ᠮᠡᠷᠭᠡᠨ ᠦᠭᠡᠰ -ᠴᠢ᠊· ᠤᠷᠠᠨᠴᠡᠴᠡᠭMergen ügs-Chi·UrntsetsegМэргэн үгс-Чи·Урнцэцэг
ᠮᠡᠷᠭᠡᠨ ᠦᠭᠡᠰ
ᠡᠮᠬᠢᠳᠬᠡᠭᠰᠡᠨ ᠨᠢ᠄ ᠴᠢ᠊· ᠤᠷᠠᠨᠴᠡᠴᠡᠭ
ᠠᠮᠢᠳᠤᠷᠠᠯ —
ᠤᠬᠠᠭᠠᠷᠠᠯ ᠳᠤᠮᠳᠠ ᠦᠷᠭᠦᠯᠵᠢᠯᠡᠳᠡᠭ ᠁ ᠁
ᠨᠤᠲᠤᠭ—
ᠲᠥᠷᠥᠬᠦ ᠳ᠋ᠦ᠍ ᠠᠮᠢ ᠲᠠᠢ ᠬᠠᠮᠲᠤ
ᠶᠠᠪᠤᠬᠤ ᠳ᠋ᠤ᠌ ᠨᠡᠷ᠎ᠡ ᠲᠡᠢ ᠬᠠᠮᠲᠤ
ᠦᠬᠦᠬᠦ ᠳ᠋ᠦ᠍ ᠶᠠᠰᠤ ᠲᠠᠢ ᠬᠠᠮᠲᠤ
ᠪᠦᠷᠭᠦᠳ ᠦ᠋ᠨ ᠨᠢᠳᠦ ᠪᠡᠷ ᠲᠠᠯ᠎ᠠ ᠪᠠᠨ ᠠᠵᠢᠵᠤ
ᠴᠢᠨᠣ᠎ᠠ ᠶ᠋ᠢᠨ ᠵᠣᠷᠢᠭ ᠢ᠋ᠶ᠋ᠠᠷ ᠨᠤᠲᠤᠭ ᠢ᠋ᠶ᠋ᠠᠨ ᠰᠠᠬᠢᠰᠤᠭᠠᠢ
ᠪᠤᠶᠠᠨ ᠵᠠᠶᠠᠭ᠎ᠠ ᠬᠣᠶᠠᠷ ᠢ᠋ ᠪᠤᠷᠬᠠᠨ
ᠲᠣᠭᠲᠠᠭᠠᠳᠠᠭ ᠴᠤ᠌
ᠪᠢᠯᠢᠭ ᠤᠬᠠᠭᠠᠨ ᠬᠣᠶᠠᠷ ᠢ᠋ ᠬᠥᠮᠦᠨ ᠥᠪᠡᠷ ᠢ᠋ᠶ᠋ᠡᠨ ᠲᠣᠭᠲᠠᠭᠠᠳᠠᠭ
ᠮᠡᠯᠮᠡᠢ ᠳ᠋ᠦ᠍ ᠪᠠᠭᠲᠠᠭᠰᠠᠨ ᠳᠡᠯᠡᠬᠡᠢ ᠡᠴᠡ
ᠰᠡᠳᠬᠢᠯ ᠳ᠋ᠦ᠍ ᠬᠣᠷᠭᠣᠳᠠᠨ ᠦᠯᠡᠳᠡᠭᠡᠬᠦ
ᠭᠠᠵᠠᠷ ᠢ᠋ ᠨᠤᠲᠤᠭ ᠭᠡᠳᠡᠭ
ᠥᠭᠡᠳᠡᠰᠦ ᠶ᠋ᠢ ᠨᠢ ᠬᠡᠢᠰᠬᠡᠵᠦ
ᠮᠠᠨᠳᠤᠭᠤᠯᠬᠤ ᠳ᠋ᠤ᠌ ᠪᠠᠨ
ᠥᠪᠡᠷ ᠢ᠋ ᠪᠡᠨ ᠬᠡᠨ ᠭᠡᠳᠡᠭ ᠢ᠋ᠶ᠋ᠡᠨ
ᠪᠤᠤ ᠮᠠᠷᠲᠠ
ᠥᠯᠮᠡᠢ ᠶ᠋ᠢ ᠨᠢ ᠦᠨᠦᠷᠯᠡᠵᠦ
ᠰᠥᠬᠥᠷᠡᠬᠦ ᠳ᠋ᠦ᠍ ᠪᠡᠨ
ᠥᠪᠡᠷ ᠢ᠋ ᠨᠢ ᠬᠡᠨ ᠪᠣᠯᠬᠤ ᠶ᠋ᠢ
ᠪᠤᠤ ᠮᠠᠷᠲᠠ
ᠲᠤᠭᠤᠯ ᠢ᠋ᠶ᠋ᠠᠨ ᠪᠡᠯᠴᠢᠭᠡᠬᠦ ᠪᠡᠯᠴᠢᠭᠡᠷ ᠪᠣᠯ
ᠲᠤᠭ ᠢ᠋ᠶ᠋ᠠᠨ ᠮᠠᠨᠳᠤᠭᠤᠯᠬᠤ ᠲᠩᠷᠢ ᠲᠡᠢ
ᠰᠡᠳᠬᠢᠯ ᠦ᠋ᠨ ᠭᠠᠯ ᠰᠥᠨᠥᠬᠦ ᠦᠭᠡᠢ ᠪᠣᠯ
ᠲᠤᠯᠭ᠎ᠠ ᠶ᠋ᠢᠨ ᠭᠠᠯ ᠤᠨᠲᠠᠷᠠᠬᠤ ᠦᠭᠡᠢ
ᠡᠭᠦᠯᠡᠨ ᠰᠡᠭᠦᠳᠡᠷ ᠭᠠᠵᠠᠷ ᠲᠤ᠌ ᠤᠨᠠᠨ᠎ᠠ
ᠦᠭᠡᠨ ᠰᠡᠭᠦᠳᠡᠷ ᠰᠡᠳᠬᠢᠯ ᠳ᠋ᠦ᠍ ᠤᠨᠠᠨ᠎ᠠ᠃
ᠦᠰᠦᠭ ᠠᠮᠢᠯᠠᠭᠤᠯᠤᠭᠰᠠᠨ ᠨᠢ᠄ ᠴᠢ· ᠤᠷᠠᠨᠴᠡᠴᠡᠭ