ᠠᠯᠲᠠᠨ ᠬᠣᠷᠭᠣ ᠨᠤᠲᠤᠭ ᠮᠢᠨᠢ -ᠪᠤᠶᠠᠨᠳᠠᠯᠠᠢ Altan khorgo nutag mini-BuyanteliiАлтан хорго нутаг минь-Буянтэлий ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠠᠯᠲᠠᠨ ᠬᠣᠷᠭᠣ ᠨᠤᠲᠤᠭ ᠮᠢᠨᠢ -ᠪᠤᠶᠠᠨᠳᠠᠯᠠᠢ Altan khorgo nutag mini-BuyanteliiАлтан хорго нутаг минь-Буянтэлий

ᠠᠯᠲᠠᠨ ᠬᠣᠷᠭᠣ ᠨᠤᠲᠤᠭ ᠮᠢᠨᠢ -ᠪᠤᠶᠠᠨᠳᠠᠯᠠᠢ Altan khorgo nutag mini-BuyanteliiАлтан хорго нутаг минь-Буянтэлий

2025-09-28

511

ᠠᠯᠲᠠᠨ ᠬᠣᠷᠭᠣ ᠨᠤᠲᠤᠭ ᠮᠢᠨᠢ

   ᠵᠣᠬᠢᠶᠠᠭᠴᠢ᠄ ᠪᠤᠶᠠᠨᠳᠠᠯᠠᠢ 
   ᠤᠶᠠᠩᠭᠠᠯᠠᠭᠴᠢ᠄ ᠦᠷᠴᠠᠢᠬᠤ 

ᠠᠯᠤᠰ ᠬᠣᠯᠠ ᠠ᠋ᠴᠠ ᠰᠦᠨᠳᠡᠷᠯᠡᠭᠡᠳ ᠪᠠᠢᠳᠠᠭ 
ᠠᠯᠲᠠᠨ ᠬᠣᠷᠭᠣ ᠠᠭᠤᠯᠠ ᠮᠢᠨᠢ 
ᠠᠭᠠᠷᠤ᠂ ᠽᠠᠨᠳᠠᠨ᠂ ᠠᠷᠴᠠ᠂ ᠰᠡᠩᠳᠡᠩ ᠨᠢ 
ᠠᠰᠢᠳᠠ ᠶ᠋ᠢᠨ ᠮᠥᠩᠬᠡ ᠨᠣᠭᠣᠭᠠᠨ ᠢ᠋ᠶ᠋ᠠᠷ ᠢ᠋ᠶ᠋ᠠᠨ 

ᠬᠥᠬᠡᠷᠡᠨ ᠴᠡᠩᠬᠡᠷᠯᠡᠨ ᠬᠠᠷᠠᠭᠳᠠᠭᠠᠳ ᠪᠠᠢᠳᠠᠭ 
ᠬᠥᠬᠡ ᠥᠨᠳᠥᠷ ᠬᠠᠢᠷᠬᠠᠨ ᠮᠢᠨᠢ 
ᠬᠥᠬᠥᠭᠡ ᠰᠢᠪᠠᠭᠤᠨ ᠤ᠋ ᠳᠣᠩᠭᠣᠳᠬᠤ ᠨᠢ 
ᠬᠥᠮᠦᠨ ᠦ᠌ ᠰᠡᠳᠬᠢᠯ ᠢ᠋ ᠪᠠᠶᠠᠰᠬᠠᠨ᠎ᠠ 

ᠠᠭᠢ ᠳᠠᠭᠠᠨ᠎ᠠ ᠶ᠋ᠢᠨ ᠠᠩᠬᠢᠯᠤᠮ᠎ᠠ ᠦᠨᠦᠷ ᠲᠦ᠋ᠨᠢ
ᠠᠳᠤᠭᠤ ᠮᠠᠯ ᠱᠠᠩᠳᠠᠭᠤᠷᠠᠨ᠎ᠠ
ᠠᠭᠯᠠᠭ ᠬᠠᠩᠭᠠᠢ ᠬᠢᠷ᠎ᠠ ᠪᠠᠷ ᠨᠢ
ᠠᠷᠭᠠᠯᠢ ᠭᠥᠷᠥᠭᠡᠰᠦ ᠲᠣᠭᠯᠠᠯᠳᠤᠨ᠎ᠠ

ᠡᠪᠦᠭᠡ ᠳᠡᠭᠡᠳᠦᠰ ᠦ᠋ᠨ ᠮᠢᠨᠢ ᠨᠤᠲᠤᠭᠯᠠᠭᠰᠠᠨ
ᠥᠩᠰᠢᠭ ᠰᠠᠢᠬᠠᠨ ᠣᠷᠣᠨ ᠶᠤᠮ ᠠ᠋
ᠦᠶ᠎ᠡ ᠳᠠᠮᠵᠢᠨ ᠬᠠᠮᠠᠭᠠᠯᠠᠬᠤ ᠨᠢ
ᠦᠷ᠎ᠡ ᠠᠴᠢ ᠨᠠᠷ ᠪᠢᠳᠡᠨ ᠦ᠌ ᠡᠭᠦᠷᠭᠡ ᠶᠦᠮ ᠠ᠋

ᠠᠰᠬ᠎ᠠ ᠥᠨᠳᠥᠷ ᠬᠠᠳᠠᠳ ᠨᠢ
ᠠᠰᠠᠷ ᠬᠠᠢᠰᠠᠩ ᠤ᠋ᠨ ᠰᠢᠨᠵᠢ ᠲᠡᠢ
ᠠᠭᠤᠢ ᠬᠠᠳᠠᠨ ᠬᠣᠩᠭᠢᠯ ᠨᠢ
ᠠᠪᠳᠠᠷ᠎ᠠ ᠬᠣᠷᠭᠣ ᠶ᠋ᠢᠨ ᠮᠠᠶᠢᠭ ᠲᠠᠢ

ᠠᠭᠤᠳᠠᠮ ᠴᠠᠪᠴᠢᠮ᠎ᠠ ᠬᠠᠯᠢᠯ ᠳ᠋ᠤᠨᠢ
ᠤᠷᠠᠯᠠᠵᠤ ᠱᠤᠭᠤᠭᠰᠠᠨ ᠰᠡᠢᠯᠦᠮᠡᠯ ᠲᠡᠢ
ᠤᠷᠠᠨ ᠳᠠᠷᠬᠠᠨ ᠤ᠋ ᠰᠡᠢᠯᠪᠦᠷᠢ ᠲᠡᠢ
ᠤᠭᠠᠯᠵᠠ ᠬᠡ ᠨᠢ ᠲᠣᠳᠣᠬᠠᠨ

ᠬᠣᠷᠭᠣ ᠶ᠋ᠢᠨ ᠬᠠᠨᠠᠨ ᠬᠠᠳᠠᠨ ᠳ᠋ᠤᠨᠢ
ᠬᠣᠪᠣᠷ ᠬᠠᠭᠤᠴᠢ ᠵᠢᠷᠤᠭ ᠲᠠᠢ
ᠬᠣᠯᠠ ᠣᠢᠷ᠎ᠠ ᠳ᠋ᠤ᠌ ᠠᠯᠳᠠᠷᠰᠢᠭᠰᠠᠨ
ᠬᠤᠪᠢᠯᠭᠠᠨ ᠣᠷᠣᠨ ᠤ᠋ ᠳᠣᠮᠣᠭ ᠶᠤᠮ

ᠪᠠᠷᠠᠭᠤᠨ ᠵᠡᠭᠦᠨ ᠬᠣᠷᠭᠣ ᠭᠡᠳ
ᠪᠠᠢᠭᠠᠯᠢ ᠡᠬᠡ ᠡᠴᠡ ᠵᠠᠶᠠᠭᠠᠵᠠᠢ
ᠪᠠᠬᠠᠷᠤᠮ᠎ᠠ ᠭᠣᠢᠳᠠ ᠦᠵᠡᠮᠵᠢ ᠪᠡᠷ ᠢ᠋ᠶ᠋ᠡᠨ
ᠪᠠᠶᠠᠨ ᠪᠠᠢᠭᠠᠯᠢ ᠪᠠᠨ ᠴᠢᠮᠡᠭᠯᠡᠵᠡᠢ

ᠵᠡᠭᠦᠨ ᠪᠠᠷᠠᠭᠤᠨ ᠠᠭᠤᠢ ᠭᠡᠳ
ᠵᠦᠢᠲᠡᠢ ᠰᠠᠢᠬᠠᠨ ᠵᠢᠭᠳᠡᠷᠡᠵᠡᠢ
ᠵᠦᠢᠯ ᠦ᠋ᠨ ᠭᠣᠶᠣᠬᠠᠨ ᠦᠵᠡᠮᠵᠢ ᠪᠡᠷ ᠢ᠋ᠶ᠋ᠡᠨ
ᠵᠣᠷᠴᠢᠭᠴᠢ ᠣᠯᠠᠨ ᠢ᠋ᠶ᠋ᠠᠨ ᠪᠠᠶᠠᠰᠬᠠᠵᠠᠢ

ᠰᠠᠭᠯᠠᠭᠠᠷ ᠥᠨᠳᠥᠷ ᠠᠭᠠᠷᠤ ᠨᠤᠭᠤᠳ
ᠰᠠᠯᠠᠭ᠎ᠠ ᠨᠠᠮᠠᠭ᠎ᠠ ᠪᠠᠷ ᠢ᠋ᠶ᠋ᠠᠨ ᠵᠠᠯᠭᠠᠯᠳᠤᠵᠠᠢ
ᠰᠠᠬᠤᠯᠠᠭ ᠵᠤᠵᠠᠭᠠᠨ ᠠᠷᠴᠠ ᠮᠣᠳᠣ
ᠰᠠᠭᠠᠯᠢ ᠶ᠋ᠢᠨ ᠵᠡᠯ᠎ᠡ ᠮᠡᠲᠦ ᠬᠣᠯᠪᠣᠯᠳᠤᠵᠠᠢ

ᠬᠣᠪᠣᠷ ᠷᠠᠰᠢᠶᠠᠨ ᠲᠤᠩᠭᠠᠯᠠᠭ ᠤᠰᠤ
ᠬᠣᠷᠭᠣ ᠶ᠋ᠢᠨ ᠬᠠᠳᠠᠨ ᠠ᠋ᠴᠠ ᠤᠨᠳᠤᠷᠴᠠᠢ
ᠬᠣᠷᠸ᠎ᠠ ᠲᠦᠮᠡᠨ ᠢ᠋ ᠤᠮᠳᠠᠯᠠᠭᠠᠳ
ᠬᠣᠷᠭᠣᠢ ᠤᠭᠠᠯᠵᠠ ᠰᠢᠭ᠋ ᠮᠢᠷᠠᠯᠵᠠᠵᠠᠢ

ᠬᠣᠯᠠ ᠠ᠋ᠴᠠ ᠣᠨᠳᠣᠷᠣᠭᠰᠠᠨ ᠤᠷᠤᠰᠬᠠᠯ ᠬᠠᠢᠯ
ᠬᠣᠢᠭᠤᠷ ᠤᠷᠳᠤᠭᠤᠷ ᠨᠢ ᠲᠤᠨᠤᠯᠵᠠᠵᠠᠢ
ᠬᠣᠩᠬᠣᠷ ᠬᠠᠳᠠᠨ ᠤ᠋ ᠲᠣᠭᠲᠠᠮᠠᠯ ᠤᠰᠤ
ᠬᠤᠪᠢᠯᠭᠠᠨ ᠲᠣᠯᠢ ᠰᠢᠭ᠋ ᠮᠡᠯᠲᠡᠩᠨᠡᠵᠡᠢ

ᠡᠭᠴᠡ ᠴᠠᠪᠴᠢᠮ᠎ᠠ ᠠᠰᠬ᠎ᠠ ᠳ᠋ᠤᠨᠢ
ᠶᠣᠯᠣ ᠰᠢᠪᠠᠭᠤ ᠡᠭᠦᠷᠯᠡᠵᠡᠢ
ᠡᠮ ᠦ᠋ᠨ ᠴᠢᠬᠤᠯᠠ ᠨᠠᠢᠷᠠᠯᠭ᠎ᠠ ᠳ᠋ᠤ᠌
ᠶᠣᠯᠣ ᠶ᠋ᠢᠨ ᠬᠣᠳᠣᠭᠣᠳᠣ ᠪᠠᠨ ᠡᠷᠭᠦᠵᠡᠢ

ᠠᠯᠢ ᠣᠯᠠᠨ ᠡᠮ ᠦ᠋ᠨ ᠤᠷᠭᠤᠮᠠᠯ
ᠠᠯᠲᠠᠨ ᠬᠣᠷᠭᠣ ᠳ᠋ᠤ᠌ ᠮᠢᠨᠢ ᠳᠦᠭᠦᠷᠡᠩ ᠪᠣᠢ
ᠠᠷᠰᠠᠭᠠᠷ ᠪᠠᠷᠰᠠᠭᠠᠷ ᠬᠠᠳᠠᠨ ᠳ᠋ᠤᠨᠢ
ᠠᠰᠢᠭᠲᠤ ᠮᠠᠯᠲᠠᠮᠠᠯ ᠡᠯᠪᠡᠭ ᠪᠣᠢ

ᠬᠥᠬᠡ ᠮᠥᠩᠭᠥᠨ ᠲᠩᠷᠢ ᠨᠢ ᠷᠠᠰᠢᠶᠠᠨ ᠢ᠋ᠶ᠋ᠠᠷ ᠤᠮᠳᠠᠯᠠᠭᠰᠠᠨ
ᠬᠥᠷᠥᠰᠥᠲᠦ ᠠᠯᠲᠠᠨ ᠳᠡᠯᠡᠬᠡᠢ ᠠᠷᠢᠭᠤᠨ ᠰᠢᠮ᠎ᠡ ᠪᠡᠨ ᠳᠡᠭᠡᠵᠢᠯᠡᠭᠰᠡᠨ
ᠬᠥᠬᠡᠮᠳᠦᠭ ᠨᠣᠭᠣᠭᠠᠨ ᠠᠯᠲᠠᠨ ᠬᠣᠷᠭᠣ ᠠᠭᠤᠯᠠ
ᠬᠥᠮᠦᠨ ᠠᠷᠠᠳ ᠤ᠋ᠨ ᠠᠮᠤᠭᠤᠯᠠᠩ ᠵᠢᠷᠭᠠᠯᠠᠩ ᠤ᠋ᠨ ᠣᠷᠣᠨ ᠠ᠋!

ᠠᠯᠤᠰ ᠲᠤ᠌ ᠴᠡᠩᠬᠡᠷᠯᠡᠬᠦ ᠲᠩᠷᠢ ᠶ᠋ᠢᠨ ᠬᠠᠶᠠᠭᠠᠨ ᠳ᠋ᠤ᠌ ᠭᠡᠷ ᠮᠢᠨᠢ ᠪᠠᠢᠳᠠᠭ
ᠠᠳᠤᠭᠤ ᠮᠠᠯ ᠳᠠᠷᠬᠠᠨ ᠪᠡᠯᠴᠢᠭᠰᠡᠨ ᠨᠤᠲᠤᠭ ᠲᠤ᠌ ᠮᠢᠨᠢ
ᠠᠷᠢᠭᠤᠨ ᠰᠠᠩ ᠤ᠋ᠨ ᠠᠷᠴᠠ ᠬᠦᠵᠢ ᠬᠠᠩᠬᠤᠯᠤᠭᠰᠠᠨ ᠥᠷᠭᠥᠭᠡ ᠭᠡᠷ ᠮᠢᠨᠢ ᠪᠠᠢᠳᠠᠭ
ᠠᠯᠲᠠᠨ ᠬᠣᠷᠭᠣ ᠶ᠋ᠢᠨ ᠠᠷᠢᠭᠤᠨ ᠲᠠᠭᠱᠶ᠋ᠨ ᠣᠷᠣᠨ ᠳ᠋ᠤ᠌ ᠠᠪᠤ ᠡᠵᠢ ᠶ᠋ᠢᠨ ᠮᠢᠨᠢ ᠨᠤᠲᠤᠭ ᠪᠠᠢᠳᠠᠭ

ᠠᠶᠠᠰ ᠤ᠋ᠨ ᠰᠠᠯᠬᠢᠨ ᠳ᠋ᠤ᠌ ᠨᠡᠭᠦᠳᠡᠯᠯᠡᠬᠦ ᠬᠤᠷ᠎ᠠ ᠶ᠋ᠢᠨ ᠡᠭᠦᠯᠡ ᠲᠡᠢ
ᠠᠯᠲᠠᠨ ᠬᠣᠷᠭᠣ ᠮᠢᠨᠢ ᠬᠠᠷᠠᠭᠠᠨ ᠳ᠋ᠤ᠌ ᠲᠣᠳᠣᠷᠠᠨ᠎ᠠ
ᠠᠷᠠᠳ ᠤ᠋ᠨ ᠳᠠᠭᠤᠤ ᠶ᠋ᠢᠨ ᠠᠶᠠᠯᠭᠤ ᠲᠠᠢ
ᠠᠮᠤᠭᠤᠯᠠᠩ ᠨᠤᠲᠤᠭ ᠮᠢᠨᠢ ᠰᠠᠨᠠᠭᠠᠨ ᠳ᠋ᠤ᠌ ᠮᠥᠩᠬᠡᠷᠡᠨ᠎ᠡ᠃

ᠠᠪᠤ ᠶ᠋ᠢᠨ ᠨᠥᠮᠥᠷᠢ ᠲᠡᠢ ᠠᠮᠤᠭᠤᠯᠠᠩ ᠨᠤᠲᠤᠭ
ᠠᠳᠤᠭᠤᠳ ᠳᠠᠪᠬᠢᠯᠳᠤᠭᠰᠠᠨ ᠰᠠᠷᠠᠭᠤᠯ ᠲᠠᠯ᠎ᠠ
ᠡᠵᠢ ᠶ᠋ᠢᠨ ᠪᠦᠪᠡᠢ ᠲᠡᠢ ᠡᠩᠬᠡ ᠨᠤᠲᠤᠭ
ᠡᠭᠡᠴᠢ ᠳᠡᠭᠦᠦ ᠪᠢᠳᠡᠨ ᠢ᠋ ᠪᠥᠭᠡᠴᠡᠢᠯᠡᠭᠰᠡᠨ ᠲᠣᠷᠭᠠᠨ ᠥᠯᠥᠭᠡᠢ

ᠠᠯᠠᠭ ᠬᠣᠷᠸ᠎ᠠ ᠶ᠋ᠢᠨ ᠭᠠᠢᠬᠠᠮᠰᠢᠭ
ᠠᠯᠲᠠᠨ ᠬᠣᠷᠭᠣ ᠮᠢᠨᠦ ᠨᠤᠲᠤᠭ
ᠠᠬ᠎ᠠ ᠳᠡᠭᠦᠦ ᠳᠣᠯᠣᠭᠤᠯᠠ ᠶ᠋ᠢ ᠥᠰᠬᠡᠭᠰᠡᠨ
ᠠᠰᠢᠳᠠ ᠶ᠋ᠢᠨ ᠰᠢᠲᠦᠭᠡᠨᠲᠦ ᠣᠷᠣᠨ ᠠ᠋

ᠠᠭᠠᠷᠤᠤᠯ ᠬᠤᠷᠤᠳ ᠠᠭᠠᠷ ᠰᠢᠭ᠋ ᠰᠡᠩᠭᠢᠨᠡᠭᠰᠡᠨ
ᠠᠭᠤᠳᠠᠮ ᠲᠠᠯ᠎ᠠ ᠨᠢ ᠠᠯᠠᠭ ᠴᠡᠴᠡᠭ ᠦ᠋ᠨ ᠮᠢᠷᠠᠯᠵᠠᠭᠠᠨ ᠲᠠᠢ
ᠷᠠᠰᠢᠶᠠᠨ ᠬᠤᠷ᠎ᠠ ᠨᠢ ᠵᠦᠰᠡᠷᠡᠨ ᠱᠠᠭᠢᠭᠰᠠᠨ
ᠠᠷᠤ ᠶ᠋ᠢᠨ ᠬᠥᠨᠳᠡᠢ ᠨᠢ ᠠᠮᠢᠵᠢᠷᠠᠯ ᠠ᠋ᠴᠠ ᠱᠤᠤᠭᠢᠶᠠᠨ ᠲᠠᠢ

ᠪᠣᠷᠣ ᠲᠤᠭᠤᠷᠭ᠎ᠠ ᠲᠠᠢ ᠮᠣᠩᠭᠣᠯ ᠭᠡᠷ ᠲᠡᠭᠡᠨ
ᠪᠤᠭᠤᠷᠤᠯ ᠠᠪᠤ ᠮᠢᠨᠢ ᠨᠣᠶᠠᠨ ᠨᠢᠷᠤᠭᠤ ᠪᠠᠢᠭᠰᠠᠨ
ᠪᠤᠷᠬᠠᠨ ᠪᠤᠭᠤᠷᠤᠯ ᠠᠪᠤ ᠶ᠋ᠢᠨ ᠬᠠᠢᠷ᠎ᠠ ᠪᠠᠷ
ᠪᠣᠳᠣᠯ ᠰᠡᠳᠬᠢᠯ ᠮᠢᠨᠢ ᠪᠣᠢᠵᠢᠵᠤ ᠲᠣᠷᠨᠢᠭᠰᠠᠨ ᠶᠤᠮ

ᠰᠠᠯᠤᠭᠠᠳ ᠤᠳᠠᠭᠰᠠᠨ ᠨᠤᠲᠤᠭ ᠢ᠋ᠶ᠋ᠠᠨ ᠪᠣᠳᠣᠬᠤ ᠳ᠋ᠤ᠌
ᠰᠠᠨᠴᠢᠭ ᠪᠤᠭᠤᠷᠤᠯ ᠡᠵᠢ ᠮᠢᠨᠢ ᠰᠠᠨᠠᠭᠳᠠᠬᠤ ᠶᠤᠮ
ᠰᠠᠢᠬᠠᠨ ᠦᠢᠯᠡᠰ ᠲᠡᠭᠡᠨ ᠮᠡᠷᠡᠢᠵᠦ ᠶᠠᠪᠤᠬᠤ ᠳ᠋ᠠᠭᠠᠨ
ᠰᠠᠨᠠᠭ᠎ᠠ ᠰᠡᠳᠬᠢᠯ ᠮᠢᠨᠢ ᠤᠶᠠᠷᠠᠭᠠᠳ ᠪᠠᠢᠬᠤ ᠶᠤᠮ ᠠ᠋

ᠱᠥᠯᠦᠨ ᠦ᠌ ᠬᠣᠨᠢ ᠴᠢᠳᠥᠷ ᠦ᠋ᠨ ᠮᠣᠷᠢ ᠲᠠᠢ ᠪᠢᠯᠡ ᠪᠢ
ᠰᠢᠯᠦᠭ ᠨᠠᠢᠷᠠᠭᠤᠯᠤᠯ ᠣᠯᠳᠣᠢ ᠬᠡᠳᠦᠨ ᠪᠦᠲᠦᠭᠡᠯ ᠲᠡᠢ ᠪᠢᠯᠡ ᠪᠢ
ᠰᠠᠨᠴᠢᠭ ᠪᠤᠭᠤᠷᠤᠯᠴᠤᠳ ᠠ᠋ᠴᠠ ᠥᠪᠯᠡᠵᠦ ᠠᠪᠤᠭᠰᠠᠨ
ᠰᠡᠴᠡᠨ ᠮᠡᠷᠭᠡᠨ ᠰᠤᠷᠭᠠᠯ ᠰᠠᠢᠬᠠᠨ ᠰᠠᠢᠬᠠᠨ ᠳᠣᠮᠣᠭ ᠲᠠᠢ ᠪᠢᠯᠡ ᠪᠢ

ᠬᠠᠭᠠᠨ ᠴᠢᠩᠭᠢᠰ ᠦ᠋ᠨ ᠬᠣᠢᠴᠢᠰ ᠪᠢᠯᠡ ᠪᠢ
ᠬᠠᠰᠢᠷ ᠮᠠᠯᠴᠢᠨ ᠤ᠋ ᠦᠷ᠎ᠡ ᠬᠡᠦᠬᠡᠳ ᠪᠢᠯᠡ ᠪᠢ
ᠬᠠᠨᠠᠲᠤ ᠭᠡᠷ ᠦ᠋ᠨ ᠬᠠᠶᠠᠭᠠᠨ ᠳ᠋ᠤ᠌ ᠲᠥᠷᠥᠵᠦ ᠥᠰᠦᠭᠡᠳ
ᠬᠠᠨ ᠳᠡᠯᠡᠬᠡᠢ ᠳ᠋ᠦ᠍ ᠵᠠᠶᠠᠭᠠᠭᠰᠠᠨ ᠶᠤᠮ ᠪᠢ

ᠨᠠᠷᠠ ᠰᠠᠷᠠ ᠲᠠᠢ ᠬᠣᠷᠸ᠎ᠠ ᠳ᠋ᠤ᠌ ᠨᠠᠰᠤᠨ ᠤ᠋ ᠭᠠᠭᠴᠠ ᠬᠠᠨᠢ ᠲᠠᠢ ᠪᠢᠯᠡ ᠪᠢ
ᠨᠢᠯᠬᠠᠰ ᠦᠷᠡᠰ ᠢ᠋ ᠨᠢ ᠥᠰᠬᠡᠭᠡᠳ
ᠨᠠᠰᠤᠲᠠᠢᠴᠤᠳ ᠢ᠋ ᠨᠢ ᠠᠰᠠᠷᠠᠭᠠᠳ ᠥᠭᠭᠦᠳᠡᠭ
ᠨᠠᠷᠠᠨ ᠰᠢᠭ᠋ ᠰᠠᠢᠬᠠᠨ ᠪᠦᠰᠡᠭᠦᠢ ᠲᠡᠢ ᠪᠢᠯᠡ ᠪᠢ

ᠲᠤᠭᠤᠷᠭ᠎ᠠ ᠲᠠᠢ ᠭᠡᠷ ᠦ᠋ᠨ ᠢ᠋ᠶ᠋ᠡᠨ ᠭᠣᠯᠣᠮᠲᠠ ᠶ᠋ᠢ ᠵᠠᠯᠭᠠᠬᠤ ᠬᠦᠦ ᠲᠡᠢ ᠪᠢᠯᠡ ᠪᠢ
ᠲᠤᠯᠭ᠎ᠠ ᠲᠠᠢ ᠭᠠᠯ ᠢ᠋ᠶ᠋ᠠᠨ ᠬᠥᠭᠵᠢᠭᠡᠨ ᠳᠦᠷᠡᠯᠵᠡᠭᠦᠯᠬᠦ ᠪᠡᠷᠢ ᠲᠡᠢ ᠪᠢᠯᠡ ᠪᠢ
ᠲᠣᠨᠣᠭ ᠪᠦᠷᠢᠨ ᠤᠷᠭ᠎ᠠ ᠶ᠋ᠢᠨ ᠬᠡᠭᠡᠷ ᠲᠡᠭᠡᠨ ᠡᠵᠡᠨ ᠲᠡᠢ ᠪᠢᠯᠡ ᠪᠢ
ᠲᠣᠭᠣᠨᠣ ᠲᠠᠢ ᠭᠡᠷ ᠦ᠋ᠨ ᠢ᠋ᠶ᠋ᠡᠨ ᠬᠠᠨ᠎ᠠ ᠲᠦᠰᠢᠵᠦ ᠵᠣᠭᠰᠣᠭᠰᠠᠨ ᠮᠢᠨᠦ
ᠬᠦᠦ ᠮᠢᠨᠦ ᠨᠠᠷᠠ ᠠ᠋ ᠨᠠᠷᠠᠨ!

  ᠦᠰᠦᠭ ᠠᠮᠢᠯᠠᠭᠤᠯᠤᠭᠴᠢ᠄ ᠪᠠᠢ ᠰᠠᠷᠠᠨ᠎ᠠ
  ᠦᠰᠦᠭ ᠬᠠᠳᠠᠭᠴᠢ᠄ ᠪᠠᠢ· ᠰᠠᠷᠠᠨ᠎ᠠ
  ᠬᠢᠨᠠᠭᠴᠢ ᠪᠠᠭᠰᠢ᠄ ᠣᠳᠬᠠᠨᠰᠤ᠎ᠡ