋ᠨ ᠰᠢᠯᠢᠳᠡᠭ ᠮᠢᠩᠭᠠᠨ ᠴᠡᠷᠢᠭ ᠢ᠋ ᠰᠢᠯᠢᠨ ᠠᠪᠴᠤ ᠲᠠᠩᠭᠤᠳ ᠤ᠋ᠨ ᠬᠣᠢᠲᠤ ᠲᠠᠯ᠎ᠠ ᠶ᠋ᠢᠨ ᠬᠣᠲᠠ ᠪᠠᠯᠭᠠᠰᠤ ᠶ᠋ᠢ ᠰᠠᠮ ᠳᠣᠪᠲᠣᠯᠤᠨ ᠲᠤᠷᠰᠢᠬᠤ ᠪᠠᠷ ᠰᠢᠢᠳᠦᠭᠰᠡᠨ ᠶᠠᠪᠤᠳᠠᠯ ᠪᠠᠢᠪᠠ᠃ ᠡᠨᠡ ᠴᠡᠷᠢᠭ ᠢ᠋ ᠪᠤᠭᠤᠷᠴᠢ ᠤᠳᠤᠷᠢᠳᠴᠠᠢ᠃ ᠬᠡᠷᠡᠢᠳ ᠦ᠋ᠨ ᠲᠣᠭᠣᠷᠢᠯ ᠬᠠᠨ ᠤ᠋ ᠬᠥᠪᠡᠭᠦᠨ ᠰᠡᠩᠭᠦᠮ᠂ ᠲᠠᠩᠭᠤᠳ ᠤ᠋ᠨ ᠠᠰᠢᠭ ᠪᠠᠯᠭᠠᠰᠤᠨ ᠤ᠋ ᠬᠠᠪᠢ ᠪᠠᠷ ᠲᠡᠨᠦᠭᠦᠴᠢᠯᠡᠨ ᠶᠠᠪᠤᠭ᠎ᠠ ᠶ᠋ᠢ ᠡᠷᠢᠵᠦ ᠣᠯᠬᠤ ᠵᠣᠷᠢᠯᠭ᠎ᠠ ᠲᠠᠢ ᠭᠡᠵᠦ ᠵᠠᠷ ᠲᠠᠷᠬᠠᠭᠠᠳ ᠪᠤᠭᠤᠷᠴᠢ ᠶ᠋ᠢᠨ ᠴᠡᠷᠢᠭ ᠢ᠋ ᠲᠠᠩᠭᠤᠳ ᠤ᠋ᠨ ᠬᠢᠯᠢ ᠶ᠋ᠢ ᠳᠠᠪᠠᠭᠤᠯᠤᠭᠰᠠᠨ ᠪᠢᠯᠡ᠃ ᠡᠨᠡ ᠪᠣᠯ ᠬᠠᠭᠤᠷᠮᠠᠭᠴᠢ ᠵᠣᠷᠢᠯᠭ᠎ᠠ ᠪᠠᠷ ᠬᠠᠯᠬᠠᠪᠴᠢᠯᠠᠨ ᠬᠠᠷᠢ ᠤᠯᠤᠰ ᠲᠤ᠌ ᠬᠢᠭᠰᠡᠨ ᠲᠡᠮᠦᠵᠢᠨ ᠦ᠌ ᠠᠩᠬᠠᠨ ᠤ᠋ ᠲᠡᠢᠨ ᠪᠠᠢᠯ᠎ᠠ᠃ ᠶᠠᠭ ᠢᠩᠭᠢᠵᠦ ᠶᠠᠪᠤᠬᠤ ᠳ᠋ᠠᠭᠠᠨ ᠰᠡᠩᠭᠦᠮ ᠨᠠᠷ ᠲᠤ᠌ ᠲᠠᠯᠠᠭᠳᠠᠭᠰᠠᠨ ᠬᠡᠳᠦᠨ ᠬᠤᠳᠠᠯᠳᠤᠭᠠᠴᠢᠳ ᠲᠠᠢ ᠲᠠᠭᠠᠷᠠᠭᠰᠠᠨ ᠨᠢ ᠳᠠᠶᠠᠨ᠂ ᠲᠡᠭᠦᠨ ᠦ᠌ ᠳᠠᠭᠠᠭᠤᠯ ᠤ᠋ᠳ ᠪᠠᠢᠵᠠᠢ᠃ ᠨᠢᠭᠤᠷ ᠲᠣᠯᠣᠭᠠᠢ ᠶ᠋ᠢ ᠨᠢ ᠴᠤᠬᠤᠢᠯᠭᠠᠨ ᠡᠯᠡᠰᠦᠨ ᠳ᠋ᠦ᠍ ᠪᠤᠯᠠᠵᠤ ᠣᠷᠬᠢᠬᠤ ᠨᠢ ᠳᠡᠭᠡᠷᠡᠮᠴᠢᠳ ᠦ᠋ᠨ ᠬᠠᠮᠤᠭ ᠤ᠋ᠨ ᠰᠢᠯᠢᠳᠡᠭ ᠬᠣᠣᠷᠠᠨ ᠠᠯᠠᠯᠭ᠎ᠠ ᠪᠢᠯᠡ᠃ ᠬᠠᠯᠠᠭᠤᠨ ᠨᠠᠷᠠᠨ ᠳ᠋ᠤ᠌ ᠬᠠᠲᠠᠵᠤ ᠦᠬᠦᠬᠦ ᠨᠢ ᠬᠠᠮᠤᠭ ᠤ᠋ᠨ ᠪᠡᠷᠬᠡ ᠲᠠᠮᠤᠯᠠᠯ ᠶᠤᠮ᠃ ᠬᠠᠷᠢᠨ ᠠᠵᠠ ᠪᠣᠯᠬᠤ ᠳ᠋ᠤ᠌ ᠪᠤᠭᠤᠷᠴᠢ ᠶ᠋ᠢ ᠣᠴᠢᠬᠤ ᠳ᠋ᠤ᠌ ᠲᠠᠶᠠᠨ ᠤ᠋ ᠨᠢᠳᠦ ᠶ᠋ᠢ ᠰᠢᠪᠠᠭᠤ ᠠᠷᠠᠢ ᠰᠣᠬᠣᠯᠴᠢᠬᠠᠭᠠ ᠦᠭᠡᠢ ᠪᠠᠢᠵᠠᠢ᠃ ᠴᠣᠭ ᠶᠠᠪᠤᠭᠰᠠᠨ ᠬᠣᠶᠠᠷ ᠤ᠋ᠨ ᠬᠢᠨᠢ ᠨᠢᠳᠦ ᠶ᠋ᠢ ᠠᠯᠢ ᠡᠷᠲᠡ ᠰᠢᠪᠠᠭᠤ ᠠᠮᠢᠳᠤ ᠪᠠᠷ ᠨᠢ ᠣᠷᠢᠯᠠᠭᠤᠯᠤᠨ ᠤᠬᠤᠵᠤ ᠢᠳᠡᠬᠦ ᠶ᠋ᠢ ᠳᠠᠶᠠᠨ ᠦᠵᠡᠵᠡᠢ᠃ ᠣᠳᠣ ᠲᠡᠭᠦᠨ ᠦ᠌ ᠡᠭᠡᠯᠵᠢ ᠢᠷᠡᠵᠡᠢ᠃ ᠬᠠᠷ᠎ᠠ ᠰᠢᠪᠠᠭᠤ ᠲᠣᠯᠣᠭᠠᠢ ᠳᠡᠭᠡᠷ᠎ᠡ ᠨᠢ ᠢᠷᠡᠵᠦ ᠰᠠᠭᠤᠬᠤ ᠳ᠋ᠤ᠌ ᠳᠠᠶᠠᠨ ᠡᠴᠦᠰ ᠦ᠋ᠨ ᠬᠦᠴᠦ ᠪᠡᠨ ᠰᠢᠪᠬᠠᠨ ᠢᠰᠥᠶ᠋ᠰ ᠲᠩᠷᠢ ᠪᠡᠨ ᠳᠠᠭᠤᠳᠠᠵᠤ ᠠᠪᠤᠷᠠᠯ ᠡᠨᠡᠷᠢᠯ ᠭᠤᠶᠤᠵᠠᠢ᠃ ᠬᠠᠷ᠎ᠠ ᠰᠢᠪᠠᠭᠤᠨ ᠤ᠋ ᠡᠪᠡᠷ ᠬᠣᠰᠢᠭᠤ ᠵᠡᠭᠦᠨ ᠬᠥᠮᠥᠰᠬᠡ ᠶ᠋ᠢ ᠨᠢ ᠬᠠᠨᠵᠠ ᠲᠡᠳᠡᠨ ᠠᠪᠬᠤ ᠳ᠋ᠤ᠌ ᠳᠠᠶᠠᠨ ᠪᠠᠷᠤᠭ ᠤᠬᠠᠭᠠᠨ ᠠᠯᠳᠠᠵᠠᠢ᠃ ᠢᠰᠦᠢᠰ ᠲᠩᠷᠢ ᠲᠡᠭᠦᠨ ᠦ᠌ ᠳᠠᠭᠤ ᠶ᠋ᠢ ᠰᠣᠨᠣᠰᠤᠭᠰᠠᠨ ᠦᠭᠡᠢ ᠠᠵᠢ᠃ ᠢᠰᠥᠶ᠋ᠰ ᠲᠩᠷᠢ ᠳ᠋ᠦ᠍ ᠢᠲᠡᠭᠡᠵᠦ ᠶᠠᠪᠤᠭᠰᠠᠨ ᠨᠢ ᠲᠠᠯᠠᠭᠠᠷ ᠪᠣᠯᠬᠤ ᠶ᠋ᠢ ᠭᠠᠰᠢᠭᠤᠳᠠᠨ ᠮᠡᠳᠡᠷᠡᠬᠦ ᠳᠠᠩᠴᠤ ᠭᠠᠰᠢᠭᠤᠨ ᠪᠠᠢᠭᠰᠠᠨ ᠰᠠᠨ᠃ ᠭᠡᠪᠡᠴᠦ ᠴᠥᠬᠥᠷᠡᠭᠰᠡᠨ ᠦᠭᠡᠢ ᠳᠠᠭᠤᠳᠠᠭᠰᠠᠭᠠᠷ ᠪᠠᠢᠪᠠ᠃ ᠳᠠᠷᠠᠭ᠎ᠠ ᠨᠢ ᠶᠠᠭᠤ ᠪᠣᠯᠤᠭᠰᠠᠨ ᠢ᠋ ᠳᠠᠶᠠᠨ ᠶᠠᠭ ᠯᠠ ᠵᠡᠭᠦᠳᠦᠯᠡᠵᠦ ᠪᠠᠢᠬᠤ ᠰᠢᠭ᠋ ᠦᠵᠡᠵᠡᠢ᠃ ᠬᠦᠵᠦᠭᠦᠦ ᠲᠣᠯᠣᠭᠠᠢ ᠳ᠋ᠠᠭᠠᠨ ᠠᠶᠤᠮᠰᠢᠭᠲᠤ ᠰᠣᠷᠪᠢ ᠲᠠᠢ ᠢᠰᠦᠢᠰ ᠲᠩᠷᠢ ᠶ᠋ᠢᠨ ᠡᠯᠴᠢ ᠬᠦᠷᠴᠦ ᠢᠷᠡᠭᠡᠳ ᠲᠡᠭᠦᠨ ᠢ᠋ ᠡᠯᠡᠰᠦᠨ ᠡᠴᠡ ᠰᠤᠭᠤᠯᠤᠨ ᠠᠪᠤᠷᠠᠵᠤ ᠠᠮᠢᠳᠤᠷᠠᠯ ᠢ᠋ ᠡᠷᠭᠢᠭᠦᠯᠦᠨ ᠥᠭᠭᠦᠭᠡᠳ ᠬᠡᠷᠡᠭ ᠪᠣᠯᠭᠠᠵᠤ ᠨᠡᠷ᠎ᠡ ᠶ᠋ᠢ ᠨᠢ ᠴᠦ᠍ ᠠᠰᠠᠭᠤᠯ ᠦᠭᠡᠢ᠂ ᠢᠷᠡᠭᠰᠡᠨ ᠰᠢᠭ ᠢ᠋ᠶ᠋ᠡᠨ ᠭᠡᠨᠡᠳᠲᠡ ᠠᠯᠠᠭ᠎ᠠ ᠪᠣᠯᠬᠤ ᠳ᠋ᠤ᠌ ᠳᠠᠶᠠᠨ ᠤᠬᠢᠯᠠᠨ ᠮᠥᠷᠭᠥᠭᠰᠡᠭᠡᠷ ᠬᠣᠴᠣᠷᠴᠠᠢ᠃ ᠢᠩᠭᠢᠵᠦ ᠢᠰᠥᠶ᠋ᠰ ᠾᠷᠢᠰᠲ᠋ᠣᠰ ᠲᠡᠭᠦᠨ ᠦ᠌ ᠦᠨᠡᠨᠴᠢ ᠵᠢᠳᠬᠦᠭᠰᠡᠨ ᠢ᠋ ᠨᠢ ᠦᠨᠡᠯᠡᠨ ᠠᠪᠤᠷᠠᠵᠤ ᠥᠷᠥᠰᠢᠶᠡᠪᠡ ᠭᠡᠵᠦ ᠳᠠᠶᠠᠨ ᠡᠷᠭᠢᠯᠲᠡ ᠦᠭᠡᠢ ᠢᠲᠡᠭᠡᠭᠰᠡᠨ ᠪᠢᠯᠡ᠃ ᠬᠣᠶᠠᠷ ᠨᠥᠬᠥᠷ ᠨᠢ ᠰᠢᠪᠠᠭᠤᠨ ᠳ᠋ᠤ᠌ ᠨᠢᠳᠦ ᠪᠡᠨ ᠤᠬᠤᠭᠤᠯᠵᠤ ᠠᠵᠠ ᠲᠠᠢ ᠳᠠᠶᠠᠨ ᠵᠡᠭᠦᠨ ᠬᠥᠮᠥᠰᠬᠡ ᠦᠭᠡᠢ ᠬᠣᠴᠣᠷᠴᠠᠢ᠃ ᠬᠠᠷᠢᠨ ᠰᠣᠬᠣᠷᠠᠵᠤ ᠦᠯᠡᠳᠡᠭᠰᠡᠨ ᠬᠣᠶᠠᠷ ᠨᠥᠬᠥᠷ ᠢ᠋ᠶ᠋ᠡᠨ ᠠᠰᠢᠭ ᠪᠠᠯᠭᠠᠰᠤᠨ ᠤ᠋ ᠳᠡᠷᠭᠡᠳᠡ ᠡᠵᠡᠭᠦᠢ ᠭᠠᠵᠠᠷ ᠥᠪᠡᠷ ᠢ᠋ᠶ᠋ᠡᠨ ᠬᠢᠲᠤᠭᠠᠯᠠᠨ ᠬᠣᠷᠣᠭᠠᠭᠰᠠᠨ ᠪᠢᠯᠡ᠃ ᠡᠭᠦᠨ ᠢ᠋ ᠬᠡᠨ ᠴᠦ᠍ ᠦᠯᠦ ᠮᠡᠳᠡᠨ᠎ᠡ᠃ ᠰᠣᠬᠣᠷᠠᠭᠰᠠᠨ ᠲᠡᠳᠡᠨ ᠢ᠋ ᠮᠠᠯᠯᠠᠵᠤ ᠶᠠᠪᠤᠬᠤ ᠠᠷᠭ᠎ᠠ ᠲᠡᠭᠦᠨ ᠳ᠋ᠦ᠍ ᠪᠠᠢᠭᠰᠠᠨ ᠦᠭᠡᠢ᠃ ᠲᠡᠳᠡᠨ ᠢ᠋ ᠲᠥᠭᠡᠷᠢᠵᠦ ᠡᠰᠡᠪᠡᠯ ᠠᠩᠭᠠᠵᠤ ᠲᠠᠷᠴᠢᠯᠠᠵᠤ ᠦᠬᠦᠬᠦ ᠠᠶᠤᠯ ᠠ᠋ᠴᠠ ᠭᠡᠲᠦᠯᠭᠡᠭᠰᠡᠨ ᠭᠡᠵᠦ ᠣᠳᠣ ᠴᠤ᠌ ᠥᠪᠡᠷ ᠢ᠋ ᠪᠡᠨ ᠴᠠᠭᠠᠳᠬᠠᠨ ᠪᠣᠳᠣᠭᠰᠠᠭᠠᠷ ᠠᠵᠢ᠃ ᠬᠠᠷᠢᠨ ᠥᠨᠥ ᠶ᠋ᠢ ᠬᠦᠷᠲᠡᠯ᠎ᠡ ᠢᠰᠥᠶ᠋ᠰ ᠲᠩᠷᠢ ᠶ᠋ᠢᠨ ᠡᠯᠴᠢ ᠭᠡᠵᠦ ᠰᠠᠨᠠᠵᠤ ᠶᠠᠪᠤᠭᠰᠠᠨ ᠲᠡᠷᠡ ᠤᠯᠠᠭᠠᠨ ᠰᠣᠷᠪᠢᠲᠤ ᠬᠥᠮᠦᠨ ᠲᠡᠢ ᠣᠳᠣ ᠠᠭᠤᠯᠵᠠᠬᠤ᠂ ᠠᠪᠤᠷᠠᠵᠤ ᠥᠷᠥᠰᠢᠶᠡᠭᠰᠡᠨ ᠳ᠋ᠦ᠍ᠨᠢ ᠲᠠᠯᠠᠷᠬᠠᠬᠤ ᠡᠰᠡᠬᠦ ᠪᠡᠨ ᠰᠢᠢᠳᠴᠦ ᠴᠢᠳᠠᠬᠤ ᠦᠭᠡᠢ ᠡᠷᠡᠭᠡᠯᠵᠡᠭᠰᠡᠭᠡᠷ ᠪᠠᠢᠪᠠ᠃ ᠤᠯᠠᠭᠠᠨ ᠰᠣᠷᠪᠢ ᠲᠠᠢ ᠲᠡᠷᠡ ᠡᠷ᠎ᠡ ᠶ᠋ᠢ ᠢᠰᠦᠢᠰ ᠦ᠋ᠨ ᠡᠯᠴᠢ ᠭᠡᠵᠦ ᠢᠲᠡᠭᠡᠵᠦ ᠶᠠᠪᠤᠭᠰᠠᠨ ᠲᠤᠯᠠ ᠪᠤᠭᠤᠷᠴᠢ ᠶ᠋ᠢ ᠴᠢᠩᠭᠢᠰ ᠬᠠᠭᠠᠨ ᠤ᠋ ᠰᠢᠳᠠᠷ ᠰᠠᠢᠳ ᠪᠠᠢᠭᠰᠠᠨ ᠳ᠋ᠤ᠌ ᠶᠡᠬᠡᠳᠡ ᠪᠠᠯᠠᠮᠠᠭᠳᠠᠵᠠᠢ᠃ ᠤᠴᠢᠷ ᠨᠢ ᠥᠩᠭᠡᠷᠡᠭᠰᠡᠨ ᠲᠡᠷᠡ ᠶᠠᠪᠤᠳᠠᠯ ᠠᠪᠷᠠᠮ ᠳᠠᠶᠠᠨ ᠤ᠋ ᠰᠡᠳᠬᠢᠯ ᠳ᠋ᠦ᠍ ᠳᠡᠩᠳᠡᠭᠦᠦ ᠭᠦᠨᠵᠡᠭᠡᠢ ᠤᠯᠠ ᠮᠥᠷ ᠦᠯᠡᠳᠡᠭᠡᠭᠰᠡᠨ ᠪᠠᠢᠪᠠ᠃ ᠲᠡᠷᠡ ᠦᠶ᠎ᠡ ᠳ᠋ᠦ᠍ ᠳᠠᠶᠠᠨ ᠳ᠋ᠤ᠌ ᠦᠬᠦᠬᠦ ᠳ᠋ᠦ᠍ ᠶᠡᠷᠦ ᠳ᠋ᠡᠭᠡᠨ ᠬᠡᠳᠦᠬᠡᠨ ᠬᠣᠷᠣᠮ ᠦᠯᠡᠳᠡᠭᠰᠡᠨ ᠪᠠᠢᠭᠰᠠᠨ ᠪᠢᠯᠡ᠃ ᠬᠠᠷᠠᠭᠰᠠᠭᠠᠷ ᠪᠠᠢᠲᠠᠯ᠎ᠠ ᠬᠡᠳᠦᠨ ᠬᠠᠷ᠎ᠠ ᠰᠢᠪᠠᠭᠤ ᠨᠢᠰᠦᠨ ᠢᠷᠡᠵᠦ ᠬᠣᠶᠠᠷ ᠨᠥᠬᠥᠷ ᠦ᠋ᠨ ᠬᠢᠨᠢ ᠲᠣᠯᠣᠭᠠᠢ ᠳᠡᠭᠡᠷ᠎ᠡ ᠰᠠᠭᠤᠭᠠᠳ ᠨᠢᠳᠦ ᠶ᠋ᠢ ᠨᠢ ᠤᠬᠤᠵᠤ ᠡᠬᠢᠯᠡᠬᠦ ᠳ᠋ᠦ᠍ ᠲᠡᠳᠡᠨ ᠦ᠌ ᠠᠶᠤᠮᠰᠢᠭᠲᠠᠢ ᠪᠠᠷ ᠬᠠᠰᠬᠢᠷᠬᠤ ᠣᠳᠣ ᠴᠤ᠌ ᠴᠢᠬᠢᠨ ᠳ᠋ᠦ᠍ᠨᠢ ᠰᠣᠨᠣᠰᠤᠭᠳᠠᠬᠤ ᠠᠵᠢ᠃ ᠲᠡᠳᠡ ᠵᠦᠭᠡᠷ ᠯᠡ ᠠᠯᠪᠠᠲᠤ ᠵᠠᠷᠤᠴᠠ᠂ ᠢᠰᠥᠶ᠋ᠰ ᠲᠩᠷᠢ ᠳ᠋ᠦ᠍ ᠭᠦᠨᠵᠡᠭᠡᠢ ᠰᠦᠰᠦᠭ ᠪᠢᠰᠢᠷᠡᠯ ᠦᠭᠡᠢ ᠬᠥᠮᠦᠰ ᠪᠠᠢᠭᠰᠠᠨ ᠨᠢ ᠬᠠᠷ᠎ᠠ ᠰᠢᠪᠠᠭᠤᠨ ᠳ᠋ᠤ᠌ ᠨᠢᠳᠦ ᠪᠡᠨ ᠤᠬᠤᠭᠤᠯᠤᠨ ᠲᠠᠮᠤᠯᠠᠭᠤᠯᠬᠤ ᠳ᠋ᠤ᠌ ᠬᠦᠷᠭᠡᠭᠰᠡᠨ ᠭᠡᠮᠡᠨ ᠣᠳᠣ ᠴᠤ᠌ ᠲᠡᠷᠡ ᠢᠲᠡᠭᠡᠬᠦ ᠪᠥᠯᠥᠭᠡ᠃ ᠬᠠᠷᠢᠨ ᠳᠠᠶᠠᠨ ᠶᠢᠷᠲᠢᠨᠴᠦ ᠶ᠋ᠢᠨ ᠡᠵᠡᠨ᠂ ᠠᠪᠤᠷᠠᠭᠴᠢ ᠲᠡᠭᠷᠢ ᠢᠰᠥᠶ᠋ᠰ ᠾᠷᠢᠰᠲ᠋ᠣᠰ ᠢ᠋ ᠵᠠᠢ ᠵᠠᠪ ᠦᠭᠡᠢ ᠳᠠᠭᠤᠳᠠᠨ ᠮᠥᠷᠭᠥᠵᠦ ᠵᠠᠯᠪᠠᠷᠢᠯ ᠤᠩᠰᠢᠯᠭ᠎ᠠ ᠪᠠᠨ ᠳᠠᠰᠤᠯᠤᠭᠠ ᠦᠭᠡᠢ ᠨᠢ ᠲᠡᠭᠦᠨ ᠢ᠋ ᠠᠮᠢᠳᠤ ᠪᠠᠷ ᠢ᠋ᠶ᠋ᠠᠨ ᠨᠢᠳᠦ ᠪᠡᠨ ᠤᠬᠤᠭᠤᠯᠬᠤ ᠠ᠋ᠴᠠ ᠠᠪᠤᠷᠠᠵᠠᠢ᠃
| ᠠᠪᠤᠷᠠᠭᠴᠢ ᠲᠡᠭᠷᠢ ᠢᠰᠦᠢᠰ ᠮᠢᠨᠢ᠂ ᠦᠨᠡᠨᠴᠢ ᠱᠠᠪᠢ ᠨᠠᠮᠠᠶ᠋ᠢ ᠦᠬᠦᠯ ᠡᠴᠡ ᠠᠪᠤᠷᠠᠭᠠᠴᠢ ᠭᠡᠵᠦ ᠭᠤᠶᠤᠭᠰᠠᠭᠠᠷ ᠪᠠᠢᠭᠰᠠᠨ ᠳ᠋ᠤ᠌ ᠨᠥᠬᠥᠳ ᠦ᠋ᠨ ᠬᠢᠨᠢ ᠳᠥᠷᠪᠡᠨ ᠬᠠᠯᠠᠭᠤᠨ ᠨᠢᠳᠦ ᠶ᠋ᠢ ᠤᠬᠤᠵᠤ ᠢᠳᠡᠭᠡᠳ ᠨᠢᠰᠦᠨ ᠢᠷᠡᠵᠦ ᠲᠣᠯᠣᠭᠠᠢ ᠳᠡᠭᠡᠷ᠎ᠡ ᠨᠢ ᠰᠠᠭᠤᠮᠠᠭᠴᠠ ᠬᠥᠮᠥᠰᠬᠡ ᠶ᠋ᠢ ᠨᠢ ᠵᠤᠯᠭᠠᠭᠠᠨ ᠢᠳᠡᠵᠦ ᠡᠬᠢᠯᠡᠭᠰᠡᠨ ᠰᠢᠪᠠᠭᠤᠳ ᠭᠡᠨᠡᠳᠲᠡ ᠨᠢᠰᠦᠨ ᠤᠳᠤᠭᠠᠳ ᠪᠦᠷᠦᠯᠵᠡᠭᠰᠡᠨ ᠨᠢᠳᠦᠨ ᠳ᠋ᠦ᠍ᠨᠢ ᠲᠩᠷᠢ ᠡᠴᠡ ᠮᠣᠷᠢᠲᠠᠨ ᠪᠠᠭᠠᠲᠤᠷ ᠪᠠᠭᠤᠵᠤ ᠢᠷᠡᠬᠦ ᠨᠢ ᠦᠵᠡᠭᠳᠡᠵᠡᠢ᠃ ᠡᠨᠡ ᠪᠣᠯ ᠢᠰᠦᠢᠰ ᠲᠡᠭᠷᠢ ᠶ᠋ᠢᠨ ᠢᠯᠡᠭᠡᠭᠰᠡᠨ ᠠᠪᠤᠷᠠᠭᠴᠢ ᠡᠯᠴᠢ ᠪᠠᠢᠪᠠ᠃ ᠳᠠᠶᠠᠨ ᠤ᠋ ᠵᠢᠷᠦᠬᠡᠨ ᠤ ᠴᠣᠬᠢᠯᠲᠠ ᠤᠳᠠᠭᠠᠰᠢᠷᠠᠭᠠᠳ ᠲᠡᠷᠡ ᠦᠬᠦᠵᠦ ᠪᠠᠢᠭᠰᠠᠨ ᠪᠢᠯᠡ᠃ ᠬᠠᠷᠢᠨ ᠡᠨᠡ ᠪᠦᠬᠦ ᠶᠠᠪᠤᠳᠠᠯ ᠬᠣᠢᠲᠤ ᠨᠠᠰᠤᠨ ᠳ᠋ᠤᠨᠢ ᠪᠣᠯᠵᠤ ᠪᠠᠢᠨ᠎ᠠ ᠭᠡᠵᠦ ᠪᠣᠳᠣᠵᠠᠢ᠃ ᠤᠬᠠᠭᠠᠨ ᠪᠠᠯᠠᠷᠲᠤᠭᠰᠠᠨ ᠲᠡᠭᠦᠨ ᠢ᠋ ᠡᠯᠡᠰᠦᠨ ᠡᠴᠡ ᠰᠤᠭᠤᠯᠤᠨ ᠭᠠᠷᠭᠠᠬᠤ ᠶ᠋ᠢ᠂ ᠪᠤᠯᠠᠭ ᠤ᠋ᠨ ᠴᠡᠩᠭᠡᠭ ᠤᠰᠤ ᠴᠡᠭᠡᠵᠢ ᠶ᠋ᠢ ᠨᠢ ᠣᠩᠭᠣᠢᠯᠭᠠᠨ ᠴᠢᠳᠬᠤᠨ ᠣᠷᠣᠬᠤ ᠶ᠋ᠢ ᠮᠡᠳᠡᠵᠦ ᠰᠡᠭᠡᠭᠡ ᠣᠷᠣᠵᠠᠢ᠃ ᠡᠮᠦᠨ᠎ᠡ ᠨᠢ ᠠᠪᠤᠷᠠᠭᠴᠢ ᠢᠰᠦ᠋ᠰ ᠲᠩᠷᠢ ᠶ᠋ᠢᠨ ᠡᠯᠴᠢ ᠰᠠᠭᠤᠵᠤ ᠪᠠᠢᠪᠠ᠃ ᠵᠡᠭᠦᠨ ᠴᠢᠬᠢᠨ ᠦ᠌ ᠣᠮᠣᠭ ᠠ᠋ᠴᠠ ᠳᠣᠭᠣᠭᠰᠢ ᠭᠦᠨᠵᠡᠭᠡᠢ ᠤᠯᠠᠭᠠᠨ ᠰᠣᠷᠪᠢ ᠲᠠᠢ ᠪᠠᠰᠠ ᠶᠡᠬᠡ ᠵᠥᠭᠡᠯᠡᠬᠡᠨ ᠳᠤᠯᠠᠭᠠᠨ ᠬᠠᠷᠠᠴᠠ ᠲᠠᠢ ᠲᠡᠷᠡ ᠬᠥᠮᠦᠨ ᠴᠣᠬᠣᠮ ᠠᠮᠢᠯᠠᠭᠰᠠᠨ ᠢᠰᠥᠶ᠋ᠰ ᠾᠷᠢᠰᠲ᠋ᠣᠰ ᠰᠢᠭ᠋ ᠦᠵᠡᠭᠳᠡᠵᠡᠢ᠃ ᠳᠠᠶᠠᠨ ᠤ᠋ ᠴᠢᠰᠤ᠂ ᠨᠢᠯᠪᠤᠰᠤ ᠬᠣᠯᠢᠯᠳᠤᠨ ᠤᠷᠤᠰᠴᠤ᠂ ᠲᠡᠭᠷᠢ ᠶ᠋ᠢᠨ ᠡᠯᠴᠢ ᠶ᠋ᠢᠨ ᠡᠭᠡᠳᠡᠩ ᠬᠣᠩᠰᠢᠶᠠᠷᠲᠤ ᠭᠤᠲᠤᠯ ᠤ᠋ᠨ ᠥᠯᠮᠡᠢ ᠡᠴᠡ ᠠᠳᠢᠰ ᠠᠪᠤᠭᠰᠠᠨ ᠢ᠋ᠶ᠋ᠠᠨ ᠯᠠ ᠰᠠᠨᠠᠳᠠᠭ ᠪᠢᠯᠡ᠃ ᠢᠰᠦ᠋ᠰ ᠾᠷᠢᠰᠲ᠋ᠣᠰ ᠠᠮᠢᠳᠤ ᠬᠥᠮᠦᠨ ᠦ᠌ ᠡᠭᠡᠯ ᠳᠦᠷᠢ ᠪᠡᠷ ᠣᠷᠣᠰᠢᠳᠠᠭ᠃ ᠵᠣᠪᠠᠵᠤ ᠰᠢᠨᠠᠯᠤᠭᠰᠠᠨ ᠱᠠᠪᠢ ᠨᠠᠷ ᠢ᠋ᠶ᠋ᠠᠨ ᠦᠷᠭᠦᠯᠵᠢ ᠠᠪᠤᠷᠠᠨ ᠬᠠᠮᠠᠭᠠᠯᠠᠵᠤ ᠪᠠᠢᠳᠠᠭ ᠢ᠋ ᠳᠠᠶᠠᠨ ᠢᠩᠭᠢᠵᠦ ᠥᠪᠡᠷ ᠦ᠋ᠨ ᠪᠡᠶ᠎ᠡ ᠪᠡᠷ ᠦᠵᠡᠵᠡᠢ᠃ ᠲᠡᠭᠦᠨ ᠢ᠋ ᠠᠪᠤᠷᠠᠭᠰᠠᠨ ᠲᠡᠷᠡ ᠲᠡᠭᠷᠢ ᠶ᠋ᠢᠨ ᠡᠯᠴᠢ ᠪᠣᠯ ᠢᠰᠦᠶ᠋ᠰ ᠦ᠋ᠨ ᠠᠷᠪᠠᠨ ᠭᠤᠷᠪᠠᠨ ᠱᠠᠪᠢ ᠶ᠋ᠢᠨ ᠨᠢᠭᠡ ᠵᠣᠷᠢᠭᠲᠤ ᠰᠢᠮᠨᠤ ᠮᠥᠨ ᠪᠣᠯᠬᠤ ᠶ᠋ᠢ ᠰᠡᠭᠦᠯ ᠳ᠋ᠦ᠍ ᠷᠢᠮ ᠳ᠋ᠦ᠍ ᠢᠷᠡᠭᠰᠡᠨ ᠬᠣᠢᠨ᠎ᠠ ᠪᠠᠨ ᠡᠷᠲᠡᠨ ᠦ᠌ ᠰᠤᠳᠤᠷ ᠦᠵᠡᠵᠦ ᠪᠠᠢᠭᠠᠳ ᠳᠠᠶᠠᠨ ᠭᠡᠨᠡᠳᠲᠡ ᠣᠯᠵᠤ ᠮᠡᠳᠡᠵᠡᠢ᠃ ᠵᠣᠷᠢᠭᠲᠤ ᠰᠢᠮᠨᠤ ᠶᠠᠭ ᠲᠡᠷᠡ ᠲᠩᠷᠢ ᠶ᠋ᠢᠨ ᠡᠯᠴᠢ ᠰᠢᠭ ᠵᠡᠭᠦᠨ ᠴᠢᠬᠢᠨ ᠦ᠌ ᠪᠡᠨ ᠣᠮᠣᠭ ᠠ᠋ᠴᠠ ᠳᠣᠭᠣᠭᠰᠢ ᠭᠦᠨᠵᠡᠭᠡᠢ ᠤᠯᠠᠭᠠᠨ ᠰᠣᠷᠪᠢ ᠲᠠᠢ ᠪᠠᠢᠯ᠎ᠠ᠃ ᠠᠪᠤᠷᠠᠭᠴᠢ ᠢᠰᠦ᠋ᠰ ᠦ᠋ᠨ ᠡᠯᠴᠢ ᠰᠢᠮᠨᠤ ᠥᠪᠡᠷ ᠦ᠋ᠨ ᠪᠡᠶ᠎ᠡ ᠪᠡᠷ ᠮᠣᠷᠢᠯᠠᠨ ᠢᠷᠡᠵᠦ ᠲᠠᠩᠭᠤᠳ ᠤ᠋ᠨ ᠴᠦᠯ ᠳ᠋ᠦ᠍ ᠤᠴᠠᠷᠠᠭᠰᠠᠨ ᠭᠠᠷᠴᠠᠭ᠎ᠠ ᠦᠭᠡᠢ ᠦᠬᠦᠯ ᠡᠴᠡ ᠠᠪᠤᠷᠠᠭᠰᠠᠨ ᠲᠤᠬᠠᠢ ᠳᠠᠶᠠᠨ ᠤ᠋ ᠪᠢᠴᠢᠭᠰᠡᠨ ᠨᠣᠮ ᠢᠰᠦ᠋ᠰ ᠾᠷᠢᠰᠲ᠋ᠣᠰ ᠢ᠋ ᠰᠢᠳᠥᠭᠴᠢᠳ ᠦ᠋ᠨ ᠳᠤᠮᠳᠠ ᠠᠯᠳᠠᠷᠰᠢᠨ ᠲᠠᠷᠬᠠᠵᠤ ᠠᠪᠤᠷᠠᠭᠴᠢ ᠢᠰᠦ᠋ᠰ ᠦ᠋ᠨ ᠲᠤᠬᠠᠢ ᠵᠢᠩᠬᠢᠨᠢ ᠦᠨᠡᠨ ᠮᠠᠭᠲᠠᠭᠠᠯ ᠪᠣᠯᠤᠨ ᠳᠠᠭᠤᠷᠢᠰᠣᠬᠳᠠᠬᠰᠠᠨ ᠢ᠋ᠶ᠋ᠠᠷ ᠪᠠᠷᠠᠬᠤ ᠦᠭᠡᠢ ᠳᠠᠶᠠᠨ ᠴᠤ᠌ ᠶᠢᠷᠲᠢᠨᠴᠦ ᠶ᠋ᠢᠨ ᠡᠵᠡᠨ ᠦ᠌ ᠵᠢᠩᠬᠢᠨᠢ ᠦᠨᠡᠨᠴᠢ ᠱᠠᠪᠢ ᠶ᠋ᠢᠨ ᠶᠣᠰᠣᠭᠠᠷ ᠨᠡᠷ᠎ᠡ ᠳ᠋ᠦ᠍ ᠭᠠᠷᠴᠤ ᠲᠦᠳᠡᠯ ᠦᠭᠡᠢ ᠷᠢᠮ ᠦ᠋ᠨ ᠶᠡᠬᠡ ᠯᠠᠮᠠᠲᠠᠨ ᠳ᠋ᠤ᠌ ᠰᠢᠳᠠᠷᠯᠠᠨ ᠬᠠᠮᠤᠭ ᠤ᠋ᠨ ᠠᠯᠳᠠᠷᠲᠠᠢ ᠨᠣᠮᠯᠠᠭᠴᠢ ᠶ᠋ᠢᠨ ᠬᠤᠪᠢ ᠪᠠᠷ ᠰᠢᠯᠢᠭᠳᠡᠨ ᠬᠠᠷᠢ ᠶ᠋ᠢᠨ ᠣᠷᠣᠨ ᠳ᠋ᠤ᠌ ᠡᠯᠴᠢ ᠪᠡᠷ ᠲᠣᠮᠢᠯᠠᠭᠳᠠᠬᠤ ᠪᠣᠯᠤᠭᠰᠠᠨ ᠪᠢᠯᠡ᠃ ᠲᠡᠷᠡ ᠴᠠᠭ ᠠ᠋ᠴᠠ ᠬᠣᠢᠰᠢ ᠳᠠᠶᠠᠨ ᠷᠢᠮ ᠦ᠋ᠨ ᠬᠠᠮᠤᠭ ᠤ᠋ᠨ ᠠᠯᠳᠠᠷᠲᠠᠢ ᠬᠥᠮᠦᠨ ᠦ᠌ ᠨᠢᠭᠡ ᠪᠣᠯᠤᠭᠰᠠᠨ ᠶᠤᠮ᠃ ᠠᠪᠤᠷᠠᠭᠴᠢ ᠢᠰᠦ᠋ᠰ ᠲᠩᠷᠢ ᠥᠪᠡᠷ ᠦ᠋ᠨ ᠦᠨᠡᠨᠴᠢ ᠱᠠᠪᠢ ᠵᠣᠷᠢᠭᠲᠤ ᠱᠤᠯᠤᠮ ᠢ᠋ ᠢᠯᠡᠬᠡᠨ ᠲᠡᠭᠦᠨ ᠢ᠋ ᠬᠠᠮᠠᠭᠠᠯᠠᠨ ᠠᠪᠤᠭᠰᠠᠨ ᠢ᠋ᠶ᠋ᠠᠷ ᠳᠠᠶᠠᠨ ᠥᠪᠡᠷ ᠢ᠋ ᠪᠡᠨ ᠶᠢᠷᠲᠢᠨᠴᠦ ᠶ᠋ᠢᠨ ᠡᠵᠡᠨ ᠦ᠌ ᠢᠪᠡᠭᠡᠯ ᠳ᠋ᠦ᠍ ᠪᠠᠭᠲᠠᠨ ᠨᠡᠷ᠎ᠡ ᠳ᠋ᠦ᠍ ᠭᠠᠷᠤᠨ ᠲᠣᠳᠣᠷᠠᠭᠰᠠᠨ ᠭᠡᠵᠦ ᠴᠢᠩ ᠦᠨᠡᠨ ᠢ᠋ᠶ᠋ᠡᠷ ᠢᠳᠡᠭᠡᠨ ᠪᠢᠰᠢᠷᠡᠵᠦ ᠢᠷᠡᠵᠡᠢ᠃ ᠭᠡᠲᠡᠯ᠎ᠡ ᠥᠨᠥᠳᠥᠷ ᠲᠡᠭᠦᠨ ᠦ᠌ ᠴᠢᠩ ᠦᠨᠡᠨ ᠪᠢᠰᠢᠷᠡᠯ ᠳ᠋ᠦ᠍ ᠬᠡᠵᠢᠶ᠎ᠡ ᠴᠦ᠍ ᠦᠯᠦ ᠮᠠᠷᠲᠠᠭᠳᠠᠬᠤ ᠪᠠᠷ ᠭᠦᠨ ᠰᠢᠩᠭᠡᠭᠰᠡᠨ ᠠᠪᠤᠷᠠᠭᠴᠢ ᠢᠰᠦ᠋ᠰ ᠦ᠋ᠨ ᠡᠯᠴᠢ ᠵᠣᠷᠢᠭᠲᠤ ᠰᠢᠮᠨᠤ ᠂ ᠴᠢᠩᠭᠢᠰ ᠬᠠᠭᠠᠨ ᠤ᠋ ᠳᠡᠷᠭᠡᠳᠡ ᠰᠢᠳᠠᠷᠯᠠᠨ ᠰᠠᠭᠤᠬᠤ ᠶ᠋ᠢ ᠦᠵᠡᠭᠡᠳ ᠤᠴᠢᠷ ᠢ᠋ᠶ᠋ᠠᠨ ᠣᠯᠬᠤ ᠪᠠᠨ ᠪᠠᠢᠪᠠ᠃ ᠦᠨᠡᠬᠡᠷ ᠰᠡᠳᠬᠢᠯ ᠰᠠᠨᠠᠭ᠎ᠠ ᠪᠠᠨ ᠪᠠᠷᠢᠵᠤ᠂ ᠤᠳᠤᠷᠢᠳᠤᠨ ᠵᠢᠯᠣᠭᠣᠳᠴᠤ ᠰᠤᠷᠤᠭᠰᠠᠨ ᠬᠥᠮᠦᠨ ᠦ᠌ ᠶᠣᠰᠣᠭᠠᠷ ᠡᠯᠴᠢ ᠶ᠋ᠢᠨ ᠵᠢᠷᠤᠮ ᠢ᠋ ᠪᠠᠲᠤ ᠰᠠᠬᠢᠨ ᠦᠭᠡ ᠬᠡᠯᠡᠯᠴᠡᠵᠦ ᠴᠢᠳᠠᠵᠠᠢ᠃ ᠶᠢᠰᠦᠨᠲᠡᠢ ᠶ᠋ᠢᠨ ᠲᠤᠰᠢᠶᠠᠯ ᠢ᠋ᠶ᠋ᠠᠷ ᠣᠯᠭᠣᠭᠰᠠᠨ ᠰᠡᠷᠢᠭᠦᠨ ᠭᠡᠷ ᠲᠦ᠍ ᠣᠷᠣᠵᠤ ᠭᠠᠭᠴᠠᠭᠠᠷ ᠦᠯᠡᠳᠡᠮᠡᠭᠴᠡ ᠪᠡᠨ ᠳᠠᠶᠠᠨ ᠬᠥᠯ ᠦᠭᠡᠢ ᠮᠡᠲᠦ ᠰᠥᠬᠥᠷᠡᠨ ᠤᠨᠠᠵᠠᠢ᠃ ᠲᠡᠭᠦᠨ ᠦ᠌ ᠭᠠᠢᠬᠠᠰᠢᠷᠠᠯ ᠡᠷᠭᠡᠯᠵᠡᠭᠡᠨ ᠳ᠋ᠦ᠍ ᠬᠢᠵᠠᠭᠠᠷ ᠪᠠᠢᠭᠰᠠᠨ ᠦᠭᠡᠢ᠃ ᠳᠡᠭᠡᠭᠰᠢ ᠪᠡᠨ ᠤᠬᠤᠵᠤ᠂ ᠬᠡᠵᠢᠶ᠎ᠡ ᠴᠦ᠍ ᠣᠷᠭᠢᠯ ᠦᠭᠡᠢ ᠨᠠᠨᠳᠢᠩᠨᠠᠨ ᠠᠪᠴᠤ ᠶᠠᠪᠤᠳᠠᠭ ᠥᠪᠡᠷ ᠦ᠋ᠨ ᠳᠤᠷᠠᠰᠤᠮᠵᠢ ᠨᠣᠮᠯᠠᠯ ᠢ᠋ᠶ᠋ᠠᠨ ᠭᠠᠷᠭᠠᠨ ᠦᠵᠡᠪᠡ᠃ ᠡᠬᠢᠨ ᠤ ᠨᠢᠭᠤᠷ ᠲᠤ᠌ ᠥᠪᠡᠷ ᠦ᠋ᠨ ᠭᠠᠷ ᠢ᠋ᠶ᠋ᠠᠷ ᠵᠢᠷᠤᠭᠰᠠᠨ ᠶᠢᠷᠲᠢᠨᠴᠦ ᠶ᠋ᠢᠨ ᠡᠵᠡᠨ ᠢᠰᠥᠶ᠋ᠰ ᠲᠩᠷᠢ ᠶ᠋ᠢᠨ ᠡᠯᠴᠢ ᠶ᠋ᠢᠨ ᠵᠢᠷᠤᠭ ᠪᠠᠢᠳᠠᠭ ᠢ᠋ ᠠᠶᠤᠭᠰᠠᠨ ᠮᠡᠲᠦ ᠨᠡᠭᠡᠭᠡᠵᠡᠢ᠃ ᠵᠢᠷᠤᠭ ᠢ᠋ ᠦᠵᠡᠮᠡᠭᠴᠡ ᠪᠡᠨ ᠲᠡᠷᠡ ᠭᠠᠰᠢᠭᠤᠨ ᠢ᠋ᠶ᠋ᠠᠷ ᠡᠬᠡᠷ ᠲᠡᠳᠡᠨ ᠬᠠᠰᠬᠢᠷᠤᠭᠠᠳ ᠤᠬᠠᠭᠠᠨ ᠠᠯᠲᠠᠨ ᠤᠨᠠᠪᠠ᠃ ᠲᠡᠷᠡ ᠶᠠᠭᠠᠬᠢᠬᠤ ᠠᠷᠭ᠎ᠠ ᠦᠭᠡᠢ ᠴᠢᠩᠭᠢᠰ ᠬᠠᠭᠠᠨ ᠤ᠋ ᠰᠢᠳᠠᠷ ᠰᠠᠢᠳ ᠪᠤᠭᠤᠷᠴᠢ ᠶ᠋ᠢᠨ ᠬᠥᠷᠥᠭ ᠢ᠋ ᠵᠢᠷᠤᠭᠰᠠᠨ ᠪᠠᠢᠵᠠᠢ᠃ ᠲᠦᠷ ᠵᠠᠭᠤᠷ᠎ᠠ ᠤᠬᠠᠭᠠᠨ ᠪᠠᠯᠠᠷᠲᠤᠭᠠᠳ ᠰᠡᠷᠭᠦᠬᠦ ᠳ᠋ᠡᠭᠡᠨ ᠠᠪᠷᠠᠮ ᠳᠠᠶᠠᠨ ᠬᠡᠮᠵᠢᠶᠡᠯᠡᠰᠢ ᠦᠭᠡᠢ ᠶᠡᠬᠡ ᠠᠢᠳᠠᠰ ᠲᠤ᠌ ᠠᠪᠲᠠᠭᠰᠠᠨ ᠪᠠᠢᠪᠠ᠃ ᠴᠢᠩᠭᠢᠰ ᠬᠠᠭᠠᠨ ᠤ᠋ ᠪᠣᠯᠤᠭᠠᠳ ᠲᠡᠭᠦᠨ ᠦ᠌ ᠰᠢᠳᠠᠷ ᠰᠠᠢᠳ ᠪᠤᠭᠤᠷᠴᠢ ᠶ᠋ᠢᠨ ᠬᠡᠲᠦᠷᠬᠡᠢ ᠲᠦᠷᠢᠮᠡᠬᠡᠢ ᠳᠠᠪᠠᠯᠢᠭᠤᠨ ᠵᠠᠩ ᠭᠡᠨᠡᠳᠲᠡ ᠠᠪᠤᠷᠠᠭᠴᠢ ᠢᠰᠥᠶ᠋ᠰ ᠲᠡᠢ ᠬᠣᠯᠪᠣᠭ᠎ᠠ ᠲᠠᠢ ᠮᠡᠲᠦ ᠰᠠᠨᠠᠭᠳᠠᠭᠠᠳ ᠲᠡᠷᠡ ᠡᠢᠨ ᠬᠦ᠌ ᠦᠯᠡᠮᠵᠢ ᠶᠡᠬᠡ ᠪᠡᠷ ᠠᠶᠤᠨ ᠪᠠᠯᠠᠮᠠᠭᠳᠠᠵᠠᠢ᠃ ᠲᠠᠯ᠎ᠠ ᠶ᠋ᠢᠨ ᠨᠡᠭᠦᠳᠡᠯᠴᠢᠳ ᠦ᠋ᠨ ᠶᠡᠬᠡ ᠬᠠᠭᠠᠨ ᠲᠡᠮᠦᠵᠢᠨ ᠦ᠌ ᠳᠡᠷᠭᠡᠳᠡ ᠠᠪᠤᠷᠠᠭᠴᠢ ᠢᠰᠦᠢᠰ ᠦ᠋ᠨ ᠡᠯᠴᠢ ᠵᠣᠷᠢᠭᠲᠤ ᠰᠢᠮᠨᠤ ᠥᠪᠡᠷ ᠦ᠋ᠨ ᠪᠡᠶ᠎ᠡ ᠪᠡᠷ ᠵᠠᠯᠠᠷᠠᠵᠤ ᠰᠠᠭᠤᠭ᠎ᠠ ᠶ᠋ᠢ ᠦᠵᠡᠭᠡᠳ ᠳᠠᠶᠠᠨ ᠤᠬᠠᠭᠠᠨ ᠢᠩᠭᠢᠵᠦ ᠰᠠᠮᠠᠭᠤᠷᠠᠬᠤ ᠨᠢ ᠠᠷᠭ᠎ᠠ ᠦᠭᠡᠢ ᠪᠢᠯᠡ᠃ ᠲᠣᠬᠢᠶᠠᠯᠳᠤᠯ ᠪᠢᠰᠢ ᠤᠤ ᠭᠡᠵᠦ ᠥᠪᠡᠷ ᠦ᠋ᠨ ᠰᠠᠮᠠᠭᠤᠷᠠᠭᠰᠠᠨ ᠤᠬᠠᠭᠠᠨ ᠢ᠋ ᠴᠡᠭᠴᠡᠯᠡᠬᠦ ᠶ᠋ᠢ ᠬᠦᠴᠦᠯᠡᠨ ᠣᠷᠣᠯᠳᠣᠭᠰᠠᠭᠠᠷ ᠪᠠᠢᠪᠠᠴᠤ ᠬᠡᠳᠦ ᠶᠡᠬᠡ ᠢᠲᠡᠭᠡᠯ ᠪᠢᠰᠢᠷᠡᠯ ᠨᠢ ᠠᠪᠤᠷᠠᠭᠴᠢ ᠢᠰᠥᠶ᠋ᠰ ᠦ᠋ᠨ ᠡᠰᠡᠷᠭᠦ ᠰᠡᠳᠬᠢᠵᠦ ᠴᠢᠳᠠᠬᠤ ᠦᠭᠡᠢ ᠳ᠋ᠦ᠍ ᠬᠦᠷᠭᠡᠵᠡᠢ᠃ ᠵᠠᠯᠪᠠᠷᠢᠵᠤ ᠮᠥᠷᠭᠥᠭᠰᠡᠨ ᠦ᠌ ᠬᠢᠨᠢ ᠪᠠᠰᠠ ᠢᠲᠡᠭᠡᠵᠦ ᠪᠢᠰᠢᠷᠡᠭᠰᠡᠨ ᠦ᠌ ᠬᠢᠨᠢ ᠬᠠᠷᠢᠭᠤ ᠳ᠋ᠤ᠌ ᠡᠯᠴᠢ ᠪᠡᠨ ᠢᠯᠡᠬᠡᠨ ᠦᠬᠦᠯ ᠡᠴᠡ ᠠᠪᠤᠷᠠᠭᠰᠠᠨ᠂ ᠥᠨᠥ ᠶ᠋ᠢ ᠬᠦᠷᠲᠡᠯ᠎ᠡ ᠠᠮᠢᠳᠤᠷᠠᠯ ᠢ᠋ ᠨᠢ ᠬᠥᠲᠥᠯᠦᠨ ᠵᠢᠭᠠᠵᠤ ᠤᠬᠠᠭᠠᠷᠠᠭᠤᠯᠤᠨ ᠬᠡᠬᠡᠷᠡᠭᠦᠯᠵᠦ ᠪᠠᠢᠭ᠎ᠠ ᠠᠪᠤᠷᠠᠭᠴᠢ ᠢᠰᠦᠢᠰ ᠲᠦ᠍ ᠢᠲᠡᠭᠡᠬᠦ ᠦᠭᠡᠢ ᠪᠠᠢᠬᠤ ᠶ᠋ᠢᠨ ᠠᠷᠭ᠎ᠠ ᠳᠠᠩᠴᠤ ᠪᠠᠢᠭᠰᠠᠨ ᠦᠭᠡᠢ᠃ ᠢᠲᠡᠭᠡᠬᠦ ᠦᠭᠡᠢ ᠪᠠᠢᠨ᠎ᠠ ᠭᠡᠳᠡᠭ ᠥᠪᠡᠷ ᠦ᠋ᠨ ᠦᠵᠡᠭᠰᠡᠨ ᠠᠮᠢᠳᠤᠷᠠᠯ᠂ ᠢᠲᠡᠭᠡᠯ ᠦᠨᠡᠮᠰᠢᠯ ᠡᠴᠡ ᠤᠷᠪᠠᠨ᠎ᠠ ᠭᠡᠰᠡᠨ ᠦᠭᠡ ᠪᠠᠢᠯ᠎ᠠ᠃ ᠡᠴᠦᠰ ᠦ᠋ᠨ ᠡᠴᠦᠰ ᠲᠦ᠍ ᠳᠠᠶᠠᠨ ᠥᠪᠡᠷ ᠦ᠋ᠨ ᠢᠲᠡᠭᠡᠯ ᠪᠢᠰᠢᠷᠡᠯ ᠳ᠋ᠦ᠍ ᠬᠥᠲᠥᠯᠦᠭᠳᠡᠵᠡᠢ᠃ ᠡᠨᠡ ᠪᠣᠯ ᠲᠡᠭᠦᠨ ᠦ᠌ ᠲᠥᠷᠥᠭᠰᠡᠨ ᠡᠳᠦᠷ ᠦ᠋ᠨ ᠲᠥᠭᠡᠷᠢᠭᠡ ᠲᠠᠪᠢᠯᠠᠩ ᠪᠠᠢᠵᠠᠢ᠃ ᠬᠡᠭᠡᠷ᠎ᠡ ᠲᠠᠯ᠎ᠠ ᠶ᠋ᠢᠨ ᠵᠡᠷᠯᠢᠭ ᠪᠦᠳᠦᠭᠦᠯᠢᠭ ᠨᠡᠭᠦᠳᠡᠯᠴᠢᠨ ᠠᠢᠮᠠᠭ ᠤ᠋ᠳ ᠭᠡᠨᠡᠳᠲᠡ ᠬᠦᠴᠦᠷᠬᠡᠭᠵᠢᠨ ᠡᠨᠡ ᠬᠦᠷᠲᠡᠯ᠎ᠡ ᠳᠣᠪᠲᠣᠯᠤᠨ ᠢᠷᠡᠵᠦ᠂ ᠯᠠᠯᠤ ᠶ᠋ᠢᠨ ᠱᠠᠰᠢᠨᠲᠠᠨ ᠤ᠋ ᠶᠡᠬᠡ ᠤᠯᠤᠰ ᠬᠣᠷᠽᠸᠮ ᠢ᠋ ᠰᠥᠨᠥᠭᠡᠨ ᠳᠠᠷᠤᠭᠰᠠᠨ ᠨᠢ ᠶᠢᠷᠲᠢᠨᠴᠦ ᠶ᠋ᠢᠨ ᠡᠵᠡᠨ ᠦ᠌ ᠬᠦᠰᠡᠯ ᠵᠠᠷᠯᠢᠭ ᠢ᠋ᠶ᠋ᠠᠷ ᠬᠢᠭᠳᠡᠵᠦ ᠪᠠᠢᠭ᠎ᠠ ᠬᠡᠷᠡᠭ ᠭᠡᠵᠦ ᠪᠣᠳᠣᠬᠤ ᠠ᠋ᠴᠠ ᠥᠭᠡᠷ᠎ᠡ ᠠᠷᠭ᠎ᠠ ᠦᠭᠡᠢ ᠮᠡᠲᠦ ᠰᠠᠨᠠᠭᠳᠠᠵᠠᠢ᠃ ᠲᠡᠭᠡᠭᠡᠳ ᠴᠦ᠍ ᠡᠨᠡ ᠵᠡᠷᠯᠢᠭ ᠪᠦᠳᠦᠭᠦᠯᠢᠭ ᠨᠡᠭᠦᠳᠡᠯᠴᠢᠳ ᠠᠪᠤᠷᠠᠭᠴᠢ ᠢᠰᠦᠢᠰ ᠦ᠋ᠨ ᠢᠪᠡᠭᠡᠯ ᠳᠡᠮᠵᠢᠯᠭᠡ ᠶ᠋ᠢ ᠣᠯᠬᠤ ᠦᠭᠡᠢ ᠪᠡᠷ ᠶᠠᠭᠠᠬᠢᠨ ᠢᠩᠭᠢᠵᠦ ᠪᠠᠶᠠᠨ ᠬᠦᠴᠦᠷᠬᠡᠭ ᠬᠣᠷᠽᠸᠮ ᠢ᠋ ᠰᠥᠨᠥᠭᠡᠵᠦ ᠴᠢᠳᠠᠬᠤ ᠪᠢᠯᠡ᠃ ᠬᠠᠷᠢᠨ ᠴᠤ᠌ ᠶᠢᠷᠲᠢᠨᠴᠦ ᠶ᠋ᠢᠨ ᠡᠵᠡᠨ ᠥᠪᠡᠷ ᠦ᠋ᠨ ᠦᠨᠡᠨᠴᠢ ᠱᠠᠪᠢ ᠨᠠᠷ ᠢ᠋ᠶ᠋ᠠᠨ ᠬᠠᠮᠠᠭᠠᠯᠠᠨ ᠡᠨᠡ ᠨᠡᠭᠦᠳᠡᠯᠴᠢᠳ ᠦ᠋ᠨ ᠭᠠᠷ ᠢ᠋ᠶ᠋ᠠᠷ ᠪᠤᠷᠤᠭᠤ ᠨᠣᠮᠲᠠᠨ ᠯᠠᠯᠤ ᠶ᠋ᠢᠨ ᠱᠠᠰᠢᠨᠲᠠᠨ ᠨᠤᠭᠤᠳ ᠢ᠋ ᠳᠠᠷᠤᠭᠤᠯᠤᠭᠰᠠᠨ ᠨᠢ ᠨᠢᠭᠡᠨᠲᠡ ᠲᠣᠳᠣᠷᠬᠠᠢ ᠰᠠᠨᠠᠭᠳᠠᠵᠠᠢ᠃ ᠲᠡᠢᠮᠦ ᠴᠦ᠍ ᠤᠴᠢᠷ ᠠ᠋ᠴᠠ ᠴᠢᠩᠭᠢᠰ ᠬᠠᠭᠠᠨ ᠤ᠋ ᠳᠡᠷᠭᠡᠳᠡ ᠥᠪᠡᠷ ᠦ᠋ᠨ ᠦᠨᠡᠨᠴᠢ ᠱᠠᠪᠢ ᠵᠣᠷᠢᠭᠲᠤ ᠰᠢᠮᠨᠤ ᠶ᠋ᠢ ᠢᠯᠡᠬᠡᠨ ᠰᠠᠭᠤᠯᠭᠠᠵᠠᠢ ᠭᠡᠮᠡᠨ ᠳᠠᠶᠠᠨ ᠬᠡᠷᠡᠭ ᠦ᠋ᠨ ᠴᠠᠭᠠᠳᠤ ᠤᠴᠢᠷ ᠢ᠋ ᠲᠠᠢᠯᠤᠨ ᠣᠢᠯᠠᠭᠠᠮᠠᠭᠴᠠ ᠪᠠᠨ ᠴᠣᠬᠣᠮ ᠶᠠᠭᠠᠬᠢᠭᠠᠳ ᠴᠢᠩᠭᠢᠰ ᠬᠠᠭᠠᠨ ᠶᠢᠷᠲᠢᠨᠴᠦ ᠶ᠋ᠢᠨ ᠡᠵᠡᠨ ᠦ᠌ ᠡᠮᠦᠨ᠎ᠡ ᠡᠴᠡ ᠶᠠᠷᠢᠵᠤ ᠪᠠᠢᠭᠰᠠᠨ ᠢ᠋ ᠮᠡᠳᠡᠵᠡᠢ᠃ ᠴᠢᠩᠭᠢᠰ ᠬᠠᠭᠠᠨ ᠡᠨᠡ ᠭᠠᠵᠠᠷ ᠳᠡᠯᠡᠬᠡᠢ ᠶ᠋ᠢᠨ ᠥᠭᠡᠷ᠎ᠡ ᠥᠭᠡᠷ᠎ᠡ ᠱᠠᠰᠢᠨ ᠰᠤᠷᠲᠠᠯ ᠲᠠᠢ ᠤᠯᠤᠰ ᠣᠷᠣᠨ ᠨᠤᠭᠤᠳ ᠢ᠋ ᠢᠯᠪᠢᠨ ᠲᠣᠬᠣᠨᠢᠭᠤᠯᠵᠤ᠂ ᠡᠵᠡᠯᠡᠨ ᠳᠠᠭᠠᠭᠤᠯᠵᠤ ᠪᠠᠢᠭ᠎ᠠ ᠨᠢ ᠶᠢᠷᠲᠢᠨᠴᠦ ᠶ᠋ᠢᠨ ᠡᠵᠡᠨ ᠢᠰᠥᠶ᠋ᠰ ᠾᠷᠢᠰᠲ᠋ᠣᠰ ᠤ᠋ᠨ ᠵᠠᠷᠯᠢᠭ ᠪᠣᠯᠬᠤ ᠶ᠋ᠢ ᠣᠢᠯᠠᠭᠠᠪᠠ᠃ ᠡᠨᠡ ᠲᠤᠬᠠᠢ ᠢᠰᠥᠶ᠋ᠰ ᠦ᠋ᠨ ᠠᠷᠢᠭᠤᠨ ᠰᠤᠳᠤᠷ ᠲᠤ᠌ ᠲᠣᠪ ᠲᠣᠳᠣᠷᠬᠠᠢ ᠥᠭᠦᠯᠡᠭᠰᠡᠨ ᠪᠠᠢᠳᠠᠭ ᠢ᠋ ᠳᠠᠶᠠᠨ ᠭᠡᠨᠡᠳᠲᠡ ᠤᠬᠠᠭᠠᠷᠠᠵᠠᠢ᠃ ᠪᠦᠬᠦᠨ ᠢ᠋ ᠠᠪᠤᠷᠠᠭᠴᠢ ᠲᠩᠷᠢ ᠶᠢᠷᠲᠢᠨᠴᠦ ᠶ᠋ᠢᠨ ᠡᠵᠡᠨ ᠲᠡᠷᠡ ᠪᠡᠷ ᠲᠠᠯ᠎ᠠ ᠶ᠋ᠢᠨ ᠨᠡᠭᠦᠳᠡᠯᠴᠢᠳ ᠦ᠋ᠨ ᠡᠵᠡᠨ ᠲᠡᠮᠦᠵᠢᠨ ᠢ᠋ ᠪᠤᠷᠤᠭᠤ ᠨᠣᠮᠲᠠᠨ ᠨᠤᠭᠤᠳ ᠢ᠋ ᠳᠠᠷᠤᠭᠤᠯᠬᠤ ᠪᠠᠷ ᠭᠠᠵᠠᠷ ᠲᠤ᠌ ᠢᠯᠡᠭᠡᠵᠡᠢ᠃ ᠶᠢᠷᠲᠢᠨᠴᠦ ᠶ᠋ᠢᠨ ᠡᠵᠡᠨ ᠦ᠌ ᠶᠡᠬᠡ ᠬᠦᠴᠦ ᠢᠪᠡᠭᠡᠯ ᠢ᠋ ᠣᠯᠤᠭᠰᠠᠨ ᠴᠢᠩᠭᠢᠰ ᠬᠠᠭᠠᠨ ᠤ᠋ ᠡᠮᠦᠨ᠎ᠡ ᠯᠠᠯᠤ ᠶ᠋ᠢᠨ ᠱᠠᠰᠢᠨᠲᠠᠨ ᠤ᠋ ᠤᠯᠤᠰ ᠬᠤᠷᠽᠸᠮ᠂ ᠪᠠᠭᠳᠠᠳ᠋᠂ ᠳᠠᠷᠠᠭ᠎ᠠ ᠨᠢ ᠺᠠᠰᠫᠢ ᠶ᠋ᠢᠨ ᠪᠣᠯᠤᠭᠠᠳ ᠭᠠᠵᠠᠷ ᠳᠤᠮᠳᠠ ᠶ᠋ᠢᠨ ᠲᠠᠩᠭᠢᠰ ᠤ᠋ᠨ ᠬᠣᠢᠭᠤᠷ ᠣᠷᠣᠰᠢᠬᠤ ᠤᠯᠤᠰ ᠠᠢᠮᠠᠭ ᠤ᠋ᠳ ᠡᠭᠡᠯᠵᠢ ᠳᠠᠷᠠᠭᠠᠯᠠᠨ ᠳᠠᠷᠤᠭᠳᠠᠨ ᠮᠥᠬᠥᠬᠦ ᠲᠠᠪᠢᠯᠠᠩ ᠢ᠋ ᠳᠠᠶᠠᠨ ᠣᠳᠣ ᠲᠣᠳᠣ ᠬᠠᠷᠠᠵᠤ ᠪᠠᠢᠯ᠎ᠠ᠃ ᠬᠠᠷᠢᠨ ᠲᠡᠷᠡ ᠥᠪᠡᠷ ᠢ᠋ ᠪᠡᠨ ᠡᠨᠡ ᠶᠢᠷᠲᠢᠨᠴᠦ ᠶ᠋ᠢᠨ ᠬᠠᠮᠤᠭ ᠤ᠋ᠨ ᠠᠵᠠ ᠲᠠᠢ ᠬᠥᠮᠦᠨ ᠳ᠋ᠦ᠍ ᠲᠣᠭᠠᠴᠠᠪᠠ᠃ ᠶᠢᠷᠲᠢᠨᠴᠦ ᠶ᠋ᠢᠨ ᠡᠵᠡᠨ ᠦᠨᠡᠬᠡᠷ ᠲᠡᠭᠦᠨ ᠢ᠋ ᠣᠨᠴᠠᠯᠠᠨ ᠦᠵᠡᠵᠦ ᠢᠪᠡᠭᠡᠯ ᠳ᠋ᠡᠭᠡᠨ ᠪᠠᠭᠲᠠᠭᠠᠭᠰᠠᠨ ᠳ᠋ᠤ᠌ ᠳᠠᠬᠢᠨ ᠢᠲᠡᠭᠡᠪᠡ᠃ ᠲᠡᠷᠡ ᠶᠢᠷᠲᠢᠨᠴᠦ ᠶ᠋ᠢᠨ ᠡᠵᠡᠨ ᠦ᠌ ᠡᠯᠴᠢ ᠲᠡᠢ ᠬᠣᠶᠠᠷ ᠳᠠᠬᠢᠨ ᠠᠭᠤᠯᠵᠠᠪᠠ᠃ ᠡᠢᠮᠦ ᠬᠥᠮᠦᠨ ᠵᠠᠭᠠᠯᠮᠠᠢ ᠰᠢᠲᠦᠯᠭᠡᠲᠡᠨ ᠦ᠌ ᠳᠣᠲᠣᠷ᠎ᠠ ᠲᠡᠭᠦᠨ ᠡᠴᠡ ᠥᠭᠡᠷ᠎ᠡ ᠪᠠᠢᠬᠤ ᠦᠭᠡᠢ ᠭᠡᠳᠡᠭ ᠲᠦ᠍ ᠲᠡᠷᠡ ᠢᠲᠡᠭᠡᠯ ᠲᠡᠢ ᠪᠠᠢᠯ᠎ᠠ᠃ ᠡᠨᠡ ᠪᠣᠯ ᠲᠡᠭᠦᠨ ᠢ᠋ ᠷᠢᠮ ᠦ᠋ᠨ ᠶᠡᠬᠡ ᠯᠠᠮᠠᠳᠠᠨ ᠤ᠋ ᠵᠠᠯᠭᠠᠮᠵᠢᠯᠠᠭᠴᠢ ᠪᠠᠢᠬᠤ ᠶᠣᠰᠣᠲᠠᠢ ᠶ᠋ᠢ ᠪᠠᠲᠤᠯᠠᠬᠤ ᠮᠡᠲᠦ ᠰᠠᠨᠠᠭᠳᠠᠬᠤ ᠠᠵᠢ᠃ ᠮᠠᠷᠭᠠᠰᠢ ᠥᠷᠯᠥᠭᠡ ᠨᠢ ᠠᠪᠷᠠᠮ ᠳᠠᠶᠠᠨ ᠤᠨᠲᠠᠭᠠᠳ ᠰᠡᠷᠡᠬᠦ ᠳ᠋ᠡᠭᠡᠨ ᠲᠥᠷᠥᠯ ᠠᠷᠠᠯᠵᠢᠭᠰᠠᠨ ᠪᠠᠢᠪᠠ᠃ ᠲᠡᠷᠡ ᠡᠨᠡ ᠮᠥᠴᠡ ᠡᠴᠡ ᠡᠬᠢᠯᠡᠨ ᠶᠢᠷᠲᠢᠨᠴᠦ ᠶ᠋ᠢᠨ ᠡᠵᠡᠨ ᠦ᠌ ᠡᠯᠴᠢ ᠴᠢᠩᠭᠢᠰ ᠬᠠᠭᠠᠨ ᠤ᠋ ᠭᠡᠭᠡᠨ ᠦᠢᠯᠡᠰ ᠲᠦ᠍ ᠮᠥᠩᠬᠡᠳᠡ ᠵᠢᠳᠬᠦᠬᠦ ᠪᠡᠷ ᠰᠢᠢᠳᠪᠡ᠃ ᠴᠢᠩᠭᠢᠰ ᠬᠠᠭᠠᠨ ᠤ᠋ ᠴᠡᠷᠢᠭ ᠢ᠋ ᠷᠢᠮ ᠳ᠋ᠦ᠍ ᠣᠴᠢᠬᠤ ᠳ᠋ᠤ᠌ ᠨᠠᠢᠷ ᠲᠠᠯᠪᠢᠨ ᠬᠡᠷᠡᠮ ᠦ᠋ᠨ ᠬᠠᠭᠠᠯᠭ᠎ᠠ ᠪᠠᠨ ᠳᠡᠯᠭᠡᠨ ᠤᠭᠲᠤᠨ᠎ᠠ ᠭᠡᠵᠦ ᠠᠮᠠᠯᠠᠭᠠᠳ ᠮᠣᠷᠳᠠᠵᠠᠢ᠃ ᠠᠪᠤᠷᠠᠭᠴᠢ ᠢᠰᠦᠢᠰ ᠦ᠋ᠨ ᠡᠯᠴᠢ ᠪᠤᠭᠤᠷᠴᠢ ᠲᠡᠭᠦᠨ ᠢ᠋ ᠲᠠᠨᠢᠭᠰᠠᠨ ᠦᠭᠡᠢ ᠳ᠋ᠦ᠍᠂ ᠪᠠᠰᠠ ᠦᠳᠡᠵᠦ ᠥᠭᠭᠦᠭᠰᠡᠨ ᠦᠭᠡᠢ ᠳ᠋ᠦ᠍ ᠳᠠᠶᠠᠨ ᠣᠭᠲᠣᠬᠠᠨ ᠴᠤ᠌ ᠭᠣᠮᠣᠳᠠᠭᠰᠠᠨ ᠦᠭᠡᠢ ᠪᠡᠷ ᠪᠠᠷᠠᠬᠤ ᠦᠭᠡᠢ ᠢᠩᠭᠢᠬᠦ ᠨᠢ ᠵᠦᠢ ᠶᠣᠰᠣᠨ ᠤ᠋ ᠬᠡᠷᠡᠭ ᠭᠡᠵᠦ ᠪᠣᠳᠣᠵᠠᠢ᠃ ᠡᠨᠡ ᠮᠥᠴᠡ ᠳ᠋ᠦ᠍ ᠶᠢᠷᠲᠢᠨᠴᠦ ᠶ᠋ᠢᠨ ᠡᠵᠡᠨ ᠦ᠌ ᠡᠯᠴᠢ ᠲᠡᠢ ᠳᠠᠬᠢᠨ ᠤᠴᠠᠷᠠᠭᠠᠳ ᠪᠤᠴᠠᠵᠤ ᠶᠠᠪᠤᠭ᠎ᠠ ᠠᠪᠷᠠᠮ ᠳᠠᠶᠠᠨ ᠰᠢᠭ᠋ ᠠᠵᠠ ᠵᠢᠷᠭᠠᠯᠲᠠᠢ᠂ ᠵᠣᠷᠢᠯᠭ᠎ᠠ ᠢᠲᠡᠭᠡᠯ ᠲᠡᠭᠦᠰ ᠬᠥᠮᠦᠨ ᠭᠠᠵᠠᠷ ᠳᠡᠭᠡᠷ᠎ᠡ ᠪᠠᠢᠬᠤ ᠦᠭᠡᠢ ᠪᠠᠢᠭᠰᠠᠨ ᠪᠢᠯᠡ᠃ ᠷᠢᠮ ᠬᠦᠷᠲᠡᠯ᠎ᠡ ᠨᠣᠢᠷ ᠬᠣᠭᠣᠯᠠ ᠦᠭᠡᠢ ᠳᠣᠪᠲᠣᠯᠭᠠᠭᠰᠠᠨ ᠨᠢ ᠶᠡᠬᠡ ᠯᠠᠮᠠᠳᠠᠨ ᠳ᠋ᠠᠭᠠᠨ ᠶᠢᠷᠲᠢᠨᠴᠦ ᠶ᠋ᠢᠨ ᠡᠵᠡᠨ ᠣ ᠡᠯᠴᠢ ᠶ᠋ᠢᠨ ᠵᠠᠷᠯᠢᠭ ᠢ᠋ ᠳᠠᠷᠤᠢ ᠬᠦᠷᠭᠡᠬᠦ ᠶ᠋ᠢᠨ ᠲᠤᠯᠠᠳᠠ ᠶᠤᠮ᠃ ᠶᠢᠷᠲᠢᠨᠴᠦ ᠶ᠋ᠢᠨ ᠡᠵᠡᠨ ᠦ᠌ ᠡᠯᠴᠢ ᠲᠡᠢ ᠠᠭᠤᠯᠵᠠᠵᠤ ᠴᠢᠩᠭᠢᠰ ᠬᠠᠭᠠᠨ ᠤ᠋ ᠦᠨᠡᠨ ᠵᠣᠷᠢᠯᠭ᠎ᠠ ᠶ᠋ᠢ ᠤᠬᠠᠭᠠᠷᠠᠭᠰᠠᠨ ᠨᠢ ᠲᠡᠭᠦᠨ ᠢ᠋ ᠳᠠᠬᠢᠨ ᠠᠯᠳᠠᠷᠰᠢᠬᠤ ᠶ᠋ᠢᠨ ᠡᠬᠢᠯᠡᠯ ᠪᠣᠯᠤᠨ᠎ᠠ ᠭᠡᠵᠦ ᠪᠣᠳᠣᠬᠤ ᠠ᠋ᠴᠠ ᠳᠠᠩᠴᠤ ᠪᠠᠬᠠᠷᠬᠠᠯᠲᠠᠢ ᠰᠠᠢᠬᠠᠨ ᠪᠠᠢᠵᠠᠢ᠃ ᠲᠡᠷᠡ ᠣᠳᠣ ᠵᠠᠭᠤ ᠪᠢᠰᠢ᠂ ᠪᠦᠷ ᠬᠣᠶᠠᠷ ᠵᠠᠭᠤ ᠨᠠᠰᠤᠯᠠᠬᠤ ᠶ᠋ᠢ ᠬᠦᠰᠡᠪᠡ᠃
ᠠᠪᠷᠠᠮ ᠳᠠᠶᠠᠨ ᠬᠡᠮᠡᠬᠦ ᠵᠡᠭᠦᠳ ᠭᠠᠷᠤᠯᠲᠠᠢ᠂ ᠵᠠᠭᠠᠯᠮᠠᠢ ᠶ᠋ᠢᠨ ᠱᠠᠰᠢᠨ ᠤ᠋ ᠲᠡᠷᠡ ᠬᠦ᠌ ᠨᠣᠮᠯᠠᠭᠴᠢ ᠶ᠋ᠢ ᠶᠠᠪᠤᠭᠰᠠᠨ ᠤ᠋ ᠮᠠᠷᠭᠠᠰᠢ ᠰᠥᠨᠢ ᠯᠠᠯᠤ ᠶ᠋ᠢᠨ ᠱᠠᠰᠢᠨ᠂ ᠠᠯᠯᠠ ᠲᠩᠷᠢ ᠶ᠋ᠢ ᠰᠢᠲᠦᠭᠴᠢ ᠲᠦᠷᠺ ᠢᠷᠡᠨ ᠭᠠᠷᠤᠯᠲᠠᠢ ᠤᠷᠠᠨ ᠳᠠᠷᠬᠠᠨ ᠢᠰᠢ ᠾᠢᠮᠡᠮ ᠪᠤᠭᠤᠷᠴᠢ ᠶ᠋ᠢᠨ ᠬᠠᠮᠲᠤ ᠲᠩᠷᠢ ᠠᠭᠤᠯᠠᠨ ᠤ᠋ ᠵᠦᠭ ᠶᠠᠪᠤᠵᠤ ᠪᠠᠢᠯ᠎ᠠ᠃ ᠢᠰᠢ ᠾᠢᠮᠡᠮ ᠦ᠋ᠨ ᠰᠡᠳᠬᠢᠯ ᠳ᠋ᠦ᠍ ᠭᠦᠨ ᠥᠭᠡᠷᠡᠴᠢᠯᠡᠯᠲᠡ ᠭᠠᠷᠤᠭᠰᠠᠨ ᠢ᠋ ᠬᠡᠷᠪᠡ ᠡᠳᠦᠷ ᠪᠠᠢᠭᠰᠠᠨ ᠪᠣᠯ ᠪᠤᠭᠤᠷᠴᠢ ᠠᠩᠵᠠᠭᠠᠷᠠᠵᠤ ᠬᠠᠷᠠᠬᠤ ᠪᠠᠢᠯ᠎ᠠ᠃ ᠭᠡᠪᠡᠴᠦ ᠲᠦᠨᠡᠷ ᠬᠠᠷᠠᠩᠭᠤᠢ ᠰᠥᠨᠢ ᠪᠦᠬᠦ ᠦᠨᠡᠨ ᠵᠦᠢᠯᠡᠰ ᠢ᠋ ᠬᠠᠯᠬᠠᠯᠠᠨ ᠨᠢᠭᠤᠵᠤ ᠪᠠᠢᠵᠠᠢ᠃ ᠬᠠᠷᠢᠨ ᠪᠤᠭᠤᠷᠴᠢ ᠮᠠᠷᠭᠠᠰᠢ ᠨᠢ ᠰᠦᠪᠡᠭᠡᠳᠡᠢ ᠶ᠋ᠢᠨ ᠵᠦᠭ ᠮᠣᠷᠢᠨ ᠴᠠᠭ ᠲᠤ᠌ ᠬᠥᠳᠡᠯᠬᠦ ᠪᠡᠷ ᠪᠡᠯᠡᠨ ᠪᠣᠯᠵᠠᠢ᠃ ᠢᠰᠢ ᠾᠢᠮᠡᠮ ᠦ᠋ᠨ ᠪᠦᠲᠦᠭᠡᠭᠰᠡᠨ ᠱᠠᠲᠤ ᠶ᠋ᠢ ᠰᠢᠲᠠᠭᠠᠮᠠᠭᠴᠠ ᠪᠤᠭᠤᠷᠴᠢ ᠴᠢᠩᠭᠢᠰ ᠬᠠᠭᠠᠨ ᠳ᠋ᠤ᠌ ᠪᠠᠷᠠᠯᠬᠠᠨ ᠲᠡᠭᠦᠨ ᠦ᠌ ᠰᠡᠭᠦᠯᠴᠢ ᠶ᠋ᠢᠨ ᠵᠠᠷᠯᠢᠭ ᠵᠠᠬᠢᠶ᠎ᠠ ᠶ᠋ᠢ ᠰᠣᠨᠣᠰᠬᠤ ᠠᠵᠢ᠃ ᠪᠤᠭᠤᠷᠴᠢ ᠶ᠋ᠢᠨ ᠰᠡᠳᠬᠢᠯ ᠲᠡᠨᠢᠭᠦᠨ ᠥᠭᠡᠳᠡᠷᠡᠭ ᠪᠠᠢᠪᠠ᠃ ᠲᠡᠭᠦᠨ ᠳ᠋ᠦ᠍ ᠭᠤᠨᠢᠬᠤ ᠭᠤᠲᠤᠷᠠᠬᠤ ᠦᠨᠳᠦᠰᠦ ᠥᠴᠦᠬᠡᠨ ᠴᠦ᠍ ᠪᠠᠢᠭᠰᠠᠨ ᠦᠭᠡᠢ᠃ ᠲᠡᠷᠡ ᠮᠠᠷᠭᠠᠰᠢ ᠰᠢᠨ᠎ᠡ ᠭᠠᠵᠠᠷ ᠣᠷᠣᠨ ᠢ᠋ ᠲᠤᠭᠤᠯᠤᠨ ᠶᠠᠪᠤᠬᠤ ᠭᠡᠵᠦ ᠪᠠᠢᠬᠤ ᠳ᠋ᠤ᠌ ᠪᠡᠶᠡᠰᠦᠨ ᠪᠠᠬᠠᠳᠤᠬᠤ ᠠ᠋ᠴᠠ ᠥᠭᠡᠷ᠎ᠡ ᠶᠠᠭᠠᠬᠢᠬᠤ ᠪᠢᠯᠡ᠃ ᠬᠡᠷᠡᠭᠡ ᠬᠥᠪᠡᠭᠦᠨ ᠨᠢ ᠭᠣᠣᠯ ᠴᠡᠷᠢᠭ ᠢ᠋ᠶ᠋ᠡᠨ ᠠᠴᠢᠶ᠎ᠠ ᠬᠥᠰᠬᠡ ᠪᠡᠨ ᠤᠳᠤᠷᠢᠳᠤᠨ ᠥᠷᠯᠥᠭᠡ ᠡᠷᠲᠡ ᠵᠠᠮ ᠳ᠋ᠤ᠌ ᠭᠠᠷᠤᠭᠰᠠᠨ ᠪᠠᠢᠯ᠎ᠠ᠃ ᠬᠡᠷᠡᠭᠡ ᠬᠥᠪᠡᠭᠦᠨ ᠦ᠌ ᠪᠡᠨ ᠪᠠᠶᠠᠷᠲᠠᠢ ᠴᠢᠷᠠᠢ ᠶ᠋ᠢ ᠬᠠᠷᠠᠭᠠᠳ ᠪᠤᠭᠤᠷᠴᠢ ᠠᠮᠢᠳᠤᠷᠠᠯ ᠳ᠋ᠠᠭᠠᠨ ᠠᠩᠬ᠎ᠠ ᠤᠳᠠᠭ᠎ᠠ ᠡᠴᠢᠭᠡ ᠬᠥᠮᠦᠨ ᠣ ᠶᠣᠰᠣ ᠪᠠᠷ ᠵᠢᠷᠭᠠᠯᠲᠠᠢ ᠪᠣᠯᠤᠭᠰᠠᠨ ᠪᠢᠯᠡ᠃ ᠡᠨᠡ ᠪᠣᠯ ᠲᠡᠭᠦᠨ ᠦ᠌ ᠬᠤᠪᠢ ᠳ᠋ᠤ᠌ ᠤᠷᠢᠳ ᠡᠮᠦᠨ᠎ᠡ ᠡᠳ᠋ᠯᠡᠵᠦ ᠦᠵᠡᠭᠡ ᠦᠭᠡᠢ ᠵᠢᠷᠭᠠᠯ ᠪᠢᠯᠡ᠃
ᠱᠠᠲᠤ ᠶ᠋ᠢ ᠰᠢᠲᠠᠭᠠᠬᠤ ᠳ᠋ᠤ᠌ ᠪᠡᠯᠡᠳᠬᠡᠬᠦ ᠵᠠᠷᠯᠢᠭ ᠬᠦᠯᠢᠶᠡᠭᠰᠡᠨ ᠡᠭᠦᠯᠡᠨ ᠴᠡᠷᠪᠢ ᠠᠯᠢ ᠡᠷᠲᠡ ᠱᠠᠲᠤ ᠶ᠋ᠢ ᠭᠠᠵᠠᠷ ᠤ᠋ᠨ ᠲᠣᠰᠣ ᠪᠠᠷ ᠨᠡᠪᠴᠢᠭᠦᠯᠵᠦ ᠪᠡᠯᠡᠳᠴᠡᠢ᠃ ᠣᠳᠣ ᠭᠠᠭᠴᠠᠬᠠᠨ ᠭᠠᠯ ᠬᠦᠷᠭᠡᠬᠦ ᠯᠡ ᠦᠯᠡᠳᠡᠭᠡᠳ ᠪᠤᠭᠤᠷᠵᠢ ᠰᠠᠢᠳ ᠢ᠋ ᠬᠦᠯᠢᠶᠡᠵᠦ ᠪᠠᠢᠪᠠ᠃ ᠡᠨᠡ ᠥᠴᠦᠬᠡᠨ ᠬᠡᠷᠡᠭ ᠢ᠋ ᠵᠠᠪᠠᠯ ᠪᠤᠭᠤᠷᠴᠢ ᠥᠪᠡᠷ ᠦ᠋ᠨ ᠪᠡᠶ᠎ᠡ ᠪᠡᠷ ᠬᠦᠷᠦᠯᠴᠡᠨ ᠢᠷᠡᠵᠦ ᠬᠠᠷᠠᠬᠤ ᠶ᠋ᠢᠨ ᠤᠴᠢᠷ ᠢ᠋ ᠡᠭᠦᠯᠡᠨ ᠴᠡᠷᠪᠢ ᠣᠢᠯᠠᠭᠠᠭᠰᠠᠨ ᠦᠭᠡᠢ ᠪᠢᠯᠡ᠃ ᠵᠠᠮ ᠵᠠᠭᠤᠷ᠎ᠠ ᠢᠰᠢ ᠾᠢᠮᠡᠮ ᠶᠠᠭᠤ ᠴᠤ᠌ ᠳᠤᠤᠭᠠᠷᠤᠭᠰᠠᠨ ᠦᠭᠡᠢ ᠳ᠋ᠦ᠍ ᠪᠤᠭᠤᠷᠴᠢ ᠲᠡᠭᠦᠨ ᠦ᠌ ᠰᠡᠳᠬᠢᠯ ᠢ᠋ ᠣᠢᠯᠠᠭᠠᠬᠤ ᠲᠤᠯᠠ ᠲᠡᠭᠦᠨ ᠢ᠋ ᠵᠣᠪᠠᠭᠠᠵᠤ ᠳᠤᠤᠭᠠᠷᠤᠭᠰᠠᠨ ᠦᠭᠡᠢ ᠶᠠᠪᠤᠭᠰᠠᠭᠠᠷ ᠱᠠᠲᠤᠨ ᠤ᠋ ᠳᠡᠷᠭᠡᠳᠡ ᠢᠷᠡᠵᠡᠢ᠃ ᠡᠭᠦᠯᠡᠨ ᠴᠡᠷᠪᠢ ᠲᠡᠳᠡᠨ ᠢ᠋ ᠤᠭᠲᠤᠨ ᠠᠪᠬᠤ ᠳ᠋ᠤ᠌ ᠶᠠᠭ ᠰᠥᠨᠢ ᠳᠤᠮᠳᠠ ᠪᠣᠯᠵᠤ ᠨᠢᠳᠦ ᠦᠭᠡᠢ ᠬᠠᠷ᠎ᠠ ᠰᠥᠨᠢ ᠨᠥᠮᠥᠷᠴᠡᠢ᠃ 《ᠡᠨᠡ ᠱᠠᠲᠤᠨ ᠤ᠋ ᠳᠡᠷᠭᠡᠳᠡ ᠢᠷᠡᠬᠦ ᠳ᠋ᠦ᠍ ᠵᠠᠪᠠᠯ ᠰᠠᠷ᠎ᠠ ᠦᠭᠡᠢ ᠰᠥᠨᠢ ᠲᠠᠭᠠᠷᠠᠬᠤ ᠶᠤᠮ ᠳᠠ》 ᠭᠡᠵᠦ ᠪᠤᠭᠤᠷᠴᠢ ᠪᠣᠳᠣᠵᠠᠢ᠃ ᠱᠠᠲᠤᠨ ᠤ᠋ ᠰᠡᠤᠬᠡᠨ ᠳ᠋ᠦ᠍ ᠰᠠᠭᠤᠬᠤ ᠶ᠋ᠢᠨ ᠡᠮᠦᠨ᠎ᠡ ᠢᠰᠢ ᠾᠢᠮᠡᠮ ᠨᠢᠭᠡ ᠵᠦᠢᠯ ᠬᠡᠯᠡᠬᠦ ᠭᠡᠳ ᠪᠠᠢᠭ᠎ᠠ ᠶ᠋ᠢ ᠮᠡᠳᠡᠭᠰᠡᠨ ᠪᠤᠭᠤᠷᠴᠢ ᠪᠠᠬᠠᠨ ᠭᠠᠢᠬᠠᠵᠤ ᠡᠭᠦᠯᠡᠨ ᠴᠡᠷᠪᠢ ᠶ᠋ᠢ ᠬᠣᠯᠠᠳᠬᠤ ᠶ᠋ᠢ ᠲᠤᠰᠢᠶᠠᠪᠠ᠃
| ᠢᠰᠢ ᠾᠢᠮᠡᠮ ᠴᠢ ᠪᠤᠤ ᠠᠶᠤ᠃ ᠪᠢ ᠴᠢᠮᠠᠶ᠋ᠢ ᠶᠡᠷᠦ ᠰᠢᠲᠠᠭᠠᠴᠢᠬᠠᠬᠤ ᠦᠭᠡᠢ᠃ ᠴᠢ ᠬᠠᠷᠢᠨ ᠳᠠᠷᠤᠢ ᠡᠷᠭᠢᠵᠦ ᠢᠷ᠎ᠡ᠃ ᠴᠢᠮᠠᠶ᠋ᠢ ᠪᠠᠭᠤᠵᠤ ᠢᠷᠡᠮᠡᠭᠴᠡ ᠰᠢᠲᠠᠭᠠᠨ᠎ᠠ ᠭᠡᠵᠦ ᠪᠤᠭᠤᠷᠴᠢ ᠲᠡᠭᠦᠨ ᠢ᠋ ᠲᠠᠢᠪᠤᠰᠢᠷᠠᠭᠤᠯᠪᠠ᠃ ᠶᠠᠭᠠᠬᠢᠭᠠᠳ ᠴᠤ᠌ ᠶᠤᠮ ᠪᠣᠢ ᠪᠤᠭᠤᠷᠴᠢ ᠥᠪᠡᠷ ᠢ᠋ ᠪᠡᠨ ᠢᠰᠢ ᠾᠢᠮᠡᠮ ᠦ᠋ᠨ ᠡᠮᠦᠨ᠎ᠡ ᠪᠤᠷᠤᠭᠤ ᠲᠠᠢ ᠮᠡᠲᠦ ᠰᠠᠨᠠᠬᠤ ᠪᠣᠯᠤᠭᠰᠠᠨ ᠲᠤᠯᠠ ᠢᠩᠭᠢᠵᠦ ᠵᠥᠭᠡᠯᠡᠨ ᠳᠤᠤᠭᠠᠷᠴᠠᠢ᠃ ᠪᠠᠮᠪᠠᠷ ᠤ᠋ᠨ ᠭᠡᠷᠡᠯ ᠳ᠋ᠦ᠍ ᠢᠰᠢ ᠾᠢᠮᠡᠮ ᠦ᠋ᠨ ᠨᠢᠳᠦ ᠭᠢᠯᠠᠯᠵᠠᠵᠤ ᠠᠮᠢᠰᠬᠤᠭ᠎ᠠ ᠨᠢ ᠳᠠᠪᠬᠤᠴᠠᠭᠰᠠᠨ ᠮᠡᠲᠦ ᠠᠮᠠ ᠨᠢ ᠠᠩᠭᠠᠯᠵᠠᠵᠤ ᠪᠠᠢᠬᠤ ᠨᠢ ᠦᠵᠡᠭᠳᠡᠵᠡᠢ᠃ ᠲᠥᠯᠥᠪ ᠳᠠᠷᠤᠤ ᠡᠨᠡ ᠤᠷᠠᠨ ᠳᠠᠷᠬᠠᠨ ᠢ᠋ ᠢᠩᠭᠢᠵᠦ ᠦᠬᠦᠯ ᠦᠵᠡᠭᠰᠡᠨ ᠮᠡᠲᠦ ᠳᠣᠭᠳᠣᠯᠤᠨ ᠴᠡᠴᠡᠷᠡᠵᠦ ᠪᠠᠢᠬᠤ ᠶ᠋ᠢ ᠪᠤᠭᠤᠷᠴᠢ ᠡᠮᠦᠨ᠎ᠡ ᠨᠢ ᠦᠵᠡᠭᠰᠡᠨ ᠦᠭᠡᠢ ᠪᠣᠯᠬᠣᠷ ᠶᠡᠬᠡᠳᠡ ᠭᠠᠢᠬᠠᠵᠠᠢ᠃
| ᠪᠤᠭᠤᠷᠴᠢ ᠰᠠᠢᠳ ᠠ᠋᠂ ᠪᠢ ᠲᠠᠨ ᠳ᠋ᠤ᠌ ᠭᠣᠮᠣᠳᠠᠬᠤ ᠰᠠᠨᠠᠬᠤ ᠵᠦᠢᠯ ᠦᠭᠡᠢ᠂ ᠭᠡᠪᠡᠴᠦ ᠪᠢ ᠳᠠᠬᠢᠨ ᠡᠷᠭᠢᠵᠦ ᠢᠷᠡᠬᠦ ᠦᠭᠡᠢ᠂ ᠪᠢ ᠥᠪᠡᠷ ᠦ᠋ᠨ ᠪᠦᠲᠦᠭᠡᠭᠰᠡᠨ ᠡᠨᠡ ᠱᠠᠲᠤ ᠲᠠᠢ ᠬᠠᠮᠲᠤ ᠡᠭᠦᠷᠢᠳᠡ ᠰᠢᠲᠠᠬᠤ ᠶ᠋ᠢ ᠬᠦᠰᠡᠨ᠎ᠡ᠃ ᠥᠪᠡᠷ ᠦ᠋ᠨ ᠪᠦᠲᠦᠭᠡᠭᠰᠡᠨ ᠡᠨᠡ ᠱᠠᠲᠤ ᠶ᠋ᠢ ᠦᠨᠡᠰᠦ ᠪᠣᠯᠤᠨ ᠰᠢᠲᠠᠬᠤ ᠶ᠋ᠢ ᠪᠢ ᠶᠠᠭᠠᠬᠢᠪᠠᠴᠤ ᠥᠪᠡᠷ ᠦ᠋ᠨ ᠨᠢᠳᠦ ᠪᠡᠷ ᠬᠠᠷᠠᠵᠤ ᠴᠢᠳᠠᠬᠤ ᠦᠭᠡᠢ᠃ ᠡᠭᠦᠨ ᠦ᠌ ᠣᠷᠣᠨ ᠳ᠋ᠤ᠌ ᠦᠬᠦᠭᠰᠡᠨ ᠮᠢᠨᠢ ᠳᠡᠭᠡᠷ᠎ᠡ ᠶᠦᠮ᠃ ᠡᠭᠦᠨ ᠦ᠌ ᠲᠥᠯᠥᠭᠡ ᠠᠯᠯᠠ ᠲᠡᠭᠷᠢ ᠲᠠᠨ ᠤ᠋ ᠴᠢᠩᠭᠢᠰ ᠬᠠᠭᠠᠨ ᠢ᠋ ᠥᠷᠥᠰᠢᠶᠡᠬᠦ ᠦᠭᠡᠢ᠃ ᠴᠢᠩᠭᠢᠰ ᠬᠠᠭᠠᠨ ᠦᠢᠯᠡᠳᠦᠭᠰᠡᠨ ᠨᠢᠭᠦᠯ ᠦ᠋ᠨ ᠢ᠋ᠶ᠋ᠡᠨ ᠬᠣᠣᠷ ᠢ᠋ ᠥᠪᠡᠷ ᠢ᠋ᠶ᠋ᠡᠨ ᠠᠮᠰᠠᠬᠤ ᠪᠣᠯᠤᠨ᠎ᠠ᠃ ᠪᠢ ᠲᠡᠭᠦᠨ ᠢ᠋ ᠠᠯᠯᠠ ᠲᠡᠭᠷᠢ ᠳ᠋ᠦ᠍ ᠠᠢᠯᠠᠳᠬᠠᠵᠤ ᠬᠡᠰᠭᠡᠭᠡᠨ ᠴᠡᠭᠡᠷᠯᠡᠭᠦᠯᠬᠦ ᠶ᠋ᠢ ᠬᠦᠰᠡᠬᠦ ᠪᠡᠷ ᠶᠠᠪᠤᠯ᠎ᠠ᠃ ᠠᠯᠯᠡ ᠲᠡᠭᠷᠢ ᠡᠴᠡ ᠢᠯᠡᠭᠦᠦ ᠬᠦᠴᠦᠲᠡᠨ ᠡᠨᠡ ᠭᠠᠵᠠᠷ ᠲᠤ᠌ ᠪᠠᠢᠬᠤ ᠦᠭᠡᠢ ᠭᠡᠳᠡᠭ ᠢ᠋ ᠪᠢ ᠴᠢᠩᠭᠢᠰ ᠬᠠᠭᠠᠨ ᠳ᠋ᠤ᠌ ᠦᠵᠡᠭᠦᠯᠦᠨ᠎ᠡ᠃ ᠲᠠ ᠮᠢᠨᠦ ᠡᠨᠡ ᠦᠭᠡ ᠶ᠋ᠢ ᠴᠢᠩᠭᠢᠰ ᠬᠠᠭᠠᠨ ᠳ᠋ᠠᠭᠠᠨ ᠠᠢᠯᠠᠳᠬᠠᠭᠲᠤᠨ᠃ ᠮᠢᠨᠦ ᠬᠡᠯᠡᠬᠦ ᠦᠭᠡ ᠳᠠᠭᠤᠰᠤᠯ᠎ᠠ ᠭᠡᠳ ᠢᠰᠢ ᠾᠢᠮᠠᠮ ᠲᠣᠯᠣᠭᠠᠢ ᠳᠡᠭᠡᠷ᠎ᠡ ᠪᠡᠨ ᠬᠤᠪᠢᠩ ᠲᠠᠢ ᠲᠣᠰᠣ ᠠᠰᠬᠠᠭᠠᠳ ᠱᠠᠲᠤᠨ ᠳ᠋ᠤ᠌ ᠰᠠᠭᠤᠵᠠᠢ᠃
| ᠪᠤᠭᠤᠷᠴᠢ ᠰᠠᠢᠳ ᠠ᠋᠂ ᠬᠦᠷᠳᠦ ᠶ᠋ᠢ ᠡᠷᠭᠢᠭᠦᠯ ᠭᠡᠵᠦ ᠴᠡᠷᠢᠭ ᠦ᠋ᠳ ᠲᠦ᠍ ᠲᠤᠰᠢᠶᠠᠭᠲᠤᠨ ᠭᠡᠵᠦ ᠢᠰᠢ ᠾᠢᠮᠡᠮ ᠬᠠᠰᠬᠢᠷᠴᠠᠢ᠃ ᠴᠡᠷᠢᠭ ᠦ᠋ᠳ ᠪᠡᠯᠡᠨ ᠪᠠᠢᠯ᠎ᠠ᠃ ᠪᠤᠭᠤᠷᠴᠢ ᠡᠨᠡ ᠭᠡᠨᠡᠨ ᠲᠡᠨᠡᠭ ᠳᠠᠷᠬᠠᠨ ᠤ᠋ ᠬᠥᠭᠡᠷᠦᠦ ᠦᠭᠡ ᠶ᠋ᠢ ᠣᠭᠲᠣ ᠲᠣᠭᠣᠭᠰᠠᠨ ᠦᠭᠡᠢ ᠬᠣᠢᠰᠢ ᠤᠬᠤᠷᠢᠵᠤ ᠴᠡᠷᠢᠭ ᠦ᠋ᠳ ᠲᠡᠭᠡᠨ ᠳᠣᠬᠢᠶ᠎ᠠ ᠥᠭᠪᠡ᠃ ᠬᠦᠷᠳᠦ ᠴᠢᠬᠠᠷᠠᠨ ᠡᠷᠭᠢᠵᠦ ᠢᠰᠢ ᠾᠢᠮᠡᠮ ᠬᠠᠷᠠᠭᠳᠠᠬᠤ ᠦᠭᠡᠢ ᠪᠣᠯᠪᠠ᠃ ᠭᠡᠨᠡᠳᠲᠡ ᠪᠤᠭᠤᠷᠴᠢ ᠶ᠋ᠢᠨ ᠡᠭᠳᠡᠭᠦᠦ ᠬᠥᠳᠡᠯᠵᠦ ᠡᠭᠦᠯᠡᠨ ᠴᠡᠷᠪᠢ ᠶ᠋ᠢᠨ ᠪᠠᠷᠢᠵᠤ ᠪᠠᠢᠭᠰᠠᠨ ᠪᠠᠮᠪᠠᠷ ᠢ᠋ ᠠᠪᠤᠭᠠᠳ ᠱᠠᠲᠤᠨ ᠳ᠋ᠤ᠌ ᠬᠦᠷᠭᠡᠪᠡ᠃ ᠲᠣᠰᠣᠨ ᠳ᠋ᠤ᠌ ᠨᠡᠪᠴᠢᠭᠰᠡᠨ ᠱᠠᠲᠤ ᠳᠦᠷᠡᠯᠵᠡᠨ ᠠᠰᠠᠵᠤ ᠭᠠᠯ ᠳᠡᠭᠡᠭᠰᠢ ᠥᠭᠰᠥᠨ ᠲᠦᠳᠡᠯ ᠦᠭᠡᠢ ᠭᠠᠯ ᠳ᠋ᠤ᠌ ᠠᠪᠲᠠᠭᠰᠠᠨ ᠢᠰᠢ ᠾᠢᠮᠡᠮ ᠠᠶᠤᠮᠰᠢᠭᠲᠠᠢ ᠪᠠᠷ ᠬᠠᠰᠬᠢᠷᠬᠤ ᠰᠣᠨᠣᠰᠳᠠᠵᠠᠢ᠃ ᠭᠡᠪᠡᠴᠦ ᠢᠰᠢ ᠾᠢᠮᠡᠮ ᠤᠨᠠᠵᠤ ᠢᠷᠡᠭᠰᠡᠨ ᠦᠭᠡᠢ᠃
| ᠢᠰᠢ ᠾᠢᠮᠡᠮ᠂ ᠴᠢ ᠡᠨᠳᠡᠭᠦᠷᠡᠵᠡᠢ᠃ ᠴᠢ ᠲᠡᠷᠡ ᠠᠯᠯᠠ ᠲᠡᠭᠷᠢ ᠲᠡᠢ ᠪᠡᠨ ᠬᠡᠵᠢᠶ᠎ᠡ ᠴᠦ᠍ ᠠᠭᠤᠯᠵᠠᠵᠤ ᠴᠢᠳᠠᠬᠤ ᠦᠭᠡᠢ ᠭᠡᠵᠦ ᠪᠤᠭᠤᠷᠴᠢ ᠬᠣᠷᠣᠰᠤᠨ ᠰᠢᠪᠡᠨᠡᠵᠡᠢ᠃ ᠱᠠᠲᠤ ᠲᠥᠯᠥᠨ ᠳ᠋ᠦ᠍ ᠠᠪᠲᠠᠨ ᠶᠠᠭ ᠭᠠᠯᠲᠤ ᠮᠣᠭᠠᠢ ᠰᠢᠭ᠋ ᠦᠵᠡᠭᠳᠡᠨ᠎ᠡ᠃ ᠱᠠᠲᠤ ᠰᠥᠨᠢᠵᠢᠨ ᠢ᠋ᠶ᠋ᠡᠨ ᠰᠢᠳᠡᠵᠦ ᠬᠠᠷᠢᠨ ᠥᠷᠯᠥᠭᠡ ᠪᠣᠯᠬᠤ ᠳ᠋ᠤ᠌ ᠠᠭᠤᠯᠠᠨ ᠤ᠋ ᠪᠠᠯ ᠳ᠋ᠤ᠌ ᠣᠪᠣᠭᠠᠯᠠᠭᠰᠠᠨ ᠦᠨᠡᠰᠦ ᠪᠣᠯᠤᠨ ᠬᠣᠴᠣᠷᠴᠠᠢ᠃ ᠬᠠᠷᠢᠨ ᠠᠭᠤᠯᠠᠨ ᠤ᠋ ᠣᠷᠣᠢ ᠬᠦᠷᠲᠡᠯ᠎ᠡ ᠡᠯᠢᠭᠡᠨ ᠬᠠᠳᠠᠨ ᠳᠡᠭᠡᠷ᠎ᠡ ᠰᠢᠲᠠᠭᠰᠠᠨ ᠣᠷᠣᠮ ᠢ᠋ᠶ᠋ᠠᠷ ᠬᠠᠷ᠎ᠠ ᠮᠥᠷ ᠦᠯᠡᠳᠡᠭᠰᠡᠨ ᠢ᠋ ᠬᠡᠵᠢᠶ᠎ᠡ ᠬᠣᠢᠨ᠎ᠠ ᠪᠣᠯᠲᠠᠯ᠎ᠠ ᠨᠤᠲᠤᠭ ᠤ᠋ᠨ ᠢᠷᠭᠡᠳ ᠾᠢᠮᠡᠮ ᠦ᠋ᠨ ᠵᠠᠮ ᠭᠡᠵᠦ ᠨᠡᠷᠡᠯᠡᠭᠰᠡᠭᠡᠷ ᠪᠠᠢᠬᠤ ᠶ᠋ᠢ ᠬᠡᠨ ᠴᠦ᠍ ᠲᠠᠭᠠᠭᠰᠨᠨ ᠦᠭᠡᠢ᠃ ᠢᠩᠭᠢᠵᠦ ᠢᠰᠢ ᠾᠢᠮᠡᠮ ᠭᠡᠭᠴᠢ ᠤᠷᠠᠨ ᠳᠠᠷᠬᠠᠨ ᠠᠯᠯᠠ ᠲᠡᠭᠷᠢ ᠲᠡᠢ ᠠᠭᠤᠯᠵᠠᠵᠤ ᠴᠢᠩᠭᠢᠰ ᠬᠠᠭᠠᠨ ᠲᠠᠢ ᠵᠠᠷᠭᠤᠯᠳᠤᠭᠰᠠᠨ ᠡᠰᠡᠬᠦ ᠶ᠋ᠢ ᠬᠡᠨ ᠴᠦ᠍ ᠮᠡᠳᠡᠬᠦ ᠦᠭᠡᠢ ᠬᠣᠴᠣᠷᠴᠠᠢ᠃ ᠲᠡᠷᠡ ᠰᠥᠨᠢ ᠴᠢᠩᠭᠢᠰ ᠬᠠᠭᠠᠨ ᠣᠷᠳᠣᠨ ᠠ᠋ᠴᠠ ᠪᠠᠨ ᠬᠣᠯᠠᠳᠤᠨ ᠶᠠᠪᠤᠵᠤ ᠱᠠᠲᠤ ᠬᠡᠷᠬᠢᠨ ᠰᠢᠲᠠᠬᠤ ᠶ᠋ᠢ ᠣᠢᠷ᠎ᠠ ᠠ᠋ᠴᠠ ᠬᠠᠷᠠᠭᠰᠠᠭᠠᠷ ᠨᠣᠢᠷ ᠦᠭᠡᠢ ᠬᠣᠨᠣᠵᠠᠢ᠃ ᠣᠳᠣ ᠪᠦᠬᠦ ᠵᠦᠢᠯ ᠲᠡᠭᠦᠨ ᠦ᠌ ᠬᠦᠰᠡᠭᠰᠡᠨ ᠢ᠋ᠶ᠋ᠡᠷ ᠪᠣᠯᠵᠤ ᠲᠡᠭᠷᠢ ᠠᠭᠤᠯᠠᠨ ᠤ᠋ ᠣᠷᠣᠢ ᠳ᠋ᠤ᠌ ᠬᠥᠮᠦᠨ ᠦ᠌ ᠬᠥᠯ ᠨᠢᠭᠡᠨᠲᠡ ᠬᠦᠷᠬᠦ ᠦᠭᠡᠢ ᠪᠣᠯᠵᠠᠢ᠃ ᠥᠭᠡᠯᠦᠨ ᠡᠬᠡ ᠨᠢ ᠳᠡᠷᠭᠡᠳᠡ ᠪᠠᠢᠭᠰᠠᠨ ᠪᠣᠯ ᠲᠡᠭᠦᠨ ᠦ᠌ ᠬᠢᠭᠰᠡᠨ ᠢ᠋ ᠬᠠᠷᠠᠭᠠᠳ ᠯᠠᠪᠲᠠᠢ ᠰᠠᠢᠰᠢᠶᠠᠨ ᠮᠠᠭᠲᠠᠬᠤ ᠪᠠᠢᠭᠰᠠᠨ ᠳᠠ ᠭᠡᠵᠦ ᠶᠠᠭᠠᠬᠢᠭᠠᠳ ᠴᠤ᠌ ᠶᠤᠮ ᠪᠣᠢ ᠪᠣᠳᠣᠵᠤ ᠪᠠᠢᠪᠠ᠃ ᠤᠴᠢᠷ ᠨᠢ ᠥᠭᠡᠯᠦᠨ ᠡᠬᠡ ᠨᠢ ᠲᠡᠭᠦᠨ ᠢ᠋ ᠲᠡᠭᠷᠢ ᠡᠴᠡ ᠬᠠᠷᠠᠵᠤ ᠪᠠᠢᠭᠰᠠᠨ ᠪᠢᠯᠡ᠃ ᠬᠠᠷᠢᠨ ᠪᠤᠭᠤᠷᠴᠢ ᠦᠷ ᠴᠠᠢᠭᠰᠠᠨ ᠬᠣᠢᠨ᠎ᠠ ᠢᠷᠡᠵᠡᠢ᠃
| ᠬᠠᠭᠠᠨᠲᠠᠨ᠂ ᠪᠢ ᠮᠣᠷᠢᠨ ᠴᠠᠭ ᠲᠤ᠌ ᠮᠣᠷᠳᠠᠨ᠎ᠠ ᠭᠡᠬᠦ ᠡᠴᠡ ᠥᠭᠡᠷ᠎ᠡ ᠦᠭᠡ ᠬᠡᠯᠡᠭᠰᠡᠨ ᠦᠭᠡᠢ᠃ ᠪᠤᠭᠤᠷᠴᠢ ᠶ᠋ᠢᠨ ᠰᠡᠳᠬᠢᠯ ᠲᠠᠪᠠ ᠦᠭᠡᠢ ᠪᠣᠯᠵᠠᠢ᠃ ᠭᠡᠮ ᠦᠭᠡᠢ ᠳᠠᠷᠬᠠᠨ ᠢ᠋ ᠳᠡᠮᠡᠢ ᠰᠢᠲᠠᠭᠠᠵᠤ ᠠᠯᠠᠭᠰᠠᠨ ᠳ᠋ᠠᠭᠠᠨ ᠲᠡᠷᠡ ᠬᠠᠷᠠᠮᠰᠠᠵᠤ ᠪᠠᠢᠯ᠎ᠠ᠃ ᠭᠡᠪᠡᠴᠦ ᠲᠡᠭᠦᠨ ᠢ᠋ ᠪᠡᠨ ᠴᠢᠩᠭᠢᠰ ᠬᠠᠭᠠᠨ ᠳ᠋ᠤ᠌ ᠴᠤᠬᠤᠢᠯᠭᠠᠭᠰᠠᠨ ᠦᠭᠡᠢ᠃ ᠪᠠᠰᠠ ᠢᠰᠢ ᠾᠢᠮᠠᠮ ᠤ᠋ᠨ ᠬᠡᠯᠡᠭᠰᠡᠨ ᠦᠭᠡ ᠶ᠋ᠢ ᠴᠦ᠍ ᠲᠠᠰᠤ ᠨᠢᠭᠤᠨ ᠥᠩᠭᠡᠷᠡᠭᠡᠬᠦ ᠪᠡᠷ ᠰᠢᠢᠳᠴᠡᠢ᠃ ᠡᠯᠳᠡᠪ ᠲᠡᠨᠡᠭ ᠠᠮᠢᠲᠠᠳ ᠤ᠋ᠨ ᠦᠭᠡ ᠶ᠋ᠢ ᠰᠣᠨᠣᠰᠬᠠᠵᠤ ᠴᠢᠩᠭᠢᠰ ᠬᠠᠭᠠᠨ ᠢ᠋ ᠴᠢᠯᠡᠭᠡᠬᠦ ᠶ᠋ᠢ ᠬᠦᠰᠡᠭᠰᠡᠨ ᠦᠭᠡᠢ᠃ ᠪᠠᠰᠠ ᠲᠡᠷᠡ ᠠᠯᠯᠠ ᠲᠡᠭᠷᠢ ᠡᠴᠡ ᠴᠦ᠍ ᠠᠶᠤᠭᠰᠠᠨ ᠦᠭᠡᠢ᠃
| ᠰᠦᠪᠡᠭᠡᠳᠡᠢ ᠴᠢᠮᠠᠶ᠋ᠢ ᠢᠷᠡᠨ᠎ᠡ ᠭᠡᠳ ᠨᠢᠳᠦ ᠪᠡᠨ ᠬᠥᠬᠡᠷᠡᠲᠡᠯ᠎ᠡ ᠬᠠᠷᠠᠭᠤᠯᠳᠠᠨ ᠰᠠᠭᠤᠭ᠎ᠠ ᠪᠢᠵᠡ᠂ ᠪᠤᠭᠤᠷᠴᠢ ᠴᠢ ᠵᠠᠮ ᠳ᠋ᠠᠭᠠᠨ ᠪᠤᠤ ᠰᠠᠭᠠᠲᠠ᠃ ᠪᠢ ᠴᠢᠮᠠᠶ᠋ᠢ ᠮᠣᠷᠳᠠᠮᠠᠭᠴᠠ ᠶᠡᠬᠡ ᠴᠡᠷᠢᠭ ᠢ᠋ᠶ᠋ᠡᠨ ᠬᠥᠳᠡᠯᠭᠡᠨ ᠨᠤᠲᠤᠭ ᠤ᠋ᠨ ᠵᠦᠭ ᠶᠠᠪᠤᠨ᠎ᠠ᠃ ᠲᠠ ᠨᠠᠷ ᠡᠷᠴᠢᠰ ᠮᠥᠷᠡᠨ ᠦ᠌ ᠬᠥᠨᠳᠡᠢ ᠳ᠋ᠦ᠍ ᠪᠢᠳᠡᠨ ᠢ᠋ ᠭᠦᠢᠴᠡᠵᠦ ᠣᠴᠢᠭᠲᠤᠨ᠃ ᠪᠢᠳᠡ ᠲᠡᠨᠳᠡ ᠬᠦᠷᠦᠭᠡᠳ ᠲᠠ ᠨᠠᠷ ᠢ᠋ ᠬᠦᠯᠢᠶᠡᠨ ᠡᠪᠦᠯᠵᠢᠶ᠎ᠡ᠃ ᠲᠡᠭᠡᠭᠡᠳ ᠬᠣᠢᠲᠤᠨ ᠵᠤᠨ ᠭᠡᠬᠦ ᠳ᠋ᠦ᠍ ᠮᠣᠩᠭᠣᠯ ᠨᠤᠲᠤᠭ ᠲᠠᠭᠠᠨ ᠬᠦᠷᠦᠨ᠎ᠡ ᠭᠡᠵᠦ ᠴᠢᠩᠭᠢᠰ ᠬᠠᠭᠠᠨ ᠭᠠᠵᠠᠷ ᠤ᠋ᠨ ᠵᠢᠷᠤᠭ ᠬᠠᠷᠠᠵᠤ ᠰᠠᠭᠤᠭᠠᠳ ᠬᠡᠯᠡᠵᠡᠢ᠃ ᠲᠡᠷᠡ ᠦᠶ᠎ᠡ ᠳ᠋ᠦ᠍ ᠴᠢᠩᠭᠢᠰ ᠬᠠᠭᠠᠨ ᠪᠤᠭᠤᠷᠴᠢ ᠬᠣᠶᠠᠷ ᠵᠠᠳᠠᠭᠠᠢ ᠠᠯᠲᠠᠨ ᠠᠰᠠᠷ ᠤ᠋ᠨ ᠳᠣᠣᠷ᠎ᠠ ᠴᠡᠢᠯᠡᠵᠦ ᠰᠠᠭᠤᠵᠠᠢ᠃
| ᠵᠠ ᠪᠢ ᠬᠠᠭᠠᠨ ᠲᠠᠨ ᠤ᠋ ᠬᠡᠯᠡᠭᠰᠡᠨ ᠢ᠋ᠶ᠋ᠡᠷ ᠶᠠᠪᠤᠶ᠎ᠠ᠃ ᠰᠦᠪᠡᠭᠡᠳᠡᠢ ᠵᠡᠪᠡ ᠨᠠᠷ ᠴᠤ᠌ ᠢᠩᠭᠢᠨ᠎ᠡ ᠪᠢᠵᠡ᠃
| ᠪᠢ ᠴᠢᠮᠠᠶ᠋ᠢ ᠥᠪᠡᠷ ᠦ᠋ᠨ ᠪᠡᠶ᠎ᠡ ᠪᠡᠷ ᠦᠳᠡᠵᠦ ᠥᠭᠭᠦᠨ᠎ᠡ᠃ ᠬᠣᠶᠠᠭᠤᠯᠠ ᠥᠷᠲᠡᠭᠡ ᠭᠠᠵᠠᠷ ᠬᠠᠮᠲᠤ ᠶᠠᠪᠤᠶ᠎ᠠ᠃ ᠴᠢ ᠲᠡᠭᠦᠨ ᠡᠴᠡ ᠴᠠᠭᠠᠰᠢ ᠰᠢᠪᠠᠭᠤ ᠮᠡᠲᠦ ᠨᠢᠰᠦᠭᠲᠦᠨ᠃
| ᠬᠠᠭᠠᠨᠲᠠᠨ ᠲᠠ ᠢᠩᠭᠢᠵᠦ ᠪᠡᠶ᠎ᠡ ᠪᠡᠨ ᠴᠢᠯᠡᠭᠡᠬᠦ ᠬᠡᠷᠡᠭ ᠶᠠᠭᠤ ᠪᠠᠢᠬᠤ ᠪᠢᠯᠡ?
| ᠪᠤᠭᠤᠷᠴᠢ ᠴᠢ ᠬᠦᠯᠢᠶᠡ᠃ ᠪᠢ ᠮᠣᠷᠢᠨ ᠳᠡᠭᠡᠷ᠎ᠡ ᠭᠠᠷᠴᠤ ᠬᠡᠢ ᠮᠣᠷᠢ ᠪᠠᠨ ᠰᠡᠷᠭᠦᠭᠡᠬᠦ ᠨᠢ ᠮᠠᠭᠤ ᠶᠠᠪᠤᠳᠠᠯ ᠪᠢᠰᠢ ᠰᠢᠦ᠃ ᠪᠢ ᠮᠣᠷᠢ ᠤᠨᠤᠭᠰᠠᠨ ᠦᠭᠡᠢ ᠪᠠᠷᠤᠭ ᠰᠠᠷ᠎ᠠ ᠪᠣᠯᠤᠯ᠎ᠠ ᠭᠡᠬᠦ ᠳ᠋ᠦ᠍ ᠪᠤᠭᠤᠷᠴᠢ ᠳᠠᠬᠢᠨ ᠡᠰᠡᠷᠭᠦᠴᠡᠭᠰᠡᠨ ᠦᠭᠡᠢ᠃ ᠴᠢᠩᠭᠢᠰ ᠬᠠᠭᠠᠨ ᠵᠥᠪᠬᠡᠨ ᠮᠣᠷᠢ ᠤᠨᠤᠬᠤ ᠶ᠋ᠢᠨ ᠲᠤᠯᠠᠳᠠ ᠲᠡᠭᠦᠨ ᠢ᠋ ᠢᠩᠭᠢᠵᠦ ᠦᠳᠡᠵᠦ ᠥᠭᠬᠦ ᠬᠡ ᠥᠬᠡᠢ ᠶ᠋ᠢ ᠭᠠᠳᠠᠷᠯᠠᠭᠰᠠᠨ ᠴᠤ᠌ ᠲᠡᠮᠦᠵᠢᠨ ᠢ᠋ᠶ᠋ᠡᠷ ᠦᠳᠡᠭᠦᠯᠬᠦ ᠨᠢ ᠲᠤᠢᠯ ᠤ᠋ᠨ ᠪᠠᠬᠠᠷᠬᠠᠯ ᠲᠠᠢ ᠬᠡᠷᠡᠭ ᠲᠤᠯᠠ ᠳᠤᠷᠠᠲᠠᠢ ᠪᠠᠢᠵᠠᠢ᠃ ᠥᠷᠲᠡᠭᠡ ᠭᠠᠵᠠᠷ ᠲᠠᠪᠠ ᠪᠠᠷ ᠶᠠᠪᠤᠬᠤ ᠳ᠋ᠠᠭᠠᠨ ᠴᠢᠩᠭᠢᠰ ᠬᠠᠭᠠᠨ ᠪᠤᠭᠤᠷᠴᠢ ᠬᠣᠶᠠᠷ ᠴᠣᠬᠣᠮ ᠶᠠᠭᠤ ᠶᠠᠷᠢᠯᠴᠠᠭᠰᠠᠨ ᠢ᠋ ᠬᠡᠭᠡᠷ᠎ᠡ ᠶ᠋ᠢᠨ ᠰᠠᠯᠬᠢᠨ ᠠ᠋ᠴᠠ ᠥᠭᠡᠷ᠎ᠡ ᠬᠡᠨ ᠴᠦ᠍ ᠰᠣᠨᠣᠰᠤᠭᠰᠠᠨ ᠦᠭᠡᠢ᠃ ᠴᠢᠩᠭᠢᠰ ᠬᠠᠭᠠᠨ ᠤ᠋ ᠬᠦᠰᠡᠯ ᠡᠨᠡ ᠪᠠᠢᠭᠰᠠᠨ ᠪᠢᠯᠡ᠃ ᠲᠡᠭᠦᠨ ᠦ᠌ ᠬᠡᠯᠡᠭᠰᠡᠨ ᠢ᠋ ᠭᠠᠭᠴᠠ ᠪᠤᠭᠤᠷᠴᠢ ᠯᠠ ᠮᠡᠳᠡᠬᠦ ᠶᠣᠰᠣᠲᠠᠢ ᠭᠡᠵᠦ ᠲᠡᠷᠡ ᠣᠯᠠᠨ ᠬᠣᠨᠣᠭ ᠤ᠋ᠨ ᠡᠮᠦᠨ᠎ᠡ ᠰᠢᠢᠳᠦᠭᠰᠡᠨ ᠲᠤᠯᠠ ᠢᠩᠭᠢᠵᠦ ᠬᠡᠷᠡᠭ ᠪᠣᠯᠭᠠᠨ ᠪᠤᠭᠤᠷᠴᠢ ᠶ᠋ᠢ ᠦᠳᠡᠵᠡᠢ᠃ ᠪᠤᠭᠤᠷᠴᠢ ᠶ᠋ᠢᠨ ᠴᠡᠷᠢᠭ ᠲᠣᠭᠣᠰᠣ ᠮᠠᠨᠠᠷᠠᠭᠤᠯᠤᠨ ᠳᠠᠯᠳᠠ ᠣᠷᠣᠲᠠᠯ᠎ᠠ ᠴᠢᠩᠭᠢᠰ ᠬᠠᠭᠠᠨ ᠮᠣᠷᠢᠨ ᠠ᠋ᠴᠠ ᠪᠠᠨ ᠪᠠᠭᠤᠯ ᠦᠭᠡᠢ ᠬᠠᠷᠠᠵᠤ ᠵᠣᠭᠰᠣᠪᠠ᠃ ᠣᠳᠣ ᠲᠡᠭᠦᠨ ᠦ᠌ ᠰᠡᠳᠬᠢᠯ ᠲᠠᠢᠪᠤᠰᠢᠷᠠᠨ ᠠᠮᠠᠷᠠᠪᠠ᠃ ᠳᠡᠭᠡᠳᠦ ᠲᠡᠭᠷᠢ ᠡᠴᠡ ᠲᠡᠭᠦᠨ ᠳ᠋ᠦ᠍ ᠬᠤᠪᠢᠶᠠᠭᠳᠠᠵᠤ ᠢᠷᠡᠭᠰᠡᠨ ᠭᠠᠭᠴᠠ ᠨᠥᠬᠥᠷ ᠪᠤᠭᠤᠷᠴᠢ ᠨᠢ ᠲᠡᠭᠦᠨ ᠦ᠌ ᠬᠠᠮᠤᠭ ᠤ᠋ᠨ ᠬᠡᠴᠡᠭᠦᠦ ᠵᠠᠷᠯᠢᠭ ᠢ᠋ ᠪᠡᠶᠡᠯᠡᠭᠦᠯᠬᠦ ᠪᠡᠷ ᠳᠠᠪᠬᠢᠨ ᠣᠳᠬᠤ ᠶ᠋ᠢ ᠲᠡᠷᠡ ᠬᠠᠷᠠᠵᠤ ᠪᠠᠢᠯ᠎ᠠ᠃ ᠲᠡᠳᠡᠨ ᠦ᠌ ᠳᠡᠭᠡᠷ᠎ᠡ ᠬᠣᠷᠽᠸᠮ ᠤ᠋ᠨ ᠬᠠᠯᠠᠭᠤᠨ ᠲᠡᠭᠷᠢ ᠮᠠᠨᠠᠷᠠᠵᠤ ᠮᠣᠩᠭᠣᠯ ᠮᠣᠷᠢᠳ ᠤ᠋ᠨ ᠬᠥᠯ ᠢ᠋ᠶ᠋ᠡᠷ ᠪᠣᠰᠤᠭᠰᠠᠨ ᠲᠣᠭᠣᠰᠣ ᠰᠢᠪᠡᠷ ᠬᠣᠲᠠ ᠶ᠋ᠢᠨ ᠳᠡᠭᠡᠭᠦᠷ ᠰᠤᠭᠤᠨᠠᠭᠯᠠᠨ᠎ᠠ᠃ ᠪᠤᠭᠤᠷᠴᠢ ᠶ᠋ᠢᠨ ᠪᠠᠭ ᠴᠡᠷᠢᠭ ᠮᠣᠷᠢᠨ ᠤ᠋ ᠠᠮᠠ ᠶ᠋ᠢ ᠰᠤᠯᠠ ᠲᠠᠯᠪᠢᠨ ᠳᠠᠪᠬᠢᠵᠤ ᠶᠠᠪᠤᠯ᠎ᠠ᠃ ᠳᠥᠴᠢᠨ ᠬᠡᠳᠦᠨ ᠵᠢᠯ ᠦ᠋ᠨ ᠡᠮᠦᠨ᠎ᠡ ᠪᠤᠭᠤᠷᠴᠢ᠂ ᠪᠡᠶ᠎ᠡ ᠲᠤᠯᠭᠤᠷ ᠪᠥᠷᠲᠡ ᠶ᠋ᠢ ᠳᠠᠭᠠᠭᠤᠯᠤᠭᠠᠳ ᠶᠠᠭ ᠢᠩᠭᠢᠵᠦ ᠡᠷᠭᠢᠵᠦ ᠬᠠᠷᠠᠯ ᠦᠭᠡᠢ ᠳᠠᠪᠬᠢᠵᠤ ᠶᠠᠪᠤᠭᠰᠠᠨ ᠪᠢᠯᠡ᠃ ᠶᠠᠭ ᠲᠡᠷᠡ ᠦᠶ᠎ᠡ ᠶ᠋ᠢᠨ ᠬᠢ ᠲᠡᠢ ᠠᠳᠠᠯᠢ ᠣᠳᠣ ᠲᠡᠭᠦᠨ ᠳ᠋ᠦ᠍ ᠴᠢᠩᠭᠢᠰ ᠬᠠᠭᠠᠨ ᠤ᠋ ᠬᠡᠴᠡᠭᠦᠦ ᠵᠠᠷᠯᠢᠭ ᠢ᠋ ᠪᠡᠶᠡᠯᠡᠭᠦᠯᠬᠦ ᠯᠡ ᠦᠯᠡᠳᠡᠵᠡᠢ᠃ ᠴᠢᠩᠭᠢᠰ ᠬᠠᠭᠠᠨ ᠤ᠋ ᠣᠳᠣ ᠶ᠋ᠢᠨ ᠵᠠᠷᠯᠢᠭ ᠶᠠᠭ ᠲᠡᠷᠡ ᠡᠷᠲᠡ ᠴᠠᠭ ᠤ᠋ᠨ ᠬᠢ ᠲᠡᠢ ᠠᠳᠠᠯᠢ ᠵᠥᠴᠢ ᠶ᠋ᠢᠨ ᠲᠤᠬᠠᠢ ᠪᠠᠢᠯ᠎ᠠ᠃ ᠴᠢᠩᠭᠢᠰ ᠬᠠᠭᠠᠨ ᠪᠤᠭᠤᠷᠴᠢ ᠶ᠋ᠢ ᠥᠪᠡᠷ ᠦ᠋ᠨ ᠪᠡᠶ᠎ᠡ ᠪᠡᠷ ᠦᠳᠡᠵᠦ ᠥᠭᠭᠦᠭᠰᠡᠨ ᠣ ᠨᠢᠭᠤᠴᠠ ᠡᠨᠡ ᠪᠢᠯᠡ᠃ ᠪᠤᠭᠤᠷᠴᠢ ᠳ᠋ᠤ᠌ ᠣᠳᠣ ᠤᠬᠤᠷᠢᠬᠤ ᠪᠤᠴᠠᠬᠤ ᠵᠠᠮ ᠦᠯᠡᠳᠡᠭᠰᠡᠨ ᠦᠭᠡᠢ᠃ ᠲᠡᠢᠮᠦ ᠪᠣᠯᠤᠮᠵᠢ ᠶ᠋ᠢ ᠴᠢᠩᠭᠢᠰ ᠬᠠᠭᠠᠨ ᠲᠡᠭᠦᠨ ᠳ᠋ᠦ᠍ ᠦᠯᠡᠳᠡᠭᠡᠭᠰᠡᠨ ᠦᠭᠡᠢ᠃ 《ᠶᠢᠰᠦᠭᠡᠢ ᠶ᠋ᠢᠨ ᠲᠡᠮᠦᠵᠢᠨ ᠴᠢ ᠠᠢᠬᠤᠪᠲᠤᠷ ᠴᠢᠨᠣ᠎ᠠ ᠶᠤᠮ ᠳᠠ》 ᠭᠡᠵᠦ ᠪᠤᠭᠤᠷᠴᠢ ᠮᠣᠷᠢᠨ ᠤ᠋ ᠳᠠᠪᠬᠢᠯ ᠳᠤᠮᠳᠠ ᠢᠨᠢᠶᠡᠮᠰᠦᠭᠯᠡᠨ ᠪᠣᠳᠣᠵᠤ ᠶᠠᠪᠤᠵᠠᠢ᠃
ᠦᠰᠦᠭ ᠠᠮᠢᠯᠠᠭᠤᠯᠤᠭᠴᠢ᠄ ᠨᠠᠷᠠᠨᠲᠤᠶᠠᠭ᠎ᠠ᠂ ᠬᠡᠷᠡᠢᠳ·ᠮᠥᠩᠬᠡᠨᠠᠰᠤᠨ᠂ ᠠᠯᠲᠠᠨᠴᠢᠮᠡᠭ᠂
ᠬᠡᠯᠡᠰᠣᠶᠣᠯ(ᠪᠤᠤ ᠸᠸᠨ ᠬᠤᠸᠠ)᠂ ᠳᠡᠭᠦᠦᠵᠠᠶᠠᠭ᠎ᠠ᠂ ᠠᠯᠲᠠᠨᠴᠡᠴᠡᠭ᠂
ᠰᠡᠴᠡᠨᠴᠢᠮᠡᠭ᠂ ᠪᠠᠶᠠᠨᠴᠡᠴᠡᠭ
ᠬᠢᠨᠠᠭᠴᠢ ᠪᠠᠭᠰᠢ᠄ ᠨᠠᠷᠠᠨ᠂ ᠠᠷᠢᠭᠤᠨ᠂ ᠣᠳᠬᠠᠨᠰᠣ᠎ᠠ᠂ ᠲ·ᠬᠦᠮᠦᠵᠢᠯᠲᠦ᠂
ᠮᠣᠩᠭᠣᠯ ᠰᠦᠨᠡᠰᠦ᠂ ᠰᠡᠬᠡᠭᠡᠷᠡᠯ᠂ ᠴᠡᠴᠡᠭ᠂ ᠬᠠᠢ ᠵᠢᠶᠦ᠋ᠨ