ᠵᠢᠷᠦᠬᠡᠨ ᠡᠴᠡ ᠤᠶᠠᠭᠠᠲᠠᠢ ᠨᠤᠲᠤᠭ -ᠭᠠᠨᠵᠤᠭᠠᠰᠤ· ᠵᠢᠷᠠᠨᠲᠠᠢ Zürkhnees uyatai nutag-Ganzagas·JarantaiЗүрхнээс уятай нутаг-Ганзагас·Жарантай
ᠵᠢᠷᠦᠬᠡᠨ ᠡᠴᠡ ᠤᠶᠠᠭᠠᠲᠠᠢ ᠨᠤᠲᠤᠭ
ᠵᠣᠬᠢᠶᠠᠭᠴᠢ᠄ ᠭᠠᠨᠵᠤᠭᠠᠰᠤ· ᠵᠢᠷᠠᠨᠲᠠᠢ
ᠠᠪᠤ ᠶ᠋ᠢᠨ ᠳᠦᠷᠢ ᠪᠡᠷ ᠰᠦᠭᠯᠡᠢᠭᠰᠡᠨ
ᠬᠠᠨᠠᠭᠠᠷ ᠰᠦᠷᠯᠢᠭ ᠠᠯᠢᠶ᠎ᠠ ᠠᠭᠤᠯᠠ ᠮᠢᠨᠢ
ᠠᠯᠤᠰ ᠠ᠋ᠴᠠ ᠪᠠᠷ᠎ᠠ ᠨᠢ ᠰᠦᠨᠳᠡᠷᠯᠡᠬᠦ ᠬᠠᠢᠷᠬᠠᠨ ᠭᠡᠮᠡᠷ ᠠᠯᠢᠶ᠎ᠠ ᠠᠭᠤᠯᠠ ᠮᠢᠨᠢ᠃
ᠠᠩᠭᠢᠷ ᠤ᠋ᠨ ᠳᠡᠭᠳᠡᠭᠡᠬᠡᠢ ᠰᠢᠭ ᠭᠡᠨᠡᠨ ᠴᠠᠢᠯᠭᠠᠨ
ᠠᠯᠳᠠᠷᠠᠢ ᠨᠠᠰᠤᠨ ᠤ᠋ ᠳᠤᠷᠠᠳᠬᠠᠯ ᠳ᠋ᠤ᠌ ᠮᠥᠩᠬᠡᠷᠡᠭᠰᠡᠨ
ᠠᠯᠢᠶ᠎ᠠ ᠭᠣᠣᠯ ᠤ᠋ᠨ ᠠᠭᠤᠵᠢᠮ ᠬᠥᠨᠳᠡᠢ
ᠠᠰᠢᠳᠠ ᠶ᠋ᠢᠨ ᠰᠠᠢᠬᠠᠨ ᠥᠯᠥᠭᠡᠢ ᠶᠤᠮ ᠰᠠᠨ!
ᠬᠥᠮᠦᠨ ᠦ᠌ ᠠᠯᠲᠠᠨ ᠵᠠᠶᠠᠭ᠎ᠠ ᠲᠦᠰᠢᠵᠦ
ᠬᠥᠳᠡᠯᠮᠦᠷᠢ ᠠᠵᠢᠯ ᠳ᠋ᠤ᠌ ᠵᠢᠳᠬᠦᠵᠦ ᠶᠠᠪᠤᠬᠤ ᠳ᠋ᠤ᠌
ᠬᠥᠯ ᠳᠣᠣᠷ᠎ᠠ ᠠ᠋ᠴᠠ ᠮᠢᠨᠢ ᠡᠷᠭᠦᠵᠦ ᠲᠡᠳᠬᠦᠭᠰᠡᠨ
ᠬᠦᠢ ᠨᠤᠲᠤᠭ ᠠᠯᠢᠶ᠎ᠠ ᠠᠭᠤᠯᠠ ᠮᠢᠨᠢ᠃
ᠠᠩᠭᠢᠷ ᠤ᠋ᠨ ᠳᠡᠭᠳᠡᠭᠡᠬᠡᠢ ᠰᠢᠭ ᠭᠡᠨᠡᠨ ᠴᠠᠢᠯᠭᠠᠨ
ᠠᠯᠳᠠᠷᠠᠢ ᠨᠠᠰᠤᠨ ᠤ᠋ ᠳᠤᠷᠠᠳᠬᠠᠯ ᠳ᠋ᠤ᠌ ᠮᠥᠩᠬᠡᠷᠡᠭᠰᠡᠨ
ᠠᠯᠢᠶ᠎ᠠ ᠭᠣᠣᠯ ᠤ᠋ᠨ ᠠᠭᠤᠵᠢᠮ ᠬᠥᠨᠳᠡᠢ
ᠠᠰᠢᠳᠠ ᠶ᠋ᠢᠨ ᠰᠠᠢᠬᠠᠨ ᠥᠯᠥᠭᠡᠢ ᠶᠤᠮ ᠰᠠᠨ!
ᠠᠲᠠᠷ ᠤ᠋ᠨ ᠬᠥᠷᠥᠰᠥ ᠪᠡᠨ ᠤᠮᠳᠠᠯᠠᠭᠰᠠᠨ
ᠮᠥᠩᠭᠥᠨ ᠰᠤᠳᠠᠰᠤ ᠠᠯᠢᠶ᠎ᠠ ᠭᠣᠣᠯ ᠮᠢᠨᠢ
ᠠᠷᠪᠢᠨ ᠰᠦᠷᠦᠭ ᠨᠠᠯᠠᠢᠭᠰᠠᠨ
ᠪᠤᠶᠠᠨ ᠤ᠋ ᠳᠠᠯᠠᠯᠭ᠎ᠠ ᠲᠠᠢ ᠠᠯᠢᠶ᠎ᠠ ᠠᠭᠤᠯᠠ ᠮᠢᠨᠢ᠃
ᠠᠩᠭᠢᠷ ᠤ᠋ᠨ ᠳᠡᠭᠳᠡᠭᠡᠬᠡᠢ ᠰᠢᠭ ᠭᠡᠨᠡᠨ ᠴᠠᠢᠯᠭᠠᠨ
ᠠᠯᠳᠠᠷᠠᠢ ᠨᠠᠰᠤᠨ ᠤ᠋ ᠳᠤᠷᠠᠳᠬᠠᠯ ᠳ᠋ᠤ᠌ ᠮᠥᠩᠬᠡᠷᠡᠭᠰᠡᠨ
ᠠᠯᠢᠶ᠎ᠠ ᠭᠣᠣᠯ ᠤ᠋ᠨ ᠠᠭᠤᠵᠢᠮ ᠬᠥᠨᠳᠡᠢ
ᠠᠰᠢᠳᠠ ᠶ᠋ᠢᠨ ᠰᠠᠢᠬᠠᠨ
ᠥᠯᠥᠭᠡᠢ ᠶᠤᠮ ᠰᠠᠨ!
ᠤᠶᠠᠩᠭᠠᠯᠠᠭᠴᠢ᠄ ᠠᠨᠢᠷ
ᠦᠰᠦᠭ ᠠᠮᠢᠯᠠᠭᠤᠯᠤᠭᠴᠢ᠄ ᠪᠦᠷᠢᠨᠵᠢᠷᠭᠠᠯ
ᠨᠠᠢᠷᠠᠭᠤᠯᠤᠨ ᠬᠢᠨᠠᠭᠴᠢ᠄ ᠣᠳᠬᠣᠩᠬᠤᠸᠠᠷ
ᠶᠡᠷᠦᠩᠬᠡᠢ ᠬᠢᠨᠠᠭᠴᠢ᠄ ᠡᠩᠬᠡᠮᠡᠨᠳᠤ
《 ᠳᠣᠯᠣᠭ᠎ᠠ ᠶ᠋ᠢᠨ ᠭᠤᠷᠪᠠᠨ ᠴᠢᠯᠠᠭᠤ》 ᠤᠳᠬ᠎ᠠ ᠰᠣᠶᠣᠯ ᠤ᠋ᠨ ᠨᠡᠢᠭᠡᠮᠯᠢᠭ ᠡᠴᠡ ᠬᠠᠩᠭᠠᠪᠠ᠃