ᠣᠷᠴᠢᠨ ᠴᠠᠭ ᠤᠨ ᠮᠣᠩᠭᠣᠯ ᠬᠡᠯᠡ (ᠳᠡᠭᠡᠳᠦ ᠰᠤᠷᠭᠠᠭᠤᠯᠢ ᠶᠢᠨ ᠵᠢᠭᠠᠬᠤ ᠮᠠᠲ᠋ᠧᠷᠢᠶᠡᠯ)– ᠤᠳᠤᠷᠢᠳᠬᠠᠯ-1(2) Орчин цагийн монгол хэл(дээд сургуулийн заах материэл)- Удиртгал-1(2)
ᠤᠳᠤᠷᠢᠳᠬᠠᠯ
ᠨᠢᠭᠡ᠂ ᠮᠣᠩᠭᠣᠯ ᠬᠡᠯᠡ ᠬᠢᠭᠡᠳ ᠲᠡᠭᠦᠨ ᠦ᠌ ᠬᠥᠭᠵᠢᠯ ᠪᠦᠷᠢᠯᠳᠦᠯ (2)
ᠮᠣᠩᠭᠣᠯ ᠲᠥᠷᠥᠯ ᠬᠡᠯᠡ ᠨᠦ᠍ᠭᠦᠳ ᠨᠢ ᠪᠠᠰᠠ ᠠᠯᠲᠠᠢ ᠢᠵᠠᠭᠤᠷ ᠬᠡᠯᠡᠨ ᠡᠴᠡ ᠰᠠᠯᠪᠤᠷᠢᠯᠠᠨ ᠡᠭᠦᠰᠦᠭᠰᠡᠨ ᠶᠦᠮ᠃ ᠠᠯᠲᠠᠢ ᠢᠵᠠᠭᠤᠷ ᠬᠡᠯᠡᠨ ᠡᠴᠡ ᠰᠠᠯᠪᠤᠷᠢᠯᠠᠵᠤ ᠭᠠᠷᠤᠭᠰᠠᠨ ᠲᠥᠷᠥᠯ ᠬᠡᠯᠡ ᠳ᠋ᠦ᠍ ᠪᠠᠷᠠᠭᠤᠨ ᠰᠠᠯᠪᠤᠷᠢ ᠨᠢ ᠲᠦᠷᠺ ᠲᠥᠷᠥᠯ ᠬᠡᠯᠡ᠂ ᠵᠡᠭᠦᠨ ᠰᠠᠯᠪᠤᠷᠢ ᠨᠢ ᠮᠠᠨᠵᠤ ᠲᠤᠩᠭᠦᠰ ᠲᠥᠷᠥᠯ ᠬᠡᠯᠡ ᠪᠠᠢᠵᠤ᠂ ᠳᠤᠮᠳᠠᠬᠢ ᠨᠢ ᠮᠣᠩᠭᠣᠯ ᠲᠥᠷᠥᠯ ᠬᠡᠯᠡ ᠪᠣᠯᠤᠨ᠎ᠠ᠃ ᠡᠭᠦᠨ ᠡᠴᠡ ᠭᠠᠳᠠᠨ᠎ᠠ ᠰᠣᠯᠣᠩᠭᠣᠰ ᠬᠡᠯᠡ ᠶ᠋ᠢ ᠨᠡᠯᠢᠶᠡᠳ ᠡᠷᠳᠡᠮᠲᠡᠨ ᠠᠯᠲᠠᠢ ᠢᠵᠠᠭᠤᠷ ᠬᠡᠯᠡᠨ ᠳ᠋ᠦ᠍ ᠬᠠᠷᠢᠶᠠᠯᠠᠭᠳᠠᠨ᠎ᠠ ᠭᠡᠵᠦ ᠬᠡᠯᠡᠳᠡᠭ᠃ ᠶᠠᠫᠣᠨ ᠬᠡᠯᠡ ᠶ᠋ᠢ ᠵᠠᠷᠢᠮ ᠡᠷᠳᠡᠮᠲᠡᠨ ᠪᠠᠰᠠ ᠮᠥᠨ ᠢᠵᠠᠭᠤᠷ ᠬᠡᠯᠡᠨ ᠳ᠋ᠦ᠍ ᠬᠠᠷᠢᠶᠠᠯᠠᠭᠳᠠᠨ᠎ᠠ ᠭᠡᠵᠦ ᠦᠵᠡᠳᠡᠭ᠃ ᠡᠷᠲᠡᠨ ᠦ᠌ ᠬᠢᠳᠠᠨ ᠬᠡᠯᠡ ᠴᠣᠬᠣᠮ ᠠᠯᠲᠠᠢ ᠢᠵᠠᠭᠤᠷ ᠬᠡᠯᠡᠨ ᠦ᠌ ᠠᠯᠢ ᠲᠥᠷᠥᠯ ᠬᠡᠯᠡᠨ ᠳ᠋ᠦ᠍ ᠲᠣᠭᠠᠴᠠᠭᠳᠠᠬᠤ ᠲᠤᠬᠠᠢ ᠮᠥᠨ ᠲᠣᠳᠣᠷᠠᠭᠤᠯᠵᠤ ᠴᠢᠳᠠᠭ᠎ᠠ ᠦᠭᠡᠢ ᠪᠠᠢᠨ᠎ᠠ᠃
ᠠᠯᠲᠠᠢ ᠢᠵᠠᠭᠤᠷ ᠬᠡᠯᠡᠨ ᠦ᠌ ᠲᠦᠷᠺ ᠲᠥᠷᠥᠯ ᠬᠡᠯᠡᠲᠡᠳ ᠣᠳᠣ ᠶᠡᠬᠡ ᠲᠥᠯᠥᠪ ᠮᠠᠨ ᠤ᠋ ᠤᠯᠤᠰ ᠤ᠋ᠨ ᠪᠠᠷᠠᠭᠤᠨ ᠬᠣᠢᠲᠤ ᠣᠷᠣᠨ ᠪᠠ ᠲᠦᠷᠺ᠂ ᠬᠠᠰᠠᠭ᠂ ᠦᠽᠪᠧᠺ᠂ ᠬᠢᠷᠭᠢᠰ᠂ ᠲᠦᠺᠦᠮᠡᠨ᠂ ᠠᠽᠷᠪᠠᠢᠵᠠᠨ᠂ ᠣᠷᠣᠰ᠂ ᠢᠷᠡᠨ᠂ ᠠᠹᠭᠠᠨᠢᠰᠲ᠋ᠠᠨ ᠵᠡᠷᠭᠡ ᠤᠯᠤᠰ ᠣᠷᠣᠨ ᠳ᠋ᠤ᠌ ᠳᠠᠷᠬᠠᠨ ᠨᠤᠲᠤᠭᠰᠢᠵᠤ᠂ ᠬᠥᠮᠦᠨ ᠠᠮᠠ ᠨᠢ ᠪᠠᠷᠤᠭ 8200 ᠲᠦᠮᠡ ᠣᠷᠴᠢᠮ ᠪᠣᠢ᠃ ᠮᠠᠨ ᠤ᠋ ᠤᠯᠤᠰ ᠤ᠋ᠨ ᠬᠡᠪᠴᠢᠶᠡᠨ ᠳ᠋ᠦ᠍ ᠣᠢᠭᠤᠷ᠂ ᠬᠠᠰᠠᠭ᠂ ᠬᠢᠷᠭᠢᠰ᠂ ᠦᠽᠪᠧᠺ᠂ ᠲᠠᠲ᠋ᠠᠷ᠂ ᠰᠠᠯᠠᠷ᠂ ᠪᠠᠷᠠᠭᠤᠨ ᠶᠤᠭᠤᠷ᠂ ᠲᠦᠧᠡ ᠵᠡᠷᠭᠡ ᠪᠠᠢᠨ᠎ᠠ᠃ ᠭᠠᠳᠠᠭᠠᠳᠤ ᠳ᠋ᠤ᠌ ᠲᠦᠷᠺ᠂ ᠬᠠᠰᠠᠭ᠂ ᠬᠢᠷᠭᠢᠰ᠂ ᠳᠥᠭᠥᠮᠡᠨ᠂ ᠠᠽᠧᠷᠪᠠᠢᠵᠠᠨ᠂ ᠦᠽᠪᠧᠺ᠂ ᠲᠠᠲ᠋ᠠᠷ᠂ ᠶᠠᠺᠦ᠋ᠲ᠂ ᠠᠯᠲᠠᠢ᠂ ᠨᠣᠭᠠᠶ᠂ ᠴᠦᠸᠠᠱ᠂ ᠪᠠᠰᠺᠠᠷᠢᠶᠠ᠂ ᠲᠦᠸᠠ᠂ ᠬᠠᠺᠠᠰ᠂ ᠺᠠᠷᠡᠺᠠᠯᠫᠠᠭ᠂ ᠲᠦᠷᠺᠮᠧᠨ ᠵᠡᠷᠭᠡ ᠭᠤᠴᠢ ᠢᠯᠡᠭᠦᠦ ᠬᠡᠯᠡ ᠪᠠᠢᠵᠤ ᠪᠠᠷᠤᠭ ᠭᠤᠴᠢᠭᠠᠳ ᠦᠨᠳᠦᠰᠦᠲᠡᠨ ᠲᠡᠢ ᠬᠣᠯᠪᠣᠭᠳᠠᠨ᠎ᠠ᠃ ᠲᠦᠷᠺ ᠬᠡᠯᠡᠲᠡᠳ 6 - 8 ᠳ᠋ᠤᠭᠠᠷ ᠵᠠᠭᠤᠨ ᠳ᠋ᠤ᠌ ᠡᠯᠡᠰᠦᠨ ᠠᠷᠤ ᠶ᠋ᠢᠨ ᠥᠷᠭᠡᠨ ᠠᠭᠤᠳᠠᠮ ᠨᠤᠲᠤᠭ ᠳᠡᠪᠢᠰᠬᠡᠷ ᠲᠦ᠍ ᠨᠡᠭᠦᠳᠡᠯᠯᠡᠨ ᠮᠠᠯᠵᠢᠵᠤ ᠪᠠᠢᠭᠰᠠᠨ ᠠᠢᠮᠠᠭ ᠤᠭᠰᠠᠭᠠᠲᠠᠳ ᠤ᠋ᠨ ᠬᠠᠮ ᠴᠣᠭᠴᠠ ᠪᠠᠢᠵᠠᠶ᠃ ᠲᠡᠳᠡᠨ ᠦ᠌ ᠡᠪᠦᠭᠡ ᠳᠡᠭᠡᠳᠦᠰ ᠳᠠᠬᠢ ᠲᠦᠷᠺ᠂ ᠣᠢᠭᠤᠷ ᠵᠡᠷᠭᠡ ᠠᠢᠮᠠᠭ ᠤᠭᠰᠠᠭ᠎ᠠ ᠨᠢ ᠲᠡᠦᠬᠡᠨ ᠳ᠋ᠦ᠍ ᠶᠡᠬᠡ ᠲᠥᠯᠥᠪ ᠣᠨ ᠲᠣᠭᠠᠯᠠᠯ ᠠ᠋ᠴᠠ ᠡᠮᠦᠨᠡᠬᠢ 2 ᠳ᠋ᠤᠭᠠᠷ ᠵᠠᠭᠤᠨ ᠳ᠋ᠤ᠌ ᠦᠰᠦᠭ ᠪᠢᠴᠢᠭ ᠦ᠋ᠨ ᠰᠣᠶᠣᠯ ᠲᠠᠢ ᠪᠣᠯᠵᠠᠢ᠃ 6 - 10 ᠳ᠋ᠤᠭᠠᠷ ᠵᠠᠭᠤᠨ ᠤ᠋ ᠦᠶ᠎ᠡ ᠳ᠋ᠦ᠍ ᠲᠦᠷᠺ ᠦᠰᠦᠭ ᠭᠡᠭᠴᠢ ᠨᠢᠭᠡ ᠵᠦᠢᠯ ᠦ᠋ᠨ ᠦᠰᠦᠭ ᠪᠢᠴᠢᠭ ᠢ᠋ ᠬᠡᠷᠡᠭᠯᠡᠵᠦ ᠪᠠᠢᠭᠰᠠᠨ ᠲᠡᠦᠬᠡ ᠲᠡᠢ᠃ ᠡᠭᠦᠨ ᠳ᠋ᠦ᠍ ᠣᠷᠬᠣᠳ ᠭᠣᠣᠯ ᠤ᠋ᠨ ᠬᠥᠰᠢᠶᠡᠳ ᠨᠢ ᠨᠡᠯᠢᠶᠡᠳ ᠠᠯᠳᠠᠷᠲᠠᠢ᠃ ᠲᠦᠷᠺ ᠬᠡᠯᠡᠲᠡᠳ ᠬᠣᠵᠢᠮ ᠤ᠋ᠨ ᠬᠥᠭᠵᠢᠯᠲᠡ ᠳ᠋ᠡᠭᠡᠨ ᠣᠯᠠᠩᠬᠢ ᠨᠢ ᠲᠤᠰ ᠲᠤᠰ ᠤ᠋ᠨ ᠦᠰᠦᠭ ᠪᠢᠴᠢᠭ ᠲᠡᠢ ᠪᠣᠯᠵᠠᠢ᠃
ᠠᠯᠲᠠᠢ ᠢᠵᠠᠭᠤᠷ ᠬᠡᠯᠡᠨ ᠦ᠌ ᠮᠠᠨᠵᠤ ᠲᠦᠩᠭᠦᠰ ᠲᠥᠷᠥᠯ ᠬᠡᠯᠡᠲᠡᠳ ᠣᠳᠣ ᠶᠡᠬᠡ ᠲᠥᠯᠥᠪ ᠮᠠᠨ ᠤ᠋ ᠤᠯᠤᠰ ᠤ᠋ᠨ ᠵᠡᠭᠦᠨ ᠬᠣᠢᠲᠤ ᠣᠷᠣᠨ ᠪᠠ ᠥᠪᠥᠷ ᠮᠣᠩᠭᠣᠯ ᠤᠨ ᠵᠡᠭᠦᠨ ᠬᠡᠰᠡᠭ᠂ ᠰᠢᠨᠵᠢᠶᠠᠩ ᠳ᠋ᠤ᠌ ᠳᠠᠷᠬᠠᠨ ᠨᠤᠲᠤᠭᠰᠢᠵᠤ ᠪᠠᠢᠭ᠎ᠠ ᠪᠠ ᠪᠠᠰᠠ ᠣᠷᠣᠰ ᠤ᠋ᠨ ᠵᠡᠭᠦᠨ ᠬᠡᠰᠡᠭ ᠪᠠ ᠮᠣᠩᠭᠣᠯ ᠵᠡᠷᠭᠡ ᠤᠯᠤᠰ ᠣᠷᠣᠨ ᠳ᠋ᠤ᠌ ᠲᠠᠷᠬᠠᠨ ᠨᠤᠲᠤᠭᠰᠢᠵᠤ ᠪᠠᠢᠨ᠎ᠠ᠃ ᠣᠳᠣ ᠬᠥᠮᠦᠨ ᠠᠮᠠ ᠨᠢ ᠲᠡᠳᠦᠢ ᠣᠯᠠᠨ ᠪᠢᠰᠢ ᠪᠣᠯᠵᠠᠢ᠃ ᠮᠠᠨ ᠤ᠋ ᠤᠯᠤᠰ ᠤ᠋ᠨ ᠬᠡᠪᠴᠢᠶᠡᠨ ᠳ᠋ᠦ᠍ ᠮᠠᠨᠵᠤ᠂ ᠰᠢᠪᠡᠭᠡ᠂ ᠾᠧᠵᠧ᠂ ᠡᠸᠡᠩᠬᠢ᠂ ᠣᠷᠴᠣᠨ ᠵᠡᠷᠭᠡ ᠬᠡᠯᠡ ᠪᠠᠢᠨ᠎ᠠ᠃ ᠭᠠᠳᠠᠭᠠᠳᠤ ᠳ᠋ᠤ᠌ ᠡᠸᠸᠨ (ᠯᠠᠮᠤᠲ)᠂ ᠲᠦᠩᠭᠦᠰ᠂ ᠨᠠᠨᠠᠶ (ᠭᠣᠯᠳᠢ) ᠵᠡᠷᠭᠡ ᠬᠡᠯᠡ ᠨᠦ᠍ᠭᠦᠳ ᠪᠠᠢᠬᠤ ᠪᠠ ᠪᠠᠰᠠ ᠣᠯᠴᠠ᠂ ᠣᠷᠣᠴᠢ᠂ ᠣᠷᠣᠺᠢ᠂ ᠦᠳᠧᠾᠧ ᠵᠡᠷᠭᠡ ᠬᠡᠯᠡ ᠶ᠋ᠢ ᠵᠠᠷᠢᠮ ᠡᠷᠳᠡᠮᠲᠡᠨ ᠳᠤᠷᠠᠳᠴᠤ ᠪᠠᠢᠨ᠎ᠠ᠃ ᠮᠠᠨᠵᠤ ᠲᠦᠩᠭᠦᠰ ᠬᠡᠯᠡᠲᠡᠳ ᠲᠡᠦᠬᠡᠨ ᠡᠴᠡ ᠪᠡᠨ ᠠᠪᠤᠭᠠᠳ ᠵᠡᠭᠦᠨ ᠬᠣᠢᠲᠤ ᠠᠽᠢᠶ᠎ᠠ᠂ ᠮᠠᠨ ᠤ᠋ ᠤᠯᠤᠰ ᠤ᠋ᠨ ᠵᠡᠭᠦᠨ ᠬᠣᠢᠲᠤ ᠣᠷᠣᠨ ᠳ᠋ᠤ᠌ ᠠᠩ ᠠᠩᠨᠠᠯ᠂ ᠵᠢᠭᠠᠰᠤᠨ ᠠᠩ ᠢ᠋ᠶ᠋ᠠᠷ ᠠᠮᠢᠳᠤᠷᠠᠵᠤ ᠪᠠᠢᠭᠰᠠᠨ ᠠᠢᠮᠠᠭ ᠤᠭᠰᠠᠭᠠᠲᠠᠳ ᠤ᠋ᠨ ᠬᠠᠮ ᠴᠣᠭᠴᠠ ᠪᠠᠢᠵᠤ᠂ ᠲᠡᠳᠡᠨ ᠦ᠌ ᠡᠪᠦᠭᠡ ᠳᠡᠭᠡᠳᠦᠰ ᠦ᠋ᠨ ᠬᠢᠨᠢ ᠨᠢᠭᠡ ᠪᠣᠯᠬᠤ ᠵᠦᠷᠴᠢᠨᠴᠦᠳ 12 ᠳ᠋ᠤᠭᠠᠷ ᠵᠠᠭᠤᠨ ᠤ᠋ ᠡᠬᠢᠨ ᠡᠴᠡ ᠬᠢᠲᠠᠳ᠂ ᠬᠢᠲᠠᠨ ᠦᠰᠦᠭ ᠢ᠋ ᠦᠨᠳᠦᠰᠦᠯᠡᠨ ᠤᠷᠢᠳ ᠬᠣᠵᠢᠳ ᠵᠦᠷᠴᠢᠨ ᠶᠡᠬᠡ ᠦᠰᠦᠭ ᠪᠠ ᠪᠠᠭ᠎ᠠ ᠦᠰᠦᠭ ᠢ᠋ ᠵᠣᠬᠢᠶᠠᠨ ᠬᠡᠷᠡᠭᠯᠡᠵᠡᠢ᠂ ᠪᠠᠷᠤᠭ ᠮᠢᠩ ᠦ᠋ᠨ ᠲᠥᠷᠥ ᠶ᠋ᠢᠨ ᠳᠤᠮᠳᠠᠴᠢ ᠦᠶ᠎ᠡ ᠬᠦᠷᠲᠡᠯ᠎ᠡ ᠬᠡᠷᠡᠭᠯᠡᠭᠳᠡᠭᠰᠡᠨ ᠪᠠ ᠰᠡᠭᠦᠯ ᠳ᠋ᠦ᠍ᠨᠢ ᠮᠣᠩᠭᠣᠯ ᠦᠰᠦᠭ ᠢ᠋ ᠦᠨᠳᠦᠰᠦᠯᠡᠨ ᠵᠣᠬᠢᠶᠠᠭᠰᠠᠨ ᠮᠠᠨᠵᠤ ᠦᠰᠦᠭ ᠢ᠋ ᠬᠡᠷᠡᠭᠯᠡᠵᠡᠢ᠃ ᠰᠢᠪᠡᠭᠡᠴᠦᠳ ᠬᠣᠵᠢᠮ ᠨᠢ ᠮᠠᠨᠵᠤ ᠦᠰᠦᠭ ᠲᠦ᠍ ᠰᠠᠭᠤᠷᠢᠯᠠᠵᠤ ᠵᠣᠬᠢᠶᠠᠭᠰᠠᠨ ᠰᠢᠪᠡᠭᠡ ᠦᠰᠦᠭ ᠠᠪᠴᠤ ᠬᠡᠷᠡᠭᠯᠡᠵᠡᠢ᠃
ᠡᠨᠡ ᠪᠦᠬᠦᠨ ᠡᠴᠡ ᠦᠵᠡᠬᠦᠯᠡᠷ᠂ ᠮᠣᠩᠭᠣᠯ ᠲᠥᠷᠥᠯ ᠬᠡᠯᠡ ᠨᠦ᠍ᠭᠦᠳ ᠨᠢ ᠮᠣᠩᠭᠣᠯ ᠬᠡᠯᠡ ᠲᠡᠢ ᠪᠡᠨ ᠬᠠᠮᠤᠭ ᠤ᠋ᠨ ᠣᠢᠷ᠎ᠠ ᠲᠥᠷᠥᠯ ᠦ᠋ᠨ ᠭᠠᠷᠤᠯ ᠢᠷᠡᠯ ᠦ᠋ᠨ ᠬᠠᠷᠢᠴᠠᠭ᠎ᠠ ᠲᠠᠢ 《ᠲᠥᠷᠥᠭᠰᠡᠨ ᠠᠬ᠎ᠠ ᠡᠭᠡᠴᠢ ᠳᠡᠭᠦᠦ》ᠰᠢᠭ ᠦ᠋ᠨ ᠬᠡᠯᠡ ᠨᠦ᠍ᠭᠦᠳ ᠪᠠᠢᠵᠤ᠂ ᠲᠡᠳᠡᠭᠡᠷ ᠢᠵᠠᠭᠤᠷ ᠤ᠋ᠨ ᠬᠡᠯᠡ ᠨᠦ᠍ᠭᠦᠳ ᠲᠡᠢ ᠪᠡᠨ ᠢᠷᠡᠯ ᠭᠠᠷᠤᠯ ᠤ᠋ᠨ ᠲᠠᠯ᠎ᠠ ᠪᠠᠷ ᠢ᠋ᠶ᠋ᠠᠨ ᠠᠷᠠᠢ ᠵᠠᠢᠳᠠᠭᠰᠠᠨ ᠬᠠᠷᠢᠴᠠᠭ᠎ᠠ ᠬᠣᠯᠪᠣᠭ᠎ᠠ ᠲᠠᠢ ᠪᠣᠯᠬᠤ ᠬᠡᠯᠡ ᠨᠦ᠍ᠭᠦᠳ ᠪᠣᠯᠤᠨ᠎ᠠ᠃ ᠮᠣᠩᠭᠣᠯ ᠲᠥᠷᠥᠯ ᠬᠡᠯᠡ ᠡᠴᠡ ᠪᠡᠨ ᠰᠠᠯᠤᠭ᠎ᠠ ᠦᠭᠡᠢ ᠦᠶ᠎ᠡ ᠶᠢᠨ ᠲᠡᠢᠮᠦ ᠬᠡᠯᠡ ᠶ᠋ᠢ 《ᠡᠪᠦᠭᠡ ᠮᠣᠩᠭᠣᠯ ᠬᠡᠯᠡ》ᠭᠡᠵᠦ ᠢᠵᠠᠭᠤᠷ ᠬᠡᠯᠡ ᠡᠴᠡ ᠪᠡᠨ ᠰᠠᠯᠤᠭ᠎ᠠ ᠦᠭᠡᠢ ᠦᠶ᠎ᠡ ᠶ᠋ᠢᠨ ᠲᠡᠢᠮᠦ ᠬᠡᠯᠡ ᠶ᠋ᠢ 《ᠡᠪᠦᠭᠡ ᠠᠯᠲᠠᠢ ᠬᠡᠯᠡ》 ᠭᠡᠵᠦ ᠪᠣᠯᠬᠤ ᠶᠤᠮ᠃ ᠲᠡᠦᠬᠡᠨ ᠬᠥᠭᠵᠢᠯ ᠦ᠋ᠨ ᠶᠠᠪᠤᠴᠠ ᠳ᠋ᠤ᠌ ᠲᠥᠷᠥᠯ ᠬᠡᠯᠡ ᠪᠠ ᠢᠵᠠᠭᠤᠷ ᠬᠡᠯᠡ ᠨᠦ᠍ᠭᠦᠳ ᠡᠴᠡ ᠨᠡᠯᠢᠶᠡᠳ ᠣᠯᠠᠨ ᠨᠢ ᠦᠷᠭᠦᠯᠵᠢᠯᠡᠯ ᠲᠡᠢ ᠦᠯᠡᠳᠡᠵᠦ ᠬᠣᠴᠣᠷᠤᠭᠰᠠᠨ ᠪᠣᠯᠪᠠᠴᠤ ᠵᠠᠷᠢᠮ ᠨᠢ ᠡᠯᠳᠡᠪ ᠦ᠋ᠨ ᠨᠡᠢᠭᠡᠮ ᠦ᠋ᠨ ᠬᠠᠷᠠᠭ᠎ᠠ ᠪᠠᠷ ᠢᠵᠢᠯ ᠲᠥᠷᠥᠯ ᠪᠤᠶᠤ ᠢᠵᠠᠭᠤᠷ ᠬᠡᠯᠡ᠂ ᠴᠠᠭᠠᠰᠢᠯᠠᠪᠠᠯ ᠶᠠᠮᠠᠷ ᠴᠦ᠍ ᠲᠥᠷᠥᠯ ᠦ᠋ᠨ ᠬᠠᠷᠢᠴᠠᠭ᠎ᠠ ᠦᠭᠡᠢ ᠬᠡᠯᠡᠨ ᠳ᠋ᠦ᠍ ᠠᠭᠤᠰᠤᠨ ᠰᠢᠩᠭᠡᠵᠦ ᠮᠥᠬᠥᠯ ᠦ᠋ᠨ ᠳᠠᠪᠠᠭᠠᠨ ᠳ᠋ᠤ᠌ ᠬᠦᠷᠦᠭᠡᠳ ᠵᠠᠮᠬᠠᠷᠠᠭᠰᠠᠨ ᠪᠠᠢᠨ᠎ᠠ᠃ ᠡᠢᠮᠦ ᠡᠴᠡ ᠮᠣᠩᠭᠣᠯ ᠬᠡᠯᠡ ᠶ᠋ᠢ ᠪᠠᠭᠲᠠᠭᠠᠭᠰᠠᠨ ᠬᠡᠯᠡᠨ ᠦ᠌ ᠬᠥᠭᠵᠢᠯ ᠬᠤᠪᠢᠷᠠᠯ ᠢ᠋ ᠨᠢᠭᠡ ᠮᠣᠳᠣᠨ ᠤ᠋ ᠤᠷᠭᠤᠴᠠ ᠲᠠᠢ ᠦᠯᠢᠭᠡᠷᠯᠡᠵᠦ ᠦᠵᠡᠪᠡᠯ ᠠᠳᠠᠯᠢ ᠵᠢᠱ᠌ᠢᠶᠡᠲᠡᠶ ᠲᠠᠯ᠎ᠠ ᠨᠡᠯᠢᠶᠡᠳ ᠣᠯᠠᠨ ᠪᠣᠢ ᠶᠤᠮ᠃
ᠲᠥᠷᠥᠯ ᠦ᠋ᠨ ᠬᠠᠷᠢᠴᠠᠭ᠎ᠠ ᠲᠠᠢ ᠲᠡᠳᠡᠭᠡᠷ ᠰᠠᠯᠠᠭ᠎ᠠ ᠨᠠᠮᠠᠭ᠎ᠠ ᠪᠣᠯᠬᠤ ᠬᠡᠯᠡ ᠨᠦ᠍ᠭᠦᠳ ᠡᠴᠡ ᠳᠡᠭᠡᠭᠰᠢᠯᠡᠭᠦᠯᠵᠦ ᠮᠥᠷᠳᠡᠪᠡᠯ᠂ ᠠᠯᠲᠠᠢ ᠢᠵᠠᠭᠤᠷ ᠬᠡᠯᠡᠨ ᠡᠴᠡ ᠮᠣᠩᠭᠣᠯ ᠲᠥᠷᠥᠯ ᠬᠡᠯᠡ ᠪᠣᠯᠵᠤ ᠪᠡᠶ᠎ᠡ ᠪᠡᠨ ᠳᠠᠭᠠᠭᠠᠨ ᠰᠠᠯᠪᠤᠷᠢᠯᠠᠭᠰᠠᠨ ᠲᠡᠷᠡ ᠦᠶ᠎ᠡ ᠡᠴᠡ ᠮᠣᠩᠭᠣᠯ ᠬᠡᠯᠡ ᠪᠦᠷᠢᠯᠳᠦᠭᠰᠡᠨ ᠭᠡᠵᠦ ᠦᠵᠡᠨ᠎ᠡ᠃ ᠬᠥᠭᠵᠢᠯ ᠦ᠋ᠨ ᠶᠠᠪᠤᠴᠠ ᠳ᠋ᠤ᠌ ᠮᠣᠩᠭᠣᠯ ᠲᠥᠷᠥᠯ ᠬᠡᠯᠡ ᠡᠴᠡ ᠪᠡᠨ ᠰᠠᠯᠵᠤ ᠪᠡᠶ᠎ᠡ ᠪᠡᠨ ᠳᠠᠭᠠᠭᠠᠭᠰᠠᠨ ᠬᠡᠯᠡ ᠪᠣᠯᠤᠭᠰᠠᠨ ᠲᠥᠷᠥᠯ ᠬᠡᠯᠡ ᠨᠦ᠍ᠭᠦᠳ ᠢ᠋ ᠮᠣᠩᠭᠣᠯ ᠬᠡᠯᠡᠨ ᠦ᠌ ᠬᠦᠷᠢᠶᠡᠨ ᠳ᠋ᠦ᠍ ᠲᠣᠭᠠᠴᠢᠨ ᠪᠠᠭᠲᠠᠭᠠᠬᠤ ᠦᠭᠡᠢ ᠪᠣᠯᠬᠤ ᠨᠢ ᠴᠦ᠍ ᠵᠦᠢ ᠶᠣᠰᠣᠨ ᠤ᠋ ᠬᠡᠷᠡᠭ᠃
ᠢᠩᠭᠢᠭᠡᠳ ᠦᠵᠡᠪᠡᠯ᠂ ᠮᠣᠩᠭᠣᠯ ᠬᠡᠯᠡᠨ ᠦ᠌ ᠡᠭᠦᠰᠦᠨ ᠪᠦᠷᠢᠯᠳᠦᠭᠰᠡᠨ ᠴᠠᠭ ᠦᠶ᠎ᠡ ᠨᠢ ᠣᠨᠣᠯ ᠤ᠋ᠨ ᠬᠤᠪᠢ ᠪᠠᠷ ᠦᠨᠳᠦᠰᠦᠨ ᠳ᠋ᠡᠭᠡᠨ ᠲᠣᠳᠣᠷᠬᠠᠢ ᠪᠣᠯᠤᠯ᠎ᠠ ᠭᠡᠵᠦ ᠪᠣᠯᠬᠤ ᠪᠣᠯᠪᠠᠴᠤ ᠲᠣᠳᠣᠷᠬᠠᠢ ᠴᠠᠭ ᠦᠶ᠎ᠡ ᠶ᠋ᠢ ᠨᠢ ᠰᠤᠳᠤᠯᠵᠤ ᠣᠯᠬᠤ ᠶᠠᠪᠤᠳᠠᠯ ᠮᠥᠨ ᠪᠢᠳᠡ ᠪᠦᠬᠦᠨ ᠦ᠌ ᠡᠮᠦᠨ᠎ᠡ ᠰᠡᠳᠦᠪ ᠪᠣᠯᠵᠤ ᠲᠠᠯᠪᠢᠭᠳᠠᠵᠤ ᠪᠠᠢᠨ᠎ᠠ᠃ ᠡᠨᠡ ᠴᠠᠭ ᠦᠶ᠎ᠡ ᠳᠣᠳᠤᠯᠠᠭᠳᠠᠬᠤ ᠠ᠋ᠴᠠ ᠡᠮᠦᠨ᠎ᠡ ᠪᠢᠳᠡ ᠡᠭᠦᠨ ᠢ᠋ ᠠᠷᠭ᠎ᠠ ᠪᠤᠰᠤ ᠮᠡᠳᠡᠭᠳᠡᠭᠡ ᠦᠭᠡᠢ ᠴᠠᠭ ᠦᠶ᠎ᠡ ᠭᠡᠵᠦ ᠨᠡᠷᠡᠯᠡᠵᠦ ᠪᠠᠢᠬᠤ ᠬᠡᠷᠡᠭᠲᠡᠢ ᠪᠣᠯᠵᠠᠢ᠃
ᠮᠣᠩᠭᠣᠯ ᠬᠡᠯᠡ ᠨᠢ ᠡᠭᠦᠰᠴᠦ ᠪᠦᠷᠢᠯᠳᠦᠭᠰᠡᠨ ᠡᠴᠡ ᠠᠪᠤᠭᠠᠳ ᠣᠳᠣ ᠪᠣᠯᠲᠠᠯᠠᠬᠢ ᠤᠷᠲᠤ ᠤᠳᠠᠭᠠᠨ ᠲᠡᠦᠬᠡᠨ ᠴᠠᠭ ᠦᠶ᠎ᠡ ᠳ᠋ᠦ᠍ ᠬᠡᠯᠡᠨ ᠦ᠌ ᠬᠥᠭᠵᠢᠯ ᠦ᠋ᠨ ᠳᠣᠲᠣᠭᠠᠳᠤ ᠵᠢᠮ᠎ᠡ ᠬᠠᠤᠯᠢ ᠪᠠ ᠦᠨᠳᠦᠰᠦᠲᠡᠨ ᠤᠭᠰᠠᠭᠠᠲᠠᠨ ᠨᠤᠭᠤᠳ ᠤ᠋ᠨ ᠬᠣᠭᠣᠷᠣᠨᠳᠣᠬᠢ ᠣᠯᠠᠨ ᠵᠦᠢᠯ ᠦ᠋ᠨ ᠨᠡᠢᠭᠡᠮ ᠦ᠋ᠨ ᠬᠠᠷᠢᠯᠴᠠᠭᠠᠨ ᠤ᠋ ᠰᠢᠯᠲᠠᠭᠠᠨ ᠢ᠋ᠶ᠋ᠠᠷ ᠵᠣᠬᠢᠬᠤ ᠬᠤᠪᠢᠷᠠᠯ ᠬᠥᠭᠵᠢᠯ ᠲᠡᠢ ᠪᠣᠯᠬᠤ ᠨᠢ ᠶᠠᠷᠢᠶᠠᠨ ᠦᠭᠡᠢ᠃ ᠬᠥᠭᠵᠢᠯ ᠬᠤᠪᠢᠷᠠᠯ ᠤ᠋ᠨ ᠬᠢᠨᠢ ᠴᠠᠭ ᠦᠶ᠎ᠡ ᠶ᠋ᠢᠨ ᠣᠨᠴᠠᠯᠢᠭ ᠰᠢᠨᠵᠢ ᠶ᠋ᠢ ᠦᠨᠳᠦᠰᠦᠯᠡᠨ ᠮᠣᠩᠭᠣᠯ ᠬᠡᠯᠡ ᠶ᠋ᠢ ᠬᠥᠭᠵᠢᠯ ᠬᠤᠪᠢᠷᠠᠯ ᠤ᠋ᠨ ᠱᠠᠲᠤ ᠦᠶ᠎ᠡ ᠬᠤᠪᠢᠶᠠᠬᠤ ᠠᠰᠠᠭᠤᠳᠠᠯ ᠠᠶᠠᠨᠳᠠᠭᠠᠨ ᠲᠤᠯᠭᠠᠷᠠᠨ᠎ᠠ᠃
ᠮᠣᠩᠭᠣᠯ ᠬᠡᠯᠡᠨ ᠦ᠌ ᠬᠥᠭᠵᠢᠯ ᠦ᠋ᠨ ᠱᠠᠲᠤ ᠦᠶ᠎ᠡ ᠶ᠋ᠢ ᠮᠣᠩᠭᠣᠯ ᠬᠡᠯᠡᠨ ᠦ᠌ ᠬᠥᠭᠵᠢᠯ ᠦ᠋ᠨ ᠣᠨᠴᠠᠯᠢᠭ ᠰᠢᠨᠵᠢ ᠪᠡᠷ ᠨᠢ ᠴᠢᠬᠤᠯᠠ ᠦᠨᠳᠦᠰᠦᠯᠡᠯ ᠪᠣᠯᠭᠠᠵᠤ᠂ ᠶᠡᠬᠡ ᠲᠥᠯᠥᠪ ᠡᠷᠲᠡᠨ ᠦ᠌ ᠮᠣᠩᠭᠣᠯ ᠬᠡᠯᠡ ᠪᠠ ᠤᠢᠷ᠎ᠡ ᠦᠶ᠎ᠡ ᠶ᠋ᠢᠨ ᠮᠣᠩᠭᠣᠯ ᠬᠡᠯᠡ ᠭᠡᠵᠦ ᠬᠣᠶᠠᠷ ᠠᠩᠭᠢ ᠳ᠋ᠤ᠌ ᠠᠩᠭᠢᠯᠠᠵᠤ ᠪᠣᠯᠤᠨ᠎ᠠ᠃ ᠡᠷᠲᠡᠨ ᠦ᠌ ᠮᠣᠩᠭᠣᠯ ᠬᠡᠯᠡ ᠨᠢ ᠮᠣᠩᠭᠣᠯ ᠬᠡᠯᠡᠨ ᠦ᠌ ᠡᠭᠦᠰᠦᠯ ᠪᠦᠷᠢᠯᠳᠦᠯ ᠦ᠋ᠨ ᠮᠡᠳᠡᠭᠳᠡᠭᠡ ᠦᠭᠡᠢ ᠴᠠᠭ ᠦᠶ᠎ᠡ ᠡᠴᠡ 16 ᠳ᠋ᠤᠭᠠᠷ ᠵᠠᠭᠤᠨ ᠤ᠋ ᠡᠴᠦᠰ ᠬᠦᠷᠬᠦ ᠤᠷᠲᠤ ᠤᠳᠠᠭᠠᠨ ᠬᠥᠭᠵᠢᠯ ᠬᠤᠪᠢᠷᠠᠯ ᠤᠨ ᠥᠩᠭᠡᠷᠡᠯᠲᠡ ᠲᠡᠢ᠃ ᠣᠢᠷ᠎ᠠ ᠦᠶ᠎ᠡ ᠶ᠋ᠢᠨ ᠮᠣᠩᠭᠣᠯ ᠬᠡᠯᠡ ᠨᠢ 17 ᠳ᠋ᠤᠭᠠᠷ ᠵᠠᠭᠤᠨ ᠤ᠋ ᠡᠬᠢᠨ ᠡᠴᠡ ᠣᠳᠣ ᠬᠦᠷᠲᠡᠯᠡᠬᠢ ᠪᠠᠷᠤᠭ ᠳᠥᠷᠪᠡᠨ ᠵᠠᠭᠤ ᠢᠯᠡᠭᠦᠦ ᠵᠢᠯ ᠤᠨ ᠲᠡᠦᠬᠡᠨ ᠶᠠᠪᠤᠴᠠ ᠲᠠᠢ᠃ ᠣᠷᠴᠢᠨ ᠴᠠᠭ ᠤ᠋ᠨ ᠮᠣᠩᠭᠣᠯ ᠬᠡᠯᠡ ᠲᠡᠢ ᠬᠠᠷᠢᠴᠠᠭᠤᠯᠵᠤ ᠦᠵᠡᠪᠡᠯ᠂ ᠡᠷᠲᠡᠨ ᠦ᠌ ᠮᠣᠩᠭᠣᠯ ᠬᠡᠯᠡ ᠶᠡᠬᠡ ᠲᠥᠯᠥᠪ ᠳᠣᠣᠷᠠᠬᠢ ᠮᠡᠲᠦ ᠣᠨᠴᠠᠯᠢᠭ ᠲᠠᠢ:
(1) ᠡᠭᠡᠰᠢᠭ ᠠᠪᠢᠶᠠᠨ ᠳ᠋ᠤ᠌ ᠴᠢᠩᠭ᠎ᠠ ᠬᠥᠨᠳᠡᠢ ᠶ᠋ᠢᠨ ᠵᠣᠬᠢᠴᠠᠯ ᠲᠠᠢ ᠪᠣᠯᠪᠠᠴᠤ ᠤᠷᠤᠭᠤᠯ ᠤ᠋ᠨ ᠵᠣᠬᠢᠴᠠᠯ ᠪᠦᠷᠢᠯᠳᠦᠭᠡ ᠦᠭᠡᠢ ;
(2) ᠤᠷᠲᠤ ᠡᠭᠡᠰᠢᠭ ᠪᠠᠢᠵᠤ ᠮᠡᠳᠡᠬᠦ ᠪᠣᠯᠪᠠᠴᠤ ᠠᠪᠢᠶᠠᠯᠠᠪᠤᠷᠢ ᠪᠣᠯᠤᠭ᠎ᠠ ᠦᠭᠡᠢ ;
(3) ᠡᠭᠡᠰᠢᠭ ᠦ᠋ᠨ ᠡᠮᠦᠨ᠎ᠡ [ h ] ᠮᠡᠲᠦ ᠶ᠋ᠢᠨ ᠭᠡᠢᠭᠦᠯᠦᠭᠴᠢ ᠪᠠᠯᠠᠷᠠᠭ᠎ᠠ ᠦᠭᠡᠢ ;
(4) ᠦᠭᠡ ᠶ᠋ᠢᠨ ᠡᠴᠦᠰ ᠦ᠋ᠨ ᠦᠶ᠎ᠡ ᠳ᠋ᠦ᠍ ᠲᠣᠬᠢᠶᠠᠯᠳᠤᠬᠤ ᠵᠠᠳᠠᠭᠠᠢ ᠦᠶ᠎ᠡ ᠪᠢᠴᠢᠭ ᠦ᠋ᠨ ᠬᠡᠯᠡ ᠲᠡᠢ ᠲᠣᠬᠢᠷᠠᠯᠴᠠᠵᠤ ᠪᠠᠢᠭᠰᠠᠨ ᠪᠥᠭᠡᠳ ᠭᠡᠭᠡᠭᠳᠡᠭᠡ ᠦᠭᠡᠢ ;
(5) ᠵᠢᠭᠡᠯᠡᠭᠡ ᠦᠭᠡ ᠳ᠋ᠦ᠍ ᠬᠡᠷᠡᠭᠯᠡᠬᠦ ᠭᠡᠢᠭᠦᠯᠦᠭᠴᠢ ᠮᠠᠰᠢ ᠴᠥᠭᠡᠨ ;
(6) ᠨᠡᠷ᠎ᠡ ᠦᠭᠡ ᠳ᠋ᠦ᠍ ᠬᠦᠢᠰᠦ ᠶ᠋ᠢᠨ ᠠᠢ ᠲᠠᠢ ᠪᠠᠢᠵᠤ ᠬᠡᠯᠪᠡᠷᠢᠵᠢᠯ ᠨᠢ ᠬᠣᠯᠪᠣᠭᠳᠠᠬᠤ ᠲᠡᠮᠳᠡᠭ ᠦᠭᠡ ᠲᠣᠳᠣᠳᠬᠠᠯ᠂ ᠲᠡᠭᠦᠰ ᠥᠭᠦᠯᠡᠬᠦᠨ ᠦᠢᠯᠡ ᠶ᠋ᠢᠨ ᠬᠡᠯᠪᠡᠷᠢᠵᠢᠯ ᠦ᠋ᠨ ᠠᠪᠢᠶᠠᠨ ᠤ᠋ ᠨᠤᠭᠤᠷᠠᠯ ᠢ᠋ᠶ᠋ᠠᠷ ᠢᠯᠡᠷᠡᠳᠡᠭ ;
(7) ᠲᠣᠭᠠᠨ ᠤ᠋ ᠠᠢ ᠶ᠋ᠢᠨ ᠵᠠᠬᠢᠷᠬᠤ ᠬᠦᠴᠦᠨ ᠨᠡᠷ᠎ᠡ ᠦᠭᠡ ᠵᠢᠴᠢ ᠲᠣᠳᠣᠳᠬᠠᠯ᠂ ᠥᠭᠦᠯᠡᠬᠦᠨ ᠳ᠋ᠦ᠍ ᠴᠦ᠍ ᠬᠣᠯᠪᠣᠭᠳᠠᠵᠤ ᠪᠠᠢᠵᠠᠶ᠃
(8) ᠥᠭᠬᠦ ᠪᠠ ᠣᠷᠣᠰᠢᠬᠤ ᠳᠠᠢᠨ ᠢᠯᠭᠠᠯ ᠨᠢᠭᠡᠳᠦᠭᠡ ᠦᠭᠡᠢ ;
(9) ᠭᠤᠷᠪᠠᠨ ᠪᠡᠶ᠎ᠡ ᠶ᠋ᠢᠨ ᠬᠠᠮᠢᠶᠠᠳᠠᠭᠤᠯᠬᠤ ᠶᠣᠰᠣ ᠪᠣᠢ ᠪᠣᠯᠤᠭ᠎ᠠ ᠦᠭᠡᠢ ;
(10) ᠨᠡᠷ᠎ᠡ ᠶ᠋ᠢᠨ ᠣᠯᠠᠨ ᠲᠣᠭᠠᠨ ᠤ᠋ ᠨᠥᠬᠥᠴᠡᠯ ᠬᠠᠷᠢᠴᠠᠩᠭᠤᠢ ᠴᠥᠭᠡᠨ ;
(11) ᠪᠡᠶ᠎ᠡ ᠶ᠋ᠢᠨ ᠲᠥᠯᠥᠭᠡᠨ ᠦ᠌ ᠦᠭᠡ ᠳ᠋ᠦ᠍ ᠠᠪᠢᠶᠠᠨ ᠤ᠋ ᠨᠤᠭᠤᠷᠠᠯ ᠢ᠋ᠶ᠋ᠠᠷ ᠭᠠᠭᠴᠠ ᠣᠯᠠᠨ ᠤ᠋ ᠢᠯᠭᠠᠭ᠎ᠠ ᠶ᠋ᠢ ᠦᠵᠡᠭᠦᠯᠵᠦ ᠪᠠᠢᠵᠠᠶ ;
(12) ᠨᠡᠷ᠎ᠡ ᠦᠭᠡ ᠳ᠋ᠦ᠍ ᠪᠣᠳᠠᠲᠠᠢ᠂ ᠬᠡᠢᠰᠪᠦᠷᠢ ᠶ᠋ᠢᠨ ᠠᠢ ᠲᠠᠢ ;
(13 ) ᠬᠡᠪ᠂ ᠪᠠᠢᠳᠠᠯ ᠤ᠋ᠨ ᠠᠢ ᠶ᠋ᠢᠨ ᠰᠢᠰᠲ᠋ᠧᠮ ᠠᠷᠠᠢ ᠣᠨᠳᠣᠣ ᠪᠠᠢᠭᠰᠠᠨ ;
(14) ᠲᠡᠮᠳᠡᠭ ᠦᠢᠯᠡ ᠳ᠋ᠦ᠍ ᠦᠭᠡᠢᠰᠬᠡᠬᠦ ᠨᠥᠬᠥᠴᠡᠯ ᠲᠡᠢ ;
(15) ᠥᠭᠦᠯᠡᠪᠦᠷᠢ ᠶ᠋ᠢᠨ ᠡᠬᠢᠨ ᠳ᠋ᠡᠬᠢ ᠥᠭᠦᠯᠡᠭᠳᠡᠬᠦᠨ ᠢ᠋ ᠥᠭᠦᠯᠡᠪᠦᠷᠢ ᠶᠢᠨ ᠡᠴᠦᠰ ᠲᠦ ᠥᠭᠦᠯᠡᠬᠦᠨ ᠦ᠌ ᠠᠷᠤ ᠳ᠋ᠤ᠌ ᠬᠡᠢᠰᠪᠦᠷᠢᠵᠢᠭᠦᠯᠦᠨ ᠳᠠᠪᠲᠠᠬᠤ ᠥᠭᠦᠯᠡᠪᠦᠷᠢ ᠶᠢᠨ ᠬᠡᠪ ᠲᠠᠢ᠃
ᠡᠷᠲᠡᠨ ᠦ᠌ ᠮᠣᠩᠭᠣᠯ ᠬᠡᠯᠡ ᠶ᠋ᠢ ᠲᠡᠭᠦᠨ ᠦ᠌ ᠳᠣᠲᠣᠭᠠᠳᠤ ᠶ᠋ᠢᠨ ᠬᠢᠨᠢ ᠨᠠᠷᠢᠨ ᠣᠨᠴᠠᠯᠢᠭ ᠢ᠋ᠶ᠋ᠠᠷ ᠮᠥᠨ ᠡᠮᠦᠨᠡᠬᠢ ᠡᠷᠲᠡᠨ ᠦ᠌ ᠦᠶ᠎ᠡ᠂ ᠳᠤᠮᠳᠠᠳᠤ ᠡᠷᠲᠡᠨ ᠦ᠌ ᠦᠶ᠎ᠡ᠂ ᠳᠤᠮᠳᠠᠳᠤ ᠦᠶ᠎ᠡ ᠭᠡᠵᠦ ᠭᠤᠷᠪᠠᠨ ᠵᠢᠵᠢᠭ ᠠᠩᠭᠢ ᠱᠠᠲᠤ ᠭᠠᠷᠭᠠᠵᠤ ᠪᠣᠯᠤᠨ᠎ᠠ᠃ ᠡᠭᠦᠨ ᠳ᠋ᠦ᠍ ᠡᠮᠦᠨᠡᠬᠢ ᠡᠷᠲᠡᠨ ᠦ᠌ ᠦᠶ᠎ᠡ ᠨᠢ ᠡᠪᠦᠭᠡ ᠠᠯᠲᠠᠢ ᠬᠡᠯᠡᠨ ᠡᠴᠡ ᠤᠯᠠᠷᠢᠵᠤ ᠢᠷᠡᠭᠰᠡᠨ ᠦ᠌ ᠳᠠᠷᠠᠭᠠᠬᠢ ᠴᠠᠭ ᠦᠶ᠎ᠡ ᠪᠣᠯᠬᠤ ᠲᠤᠯᠠ᠂ ᠤᠤᠯ ᠤ᠋ᠨ ᠡᠪᠦᠭᠡ ᠠᠯᠲᠠᠢ ᠬᠡᠯᠡᠨ ᠦ᠌ ᠣᠨᠴᠠᠯᠢᠭ ᠰᠢᠨᠵᠢ ᠶ᠋ᠢ ᠡᠳᠦᠢ ᠲᠡᠳᠦᠢ ᠬᠠᠳᠠᠭᠠᠯᠠᠵᠤ ᠪᠠᠢᠭᠰᠠᠨ᠂ ᠮᠥᠨ ᠪᠠᠰᠠ ᠬᠥᠭᠵᠢᠯ ᠤᠯᠠᠷᠢᠯ ᠢ᠋ᠶ᠋ᠠᠷ ᠨᠡᠯᠢᠶᠡᠳ ᠣᠯᠠᠨ ᠪᠤᠳᠤᠯᠢᠶᠠᠨᠲᠠᠢ ᠲᠣᠭᠲᠠᠪᠤᠷᠢ ᠦᠭᠡᠢ ᠴᠠᠭ ᠦᠶ᠎ᠡ ᠪᠠᠢᠵᠤ ᠪᠣᠯᠤᠨ᠎ᠠ᠃ ᠳᠤᠮᠳᠠᠳᠤ ᠦᠶ᠎ᠡ ᠨᠢ ᠣᠷᠴᠢᠨ ᠦᠶ᠎ᠡ ᠳ᠋ᠦ᠍ ᠰᠢᠯᠵᠢᠨ ᠣᠷᠣᠬᠤ ᠠ᠋ᠴᠠ ᠡᠮᠦᠨ᠎ᠡ᠂ ᠡᠷᠲᠡᠨ ᠦ᠌ ᠮᠣᠩᠭᠣᠯ ᠬᠡᠯᠡᠨ ᠦ᠌ ᠣᠨᠴᠠᠯᠢᠭ ᠰᠢᠨᠵᠢ ᠡᠳᠦᠢ ᠲᠡᠳᠦᠢ ᠠᠯᠳᠠᠭᠳᠠᠵᠤ ᠪᠠᠢᠭᠰᠠᠨ ᠴᠠᠭ ᠦᠶ᠎ᠡ ᠪᠣᠯᠤᠨ᠎ᠠ᠃ ᠳᠤᠮᠳᠠᠳᠤ ᠡᠷᠲᠡᠨ ᠦ᠌ ᠦᠶ᠎ᠡ ᠪᠣᠯ ᠡᠷᠲᠡᠨ ᠦ᠌ ᠦᠶ᠎ᠡ ᠶ᠋ᠢᠨ ᠣᠨᠴᠠᠯᠢᠭ ᠢ᠋ ᠨᠡᠯᠢᠶᠡᠳ ᠲᠠᠯ᠎ᠠ ᠪᠠᠷ ᠬᠠᠳᠠᠭᠠᠯᠠᠵᠤ ᠪᠠᠢᠭᠰᠠᠨ ᠴᠠᠭ ᠦᠶ᠎ᠡ ᠪᠠᠢᠵᠤ ᠪᠠᠢᠭᠰᠠᠨ ᠶᠤᠮ᠃
ᠣᠢᠷ᠎ᠠ ᠦᠶ᠎ᠡ ᠳ᠋ᠦ᠍ ᠴᠦ᠍ ᠡᠮᠦᠨᠡᠬᠢ ᠣᠢᠷ᠎ᠠ ᠦᠶ᠎ᠡ᠂ ᠣᠷᠴᠢᠨ ᠴᠠᠭ ᠭᠡᠬᠦ ᠬᠣᠶᠠᠷ ᠴᠠᠭ ᠦᠶ᠎ᠡ ᠪᠡᠷ ᠠᠩᠭᠢᠯᠠᠨ ᠱᠠᠲᠤᠯᠠᠵᠤ ᠪᠣᠯᠬᠤ ᠪᠥᠭᠡᠳ ᠡᠮᠦᠨᠡᠬᠢ ᠤᠢᠷ᠎ᠡ ᠦᠶ᠎ᠡ ᠨᠢ ᠡᠷᠲᠡᠨ ᠦ᠌ ᠦᠶ᠎ᠡ ᠶ᠋ᠢᠨ ᠣᠨᠴᠠᠯᠢᠭ ᠢ᠋ᠶ᠋ᠠᠨ ᠨᠡᠯᠢᠶᠡᠳ ᠠᠯᠳᠠᠭᠰᠠᠨ ᠪᠣᠯᠪᠠᠴᠤ ᠣᠷᠴᠢᠨ ᠴᠠᠭ ᠤ᠋ᠨ ᠣᠨᠴᠠᠯᠢᠭ ᠢ᠋ ᠭᠦᠢᠴᠡᠳ ᠪᠦᠷᠢᠯᠳᠦᠭᠦᠯᠵᠦ ᠴᠢᠳᠠᠭ᠎ᠠ ᠦᠭᠡᠢ ᠪᠠᠢᠭ᠎ᠠ ᠲᠡᠢᠮᠦ ᠴᠠᠭ ᠦᠶ᠎ᠡ ᠪᠠᠢᠵᠤ᠂ ᠪᠠᠷᠤᠭ 19 ᠳ᠋ᠦᠭᠡᠷ ᠵᠠᠭᠤᠨ ᠤ᠋ ᠡᠬᠢᠨ᠂ ᠳᠤᠮᠳᠠᠴᠢ ᠪᠣᠯᠵᠤ ᠢᠷᠡᠭᠡᠳ ᠡᠴᠦᠰᠯᠡᠵᠡᠢ᠃ ᠣᠳᠣ ᠦᠶ᠎ᠡ ᠶ᠋ᠢᠨ ᠮᠣᠩᠭᠣᠯ ᠬᠡᠯᠡ ᠭᠡᠭᠴᠢ ᠪᠣᠯ ᠣᠷᠴᠢᠨ ᠴᠠᠭ ᠤ᠋ᠨ ᠮᠣᠩᠭᠣᠯ ᠬᠡᠯᠠᠨ ᠤ᠋ ᠬᠥᠭᠵᠢᠯ ᠦ᠋ᠨ ᠪᠠᠰᠠ ᠨᠢᠭᠡᠨ ᠵᠢᠵᠢᠭ ᠱᠠᠲᠤ ᠦᠶ᠎ᠡ ᠪᠤᠯᠬᠤ ᠪᠥᠭᠡᠳ᠂ ᠡᠨᠡ ᠴᠠᠭ ᠦᠶ᠎ᠡ ᠶᠡᠬᠡ ᠲᠥᠯᠥᠪ 20 ᠳ᠋ᠤᠭᠠᠷ ᠵᠠᠭᠤᠨ ᠤ᠋ ᠭᠤᠴᠢᠭᠠᠳ ᠣᠨ ᠠ᠋ᠴᠠ ᠡᠬᠢᠯᠡᠵᠡᠢ᠃
ᠮᠣᠩᠭᠣᠯ ᠬᠡᠯᠡ ᠶ᠋ᠢ ᠲᠡᠮᠳᠡᠭᠯᠡᠭᠰᠡᠨ ᠦᠰᠦᠭ ᠪᠢᠴᠢᠭ ᠪᠠᠢᠭᠰᠠᠨ ᠡᠰᠡᠬᠦ ᠪᠡᠷ ᠨᠢ ᠪᠠᠰᠠ ᠮᠣᠩᠭᠣᠯ ᠪᠢᠴᠢᠭ ᠦ᠋ᠨ ᠬᠡᠯᠡ ᠪᠠᠢᠭᠰᠠᠨ ᠦᠭᠡᠢ ᠱᠠᠲᠤ ᠪᠠ ᠪᠢᠴᠢᠭ ᠤᠨ ᠬᠡᠯᠡ ᠲᠡᠢ ᠱᠠᠲᠤ ᠭᠡᠵᠦ ᠬᠣᠶᠠᠷ ᠲᠣᠮᠣ ᠠᠩᠭᠢ ᠳ᠋ᠤ᠌ ᠬᠤᠪᠢᠶᠠᠵᠤ ᠪᠣᠯᠤᠨ᠎ᠠ᠃ ᠪᠢᠴᠢᠭ ᠦ᠋ᠨ ᠬᠡᠯᠡᠨ ᠦ᠌ ᠱᠠᠲᠤ ᠨᠢ ᠮᠥᠨ ᠮᠡᠳᠡᠭᠳᠡᠭᠡ ᠦᠭᠡᠢ ᠳᠤᠮᠳᠠᠳᠤ ᠡᠷᠲᠡᠨ ᠦ᠌ ᠦᠶ᠎ᠡ ᠡᠴᠡ ᠡᠬᠢᠯᠡᠭᠰᠡᠨ ᠤᠴᠢᠷ ᠠ᠋ᠴᠠ ᠪᠢᠴᠢᠭ ᠦ᠋ᠨ ᠬᠡᠯᠡᠨ ᠦ᠌ ᠪᠣᠢ ᠪᠣᠯᠤᠭᠰᠠᠨ ᠶᠠᠪᠤᠳᠠᠯ ᠨᠢ ᠳᠤᠮᠳᠠᠳᠤ ᠡᠷᠲᠡᠨ ᠦ᠌ ᠮᠣᠩᠭᠣᠯ ᠬᠡᠯᠡᠨ ᠦ᠌ ᠪᠣᠢ ᠪᠣᠯᠤᠭᠰᠠᠨ ᠤ᠋ ᠬᠢᠨᠢ ᠪᠠᠰᠠ ᠨᠢᠭᠡᠨ ᠴᠢᠬᠤᠯᠠ ᠪᠡᠯᠭᠡ ᠲᠡᠮᠳᠡᠭ ᠪᠣᠯᠤᠨ᠎ᠠ᠃
ᠮᠣᠩᠭᠣᠯ ᠬᠡᠯᠡᠨ ᠦ᠌ ᠪᠢᠴᠢᠭ ᠦ᠋ᠨ ᠬᠡᠯᠡ ᠶ᠋ᠢ ᠡᠷᠳᠡᠮᠲᠡᠳ ᠬᠡᠳᠦ ᠬᠡᠳᠦᠨ ᠱᠠᠲᠤ ᠦᠶ᠎ᠡ ᠪᠣᠯᠭᠠᠨ ᠠᠩᠭᠢᠯᠠᠭᠰᠠᠭᠠᠷ ᠢᠷᠡᠭᠰᠡᠨ ᠪᠥᠭᠡᠳ ᠲᠣᠳᠣᠷᠬᠠᠢ ᠠᠩᠭᠢᠯᠠᠯ ᠤ᠋ᠨ ᠱᠠᠲᠤ ᠦᠶ᠎ᠡ ᠨᠢ ᠬᠠᠷᠢᠯᠴᠠᠨ ᠪᠠᠭ᠎ᠠ ᠵᠡᠷᠭᠡ ᠵᠥᠷᠢᠳᠡᠭ᠃
ᠮᠣᠩᠭᠣᠯ ᠬᠡᠯᠡᠨ ᠦ᠌ ᠬᠥᠭᠵᠢᠯ ᠦ᠋ᠨ ᠲᠡᠦᠬᠡᠨ ᠳ᠋ᠦ᠍ ᠮᠣᠩᠭᠣᠯᠴᠤᠳ ᠤᠷᠢᠳ ᠬᠣᠵᠢᠳ ᠣᠯᠠᠨ ᠵᠦᠢᠯ ᠦ᠋ᠨ ᠦᠰᠦᠭ ᠪᠢᠴᠢᠭ ᠠᠪᠴᠤ ᠠᠳᠠᠯᠢ ᠪᠤᠰᠤ ᠶ᠋ᠢᠨ ᠬᠦᠷᠢᠶᠡᠨ ᠳ᠋ᠦ᠍ ᠥᠪᠡᠷ ᠦ᠋ᠨ ᠬᠡᠯᠡ ᠪᠡᠨ ᠲᠡᠮᠳᠡᠭᠯᠡᠵᠦ ᠢᠷᠡᠭᠰᠡᠨ ᠪᠢᠯᠡ᠃ ᠡᠭᠦᠨ ᠳ᠋ᠦ᠍ ᠨᠢᠭᠡᠨᠲᠡ ᠲᠣᠳᠣᠷᠬᠠᠢ ᠰᠤᠳᠤᠯᠤᠭᠳᠠᠵᠤ ᠪᠠᠢᠭ᠎ᠠ ᠦᠰᠦᠭ ᠪᠢᠴᠢᠭ ᠲᠦ᠍ ᠣᠢᠭᠤᠷᠵᠢᠨ᠂ ᠳᠥᠷᠪᠡᠯᠵᠢᠨ᠂ ᠲᠣᠳᠣ᠂ ᠰᠣᠶᠣᠩᠪᠣ᠂ ᠬᠡᠪᠲᠡᠭᠡ ᠳᠥᠷᠪᠡᠯᠵᠢᠨ᠂ ᠸᠠᠭᠢᠨᠳᠠᠷ᠎ᠠ ᠪᠠ ᠰᠯᠠᠸᠵᠢᠨ ᠵᠡᠷᠭᠡ ᠣᠯᠠᠨ ᠵᠦᠢᠯ ᠦ᠋ᠨ ᠦᠰᠦᠭ ᠪᠢᠴᠢᠭ ᠪᠠᠢᠬᠤ ᠪᠥᠭᠡᠳ ᠵᠣᠬᠢᠬᠤ ᠬᠡᠪᠴᠢᠶᠡᠨ ᠳ᠋ᠦ᠍ ᠮᠣᠩᠭᠣᠯ ᠬᠡᠯᠡᠨ ᠦ᠌ ᠪᠢᠴᠢᠭ ᠦ᠋ᠨ ᠬᠡᠯᠡ ᠪᠣᠯᠵᠤ ᠪᠠᠢᠭ᠎ᠠ ᠪᠠ ᠪᠣᠯᠵᠤ ᠥᠩᠭᠡᠷᠡᠭᠰᠡᠨ ᠶᠦᠮ᠃ ᠡᠭᠦᠨ ᠳ᠋ᠦ᠍ ᠣᠢᠭᠤᠷᠵᠢᠨ ᠦᠰᠦᠭ ᠪᠣᠯ ᠬᠡᠷᠡᠭᠯᠡᠭᠳᠡᠵᠦ ᠪᠠᠢᠭ᠎ᠠ ᠴᠠᠭ ᠬᠤᠭᠤᠴᠠᠭ᠎ᠠ ᠪᠠᠷ ᠬᠠᠮᠤᠭ ᠤ᠋ᠨ ᠤᠷᠲᠤ ᠪᠣᠯᠬᠤ ᠤᠴᠢᠷ ᠮᠣᠩᠭᠣᠯ ᠬᠡᠯᠡᠨ ᠦ᠌ ᠪᠢᠴᠢᠭ ᠦ᠋ᠨ ᠬᠡᠯᠡᠨ ᠦ᠌ ᠱᠠᠲᠤ ᠦᠶ᠎ᠡ ᠶ᠋ᠢ ᠡᠨᠡ ᠬᠦ᠌ ᠭᠣᠣᠯ ᠰᠢᠵᠢᠮ ᠢ᠋ᠶ᠋ᠡᠷ ᠮᠥᠷᠳᠡᠵᠦ ᠦᠵᠡᠪᠡᠯ ᠵᠦᠢᠲᠡᠶ ᠪᠠᠢᠨ᠎ᠠ᠃ ᠭᠡᠬᠦ ᠳ᠋ᠡᠭᠡᠨ ᠠᠩᠬᠠᠨ ᠤ᠋ ᠦᠶ᠎ᠡ ᠳ᠋ᠦ᠍ ᠤᠢᠭᠤᠷ ᠦᠰᠦᠭ ᠢ᠋ᠶ᠋ᠡᠷ ᠮᠣᠩᠭᠣᠯ ᠬᠡᠯᠡ ᠶ᠋ᠢ ᠭᠠᠯᠢᠭᠯᠠᠨ ᠲᠡᠮᠳᠡᠭᠯᠡᠵᠦ ᠪᠠᠢᠭᠰᠠᠨ ᠵᠣᠬᠢᠬᠤ ᠨᠢᠭᠡ ᠴᠠᠭ ᠦᠶ᠎ᠡ ᠪᠠᠢᠵᠤ ᠮᠡᠳᠡᠬᠦ ᠪᠣᠯᠪᠠᠴᠤ ᠡᠨᠡ ᠴᠠᠭ ᠦᠶ᠎ᠡ ᠶ᠋ᠢ ᠮᠣᠩᠭᠣᠯ ᠪᠢᠴᠢᠭ ᠦ᠋ᠨ ᠬᠡᠯᠡᠨ ᠦ᠌ ᠱᠠᠲᠤ ᠦᠶ᠎ᠡ ᠪᠣᠯᠭᠠᠬᠤ ᠦᠭᠡᠢ ᠪᠠᠢᠪᠠᠯ ᠵᠣᠬᠢᠨ᠎ᠠ᠃ ᠪᠦᠬᠦᠢᠯᠡ ᠣᠢᠭᠤᠷᠵᠢᠨ ᠦᠰᠦᠭ ᠦ᠋ᠨ ᠲᠡᠮᠳᠡᠭ ᠦ᠋ᠨ ᠰᠢᠰᠲ᠋ᠧᠮ ᠦ᠋ᠨ ᠥᠭᠡᠷᠡᠴᠢᠯᠡᠯᠲᠡ ᠪᠠ ᠶᠠᠷᠢᠶ᠎ᠠ ᠪᠢᠴᠢᠭ ᠦ᠋ᠨ ᠬᠠᠷᠢᠴᠠᠭᠠᠨ ᠠ᠋ᠴᠠ ᠦᠵᠡᠪᠡᠯ ᠮᠣᠩᠭᠣᠯ ᠪᠢᠴᠢᠭ ᠣᠨ ᠬᠡᠯᠡ ᠶ᠋ᠢ ᠰᠣᠩᠭᠣᠳᠠᠭ ᠪᠢᠴᠢᠭ ᠦ᠋ᠨ ᠬᠡᠯᠡᠨ ᠦ᠌ ᠡᠮᠦᠨᠡᠬᠢ ᠦᠶ᠎ᠡ ᠪᠠ ᠰᠣᠩᠭᠣᠳᠠᠭ ᠪᠢᠴᠢᠭ ᠦ᠋ᠨ ᠬᠡᠯᠡᠨ ᠦ᠌ ᠦᠶ᠎ᠡ ᠭᠡᠵᠦ ᠬᠣᠶᠠᠷ ᠱᠠᠲᠤ ᠪᠠᠷ ᠠᠩᠭᠢᠯᠠᠵᠤ ᠪᠣᠯᠤᠨ᠎ᠠ᠃
ᠰᠣᠩᠭᠣᠳᠠᠭ ᠪᠢᠴᠢᠭ ᠦ᠋ᠨ ᠬᠡᠯᠡᠨ ᠦ᠌ ᠡᠮᠦᠨᠡᠬᠢ ᠱᠠᠲᠤ ᠦᠶ᠎ᠡ᠃ ᠮᠡᠳᠡᠭᠳᠡᠭᠡ ᠦᠭᠡᠢ ᠴᠠᠭ ᠦᠶ᠎ᠡ ᠡᠴᠡ 16 ᠳ᠋ᠤᠭᠠᠷ ᠵᠠᠭᠤᠨ ᠤ᠋ ᠡᠴᠦᠰ ᠪᠠᠢᠵᠤ ᠶᠡᠬᠡ ᠲᠥᠯᠥᠪ ᠤᠢᠭᠤᠷᠵᠢᠨ ᠦᠰᠦᠭ ᠦ᠋ᠨ ᠡᠭᠦᠰᠴᠦ ᠬᠡᠷᠡᠭᠯᠡᠭᠳᠡᠭᠰᠡᠨ ᠱᠠᠲᠤ ᠦᠶ᠎ᠡ ᠪᠣᠯᠤᠨ᠎ᠠ᠃ ᠡᠨᠡ ᠦᠶ᠎ᠡ ᠳ᠋ᠦ᠍ ᠦᠰᠦᠭ ᠦ᠋ᠨ ᠲᠡᠮᠳᠡᠭ ᠶᠡᠬᠡ ᠲᠥᠯᠥᠪ18 - 19 ᠪᠠᠢᠵᠤ ᠵᠠᠷᠢᠮ ᠳ᠋ᠠᠭᠠᠨ ᠨᠢᠭᠡ ᠲᠡᠮᠳᠡᠭ ᠢ᠋ᠶ᠋ᠡᠷ ᠬᠣᠶᠠᠷ ᠪᠤᠶᠤ ᠬᠡᠳᠦ ᠬᠡᠳᠦᠨ ᠠᠪᠢᠶᠠᠯᠠᠪᠤᠷᠢ ᠶ᠋ᠢ ᠲᠡᠮᠳᠡᠭᠯᠡᠬᠦ ᠦᠵᠡᠭᠳᠡᠯ ᠪᠠᠢᠵᠤ ᠪᠠᠢᠭᠰᠠᠨ ᠪᠣᠯᠪᠠᠴᠤ ᠮᠣᠩᠭᠣᠯ ᠬᠡᠯᠡᠨ ᠦ᠌ ᠤᠤᠭᠠᠯ ᠦᠭᠡ ᠶ᠋ᠢ ᠨᠡᠯᠢᠶᠡᠳ ᠬᠠᠩᠭᠠᠮᠵᠢᠲᠠᠢ ᠲᠡᠮᠳᠡᠭᠯᠡᠵᠦ ᠴᠢᠳᠠᠳᠠᠭ ᠪᠠᠢᠵᠠᠶ᠂ ᠬᠠᠷᠢᠨ ᠬᠠᠷᠢ ᠭᠠᠷᠤᠯ ᠲᠠᠢ ᠵᠠᠷᠢᠮ ᠦᠭᠡ ᠶ᠋ᠢᠨ ᠵᠠᠷᠢᠮ ᠡᠭᠡᠰᠢᠭ᠂ ᠭᠡᠢᠭᠦᠯᠦᠭᠴᠢ ᠶ᠋ᠢ ᠲᠡᠮᠳᠡᠭᠯᠡᠬᠦ ᠳ᠋ᠦ᠍ ᠲᠡᠳᠦᠢ ᠬᠠᠩᠭᠠᠮᠵᠢ ᠦᠭᠡᠢ ᠪᠠᠢᠵᠠᠶ᠃《ᠵᠠᠷᠯᠢᠭ᠂ ᠲᠩᠷᠢ᠂ ᠮᠥᠩᠬᠡ᠂ ᠱᠠᠰᠢᠨ᠂ ᠪᠠᠳᠠᠭ ᠁ 》 ᠭᠡᠬᠦ ᠮᠡᠲᠦ ᠵᠠᠷᠢᠮ ᠦᠭᠡ ᠶ᠋ᠢᠨ ᠪᠢᠴᠢᠯᠭᠡ ᠨᠢ ᠨᠡᠯᠢᠶᠡᠳ ᠣᠨᠴᠠᠭᠠᠢ ᠪᠠᠢᠵᠤ ᠤᠢᠭᠤᠷ ᠦᠰᠦᠭ ᠦ᠋ᠨ ᠨᠥᠯᠥᠭᠡ ᠲᠤᠰᠬᠠᠯ ᠲᠠᠢ᠃ ᠮᠣᠩᠭᠣᠯ ᠬᠡᠯᠡᠨ ᠦ᠌ ᠶᠠᠷᠢᠶ᠎ᠠ ᠪᠠ ᠪᠢᠴᠢᠭ ᠬᠠᠷᠢᠴᠠᠩᠭᠤᠢ ᠤᠢᠷ᠎ᠠ ᠪᠠᠢᠪᠠ᠃ ᠭᠡᠬᠦ ᠳ᠋ᠡᠭᠡᠨ ᠭᠡᠢᠭᠦᠯᠦᠭᠴᠢ ᠠᠪᠢᠶ᠎ᠠ ᠳ᠋ᠤ᠌ [ h ] ᠢ ᠢᠯᠡᠳᠬᠡᠵᠦ ᠴᠢᠳᠠᠬᠤ ᠦᠭᠡᠢ ᠪᠠᠢᠪᠠ᠃ ᠬᠡᠷᠡᠭᠯᠡᠯᠲᠡ ᠨᠢ ᠪᠦᠬᠦ ᠮᠣᠩᠭᠣᠯᠴᠤᠳ ᠲᠤ᠌ ᠨᠡᠢᠳᠡᠮ ᠪᠢᠰᠢ ᠪᠠᠢᠭᠰᠠᠨ ᠪᠣᠯᠤᠮᠵᠢ ᠲᠠᠢ ᠪᠣᠯᠪᠠᠴᠤ ᠤᠯᠤᠰ ᠲᠥᠷᠥ᠂ ᠱᠠᠰᠢᠨ ᠰᠤᠷᠲᠠᠬᠤᠨ᠂ ᠭᠠᠳᠠᠭᠠᠳᠤ ᠬᠠᠷᠢᠯᠴᠠᠭ᠎ᠠ᠂ ᠲᠡᠦᠬᠡ ᠲᠡᠮᠳᠡᠭᠯᠡᠯ᠂ ᠠᠵᠤ ᠠᠬᠤᠢ ᠵᠡᠷᠭᠡ ᠨᠡᠢᠭᠡᠮ ᠠᠬᠤᠢ ᠶ᠋ᠢᠨ ᠥᠷᠭᠡᠨ ᠬᠡᠪᠴᠢᠶᠡᠨ ᠳ᠋ᠦ᠍ ᠬᠡᠷᠡᠭᠯᠡᠭᠳᠡᠵᠦ ᠪᠠᠢᠵᠠᠶ᠃ ᠡᠭᠦᠨ ᠳ᠋ᠦ᠍ ᠳᠥᠷᠪᠡᠯᠵᠢᠨ ᠦᠰᠦᠭ ᠣᠬᠣᠷᠬᠠᠨ ᠵᠠᠭᠤᠨ ᠵᠢᠯ ᠳ᠋ᠦ᠍ (ᠶᠡᠬᠡ ᠲᠥᠯᠥᠪ 1289-1368 ᠣᠨ ᠤ᠋ ᠬᠤᠭᠤᠷᠣᠠᠲᠤ) ᠤᠯᠤᠰ ᠲᠥᠷᠥ᠂ ᠠᠯᠪᠠᠨ ᠬᠠᠷᠢᠯᠴᠠᠭ᠎ᠠ ᠳ᠋ᠤ᠌ ᠢᠯᠡᠭᠦᠦ ᠪᠠᠢᠷᠢ ᠰᠠᠭᠤᠷᠢ ᠲᠠᠢ ᠪᠠᠢᠪᠠ᠃
ᠰᠣᠩᠭᠣᠳᠠᠭ ᠪᠢᠴᠢᠭ ᠦ᠋ᠨ ᠬᠡᠯᠡᠨ ᠦ᠌ ᠱᠠᠲᠤ ᠦᠶ᠎ᠡ᠃ 16 ᠳ᠋ᠤᠭᠠᠷ ᠵᠠᠭᠤᠨ ᠤ᠋ ᠡᠴᠦᠰ ᠡᠴᠡ ᠡᠬᠢᠯᠡᠵᠡᠢ᠃ ᠡᠨᠡ ᠦᠶ᠎ᠡ ᠳ᠋ᠦ᠍ ᠦᠰᠦᠭ ᠦ᠋ᠨ ᠲᠡᠮᠳᠡᠭ ᠨᠡᠮᠡᠭᠳᠡᠭᠰᠡᠨ ᠪᠠᠢᠵᠤ ᠡᠭᠡᠰᠢᠭ ᠠᠪᠢᠶᠠᠨ ᠠ᠋ᠴᠠ ᠪᠤᠰᠤᠳ ᠲᠡᠮᠳᠡᠭ ᠲᠦ᠍ ᠨᠢᠭᠡ ᠦᠰᠦᠭ ᠢ᠋ᠶ᠋ᠡᠷ ᠬᠣᠶᠠᠷ ᠪᠤᠶᠤ ᠬᠡᠳᠦᠨ ᠠᠪᠢᠶᠠᠯᠠᠪᠤᠷᠢ ᠶ᠋ᠢ ᠲᠡᠮᠳᠡᠭᠯᠡᠬᠦ ᠦᠵᠡᠭᠳᠡᠯ ᠬᠠᠷᠢᠴᠠᠩᠭᠤᠢ ᠴᠥᠭᠡᠨ ᠪᠣᠯᠪᠠ᠃ ᠡᠭᠦᠨ ᠳ᠋ᠦ᠍ 1587 ᠣᠨ ᠳ᠋ᠤ᠌ ᠠᠶᠤᠰᠢ ᠭᠦᠰᠢ ᠶ᠋ᠢᠨ ᠨᠡᠮᠡᠨ ᠥᠭᠡᠷᠡᠴᠢᠯᠡᠭᠰᠡᠨ ᠮᠠᠯᠢ ᠭᠠᠯᠢ ᠦᠰᠦᠭ ᠨᠡᠯᠢᠶᠡᠳ ᠶᠡᠬᠡ ᠨᠥᠯᠥᠭᠡ ᠦᠵᠡᠭᠦᠯᠵᠡᠢ᠃ ᠡᠬᠢᠨ ᠳ᠋ᠡᠭᠡᠨ ᠲᠡᠭᠦᠨ ᠦ᠌ ᠬᠡᠷᠡᠭᠯᠡᠯᠲᠡ ᠬᠡᠲᠦᠢᠪᠡᠷ ᠨᠡᠯᠢᠶᠡᠳ ᠬᠡᠪᠰᠢᠮᠡᠯ᠂ ᠬᠡᠲᠦᠷᠡᠭᠰᠡᠨ ᠪᠠᠢᠳᠠᠯ ᠲᠠᠢ ᠪᠣᠯᠪᠠᠴᠤ ᠬᠣᠵᠢᠮ ᠨᠢ ᠤᠯᠠᠮ ᠤᠯᠠᠮ ᠢ᠋ᠶ᠋ᠠᠷ ᠪᠣᠯᠪᠠᠰᠤᠷᠠᠭᠳᠠᠨ ᠲᠣᠭᠲᠠᠪᠤᠷᠢᠵᠢᠵᠤ ᠣᠷᠴᠢᠨ ᠴᠠᠭ ᠪᠣᠯᠵᠤ ᠢᠷᠡᠭᠡᠳ ᠦᠨᠳᠦᠰᠦᠨ ᠳ᠋ᠡᠭᠡᠨ ᠳᠦᠷᠢᠮᠵᠢᠯ ᠲᠡᠢ ᠪᠣᠯᠵᠠᠢ᠃ ᠡᠬᠢᠨ ᠳ᠋ᠡᠭᠡᠨ ᠨᠡᠯᠢᠶᠡᠳ ᠤᠷᠲᠤ ᠬᠤᠭᠤᠴᠠᠭ᠎ᠠ ᠱᠠᠰᠢᠨ ᠰᠤᠷᠲᠠᠬᠤᠨ ᠪᠠ ᠲᠡᠦᠬᠡ ᠲᠡᠮᠳᠡᠭᠯᠡᠯ ᠭᠡᠬᠦ ᠵᠡᠷᠭᠡ ᠢᠪᠴᠤᠤ ᠬᠦᠷᠢᠶᠡᠨ ᠳ᠋ᠦ᠍ ᠶᠠᠪᠤᠭᠳᠠᠵᠤ ᠪᠠᠢᠭᠰᠠᠨ ᠢ᠋ᠶ᠋ᠠᠨ ᠣᠷᠴᠢᠨ ᠴᠠᠭ ᠤ᠋ᠨ ᠮᠣᠩᠭᠣᠯ ᠬᠡᠯᠡᠨ ᠦ᠌ ᠦᠶ᠎ᠡ ᠪᠣᠯᠵᠤ ᠢᠷᠡᠭᠡᠳ ᠤᠷᠠᠨ ᠵᠣᠬᠢᠶᠠᠯ ᠤ᠋ᠨ ᠵᠣᠬᠢᠶᠠᠨ ᠪᠦᠲᠦᠭᠡᠯᠭᠡ ᠳ᠋ᠦ᠍ ᠥᠷᠭᠡᠨ ᠢ᠋ᠶ᠋ᠡᠷ ᠠᠰᠢᠭᠯᠠᠭᠳᠠᠬᠤ ᠪᠣᠯᠤᠭᠰᠠᠨ ᠪᠠ ᠲᠡᠭᠦᠨ ᠦ᠌ ᠬᠡᠷᠡᠭᠯᠡᠭᠡ ᠤᠯᠠᠮ ᠤᠯᠠᠮ ᠢ᠋ᠶ᠋ᠠᠷ ᠥᠷᠭᠡᠵᠢᠨ ᠲᠦᠭᠡᠵᠦ ᠢᠳᠡᠭ ᠢᠳᠡᠭ ᠢ᠋ᠶ᠋ᠡᠷ ᠳᠦᠷᠢᠮᠵᠢᠵᠦ ᠪᠠᠢᠨ᠎ᠠ᠃
