ᠠᠯᠠᠭ ᠠᠭᠠᠷᠤAlag agarАлаг агар ᠡᠪᠡᠰᠦ ᠤᠷᠭᠤᠮᠠᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠠᠯᠠᠭ ᠠᠭᠠᠷᠤAlag agarАлаг агар

ᠠᠯᠠᠭ ᠠᠭᠠᠷᠤAlag agarАлаг агар

2025-09-29

33

ᠠᠯᠠᠭ ᠠᠭᠠᠷᠤ

   ᠲᠤᠰ ᠡᠮ ᠪᠣᠯ ᠭᠠᠪᠢᠷ᠎ᠠ ᠶ᠋ᠢᠨ ᠢᠵᠠᠭᠤᠷ ᠤ᠋ᠨ ᠤᠷᠭᠤᠮᠠᠯ ᠪᠣᠯᠬᠤ ᠠᠯᠠᠱᠠᠨ ᠭᠣᠣᠯᠲᠤ ᠪᠣᠷᠣ ᠶ᠋ᠢᠨ ᠡᠰᠢᠨ ᠦ᠌ ᠭᠣᠣᠯ ᠪᠠ ᠦᠨᠳᠦᠰᠦ ᠶ᠋ᠢᠨ ᠭᠣᠣᠯ ᠮᠥᠨ᠃ ᠪᠠᠰᠠ ᠠᠯᠠᠱᠠᠨ ᠠᠭᠠᠷᠤ ᠭᠡᠳᠡᠭ᠃
   [ ᠤᠤᠯ ᠤᠷᠭᠤᠮᠠᠯ] ᠨᠠᠪᠴᠢ ᠵᠤᠯᠭᠠᠷᠠᠬᠤ ᠪᠤᠲᠠ ᠮᠣᠳᠣ᠃3cm ᠥᠨᠳᠥᠷ᠂ ᠬᠣᠯᠲᠣᠰᠣ ᠨᠢ ᠨᠢᠮᠭᠡᠨ ᠴᠠᠭᠠᠰᠤᠯᠢᠭ ᠢᠯᠲᠠᠰᠤ ᠬᠡᠯᠪᠡᠷᠢ ᠲᠡᠢ ᠱᠠᠭᠠᠷᠠᠨ᠎ᠠ᠃ ᠳᠣᠲᠣᠷ᠎ᠠ ᠬᠠᠯᠢᠰᠤ ᠨᠢ ᠪᠣᠷᠣᠪᠲᠤᠷ ᠬᠦᠷᠡᠩ᠂ ᠥᠲᠡᠯᠦᠭᠰᠡᠨ ᠮᠥᠴᠢᠷ ᠨᠢ ᠬᠠᠷ᠎ᠠ ᠬᠦᠷᠡᠩ ᠥᠩᠭᠡ ᠲᠡᠢ᠃ ᠥᠳᠥᠯᠢᠭ ᠨᠡᠢᠯᠡᠮᠡᠯ ᠨᠠᠪᠴᠢ ᠲᠠᠢ᠂3~6cm ᠤᠷᠲᠤ᠂5~7 ᠵᠢᠵᠢᠭ ᠨᠠᠪᠴᠢ ᠲᠠᠢ᠂ ᠤᠷᠲᠤᠯᠵᠢᠨ ᠲᠣᠭᠣᠷᠢᠭ ᠪᠤᠶᠤ ᠤᠷᠲᠤᠯᠵᠢᠨ ᠲᠣᠭᠤᠷᠢᠬᠯᠢᠭ᠋ ᠥᠨᠳᠡᠭᠡᠯᠵᠢᠨ ᠬᠡᠯᠪᠡᠷᠢ ᠲᠡᠢ᠂ ᠲᠣᠩᠭᠣᠷᠤᠤ ᠥᠨᠳᠡᠭᠡᠯᠵᠢᠨ ᠪᠤᠶᠤ ᠨᠠᠷᠢᠨ ᠥᠨᠳᠡᠭᠡᠯᠵᠢᠨ ᠬᠡᠯᠪᠡᠷᠢ ᠲᠡᠢ ᠨᠢ ᠬᠣᠪᠣᠷ᠂0.8~2cm ᠤᠷᠲᠤ᠂0.5~1cm ᠥᠷᠭᠡᠨ᠂ ᠦᠵᠦᠭᠦᠷ ᠨᠢ ᠶᠡᠷᠦ ᠳ᠋ᠡᠭᠡᠨ ᠮᠣᠬᠣᠭᠣ ᠲᠣᠭᠣᠷᠢᠭ ᠪᠤᠶᠤ1 ᠵᠢᠵᠢᠭ ᠥᠷᠭᠡᠰᠦᠯᠢᠭ ᠱᠣᠪᠣᠭᠣᠷ ᠲᠠᠢ᠂ ᠱᠣᠪᠲᠣᠭᠤᠷ ᠣᠷᠣᠢ ᠲᠠᠢ ᠨᠢ ᠴᠥᠭᠡᠨ᠂ ᠤᠭ ᠨᠢ ᠣᠯᠠᠩᠬᠢ ᠳ᠋ᠠᠭᠠᠨ ᠬᠠᠵᠠᠭᠠᠢ᠂ ᠨᠢᠭᠡ ᠬᠠᠵᠠᠭᠤ ᠨᠢ ᠤᠨᠵᠢᠢᠨ᠎ᠠ᠂ ᠪᠦᠲᠦᠨ ᠬᠥᠪᠡᠭᠡ ᠲᠡᠢ᠂ ᠬᠣᠶᠠᠷ ᠲᠠᠯ᠎ᠠ ᠨᠢ ᠭᠥᠯᠢᠭᠡᠷ᠂ ᠦᠰᠦ ᠦᠭᠡᠢ᠂ ᠪᠠᠷᠢᠭᠤᠯ ᠦᠭᠡᠢ ᠰᠢᠬᠠᠮ᠃ ᠱᠣᠷᠣᠯᠵᠢᠨ ᠪᠠᠭ ᠴᠡᠴᠡᠭ ᠨᠢ ᠳᠡᠭᠡᠷ᠎ᠡ ᠵᠢᠯ ᠦ᠋ᠨ ᠮᠥᠴᠢᠷ ᠦ᠋ᠨ ᠨᠠᠪᠴᠢᠨ ᠰᠤᠭᠤ ᠳ᠋ᠤ᠌ ᠤᠷᠭᠤᠨ᠎ᠠ᠂2~4cm ᠤᠷᠲᠤ᠂ ᠭᠥᠯᠢᠭᠡᠷ᠂ ᠦᠰᠦ ᠦᠭᠡᠢ᠃ ᠬᠣᠩᠭᠣᠷᠴᠣᠭᠲᠤ ᠵᠢᠮᠢᠰ ᠨᠢ ᠬᠠᠪᠲᠠᠭᠠᠢ ᠲᠡᠪᠡᠨᠡ ᠰᠢᠭ ᠤᠷᠲᠤᠯᠵᠢᠨ ᠲᠣᠭᠣᠷᠢᠭ᠂ ᠦᠵᠦᠭᠦᠷ ᠨᠢ ᠱᠣᠪᠣᠭᠣᠷ᠂1~1.5cm ᠤᠷᠲᠤ᠃5~6 ᠳ᠋ᠤᠭᠠᠷ ᠰᠠᠷ᠎ᠠ ᠳ᠋ᠤ᠌ ᠴᠡᠴᠡᠭᠯᠡᠵᠦ᠂6~9 ᠳ᠋ᠦ᠍ᠭᠡᠷ ᠰᠠᠷ᠎ᠠ ᠳ᠋ᠤ᠌ ᠵᠢᠮᠢᠰᠯᠡᠨ᠎ᠡ᠃
   [ ᠤᠷᠭᠤᠬᠤ ᠣᠷᠴᠢᠨ ᠬᠢᠭᠡᠳ ᠲᠠᠷᠬᠠᠴᠠ] ᠠᠭᠤᠯᠠᠷᠬᠠᠭ ᠭᠠᠵᠠᠷ ᠤ᠋ᠨ ᠬᠣᠯᠢᠮᠠᠭ ᠣᠢ ᠪᠠ ᠰᠥᠭᠡᠭ ᠳᠤᠮᠳᠠ ᠤᠷᠭᠤᠨ᠎ᠠ᠃ ᠥᠪᠥᠷ ᠮᠣᠩᠭᠣᠯ ᠳ᠋ᠤ᠌ ᠲᠠᠷᠬᠠᠴᠠ ᠲᠠᠢ᠃
   [ ᠲᠡᠭᠦᠵᠦ ᠪᠣᠯᠪᠠᠰᠤᠷᠠᠭᠤᠯᠬᠤ] ᠨᠠᠮᠤᠷ᠂ ᠡᠪᠦᠯ ᠦᠨᠳᠦᠰᠦ ᠪᠣᠯᠤᠨ ᠡᠰᠢ ᠶ᠋ᠢ ᠨᠢ ᠠᠪᠴᠤ ᠭᠠᠳᠠᠷ ᠬᠠᠯᠢᠰᠤ᠂ ᠨᠠᠷᠢᠨ ᠮᠥᠴᠢᠷ᠂ ᠰᠠᠯᠠᠭ᠎ᠠ ᠦᠨᠳᠦᠰᠦ ᠶ᠋ᠢ ᠨᠢ ᠵᠣᠷᠭᠣᠨ ᠬᠠᠶᠠᠭᠠᠳ ᠰᠡᠭᠦᠳᠡᠷ ᠲᠦ᠍ ᠬᠠᠲᠠᠭᠠᠨ᠎ᠠ᠃
   [ ᠠᠮᠲᠠ᠂ ᠴᠢᠨᠠᠷ᠂ ᠡᠷᠳᠡᠮ] ᠭᠤᠱᠤᠭᠤᠨ᠂ ᠭᠠᠰᠢᠭᠤᠨ ᠠᠮᠲᠠ ᠲᠠᠢ᠂ ᠰᠡᠷᠢᠭᠦᠨ ᠴᠢᠨᠠᠷ ᠲᠠᠢ᠃
   [ ᠴᠢᠳᠠᠯ ᠪᠠ ᠭᠣᠣᠯᠳᠠᠭᠤ ᠵᠠᠰᠠᠬᠤ] ᠬᠡᠢ ᠶ᠋ᠢ ᠳᠠᠷᠤᠬᠤ᠂ ᠬᠠᠯᠠᠭᠤᠨ ᠢ᠋ ᠠᠷᠢᠯᠭᠠᠬᠤ᠂ ᠬᠠᠳᠬᠤᠯᠭ᠎ᠠ ᠶ᠋ᠢ ᠳᠠᠷᠤᠬᠤ᠂ ᠠᠮᠢᠰᠬᠤᠯ ᠢ᠋ ᠠᠭᠤᠵᠢᠷᠠᠭᠤᠯᠬᠤ ᠴᠢᠳᠠᠯ ᠲᠠᠢ᠃ ᠭᠣᠣᠯᠳᠠᠭᠤ ᠭᠣᠣᠯ ᠰᠤᠳᠠᠯ ᠪᠣᠯᠤᠨ ᠵᠢᠷᠦᠬᠡᠨ ᠦ᠌ ᠬᠡᠢ ᠬᠠᠯᠠᠭᠤᠨ᠂ ᠠᠮᠢᠰᠬᠤᠯ ᠳᠠᠪᠬᠤᠴᠠᠬᠤ᠂ ᠨᠣᠢᠷ ᠬᠤᠯᠵᠢᠬᠤ᠂ ᠵᠢᠷᠦᠬᠡ ᠲᠦᠭᠰᠢᠬᠦ᠂ ᠵᠢᠷᠦᠬᠡᠨ ᠬᠠᠳᠬᠤᠯᠭ᠎ᠠ ᠵᠡᠷᠭᠡ ᠶ᠋ᠢ ᠵᠠᠰᠠᠬᠤ ᠳ᠋ᠤ᠌ ᠬᠡᠷᠡᠭᠯᠡᠨ᠎ᠡ᠃

   ᠬᠢᠲᠠᠳ ᠨᠡᠷ᠎ᠡ᠄山沉香 (贺兰山丁香)
   ᠠᠩᠭ᠌ᠯᠢ ᠨᠡᠷ᠎ᠡ᠄syringa pinnatifolia Hemsl. uar. alashanensis Ma et S. Q. Zhou

   ᠦᠰᠦᠭ ᠠᠮᠢᠯᠠᠭᠤᠯᠤᠭᠴᠢ᠄ ᠣᠶᠤᠨᠴᠢᠮᠡᠭ
   ᠬᠢᠨᠠᠭᠴᠢ᠄ ᠤᠷᠠᠨᠴᠢᠮᠡᠭ