ᠮᠣᠩᠭᠣᠯ ᠦᠨᠳᠦᠰᠦᠲᠡᠨ ᠦ ᠰᠢᠯᠭᠠᠷᠠᠭᠰᠠᠨ ᠠᠷᠠᠳᠴᠢᠯᠠᠭᠰᠠᠨ ᠬᠤᠪᠢᠰᠬᠠᠯᠴᠢ ᠰᠢᠨᠡᠯᠠᠮ᠎ᠠ - ᠬᠣᠶᠠᠳᠤᠭᠠᠷ ᠪᠦᠯᠦᠭ᠂ᠥᠯᠵᠡᠢᠵᠢᠷᠭᠠᠯ– ᠭᠢᠯᠠᠯᠵᠠᠭᠰᠠᠨ ᠨᠢᠭᠡ ᠨᠠᠰᠤ4(4) Шинэлам – 2-р бүлэг᠂Өлзийжаргал– гялалзсан нэг нас 4(4) ᠲᠡᠥᠬᠡ ᠰᠣᠶᠣᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠣᠩᠭᠣᠯ ᠦᠨᠳᠦᠰᠦᠲᠡᠨ ᠦ ᠰᠢᠯᠭᠠᠷᠠᠭᠰᠠᠨ ᠠᠷᠠᠳᠴᠢᠯᠠᠭᠰᠠᠨ ᠬᠤᠪᠢᠰᠬᠠᠯᠴᠢ ᠰᠢᠨᠡᠯᠠᠮ᠎ᠠ - ᠬᠣᠶᠠᠳᠤᠭᠠᠷ ᠪᠦᠯᠦᠭ᠂ᠥᠯᠵᠡᠢᠵᠢᠷᠭᠠᠯ– ᠭᠢᠯᠠᠯᠵᠠᠭᠰᠠᠨ ᠨᠢᠭᠡ ᠨᠠᠰᠤ4(4) Шинэлам – 2-р бүлэг᠂Өлзийжаргал– гялалзсан нэг нас 4(4)

ᠮᠣᠩᠭᠣᠯ ᠦᠨᠳᠦᠰᠦᠲᠡᠨ ᠦ ᠰᠢᠯᠭᠠᠷᠠᠭᠰᠠᠨ ᠠᠷᠠᠳᠴᠢᠯᠠᠭᠰᠠᠨ ᠬᠤᠪᠢᠰᠬᠠᠯᠴᠢ ᠰᠢᠨᠡᠯᠠᠮ᠎ᠠ - ᠬᠣᠶᠠᠳᠤᠭᠠᠷ ᠪᠦᠯᠦᠭ᠂ᠥᠯᠵᠡᠢᠵᠢᠷᠭᠠᠯ– ᠭᠢᠯᠠᠯᠵᠠᠭᠰᠠᠨ ᠨᠢᠭᠡ ᠨᠠᠰᠤ4(4) Шинэлам – 2-р бүлэг᠂Өлзийжаргал– гялалзсан нэг нас 4(4)

ᠠᠩᠭᠢᠯᠠᠯ:ᠲᠡᠥᠬᠡ ᠰᠣᠶᠣᠯ
2025-09-27

42

(ᠳᠥᠷᠪᠡ) ᠬᠠᠲᠤᠨ ᠨᠠᠷᠠᠨᠭᠡᠷᠡᠯ ᠢ᠋ ᠨᠢᠭᠤᠴᠠ ᠪᠠᠷ ᠰᠢᠢᠳᠬᠡᠭᠰᠡᠨ ᠨᠢ


       ᠴᠠᠭᠠᠭᠴᠢᠨ ᠭᠠᠬᠠᠢ ᠵᠢᠯ ᠦ᠋ᠨ ᠬᠤᠪᠢᠰᠬᠠᠯ ᠤ᠋ᠨ ᠳᠠᠷᠠᠭ᠎ᠠ ᠦᠦᠰᠢᠨ ᠬᠤᠰᠢᠭᠤᠨ ᠳ᠋ᠤ᠌ ᠭᠠᠵᠠᠷ ᠨᠤᠲᠤᠭ ᠢ᠋ᠶ᠋ᠠᠨ ᠲᠠᠰᠤᠴᠢᠨ ᠬᠤᠳᠠᠯᠳᠤᠭᠰᠠᠨ᠂ ᠹᠧᠣᠳᠠᠯ ᠤ᠋ᠨ ᠭᠠᠭᠴᠠᠭᠠᠷ ᠡᠵᠡᠷᠬᠡᠬᠦ ᠡᠷᠬᠡ ᠶ᠋ᠢ ᠡᠰᠡᠷᠭᠦᠴᠡᠭᠰᠡᠨ《ᠠᠷᠪᠠᠨ ᠨᠢᠭᠡᠨ ᠳᠤᠭᠤᠢᠯᠠᠩ》 ᠤ᠋ᠨ ᠬᠥᠳᠡᠯᠭᠡᠭᠡᠨ᠂ ᠰᠢᠨᠡᠯᠡᠮ᠎ᠡ ᠶ᠋ᠢᠨ ᠤᠳᠤᠷᠢᠳᠤᠭᠰᠠᠨ《ᠳᠠᠯᠠᠨ ᠠᠨᠳᠠ》 ᠶ᠋ᠢᠨ ᠳᠤᠭᠤᠢᠯᠠᠩ ᠵᠡᠷᠭᠡ ᠠᠷᠠᠳᠴᠢᠯᠠᠭᠰᠠᠨ ᠬᠤᠪᠢᠰᠬᠠᠯ ᠤ᠋ᠨ ᠦᠶ᠎ᠡ  ᠳ᠋ᠦ᠍ ᠨᠠᠷᠠᠨᠭᠡᠷᠡᠯ ᠬᠠᠲᠤᠨ ᠵᠠᠰᠠᠭ ᠨᠣᠶᠠᠨ ᠤ᠋ ᠪᠠᠭ᠎ᠠ ᠬᠠᠲᠤᠨ ᠤ᠋ ᠪᠠᠢᠷᠢ ᠰᠠᠭᠤᠷᠢ ᠪᠠᠷ ᠢ᠋ᠶ᠋ᠠᠨ ᠬᠣᠰᠢᠭᠤ ᠵᠠᠰᠠᠭ ᠤ᠋ᠨ ᠶᠠᠪᠤᠳᠠᠯ ᠳ᠋ᠤ᠌ ᠭᠠᠷ ᠲᠥᠷᠥᠵᠦ᠂ ᠠᠷᠠᠳ ᠲᠦᠮᠡᠨ ᠦ᠌ ᠠᠷᠠᠳᠴᠢᠯᠠᠯᠲᠤ ᠬᠥᠳᠡᠯᠭᠡᠭᠡᠨ ᠢ᠋ ᠳᠠᠷᠤᠩᠭᠤᠢᠯᠠᠬᠤ ᠤᠷᠰᠢᠭ ᠤ᠋ᠨ ᠡᠵᠡᠨ ᠪᠣᠯᠵᠤ ᠳᠤᠭᠤᠢᠯᠠᠩ ᠢ᠋ ᠳᠠᠢᠰᠤᠩᠨᠠᠵᠤ ᠪᠠᠢᠵᠠᠢ᠃  
       ᠴᠢᠭᠤᠯᠭᠠᠨ ᠳᠠ ᠶ᠋ᠢᠨ ᠭᠠᠵᠠᠷ(ᠵᠢᠶᠦ᠋ᠨ ᠸᠠᠩ ᠤ᠋ᠨ ᠬᠤᠰᠢᠭᠤᠨ ᠤ᠋)1915 ᠣᠨ ᠳ᠋ᠤ᠌ ᠦᠦᠰᠢᠨ ᠬᠤᠰᠢᠭᠤᠨ ᠤ᠋ ᠨᠦᠬᠡᠨᠰᠥ᠋ᠮ᠎ᠡ ᠳᠡᠭᠡᠷ᠎ᠡ ᠴᠢᠭᠤᠯᠭᠠᠨ ᠴᠢᠭᠤᠯᠭᠠᠵᠤ ᠨᠠᠷᠠᠨᠭᠡᠷᠡᠯ ᠬᠠᠲᠤᠨ ᠤ᠋《ᠨᠠᠪᠴᠢᠲᠤ ᠡᠷᠭᠦᠮᠵᠢᠯᠡᠯᠲᠦ ᠰᠡᠴᠡᠨ ᠬᠠᠲᠤᠨ》 ᠭᠡᠰᠡᠨ ᠴᠣᠯᠠ ᠶ᠋ᠢ ᠨᠢ ᠬᠠᠰᠤᠭᠰᠠᠨ ᠪᠣᠯᠪᠠᠴᠤ ᠲᠡᠷᠡ ᠦᠷᠭᠦᠯᠵᠢᠯᠡᠨ ᠮᠤᠵᠢᠭᠤᠳᠠᠯᠠᠨ ᠳᠤᠭᠤᠢᠯᠠᠩ ᠤ᠋ᠨ ᠬᠢᠨ ᠲᠡᠢ ᠳᠠᠢᠰᠤᠩᠨᠠᠭᠰᠠᠨ ᠳ᠋ᠤ᠌᠂ ᠰᠢᠨᠠᠯᠠᠮ᠎ᠠ ᠨᠠᠷᠠᠨᠭᠡᠷᠡᠯ ᠬᠠᠲᠤᠨ ᠢ᠋ ᠠᠷᠢᠯᠭᠠᠵᠤ ᠦᠦᠰᠢᠨ ᠬᠤᠰᠢᠭᠤᠨ ᠤ᠋ ᠣᠯᠠᠩᠬᠢ ᠬᠥᠮᠦᠰ ᠦ᠋ᠨ ᠬᠣᠷᠣᠰᠤᠯ ᠢ᠋  ᠲᠠᠢᠯᠬᠤ ᠪᠠᠷ ᠵᠣᠷᠢᠵᠠᠢ᠃ ᠭᠡᠪᠡᠴᠦ ᠡᠨᠡ ᠤᠴᠢᠷ ᠢ᠋ ᠲᠠᠰᠤ ᠨᠢᠭᠤᠴᠠ ᠪᠠᠷ ᠬᠢᠬᠦ ᠬᠡᠷᠡᠭᠲᠡᠢ ᠪᠠᠢᠵᠠᠢ᠃
       1916 ᠣᠨ ᠳ᠋ᠤ᠌ ᠤᠯᠠᠭᠠᠨᠴᠠᠪ ᠤ᠋ᠨ ᠯᠦ᠍ ᠵᠠᠨ ᠺᠦᠢ(卢占魁) ᠶ᠋ᠢᠨ ᠲᠦᠮᠡᠨ ᠳ᠋ᠤᠯᠢ(ᠦᠦᠰᠢᠨᠴᠦᠳ ᠲᠦᠮᠡᠨ ᠳ᠋ᠤᠯᠢ ᠭᠡᠵᠦ ᠬᠡᠯᠡᠳᠡᠭ᠂ ᠦᠨᠡᠨ ᠳ᠋ᠡᠭᠡᠨ ᠲᠦᠮᠡ ᠪᠠᠢᠭᠰᠠᠨ ᠡᠰᠡᠬᠦ ᠶ᠋ᠢ ᠪᠦᠦ ᠮᠡᠳᠡ)ᠦᠦᠰᠢᠨ ᠬᠣᠰᠢᠭᠤ ᠪᠠᠷ ᠥᠩᠭᠡᠷᠡᠨ ᠭᠠᠷᠬᠤ ᠳ᠋ᠠᠭᠠᠨ ᠬᠡᠳᠦᠨ ᠰᠠᠷ᠎ᠠ ᠴᠤᠪᠤᠷᠠᠵᠤ ᠶᠡᠬᠡ ᠪᠡᠷ ᠳᠡᠭᠡᠷᠡᠮᠳᠡᠭᠰᠡᠨ ᠪᠠᠢᠵᠠᠢ᠃ ᠰᠢᠨᠡᠯᠡᠮ᠎ᠡ ᠨᠠᠷᠠᠨᠭᠡᠷᠡᠯ ᠬᠠᠲᠤᠨ ᠢ᠋ ᠰᠢᠢᠳᠬᠡᠬᠦ ᠳ᠋ᠦ᠍ ᠡᠨᠡ ᠬᠦ᠌ ᠳ᠋ᠤᠯᠢ ᠶ᠋ᠢᠨ ᠮᠥᠷ ᠢ᠋ ᠳᠠᠭᠠᠭᠤᠯᠵᠤ ᠰᠢᠢᠳᠪᠦᠷᠢᠯᠡᠬᠦ ᠪᠡᠷ ᠤᠷᠠᠨ ᠠᠷᠭ᠎ᠠ ᠪᠣᠳᠣᠵᠤ᠂ ᠪᠠᠷᠠᠭᠤᠨ ᠬᠦᠩ ᠴᠣᠭᠲᠣᠸᠴᠢᠷ ᠪᠣᠯᠤᠨ ᠴᠠᠭᠳᠤᠷᠰᠡᠷᠡᠩ ᠦ᠋ᠨ ᠵᠥᠷᠢᠴᠡᠯ ᠢ᠋ ᠠᠰᠢᠭᠯᠠᠨ᠂ ᠴᠣᠭᠲᠣᠸᠴᠢᠷ ᠤ᠋ᠨ ᠨᠢᠭᠤᠴᠠ ᠳᠣᠬᠢᠯᠲᠠ ᠶ᠋ᠢ ᠣᠯᠵᠤ ᠪᠠᠷᠠᠭᠤᠨ ᠬᠦᠩ ᠴᠣᠭᠲᠣᠸᠴᠢᠷ ᠪᠣᠯᠤᠨ ᠬᠣᠰᠢᠭᠤ ᠵᠠᠰᠠᠭ ᠨᠣᠶᠠᠨ ᠴᠠᠭᠳᠤᠷᠰᠡᠷᠡᠩ ᠬᠣᠶᠠᠭᠤᠯᠠ ᠶ᠋ᠢᠨ ᠵᠥᠷᠢᠴᠡᠯ ᠮᠥᠷᠭᠥᠯᠳᠦᠭᠡᠨ ᠢ᠋ ᠴᠢᠳᠠᠮᠠᠭᠠᠢ ᠠᠰᠢᠭᠯᠠᠵᠤ ᠪᠠᠢᠭᠠᠳ ᠨᠠᠷᠠᠨᠭᠡᠷᠡᠯ ᠬᠠᠲᠤᠨ ᠢ᠋ ᠰᠢᠢᠳᠬᠡᠬᠦ ᠠᠵᠢᠯ ᠢ᠋ᠶ᠋ᠠᠨ ᠭᠠᠷᠳᠠᠵᠠᠢ᠃ 
       ᠰᠢᠨᠡᠯᠡᠮ᠎ᠡ ᠲᠤᠬᠠᠢ ᠶ᠋ᠢᠨ ᠦᠶ᠎ᠡ ᠳ᠋ᠦ᠍ ᠯᠦ᠍ ᠵᠠᠨ ᠺᠦᠢ ᠶ᠋ᠢᠨ ᠳ᠋ᠤᠯᠢ ᠨᠦᠬᠡᠨᠰᠦᠮ᠎ᠡ(ᠥᠨᠥ ᠶ᠋ᠢᠨ ᠦᠦᠰᠢᠨ ᠬᠤᠰᠢᠭᠤᠨ ᠤ᠋ ᠦᠦᠰᠢᠨᠵᠤᠤ ᠰᠤᠮᠤᠨ ᠤ᠋ ᠪᠦᠷᠢᠳᠦ ᠭᠠᠴᠠᠭᠠᠨ ᠤ᠋ ᠭᠠᠵᠠᠷ ᠲᠤ᠌ ᠪᠠᠢᠵᠠᠢ) ᠣᠷᠴᠢᠮ ᠢ᠋ᠶ᠋ᠠᠷ ᠥᠩᠭᠡᠷᠡᠬᠦ ᠴᠠᠭ ᠲᠣᠬᠢᠶᠠᠯ ᠢ᠋ ᠵᠠᠪᠳᠤᠵᠤ ᠵᠢᠶᠦ᠋ᠨ ᠸᠠᠩ ᠤ᠋ᠨ ᠬᠤᠰᠢᠭᠤᠨ(ᠥᠨᠥ ᠶ᠋ᠢᠨ ᠡᠵᠡᠨ ᠬᠣᠷᠣᠭ᠎ᠠ) ᠠ᠋ᠴᠠ ᠦᠦᠰᠢᠨ ᠬᠤᠰᠢᠭᠤᠨ ᠤ᠋ ᠭᠠᠯᠠᠭᠤᠲᠤ ᠶ᠋ᠢᠨ ᠪᠤᠵᠠᠢ ᠨᠠᠭᠤᠷ ᠲᠤ᠌ ᠡᠬᠡ ᠲᠡᠢ ᠪᠡᠨ ᠬᠣᠶᠠᠭᠤᠯᠠ ᠢᠷᠡᠵᠦ ᠨᠤᠲᠤᠭᠰᠢᠨ ᠰᠠᠭᠤᠭᠰᠠᠨᠨ ᠬᠤᠢ ᠬᠦᠢ(灰鬼) ᠴᠣᠭᠳᠥ᠋ᠭᠦᠷᠡᠩ ᠢ᠋ ᠠᠰᠢᠭᠯᠠᠬᠤ ᠪᠠᠷ ᠪᠣᠯᠪᠠ᠃ ᠲᠡᠷᠡ ᠪᠣᠯ ᠶᠠᠭᠤᠨ ᠠ᠋ᠴᠠ ᠴᠤ᠌ ᠠᠶᠤᠳᠠᠭ ᠦᠭᠡᠢ ᠮᠥᠷᠲᠡᠭᠡᠨ ᠣᠷᠬᠢᠭ᠎ᠠ ᠵᠠᠩ ᠲᠠᠢ᠂ ᠬᠦᠴᠦ ᠲᠤᠷᠪᠢ ᠲᠠᠢ ᠪᠤᠵᠠᠭᠠᠢ ᠡᠷ᠎ᠡ ᠪᠠᠢᠵᠤ᠂ ᠰᠢᠨᠡᠯᠡᠮ᠎ᠡ ᠲᠡᠭᠦᠨ ᠳ᠋ᠦ᠍᠄《ᠴᠢ ᠨᠠᠷᠠᠨᠭᠡᠷᠡᠯ ᠬᠠᠲᠤᠨ ᠢ᠋ ᠲᠣᠨᠢᠯᠭᠠᠴᠢᠬᠠᠪᠠᠯ ᠴᠢᠮᠠᠲᠤ ᠨᠢᠭᠡ ᠵᠠᠭᠤᠨ ᠴᠠᠭᠠᠨ ᠲᠥᠭᠥᠷᠢᠭ ᠥᠭᠭᠦᠶ᠎ᠡ!  ᠴᠢᠮᠠᠢᠢ ᠳ᠋ᠤ᠌ ᠬᠠᠪᠰᠤᠷᠬᠤ ᠪᠠᠷ ᠮᠠᠨᠳᠠ᠂ ᠲᠦᠪᠰᠢᠨ ᠵᠡᠷᠭᠡ ᠠᠷᠪᠠᠭᠠᠳ ᠰᠠᠢᠨ ᠴᠡᠷᠢᠭ ᠥᠭᠴᠦ ᠶᠠᠪᠤᠭᠤᠯᠤᠶ᠎ᠠ》 ᠭᠡᠵᠡᠢ᠃《ᠨᠢᠳᠦ ᠤᠯᠠᠭᠠᠨ ᠮᠥᠩᠭᠥ ᠴᠠᠭᠠᠨ》 ᠭᠡᠳᠡᠭ ᠢ᠋ᠶ᠋ᠡᠷ ᠲᠡᠷᠡ ᠰᠣᠨᠣᠰᠤᠮᠠᠭᠴᠠ ᠪᠠᠶᠠᠷᠯᠠᠭᠠᠳ ᠠᠷᠪᠠᠭᠠᠳ ᠴᠡᠷᠢᠭ ᠲᠡᠢ ᠰᠥᠨᠢ ᠪᠡᠷ ᠶᠠᠪᠤᠭᠠᠳ ᠴᠠᠭᠠᠨᠰᠥ᠋ᠮ᠎ᠡ ᠳ᠋ᠦ᠍ ᠬᠦᠷᠴᠦ ᠪᠠᠢᠳᠠᠯ ᠢ᠋ ᠰᠡᠮᠡᠷᠬᠡᠨ ᠣᠢᠯᠠᠭᠠᠵᠤ ᠳᠠᠷᠠᠭ᠎ᠠ ᠰᠥᠨᠢ ᠶ᠋ᠢᠨ ᠬᠠᠷᠠᠩᠭᠤᠢ ᠪᠠᠷ ᠭᠠᠷ ᠬᠥᠳᠡᠯᠬᠦ ᠪᠡᠷ ᠪᠡᠯᠡᠳᠬᠡᠯ᠎ᠡ᠃ ᠴᠠᠭᠳᠤᠷᠰᠡᠷᠡᠩ᠂ ᠨᠠᠷᠠᠨᠭᠡᠷᠡᠯ ᠨᠠᠷ ᠴᠠᠭᠠᠨᠰᠥ᠋ᠮ᠎ᠡ ᠶ᠋ᠢᠨ ᠪᠠᠷᠠᠭᠤᠨ ᠬᠣᠢᠨ᠎ᠠ ᠠᠷᠪᠠᠭᠠᠳ ᠺᠢᠯᠣᠮᠧᠲ᠋ᠷ ᠵᠠᠢᠲᠠᠢ ᠪᠠᠢᠭ᠎ᠠ ᠪᠦᠷᠢᠳᠦ ᠶ᠋ᠢᠨ ᠡᠩᠭᠡᠷ ᠲᠡᠬᠢ ᠦᠦᠰᠢᠨ ᠨᠣᠶᠠᠨ ᠱᠠᠩ ᠤ᠋ᠨ ᠵᠠᠷᠤᠴᠠ ᠡᠷᠦᠬᠡ ᠭᠢᠪᠢᠮᠢᠳᠤᠭ ᠤ᠋ᠨ ᠭᠡᠷ ᠲᠦ᠍ ᠠᠮᠠᠷᠠᠵᠤ ᠰᠠᠭᠤᠵᠤ ᠪᠠᠢᠵᠠᠢ᠃  
       ᠳᠠᠷᠠᠭ᠎ᠠ ᠰᠥᠨᠢ ᠨᠢ ᠮᠠᠨᠳᠠ᠂ ᠲᠦᠪᠰᠢᠨ᠂ ᠳᠦᠭᠦᠷᠡᠩ ᠵᠡᠷᠭᠡ ᠬᠥᠮᠦᠰ ᠦᠳᠡᠰᠢ ᠶ᠋ᠢᠨ ᠪᠦᠷᠦᠢ ᠪᠡᠷ  ᠯᠦ᠍ ᠵᠠᠨ ᠺᠦᠢ ᠶ᠋ᠢᠨ  ᠳ᠋ᠤᠯᠢ ᠶ᠋ᠢᠨ ᠶᠠᠪᠤᠭᠰᠠᠨ ᠮᠥᠷ ᠢ᠋ ᠳᠠᠭᠠᠵᠤ ᠭᠢᠪᠢᠮᠢᠳᠤᠭ ᠤ᠋ᠨ ᠭᠡᠷ ᠦ᠋ᠨ ᠣᠢᠷᠠᠬᠠᠨ ᠬᠦᠷᠴᠦ  ᠳ᠋ᠤᠯᠢ ᠶ᠋ᠢᠨ ᠦᠷᠭᠦᠯᠵᠢᠯᠡᠨ ᠴᠤᠪᠤᠵᠤ ᠶᠠᠪᠤᠵᠤ ᠪᠠᠢᠭ᠎ᠠ ᠡᠰᠡᠬᠦ ᠪᠠ ᠬᠢᠪᠢᠮᠢᠳᠤᠭ ᠤ᠋ᠨ ᠭᠡᠷ ᠦ᠋ᠨ ᠭᠠᠳᠠᠨ᠎ᠠ ᠳᠣᠲᠣᠷᠠᠬᠢ ᠪᠠᠢᠳᠠᠯ ᠢ᠋ ᠰᠡᠮᠬᠡᠨ ᠳᠠᠩᠨᠠᠪᠠ᠃ ᠯᠦ᠍ ᠵᠠᠨ ᠺᠦᠢ ᠶ᠋ᠢᠨ  ᠳ᠋ᠤᠯᠢ ᠦᠷᠭᠦᠯᠵᠢᠯᠡᠨ ᠶᠠᠪᠤᠵᠤ ᠪᠠᠢᠵᠠᠢ᠃ 
       ᠲᠤᠰ ᠰᠥᠨᠢ ᠶ᠋ᠢᠨ ᠭᠣᠣᠯ ᠵᠢᠯᠣᠭᠣᠳᠤᠭᠴᠢ ᠪᠣᠯ ᠰᠢᠨᠠᠯᠠᠮ᠎ᠠ ᠶ᠋ᠢᠨ ᠨᠢᠭᠤᠴᠠ ᠪᠠᠷ ᠲᠣᠮᠢᠯᠠᠭᠰᠠᠨ ᠮᠠᠨᠳᠠ ᠪᠣᠯᠤᠨ᠎ᠠ᠃ ᠲᠤᠰ ᠠᠢᠯ ᠤ᠋ᠨ ᠬᠢᠨ ᠨᠡᠯᠢᠶᠡᠳ ᠡᠷᠲᠡ ᠰᠢᠭ ᠤᠨᠲᠠᠵᠤ ᠠᠮᠠᠷᠠᠭᠠᠳ ᠴᠠᠭᠳᠤᠷᠰᠡᠷᠡᠩ ᠨᠠᠷᠠᠨᠭᠡᠷᠡᠯ ᠬᠣᠢᠲᠤ ᠭᠡᠷ ᠦ᠋ᠨ ᠪᠠᠷᠠᠭᠤᠨ  ᠬᠠᠨᠵᠤᠨ ᠳ᠋ᠤ᠌ ᠨᠣᠢᠷᠰᠤᠵᠤ᠂ ᠵᠠᠷᠤᠴᠠ ᠪᠣᠯᠤᠨ ᠪᠤᠰᠤᠳ ᠬᠥᠮᠦᠰ ᠥᠭᠡᠷ᠎ᠡ ᠭᠡᠷ ᠦ᠋ᠳ ᠲᠦ᠍ ᠤᠨᠲᠠᠭᠰᠠᠨ ᠪᠠᠢᠵᠠᠢ᠃ ᠰᠥᠨᠢ ᠶ᠋ᠢᠨ ᠭᠦᠨ ᠪᠣᠯᠬᠤ ᠳ᠋ᠤ᠌ ᠲᠡᠳᠡᠭᠡᠷ ᠴᠡᠷᠢᠭ ᠦ᠋ᠳ ᠭᠠᠷ ᠬᠥᠳᠡᠯᠬᠦ ᠪᠡᠷ ᠠᠵᠢᠯ ᠬᠤᠪᠢᠶᠠᠷᠢᠯᠠᠯ᠎ᠠ᠃  
      1. ᠭᠤᠷᠪᠠᠨ ᠴᠡᠷᠢᠭ ᠫᠤᠤ ᠳ᠋ᠠᠭᠠᠨ ᠰᠤᠮᠤ ᠳᠠᠷᠤᠵᠤ ᠭᠤᠷᠪᠠᠨ ᠭᠡᠷ ᠦ᠋ᠨ ᠡᠭᠦᠳᠡ ᠴᠣᠩᠬᠣ ᠶ᠋ᠢ ᠰᠠᠬᠢᠵᠤ   ᠭᠠᠳᠠᠭᠰᠢ ᠬᠥᠮᠦᠨ ᠭᠠᠷᠭᠠᠬᠤ ᠦᠭᠡᠢ᠂ ᠭᠠᠷᠪᠠᠯ ᠫᠤᠤᠳᠠᠵᠤ ᠠᠯᠠᠨ᠎ᠠ᠃ 
      2. ᠨᠢᠭᠡ ᠨᠢ ᠭᠡᠷ ᠦ᠋ᠨ ᠣᠢᠷᠠᠯᠴᠠᠭ᠎ᠠ ᠮᠣᠷᠢᠳ ᠢ᠋ᠶ᠋ᠠᠨ ᠪᠠᠷᠢᠵᠤ ᠭᠡᠨᠡᠳᠲᠡ ᠮᠣᠷᠳᠠᠬᠤ ᠳ᠋ᠤ᠌ ᠪᠡᠯᠡᠬᠡᠨ ᠪᠠᠢᠯᠭᠠᠨ᠎ᠠ᠃ 
      3. ᠴᠣᠭᠳᠦ᠋ᠭᠦᠷᠡᠩ ᠨᠢᠭᠡ ᠴᠡᠷᠢᠭ ᠳᠠᠭᠠᠭᠤᠯᠤᠨ ᠬᠣᠢᠲᠤ ᠶᠡᠬᠡ ᠭᠡᠷ ᠲᠦ᠍ ᠣᠷᠣᠵᠤ ᠨᠠᠷᠠᠨᠭᠡᠷᠡᠯ ᠢ᠋ ᠴᠢᠷᠴᠦ ᠠᠪᠴᠢᠷᠠᠨ᠎ᠠ᠃  
      4. ᠪᠤᠰᠤᠳ ᠳᠥᠷᠪᠡᠨ ᠴᠡᠷᠢᠭ ᠫᠤᠤ ᠶ᠋ᠢᠨ ᠢ᠋ᠶ᠋ᠡᠨ ᠠᠮᠠᠰᠠᠷ ᠲᠤ᠌ ᠲᠤᠰ ᠪᠦᠷᠢ ᠨᠢᠭᠡ ᠪᠠᠭᠴᠠ ᠰᠢᠷ᠎ᠠ ᠬᠦᠵᠢ ᠪᠣᠭᠣᠵᠤ ᠦᠵᠦᠭᠦᠷ ᠢ᠋ ᠨᠢ ᠨᠣᠴᠣᠭᠠᠨ ᠭᠡᠷ ᠦ᠋ᠨ ᠬᠦᠷᠢᠶᠡᠨ ᠳ᠋ᠦ᠍ ᠵᠡᠭᠦᠨᠰᠢ ᠪᠠᠷᠠᠭᠤᠨᠰᠢ ᠬᠥᠨᠳᠡᠯᠡᠨ ᠵᠥᠷᠢᠭᠦᠦ ᠡᠷᠭᠢᠴᠡᠵᠦ ᠬᠠᠰᠬᠢᠷᠤᠯᠳᠤᠨ ᠭᠡᠨᠡᠳᠲᠡ ᠶ᠋ᠢᠨ ᠶᠠᠪᠤᠳᠠᠯ ᠢ᠋ ᠠᠷᠭᠠᠴᠠᠭᠠᠨ᠎ᠠ᠃ 
      5. ᠴᠡᠷᠢᠭ ᠦ᠋ᠳ ᠬᠠᠷᠢᠯᠴᠠᠨ ᠬᠢᠲᠠᠳ ᠢ᠋ᠶ᠋ᠠᠷ ᠬᠡᠯᠡᠯᠴᠡᠵᠦ ᠬᠠᠷᠢᠶᠠᠯᠴᠠᠬᠤ ᠠ᠋ᠴᠠ ᠪᠢᠰᠢ ᠨᠢᠭᠡ ᠴᠦ᠍ ᠮᠣᠩᠭᠣᠯ ᠦᠭᠡ ᠬᠡᠯᠡᠵᠦ ᠪᠣᠯᠬᠤ ᠦᠭᠡᠢ᠂ ᠬᠥᠯ ᠳ᠋ᠡᠭᠡᠨ ᠪᠡᠯᠡᠳᠬᠡᠭᠰᠡᠨ ᠫᠠᠷᠢᠩ ᠱᠠᠬᠠᠢ ᠪᠠᠨ ᠡᠮᠦᠰᠦᠨ᠎ᠡ ᠭᠡᠵᠦ ᠶᠠᠷᠢᠯᠴᠠᠨ ᠲᠣᠭᠲᠠᠵᠠᠢ᠃ 
     《ᠮᠠᠨ ᠤ᠋ ᠨᠣᠶᠠᠨ ᠯᠦ᠍ ᠵᠠᠨ ᠺᠦᠢ᠂ ᠲᠠᠨᠤᠰ ᠢ᠋ ᠠᠮᠢᠳᠤ ᠪᠠᠷ ᠪᠠᠷᠢᠪᠴᠢᠯᠠᠵᠤ ᠠᠪᠴᠢᠷᠠ ᠭᠡᠵᠦ ᠪᠠᠢᠨ᠎ᠠ᠂ ᠲᠠᠨᠤᠰ ᠪᠤᠤ ᠬᠥᠳᠡᠯ! ᠬᠥᠳᠡᠯᠪᠡᠯ ᠪᠦᠭᠦᠳᠡ ᠶ᠋ᠢ ᠫᠤᠤᠳᠠᠵᠤ ᠠᠯᠠᠨ᠎ᠠ!》 ᠭᠡᠮᠡᠨ ᠬᠢᠲᠠᠳ ᠢ᠋ᠶ᠋ᠠᠷ ᠪᠠᠷᠬᠢᠷᠠᠯᠳᠤᠵᠤ᠂ ᠴᠤᠭᠳᠦ᠋ᠭᠦᠷᠡᠩ ᠨᠠᠷ ᠬᠣᠢᠲᠤ ᠭᠡᠷ ᠲᠦ᠍ ᠦᠰᠦᠷᠦᠨ ᠣᠷᠣᠪᠠ᠃ ᠲᠡᠳᠡ ᠴᠣᠩᠬᠣᠨ ᠤ᠋ ᠬᠠᠵᠠᠭᠤ ᠪᠠᠷ ᠤᠨᠲᠠᠵᠤ ᠪᠠᠢᠭᠰᠠᠨ ᠨᠠᠷᠠᠨᠭᠡᠷᠡᠯ ᠢ᠋ ᠲᠡᠳᠡᠨ ᠴᠢᠷᠦᠭᠰᠡᠭᠡᠷ ᠭᠡᠷ ᠦ᠋ᠨ ᠭᠠᠳᠠᠨᠠᠬᠢ ᠪᠤᠷᠭᠠᠰᠤᠨ ᠬᠦᠷᠢᠶᠡᠨ ᠦ᠌ ᠭᠣᠣᠯ ᠡᠭᠦᠳᠡᠨ ᠪᠣᠱᠣᠭ᠎ᠠ ᠪᠠᠷ ᠭᠠᠷᠬᠤ ᠳ᠋ᠤ᠌᠂ ᠨᠠᠷᠠᠨᠭᠡᠷᠡᠯ ᠠᠮᠢ ᠠᠪᠤᠷᠠ ᠭᠡᠮᠡᠨ ᠪᠠᠷᠬᠢᠷᠠᠵᠤ ᠤᠬᠢᠯᠠᠭᠰᠠᠭᠠᠷ ᠡᠭᠦᠳᠡᠨ ᠬᠠᠲᠠᠪᠴᠢ ᠠ᠋ᠴᠠ ᠪᠠᠷᠢᠭᠠᠳ ᠲᠠᠯᠪᠢᠬᠤ ᠦᠭᠡᠢ ᠪᠠᠢᠯ᠎ᠠ᠃ ᠴᠣᠭᠳᠦᠢ᠍ᠭᠦᠷᠡᠩ ᠰᠠᠨᠳᠤᠷᠬᠤ ᠳ᠋ᠠᠭᠠᠨ ᠭᠠᠷ ᠫᠤᠤ ᠪᠠᠷ ᠲᠡᠭᠦᠨ ᠢ᠋ ᠳᠣᠣᠷ᠎ᠠ ᠨᠢ ᠫᠤᠤᠳᠠᠨ ᠠᠯᠠᠵᠤ᠂ ᠴᠡᠷᠢᠭ ᠲᠡᠢ ᠪᠡᠨ ᠮᠣᠷᠢᠳ ᠢ᠋ᠶ᠋ᠠᠨ ᠤᠨᠤᠭᠠᠳ ᠭᠢᠪᠢᠮᠢᠳᠤᠭ ᠤ᠋ᠨ ᠭᠡᠷ ᠦ᠋ᠨ ᠠᠷᠤ ᠪᠠᠷ ᠯᠦ᠍ ᠵᠠᠨ ᠺᠦᠢ ᠶ᠋ᠢᠨ ᠳ᠋ᠤᠯᠢ ᠶᠠᠪᠤᠭ᠎ᠠ ᠵᠠᠮ ᠮᠥᠷ ᠢ᠋ ᠳᠠᠭᠠᠵᠤ ᠪᠠᠷᠠᠭᠤᠨᠰᠢ ᠶᠠᠪᠤᠯ᠎ᠠ᠃ ᠲᠡᠳᠡ ᠤᠤᠯ ᠨᠢ ᠨᠠᠷᠠᠨᠭᠡᠷᠡᠯ ᠢ᠋ ᠠᠮᠢᠳᠤ ᠪᠠᠷ ᠪᠠᠷᠢᠵᠤ ᠶᠠᠪᠤᠭᠠᠳ ᠪᠠᠯᠠᠷ ᠲᠤ᠌ ᠫᠤᠤᠳᠠᠵᠤ ᠠᠯᠠᠭᠠᠳ ᠲᠡᠨᠳᠡ ᠨᠢ ᠪᠤᠯᠠᠬᠤ ᠪᠠᠷ ᠲᠥᠯᠥᠪᠯᠡᠵᠦ ᠪᠠᠢᠭᠰᠠᠨ ᠭᠡᠨ᠎ᠡ᠃ ᠭᠢᠪᠢᠮᠢᠳᠤᠭ ᠤ᠋ᠨ ᠬᠢᠨ ᠨᠠᠷᠠᠨᠭᠡᠷᠡᠯ ᠬᠠᠲᠤᠨ ᠢ᠋ ᠯᠦ᠍ ᠵᠠᠨ ᠺᠦᠢ ᠶ᠋ᠢᠨ ᠳ᠋ᠤᠯᠢ  ᠢᠷᠡᠭᠡᠳ ᠠᠯᠠᠴᠢᠬᠠᠯ᠎ᠠ ᠭᠡᠮᠡᠨ ᠲᠠᠭᠠᠮᠠᠭᠯᠠᠵᠤ ᠪᠠᠢᠯ᠎ᠠ᠃  
       ᠴᠣᠭᠳᠦᠢ᠍ᠭᠦᠷᠡᠩ ᠨᠠᠷ ᠳ᠋ᠤᠯᠢ ᠶ᠋ᠢᠨ ᠶᠠᠪᠤᠭ᠎ᠠ ᠴᠡᠷᠢᠭ ᠦ᠋ᠨ ᠮᠥᠷ ᠢ᠋ ᠳᠠᠭᠠᠨ ᠨᠡᠯᠢᠶᠡᠳ ᠬᠣᠯᠠ ᠶᠠᠪᠤᠭᠰᠠᠨ ᠤ᠋ ᠳᠠᠷᠠᠭ᠎ᠠ ᠤᠴᠢᠷ ᠶᠠᠪᠤᠳᠠᠯ ᠤᠷᠤᠭᠰᠢᠲᠠᠢ ᠪᠦᠲᠦᠯ᠎ᠡ ᠭᠡᠮᠡᠨ ᠣᠮᠣᠭᠰᠢᠨ ᠪᠠᠶᠠᠷᠯᠠᠵᠠᠭᠠᠵᠤ ᠣᠷᠳᠣᠰ ᠠᠷᠠᠳ ᠤ᠋ᠨ ᠤᠷᠲᠤ ᠶ᠋ᠢᠨ ᠳᠠᠭᠤᠤ ᠪᠠᠨ ᠬᠠᠩᠭᠢᠨᠠᠭᠤᠯᠤᠨ ᠶᠠᠪᠤᠵᠠᠭᠠᠨ᠎ᠠ᠃ ᠡᠨᠡ ᠬᠦ᠌ ᠰᠥᠨᠢ ᠶ᠋ᠢᠨ ᠭᠦᠨ ᠦ᠌ ᠮᠣᠩᠭᠣᠯ ᠳᠠᠭᠤᠤ ᠶ᠋ᠢᠨ ᠬᠠᠩᠭᠢᠷᠭ᠎ᠠ ᠴᠤᠤᠷᠢᠶ᠎ᠠ ᠨᠢ ᠬᠢᠪᠢᠮᠢᠳᠤᠭ ᠤ᠋ᠨ ᠭᠠᠳᠠᠨ᠎ᠠ ᠶᠠᠪᠤᠭ᠎ᠠ ᠠᠯᠢ ᠨᠢᠭᠡᠨ  ᠳ᠋ᠦ᠍ᠨᠢ ᠪᠦᠦᠷ ᠲᠦᠦᠷ  ᠳᠤᠭᠤᠯᠳᠠᠭᠳᠠᠵᠤ ᠨᠠᠷᠠᠨᠭᠡᠷᠡᠯ ᠢ᠋ ᠠᠯᠠᠭᠰᠠᠨ ᠬᠥᠮᠦᠰ ᠬᠢᠲᠠᠳ  ᠳ᠋ᠤᠯᠢ ᠪᠢᠰᠢ ᠪᠠᠷᠤᠭ ᠮᠣᠩᠭᠣᠯᠴᠤᠳ ᠪᠠᠢᠵᠤ ᠮᠠᠭᠠᠳ ᠦᠭᠡᠢ ᠭᠡᠰᠡᠨ ᠰᠡᠵᠢᠭ ᠲᠥᠷᠥᠭᠦᠯᠵᠡᠢ᠃ 
       ᠭᠡᠪᠡᠴᠦ ᠲᠤᠬᠠᠢ ᠶ᠋ᠢᠨ ᠦᠶ᠎ᠡ ᠳ᠋ᠦ᠍ ᠨᠠᠷᠠᠨᠭᠡᠷᠡᠯ ᠢ᠋ ᠯᠦ᠍ ᠵᠠᠨ ᠺᠦᠢ ᠶ᠋ᠢᠨ ᠲᠦᠮᠡᠨ ᠳ᠋ᠤᠯᠢ ᠬᠣᠣᠷᠯᠠᠵᠠᠢ ᠭᠡᠰᠡᠨ ᠴᠤᠤᠷᠬᠠᠯ ᠦᠭᠡ ᠲᠠᠷᠬᠠᠭᠰᠠᠨ ᠪᠠᠢᠨ᠎ᠠ᠃ ᠲᠦᠷᠦᠭᠦᠬᠡᠨ ᠵᠡᠷᠭᠡ ᠪᠡᠨ ᠠᠪᠤᠭᠤᠯᠤᠭᠰᠠᠨ ᠴᠠᠭᠳᠤᠷᠰᠡᠷᠡᠩ᠂ ᠠᠬᠠᠮᠠᠳ ᠬᠥᠪᠡᠭᠦᠨ ᠲᠡᠭᠦᠰᠠᠠᠮᠤᠭᠤᠯᠠᠩ ᠤ᠋ᠨ ᠭᠠᠵᠠᠷ ᠠ᠋ᠴᠠ ᠬᠣᠰᠢᠭᠤ ᠵᠠᠰᠠᠭ ᠲᠠᠮᠠᠭ᠎ᠠ ᠪᠠᠨ ᠪᠤᠯᠢᠶᠠᠵᠤ ᠠᠪᠤᠭᠠᠳ ᠨᠠᠷᠠᠨᠭᠡᠷᠡᠯ ᠲᠡᠢ ᠬᠣᠶᠠᠭᠤᠯᠠ ᠬᠢᠪᠢᠮᠢᠳᠤᠭ ᠤ᠋ᠨ ᠳ᠋ᠤ᠌ ᠠᠮᠠᠷᠠᠵᠤ ᠰᠠᠭᠤᠵᠤ ᠪᠠᠢᠭᠠᠳ ᠯᠦ᠍ ᠵᠠᠨ ᠺᠦᠢ ᠶ᠋ᠢᠨ ᠳ᠋ᠤᠯᠢ ᠶ᠋ᠢᠨ ᠮᠥᠷ ᠢ᠋ ᠳᠠᠭᠠᠨ ᠲᠠᠮᠠᠭ᠎ᠠ ᠪᠠᠨ ᠠᠪᠴᠤ ᠳᠤᠲᠠᠭᠠᠨ ᠬᠠᠯᠬ᠎ᠠ ᠮᠣᠩᠭᠣᠯ ᠳ᠋ᠤ᠌ ᠣᠴᠢᠵᠤ ᠵᠢᠪᠽᠤᠨᠳᠠᠮᠪᠠ ᠬᠤᠲᠤᠭᠲᠤ ᠲᠠᠢ ᠨᠡᠢᠯᠡᠬᠦ ᠪᠡᠷ ᠪᠣᠳᠣᠭᠰᠠᠨ ᠪᠣᠳᠣᠯ ᠨᠢ ᠪᠦᠷᠢᠮᠦᠰᠦᠨ ᠰᠠᠭᠠᠷᠠᠵᠤ ᠤᠬᠢᠯᠠᠨ ᠵᠣᠪᠠᠵᠤ ᠪᠠᠢᠭ᠎ᠠ ᠦᠶᠡᠰ ᠲᠦ᠍᠂ ᠰᠢᠨᠡᠯᠡᠮ᠎ᠡ ᠤᠷᠠᠨ ᠠᠷᠭ᠎ᠠ ᠵᠠᠷᠤᠵᠤ ᠨᠣᠶᠠᠨ ᠱᠠᠩ ᠳᠡᠭᠡᠷ᠎ᠡ ᠣᠴᠢᠵᠤ ᠬᠣᠰᠢᠭᠤ ᠮᠡᠢᠷᠡᠨ ᠰᠠᠢᠨᠴᠣᠭᠲᠣ ᠳ᠋ᠤ᠌᠄《ᠰᠠᠶᠢᠬᠢ ᠨᠠᠷᠠᠨᠭᠡᠷᠡᠯ ᠬᠠᠲᠤᠨ ᠢ᠋ ᠳ᠋ᠤᠯᠢ ᠢᠷᠡᠵᠦ ᠠᠯᠠᠴᠢᠬᠠᠵᠠᠢ ᠭᠡᠨ᠎ᠡ᠂ ᠬᠣᠰᠢᠭᠤ ᠵᠠᠰᠠᠭ ᠤ᠋ᠨ ᠲᠠᠮᠠᠭ᠎ᠠ ᠶ᠋ᠢ ᠳ᠋ᠤᠯᠢ ᠪᠤᠯᠢᠶᠠᠵᠤ ᠠᠪᠤᠭᠠᠳ ᠶᠠᠪᠤᠴᠢᠬᠠᠭᠰᠠᠨ ᠪᠢᠰᠢ ᠪᠠ? ᠢᠩᠭᠢᠪᠡᠯ ᠦᠦᠰᠢᠨ ᠬᠣᠰᠢᠭᠤ ᠵᠠᠰᠠᠭ ᠲᠠᠮᠠᠭ᠎ᠠ ᠴᠤ᠌ ᠦᠭᠡᠢ ᠬᠣᠰᠢᠭᠤ ᠪᠣᠯᠴᠢᠬᠠᠬᠤ ᠪᠢᠰᠢ ᠤᠤ?》 ᠭᠡᠪᠡ᠃ ᠰᠠᠢᠨᠴᠣᠭᠲᠣ ᠮᠡᠢᠷᠡᠨ ᠰᠠᠨᠳᠤᠷᠴᠤ ᠪᠤᠰᠤᠳ ᠲᠤᠰᠢᠶᠠᠯᠲᠠᠳ ᠢ᠋ᠶ᠋ᠠᠨ ᠳᠠᠭᠠᠭᠤᠯᠤᠨ ᠴᠠᠭᠳᠤᠷᠰᠡᠷᠡᠩ ᠢ᠋ ᠠᠢᠯᠠᠳᠬᠠᠨ ᠲᠣᠬᠣᠨᠢᠭᠤᠯᠬᠤ ᠨᠡᠷ᠎ᠡ ᠪᠡᠷ ᠬᠢᠪᠢᠮᠢᠳᠤᠭ ᠤ᠋ᠨ ᠳ᠋ᠤ᠌ ᠣᠴᠢᠵᠤ ᠬᠣᠶᠠᠷ ᠬᠣᠨᠣᠭᠠᠳ ᠬᠣᠰᠢᠭᠤ ᠵᠠᠰᠠᠭ ᠲᠠᠮᠠᠭ᠎ᠠ ᠪᠠᠨ ᠠᠪᠴᠢᠷᠠᠵᠤ ᠪᠢᠴᠢᠬᠠᠨ ᠸᠠᠩ ᠲᠡᠭᠦᠰᠠᠠᠮᠤᠭᠤᠯᠠᠩ ᠳ᠋ᠤ᠌ ᠲᠤᠰᠢᠶᠠᠨ ᠱᠠᠩ ᠣᠷᠳᠣᠨ ᠳ᠋ᠤ᠌ ᠬᠠᠳᠠᠭᠠᠯᠠᠭᠰᠠᠨ ᠭᠡᠨ᠎ᠡ᠃  


       ᠵᠠᠷᠢᠮ ᠵᠣᠬᠢᠶᠠᠯ ᠳ᠋ᠤ᠌ ᠬᠠᠲᠤᠨ ᠨᠠᠷᠠᠨᠭᠡᠷᠡᠯ ᠢ᠋ ᠠᠯᠠᠭᠰᠠᠨ ᠶᠠᠪᠤᠳᠠᠯ ᠪᠠ ᠴᠠᠭᠳᠤᠷᠰᠡᠷᠡᠩ ᠡᠴᠡ ᠬᠣᠰᠢᠭᠤ ᠲᠠᠮᠠᠭ᠎ᠠ ᠶ᠋ᠢ ᠪᠤᠯᠢᠶᠠᠭᠰᠠᠨ ᠶᠠᠪᠤᠳᠠᠯ ᠢ᠋ ᠨᠢᠭᠡ ᠤᠳᠠᠭ᠎ᠠ ᠳᠡᠭᠡᠷ᠎ᠡ ᠦᠢᠯᠡᠳᠦᠭᠰᠡᠨ ᠭᠡᠵᠦ ᠪᠢᠴᠢᠵᠦ ᠪᠠᠢᠳᠠᠭ᠃ ᠦᠨᠡᠨ ᠳ᠋ᠡᠭᠡᠨ ᠲᠡᠷᠡ ᠰᠥᠨᠢ ᠢᠩᠭᠢᠵᠦ ᠬᠢᠬᠦ ᠪᠣᠯᠤᠯᠴᠠᠭ᠎ᠠ ᠦᠭᠡᠢ ᠶᠦᠮ᠃ ᠤᠴᠢᠷ ᠨᠢ ᠬᠥᠮᠦᠨ ᠲᠣᠮᠢᠯᠠᠵᠤ ᠨᠠᠷᠠᠨᠭᠡᠷᠡᠯ ᠢ᠋ ᠠᠯᠠᠬᠤ ᠶᠠᠪᠤᠳᠠᠯ ᠪᠣᠯ ᠲᠤᠢᠯ ᠤ᠋ᠨ ᠨᠢᠭᠤᠴᠠ ᠮᠥᠷᠲᠡᠭᠡᠨ ᠯᠦ᠍ ᠵᠠᠨ ᠺᠦᠢ ᠶ᠋ᠢᠨ  ᠳ᠋ᠤᠯᠢ ᠪᠠᠷ ᠣᠪᠯᠠᠵᠤ ᠪᠤᠰᠢᠭᠤ ᠲᠦᠷᠭᠡᠨ ᠦᠢᠯᠡᠳᠬᠦ ᠴᠢᠬᠤᠯᠠᠲᠠᠢ ᠲᠤᠯᠠ ᠲᠠᠮᠠᠭ᠎ᠠ ᠡᠷᠢᠵᠦ ᠪᠤᠯᠢᠶᠠᠬᠤ ᠵᠠᠪ ᠴᠢᠯᠥᠭᠡ ᠪᠠᠢᠵᠤ ᠴᠢᠳᠠᠬᠤ ᠦᠭᠡᠢ ᠶᠦᠮ᠃ ᠡᠢᠮᠦ ᠡᠴᠡ ᠲᠠᠮᠠᠭ᠎ᠠ ᠶ᠋ᠢ ᠰᠢᠨᠠᠯᠠᠮ᠎ᠠ ᠠᠷᠭ᠎ᠠ ᠬᠡᠷᠡᠭᠯᠡᠵᠦ ᠴᠠᠭᠳᠤᠷᠰᠡᠷᠡᠩ ᠦ᠋ᠨ ᠬᠥᠮᠦᠰ ᠢ᠋ ᠲᠠᠯᠪᠢᠵᠤ ᠠᠪᠤᠭᠤᠯᠤᠭᠰᠠᠨ ᠨᠢ ᠪᠣᠳᠠᠲᠤ ᠪᠠᠢᠳᠠᠯ ᠲᠠᠢ ᠨᠡᠯᠢᠶᠡᠳ ᠨᠡᠢᠴᠡᠵᠦ ᠪᠠᠢᠭ᠎ᠠ ᠶᠤᠮ᠃①         

— — — — 
 ①  ᠲᠤᠰ ᠠᠭᠤᠯᠭ᠎ᠠ  ᠶ᠋ᠢ ᠦᠦᠰᠢᠨ ᠬᠤᠰᠢᠭᠤᠨ ᠤ᠋ ᠰᠠᠷᠠᠭᠤᠯᠨᠤᠲᠤᠭ ᠤ᠋ᠨ ᠥᠯᠵᠠᠢᠵᠠᠩᠭ᠎ᠠ ᠨᠠᠰᠤᠲᠠᠨ ᠪᠣᠯᠤᠨ ᠲᠡᠭᠦᠨ ᠦ᠌ ᠬᠥᠪᠡᠭᠦᠨ ᠵᠠᠮᠪᠠᠷᠬᠠᠪᠠ(ᠯᠢ ᠵᠢᠩ ᠱᠠᠨ)᠂ ᠦᠦᠰᠢᠨ ᠬᠤᠰᠢᠭᠤᠨ ᠤ᠋ ᠶᠡᠬᠡ ᠬᠦᠷᠢᠶ᠎ᠡ ᠶ᠋ᠢᠨ ᠪᠠᠲᠤᠷᠠᠪᠳᠠᠨ(ᠴᠢ ᠪᠤᠤ ᠴᠤᠸᠠᠨ)᠂ ᠴᠠᠭᠠᠨᠳᠦᠩ ᠨᠠᠰᠤᠲᠠᠨ ᠨᠠᠷ ᠤ᠋ᠨ ᠬᠡᠯᠡᠭᠰᠡᠨ ᠢ᠋ ᠡᠮᠬᠢᠳᠬᠡᠨ ᠨᠠᠢᠷᠠᠭᠤᠯᠪᠠ᠃ 

       ᠦᠰᠦᠭ ᠠᠮᠢᠯᠠᠭᠤᠯᠤᠭᠴᠢ᠄ ᠴᠡᠩᠬᠡᠯᠴᠡᠴᠡᠭ᠂ ᠰᠠᠷᠠᠨᠲᠤᠶᠠᠭ᠎ᠠ᠂ ᠣᠶᠤᠨᠪᠢᠯᠢᠭ᠌᠂ ᠴᠤᠯᠮᠤᠨᠭᠡᠷᠡᠯ 
          ᠬᠢᠨᠠᠭᠴᠢ᠄ ᠣᠳᠬᠣᠨᠴᠡᠴᠡᠭ᠂ ᠠᠯᠲᠠᠨᠱᠠ᠂ ᠲ· ᠬᠦᠮᠦᠵᠢᠯᠲᠦ᠂ ᠴᠤᠯᠮᠤᠨᠭᠡᠷᠡᠯ᠂ ᠴᠡᠩᠬᠡᠯᠴᠡᠴᠡᠭ᠂ ᠪᠠᠯ