ᠠᠭᠪᠠᠷᠵᠢᠨ ᠵᠢᠨᠦᠩ ᠬᠠᠭᠠᠨ Agbarjin jonon khaanАгбаржин жонон хаан ᠴᠤᠤᠲᠤ ᠬᠥᠮᠥᠰ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠠᠭᠪᠠᠷᠵᠢᠨ ᠵᠢᠨᠦᠩ ᠬᠠᠭᠠᠨ Agbarjin jonon khaanАгбаржин жонон хаан

ᠠᠭᠪᠠᠷᠵᠢᠨ ᠵᠢᠨᠦᠩ ᠬᠠᠭᠠᠨ Agbarjin jonon khaanАгбаржин жонон хаан

ᠠᠩᠭᠢᠯᠠᠯ:ᠴᠤᠤᠲᠤ ᠬᠥᠮᠥᠰ
2025-09-29

76

ᠠᠭᠪᠠᠷᠵᠢᠨ ᠵᠢᠨᠦᠩ ᠬᠠᠭᠠᠨ

   ᠨᠠᠢᠷᠠᠭᠤᠯᠤᠭᠰᠠᠨ ᠨᠢ᠄ ᠱ· ᠴᠸᠶᠢᠨ — ᠣᠢᠳᠤᠪ 
   ᠠᠭᠪᠠᠷᠵᠢᠨ ᠪᠣᠯ ᠪᠣᠷᠵᠢᠭᠢᠨ ᠣᠪᠣᠭᠲᠠᠨ᠂ ᠥᠨᠳᠥᠷ ᠡᠪᠦᠭᠡ ᠲᠡᠭᠦᠰᠲᠡᠮᠤᠷ᠂ ᠥᠪᠡᠷ ᠦ᠋ᠨ ᠡᠪᠦᠭᠡ ᠬᠠᠷᠭᠤᠴᠠᠭ ᠳᠦᠭᠦᠷᠡᠩ ᠲᠠᠢᠵᠢ᠂ ᠡᠴᠢᠭᠡ ᠨᠢ ᠠᠵᠠᠢ ᠲᠠᠢᠵᠢ᠂1428 ᠣᠨ ᠳ᠋ᠤ᠌ ᠲᠥᠷᠥᠵᠡᠢ᠃ ᠠᠬ᠎ᠠ ᠳᠡᠭᠦᠦ ᠭᠤᠷᠪᠠᠭᠤᠯᠠ ᠠᠬ᠎ᠠ ᠲᠣᠳᠣᠪᠣᠬ᠎ᠠ ᠲᠠᠢᠽᠦᠢ᠍ᠩ ᠬᠠᠭᠠᠨ ᠳᠡᠭᠦᠦ ᠨᠢ ᠮᠠᠨᠳᠤᠭᠤᠯ᠂ᠲᠠᠢᠽᠦᠢ᠍ᠩ ᠬᠠᠭᠠᠨ18 ᠨᠠᠰᠤᠨ ᠳ᠋ᠤ᠌ ᠪᠠᠨ ᠬᠠᠭᠠᠨ ᠡᠷᠭᠦᠮᠵᠢᠯᠡᠭᠳᠡᠭᠡᠳ17 ᠨᠠᠰᠤᠲᠠᠢ ᠠᠭᠪᠠᠷᠵᠢᠨ ᠢ᠋ ᠵᠢᠨᠦᠩ ᠪᠣᠯᠭᠠᠵᠠᠢ᠃ ᠵᠢᠨᠦᠩ ᠭᠡᠳᠡᠭ ᠨᠢ ᠳᠡᠳ᠋ ᠬᠠᠭᠠᠨ ᠪᠥᠭᠡᠳ ᠬᠠᠭᠠᠨ ᠤ᠋ ᠪᠠᠷᠠᠭᠤᠨ ᠭᠠᠷ ᠰᠠᠭᠤᠳᠠᠭ᠂ ᠪᠠᠷᠠᠭᠤᠨ ᠲᠠᠯ᠎ᠠ ᠨᠤᠲᠤᠭ ᠢ᠋ ᠵᠠᠬᠢᠷᠳᠠᠭ ᠳᠤᠮᠳᠠᠳᠤ ᠪᠢᠴᠢᠭ ᠦ᠋ᠨ ᠮᠣᠵᠢ ᠲᠡᠭᠦᠨ ᠦ᠌ ᠳᠣᠣᠷᠠᠲᠤ ᠶᠠᠮᠤᠨ ᠢ᠋ ᠵᠠᠬᠢᠷᠳᠠᠭ ᠠᠰᠤᠷᠤ ᠶᠡᠬᠡ ᠡᠷᠬᠡ ᠮᠠᠲᠠᠯ ᠲᠠᠢ ᠲᠦᠰᠢᠮᠡᠯ ᠪᠢᠯᠡ᠃ ᠠᠭᠪᠠᠷᠵᠢᠨ ᠵᠢᠨᠦᠩ1452 ᠣᠨ ᠳ᠋ᠤ᠌24 ᠨᠠᠰᠤᠲᠠᠢ ᠳ᠋ᠤ᠌ ᠪᠠᠨ ᠬᠠᠭᠠᠨ ᠰᠢᠷᠡᠭᠡᠨ ᠳ᠋ᠦ᠍ ᠰᠠᠭᠤᠭᠰᠠᠨ ᠶᠡᠬᠡ ᠮᠣᠩᠭᠣᠯ ᠤ᠋ᠨ25 ᠳ᠋ᠠᠬᠢ ᠬᠠᠭᠠᠨ ᠪᠢᠯᠡ᠃
   ᠠᠭᠪᠠᠷᠵᠢᠨ ᠤ᠋ ᠡᠴᠢᠭᠡ ᠠᠵᠠᠢ ᠲᠠᠢᠵᠢ ᠣᠢᠷᠠᠳ ᠲᠤ᠌ ᠲᠡᠨᠦᠭᠦᠴᠢᠯᠡᠨ ᠠᠮᠢᠳᠤᠷᠠᠵᠤ ᠪᠠᠢᠬᠤ ᠳ᠋ᠤ᠌ ᠲᠣᠳᠣᠪᠣᠬ᠎ᠠ ᠠᠭᠪᠠᠷᠵᠢᠨ ᠬᠣᠶᠠᠷ ᠡᠷ᠎ᠡ ᠶ᠋ᠢᠨ ᠴᠡᠭᠡᠯ ᠳ᠋ᠦ᠍ ᠬᠦᠷᠴᠡᠢ᠃ ᠣᠢᠷᠠᠳ ᠤ᠋ᠨ ᠲᠣᠭᠣᠨ ᠴᠢᠩᠰᠠᠩ ᠠᠯᠲᠠᠨ ᠤᠷᠤᠭ ᠤ᠋ᠨ ᠬᠥᠮᠦᠨ
ᠲᠣᠳᠣᠪᠣᠬ᠎ᠠ ᠠᠭᠪᠠᠷᠵᠢᠨ ᠬᠣᠶᠠᠷ ᠢ᠋ ᠣᠷᠳᠣᠨ ᠳ᠋ᠤ᠌ ᠪᠠᠨ ᠠᠪᠴᠢᠷᠠᠵᠤ ᠥᠬᠢᠨ ᠢ᠋ᠶ᠋ᠡᠨ ᠲᠣᠳᠣᠪᠣᠬ᠎ᠠ ᠳ᠋ᠤ᠌ ᠭᠡᠷᠭᠡᠢ ᠪᠣᠯᠭᠠᠨ ᠥᠭᠴᠡᠢ᠃
   1439 ᠣᠨ ᠳ᠋ᠤ᠌ ᠲᠣᠳᠣᠪᠣᠬ᠎ᠠ ᠲᠠᠢᠽᠦᠢ᠍ᠩ ᠡᠷᠭᠦᠮᠵᠢᠯᠡᠭᠳᠡᠭᠡᠳ ᠲᠣᠭᠣᠨ ᠲᠡᠢᠰᠢ ᠴᠢᠩᠰᠠᠩ ᠪᠣᠯᠵᠠᠢ᠃
   1452 ᠣᠨ ᠳ᠋ᠤ᠌ ᠲᠠᠢᠽᠦᠢ᠍ᠩ ᠬᠠᠭᠠᠨ ᠬᠣᠩ ᠲᠠᠢᠵᠢ ᠶ᠋ᠢ ᠬᠡᠨ ᠢ᠋ ᠡᠷᠭᠦᠮᠵᠢᠯᠡᠬᠦ ᠲᠤᠬᠠᠢ ᠠᠰᠠᠭᠤᠳᠠᠯ ᠠ᠋ᠴᠠ ᠪᠣᠯᠵᠤ ᠡᠰᠡᠨ ᠲᠠᠢᠰᠢ ᠲᠠᠢ ᠰᠠᠨᠠᠯ ᠵᠥᠷᠢᠵᠡᠢ᠃ ᠲᠠᠢᠽᠦᠢ᠍ᠩ ᠬᠠᠭᠠᠨ ᠬᠦᠦ ᠮᠣᠯᠣᠨ ᠢ᠋ᠶ᠋ᠠᠨ ᠬᠣᠩ ᠲᠠᠢᠵᠢ ᠪᠣᠯᠭᠠᠬᠤ᠂ ᠣᠢᠷᠠᠳ ᠤ᠋ᠨ ᠡᠰᠡᠨ ᠲᠠᠢᠵᠢ ᠶ᠋ᠢᠨ ᠲᠠᠯ᠎ᠠ ᠨᠢ ᠲᠥᠷᠥᠭᠰᠡᠨ ᠵᠢᠭᠡ ᠠᠪᠲᠠᠨ ᠢ᠋ ᠬᠣᠩ ᠲᠠᠢᠵᠢ ᠪᠣᠯᠭᠠᠬᠤ᠃ ᠡᠰᠡᠨ ᠲᠠᠢᠵᠢ ᠶ᠋ᠢᠨ ᠡᠭᠡᠴᠢ ᠪᠣᠯ ᠲᠠᠢᠽᠦᠢ᠍ᠩ ᠬᠠᠭᠠᠨ ᠤ᠋ ᠶᠡᠬᠡ ᠬᠠᠲᠤᠨ᠃ ᠡᠭᠦᠨ ᠡᠴᠡ ᠪᠣᠯᠵᠤ ᠬᠠᠷ᠎ᠠ ᠤᠰᠤ ᠭᠡᠳᠡᠭ ᠭᠠᠵᠠᠷ ᠶᠡᠬᠡ ᠬᠤᠷᠠᠯᠲᠠᠢ ᠬᠤᠷᠠᠯᠳᠤᠭᠰᠠᠨ ᠪᠣᠯᠪᠠᠴᠤ ᠦᠷ᠎ᠡ ᠳ᠋ᠦᠩ ᠦᠭᠡᠢ ᠳᠠᠭᠤᠰᠤᠭᠰᠠᠨ ᠪᠠᠢᠨ᠎ᠠ᠃
ᠠᠭᠪᠠᠷᠵᠢᠨ ᠬᠠᠭᠠᠨ ᠠᠪᠳᠠᠷᠠᠢ ᠰᠡᠴᠡᠨ ᠦ᠌ ᠭᠡᠭᠴᠢ ᠶ᠋ᠢᠨ ᠬᠣᠣᠷᠲᠤ ᠦᠭᠡᠨ ᠳ᠋ᠦ᠍ ᠣᠷᠣᠵᠤ ᠠᠬ᠎ᠠ ᠠ᠋ᠴᠠ ᠪᠠᠨ ᠤᠷᠪᠠᠵᠤ᠂ ᠲᠡᠢᠨ ᠦ᠌ ᠲᠠᠯᠠᠪᠤᠷ ᠠ᠋ᠴᠠ ᠵᠢᠭᠤᠲᠠᠵᠤ ᠶᠠᠪᠤᠭᠰᠠᠨ ᠠᠬ᠎ᠠ ᠨᠢ ᠬᠠᠳᠠᠮ ᠴᠠᠪᠳᠠᠨ ᠳ᠋ᠤ᠌ ᠣᠴᠢᠨ ᠬᠣᠷᠣᠭᠠᠭᠳᠠᠪᠠ᠃ ᠲᠡᠭᠡᠭᠡᠳ ᠬᠡᠯᠡᠯᠴᠡᠭᠡᠷ ᠶᠣᠰᠣᠭᠠᠷ ᠠᠭᠪᠠᠷᠵᠢᠨ ᠢ᠋ ᠬᠠᠭᠠᠨ ᠰᠢᠷᠡᠭᠡᠨ ᠳ᠋ᠦ᠍ ᠰᠠᠭᠤᠯᠭᠠᠭᠰᠠᠨ ᠪᠥᠭᠡᠳ ᠡᠰᠡᠨ ᠲᠡᠢᠰᠢ ᠵᠢᠨᠦᠩ ᠪᠣᠯᠤᠭᠰᠠᠨ ᠶᠤᠮ᠃
   1453 ᠣᠨ ᠳ᠋ᠤ᠌ ᠡᠰᠡᠨ ᠲᠠᠢᠰᠢ᠂ ᠠᠭᠪᠠᠷᠵᠢᠨ ᠬᠠᠭᠠᠨ ᠲᠠᠢ ᠵᠢᠭᠡ ᠨᠠᠭᠠᠴᠤ ᠶ᠋ᠢᠨ ᠰᠦᠯᠪᠡᠭᠡ ᠪᠡᠨ ᠠᠰᠢᠭᠯᠠᠨ ᠠᠬ᠎ᠠ ᠶ᠋ᠢ ᠨᠢ ᠬᠠᠭᠠᠨ ᠰᠢᠷᠡᠭᠡᠨ ᠡᠴᠡ ᠬᠥᠭᠡᠭᠡᠵᠦ᠂ ᠳᠡᠭᠦᠦ ᠶ᠋ᠢ ᠨᠢ ᠬᠠᠭᠠᠨ ᠰᠢᠷᠡᠭᠡᠨ ᠳ᠋ᠦ᠍ ᠡᠷᠭᠦᠮᠵᠢᠯᠡᠨ ᠥᠪᠡᠷ ᠢ᠋ ᠪᠡᠨ ᠵᠢᠨᠦᠩ ᠪᠣᠯᠭᠠᠵᠤ ᠤᠯᠠᠮ ᠢ᠋ᠶ᠋ᠠᠷ ᠨᠢᠭᠡᠳᠦᠭᠰᠡᠨ ᠮᠣᠩᠭᠣᠯ ᠤ᠋ᠨ ᠬᠠᠭᠠᠨ ᠰᠢᠷᠡᠭᠡᠨ ᠳ᠋ᠦ᠍ ᠰᠠᠭᠤᠨ᠎ᠠ ᠭᠡᠰᠡᠨ ᠬᠣᠯᠠ ᠶ᠋ᠢᠨ ᠵᠣᠷᠢᠯᠭ᠎ᠠ ᠠ᠋ᠴᠠ ᠤᠷᠢᠯᠭ᠎ᠠ ᠲᠠᠯᠪᠢᠬᠤ ᠨᠡᠷ᠎ᠡ ᠪᠡᠷ ᠵᠡᠭᠦᠨ ᠮᠣᠩᠭᠣᠯ ᠤ᠋ᠨ33 ᠦᠷᠯᠦᠭᠳᠡᠨ44 ᠤᠲᠤᠭᠳᠠᠨ61 ᠬᠡᠩᠭᠡᠷᠭᠡᠳᠡᠨ ᠴᠥᠮ ᠢ᠋ ᠬᠦᠢᠰᠦ ᠲᠠᠮᠲᠠᠷᠢᠵᠠᠢ᠃ ᠠᠭᠪᠠᠷᠵᠢᠨ ᠤ᠋ ᠬᠦᠦ ᠳᠤᠲᠠᠭᠠᠭᠰᠠᠨ ᠪᠣᠯᠪᠠᠴᠤ ᠴᠠᠭᠠᠲᠠᠢ ᠬᠠᠭᠠᠨ ᠤ᠋ ᠬᠢᠵᠠᠭᠠᠷ ᠲᠤ᠌ ᠬᠦᠷᠴᠦ ᠬᠣᠣᠷ ᠰᠠᠨᠠᠭᠠᠲᠠᠨ ᠳ᠋ᠤ᠌ ᠠᠮᠢ ᠪᠠᠨ ᠠᠯᠳᠠᠵᠠᠢ᠃ ᠲᠡᠷᠡ ᠦᠶ᠎ᠡ ᠡᠴᠡ ᠬᠣᠢᠰᠢ《ᠨᠣᠬᠠᠢ ᠶ᠋ᠢᠨ ᠰᠡᠭᠦᠯ ᠶᠠᠰᠤᠨ ᠳᠡᠭᠡᠷ᠎ᠡ᠂ ᠨᠣᠶᠠᠳ ᠤ᠋ᠨ ᠦᠬᠦᠯ ᠴᠤᠭᠯᠠᠭᠠᠨ ᠳᠡᠭᠡᠷ᠎ᠡ》 ᠭᠡᠳᠡᠭ ᠦᠭᠡ ᠣᠯᠠᠨ᠎ᠠ ᠳᠡᠯᠭᠡᠷᠡᠵᠡᠢ᠃
ᠠᠭᠪᠠᠷᠵᠢᠨ ᠬᠠᠭᠠᠨ ᠡᠢᠨ ᠬᠦ᠌1452—1453 ᠣᠨ ᠢ᠋ ᠬᠦᠷᠲᠡᠯ᠎ᠡ ᠵᠢᠯ ᠭᠠᠷᠤᠢᠬᠠᠨ ᠬᠤᠭᠤᠴᠠᠭᠠᠨ ᠳ᠋ᠤ᠌ ᠬᠤᠤᠪᠢᠯᠳᠤᠭᠠᠨ᠂ ᠳᠠᠯᠳᠠ ᠶ᠋ᠢᠨ ᠬᠠᠷ᠎ᠠ ᠰᠠᠨᠠᠭᠠᠨ ᠤ᠋ ᠵᠣᠯᠢᠶ᠎ᠠ ᠪᠣᠯᠵᠤ ᠬᠠᠭᠠᠨ ᠰᠠᠭᠤᠷᠢᠨ ᠳ᠋ᠤ᠌ ᠰᠠᠭᠤᠭᠠᠳ ᠢᠳᠡᠷ ᠵᠠᠯᠠᠭᠤ26 ᠨᠠᠰᠤᠨ ᠳ᠋ᠤ᠌ ᠪᠠᠨ ᠬᠣᠣᠷᠯᠠᠭᠳᠠᠨ ᠨᠠᠰᠤ ᠪᠠᠷᠠᠵᠠᠢ᠃
ᠠᠭᠪᠠᠷᠵᠢᠨ ᠬᠠᠭᠠᠨ ᠨᠠᠰᠤ ᠪᠠᠷᠠᠭᠰᠠᠨ ᠤ᠋ ᠳᠠᠷᠠᠭ᠎ᠠ ᠣᠢᠷᠠᠳ ᠤ᠋ᠨ ᠡᠰᠡᠨ ᠲᠠᠢᠰᠢ᠂ ᠡᠪᠦᠭᠡ ᠬᠤᠤᠬᠠᠢ ᠳᠠᠶᠤᠤ᠂ ᠲᠡᠭᠦᠨ ᠦ᠌ ᠬᠦᠦ ᠲᠣᠭᠣᠨ ᠲᠠᠢᠰᠢ ᠠ᠋ᠴᠠ ᠨᠠᠭᠠᠰᠢ ᠳᠠᠯᠳᠠ ᠮᠥᠷᠥᠭᠡᠳᠦᠭᠰᠡᠭᠡᠷ ᠪᠠᠢᠭᠰᠠᠨ ᠶᠡᠬᠡ ᠬᠠᠭᠠᠨ ᠤ᠋ ᠣᠷᠣ ᠰᠠᠭᠤᠷᠢ ᠶ᠋ᠢ ᠥᠪᠡᠷ ᠢ᠋ᠶ᠋ᠡᠨ ᠵᠠᠯᠭᠠᠮᠵᠢᠯᠠᠵᠠᠢ᠃ ᠠᠯᠲᠠᠨ ᠤᠷᠤᠭ ᠤ᠋ᠨ ᠪᠤᠰᠤ ᠬᠥᠮᠦᠨ ᠤᠯᠤᠰ ᠤ᠋ᠨ ᠵᠢᠨᠦᠩ ᠲᠡᠳᠦᠢ ᠦᠭᠡᠢ᠂ ᠤᠯᠤᠰ ᠤ᠋ᠨ ᠬᠠᠭᠠᠨ ᠰᠠᠭᠤᠳᠠᠭ ᠲᠡᠦᠬᠡ ᠶ᠋ᠢ ᠮᠣᠩᠭᠣᠯ ᠤ᠋ᠨ ᠠᠷᠠᠳ ᠲᠦᠮᠡᠨ ᠡᠨᠡ ᠦᠶ᠎ᠡ ᠡᠴᠡ ᠣᠯᠵᠤ ᠦᠵᠡᠵᠡᠢ᠃

   ᠢᠷᠡᠯᠲᠡ᠄《ᠮᠣᠩᠭᠣᠯ ᠤ᠋ᠨ ᠭᠤᠴᠢᠨ ᠵᠢᠷᠭᠤᠭᠠᠨ ᠬᠠᠭᠠᠳ ᠤ᠋ᠨ ᠲᠣᠪᠴᠢ ᠨᠠᠮᠲᠠᠷ》 ᠨᠣᠮ ᠠ᠋ᠴᠠ ᠨᠠᠢᠷᠠᠭᠤᠯᠤᠨ ᠰᠣᠩᠭᠣᠵᠤ ᠰᠡᠢᠷᠡᠭᠦᠯᠪᠡ᠃
   ᠦᠰᠦᠭ ᠠᠮᠢᠯᠠᠭᠤᠯᠤᠭᠰᠠᠨ ᠨᠢ᠄ ᠴᠢ᠊· ᠤᠷᠠᠨᠴᠡᠴᠡᠭ