ᠮᠢᠨᠦ ᠪᠠᠭᠰᠢ-ᠳᠣᠩᠷᠣᠪᠰᠡᠷᠡᠩMinii bagsh-DonrobtserenМиний багш-Донробцэрэн ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠢᠨᠦ ᠪᠠᠭᠰᠢ-ᠳᠣᠩᠷᠣᠪᠰᠡᠷᠡᠩMinii bagsh-DonrobtserenМиний багш-Донробцэрэн

ᠮᠢᠨᠦ ᠪᠠᠭᠰᠢ-ᠳᠣᠩᠷᠣᠪᠰᠡᠷᠡᠩMinii bagsh-DonrobtserenМиний багш-Донробцэрэн

2025-09-28

512

ᠮᠢᠨᠦ ᠪᠠᠭᠰᠢ

— ᠠᠴᠢᠲᠤ ᠪᠠᠭᠰᠢ ᠶ᠋ᠢᠨ ᠨᠠᠶᠠᠨ ᠲᠠᠪᠤ ᠶ᠋ᠢᠨ ᠨᠠᠰᠤᠨ ᠪᠠᠶᠠᠷ ᠲᠤ᠌᠄ 

ᠮᠢᠨᠦ ᠪᠠᠭᠰᠢ 
ᠨᠠᠷᠠ ᠪᠠᠨ ᠤᠭᠲᠤᠵᠤ ᠲᠤᠨᠤᠷᠠᠭᠰᠠᠨ 
ᠥᠷᠯᠥᠭᠡ ᠶ᠋ᠢᠨ ᠴᠡᠯᠮᠡᠭ ᠠᠭᠠᠷ 
ᠨᠡᠭᠦᠳᠡᠯᠴᠢᠨ ᠦ᠌ ᠳᠣᠮᠣᠭ ᠬᠦᠦᠷᠨᠢᠭᠰᠡᠨ 
ᠡᠭᠡᠯ ᠰᠢᠯᠤᠭᠤᠨ ᠠᠷᠠᠨᠰᠢᠨ 
ᠨᠤᠲᠤᠭ ᠢ᠋ᠶ᠋ᠠᠨ ᠴᠢᠮᠡᠵᠦ ᠳᠡᠯᠭᠡᠷᠡᠭᠰᠡᠨ 
ᠡᠩᠬᠡ ᠶ᠋ᠢᠨ ᠴᠠᠢᠯᠭᠠᠨ ᠰᠠᠨᠠᠭ᠎ᠠ 
ᠨᠠᠰᠤᠨ ᠤ᠋ ᠦᠢᠯᠡ ᠪᠡᠨ ᠤᠷᠠᠯᠠᠭᠰᠠᠨ 
ᠡᠨᠡᠷᠢᠯ ᠦ᠋ᠨ ᠬᠠᠢᠯᠭᠠᠨ ᠵᠠᠶᠠᠭ᠎ᠠ 

ᠮᠢᠨᠦ ᠪᠠᠭᠰᠢ
ᠣᠶᠤᠨ ᠤ᠋ ᠵᠢᠭᠦᠷ ᠢ᠋ ᠳᠡᠯᠭᠡᠭᠰᠡᠨ
ᠤᠬᠠᠭᠠᠨ ᠤ᠋ ᠴᠡᠴᠡᠨ ᠲᠠᠮᠢᠷ
ᠠᠶᠠᠨ ᠤ᠋ ᠵᠢᠯᠣᠭᠣ ᠶ᠋ᠢ ᠵᠠᠯᠠᠭᠰᠠᠨ
ᠠᠯᠤᠰ ᠤ᠋ᠨ ᠲᠣᠷᠭᠠᠨ ᠬᠠᠷᠭᠤᠢ
ᠣᠩᠭᠣᠨ ᠪᠣᠳᠣᠯ ᠢ᠋ ᠰᠢᠪᠰᠢᠭᠰᠡᠨ
ᠠᠶᠠᠰ ᠤ᠋ᠨ ᠬᠣᠩᠭᠣᠷ ᠰᠠᠯᠬᠢ
ᠤᠳᠬ᠎ᠠ ᠶ᠋ᠢᠨ ᠵᠢᠮ᠎ᠡ ᠶ᠋ᠢ ᠵᠢᠭᠠᠭᠰᠠᠨ
ᠤᠳᠤᠮ ᠤ᠋ᠨ ᠠᠷᠢᠭᠤᠨ ᠲᠠᠪᠢᠯᠠᠩ

ᠮᠢᠨᠦ ᠪᠠᠭᠰᠢ
ᠮᠣᠷᠢᠨ ᠨᠢᠷᠤᠭᠤᠨ ᠳᠡᠭᠡᠷ᠎ᠡ ᠥᠨᠳᠡᠢᠭᠰᠡᠨ
ᠮᠣᠩᠭᠣᠯ ᠰᠣᠶᠣᠯ ᠤ᠋ᠨ ᠣᠲᠣᠷᠴᠢᠨ
ᠮᠥᠩᠬᠡ ᠳᠥᠷᠥᠭᠡ ᠶᠥᠷᠭᠡᠭᠦᠯᠦᠭᠰᠡᠨ
ᠮᠠᠯᠴᠢᠨ ᠵᠠᠶᠠᠭ᠎ᠠ ᠲᠠᠢ ᠠᠷᠠᠳ
ᠮᠥᠷᠥᠭᠡᠳᠦᠯ ᠦ᠋ᠨ ᠠᠶᠠᠰ ᠴᠢᠪᠬᠠᠳᠠᠭᠰᠠᠨ
ᠨᠠᠷᠠᠨ ᠰᠠᠷᠠᠨ ᠤ᠋ ᠰᠢᠷᠤᠩᠬᠠᠢ
ᠮᠥᠩᠬᠡ ᠶ᠋ᠢᠨ ᠬᠡᠢᠮᠣᠷᠢ ᠪᠡᠯᠭᠡᠳᠡᠭᠰᠡᠨ
ᠨᠠᠯᠠᠭᠠᠷ ᠪᠤᠶᠠᠨᠲᠤ ᠪᠤᠭᠤᠷᠤᠯ

ᠡᠭᠦᠨ᠎ᠡ᠄ ᠰᠤᠷᠤᠭᠴᠢ ᠳᠣᠩᠷᠣᠪᠰᠡᠷᠡᠩ ᠡᠴᠡ
2024 ᠣᠨ ᠤ᠋9 ᠰᠠᠷ᠎ᠠ ᠶ᠋ᠢᠨ24 ᠦ᠌ ᠡᠳᠦᠷ
ᠦᠰᠦᠭ ᠠᠮᠢᠯᠠᠭᠤᠯᠤᠭᠴᠢ᠄ ᠪᠦᠷᠢᠨᠵᠢᠷᠭᠠᠯ
ᠨᠠᠢᠷᠠᠭᠤᠯᠤᠨ ᠬᠢᠨᠠᠭᠴᠢ᠄ ᠣᠳᠬᠣᠩᠬᠤᠸᠠᠷ
ᠶᠡᠷᠦᠩᠬᠡᠢ ᠬᠢᠨᠠᠭᠴᠢ ᠄ ᠡᠩᠬᠡᠮᠡᠨᠳᠤ
《 ᠲᠤᠯᠭ᠎ᠠ ᠶ᠋ᠢᠨ ᠭᠤᠷᠪᠠᠨ ᠴᠢᠯᠠᠭᠤ》 ᠤᠳᠬ᠎ᠠ ᠰᠣᠶᠣᠯ ᠤ᠋ᠨ ᠨᠡᠢᠭᠡᠮᠯᠢᠭ ᠡᠴᠡ ᠬᠠᠩᠭᠠᠪᠠ᠃