ᠪᠣᠭᠣᠷᠴᠢ – ᠬᠤᠷᠽᠸᠮ ᠤ᠋ᠨ ᠳᠦᠯᠡᠢ ᠲᠩᠷᠢ - ᠴᠢᠩᠭᠢᠰ ᠬᠠᠭᠠᠨ ᠊ᠤ᠌ ᠨᠢᠭᠤᠴᠠ ᠲᠡᠦᠬᠡ 23 Боорчи – Хорземын дүлий тэнгэр - Чингис хаан оо нууц түүх 23
ᠪᠣᠭᠣᠷᠴᠢ –
ᠬᠤᠷᠽᠸᠮ ᠤ᠋ᠨ ᠳᠦᠯᠡᠢ ᠲᠩᠷᠢ
| ᠳᠡᠭᠡᠷ᠎ᠡ ᠬᠥᠬᠡᠷᠡᠭᠴᠢ ᠡᠴᠢᠭᠡ ᠲᠩᠷᠢ ᠮᠢᠨᠢ ᠭᠡᠵᠦ ᠰᠢᠪᠡᠨᠡᠪᠡ᠃ ᠡᠨᠡ ᠪᠣᠯ ᠲᠡᠭᠷᠢ ᠶ᠋ᠢ ᠰᠡᠷᠡᠭᠡᠨ ᠳᠠᠭᠤᠳᠠᠵᠤ ᠪᠣᠢ ᠬᠡᠷᠡᠭ ᠶᠦᠮ᠃ ᠠᠯᠤᠰ ᠤ᠋ᠨ ᠡᠭᠦᠯᠡᠰ ᠬᠤᠷᠳᠤᠨ ᠬᠤᠷᠳᠤᠨ ᠡᠷᠭᠢᠯᠳᠦᠨ ᠬᠤᠢᠯᠠᠷᠠᠵᠤ ᠠᠭᠤᠯᠠ ᠶ᠋ᠢᠨ ᠵᠦᠭ᠂ ᠴᠢᠩᠭᠢᠰ ᠬᠠᠭᠠᠨ ᠤ᠋ ᠵᠦᠭ ᠪᠥᠭᠡᠮᠨᠡᠷᠡᠨ ᠳᠥᠭᠥᠬᠦ ᠶ᠋ᠢ ᠲᠡᠷᠡ ᠦᠵᠡᠯ᠎ᠡ᠃ ᠪᠢᠲᠡᠭᠦᠦ ᠨᠦᠷᠭᠢᠬᠦ ᠳᠠᠭᠤ ᠰᠣᠨᠣᠰᠳᠠᠵᠤ ᠰᠠᠯᠬᠢ ᠶᠠᠭ ᠮᠣᠷᠢᠨ ᠬᠤᠭᠤᠷ ᠤ᠋ᠨ ᠠᠶᠠᠯᠭᠤ ᠰᠢᠭ᠋ ᠬᠡᠨ ᠨᠢᠭᠡᠨ ᠠᠮᠢᠰᠬᠤᠭ᠎ᠠ ᠰᠢᠬᠠᠨ ᠬᠥᠭᠡᠮᠡᠢᠯᠡᠬᠦ ᠰᠢᠭ ᠡᠭᠡᠰᠢᠭᠯᠡᠨ ᠦᠯᠢᠶᠡᠪᠡ᠃ ᠡᠨᠡ ᠪᠣᠯ ᠲᠡᠭᠷᠢ ᠲᠡᠭᠦᠨ ᠦ᠌ ᠦᠭᠡ ᠶ᠋ᠢ ᠰᠣᠨᠣᠰᠴᠤ ᠪᠠᠢᠭ᠎ᠠ ᠶ᠋ᠢ ᠢᠯᠡᠳᠬᠡᠨ᠎ᠡ᠃ ᠬᠣᠷᠽᠸᠮ ᠤ᠋ᠨ ᠲᠡᠭᠷᠢ ᠬᠢᠯᠢᠩᠨᠡᠨ ᠲᠡᠭᠦᠨ ᠦ᠌ ᠦᠭᠡ ᠶ᠋ᠢ ᠰᠣᠨᠣᠰᠬᠤ ᠦᠭᠡᠢ ᠪᠢᠵᠡ ᠭᠡᠵᠦ ᠴᠢᠩᠭᠢᠰ ᠬᠠᠭᠠᠨ ᠡᠮᠢᠶᠡᠵᠦ ᠪᠠᠢᠭᠰᠠᠨ ᠪᠢᠯᠡ᠃ ᠭᠡᠲᠡᠯ᠎ᠡ ᠡᠨᠡ ᠶᠢᠷᠲᠢᠨᠴᠦ ᠳ᠋ᠦ᠍ ᠲᠡᠭᠷᠢ ᠭᠠᠭᠴᠠ ᠪᠠᠢᠳᠠᠭ ᠢ᠋ ᠲᠡᠷᠡ ᠢᠩᠭᠢᠵᠦ ᠮᠡᠳᠡᠪᠡ᠃ ᠲᠡᠭᠷᠢ ᠭᠡᠳᠡᠭ ᠶᠢᠷᠲᠢᠨᠴᠦ ᠶ᠋ᠢ ᠲᠣᠯᠢᠳᠠᠭᠴᠢ ᠴᠣᠷ ᠤ᠋ᠨ ᠭᠠᠭᠴᠠ ᠮᠡᠯᠮᠡᠢ ᠪᠣᠯᠬᠤ ᠶ᠋ᠢ ᠴᠢᠩᠭᠢᠰ ᠬᠠᠭᠠᠨ ᠡᠨᠳᠡ ᠠᠩᠬ᠎ᠠ ᠤᠳᠠᠭ᠎ᠠ ᠪᠦᠷᠢᠨ ᠣᠢᠯᠠᠭᠠᠵᠠᠢ᠃ ᠲᠡᠢᠮᠦ ᠤᠴᠢᠷ ᠠ᠋ᠴᠠ ᠬᠠᠮᠢᠭ᠎ᠠ ᠴᠤ᠌ ᠪᠠᠢᠭᠰᠠᠨ ᠲᠡᠭᠷᠢ ᠨᠢᠭᠡ ᠪᠣᠯᠬᠤ ᠠᠵᠢ᠃ ᠭᠠᠭᠴᠠ ᠥᠪᠡᠷ ᠢ᠋ᠶ᠋ᠡᠨ ᠮᠡᠳᠡᠬᠦ ᠲᠡᠢᠮᠦ ᠨᠢᠭᠤᠴᠠ ᠪᠠᠨ ᠲᠡᠭᠷᠢ ᠲᠡᠢ ᠬᠤᠪᠢᠶᠠᠯᠴᠠᠬᠤ ᠭᠡᠵᠦ ᠬᠦᠰᠡᠭᠰᠡᠨ ᠴᠠᠭ ᠮᠥᠴᠡ ᠨᠢ ᠢᠷᠡᠵᠡᠢ᠃
ᠫᠸᠷᠸᠨᠨ ᠦ᠌ ᠬᠥᠨᠳᠡᠢ ᠳ᠋ᠦ᠍ ᠰᠠᠭᠤᠭᠰᠠᠭᠠᠷ ᠪᠠᠢᠭᠰᠠᠨ ᠨᠢ ᠵᠥᠪᠬᠡᠨ ᠵᠥᠴᠢ᠂ ᠰᠥᠪᠡᠭᠡᠳᠡᠢ᠂ ᠵᠡᠪᠡ ᠨᠠᠷ ᠤ᠋ᠨ ᠢᠷᠡᠬᠦ ᠶ᠋ᠢ ᠬᠦᠯᠢᠶᠡᠭᠰᠡᠨ ᠲᠡᠳᠦᠢ ᠪᠢᠰᠢ ᠪᠠᠢᠯ᠎ᠠ᠃ ᠬᠤᠯᠠᠨ ᠬᠠᠲᠤᠨ ᠤ᠋ ᠭᠡᠨᠡᠳᠲᠡ ᠶ᠋ᠢᠨ ᠦᠬᠦᠯ ᠳ᠋ᠦ᠍ ᠴᠣᠴᠢᠷᠳᠠᠭᠰᠠᠨ ᠰᠡᠳᠬᠢᠯ ᠢ᠋ᠶ᠋ᠡᠨ ᠲᠠᠢᠪᠤᠰᠢᠷᠠᠭᠤᠯᠬᠤ ᠭᠡᠰᠡᠨ ᠬᠡᠷᠡᠭ ᠲᠡᠳᠦᠢ ᠴᠦ᠍ ᠪᠠᠰᠠ ᠪᠢᠰᠢ ᠶᠦᠮ᠃ ᠪᠠᠷᠢᠬᠵᠠᠨ ᠠᠭᠤᠯᠠ ᠶ᠋ᠢᠨ ᠣᠷᠣᠢ ᠳ᠋ᠤ᠌ ᠢᠩᠭᠢᠵᠦ ᠠᠮᠢ ᠳ᠋ᠦᠢᠨ ᠭᠠᠷᠤᠭᠰᠠᠨ ᠨᠢ ᠪᠠᠰᠠ ᠥᠭᠡᠷ᠎ᠡ ᠤᠴᠢᠷ ᠲᠠᠢ ᠪᠠᠢᠭᠰᠠᠨ ᠪᠢᠯᠡ᠃ ᠭᠡᠨᠡᠳᠲᠡ ᠠᠷᠤ ᠳ᠋ᠤᠨᠢ ᠴᠢᠮᠡᠭᠡ ᠭᠠᠷᠴᠤ ᠬᠡᠨ ᠨᠢᠭᠡ ᠬᠥᠮᠦᠨ ᠦ᠌
| ᠲᠡᠮᠦᠵᠢᠨ ᠴᠢ ᠤᠤ? ᠭᠡᠵᠦ ᠳᠠᠭᠤᠳᠠᠬᠤ ᠰᠢᠭ᠋ ᠰᠣᠨᠣᠰᠳᠠᠬᠤ ᠳ᠋ᠤ᠌ ᠴᠢᠩᠭᠢᠰ ᠬᠠᠭᠠᠨ ᠠᠶᠤᠭᠰᠠᠨ ᠴᠣᠴᠢᠷᠳᠠᠭᠰᠠᠨ ᠳ᠋ᠠᠭᠠᠨ ᠵᠢᠷᠦᠬᠡ ᠨᠢ ᠰᠠᠯᠭᠠᠨᠠᠵᠤ ᠲᠡᠷᠡ ᠳᠠᠷᠤᠢ ᠪᠣᠰᠴᠤ ᠡᠷᠭᠢᠨ ᠬᠠᠷᠠᠵᠤ ᠴᠢᠳᠠᠭᠰᠠᠨ ᠦᠭᠡᠢ ᠬᠥᠰᠢᠵᠡᠢ᠃ ᠵᠥᠪᠬᠡᠨ 《ᠠᠯᠯᠠ ᠲᠡᠭᠷᠢ ᠭᠡᠵᠦ ᠳᠡᠮᠡᠢ ᠳᠠᠭᠤᠳᠠᠵᠤ ᠵᠠᠯᠪᠠᠷᠢᠵᠤ ᠮᠥᠷᠭᠥᠳᠡᠭ ᠦᠭᠡᠢ ᠠᠵᠢ》 ᠭᠡᠵᠦ ᠪᠣᠳᠣᠵᠤ ᠠᠮᠵᠢᠪᠠ᠃ ᠲᠡᠭᠦᠨ ᠦ᠌ ᠠᠷᠤ ᠳ᠋ᠤ᠌ ᠠᠯᠯᠠ ᠲᠡᠭᠷᠢ ᠢᠷᠡᠵᠡᠢ ᠭᠡᠳᠡᠭ ᠲᠦ᠍ ᠴᠢᠩᠭᠢᠰ ᠬᠠᠭᠠᠨ ᠪᠠᠲᠤ ᠢᠲᠡᠭᠡᠵᠦ ᠪᠠᠢᠪᠠ᠃ ᠬᠣᠷᠽᠸᠮ ᠤ᠋ᠨ ᠲᠡᠭᠷᠢ ᠳ᠋ᠦ᠍ ᠠᠯᠯᠠ ᠠ᠋ᠴᠠ ᠥᠭᠡᠷ᠎ᠡ ᠬᠡᠨ ᠪᠠᠢᠬᠤ ᠪᠢᠯᠡ᠃
ᠪᠠᠷᠢᠬᠵᠠᠨ ᠠᠭᠤᠯᠠ ᠶ᠋ᠢᠨ ᠪᠠᠯ ᠳ᠋ᠤ᠌ ᠲᠦᠭᠰᠢᠭᠦᠷᠢᠲᠡᠢ ᠪᠡᠷ ᠬᠦᠯᠢᠶᠡᠨ ᠵᠣᠭᠰᠣᠬᠤ ᠪᠤᠭᠤᠷᠴᠢ ᠪᠣᠯᠤᠭᠠᠳ ᠴᠡᠷᠢᠭ ᠦ᠋ᠳ ᠦ᠋ᠨ ᠳᠡᠭᠡᠷ᠎ᠡ ᠡᠴᠡ ᠵᠥᠭᠡᠯᠡᠨ ᠰᠢᠪᠡᠷᠡᠭᠡ ᠪᠣᠷᠣᠭ᠎ᠠ᠂ ᠬᠠᠷᠠᠩᠭᠤᠢ ᠳ᠋ᠤ᠌ ᠨᠠᠮᠢᠷᠠᠨ ᠣᠷᠣᠵᠤ ᠡᠬᠢᠯᠡᠪᠡ᠃ ᠪᠣᠭᠣᠷᠴᠢ ᠠ᠋ᠴᠠ ᠠᠯᠬᠤᠮ ᠴᠤ᠌ ᠦᠯᠦ ᠬᠣᠯᠠᠳᠬᠤ ᠬᠡᠷᠡᠭᠡ ᠬᠠᠯᠬ᠎ᠠ ᠠᠪᠴᠢᠷᠠᠨ ᠪᠠᠷᠢᠭᠰᠠᠨ ᠳ᠋ᠤ᠌ ᠪᠣᠭᠣᠷᠴᠢ ᠬᠡᠷᠡᠭᠰᠡᠭᠰᠡᠨ ᠦᠭᠡᠢ᠃ ᠪᠣᠭᠣᠷᠴᠢ ᠡᠨᠡ ᠪᠣᠷᠣᠭᠠᠨ ᠳ᠋ᠤ᠌ ᠵᠢᠷᠦᠬᠡᠨ ᠳ᠋ᠡᠭᠡᠨ ᠬᠦᠷᠲᠡᠯ᠎ᠡ ᠨᠡᠪᠲᠡ ᠨᠣᠷᠬᠤ ᠶ᠋ᠢ ᠬᠦᠰᠡᠵᠦ ᠪᠠᠢᠪᠠ᠃ ᠤᠴᠢᠷ ᠨᠢ ᠡᠨᠡ ᠪᠣᠷᠣᠭᠠᠨ ᠴᠢᠩᠭᠢᠰ ᠬᠠᠭᠠᠨ ᠤ᠋ ᠦᠭᠡ ᠶ᠋ᠢ ᠲᠡᠭᠷᠢ ᠰᠣᠨᠣᠰᠤᠭᠰᠠᠨ ᠤ᠋ ᠭᠡᠷᠡᠴᠢ ᠮᠣᠩᠭᠣᠯ ᠨᠤᠲᠤᠭ ᠤ᠋ᠨ ᠬᠢᠨᠢ ᠪᠣᠷᠣᠭᠠᠨ ᠭᠡᠵᠦ ᠪᠣᠭᠣᠷᠴᠢ ᠪᠠᠲᠤ ᠢᠲᠡᠭᠡᠵᠦ ᠪᠠᠢᠯ᠎ᠠ᠃ ᠪᠤᠷᠬᠠᠨ ᠬᠠᠯᠳᠤᠨ ᠠᠭᠤᠯᠠ ᠶ᠋ᠢ ᠳᠠᠬᠢᠵᠤ᠂ ᠴᠢᠩᠭᠢᠰ ᠬᠠᠭᠠᠨ ᠲᠡᠭᠷᠢ ᠳ᠋ᠦ᠍ ᠮᠥᠷᠭᠥᠬᠦ ᠳ᠋ᠦ᠍ ᠶᠠᠭ ᠡᠢᠮᠦ ᠪᠣᠷᠣᠭᠠᠨ ᠣᠷᠣᠳᠠᠭ ᠢ᠋ ᠪᠣᠭᠤᠷᠴᠢ ᠮᠡᠳᠡᠬᠦ ᠪᠢᠯᠡ᠃ ᠴᠢᠩᠭᠢᠰ ᠬᠠᠭᠠᠨ ᠪᠠᠷᠢᠬᠵᠠᠨ ᠠᠭᠤᠯᠠ ᠶ᠋ᠢ ᠥᠭᠰᠥᠭᠰᠡᠨ ᠰᠢᠭ ᠢ᠋ᠶ᠋ᠡᠨ ᠴᠢᠪ ᠴᠢᠮᠡᠭᠡ ᠦᠭᠡᠢ ᠪᠠᠭᠤᠵᠤ ᠢᠷᠡᠪᠡ᠃ ᠳᠣᠭᠣᠭᠰᠢᠯᠠᠨ ᠢᠷᠡᠬᠦ ᠰᠡᠦᠬᠡ ᠶ᠋ᠢᠨ ᠪᠠᠮᠪᠠᠷ ᠤ᠋ᠨ ᠭᠡᠷᠡᠯ ᠳ᠋ᠦ᠍ ᠴᠢᠩᠭᠢᠰ ᠬᠠᠭᠠᠨ ᠦᠵᠡᠭᠳᠡᠭᠰᠡᠨ ᠳ᠋ᠦ᠍ ᠪᠣᠭᠣᠷᠴᠢ ᠰᠠᠶᠢ ᠯᠠ ᠨᠢᠭᠡ ᠰᠠᠨᠠᠭ᠎ᠠ ᠠᠮᠠᠷᠠᠵᠠᠢ᠃ ᠪᠠᠭᠤᠵᠤ ᠢᠷᠡᠭᠰᠡᠨ ᠬᠣᠢᠨ᠎ᠠ ᠲᠡᠭᠦᠨ ᠦ᠌ ᠬᠥᠮᠥᠰᠬᠡ ᠵᠠᠩᠭᠢᠳᠤᠭᠰᠠᠨ ᠲᠣᠭᠰᠢᠨ ᠰᠦᠷᠯᠢᠭ ᠴᠢᠷᠠᠢ ᠶ᠋ᠢ ᠬᠠᠷᠠᠭᠠᠳ ᠪᠣᠭᠣᠷᠴᠢ ᠶ᠋ᠢᠨ ᠲᠠᠢᠪᠤᠰᠢᠷᠠᠭᠰᠠᠨ ᠰᠡᠳᠬᠢᠯ ᠳ᠋ᠦ᠍ ᠳᠠᠬᠢᠨ ᠲᠦᠭᠰᠢᠭᠦᠷᠢ ᠳᠦᠭᠦᠷᠴᠡᠢ᠃
ᠪᠠᠷᠢᠬᠵᠠᠨ ᠠᠭᠤᠯᠠᠨ ᠳ᠋ᠤ᠌ ᠭᠠᠷᠴᠤ ᠲᠡᠭᠷᠢ ᠳ᠋ᠦ᠍ ᠮᠥᠷᠭᠥᠬᠦ ᠳ᠋ᠦ᠍ ᠶᠡᠷᠦ ᠡᠯᠳᠡᠪ ᠶᠠᠪᠤᠳᠠᠯ ᠲᠣᠬᠢᠶᠠᠯᠳᠤᠭᠰᠠᠨ ᠦᠭᠡᠢ ᠴᠦ᠍ ᠴᠢᠩᠭᠢᠰ ᠬᠠᠭᠠᠨ ᠵᠠᠮ ᠵᠠᠭᠤᠷ᠎ᠠ ᠨᠢᠭᠡ ᠴᠦ᠍ ᠦᠭᠡ ᠳᠤᠤᠭᠠᠷᠤᠯ ᠦᠭᠡᠢ ᠶᠠᠪᠤᠭᠰᠠᠭᠠᠷ ᠦᠷᠭᠦᠭᠡᠨ ᠳ᠋ᠡᠭᠡᠨ ᠮᠣᠷᠢᠯᠠᠵᠤ ᠬᠡᠨ ᠲᠡᠢ ᠴᠦ᠍ ᠠᠭᠤᠯᠵᠠᠬᠤ ᠦᠭᠡᠢ ᠡᠳᠦᠷᠵᠢᠨ ᠪᠣᠯᠤᠭᠠᠳ ᠦᠳᠡᠰᠢ ᠨᠢ ᠪᠤᠭᠤᠷᠴᠢ ᠶ᠋ᠢ ᠳᠠᠭᠤᠳᠠᠵᠠᠢ᠃ ᠭᠡᠨᠡᠳᠲᠡ ᠶ᠋ᠢᠨ ᠠᠵᠢᠯ ᠣᠨᠳᠣᠷᠣᠭᠠᠵᠤ ᠶᠢᠷᠲᠢᠨᠴᠦ ᠳ᠋ᠦ᠍ ᠤᠷᠢᠳ ᠬᠣᠵᠢᠳ ᠪᠠᠢᠭ᠎ᠠ ᠦᠭᠡᠢ ᠣᠨᠢᠰᠣᠨ ᠱᠠᠲᠤ ᠪᠦᠲᠦᠭᠡᠯᠭᠡᠨ ᠠᠭᠤᠯᠠᠨ ᠣᠷᠣᠢ ᠳ᠋ᠤ᠌ ᠭᠠᠷᠤᠭᠰᠠᠨ ᠤ᠋ ᠪᠠᠨ ᠳᠠᠷᠠᠭ᠎ᠠ ᠴᠢᠩᠭᠢᠰ ᠬᠠᠭᠠᠨ ᠡᠢᠮᠦ ᠬᠠᠴᠢᠨ ᠵᠠᠩ ᠠᠭᠠᠰᠢ ᠲᠠᠢ ᠪᠣᠯᠤᠭᠰᠠᠨ ᠨᠢ ᠪᠤᠭᠤᠷᠴᠢ ᠶ᠋ᠢᠨ ᠭᠠᠢᠬᠠᠯ ᠢ᠋ ᠲᠥᠷᠥᠭᠦᠯᠦᠭᠰᠡᠭᠡᠷ ᠪᠠᠢᠪᠠ᠃ ᠪᠠᠷᠢᠬᠵᠡᠨ ᠠᠭᠤᠯᠠ ᠠ᠋ᠴᠠ ᠡᠰᠡᠨ ᠮᠡᠨᠳᠦ ᠪᠠᠭᠤᠵᠤ ᠢᠷᠡᠭᠰᠡᠨ ᠨᠢ ᠪᠤᠭᠤᠷᠴᠢ ᠶ᠋ᠢ ᠲᠠᠢᠳᠬᠤᠷᠠᠭᠤᠯᠵᠤ ᠡᠯᠳᠡᠪ ᠢ᠋ ᠰᠢᠭᠦᠮᠵᠢᠯᠡᠨ ᠪᠣᠳᠣᠬᠤ ᠲᠠᠢ ᠪᠣᠯᠭᠠᠵᠠᠢ᠃ ᠪᠤᠷᠬᠠᠨ ᠬᠠᠯᠳᠤᠨ ᠠᠭᠤᠯᠠᠨ ᠤ᠋ ᠣᠷᠣᠢ ᠳ᠋ᠤ᠌ ᠭᠠᠷᠴᠤ ᠲᠩᠷᠢ ᠳ᠋ᠦ᠍ ᠮᠥᠷᠭᠥᠭᠡᠳ ᠪᠠᠭᠤᠵᠤ ᠢᠷᠡᠬᠦ ᠪᠣᠯᠭᠠᠨ ᠳ᠋ᠠᠭᠠᠨ ᠲᠡᠮᠦᠵᠢᠨ ᠦ᠌ ᠰᠡᠳᠬᠢᠯ ᠰᠠᠨᠠᠭ᠎ᠠ ᠨᠢ ᠰᠡᠷᠭᠦᠵᠦ ᠲᠩᠷᠢ ᠶ᠋ᠢᠨ ᠶᠠᠭᠤ ᠭᠡᠵᠦ ᠵᠠᠷᠯᠢᠭ ᠪᠣᠯᠭᠠᠭᠰᠠᠨ ᠢ᠋ ᠨᠥᠬᠥᠳ ᠲᠡᠭᠡᠨ ᠬᠥᠷ ᠪᠠᠬᠠᠳᠤᠯ᠂ ᠤᠷᠮ᠎ᠠ ᠵᠣᠷᠢᠭ ᠳᠦᠭᠦᠷᠡᠩ ᠢᠯᠡᠳᠬᠡᠳᠡᠭ ᠪᠠᠢᠪᠠ᠃ ᠬᠠᠷᠢᠨ ᠪᠠᠷᠢᠬᠵᠡᠨ ᠬᠡᠮᠡᠬᠦ ᠡᠨᠡ ᠭᠤᠷᠪᠠᠨ ᠮᠢᠩᠭᠠᠨ ᠠᠯᠲᠠ ᠬᠠᠳᠠᠨ ᠠᠭᠤᠯᠠᠨ ᠳ᠋ᠤ᠌ ᠭᠠᠷᠴᠤ ᠢᠷᠡᠭᠡᠳ ᠭᠠᠭᠴᠠ ᠴᠤ᠌ ᠦᠭᠡ ᠬᠡᠯᠡᠯ ᠦᠭᠡᠢ ᠦᠷᠭᠦᠭᠡᠨ ᠳ᠋ᠡᠭᠡᠨ ᠰᠢᠷᠭᠤᠭᠰᠠᠨ ᠳ᠋ᠤ᠌ ᠪᠤᠭᠤᠷᠴᠢ ᠶᠡᠬᠡᠳᠡ ᠠᠯᠮᠠᠢᠷᠠᠨ ᠪᠠᠰᠠ ᠲᠦᠭᠰᠢᠭᠦᠷᠢᠯᠡᠨ ᠭᠠᠢᠬᠠᠭᠰᠠᠨ ᠪᠢᠯᠡ᠃
ᠴᠢᠩᠭᠢᠰ ᠬᠠᠭᠠᠨ ᠭᠡᠨᠡᠳᠲᠡ ᠳᠠᠭᠤ ᠪᠠᠨ ᠬᠤᠷᠢᠶᠠᠬᠤ ᠪᠤᠶᠤ ᠶᠡᠬᠡ ᠪᠡᠷ ᠢᠨᠢᠶᠡᠪᠡᠯ ᠶᠡᠷᠦ ᠰᠠᠢᠨ ᠶᠠᠭᠤᠮ᠎ᠠ ᠪᠣᠯᠵᠤ ᠪᠠᠢᠭᠰᠠᠨ ᠤᠳᠠᠭ᠎ᠠ ᠦᠭᠡᠢ ᠶᠦᠮ᠃ ᠲᠡᠮᠦᠵᠢᠨ ᠦ᠌ ᠡᠯ᠎ᠡ ᠬᠠᠴᠢᠨ ᠵᠠᠩ ᠢ᠋ ᠪᠤᠭᠤᠷᠴᠢ ᠪᠣᠯᠤᠨ ᠪᠤᠰᠤᠳ ᠨᠥᠬᠥᠳ ᠨᠢ ᠡᠬᠢᠯᠡᠭᠡᠳ ᠠᠩᠵᠠᠭᠠᠷᠠᠵᠤ ᠮᠡᠳᠡᠳᠡᠭ ᠦᠭᠡᠢ ᠪᠠᠢᠭᠰᠠᠨ ᠪᠢᠯᠡ᠃ ᠲᠡᠮᠦᠵᠢᠨ ᠬᠥᠮᠦᠨ ᠦ᠌ ᠦᠭᠡ ᠶ᠋ᠢ ᠰᠣᠨᠣᠰᠤᠭᠠᠳ ᠶᠠᠭᠤ ᠬᠡᠯᠡᠭᠰᠡᠨ ᠢ᠋ ᠮᠠᠷᠲᠠᠭᠰᠠᠨ ᠮᠡᠲᠦ ᠬᠥᠨᠳᠡᠯᠡᠨ ᠰᠢᠷᠲᠡᠨ ᠲᠠᠭ ᠴᠢᠭ ᠰᠠᠭᠤᠪᠠᠯ ᠳᠠᠷᠠᠭ᠎ᠠ ᠨᠢ ᠵᠠᠪᠠᠯ ᠡᠰᠡᠷᠭᠦᠴᠡᠨ ᠡᠭᠳᠡᠭᠦᠴᠡᠭᠰᠡᠨ ᠦᠭᠡ ᠳᠤᠤᠭᠠᠷᠤᠨ᠎ᠠ᠃ ᠡᠰᠡᠪᠡᠯ ᠬᠥᠮᠦᠨ ᠦ᠌ ᠦᠭᠡ ᠶ᠋ᠢ ᠰᠣᠨᠣᠰᠤᠭᠠᠳ ᠲᠡᠮᠦᠵᠢᠨ ᠭᠡᠨᠡᠳᠲᠡ ᠶᠡᠬᠡ ᠪᠡᠷ ᠢᠨᠢᠶᠡᠪᠡᠯ ᠳᠠᠷᠤᠢ ᠪᠤᠰᠢᠭᠤᠬᠠᠨ ᠬᠣᠯᠠᠳᠤᠨ ᠶᠠᠪᠤᠬᠤ ᠪᠤᠶᠤ ᠪᠣᠯᠵᠤ ᠥᠭᠪᠡᠯ ᠥᠭᠡᠷ᠎ᠡ ᠶᠠᠭᠤᠮ᠎ᠠ ᠶᠠᠷᠢᠵᠤ ᠰᠠᠲᠠᠭᠠᠷᠠᠭᠤᠯᠬᠤ ᠬᠡᠷᠡᠭᠲᠡᠢ᠃ ᠭᠡᠪᠡᠴᠦ ᠢᠩᠭᠢᠭᠰᠡᠨ ᠴᠦ᠍ ᠣᠷᠣᠢᠲᠠᠵᠤ ᠳᠡᠮᠡᠢ ᠦᠭᠡ ᠶ᠋ᠢᠨ ᠢ᠋ᠶ᠋ᠡᠨ ᠱᠠᠩ ᠢ᠋ ᠳᠣᠷᠢᠭᠤᠨ ᠬᠦᠷᠲᠡᠳᠡᠭ ᠪᠢᠯᠡ᠃ ᠴᠢᠩᠭᠢᠰ ᠬᠠᠭᠠᠨ ᠬᠥᠮᠦᠨ ᠦ᠌ ᠦᠭᠡ ᠶ᠋ᠢ ᠰᠣᠨᠣᠰᠤᠭᠠᠳ ᠭᠡᠨᠡᠳᠲᠡ ᠢᠯᠡ ᠰᠢᠭᠤᠳ ᠠᠭᠤᠷᠯᠠᠨ ᠬᠢᠯᠢᠩᠨᠡᠬᠦ ᠨᠢ ᠬᠣᠪᠣᠷ᠃ ᠬᠠᠷᠢᠨ ᠴᠤ᠌ ᠢᠩᠭᠢᠵᠦ ᠬᠢᠯᠢᠩᠨᠡᠨ ᠠᠭᠠᠰᠢᠯᠠᠪᠠᠯ ᠥᠷᠥᠰᠢᠶᠡᠭᠰᠡᠨ ᠲᠡᠢ ᠠᠳᠠᠯᠢ ᠦᠵᠡᠪᠡᠯ ᠵᠣᠬᠢᠬᠤ ᠠᠵᠢ᠃ ᠤᠳᠠᠭᠠᠨ ᠳᠠᠭᠤ ᠦᠭᠡᠢ ᠰᠠᠭᠤᠬᠤ ᠶᠤᠮ ᠤᠤ ᠬᠥᠭᠡᠷᠴᠦ ᠪᠠᠢᠬᠤ ᠳ᠋ᠠᠭᠠᠨ ᠴᠢᠩᠭᠢᠰ ᠬᠠᠭᠠᠨ ᠵᠠᠪᠠᠯ ᠨᠢᠭᠡ ᠬᠣᠷᠣᠯᠠᠩ ᠲᠠᠢ᠂ ᠮᠠᠭᠤᠬᠠᠢ ᠬᠠᠷᠭᠢᠰ ᠰᠢᠢᠳᠪᠦᠷᠢ ᠪᠣᠳᠣᠵᠤ ᠣᠯᠬᠤᠰᠢᠭ᠋ ᠪᠤᠭᠤᠷᠴᠢ ᠳ᠋ᠤ᠌ ᠰᠠᠨᠠᠭᠳᠠᠳᠠᠭ ᠪᠢᠯᠡ᠃ ᠲᠡᠢᠮᠦ ᠴᠦ᠍ ᠤᠴᠢᠷ ᠠ᠋ᠴᠠ ᠪᠠᠷᠢᠬᠵᠡᠨ ᠠᠭᠤᠯᠠ ᠠ᠋ᠴᠠ ᠪᠠᠭᠤᠵᠤ ᠢᠷᠡᠭᠡᠳ ᠡᠳᠦᠷᠵᠢᠨ ᠲᠠᠭ ᠴᠢᠭ ᠰᠠᠭᠤᠭᠰᠠᠨ ᠳ᠋ᠤ᠌ ᠶᠡᠬᠡ ᠯᠡ ᠪᠣᠯᠭᠣᠮᠵᠢᠯᠠᠨ ᠰᠡᠵᠢᠭᠯᠡᠨ ᠬᠦᠯᠢᠶᠡᠭᠰᠡᠨ ᠨᠢ ᠡᠨᠡ ᠶᠦᠮ᠃ ᠲᠡᠮᠦᠵᠢᠨ ᠲᠡᠢ ᠤᠴᠠᠷᠠᠭᠰᠠᠨ ᠠᠩᠬᠠᠨ ᠤ᠋ ᠡᠳᠦᠷ ᠡᠴᠡ ᠡᠬᠢᠯᠡᠨ ᠪᠤᠭᠤᠷᠴᠢ ᠲᠡᠭᠦᠨ ᠦ᠌ ᠦᠭᠡ᠂ ᠲᠤᠰᠢᠶᠠᠯ ᠢ᠋ ᠳᠠᠭᠤ ᠦᠭᠡᠢ ᠳ᠋ᠡᠭᠡᠨ ᠪᠡᠶᠡᠯᠡᠭᠦᠯᠵᠦ ᠢᠷᠡᠭᠰᠡᠨ ᠨᠢ ᠪᠤᠭᠤᠷᠴᠢ ᠶ᠋ᠢᠨ ᠬᠦᠯᠢᠴᠡᠩᠭᠦᠢ ᠳᠣᠷᠣᠢ ᠶ᠋ᠢᠨ ᠬᠢ ᠪᠢᠰᠢ᠂ ᠬᠠᠷᠢᠨ ᠲᠡᠮᠦᠵᠢᠨ ᠦ᠌ ᠬᠢᠭᠰᠡᠨ ᠬᠡᠷᠡᠭ᠂ ᠬᠡᠯᠡᠭᠰᠡᠨ ᠦᠭᠡ ᠪᠦᠬᠦᠨ ᠵᠥᠪ ᠵᠦᠢᠲᠡᠢ ᠰᠠᠨᠠᠭᠳᠠᠳᠠᠭ ᠤ᠋ᠨ ᠬᠢ ᠪᠠᠢᠯ᠎ᠠ᠃
ᠠᠩᠬ᠎ᠠ ᠠᠳᠤᠭᠤᠨ ᠤ᠋ ᠪᠡᠯᠴᠢᠭᠡᠷ ᠲᠦ᠍ ᠠᠷᠪᠠᠨ ᠭᠤᠷᠪᠠᠨ ᠨᠠᠰᠤ ᠲᠠᠢ ᠪᠤᠭᠤᠷᠴᠢ ᠲᠡᠮᠦᠵᠢᠨ ᠲᠡᠢ ᠲᠣᠬᠢᠶᠠᠯᠳᠤᠯ ᠢ᠋ᠶ᠋ᠠᠷ ᠤᠴᠠᠷᠠᠵᠤ ᠨᠥᠬᠥᠷᠯᠡᠵᠡᠢ᠃ ᠡᠴᠢᠭᠡ ᠡᠴᠡ ᠦᠯᠡᠳᠡᠭᠡᠭᠰᠡᠨ ᠭᠠᠭᠴᠠ ᠥᠮᠴᠢ ᠪᠣᠯᠬᠤ ᠨᠠᠢ᠍ᠮᠠᠨ ᠰᠢᠷᠭ᠎ᠠ ᠠᠭᠲᠠ ᠪᠠᠨ ᠬᠤᠯᠠᠭᠠᠢ ᠳ᠋ᠤ᠌ ᠠᠯᠳᠠᠭᠠᠳ ᠮᠥᠷ ᠢ᠋ᠶ᠋ᠡᠷ ᠨᠢ ᠮᠥᠰᠬᠢᠵᠦ ᠶᠠᠪᠤᠭᠰᠠᠨ ᠲᠡᠮᠦᠵᠢᠨ ᠰᠤᠷᠠᠭ ᠠᠰᠠᠭᠤᠬᠤ ᠪᠠᠷ ᠬᠦᠷᠴᠦ ᠢᠷᠡᠬᠦ ᠳ᠋ᠦ᠍ ᠡᠴᠢᠭᠡ ᠶ᠋ᠢᠨ ᠮᠠᠯ ᠰᠦᠷᠦᠭ ᠢ᠋ ᠠᠳᠤᠭᠤᠯᠠᠵᠤ ᠥᠷᠯᠥᠭᠡᠨ ᠡᠴᠡ ᠦᠳᠡᠰᠢ ᠬᠦᠷᠲᠡᠯ᠎ᠡ ᠨᠢᠭᠡ ᠯᠡ ᠬᠡᠪ ᠦ᠋ᠨ ᠠᠮᠢᠳᠤᠷᠠᠯ ᠠᠵᠢᠯ ᠳ᠋ᠠᠭᠠᠨ ᠤᠢᠳᠤᠭᠰᠠᠨ ᠨᠠᠬᠤ ᠪᠠᠶᠠᠨ ᠤ᠋ ᠭᠠᠭᠴᠠ ᠬᠦᠦ ᠪᠤᠭᠤᠷᠴᠢ ᠭᠡᠭᠦᠦ ᠰᠠᠭᠠᠵᠤ ᠰᠠᠭᠤᠭᠰᠠᠨ ᠪᠢᠯᠡ᠃ ᠨᠠᠬᠤ ᠪᠠᠶᠠᠨ ᠪᠣᠯ ᠠᠳᠤᠭᠤ ᠮᠠᠯ ᠠᠷᠪᠢᠨ ᠲᠠᠢ᠂ ᠠᠮᠠ ᠬᠡᠯᠡ ᠬᠤᠷᠴᠠ ᠲᠠᠢ᠂ ᠰᠡᠷᠭᠦᠯᠡᠩ ᠣᠪᠵᠢᠨ ᠤᠬᠠᠭᠠᠨ ᠲᠠᠢ ᠬᠥᠮᠦᠨ ᠲᠤᠯᠠ ᠳᠠᠢᠰᠤᠨ ᠨᠥᠬᠥᠷ ᠬᠣᠶᠠᠷ ᠲᠤ᠌ ᠲᠠᠯ᠎ᠠ ᠠᠯᠳᠠᠳᠠᠭ ᠦᠭᠡᠢ᠂ ᠵᠣᠪᠠᠯᠠᠩ ᠭᠠᠴᠢᠶᠠᠯ ᠦᠵᠡᠬᠦ ᠦᠭᠡᠢ ᠠᠮᠢᠳᠤᠷᠠᠵᠤ ᠰᠤᠷᠤᠭᠰᠠᠨ ᠨᠢᠭᠡᠨ ᠪᠥᠭᠡᠳ ᠪᠤᠭᠤᠷᠴᠢ ᠬᠥᠪᠡᠭᠦᠨ ᠢ᠋ᠶ᠋ᠡᠨ ᠴᠦ᠍ ᠥᠪᠡᠷ ᠦ᠋ᠨ ᠠᠳᠠᠯᠢ ᠵᠠᠰᠠᠵᠤ ᠬᠥᠮᠦᠵᠢᠭᠦᠯᠵᠦ ᠢᠷᠡᠵᠡᠢ᠃ ᠬᠥᠪᠡᠭᠦᠨ ᠪᠣᠭᠣᠷᠴᠢ ᠶ᠋ᠢᠨ ᠰᠡᠳᠬᠢᠯ ᠳ᠋ᠦ᠍ ᠶᠠᠮᠠᠷ ᠪᠣᠳᠣᠯ ᠪᠠᠢᠭᠰᠠᠨ ᠢ᠋ ᠨᠠᠬᠤ ᠪᠠᠶᠠᠨ ᠣᠯᠵᠤ ᠮᠡᠳᠡᠭᠰᠡᠨ ᠦᠭᠡᠢ᠃ ᠪᠤᠭᠤᠷᠴᠢ ᠡᠴᠢᠭᠡ ᠶ᠋ᠢᠨ ᠬᠥᠷᠥᠩᠭᠡ ᠶ᠋ᠢ ᠥᠪᠯᠡᠨ ᠠᠪᠴᠤ ᠲᠠᠢᠴᠢᠭᠤᠳ ᠤ᠋ᠨ ᠲᠣᠷᠭᠠᠨ ᠪᠠᠶᠠᠨ ᠤ᠋ ᠥᠬᠢᠨ ᠢ᠋ ᠰᠦᠢ ᠲᠠᠯᠪᠢᠭᠰᠠᠨ ᠭᠦᠮᠦᠳᠠ ᠪᠠᠨ ᠨᠠᠰᠤ ᠪᠡᠶ᠎ᠡ ᠭᠦᠢᠴᠡᠮᠡᠭᠴᠡ ᠡᠬᠡᠨᠡᠷ ᠪᠣᠯᠭᠠᠨ ᠠᠪᠴᠤ ᠰᠠᠭᠤᠬᠤ ᠶᠣᠰᠣᠲᠠᠢ ᠪᠠᠢᠯ᠎ᠠ᠃ ᠭᠡᠲᠡᠯ᠎ᠡ ᠪᠤᠭᠤᠷᠴᠢ ᠨᠢᠭᠡᠨᠲᠡ ᠠᠷᠪᠠᠨ ᠵᠢᠷᠭᠤᠭᠠᠨ ᠨᠠᠰᠤ ᠬᠦᠷᠦᠭᠰᠡᠨ ᠪᠠᠢᠲᠠᠯ᠎ᠠ ᠭᠦᠮᠦᠳᠠ ᠳᠥᠩᠭᠡᠵᠢ ᠨᠠᠢ᠍ᠮᠠᠨ ᠨᠠᠰᠤᠲᠠᠢ ᠪᠠᠢᠵᠠᠢ᠃ ᠭᠦᠮᠦᠳᠠ ᠥᠬᠢᠨ ᠢ᠋ ᠲᠥᠷᠥᠭᠰᠡᠨ ᠳᠠᠷᠤᠢ ᠨᠠᠬᠤ ᠪᠠᠶᠠᠨ ᠶᠠᠭᠠᠷᠠᠨ ᠣᠴᠢᠵᠤ ᠰᠦᠢ ᠲᠠᠯᠪᠢᠬᠤ ᠳ᠋ᠤ᠌ ᠲᠣᠷᠭᠠᠨ ᠪᠠᠶᠠᠨ ᠪᠠᠶᠠᠷᠯᠠᠨ ᠤᠭᠲᠤᠭᠰᠠᠨ ᠨᠢ ᠲᠡᠳᠡᠨ ᠦ᠌ ᠬᠣᠯᠠ ᠶ᠋ᠢ ᠪᠣᠳᠣᠭᠰᠠᠨ ᠳᠣᠲᠣᠷ᠎ᠠ ᠪᠣᠳᠣᠯ ᠨᠢ ᠨᠢᠭᠡᠳᠦᠭᠰᠡᠨ ᠦ᠌ ᠬᠢ ᠪᠠᠢᠵᠠᠢ᠃ ᠬᠡᠦᠬᠡᠳ ᠦ᠋ᠳ ᠢ᠋ᠶ᠋ᠡᠨ ᠭᠡᠷᠯᠡᠭᠦᠯᠬᠦ ᠨᠢ ᠬᠥᠷᠥᠩᠭᠡ ᠪᠡᠨ ᠨᠢᠭᠡᠳᠬᠡᠨ ᠬᠦᠴᠦ ᠪᠡᠨ ᠵᠤᠵᠠᠭᠠᠳᠬᠠᠬᠤ᠂ ᠲᠡᠭᠡᠭᠰᠡᠨ ᠢ᠋ᠶ᠋ᠡᠷ ᠣᠪᠣᠭ ᠠᠢᠮᠠᠭ ᠤ᠋ᠨ ᠳᠣᠲᠣᠷ᠎ᠠ ᠨᠡᠷ᠎ᠡ ᠨᠥᠯᠥᠭᠡ ᠪᠡᠨ ᠥᠷᠭᠡᠳᠬᠡᠬᠦ ᠭᠡᠰᠡᠨ ᠠᠯᠤᠰ ᠤ᠋ᠨ ᠵᠣᠷᠢᠯᠭ᠎ᠠ ᠠ᠋ᠴᠠ ᠦᠨᠳᠦᠰᠦ ᠲᠡᠢ ᠪᠠᠢᠪᠠ᠃ ᠨᠡᠭᠦᠳᠡᠯᠴᠢᠨ ᠣᠪᠣᠭ ᠤ᠋ᠨ ᠠᠮᠢᠳᠤᠷᠠᠯ ᠳ᠋ᠤ᠌ ᠬᠠᠮᠤᠭ ᠤ᠋ᠨ ᠠᠶᠤᠯ ᠲᠠᠢ ᠳᠠᠢᠰᠤᠨ ᠨᠢ ᠬᠥᠷᠰᠢ ᠨᠢ ᠪᠠᠢᠳᠠᠭ ᠵᠢᠮ᠎ᠡ ᠲᠡᠢ᠃ ᠬᠦᠷᠰᠢ ᠲᠡᠢ ᠪᠡᠨ ᠬᠣᠲᠠ ᠤᠷᠤᠭ ᠪᠣᠯᠬᠤ ᠨᠢ ᠳᠡᠷᠭᠡᠳᠡ ᠪᠡᠨ ᠳᠠᠢᠰᠤᠨ ᠦᠭᠡᠢ ᠠᠮᠤᠷ ᠠᠮᠢᠳᠤᠷᠠᠬᠤ ᠬᠠᠮᠤᠭ ᠤ᠋ᠨ ᠨᠠᠢᠳᠠᠪᠤᠷᠢᠲᠠᠢ ᠠᠷᠭ᠎ᠠ ᠶᠤᠮ᠃ ᠡᠨᠡ ᠯᠡ ᠵᠢᠮ᠎ᠡ ᠶ᠋ᠢᠨ ᠡᠭᠦᠳᠡ ᠡᠴᠡ ᠨᠠᠬᠤ ᠪᠠᠶᠠᠨ ᠭᠠᠭᠴᠠ ᠬᠥᠪᠡᠭᠦᠨ ᠦ᠌ ᠪᠡᠨ ᠢᠷᠡᠭᠡᠳᠦᠢ ᠶ᠋ᠢᠨ ᠠᠮᠢᠳᠤᠷᠠᠯ ᠢ᠋ ᠢᠩᠭᠢᠵᠦ ᠰᠢᠢᠳᠦᠭᠰᠡᠨ ᠨᠢ ᠬᠡᠳᠦᠢ ᠵᠥᠪ ᠴᠦ᠍ ᠭᠡᠯᠡ ᠢᠳᠡᠷ ᠵᠠᠯᠠᠭᠤ ᠪᠤᠭᠤᠷᠴᠢ ᠳ᠋ᠤ᠌ ᠲᠠᠭᠠᠯᠠᠭᠳᠠᠭᠰᠠᠨ ᠦᠭᠡᠢ ᠪᠢᠯᠡ᠃ ᠭᠡᠪᠡᠴᠦ ᠪᠤᠭᠤᠷᠴᠢ ᠳ᠋ᠤ᠌ ᠥᠭᠡᠷ᠎ᠡ ᠠᠮᠢᠳᠤᠷᠠᠯ ᠥᠷᠢᠰᠦᠯᠳᠦᠬᠦ ᠲᠣᠳᠣᠷᠬᠠᠢ ᠵᠣᠷᠢᠯᠭ᠎ᠠ ᠲᠡᠷᠡ ᠦᠶ᠎ᠡ ᠳ᠋ᠦ᠍ ᠪᠠᠰᠠ ᠦᠭᠡᠢ ᠪᠠᠢᠯ᠎ᠠ᠃ ᠬᠠᠷᠢᠨ ᠲᠡᠮᠦᠵᠢᠨ ᠣ ᠳᠠᠪᠬᠢᠨ ᠢᠷᠡᠭᠰᠡᠨ ᠨᠢ ᠬᠠᠯᠠᠭᠤᠨ ᠵᠤᠨ ᠤ᠋ ᠪᠦᠭᠴᠢᠮ᠎ᠡ ᠡᠳᠦᠷ ᠬᠦᠰᠡᠯᠡᠩᠲᠦ ᠰᠠᠯᠬᠢ ᠰᠡᠷᠢᠭᠦᠦ ᠲᠡᠳᠡᠨ ᠦᠯᠢᠶᠡᠬᠦ ᠰᠢᠭ ᠰᠡᠳᠬᠢᠯ ᠰᠡᠷᠭᠦᠭᠡᠨ ᠦᠵᠡᠵᠦ ᠡᠳ᠋ᠯᠡᠭᠡ ᠦᠭᠡᠢ ᠶᠡᠬᠡ ᠪᠠᠶᠠᠷ ᠲᠥᠷᠥᠭᠦᠯᠦᠭᠰᠡᠨ ᠢ᠋ ᠣᠳᠣ ᠴᠤ᠌ ᠦᠯᠦ ᠮᠠᠷᠲᠠᠨ᠎ᠠ᠃ ᠪᠠᠰᠠ ᠭᠡᠭᠦᠦ ᠰᠠᠭᠠᠵᠤ ᠭᠡᠷ ᠦ᠋ᠨ ᠡᠮ᠎ᠡ ᠰᠢᠭ ᠰᠠᠭᠤᠭᠰᠠᠨ ᠳ᠋ᠠᠭᠠᠨ ᠶᠡᠬᠡᠳᠡ ᠢᠴᠢᠭᠰᠡᠨ ᠢ᠋ᠶ᠋ᠡᠨ ᠴᠦ᠍ ᠦᠯᠦ ᠮᠠᠷᠲᠠᠨ᠎ᠠ᠃ ᠮᠠᠭᠠᠳ ᠦᠭᠡᠢ ᠡᠨᠡ ᠢᠴᠢᠭᠰᠡᠨ ᠰᠡᠳᠬᠢᠯ ᠨᠢ ᠲᠡᠮᠦᠵᠢᠨ ᠳ᠋ᠦ᠍ ᠲᠤᠰᠠᠯᠠᠬᠤ᠂ ᠲᠤᠰᠠᠯᠠᠬᠤ ᠠ᠋ᠴᠠ ᠢᠯᠡᠭᠦᠦ ᠡᠷ᠎ᠡ ᠬᠥᠮᠦᠨ ᠬᠠᠷᠠᠭᠳᠠᠬᠤ ᠭᠡᠰᠡᠨ ᠬᠦᠰᠡᠯ ᠢ᠋ ᠨᠢ ᠣᠷᠭᠢᠯᠤᠭᠤᠯᠤᠭᠰᠠᠨ ᠪᠢᠵᠡ᠃ ᠪᠣᠭᠣᠷᠴᠢ ᠡᠴᠢᠭᠡ ᠶ᠋ᠢᠨ ᠵᠥᠪᠰᠢᠶᠡᠷᠡᠬᠦ ᠡᠰᠡᠬᠦ ᠶ᠋ᠢ ᠴᠦ᠍ ᠬᠠᠢᠬᠤᠷᠤᠯ ᠦᠭᠡᠢ᠂ ᠮᠣᠷᠢ ᠪᠠᠨ ᠰᠡᠯᠭᠦᠨ ᠲᠡᠮᠦᠵᠢᠨ ᠦ᠌ ᠬᠠᠮᠲᠤ ᠦᠭᠡ ᠰᠤᠷᠠᠭ ᠦᠭᠡᠢ ᠣᠳᠤᠭᠰᠠᠨ ᠨᠢ ᠠᠮᠢᠳᠤᠷᠠᠯ ᠳ᠋ᠠᠭᠠᠨ ᠪᠡᠶ᠎ᠡ ᠳᠠᠭᠠᠭᠠᠨ ᠭᠠᠷᠭᠠᠭᠰᠠᠨ ᠬᠠᠮᠤᠭ ᠤ᠋ᠨ ᠠᠩᠬᠠᠨ ᠤ᠋ ᠡᠷᠡᠰ ᠵᠣᠷᠢᠮᠠᠭ᠂ ᠪᠠᠰᠠ ᠣᠰᠣᠯ ᠲᠠᠢ ᠰᠢᠢᠳᠪᠦᠷᠢ ᠪᠠᠢᠭᠰᠠᠨ ᠶᠤᠮ᠃ ᠲᠡᠮᠦᠵᠢᠨ ᠢ᠋ ᠳᠠᠭᠠᠭᠰᠠᠨ ᠨᠢ ᠲᠡᠭᠦᠨ ᠢ᠋ ᠦᠬᠦᠯ ᠳ᠋ᠦ᠍ ᠴᠦ᠍ ᠬᠦᠷᠭᠡᠵᠦ ᠪᠣᠯᠬᠤ ᠪᠠᠢᠪᠠ᠃ ᠬᠡᠷᠪᠡ ᠡᠴᠢᠭᠡ ᠨᠢ ᠮᠡᠳᠡᠭᠰᠡᠨ ᠪᠣᠯ ᠶᠠᠭᠠᠬᠢᠪᠠᠴᠤ ᠲᠡᠭᠦᠨ ᠢ᠋ ᠢᠩᠭᠢᠵᠦ ᠶᠠᠪᠤᠭᠤᠯᠬᠤ ᠦᠭᠡᠢ ᠪᠠᠢᠭᠰᠠᠨ ᠪᠢᠯᠡ᠃ ᠡᠨᠡ ᠰᠠᠨᠠᠮᠰᠠᠷ ᠦᠭᠡᠢ ᠵᠣᠷᠢᠮᠠᠭ ᠰᠢᠢᠳᠪᠦᠷᠢ ᠪᠤᠭᠤᠷᠴᠢ ᠶ᠋ᠢᠨ ᠢᠷᠡᠬᠦ ᠠᠮᠢᠳᠤᠷᠠᠯ ᠢ᠋ ᠡᠴᠦᠰ ᠲᠦ᠋ᠨᠢ ᠬᠦᠷᠲᠡᠯ᠎ᠡ ᠥᠭᠡᠷᠡᠴᠢᠯᠡᠭᠰᠡᠨ ᠶᠦ᠍ᠮ᠃ ᠰᠠᠨᠠᠮᠰᠠᠷ ᠦᠭᠡᠢ ᠲᠣᠬᠢᠶᠠᠯᠳᠤᠯ ᠮᠡᠲᠦ ᠰᠠᠨᠠᠭᠳᠠᠪᠠᠴᠤ ᠲᠡᠮᠦᠵᠢᠨ ᠦ᠌ ᠭᠡᠨᠡᠳᠲᠡ ᠢᠷᠡᠭᠰᠡᠨ ᠨᠢ ᠶᠡᠷᠦ ᠲᠣᠬᠢᠶᠠᠯᠳᠤᠯ ᠪᠢᠰᠢ᠂ ᠲᠡᠭᠷᠢ ᠡᠴᠡ ᠲᠠᠭᠠᠯᠠᠨ ᠰᠣᠶᠣᠷᠬᠠᠭᠰᠠᠨ ᠶᠠᠪᠤᠳᠠᠯ ᠭᠡᠳᠡᠭ ᠲᠦ᠍ ᠪᠤᠭᠤᠷᠴᠢ ᠡᠷᠡᠭᠡᠯᠵᠡᠬᠦ ᠦᠭᠡᠢ ᠢᠲᠡᠭᠡᠬᠦ ᠪᠣᠯᠵᠠᠢ᠃ ᠲᠡᠮᠦᠵᠢᠨ ᠳ᠋ᠦ᠍ ᠪᠤᠭᠤᠷᠴᠢ ᠠ᠋ᠴᠠ ᠥᠭᠡᠷ᠎ᠡ ᠦᠨᠡᠨᠴᠢ ᠠᠨᠳᠠ ᠦᠭᠡᠢ᠂ ᠪᠤᠭᠤᠷᠴᠢ ᠳ᠋ᠤ᠌ ᠲᠡᠮᠦᠵᠢᠨ ᠳ᠋ᠦ᠍ ᠵᠢᠳᠬᠦᠬᠦ ᠡᠴᠡ ᠥᠭᠡᠷ᠎ᠡ ᠡᠷᠬᠢᠮ ᠵᠣᠷᠢᠯᠭ᠎ᠠ ᠦᠭᠡᠢ ᠪᠠᠢᠯ᠎ᠠ᠃ ᠡᠨᠡ ᠪᠣᠯ ᠲᠡᠭᠷᠢ ᠶ᠋ᠢᠨ ᠬᠦᠰᠡᠯ ᠶᠦ᠍ᠮ᠃ ᠢᠩᠭᠢᠵᠦ ᠨᠥᠬᠥᠷᠯᠡᠭᠰᠡᠨ ᠡᠴᠡ ᠬᠣᠢᠰᠢ ᠡᠳᠦᠭᠡ ᠬᠦᠷᠲᠡᠯ᠎ᠡ ᠳᠥᠴᠢ ᠭᠠᠷᠤᠢ ᠵᠢᠯ ᠬᠠᠮᠲᠤ ᠵᠢᠳᠬᠦᠬᠦ ᠳ᠋ᠡᠭᠡᠨ ᠶᠠᠭᠤ ᠡᠰᠡ ᠶ᠋ᠢ ᠦᠵᠡᠵᠦ᠂ ᠶᠠᠭᠤ ᠡᠰᠡ ᠶ᠋ᠢ ᠬᠢᠪᠡ ᠳᠠ᠃ ᠭᠡᠪᠡᠴᠦ ᠪᠢ ᠶᠠᠭᠤᠨ ᠤ᠋ ᠤᠴᠢᠷ ᠲᠡᠮᠦᠵᠢᠨ ᠳ᠋ᠦ᠍ ᠠᠮᠢ ᠪᠠᠨ ᠦᠯᠦ ᠬᠠᠢᠷᠠᠯᠠᠨ ᠵᠢᠳᠬᠦᠪᠡ ᠭᠡᠵᠦ ᠡᠷᠡᠭᠡᠯᠵᠡᠨ ᠪᠣᠳᠣᠭᠰᠠᠨ ᠤᠳᠠᠭ᠎ᠠ ᠨᠢᠭᠡᠬᠡᠨ ᠴᠦ᠍ ᠦᠭᠡᠢ ᠶᠦ᠍ᠮ᠃ ᠨᠥᠬᠥᠷᠯᠡᠶ᠎ᠡ ᠭᠡᠮᠡᠨ ᠪᠡᠯᠭᠦᠳᠡᠢ ᠶ᠋ᠢ ᠵᠠᠷᠤᠵᠤ ᠢᠷᠡᠭᠦᠯᠦᠭᠰᠡᠨ ᠳ᠋ᠦ᠍ ᠮᠥᠨ ᠯᠡ ᠤᠷᠢᠳ ᠤ᠋ᠨ ᠠᠳᠠᠯᠢ ᠡᠴᠢᠭᠡ ᠳ᠋ᠡᠭᠡᠨ ᠬᠡᠯᠡᠯ ᠦᠭᠡᠢ ᠲᠡᠮᠦᠵᠢᠨ ᠤ ᠬᠦᠷᠢᠶᠡᠨ ᠳ᠋ᠦ᠍ ᠢᠷᠡᠭᠰᠡᠨ ᠡᠴᠡ ᠬᠣᠢᠰᠢ ᠲᠡᠳᠡ ᠬᠠᠭᠠᠴᠠᠭᠰᠠᠨ ᠦᠭᠡᠢ ᠣᠳᠣ ᠡᠨᠡ ᠪᠠᠷᠢᠬᠵᠠᠨ ᠠᠭᠤᠯᠠ ᠶ᠋ᠢᠨ ᠪᠠᠯ ᠳ᠋ᠤ᠌ ᠬᠠᠮᠲᠤ ᠬᠦᠷᠴᠡᠢ᠃ ᠣᠯᠠᠨ ᠵᠢᠯ ᠦ᠋ᠨ ᠤᠷᠲᠤ ᠳ᠋ᠤ᠌ ᠪᠠᠶᠠᠷ ᠭᠤᠨᠢᠭ᠂ ᠦᠬᠦᠯ ᠬᠠᠭᠠᠴᠠᠯ ᠬᠣᠣᠰᠯᠠᠭᠰᠠᠨ ᠲᠡᠢᠨ ᠳᠣᠯᠣᠭᠠᠨ ᠮᠡᠲᠦ ᠠᠮᠢᠳᠤᠷᠠᠯ ᠢ᠋ ᠥᠩᠭᠡᠷᠡᠭᠡᠬᠦ ᠳ᠋ᠡᠭᠡᠨ ᠲᠡᠮᠦᠵᠢᠨ ᠦ᠌ ᠢᠩᠭᠢᠵᠦ ᠭᠠᠩᠰᠠᠷᠠᠵᠤ ᠴᠢᠷᠠᠢ ᠠᠯᠳᠠᠬᠤ ᠶ᠋ᠢ ᠪᠣᠭᠣᠷᠴᠢ ᠶᠡᠷᠦ ᠦᠵᠡᠭᠰᠡᠨ ᠦᠭᠡᠢ᠃ ᠯᠠᠯᠤ ᠶ᠋ᠢᠨ ᠱᠠᠰᠢᠨᠲᠠᠨ ᠤ᠋ ᠨᠢᠭᠡᠳᠦᠭᠰᠡᠨ ᠤᠯᠤᠰ ᠢ᠋ ᠣᠯᠠᠨ ᠳ᠋ᠠᠭᠠᠨ ᠳᠡᠪᠰᠡᠵᠦ᠂ ᠥᠪᠡᠷ ᠦ᠋ᠨ ᠶᠡᠬᠡ ᠤᠯᠤᠰ ᠤ᠋ᠨ ᠬᠢᠵᠠᠭᠠᠷ ᠢ᠋ ᠭᠠᠵᠠᠷ ᠤ᠋ᠨ ᠳᠤᠮᠳᠠᠬᠢ ᠲᠠᠩᠭᠢᠰ ᠬᠡᠮᠡᠬᠦ ᠶᠡᠬᠡ ᠤᠰᠤᠨ ᠳ᠋ᠤ᠌ ᠬᠦᠷᠲᠡᠯ᠎ᠡ ᠲᠡᠯᠡᠭᠰᠡᠨ ᠳ᠋ᠦ᠍ ᠰᠡᠳᠬᠢᠯ ᠬᠠᠨᠤᠭ᠎ᠠ ᠦᠭᠡᠢ ᠭᠡᠬᠦ ᠳ᠋ᠦ᠍ ᠬᠡᠴᠡᠭᠦᠦ᠃ ᠴᠣᠪᠣᠭᠣ ᠵᠠᠩ ᠲᠠᠢ᠂ ᠠᠳᠠᠢᠷ ᠠᠭᠠᠰᠢ ᠲᠠᠢ ᠬᠤᠯᠠᠨ ᠬᠠᠲᠤᠨ ᠢ᠋ᠶ᠋ᠠᠨ ᠦᠬᠦᠭᠰᠡᠨ ᠳ᠋ᠦ᠍ ᠢᠩᠭᠢᠲᠡᠯ᠎ᠡ ᠪᠡᠨ ᠭᠤᠨᠢᠭᠯᠠᠨ᠎ᠠ ᠭᠡᠬᠦ ᠳ᠋ᠦ᠍ ᠢᠲᠡᠭᠡᠮ᠎ᠡ ᠦᠭᠡᠢ᠃ ᠬᠠᠷᠢᠨ ᠪᠠᠷᠢᠬᠵᠠᠨ ᠠᠭᠤᠯᠠ ᠠ᠋ᠴᠠ ᠪᠠᠭᠤᠵᠤ ᠢᠷᠡᠮᠡᠭᠴᠡ ᠦᠷᠭᠦᠭᠡᠨ ᠳ᠋ᠡᠭᠡᠨ ᠮᠣᠷᠢᠯᠠᠲᠠᠯᠠ ᠪᠠᠨ ᠨᠢᠭᠡ ᠴᠦ᠍ ᠦᠭᠡ ᠤᠨᠠᠭᠠᠭᠰᠠᠨ ᠦᠭᠡᠢ ᠨᠢ ᠶᠠᠭᠠᠬᠢᠪᠠᠴᠤ ᠰᠠᠢᠨ ᠤ᠋ ᠢᠷᠣ᠎ᠠ ᠪᠢᠰᠢ ᠪᠢᠯᠡ᠃
ᠪᠣᠭᠣᠷᠴᠢ ᠶ᠋ᠢ ᠦᠷᠭᠦᠭᠡᠨ ᠳ᠋ᠦ᠍ ᠣᠷᠣᠬᠤ ᠳ᠋ᠤ᠌ ᠶᠡᠬᠡ ᠳ᠋ᠧᠩ ᠦ᠋ᠨ ᠭᠡᠷᠡᠯ ᠮᠡᠯᠲᠡᠢᠵᠦ ᠴᠢᠩᠭᠢᠰ ᠬᠠᠭᠠᠨ ᠲᠡᠭᠦᠨ ᠦ᠌ ᠣᠷᠣᠵᠤ ᠢᠷᠡᠬᠦ ᠶ᠋ᠢ ᠬᠦᠯᠢᠶᠡᠨ ᠰᠠᠭᠤᠵᠤ ᠪᠠᠢᠯ᠎ᠠ᠃
| ᠪᠢ ᠬᠠᠭᠠᠨ ᠲᠠᠨ ᠤ᠋ ᠳᠠᠭᠤᠳᠠᠭᠰᠠᠨ ᠶᠣᠰᠣᠭᠠᠷ ᠢᠷᠡᠯ᠎ᠡ᠃
ᠪᠤᠭᠤᠷᠴᠢ ᠪᠦᠬᠦ ᠵᠦᠢᠯ ᠢ᠋ ᠶᠣᠰᠣᠴᠢᠯᠠᠨ ᠭᠦᠢᠴᠡᠳᠬᠡᠵᠦ ᠮᠡᠬᠦᠢᠨ ᠬᠦᠨᠳᠦᠳᠬᠡᠭᠡᠳ ᠵᠡᠭᠦᠨ ᠲᠠᠯ᠎ᠠ ᠳ᠋ᠤ᠌ ᠭᠠᠷᠴᠤ ᠰᠠᠭᠤᠪᠠ᠃ ᠰᠢᠷᠡᠭᠡᠨ ᠳ᠋ᠦ᠍ ᠲᠠᠩᠰᠤᠭ ᠵᠣᠭᠣᠭ ᠦᠷᠦᠭᠰᠡᠨ ᠨᠢ ᠤᠳᠠᠭᠠᠨ ᠰᠠᠭᠤᠵᠤ ᠶᠠᠷᠢᠯᠴᠠᠬᠤ ᠶ᠋ᠢᠨ ᠰᠢᠨᠵᠢ ᠠᠵᠢ᠃ ᠴᠢᠩᠭᠢᠰ ᠬᠠᠭᠠᠨ ᠪᠣᠳᠣᠯ ᠳ᠋ᠤ᠌ ᠠᠪᠲᠠᠵᠤ ᠦᠷᠴᠢᠯᠡᠭᠡᠲᠦ ᠴᠢᠷᠠᠢ ᠳ᠋ᠤᠨᠢ ᠵᠣᠬᠢᠭᠠ ᠦᠭᠡᠢ ᠮᠡᠲᠦ ᠬᠠᠷᠠᠭᠳᠠᠬᠤ ᠬᠠᠴᠢᠨ ᠲᠣᠳᠣ ᠬᠠᠷ᠎ᠠ ᠬᠥᠮᠥᠰᠬᠡ ᠨᠢ ᠵᠠᠩᠭᠢᠷᠠᠨ᠎ᠠ᠃ ᠴᠢᠩᠭᠢᠰ ᠬᠠᠭᠠᠨ ᠤ᠋ ᠦᠰᠦ᠂ ᠰᠠᠬᠠᠯ ᠪᠤᠭᠤᠷᠤᠯᠲᠤᠵᠤ ᠬᠠᠷᠢᠨ ᠬᠥᠮᠥᠰᠬᠡ ᠨᠢ ᠲᠣᠳᠣ ᠬᠠᠷ᠎ᠠ ᠪᠠᠷ ᠢ᠋ᠶ᠋ᠠᠨ ᠦᠯᠡᠳᠡᠵᠡᠢ᠃ ᠴᠢᠩᠭᠢᠰ ᠬᠠᠭᠠᠨ ᠦᠭᠡ ᠳᠠᠭᠤ ᠦᠭᠡᠢ ᠰᠢᠷᠡᠭᠡᠨ ᠳ᠋ᠡᠬᠢ ᠵᠣᠭᠣᠭ ᠤᠷᠤᠭᠤ ᠳᠣᠬᠢᠪᠠ᠃ ᠪᠤᠭᠤᠷᠴᠢ ᠴᠤ᠌ ᠡᠯᠳᠡᠪ ᠢ᠋ ᠠᠰᠠᠭᠤᠵᠤ ᠦᠭᠡ ᠡᠳᠦᠭᠰᠡᠨ ᠦᠭᠡᠢ᠃ ᠢᠳᠡᠭᠡ ᠪᠤᠳᠠᠭᠠᠨ ᠳ᠋ᠤ᠌ ᠬᠦᠷᠦᠭᠰᠡᠨ ᠪᠣᠯᠵᠤ᠂ ᠳᠠᠷᠠᠰᠤ ᠠᠭᠠᠵᠢᠭᠤᠬᠠᠨ ᠰᠢᠮᠡᠵᠦ ᠰᠠᠭᠤᠪᠠ᠃ ᠲᠡᠷᠡ ᠲᠡᠢ ᠲᠡᠷᠡ ᠦᠭᠡᠢ ᠴᠢᠩᠭᠢᠰ ᠬᠠᠭᠠᠨ ᠤ᠋ ᠦᠭᠡ ᠶ᠋ᠢ ᠬᠦᠯᠢᠶᠡᠬᠦ ᠬᠡᠷᠡᠭᠲᠡᠢ ᠲᠤᠯᠠ ᠶᠠᠭᠠᠷᠠᠬᠤ ᠰᠠᠨᠳᠤᠷᠬᠤ ᠵᠦᠢᠯ ᠪᠠᠢᠭᠰᠠᠨ ᠦᠭᠡᠢ᠃
| ᠪᠤᠭᠤᠷᠴᠢ ᠴᠢ ᠣᠲ᠋ᠷᠠᠷ ᠬᠣᠲᠠ ᠶ᠋ᠢ ᠡᠵᠡᠯᠡᠭᠰᠡᠨ ᠢ᠋ ᠰᠠᠨᠠᠵᠤ ᠪᠠᠢᠨ᠎ᠠ ᠤᠤ? ᠭᠡᠵᠦ ᠴᠢᠩᠭᠢᠰ ᠬᠠᠭᠠᠨ ᠵᠥᠭᠡᠯᠡᠬᠡᠨ ᠳᠤᠤᠭᠠᠷᠪᠠ᠃
| ᠰᠠᠨᠠᠵᠤ ᠪᠠᠢᠨ᠎ᠠ᠃
| ᠬᠠᠮᠤᠭ ᠤ᠋ᠨ ᠰᠡᠭᠦᠯ ᠳ᠋ᠦ᠍ ᠬᠣᠲᠠ ᠶ᠋ᠢᠨ ᠰᠦᠮ᠎ᠡ ᠳ᠋ᠦ᠍ ᠬᠡᠳᠦᠨ ᠵᠠᠭᠤᠨ ᠬᠥᠮᠦᠨ ᠣᠷᠣᠴᠢᠬᠠᠭᠠᠳ ᠪᠠᠭᠤᠵᠤ ᠥᠭᠭᠦᠯ ᠦᠭᠡᠢ ᠪᠦᠷ ᠲᠡᠨᠳᠡ ᠪᠡᠨ ᠰᠢᠳᠡᠵᠦ ᠦᠬᠦᠭᠰᠡᠨ ᠢ᠋ ᠰᠠᠨᠠᠵᠤ ᠪᠠᠢᠨ᠎ᠠ ᠤᠤ?
| ᠰᠠᠨᠠᠯ ᠦᠭᠡᠢ ᠶᠠᠭᠠᠬᠢᠬᠤ ᠪᠣᠢ? ᠲᠡᠨᠳᠡ ᠬᠡᠦᠬᠡᠳ᠂ ᠡᠮᠡᠭᠲᠡᠢ ᠬᠥᠮᠦᠨ ᠴᠦ᠍ ᠬᠦᠷᠲᠡᠯ᠎ᠡ ᠪᠠᠢᠭᠰᠠᠨ ᠰᠢᠦ᠃
ᠲᠡᠷᠡ ᠰᠦᠮ᠎ᠡ ᠶ᠋ᠢ ᠶᠠᠭᠠᠬᠢᠵᠤ ᠰᠢᠲᠠᠵᠤ᠂ ᠨᠤᠷᠠᠵᠤ ᠤᠨᠠᠨ ᠤᠨᠠᠲᠠᠯ᠎ᠠ ᠳᠣᠲᠣᠷ᠎ᠠ ᠠ᠋ᠴᠠ ᠨᠢ ᠠᠯᠯᠠ ᠲᠡᠭᠷᠢ ᠳ᠋ᠡᠭᠡᠨ ᠵᠠᠯᠪᠠᠷᠢᠬᠤ ᠬᠥᠮᠦᠰ ᠦ᠋ᠨ ᠬᠠᠰᠬᠢᠷᠤᠭᠠᠨ ᠰᠣᠨᠣᠰᠤᠭᠳᠠᠭᠰᠠᠭᠠᠷ ᠪᠠᠢᠭᠰᠠᠨ ᠢ᠋ ᠰᠠᠨᠠᠬᠤ ᠳ᠋ᠤ᠌ ᠭᠠᠯ ᠳ᠋ᠤ᠌ ᠲᠦᠯᠡᠭᠳᠡᠵᠦ ᠦᠬᠦᠭᠰᠡᠳ ᠦ᠋ᠨ ᠤᠬᠢᠯᠠᠭᠠᠨ ᠴᠢᠷᠠᠯᠠᠭᠠᠨ ᠣᠳᠣ ᠴᠤ᠌ ᠴᠢᠬᠢᠨ ᠳ᠋ᠦ᠍ᠨᠢ ᠰᠣᠨᠣᠰᠤᠭᠳᠠᠬᠤ ᠰᠢᠭ᠋ ᠪᠣᠯᠵᠤ ᠪᠤᠭᠤᠷᠴᠢ ᠮᠥᠷᠥ ᠪᠡᠨ ᠬᠠᠪᠴᠢᠪᠠ᠃ ᠬᠣᠲᠠ ᠠ᠋ᠴᠠ ᠪᠦᠲᠦᠨ ᠦᠯᠡᠳᠡᠭᠰᠡᠨ ᠲᠡᠷᠡ ᠯᠠᠯᠤ ᠶ᠋ᠢᠨ ᠱᠠᠰᠢᠨ ᠤ᠋ ᠰᠦᠮ᠎ᠡ ᠡᠨᠡ ᠨᠤᠲᠤᠭ ᠤ᠋ᠨ ᠬᠢᠨ ᠳ᠋ᠦ᠍ ᠠᠪᠤᠷᠠᠯ ᠤ᠋ᠨ ᠣᠳᠣ ᠶᠤᠮ ᠰᠢᠭ᠋ ᠰᠠᠨᠠᠭᠳᠠᠭᠰᠠᠨ ᠪᠢᠵᠡ᠃ ᠰᠦᠮ᠎ᠡ ᠳ᠋ᠦ᠍ ᠰᠢᠷᠭᠤᠭᠰᠠᠳ ᠪᠠᠭᠤᠵᠤ ᠥᠭᠭᠦᠭᠰᠡᠨ ᠦᠭᠡᠢ ᠲᠤᠯᠠ ᠰᠦᠮ᠎ᠡ ᠶ᠋ᠢ ᠭᠠᠯᠳᠠᠨ ᠰᠢᠲᠠᠭᠠᠭᠰᠠᠨ ᠪᠢᠯᠡ᠃ ᠭᠠᠯ ᠳᠦᠷᠡᠯᠵᠡᠮᠡᠭᠴᠡ ᠪᠦᠭᠦᠳᠡ ᠭᠦᠶᠦᠯᠳᠦᠨ ᠭᠠᠷᠴᠤ ᠢᠷᠡᠨ᠎ᠡ ᠭᠡᠵᠦ ᠮᠣᠩᠭᠣᠯᠴᠤᠳ ᠪᠠᠬᠠᠳᠤᠨ ᠬᠦᠯᠢᠶᠡᠵᠦ ᠪᠠᠢᠪᠠ᠃ ᠭᠡᠲᠡᠯ᠎ᠡ ᠬᠡᠨ ᠴᠦ᠍ ᠭᠠᠷᠴᠤ ᠢᠷᠡᠭᠰᠡᠨ ᠦᠭᠡᠢ᠃ ᠪᠦᠭᠦᠳᠡ ᠠᠯᠯᠠ ᠲᠡᠭᠷᠢ ᠳ᠋ᠡᠭᠡᠨ ᠵᠠᠯᠪᠠᠷᠢᠭᠰᠠᠭᠠᠷ ᠰᠢᠲᠠᠵᠤ ᠦᠬᠦᠬᠦ ᠶ᠋ᠢ ᠦᠵᠡᠵᠡᠢ᠃ ᠳᠥᠷᠪᠡᠨ ᠵᠢᠯ ᠭᠠᠷᠤᠢ ᠶ᠋ᠢᠨ ᠡᠮᠦᠨ᠎ᠡ ᠪᠣᠯᠤᠭᠰᠠᠨ ᠬᠡᠷᠡᠭ ᠶᠠᠪᠤᠳᠠᠯ ᠢ᠋ ᠶᠠᠭᠠᠬᠢᠬᠤ ᠭᠡᠵᠦ ᠴᠢᠩᠭᠢᠰ ᠬᠠᠭᠠᠨ ᠡᠨᠡ ᠦᠳᠡᠰᠢ ᠴᠣᠬᠣᠨ ᠠᠰᠠᠭᠤᠭᠰᠠᠨ ᠤ᠋ ᠤᠴᠢᠷ ᠢ᠋ ᠪᠤᠭᠤᠷᠴᠢ ᠣᠯᠤᠭᠰᠠᠨ ᠦᠭᠡᠢ᠃ ᠪᠠᠰᠠ ᠴᠢᠩᠭᠢᠰ ᠬᠠᠭᠠᠨ ᠴᠣᠬᠣᠮ ᠶᠠᠭᠤ ᠭᠡᠵᠦ ᠬᠠᠷᠢᠭᠤᠯᠬᠤ ᠶ᠋ᠢ ᠱᠠᠭᠠᠷᠳᠠᠵᠤ ᠪᠠᠢᠭ᠎ᠠ ᠶ᠋ᠢ ᠤᠬᠠᠭᠠᠷᠠᠭᠰᠠᠨ ᠦᠭᠡᠢ᠃
| ᠬᠠᠭᠠᠨ ᠲᠠ ᠶᠠᠭᠤᠨ ᠤ᠋ ᠤᠴᠢᠷ ᠡᠭᠦᠨ ᠢ᠋ ᠨᠠᠳᠠ ᠠ᠋ᠴᠠ ᠠᠰᠠᠭᠤᠨ᠎ᠠ ᠪᠣᠢ? ᠦᠬᠦᠭᠰᠡᠨ ᠪᠣᠯᠭᠠᠨ ᠤ᠋ ᠤᠴᠢᠷ ᠢ᠋ ᠣᠯᠬᠤ ᠭᠡᠪᠡᠯ ᠨᠠᠰᠤ ᠮᠢᠨᠢ ᠬᠦᠷᠬᠦ ᠦᠭᠡᠢ ᠪᠢᠵᠡ ᠭᠡᠵᠦ ᠪᠤᠭᠤᠷᠴᠢ ᠬᠠᠷᠢᠭᠤᠯᠲᠠ ᠠ᠋ᠴᠠ ᠲᠣᠭᠣᠷᠢᠨ ᠭᠠᠷᠬᠤ ᠠᠷᠭ᠎ᠠ ᠬᠠᠢᠵᠤ ᠬᠡᠯᠡᠪᠡ᠃ ᠪᠤᠭᠤᠷᠴᠢ ᠶ᠋ᠢᠨ ᠡᠯ᠎ᠡ ᠦᠭᠡᠨ ᠳ᠋ᠦ᠍ ᠴᠢᠩᠭᠢᠰ ᠬᠠᠭᠠᠨ ᠰᠠᠬᠠᠯ ᠳᠣᠲᠣᠷ᠎ᠠ ᠪᠠᠨ ᠵᠤᠮᠠᠯᠵᠠᠨ ᠢᠨᠢᠶᠡᠬᠦ ᠨᠢ ᠪᠤᠭᠤᠷᠴᠢ ᠶ᠋ᠢᠨ ᠵᠠᠯᠢ ᠶ᠋ᠢ ᠶᠠᠭ ᠳᠠᠭᠠᠭᠰᠠᠨ ᠬᠡᠷᠡᠭ ᠶᠦᠮ᠃ ᠪᠤᠰᠤᠳ ᠢ᠋ ᠱᠣᠣᠯᠠᠵᠤ ᠳᠣᠭᠣᠭᠢᠯᠠᠭᠰᠠᠨ ᠦᠶ᠎ᠡ ᠳ᠋ᠡᠭᠡᠨ ᠲᠡᠮᠦᠵᠢᠨ ᠢᠩᠭᠢᠵᠦ ᠰᠠᠬᠠᠯ ᠳᠣᠣᠷ᠎ᠠ ᠪᠠᠨ ᠰᠡᠮᠬᠡᠨ ᠵᠤᠮᠠᠯᠵᠠᠨ ᠢᠨᠢᠶᠡᠮᠰᠦᠭᠯᠡᠳᠡᠭ ᠪᠢᠯᠡ᠃
| ᠪᠤᠭᠤᠷᠴᠢ᠂ ᠶᠠᠭᠤᠨ ᠳ᠋ᠤ᠌ ᠢᠩᠭᠢᠵᠦ ᠦᠨᠡᠨ ᠦᠭᠡ ᠬᠡᠯᠡᠬᠦ ᠡᠴᠡ ᠵᠠᠢᠯᠠᠨ᠎ᠠ ᠪᠣᠢ? ᠵᠠ ᠶᠠᠭᠠᠬᠢᠬᠤ ᠪᠣᠢ? ᠪᠢ ᠴᠢᠮ᠎ᠠ ᠳ᠋ᠤ᠌ ᠤᠴᠢᠷ ᠢ᠋ ᠬᠡᠯᠡᠶ᠎ᠡ᠃ ᠲᠡᠳᠡ ᠴᠢᠩᠭᠢᠰ ᠬᠠᠭᠠᠨ ᠨᠠᠮᠠᠶ᠋ᠢ ᠠᠯᠯᠠ ᠲᠩᠷᠢ ᠡᠴᠡ ᠪᠡᠨ ᠳᠣᠣᠷ᠎ᠠ ᠳ᠋ᠤ᠌ ᠦᠵᠡᠭᠰᠡᠨ ᠲᠤᠯᠠ ᠠᠮᠢ ᠪᠠᠨ ᠬᠠᠢᠷᠠᠯᠠᠭᠰᠠᠨ ᠦᠭᠡᠢ ᠰᠦᠮ᠎ᠡ ᠳ᠋ᠦ᠍ ᠰᠢᠳᠡᠵᠦ ᠦᠬᠦᠵᠡᠢ᠃
ᠴᠢᠩᠭᠢᠰ ᠬᠠᠭᠠᠨ ᠤ᠋ ᠡᠨᠡ ᠦᠭᠡ ᠰᠠᠨᠠᠭᠠᠨ ᠳ᠋ᠤ᠌ ᠣᠷᠣᠮ᠎ᠠ ᠦᠭᠡᠢ ᠪᠠᠢᠭᠰᠠᠨ ᠳ᠋ᠤ᠌ ᠪᠤᠭᠤᠷᠴᠢ ᠰᠠᠨᠳᠤᠷᠪᠠ᠃
| ᠬᠡᠷᠪᠡ ᠲᠡᠳᠡ ᠨᠠᠮᠠᠶ᠋ᠢ ᠦᠬᠦᠯ ᠡᠴᠡ ᠳᠡᠭᠡᠷ᠎ᠡ ᠳ᠋ᠦ᠍ ᠦᠵᠡᠭᠰᠡᠨ ᠪᠣᠯ ᠪᠦᠭᠦᠳᠡ ᠠᠮᠢ ᠪᠠᠨ ᠠᠪᠤᠷᠠᠬᠤ ᠪᠠᠷ ᠭᠠᠷᠴᠤ ᠭᠦᠶᠦᠯᠳᠦᠬᠦ ᠪᠠᠢᠯ᠎ᠠ᠃ ᠴᠢᠩᠭᠢᠰ ᠬᠠᠭᠠᠨ ᠨᠠᠳᠠᠳᠤ ᠪᠠᠭᠤᠵᠤ ᠥᠭᠬᠦ ᠨᠢ ᠠᠯᠯᠠ ᠲᠩᠷᠢ ᠲᠡᠢ ᠴᠣᠭ ᠦᠬᠦᠭᠰᠡᠨ ᠡᠴᠡ ᠳᠣᠣᠷ᠎ᠠ ᠬᠡᠷᠡᠭ ᠭᠡᠵᠦ ᠲᠡᠳᠡ ᠦᠵᠡᠵᠡᠢ᠃
| ᠪᠢ ᠬᠠᠭᠠᠨ ᠲᠠᠨ ᠤ᠋ ᠦᠭᠡ ᠶ᠋ᠢ ᠰᠠᠢᠲᠤᠷ ᠤᠬᠠᠬᠤ ᠦᠭᠡᠢ ᠪᠠᠢᠨ᠎ᠠ ᠭᠡᠵᠦ ᠪᠤᠭᠤᠷᠴᠢ ᠰᠢᠭᠤᠳ ᠦᠨᠡᠨ ᠢ᠋ᠶ᠋ᠡᠨ ᠬᠡᠯᠡᠪᠡ᠃
| ᠡᠨᠡ ᠪᠣᠯ ᠰᠤᠮᠤᠨ ᠳ᠋ᠤ᠌ ᠣᠨᠣᠭᠳᠠᠵᠤ᠂ ᠰᠡᠯᠡᠮᠡᠨ ᠳ᠋ᠦ᠍ ᠴᠠᠪᠴᠢᠭᠳᠠᠨ ᠦᠬᠦᠬᠦ ᠡᠴᠡ ᠣᠭᠲᠣ ᠥᠭᠡᠷ᠎ᠡ ᠬᠡᠷᠡᠭ ᠶᠦᠮ᠃ ᠪᠢ ᠡᠭᠦᠨ ᠢ᠋ ᠣᠢᠯᠠᠭᠠᠭᠰᠠᠨ ᠦᠭᠡᠢ ᠶᠠᠪᠤᠵᠠᠢ᠃
ᠢᠩᠭᠢᠵᠦ ᠬᠡᠯᠡᠭᠡᠳ ᠴᠢᠩᠭᠢᠰ ᠬᠠᠭᠠᠨ ᠭᠦᠨᠵᠡᠭᠡᠢ ᠰᠠᠨᠠᠭ᠎ᠠ ᠠᠯᠳᠠᠪᠠ᠃ ᠪᠤᠭᠤᠷᠴᠢ ᠲᠡᠭᠦᠨ ᠦ᠌ ᠢᠩᠭᠢᠵᠦ ᠳᠣᠣᠷ᠎ᠠ ᠣᠷᠣᠵᠤ ᠳᠣᠷᠣᠢ ᠰᠠᠭᠤᠬᠤ ᠶ᠋ᠢ ᠦᠵᠡᠭᠰᠡᠨ ᠦᠭᠡᠢ ᠲᠤᠯᠠ ᠶᠡᠬᠡᠳᠡ ᠭᠠᠢᠬᠠᠵᠠᠢ᠃ ᠴᠢᠩᠭᠢᠰ ᠬᠠᠭᠠᠨ ᠤ᠋ ᠰᠡᠳᠬᠢᠯ ᠦ᠋ᠨ ᠭᠦᠨ ᠳ᠋ᠦ᠍ ᠴᠣᠬᠣᠮ ᠶᠠᠭᠤ ᠥᠭᠡᠷᠡᠴᠢᠯᠡᠭᠳᠡᠭᠰᠡᠨ ᠢ᠋ ᠲᠡᠷᠡ ᠮᠡᠳᠡᠭᠰᠡᠨ ᠦᠭᠡᠢ᠃
| ᠡᠨᠡ ᠶᠢᠷᠲᠢᠨᠴᠦ ᠶ᠋ᠢᠨ ᠪᠦᠬᠦ ᠬᠥᠮᠦᠰ ᠨᠠᠮᠠᠶ᠋ᠢ ᠠᠪᠤᠷᠠᠭᠴᠢ ᠲᠩᠷᠢ ᠪᠡᠨ ᠭᠡᠵᠦ ᠦᠵᠡᠬᠦ ᠶ᠋ᠢ ᠪᠢ ᠬᠦᠰᠡᠨ᠎ᠡ᠃ ᠴᠢᠩᠭᠢᠬᠦ ᠦᠭᠡᠢ ᠠᠪᠠᠰᠤ ᠶᠢᠷᠲᠢᠨᠴᠦ ᠶ᠋ᠢᠨ ᠲᠠᠯ᠎ᠠ ᠶ᠋ᠢ ᠡᠵᠡᠯᠡᠵᠦ ᠶᠡᠬᠡ ᠬᠠᠭᠠᠨ ᠰᠠᠭᠤᠬᠤ ᠶ᠋ᠢᠨ ᠬᠡᠷᠡᠭ ᠶᠠᠭᠤᠨ? ᠪᠤᠭᠤᠷᠴᠢ ᠴᠢ ᠮᠢᠨᠦ ᠦᠭᠡ ᠶ᠋ᠢ ᠤᠬᠠᠵᠤ ᠣᠢᠯᠠᠭᠠᠬᠤ ᠭᠡᠵᠦ ᠰᠠᠨᠠᠭ᠎ᠠ ᠰᠡᠳᠬᠢᠯ ᠢ᠋ᠶ᠋ᠡᠨ ᠪᠦᠦ ᠵᠤᠪᠠᠭ᠎ᠠ᠃ ᠪᠢ ᠴᠢᠮᠠᠲᠤ ᠬᠡᠯᠡᠬᠦ ᠦᠭᠡᠢ ᠪᠣᠯ ᠥᠭᠡᠷ᠎ᠡ ᠬᠡᠨ ᠳ᠋ᠦ᠍ ᠬᠡᠯᠡᠬᠦ ᠪᠢᠯᠡ? ᠲᠡᠷᠡ ᠠᠯᠯᠠ ᠭᠡᠭᠴᠢ ᠨᠢ ᠲᠩᠷᠢ ᠪᠢᠰᠢ ᠠᠵᠢ᠃ ᠬᠡᠷᠪᠡ ᠠᠯᠯᠠ ᠲᠩᠷᠢ ᠪᠠᠢᠭᠰᠠᠨ ᠪᠣᠯ ᠰᠠᠶᠢ ᠨᠠᠳᠠ ᠲᠠᠢ ᠶᠠᠷᠢᠬᠤ ᠪᠠᠢᠪᠠ᠃ ᠭᠡᠪᠡᠴᠦ ᠲᠡᠷᠡ ᠮᠢᠨᠦ ᠦᠭᠡᠨ ᠳ᠋ᠦ᠍ ᠬᠠᠷᠢᠭᠤ ᠡᠰᠡ ᠳᠤᠤᠭᠠᠷᠪᠠ᠃ ᠡᠨᠡ ᠬᠤᠷᠽᠧᠮ ᠦ᠋ᠨ ᠲᠩᠷᠢ ᠳᠦᠯᠡᠢ ᠠᠵᠢ᠃ ᠭᠡᠲᠡᠯ᠎ᠡ ᠲᠡᠷᠡ ᠠᠯᠯᠠ᠂ ᠬᠥᠮᠦᠨ ᠦ᠌ ᠦᠭᠡ ᠶ᠋ᠢ ᠰᠣᠨᠣᠰᠬᠤ ᠦᠭᠡᠢ ᠮᠥᠷᠲᠡᠭᠡᠨ ᠲᠡᠳᠡ ᠶᠠᠭᠠᠬᠢᠬᠤ ᠭᠡᠵᠦ ᠲᠡᠭᠦᠨ ᠦ᠌ ᠲᠥᠯᠥᠭᠡ ᠦᠬᠦᠪᠡ᠃ ᠪᠢ ᠡᠭᠦᠨ ᠢ᠋ ᠡᠰᠡ ᠣᠢᠯᠠᠭᠠᠨ᠎ᠠ ᠭᠡᠵᠦ ᠴᠢᠩᠭᠢᠰ ᠬᠠᠭᠠᠨ ᠰᠠᠬᠠᠯ ᠢ᠋ᠶ᠋ᠠᠨ ᠢᠯᠪᠢᠨ ᠭᠠᠭᠴᠠᠭᠠᠷ ᠶᠠᠷᠢᠪᠠ᠃ ᠶᠢᠷᠲᠢᠨᠴᠦ ᠭᠠᠭᠴᠠ ᠲᠩᠷᠢ ᠲᠡᠢ ᠭᠡᠵᠦ ᠢᠲᠡᠭᠡᠵᠦ ᠶᠠᠪᠤᠭᠰᠠᠨ ᠠᠲᠠᠯ᠎ᠠ ᠬᠤᠷᠽᠧᠮ ᠦ᠋ᠨ ᠲᠩᠷᠢ ᠴᠢᠩᠭᠢᠰ ᠬᠠᠭᠠᠨ ᠤ᠋ ᠦᠭᠡ ᠶ᠋ᠢ ᠰᠣᠨᠣᠰᠤᠭ᠎ᠠ ᠦᠭᠡᠢ ᠨᠢ ᠲᠡᠭᠦᠨ ᠢ᠋ ᠢᠩᠭᠢᠵᠦ ᠭᠦᠨ ᠪᠣᠳᠣᠯ ᠳ᠋ᠤ᠌ ᠤᠨᠠᠭᠠᠭᠰᠠᠨ ᠪᠣᠯᠬᠤ ᠶ᠋ᠢ ᠪᠤᠭᠤᠷᠴᠢ ᠰᠠᠶᠢ ᠬᠠᠯᠲᠤ ᠮᠥᠯᠲᠥ ᠭᠠᠳᠠᠷᠯᠠᠵᠤ ᠡᠬᠢᠯᠡᠪᠡ᠃ ᠪᠠᠰᠠ ᠬᠤᠯᠠᠨ ᠬᠠᠲᠤᠨ ᠭᠠᠵᠠᠷ ᠣᠷᠣᠨ ᠤ᠋ ᠯᠤᠤᠰ ᠰᠠᠪᠳᠠᠭ ᠤ᠋ᠨ ᠬᠣᠣᠷᠯᠠᠯ ᠪᠣᠯᠵᠤ ᠦᠬᠦᠭᠰᠡᠨ ᠢ᠋ ᠴᠦ᠍ ᠪᠣᠳᠣᠪᠠ᠃
| ᠴᠢᠩᠭᠢᠰ ᠬᠠᠭᠠᠨ ᠲᠠ ᠬᠡᠷᠬᠢᠬᠦ ᠭᠡᠵᠦ ᠪᠣᠳᠣᠨ᠎ᠠ ᠪᠣᠢ? ᠪᠢᠳᠡ ᠪᠠᠷᠠᠭᠤᠨ ᠵᠦᠭ ᠲᠦ᠍ ᠵᠣᠷᠢᠭᠰᠠᠨ ᠬᠡᠷᠡᠭ ᠢ᠋ᠶ᠋ᠡᠨ ᠭᠦᠢᠴᠡᠭᠡᠵᠦ ᠭᠠᠵᠠᠷ ᠤ᠋ᠨ ᠳᠤᠮᠳᠠᠬᠢ ᠲᠠᠩᠭᠢᠰ ᠬᠦᠷᠲᠡᠯᠡᠬᠢ ᠨᠤᠲᠤᠭ ᠢ᠋᠂ ᠯᠠᠯᠤ ᠶ᠋ᠢᠨ ᠱᠠᠰᠢᠨᠲᠠᠨ ᠤ᠋ ᠶᠡᠬᠡ ᠤᠯᠤᠰ ᠢ᠋ ᠬᠣᠷᠢᠶᠠᠨ ᠠᠪᠤᠯ᠎ᠠ᠃ ᠣᠳᠣ ᠬᠡᠷᠡᠭ ᠨᠢᠭᠡᠨᠲᠡ ᠡᠢᠮᠦ ᠳ᠋ᠡᠭᠡᠨ ᠬᠦᠷᠦᠭᠰᠡᠨ ᠲᠤᠯᠠ ᠬᠠᠯᠠᠭᠤᠨ ᠪᠦᠭᠴᠢᠮ᠎ᠡ ᠡᠨᠡ ᠭᠠᠵᠠᠷ ᠲᠤ᠌ ᠬᠥᠮᠦᠨ᠂ ᠮᠣᠷᠢ ᠪᠠᠨ ᠵᠣᠪᠠᠭᠠᠨ ᠰᠤᠯᠠ ᠬᠡᠪᠲᠡᠬᠦ ᠶ᠋ᠢᠨ ᠬᠡᠷᠡᠭ ᠶᠠᠭᠤᠨ᠃ ᠶᠡᠬᠡ ᠴᠡᠷᠢᠭ ᠨᠤᠲᠤᠭ ᠢ᠋ᠶ᠋ᠠᠨ ᠰᠠᠨᠠᠵᠤ ᠴᠢᠯᠡᠵᠦ ᠭᠦᠢᠴᠡᠯ᠎ᠡ᠃ ᠲᠡᠳᠡ ᠪᠦᠭᠦᠳᠡᠭᠡᠷ ᠶᠡᠬᠡ ᠢᠯᠠᠯᠲᠠ ᠶ᠋ᠢᠨ ᠪᠠᠶᠠᠷ ᠬᠥᠷ ᠢ᠋ᠶ᠋ᠡᠨ ᠠᠷᠤ ᠭᠡᠷ᠂ ᠠᠮᠠᠷᠠᠭ ᠰᠠᠳᠤᠨ ᠲᠠᠢ ᠪᠠᠨ ᠬᠤᠪᠢᠶᠠᠯᠴᠠᠬᠤ ᠶ᠋ᠢ ᠬᠦᠰᠡᠵᠦ ᠪᠠᠢᠨ᠎ᠠ᠃ ᠴᠢᠩᠭᠢᠰ ᠬᠠᠭᠠᠨ ᠲᠠ ᠵᠠᠷᠯᠢᠭ ᠢ᠋ᠶ᠋ᠠᠨ ᠪᠠᠭᠤᠯᠭ᠎ᠠ᠃ ᠨᠤᠲᠤᠭ ᠲᠠᠭᠠᠨ ᠣᠴᠢᠵᠤ ᠬᠡᠷᠦᠯᠦᠨ᠂ ᠲᠤᠤᠯᠠ ᠶ᠋ᠢᠨ ᠢ᠋ᠶ᠋ᠡᠨ ᠬᠥᠪᠡᠭᠡᠨ ᠳ᠋ᠦ᠍ ᠰᠡᠷᠢᠭᠦᠨ ᠰᠠᠯᠬᠢᠨ ᠳ᠋ᠤ᠌ ᠴᠡᠩᠭᠡᠵᠦ ᠰᠠᠭᠤᠭᠲᠤᠨ᠃ ᠢᠩᠭᠢᠬᠦ ᠶ᠋ᠢ ᠪᠢᠳᠡ ᠪᠦᠭᠦᠳᠡ ᠬᠦᠰᠡᠨ᠎ᠡ᠃
ᠪᠤᠭᠤᠷᠴᠢ ᠶ᠋ᠢᠨ ᠡᠨᠡ ᠦᠭᠡ ᠶ᠋ᠢ ᠬᠡᠯᠡᠭᠰᠡᠨ ᠦ᠌ ᠬᠣᠢᠨ᠎ᠠ ᠦᠷᠭᠦᠭᠡᠨ ᠳ᠋ᠦ᠍ ᠨᠢᠭᠡ ᠬᠡᠰᠡᠭ ᠨᠠᠮ ᠵᠢᠮ ᠪᠣᠯᠪᠠ᠃ ᠪᠤᠭᠤᠷᠴᠢ ᠰᠡᠭᠦᠯ ᠦ᠋ᠨ ᠬᠡᠳᠦᠨ ᠰᠠᠷ᠎ᠠ ᠰᠤᠯᠠ ᠳᠡᠮᠡᠢ ᠰᠠᠭᠤᠬᠤ ᠳ᠋ᠠᠭᠠᠨ ᠬᠡᠯᠡᠶ᠎ᠡ ᠭᠡᠵᠦ ᠪᠣᠳᠣᠭᠰᠠᠨ ᠢ᠋ᠶ᠋ᠠᠨ ᠰᠠᠶᠢ ᠬᠡᠯᠡᠵᠦ ᠰᠠᠨᠠᠭ᠎ᠠ ᠨᠢ ᠠᠮᠠᠷᠠᠪᠠ᠃ ᠪᠠᠰᠠ ᠴᠢᠩᠭᠢᠰ ᠬᠠᠭᠠᠨ ᠲᠩᠷᠢ ᠡᠴᠡ ᠴᠣᠬᠣᠮ ᠡᠢᠮᠦ ᠦᠭᠡ ᠰᠣᠨᠣᠰᠤᠭᠰᠠᠨ ᠪᠠᠢᠬᠤ ᠶᠣᠰᠣᠲᠠᠢ ᠭᠡᠵᠦ ᠢᠲᠡᠭᠡᠵᠦ ᠪᠠᠢᠪᠠ᠃ ᠪᠤᠭᠤᠷᠴᠢ ᠠᠯᠲᠠᠢ ᠶ᠋ᠢᠨ ᠨᠢᠷᠤᠭᠤᠨ ᠤ᠋ ᠠᠷᠤ ᠳ᠋ᠠᠬᠢ ᠥᠪᠡᠷ ᠦ᠋ᠨ ᠢ᠋ᠶ᠋ᠡᠨ ᠥᠷᠭᠥᠭᠡ ᠭᠡᠷ ᠲᠡᠭᠡᠨ ᠣᠴᠢᠬᠤ ᠶ᠋ᠢ ᠲᠤᠢᠯ ᠦᠭᠡᠢ ᠶᠡᠬᠡ ᠪᠡᠷ ᠬᠦᠰᠡᠵᠦ ᠪᠠᠢᠯ᠎ᠠ᠃ ᠰᠥᠨᠢ ᠪᠦᠷᠢ ᠬᠥᠭᠡᠷᠦᠬᠦᠢ ᠭᠦᠮᠦᠳᠠ ᠨᠢ ᠵᠡᠭᠦᠳᠦᠯᠡᠭᠳᠡᠵᠦ᠂ ᠬᠠᠭᠤᠴᠢᠨ ᠰᠢᠷᠬ᠎ᠠ ᠰᠠᠳᠠᠷᠠᠨ ᠡᠪᠡᠳᠬᠦ ᠰᠢᠭ ᠰᠡᠳᠬᠢᠯ ᠰᠢᠨᠠᠯᠤᠨ ᠥᠰᠦᠭᠰᠡᠨ ᠨᠤᠲᠤᠭ ᠨᠢ ᠬᠦᠰᠡᠭᠳᠡᠬᠦ ᠪᠢᠯᠡ᠃ ᠡᠨᠡ ᠪᠣᠯ ᠲᠡᠭᠦᠨ ᠦ᠌ ᠡᠪᠦᠭᠡᠷᠡᠵᠦ᠂ ᠶᠠᠳᠠᠷᠠᠭᠰᠠᠨ ᠤ᠋ ᠬᠢ ᠪᠠᠢᠪᠠ᠃ ᠳᠠᠯᠠᠢᠭᠰᠠᠨ ᠰᠡᠯᠡᠮ᠎ᠡ ᠪᠡᠨ ᠪᠠᠭᠤᠯᠭᠠᠯ ᠦᠭᠡᠢ ᠰᠢᠬᠠᠮ ᠶᠠᠪᠤᠭᠰᠠᠨ ᠲᠠᠪᠤᠨ ᠵᠢᠯ ᠥᠩᠭᠡᠷᠡᠵᠦ ᠰᠸᠢᠢᠷ ᠳ᠋ᠠᠷᠢᠶᠠ᠂ ᠠᠮᠥ᠋ ᠳ᠋ᠠᠷᠢᠶᠠ᠂ ᠢᠨᠳᠢ᠂ ᠢᠫᠷᠡᠲ᠋᠂ ᠲᠢᠭᠡᠷ ᠲᠠᠪᠤᠨ ᠶᠡᠬᠡ ᠮᠥᠷᠡᠨ ᠤ ᠨᠤᠲᠤᠭ᠂ ᠢᠷᠭᠡᠳ ᠠᠷᠠᠳ ᠢ᠋ ᠡᠵᠡᠯᠡᠨ ᠠᠪᠴᠠᠢ᠃ ᠣᠳᠣ ᠰᠦᠪᠡᠭᠡᠳᠡᠢ᠂ ᠵᠡᠪᠡ ᠬᠣᠶᠠᠷ ᠰᠢᠯᠢᠳᠡᠭ ᠴᠡᠷᠢᠭ ᠢ᠋ᠶ᠋ᠡᠨ ᠮᠠᠩᠯᠠᠢᠯᠠᠨ ᠪᠠᠷᠠᠭᠤᠨ᠂ ᠤᠮᠠᠷ᠎ᠠ ᠵᠦᠭ ᠦᠵᠡᠭᠡ ᠦᠭᠡᠢ ᠨᠤᠲᠤᠭ ᠤ᠋ᠨ ᠭᠦᠨ ᠤᠷᠤᠭᠤ ᠵᠥᠭᠡᠯᠡᠨ ᠮᠣᠳᠣᠨ ᠳ᠋ᠤ᠌ ᠴᠦᠴᠡ ᠰᠢᠭᠠᠬᠤ ᠠᠳᠠᠯᠢ ᠶᠠᠭᠠᠷᠠᠨ ᠲᠠᠪᠰᠢᠭᠰᠠᠭᠠᠷ ᠠᠵᠢ᠃ ᠲᠡᠳᠡ ᠡᠷᠭᠢᠵᠦ ᠪᠤᠴᠠᠬᠤ ᠠ᠋ᠴᠠ ᠨᠢᠭᠡᠨᠲᠡ ᠥᠩᠭᠡᠷᠡᠵᠡᠢ᠃ ᠴᠢᠰᠤᠨ ᠤ᠋ ᠦᠨᠦᠷ ᠠᠪᠤᠭᠰᠠᠨ ᠥᠯᠥᠰᠬᠦᠯᠡᠩ ᠴᠢᠨᠣ᠎ᠠ ᠰᠢᠭ᠋ ᠤᠯᠠᠢᠷᠠᠨ ᠳᠣᠪᠲᠣᠯᠵᠤ ᠪᠠᠢᠭ᠎ᠠ ᠶ᠋ᠢ ᠪᠤᠭᠤᠷᠴᠢ ᠮᠡᠳᠡᠵᠦ ᠪᠠᠢᠪᠠ᠃ ᠰᠦᠪᠡᠭᠡᠳᠡᠢ ᠶ᠋ᠢᠨ ᠣᠷᠣᠨ ᠳ᠋ᠤ᠌ ᠪᠤᠭᠤᠷᠴᠢ ᠪᠠᠢᠭᠰᠠᠨ ᠴᠤ᠌ ᠴᠢᠩᠭᠢᠬᠦ ᠪᠠᠢᠭᠰᠠᠨ ᠪᠢᠵᠡ ᠠ᠋᠃ ᠴᠢᠰᠤ᠂ ᠢᠯᠠᠯᠲᠠ ᠶ᠋ᠢᠨ ᠠᠮᠲᠠᠨ ᠳ᠋ᠤ᠌ ᠰᠣᠭᠲᠣᠭᠤᠷᠠᠭᠰᠠᠨ ᠨᠣᠬᠠᠳ ᠢ᠋ ᠭᠡᠳᠡᠷᠭᠦ ᠣᠭᠵᠣᠮ ᠲᠠᠲᠠᠪᠠᠯ ᠡᠷᠭᠢᠵᠦ ᠡᠵᠡᠨ ᠢ᠋ᠶ᠋ᠡᠨ ᠨᠣᠴᠣᠬᠤ ᠴᠤ᠌ ᠠᠶᠤᠯ ᠲᠠᠢ᠃ ᠶᠠᠭ ᠡᠢᠮᠦ ᠶᠠᠪᠤᠳᠠᠯ᠂ ᠠᠯᠲᠠᠨ ᠤᠯᠤᠰ ᠢ᠋ ᠳᠠᠢᠯᠠᠬᠤ ᠳ᠋ᠤ᠌ ᠪᠣᠯᠤᠭᠰᠠᠨ ᠢ᠋ ᠪᠤᠭᠤᠷᠴᠢ ᠰᠠᠨᠠᠵᠤ ᠪᠠᠢᠯ᠎ᠠ᠃ ᠠᠯᠲᠠᠨ ᠬᠠᠭᠠᠨ ᠶᠡᠬᠡ ᠪᠡᠯᠡᠭ ᠰᠡᠯᠲᠡ ᠢᠯᠡᠬᠡᠨ ᠴᠢᠩᠭᠢᠰ ᠬᠠᠭᠠᠨ ᠳ᠋ᠤ᠌ ᠳᠠᠭᠠᠵᠤ ᠣᠷᠣᠬᠤ ᠶ᠋ᠢ ᠭᠤᠶᠤᠭᠰᠠᠨ ᠳ᠋ᠤ᠌ ᠵᠥᠪᠰᠢᠶᠡᠷᠡᠵᠦ ᠴᠡᠷᠢᠭ ᠢ᠋ᠶ᠋ᠡᠨ ᠲᠠᠲᠠᠬᠤ ᠵᠠᠷᠯᠢᠭ ᠪᠠᠭᠤᠯᠭᠠᠭᠰᠠᠨ ᠨᠢ ᠬᠢᠲᠠᠳ ᠤ᠋ᠨ ᠣᠯᠠᠨ ᠬᠣᠲᠠ ᠶ᠋ᠢ ᠡᠵᠡᠯᠡᠨ ᠠᠪᠴᠤ ᠢᠯᠠᠯᠲᠠ ᠣᠯᠵᠠᠨ ᠳ᠋ᠠᠭᠠᠨ ᠰᠢᠨᠤᠭᠰᠠᠨ ᠴᠡᠷᠢᠭ ᠦ᠋ᠨ ᠳᠣᠲᠣᠷ᠎ᠠ ᠡᠭᠳᠡᠭᠦᠴᠡᠯ ᠵᠢᠪᠡᠭᠦᠴᠡᠯ ᠲᠥᠷᠥᠭᠦᠯᠦᠭᠰᠡᠨ ᠢ᠋ ᠲᠡᠷᠡ ᠶᠠᠭᠠᠬᠢᠨ ᠮᠠᠷᠲᠠᠨ᠎ᠠ᠃ ᠪᠦᠷ ᠪᠠᠷᠠᠭᠤᠨ ᠵᠠᠮ ᠤ᠋ᠨ ᠴᠡᠷᠢᠭ ᠦ᠋ᠨ ᠵᠠᠩᠵᠤᠨ ᠴᠢᠩᠭᠢᠰ ᠬᠠᠭᠠᠨ ᠤ᠋ ᠵᠠᠷᠯᠢᠭ ᠢ᠋ ᠵᠥᠷᠢᠴᠡᠨ ᠰᠢᠷ᠎ᠠ ᠮᠥᠷᠡᠨ ᠦ᠌ ᠬᠣᠢᠲᠤ ᠨᠤᠲᠤᠭ ᠢ᠋ ᠲᠦᠢᠪᠡᠭᠡᠨ ᠶᠠᠪᠤᠭᠰᠠᠨ ᠬᠡᠷᠡᠭ ᠭᠠᠷᠤᠭᠰᠠᠨ ᠶᠤᠮ᠃ ᠲᠡᠳᠡᠨ ᠢ᠋ ᠴᠢᠩᠭᠢᠰ ᠬᠠᠭᠠᠨ ᠣᠯᠠᠨ ᠤ᠋ ᠡᠮᠦᠨ᠎ᠡ ᠵᠢᠮᠡᠯᠡᠨ ᠪᠤᠷᠤᠭᠤᠰᠢᠶᠠᠭᠠᠳ ᠶᠠᠯ᠎ᠠ ᠬᠡᠯᠲᠦᠷᠢᠭᠦᠯᠦᠭᠰᠡᠨ ᠴᠦ᠍ ᠰᠡᠭᠦᠯ ᠳ᠋ᠦ᠍ᠨᠢ ᠬᠥᠮᠦᠨ ᠶᠠᠪᠤᠭᠤᠯᠵᠤ ᠲᠣᠯᠣᠭᠠᠢᠯᠠᠭᠴᠢᠳ ᠢ᠋ ᠨᠢ ᠬᠥᠨᠥᠭᠡᠭᠰᠡᠨ ᠪᠢᠯᠡ᠃ ᠴᠢᠩᠭᠢᠰ ᠬᠠᠭᠠᠨ ᠤ᠋ ᠡᠨᠡ ᠦᠢᠯᠡᠳᠦᠯ ᠢ᠋ ᠪᠤᠭᠤᠷᠴᠢ ᠢᠯᠡᠳᠲᠡ ᠲᠠᠭᠠᠰᠢᠶᠠᠭᠰᠠᠨ ᠦᠭᠡᠢ᠃ ᠤᠴᠢᠷ ᠨᠢ ᠠᠯᠲᠠᠨ ᠬᠠᠭᠠᠨ ᠤ᠋ ᠬᠠᠭᠤᠷᠮᠠᠭ ᠵᠠᠯᠢ᠂ ᠪᠡᠯᠡᠭ᠂ ᠵᠢᠰᠦ ᠭᠤᠸ᠎ᠠ ᠭᠦᠩᠵᠦ ᠳ᠋ᠦ᠍ ᠬᠠᠭᠤᠷᠲᠠᠭᠰᠠᠨ ᠴᠢᠩᠭᠢᠰ ᠬᠠᠭᠠᠨ ᠢ᠋ ᠳᠣᠲᠣᠷ᠎ᠠ ᠪᠠᠨ ᠪᠤᠷᠤᠭᠤᠳᠬᠠᠭᠰᠠᠨ ᠪᠢᠯᠡ᠃ ᠭᠡᠲᠡᠯ᠎ᠡ ᠵᠢᠯ ᠦ᠋ᠨ ᠬᠣᠢᠨ᠎ᠠ ᠠᠯᠲᠠᠨ ᠬᠠᠭᠠᠨ ᠳᠠᠬᠢᠨ ᠰᠠᠮᠠᠭᠤᠨ ᠳᠡᠭᠳᠡᠭᠡᠵᠦ ᠰᠥᠩ ᠤᠯᠤᠰ ᠲᠤ᠌ ᠢᠯᠡᠭᠡᠭᠰᠡᠨ ᠮᠣᠩᠭᠣᠯ ᠤ᠋ᠨ ᠡᠯᠴᠢ ᠶ᠋ᠢ ᠵᠠᠮ ᠠ᠋ᠴᠠ ᠨᠢ ᠪᠠᠷᠢᠵᠤ ᠬᠣᠷᠣᠭᠠᠭᠰᠠᠨ ᠬᠡᠷᠡᠭ ᠳᠡᠭᠳᠡᠵᠦ ᠮᠣᠩᠭᠣᠯ ᠤ᠋ᠨ ᠶᠡᠬᠡ ᠴᠡᠷᠢᠭ ᠳᠠᠬᠢᠨ ᠴᠠᠭᠠᠨ ᠬᠡᠷᠡᠮ ᠢ᠋ ᠳᠠᠪᠠᠭᠰᠠᠨ ᠪᠢᠯᠡ᠃ ᠠᠯᠲᠠᠨ ᠬᠠᠭᠠᠨ ᠤ᠋ ᠵᠠᠯᠢ ᠮᠡᠬᠡᠨ ᠳ᠋ᠦ᠍ ᠠᠪᠲᠠᠯ ᠦᠭᠡᠢ ᠡᠬᠢᠨ ᠦ᠌ ᠴᠣᠬᠢᠯᠲᠠ ᠪᠠᠷ ᠯᠠ ᠲᠡᠭᠦᠨ ᠢ᠋ ᠮᠥᠬᠥᠭᠡᠬᠦ ᠪᠠᠢᠭᠰᠠᠨ ᠭᠡᠳᠡᠭ ᠨᠢ ᠪᠦᠬᠦᠨ ᠳ᠋ᠦ᠍ ᠢᠯᠡ ᠪᠣᠯᠤᠭᠰᠠᠨ ᠴᠤ᠌ ᠴᠢᠩᠭᠢᠰ ᠬᠠᠭᠠᠨ ᠳᠠᠬᠢᠨ ᠴᠡᠷᠢᠭᠯᠡᠨ ᠬᠥᠳᠡᠯᠵᠦ ᠳᠣᠪᠲᠣᠯᠬᠤ ᠵᠠᠭᠤᠷ᠎ᠠ ᠪᠠᠨ ᠪᠠᠰᠠ ᠯᠠ ᠠᠯᠲᠠᠨ ᠬᠠᠭᠠᠨ ᠤ᠋ ᠦᠭᠡᠨ ᠳ᠋ᠦ᠍ ᠠᠪᠲᠠᠵᠤ᠂ ᠬᠥᠪᠡᠭᠦᠨ ᠢ᠋ᠶ᠋ᠡᠨ ᠵᠠᠭᠤᠨ ᠨᠥᠬᠥᠳ ᠦ᠋ᠨ ᠬᠠᠮᠲᠤ ᠢᠯᠡᠭᠡᠵᠦ ᠨᠠᠢᠷᠠᠮᠳᠠᠬᠤ ᠶ᠋ᠢ ᠭᠤᠶᠤᠭᠰᠠᠨ ᠳ᠋ᠤ᠌ ᠵᠥᠪᠰᠢᠶᠡᠷᠡᠵᠦ ᠳᠠᠬᠢᠨ ᠴᠡᠷᠢᠭ ᠢ᠋ᠶ᠋ᠡᠨ ᠲᠠᠲᠠᠪᠠ᠃ ᠴᠢᠩᠭᠢᠰ ᠬᠠᠭᠠᠨ ᠥᠪᠡᠷ ᠦ᠋ᠨ ᠠᠯᠳᠠᠭ᠎ᠠ ᠶ᠋ᠢ ᠢᠩᠭᠢᠵᠦ ᠳᠠᠬᠢᠨ ᠳᠠᠪᠲᠠᠪᠠ᠃ ᠡᠭᠦᠨ ᠡᠴᠡ ᠡᠭᠦᠳᠦᠨ ᠪᠠᠭ᠎ᠠ ᠦᠭᠡᠢ ᠬᠡᠷᠡᠭᠦᠯ᠂ ᠰᠠᠮᠠᠭᠤᠨ ᠳᠡᠭᠳᠡᠵᠦ ᠣᠯᠠᠨ ᠤ᠋ ᠠᠮᠢᠨ ᠳ᠋ᠤ᠌ ᠬᠦᠷᠦᠭᠰᠡᠨ ᠶᠦᠮ᠃ ᠮᠣᠩᠭᠣᠯ ᠤ᠋ᠨ ᠴᠡᠷᠢᠭ ᠦ᠋ᠨ ᠤᠳᠤᠷᠢᠳᠤᠭᠴᠢᠳ ᠤ᠋ᠨ ᠳᠣᠲᠣᠷ᠎ᠠ ᠠᠯᠲᠠᠨ ᠤᠯᠤᠰ ᠢ᠋ ᠨᠢᠭᠡᠮᠦᠰᠦᠨ ᠮᠥᠬᠥᠭᠡᠬᠦ ᠶ᠋ᠢ ᠬᠦᠰᠡᠭᠴᠢᠳ ᠳᠠᠪᠠᠮᠠᠭᠠᠢᠯᠠᠵᠤ ᠪᠠᠢᠭᠰᠠᠨ ᠴᠤ᠌ ᠡᠷᠬᠡ ᠦᠭᠡᠢ ᠴᠢᠩᠭᠢᠰ ᠬᠠᠭᠠᠨ ᠤ᠋ ᠵᠠᠷᠯᠢᠭ ᠢ᠋ ᠳᠠᠭᠠᠭᠰᠠᠨ ᠪᠢᠯᠡ᠃ ᠠᠯᠲᠠᠨ ᠤᠯᠤᠰ ᠢ᠋ ᠳᠠᠬᠢᠨ ᠳᠠᠬᠢᠨ ᠥᠷᠥᠰᠢᠶᠡᠵᠦ ᠴᠡᠷᠢᠭ ᠮᠣᠷᠢᠳ ᠢ᠋ᠶ᠋ᠠᠨ ᠵᠣᠪᠠᠭᠠᠭᠰᠠᠨ ᠴᠢᠩᠭᠢᠰ ᠬᠠᠭᠠᠨ ᠤ᠋ ᠡᠯ᠎ᠡ ᠬᠥᠩᠭᠡᠨ ᠬᠠᠭᠤᠮᠠᠭᠠᠢ ᠮᠡᠲᠦ ᠰᠠᠨᠠᠭᠳᠠᠬᠤ ᠰᠢᠢᠳᠪᠦᠷᠢ ᠶ᠋ᠢᠨ ᠴᠠᠭᠠᠳᠤ ᠰᠠᠨᠠᠭ᠎ᠠ ᠵᠣᠷᠢᠯᠭ᠎ᠠ ᠶ᠋ᠢ ᠪᠤᠭᠤᠷᠴᠢ ᠣᠢᠯᠠᠭᠠᠭ᠎ᠠ ᠦᠭᠡᠢ ᠪᠡᠷ ᠪᠠᠷᠠᠬᠤ ᠦᠭᠡᠢ ᠳᠣᠲᠣᠷ᠎ᠠ ᠪᠠᠨ ᠪᠤᠷᠤᠭᠤᠳᠬᠠᠨ ᠪᠣᠳᠣᠭᠰᠠᠭᠠᠷ ᠶᠠᠪᠤᠭ᠎ᠠ ᠪᠢᠯᠡ᠃ ᠠᠯᠲᠠᠨ ᠤᠯᠤᠰ ᠥᠨᠥ ᠶ᠋ᠢ ᠬᠦᠷᠲᠡᠯ᠎ᠡ ᠬᠡᠪ ᠢ᠋ᠶ᠋ᠡᠷ ᠣᠷᠣᠰᠢᠭᠰᠠᠭᠠᠷ᠂ ᠳᠠᠭᠠᠭᠰᠠᠨ ᠨᠡᠷ᠎ᠡ ᠲᠡᠢ ᠪᠣᠯᠪᠠᠴᠤ ᠳᠣᠲᠣᠭᠠᠳᠤ ᠶ᠋ᠢᠨ ᠰᠠᠮᠠᠭᠤᠨ ᠳᠡᠭᠳᠡᠭᠰᠡᠭᠡᠷ ᠪᠠᠢᠯ᠎ᠠ᠃ ᠲᠡᠳᠡ ᠮᠤᠬᠤᠯᠠᠢ ᠴᠥᠭᠡᠨ ᠴᠡᠷᠢᠭ ᠦ᠋ᠨ ᠬᠠᠮᠲᠤ ᠡᠰᠡᠷᠭᠦᠴᠡᠨ ᠳᠠᠷᠤᠬᠤ ᠭᠡᠵᠦ ᠬᠦᠷᠴᠦ ᠶᠠᠳᠠᠵᠤ᠂ ᠬᠥᠳᠡᠯᠵᠦ ᠴᠥᠬᠥᠵᠦ ᠪᠠᠢᠪᠠ᠃ ᠬᠤᠷᠽᠸᠮ ᠤᠯᠤᠰ ᠢ᠋ ᠡᠵᠡᠯᠡᠨ ᠠᠪᠤᠮᠠᠭᠴᠠ ᠳᠠᠷᠤᠢ ᠪᠤᠴᠠᠬᠤ ᠦᠭᠡᠢ ᠪᠣᠯ ᠠᠯᠲᠠᠨ ᠤᠯᠤᠰ ᠤ᠋ᠨ ᠵᠦᠭ ᠡᠴᠡ ᠠᠷᠤ ᠬᠤᠳᠠᠷᠭ᠎ᠠ ᠪᠠᠷ ᠲᠥᠪ ᠮᠣᠩᠭᠣᠯ ᠤᠷᠤᠭᠤ ᠳᠣᠪᠲᠣᠯᠬᠤ ᠦᠭᠡᠢ ᠭᠡᠬᠦ ᠪᠠᠲᠤᠯᠠᠭ᠎ᠠ ᠦᠭᠡᠢ᠃ ᠪᠠᠰᠠ ᠳᠡᠭᠡᠷ᠎ᠡ ᠨᠢ ᠲᠠᠩᠭᠤᠳ ᠤᠯᠤᠰ ᠳᠠᠢᠰᠤᠨ ᠪᠣᠯᠤᠭᠰᠠᠨ ᠢ᠋ ᠮᠠᠷᠲᠠᠬᠤ ᠠᠷᠭ᠎ᠠ ᠦᠭᠡᠢ ᠶᠦᠮ᠃ ᠡᠷᠲᠡᠨ ᠦ᠌ ᠬᠡᠯᠬᠢᠶ᠎ᠡ ᠬᠣᠯᠪᠣᠭ᠎ᠠ ᠲᠠᠢ ᠠᠯᠲᠠᠨ ᠤᠯᠤᠰ ᠲᠠᠩᠭᠤᠳ ᠬᠣᠶᠠᠷ ᠡᠪᠰᠡᠨ ᠠᠷᠤ ᠬᠤᠳᠠᠷᠭ᠎ᠠ ᠪᠠᠷ ᠳᠣᠪᠲᠣᠯᠪᠠᠯ ᠶᠠᠭᠤ ᠪᠣᠯᠬᠤ ᠨᠢ ᠣᠢᠯᠠᠭᠠᠮᠵᠢᠲᠠᠢ᠃ ᠮᠣᠩᠭᠣᠯ ᠴᠡᠷᠢᠭ ᠦ᠋ᠨ ᠭᠣᠣᠯ ᠬᠦᠴᠦ ᠡᠨᠳᠡ ᠪᠠᠢᠭ᠎ᠠ ᠲᠤᠯᠠ ᠲᠡᠮᠦᠭᠡ ᠨᠣᠶᠠᠨ ᠤ᠋ ᠴᠥᠭᠡᠨ ᠴᠡᠷᠢᠭ ᠶᠡᠬᠡ ᠡᠰᠡᠷᠭᠦᠴᠡᠯ ᠢ᠋ ᠦᠵᠡᠭᠦᠯᠵᠦ ᠦᠯᠦ ᠴᠢᠳᠠᠬᠤ ᠲᠤᠯᠠ ᠬᠢᠯᠪᠠᠷᠬᠠᠨ ᠠᠪᠲᠠᠬᠤ ᠪᠠᠢᠪᠠ᠃ ᠡᠨᠡ ᠨᠢ ᠠᠷᠤ ᠭᠡᠷ᠂ ᠠᠯᠲᠠᠨ ᠨᠤᠲᠤᠭ ᠢ᠋ᠶ᠋ᠠᠨ ᠡᠵᠡᠭᠦᠢ ᠰᠤᠯᠠ ᠣᠷᠬᠢᠭᠰᠠᠨ ᠲᠠᠢ ᠦᠯᠢᠭᠡᠷ ᠨᠢᠭᠡ ᠶᠦᠮ᠃ ᠡᠭᠦᠨ ᠳ᠋ᠦ᠍ ᠪᠤᠭᠤᠷᠴᠢ ᠮᠠᠰᠢ ᠶᠡᠬᠡ ᠰᠠᠨᠠᠭ᠎ᠠ ᠵᠣᠪᠠᠵᠤ ᠪᠠᠢᠭᠰᠠᠨ ᠲᠤᠯᠠ ᠡᠨᠡ ᠦᠳᠡᠰᠢ ᠠᠮᠠ ᠨᠡᠭᠡᠭᠡᠪᠡᠯ ᠠᠭᠤᠰᠬᠢ ᠨᠡᠬᠡᠭᠡ ᠭᠡᠭᠴᠢ ᠪᠡᠷ ᠨᠢᠭᠡᠮᠦᠰᠦᠨ ᠰᠠᠢᠨ ᠬᠡᠯᠡᠵᠦ ᠠᠪᠴᠠᠢ᠃
| ᠪᠤᠭᠤᠷᠴᠢ ᠴᠢ ᠨᠠᠮᠠᠶ᠋ᠢ ᠬᠡᠨ ᠭᠡᠵᠦ ᠰᠠᠨᠠᠪᠠ? ᠭᠡᠵᠦ ᠴᠢᠩᠭᠢᠰ ᠬᠠᠭᠠᠨ ᠵᠢᠮᠡᠯᠡᠭᠰᠡᠨ ᠥᠩᠭᠡ ᠲᠡᠢ ᠬᠠᠷᠢᠭᠤ ᠠᠰᠠᠭᠤᠭᠰᠠᠨ ᠴᠤ᠌ ᠬᠢᠯᠢᠩᠨᠡᠬᠦ ᠴᠢᠬᠤᠯᠳᠠᠬᠤ ᠰᠢᠨᠵᠢ ᠦᠵᠡᠭᠦᠯᠦᠭᠰᠡᠨ ᠦᠭᠡᠢ᠃ ᠲᠡᠮᠦᠵᠢᠨ ᠨᠥᠬᠥᠷᠯᠡᠭᠰᠡᠨ ᠴᠠᠭ ᠠ᠋ᠴᠠ ᠪᠠᠨ ᠬᠣᠢᠰᠢ ᠬᠣᠶᠠᠭᠤᠯᠠᠬᠠᠨ ᠢ᠋ᠶ᠋ᠠᠨ ᠪᠠᠢᠬᠤ ᠳ᠋ᠠᠭᠠᠨ ᠪᠤᠭᠤᠷᠴᠢ ᠳ᠋ᠤ᠌ ᠬᠠᠲᠠᠭᠤ ᠦᠭᠡ ᠬᠡᠯᠡᠵᠦ ᠬᠢᠯᠢᠩᠨᠡᠵᠦ ᠦᠵᠡᠭᠡ ᠦᠭᠡᠢ ᠪᠢᠯᠡ᠃ ᠬᠠᠷᠢᠨ ᠣᠯᠠᠨ ᠤ᠋ ᠳᠤᠮᠳᠠ ᠬᠠᠮᠤᠭ ᠠᠭᠤᠷ ᠬᠢᠯᠢᠩ᠂ ᠣᠮᠣᠭ᠂ ᠮᠠᠭᠤ ᠦᠭᠡ ᠪᠡᠨ ᠪᠤᠭᠤᠷᠴᠢ ᠳ᠋ᠤ᠌ ᠬᠠᠨᠳᠤᠨ ᠭᠠᠷᠭᠠᠬᠤ ᠨᠢ ᠡᠯᠪᠡᠭ᠃ ᠡᠨᠡ ᠨᠢ ᠲᠡᠳᠡᠨ ᠦ᠌ ᠬᠣᠭᠣᠷᠣᠨᠳᠣ ᠲᠣᠭᠲᠠᠭᠰᠠᠨ ᠨᠢᠭᠡ ᠶᠣᠰᠣᠨ ᠤ᠋ ᠢᠲᠡᠭᠡᠯ ᠪᠤᠰᠤᠳ ᠨᠥᠬᠥᠳ ᠢ᠋ᠶ᠋ᠡᠨ ᠠᠶᠤᠯᠭᠠᠬᠤ᠂ ᠰᠤᠷᠭᠠᠮᠵᠢᠯᠠᠬᠤ᠂ ᠬᠠᠤᠯᠢ ᠴᠠᠭᠠᠵᠠ ᠶ᠋ᠢ ᠪᠡᠬᠢᠯᠡᠬᠦ ᠨᠢᠭᠡ ᠰᠠᠢᠨ ᠠᠷᠭ᠎ᠠ ᠪᠣᠯᠵᠠᠢ᠃ ᠬᠠᠮᠤᠭ ᠤ᠋ᠨ ᠳᠣᠲᠣᠨᠣ ᠨᠥᠬᠥᠷ ᠪᠤᠭᠤᠷᠴᠢ ᠳ᠋ᠠᠭᠠᠨ ᠢᠩᠭᠢᠵᠦ ᠬᠠᠲᠠᠭᠤᠷᠬᠠᠨ ᠬᠢᠯᠢᠩᠨᠡᠬᠦ ᠨᠢ ᠪᠤᠰᠤᠳ ᠢ᠋ ᠰᠢᠭᠤᠳ ᠵᠠᠩᠨᠠᠵᠤ ᠳᠣᠩᠭᠣᠳᠤᠭᠰᠠᠨ ᠠ᠋ᠴᠠ ᠢᠯᠡᠭᠦᠦ ᠶᠡᠬᠡ ᠪᠡᠷ ᠠᠶᠤᠯᠭᠠᠨ ᠬᠥᠮᠦᠵᠢᠭᠦᠯᠳᠡᠭ ᠪᠠᠢᠯ᠎ᠠ᠃ ᠲᠡᠮᠦᠵᠢᠨ ᠭᠠᠭᠴᠠᠬᠠᠨ ᠪᠤᠭᠤᠷᠴᠢ ᠳ᠋ᠤ᠌ ᠯᠠ ᠦᠨᠡᠨ ᠰᠡᠳᠬᠢᠯ ᠡᠴᠡ ᠢᠲᠡᠭᠡᠳᠡᠭ ᠪᠠᠢᠪᠠ᠃ ᠲᠡᠷᠡ ᠪᠤᠭᠤᠷᠴᠢ ᠠ᠋ᠴᠠ ᠥᠭᠡᠷ᠎ᠡ ᠬᠡᠨ ᠢ᠋ ᠴᠦ᠍ ᠢᠩᠭᠢᠵᠦ ᠰᠡᠳᠬᠢᠯ ᠦ᠋ᠨ ᠮᠤᠬᠤᠷ ᠲᠤ᠌ ᠬᠣᠷᠣ ᠦᠭᠡᠢ ᠰᠡᠳᠬᠢᠯ ᠢ᠋ᠶ᠋ᠡᠷ ᠢᠳᠡᠭᠡᠨ ᠵᠥᠪᠰᠢᠶᠡᠷᠡᠵᠦ ᠦᠯᠦ ᠴᠢᠳᠠᠨ᠎ᠠ᠃ ᠡᠨᠡ ᠶᠡᠬᠡ ᠢᠲᠡᠭᠡᠯ ᠲᠡᠮᠦᠵᠢᠨ ᠡᠴᠡ ᠪᠢᠰᠢ ᠪᠤᠭᠤᠷᠴᠢ ᠶ᠋ᠢᠨ ᠭᠬᠢᠷ ᠦᠭᠡᠢ ᠲᠤᠩᠭᠠᠯᠠᠭ ᠰᠡᠳᠬᠢᠯ ᠡᠴᠡ ᠡᠭᠦᠰᠦᠨ ᠭᠠᠷᠤᠭᠰᠠᠨ ᠢ᠋ ᠬᠠᠷᠢᠨ ᠲᠡᠮᠦᠵᠢᠨ ᠣᠢᠯᠠᠭᠠᠳᠠᠭ ᠦᠭᠡᠢ ᠪᠠᠢᠯ᠎ᠠ᠃ ᠢᠩᠭᠢᠵᠦ ᠪᠣᠳᠣᠬᠤ ᠶ᠋ᠢᠨ ᠤᠴᠢᠷ ᠨᠢ ᠪᠤᠭᠤᠷᠴᠢ ᠶ᠋ᠢ ᠲᠡᠭᠦᠨ ᠳ᠋ᠦ᠍ ᠲᠤᠰᠠᠯᠠᠭᠤᠯᠬᠤ ᠪᠠᠷ ᠲᠩᠷᠢ ᠡᠴᠡ ᠢᠯᠡᠭᠡᠭᠰᠡᠨ ᠭᠡᠵᠦ ᠢᠲᠡᠭᠡᠳᠡᠭ ᠪᠣᠯᠤᠭᠰᠠᠨ ᠲᠠᠢ ᠨᠢ ᠬᠣᠯᠪᠣᠭ᠎ᠠ ᠲᠠᠢ ᠶᠤᠮ᠃ ᠲᠡᠢᠮᠦ ᠴᠦ᠍ ᠤᠴᠢᠷ ᠠ᠋ᠴᠠ ᠪᠤᠭᠤᠷᠴᠢ ᠶ᠋ᠢ ᠦᠨᠡᠨᠴᠢ ᠵᠢᠳᠬᠦᠬᠦ ᠲᠠᠩᠭᠠᠷᠢᠭ ᠲᠠᠢ ᠬᠥᠮᠦᠨ ᠭᠡᠵᠦ ᠲᠣᠭᠠᠴᠠᠨ᠎ᠠ᠃ ᠴᠢᠩᠭᠢᠰ ᠬᠠᠭᠠᠨ ᠪᠤᠭᠤᠷᠴᠢ ᠶ᠋ᠢᠨ ᠰᠠᠶᠢ ᠶ᠋ᠢᠨ ᠬᠡᠯᠡᠭᠰᠡᠨ ᠦᠭᠡ ᠶ᠋ᠢ ᠪᠣᠳᠣᠬᠤ ᠦᠭᠡᠢ ᠪᠢᠰᠢ ᠪᠣᠳᠣᠭᠰᠠᠭᠠᠷ ᠪᠠᠢᠭᠰᠠᠨ ᠲᠤᠯᠠ ᠰᠢᠨ᠎ᠡ ᠬᠣᠪᠣᠷ ᠰᠠᠨᠠᠭ᠎ᠠ ᠭᠡᠵᠦ ᠭᠠᠢᠬᠠᠭᠰᠠᠨ ᠦᠭᠡᠢ᠃ ᠲᠡᠷᠡ ᠤᠭ ᠠ᠋ᠴᠠ ᠮᠣᠩᠭᠣᠯ ᠳ᠋ᠠᠭᠠᠨ ᠪᠤᠴᠠᠬᠤ ᠶ᠋ᠢ ᠬᠦᠰᠡᠵᠦ ᠪᠠᠢᠭᠰᠠᠨ ᠪᠢᠯᠡ᠃ ᠫᠸᠷᠸᠡᠨ ᠦ᠌ ᠬᠥᠨᠳᠡᠢ ᠳ᠋ᠦ᠍ ᠰᠠᠭᠤᠭᠰᠠᠭᠠᠷ ᠳᠠᠷᠤᠢ ᠵᠢᠯ ᠰᠢᠬᠠᠵᠤ ᠡᠵᠡᠯᠡᠭᠰᠡᠨ ᠪᠤᠯᠢᠶᠠᠭᠰᠠᠨ ᠬᠣᠲᠠ᠂ ᠢᠷᠭᠡᠳ ᠢ᠋ ᠬᠠᠤᠯᠢ ᠵᠢᠷᠤᠮ ᠢ᠋ᠶ᠋ᠠᠷ ᠵᠣᠬᠢᠴᠠᠭᠤᠯᠤᠨ ᠲᠥᠪᠬᠢᠨᠡᠭᠦᠯᠬᠦ ᠠᠵᠢᠯ ᠢᠳᠡ ᠵᠦᠭᠰᠢᠷᠡᠨ ᠣᠨᠳᠣᠷᠴᠤ ᠪᠠᠢᠪᠠ᠃ ᠣᠳᠣ ᠰᠦᠪᠡᠭᠡᠳᠡᠢ ᠵᠥᠴᠢ ᠬᠣᠶᠠᠷ ᠤ᠋ᠨ ᠴᠡᠷᠢᠭ ᠡᠷᠭᠢᠵᠦ ᠢᠷᠡᠪᠡᠯ ᠨᠤᠲᠤᠭ ᠤ᠋ᠨ ᠵᠦᠭ ᠬᠥᠳᠡᠯᠬᠦ ᠳ᠋ᠦ᠍ ᠪᠡᠯᠡᠨ ᠪᠣᠯᠵᠠᠢ᠃
ᠵᠥᠴᠢ ᠶ᠋ᠢᠨ ᠪᠡᠶ᠎ᠡ ᠴᠢᠯᠡᠭᠡᠷᠬᠡᠵᠦ ᠶᠡᠬᠡ ᠬᠥᠯ ᠬᠣᠷᠢᠵᠤ ᠬᠥᠳᠡᠯᠵᠦ ᠴᠢᠳᠠᠬᠤ ᠦᠭᠡᠢ ᠰᠠᠭᠤᠭ᠎ᠠ ᠪᠠᠨ ᠶᠢᠰᠦᠨᠲᠠᠢ ᠪᠠᠷ ᠪᠢᠴᠢᠭ ᠢᠯᠡᠬᠡᠨ ᠬᠡᠯᠡᠭᠦᠯᠦᠭᠰᠡᠨ ᠢ᠋ ᠴᠢᠩᠭᠢᠰ ᠬᠠᠭᠠᠨ ᠦᠨᠡᠮᠰᠢᠬᠦ ᠳ᠋ᠦ᠍ ᠪᠡᠯᠡᠨ ᠪᠠᠢᠭᠰᠠᠨ ᠴᠤ᠌ ᠶᠢᠰᠦᠨᠲᠠᠢ ᠵᠥᠴᠢ ᠶ᠋ᠢᠨ ᠬᠡᠯᠡᠭᠰᠡᠨ ᠢ᠋ ᠪᠦᠭᠦᠳᠡ ᠶ᠋ᠢ ᠴᠢᠩᠭᠢᠰ ᠬᠠᠭᠠᠨ ᠳ᠋ᠤ᠌ ᠢᠯᠡᠳᠬᠡᠭᠰᠡᠨ ᠨᠢ ᠴᠣᠬᠣᠮ ᠠᠶᠤᠩᠭ᠎ᠠ ᠨᠢᠷᠬᠢᠬᠦ ᠰᠢᠭ ᠴᠣᠴᠢᠷᠳᠠᠭᠤᠯᠵᠠᠢ᠃ ᠬᠠᠷᠢᠨ ᠶᠢᠰᠦᠨᠲᠠᠢ ᠶ᠋ᠢ ᠵᠥᠴᠢ ᠶ᠋ᠢᠨ ᠨᠢᠭᠤᠴᠠ ᠪᠣᠳᠣᠯ ᠢ᠋ ᠬᠡᠨ ᠳ᠋ᠦ᠍ ᠴᠦ᠍ ᠬᠡᠯᠡᠬᠦ ᠦᠭᠡᠢ ᠪᠠᠢᠬᠤ ᠶ᠋ᠢ ᠵᠠᠷᠯᠢᠭ ᠪᠣᠯᠭᠠᠵᠠᠢ᠃ ᠵᠥᠴᠢ ᠦᠨᠡᠬᠡᠷ ᠲᠣᠯᠣᠭᠠᠢ ᠮᠡᠳᠡᠨ ᠲᠤᠰᠠᠭᠠᠷ ᠤᠯᠤᠰ ᠪᠠᠢᠭᠤᠯᠬᠤ ᠪᠠᠷ ᠵᠣᠷᠢᠭᠯᠠᠨᠠ ᠭᠡᠬᠦ ᠳ᠋ᠦ᠍ ᠴᠢᠩᠭᠢᠰ ᠬᠠᠭᠠᠨ ᠡᠬᠢᠯᠡᠭᠡᠳ ᠢᠲᠡᠭᠡᠬᠦ ᠶ᠋ᠢ ᠬᠦᠰᠡᠬᠦ ᠦᠭᠡᠢ ᠪᠠᠢᠵᠠᠢ᠃ ᠭᠡᠲᠡᠯ᠎ᠡ ᠡᠷᠴᠢᠰ ᠮᠥᠷᠡᠨ ᠦ᠌ ᠰᠠᠪᠠ ᠭᠠᠵᠠᠷ ᠢ᠋ᠶ᠋ᠠᠷ ᠨᠤᠲᠤᠭᠯᠠᠵᠤ ᠪᠠᠢᠭᠰᠠᠨ ᠵᠥᠴᠢ ᠶ᠋ᠢᠨ ᠠᠯᠪᠠᠲᠤ ᠢᠷᠭᠡᠳ ᠶᠡᠬᠡ ᠬᠦᠷᠢᠶ᠎ᠡ ᠡᠮᠡᠰ ᠬᠡᠦᠬᠡᠳ ᠨᠢ ᠨᠠᠭᠠᠰᠢ ᠪᠠᠨ ᠨᠡᠭᠦᠵᠦ ᠢᠷᠡᠭᠰᠡᠨ ᠢ᠋ ᠲᠡᠮᠦᠭᠡ ᠡᠯᠴᠢ ᠢᠯᠡᠬᠡᠨ ᠮᠡᠳᠡᠭᠳᠡᠭᠰᠡᠨ ᠨᠢ ᠠᠷᠭ᠎ᠠ ᠦᠭᠡᠢ ᠶᠢᠰᠦᠨᠲᠠᠢ ᠶ᠋ᠢᠨ ᠬᠡᠯᠡᠭᠰᠡᠨ ᠳ᠋ᠦ᠍ ᠢᠲᠡᠭᠡᠬᠦ ᠳ᠋ᠦ᠍ ᠬᠦᠷᠭᠡᠵᠡᠢ᠃ ᠵᠥᠴᠢ ᠶᠠᠭᠤ ᠰᠡᠳᠬᠢᠵᠦ ᠪᠠᠢᠭ᠎ᠠ ᠶ᠋ᠢ ᠴᠢᠩᠭᠢᠰ ᠬᠠᠭᠠᠨ ᠭᠠᠳᠠᠷᠯᠠᠵᠤ ᠡᠬᠢᠯᠡᠭᠰᠡᠨ ᠨᠢ ᠳᠠᠷᠤᠢ ᠨᠤᠲᠤᠭ ᠤ᠋ᠨ ᠵᠦᠭ ᠬᠥᠳᠡᠯᠬᠦ ᠳ᠋ᠦ᠍ ᠰᠠᠭᠠᠳ ᠪᠣᠯᠵᠠᠢ᠃ ᠦᠨᠡᠨ ᠳ᠋ᠡᠭᠡᠨ ᠰᠦᠪᠡᠭᠡᠳᠡᠢ ᠶᠠᠮᠠᠷ ᠲᠥᠭᠡᠷᠢᠬᠦ ᠪᠢᠰᠢ ᠲᠡᠭᠦᠨ ᠢ᠋ ᠣᠷᠬᠢᠨ ᠪᠤᠴᠠᠬᠤ ᠶᠣᠰᠣᠲᠠᠢ ᠶᠤᠮ᠃ ᠵᠥᠴᠢ ᠶ᠋ᠢᠨ ᠳᠡᠷᠭᠡᠳᠡ ᠪᠠᠢᠬᠤ ᠴᠢᠩᠭᠢᠰ ᠬᠠᠭᠠᠨ ᠤ᠋ ᠲᠠᠩᠨᠠᠭᠤᠯ ᠬᠡᠯᠡ ᠢᠷᠡᠭᠦᠯᠦᠭᠰᠡᠨ ᠢ᠋ᠶ᠋ᠡᠷ ᠦᠨᠡᠬᠡᠷ ᠬᠡᠪᠲᠡᠷᠢ ᠳ᠋ᠦ᠍ ᠣᠷᠣᠵᠤ᠂ ᠦᠷᠭᠦᠭᠡᠨ ᠡᠴᠡ ᠪᠡᠨ ᠴᠤᠬᠤᠢᠬᠤ ᠦᠭᠡᠢ ᠪᠣᠯᠤᠭᠰᠠᠨ ᠢ᠋ ᠪᠠᠲᠤᠯᠠᠭᠰᠠᠨ ᠴᠤ᠌ ᠴᠢᠩᠭᠢᠰ ᠬᠠᠭᠠᠨ ᠢᠲᠡᠭᠡᠭᠰᠡᠨ ᠦᠭᠡᠢ᠃ ᠬᠥᠮᠦᠨ ᠦ᠌ ᠬᠦᠦ ᠬᠦᠷᠡᠩ ᠪᠥᠭᠡᠷ᠎ᠡ ᠲᠡᠢ ᠭᠡᠳᠡᠭ ᠪᠣᠯᠪᠠ ᠭᠡᠵᠦ ᠲᠡᠰᠴᠦ ᠴᠢᠳᠠᠬᠤ ᠦᠭᠡᠢ ᠪᠤᠬᠢᠨᠢᠳᠤᠭᠰᠠᠭᠠᠷ ᠪᠣᠯᠳᠠᠭ ᠪᠣᠯ ᠥᠪᠡᠷ ᠢ᠋ᠶ᠋ᠡᠨ ᠵᠥᠴᠢ ᠶ᠋ᠢᠨ ᠲᠡᠨᠳᠡ ᠴᠡᠷᠢᠭᠯᠡᠨ ᠣᠴᠢᠮᠠᠷ ᠰᠠᠨᠠᠭᠳᠠᠬᠤ ᠪᠣᠯᠤᠭᠰᠠᠨ ᠴᠤ᠌ ᠲᠡᠪᠴᠢᠵᠡᠢ᠃ ᠵᠥᠴᠢ ᠶ᠋ᠢ ᠵᠦᠭᠡᠷ ᠣᠷᠬᠢᠨ ᠨᠤᠲᠤᠭ ᠪᠤᠴᠠᠬᠤ ᠠᠷᠭ᠎ᠠ ᠦᠭᠡᠢ ᠪᠣᠯᠤᠭᠰᠠᠨ ᠨᠢ ᠲᠣᠳᠣᠷᠬᠠᠢ ᠪᠠᠢᠯ᠎ᠠ᠃ ᠵᠥᠴᠢ ᠶ᠋ᠢᠨ ᠲᠤᠬᠠᠢ ᠪᠣᠳᠣᠭᠰᠠᠨ ᠢ᠋ᠶ᠋ᠠᠨ ᠲᠡᠷᠡ ᠬᠡᠨ ᠳ᠋ᠦ᠍ ᠴᠦ᠍ ᠬᠡᠯᠡᠭᠰᠡᠨ ᠦᠭᠡᠢ᠂ ᠪᠠᠰᠠ ᠬᠡᠨ ᠡᠴᠡ ᠴᠦ᠍ ᠠᠰᠠᠭᠤᠭᠰᠠᠨ ᠦᠭᠡᠢ᠃ ᠵᠥᠴᠢ ᠢᠩᠭᠢᠵᠦ ᠭᠡᠨᠡᠳᠲᠡ ᠥᠪᠡᠷ ᠢ᠋ ᠨᠢ ᠬᠠᠶᠠᠬᠤ ᠪᠠᠷ ᠰᠢᠢᠳᠦᠭᠰᠡᠨ ᠢ᠋ ᠮᠡᠳᠡᠮᠡᠭᠴᠡ ᠴᠢᠩᠭᠢᠰ ᠬᠠᠭᠠᠨ ᠳ᠋ᠤ᠌ ᠤᠷᠢᠳ ᠡᠮᠦᠨ᠎ᠡ ᠦᠵᠡᠭᠡ ᠦᠭᠡᠢ ᠬᠠᠴᠢᠨ ᠮᠡᠳᠡᠷᠡᠮᠵᠢ ᠲᠥᠷᠦᠵᠢ᠃ ᠡᠨᠡ ᠪᠣᠯ ᠭᠣᠮᠣᠳᠠᠯ ᠬᠠᠷᠠᠭᠤᠰᠤᠯ ᠪᠠᠢᠪᠠ᠃ ᠲᠡᠭᠦᠨ ᠦ᠌ ᠵᠠᠷᠯᠢᠭ ᠢ᠋ ᠬᠦᠨᠳᠦᠳᠬᠡᠨ ᠵᠥᠴᠢ ᠴᠡᠷᠢᠭ ᠢ᠋ᠶ᠋ᠡᠨ ᠠᠪᠴᠤ ᠢᠷᠡᠬᠦ ᠶᠣᠰᠣᠲᠠᠢ ᠶᠤᠮ᠃ ᠵᠥᠴᠢ ᠢᠷᠡᠶ᠎ᠡ ᠭᠡᠪᠡᠯ ᠬᠡᠭᠦᠷ ᠢ᠋ᠶ᠋ᠡᠨ ᠴᠦ᠍ ᠪᠣᠯᠪᠠ ᠠᠴᠢᠭᠠᠳ ᠢᠷᠡᠬᠦ ᠶᠣᠰᠣᠲᠠᠢ ᠭᠡᠵᠦ ᠴᠢᠩᠭᠢᠰ ᠬᠠᠭᠠᠨ ᠪᠣᠳᠣᠭᠰᠠᠨ ᠨᠢ ᠲᠡᠭᠦᠨ ᠢ᠋ ᠢᠩᠭᠢᠵᠦ ᠬᠢᠯᠢᠩᠨᠡᠭᠦᠯᠵᠦ ᠪᠠᠰᠠ ᠭᠣᠮᠣᠳᠠᠬᠤ ᠳ᠋ᠤ᠌ ᠬᠦᠷᠭᠡᠪᠡ᠃ ᠪᠠᠷᠢᠬᠵᠡᠨ ᠠᠭᠤᠯᠠᠨ ᠳ᠋ᠤ᠌ ᠭᠠᠷᠴᠤ ᠮᠥᠷᠭᠥᠭᠰᠡᠨ ᠴᠦ᠍ ᠲᠡᠭᠦᠨ ᠳ᠋ᠦ᠍ ᠴᠡᠴᠡᠨ ᠤᠬᠠᠭᠠᠨ ᠠᠪᠴᠢᠷᠠᠭᠰᠠᠨ ᠦᠭᠡᠢ᠃ ᠡᠨᠡ ᠨᠢ ᠪᠥᠷᠲᠡ ᠶ᠋ᠢ ᠪᠤᠴᠠᠭᠠᠨ ᠠᠪᠤᠭᠰᠠᠨ ᠰᠥᠨᠢ ᠮᠡᠷᠭᠢᠳ ᠦ᠋ᠨ ᠨᠤᠲᠤᠭ ᠲᠤ᠌ ᠪᠣᠯᠤᠭᠰᠠᠨ ᠲᠠᠢ ᠠᠳᠠᠯᠢ ᠬᠡᠷᠡᠭ ᠪᠣᠯᠵᠠᠢ᠃ ᠲᠡᠷᠡ ᠰᠥᠨᠢ ᠲᠩᠷᠢ ᠲᠡᠭᠦᠨ ᠳ᠋ᠦ᠍ ᠬᠠᠷᠢᠭᠤ ᠬᠡᠯᠡᠭᠰᠡᠨ ᠦᠭᠡᠢ ᠶ᠋ᠢᠨ ᠠᠳᠠᠯᠢ ᠡᠨᠡ ᠤᠳᠠᠭ᠎ᠠ ᠪᠠᠰᠠ ᠲᠠᠭ ᠴᠢᠭ ᠥᠩᠭᠡᠷᠡᠪᠡ᠃ ᠪᠣᠳᠣᠵᠤ ᠦᠵᠡᠪᠡᠯ ᠵᠥᠴᠢ ᠶ᠋ᠢᠨ ᠲᠤᠬᠠᠢ ᠲᠩᠷᠢ ᠶᠠᠭᠤ ᠴᠤ᠌ ᠭᠡᠵᠦ ᠬᠡᠯᠡᠬᠦ ᠦᠭᠡᠢ ᠥᠩᠭᠡᠷᠡᠳᠡᠭ ᠠᠵᠢ᠃ ᠡᠨᠡ ᠨᠢ ᠴᠢᠩᠭᠢᠰ ᠢ᠋ ᠥᠪᠡᠷ ᠢ᠋ᠶ᠋ᠡᠨ ᠰᠢᠢᠳ ᠭᠡᠰᠡᠨ ᠦᠭᠡ ᠶᠦᠮ᠃ ᠵᠥᠴᠢ ᠶ᠋ᠢ ᠲᠦᠷᠦᠮᠡᠭᠴᠡ ᠠᠯᠠᠬᠤ ᠲᠤᠬᠠᠢ ᠠᠩᠬ᠎ᠠ ᠲᠡᠮᠦᠵᠢᠨ ᠤ ᠥᠭᠭᠦᠭᠰᠡᠨ ᠵᠠᠷᠯᠢᠭ ᠢ᠋ ᠪᠤᠭᠤᠷᠴᠢ ᠪᠡᠶᠡᠯᠡᠭᠦᠯᠦᠭᠡ ᠦᠭᠡᠢ ᠨᠢ ᠥᠨᠥ ᠶ᠋ᠢᠨ ᠬᠡᠷᠡᠭ ᠦ᠋ᠨ ᠦᠨᠳᠦᠰᠦ ᠪᠣᠯᠵᠠᠢ᠃ ᠲᠡᠢᠮᠦ ᠴᠦ᠍ ᠤᠴᠢᠷ ᠬᠠᠷᠢᠨ ᠴᠢᠩᠭᠢᠰ ᠬᠠᠭᠠᠨ ᠶᠠᠭᠤ ᠭᠡᠵᠦ ᠵᠠᠷᠯᠢᠭ ᠪᠠᠭᠤᠯᠭᠠᠬᠤ ᠪᠠᠷ ᠳᠠᠭᠤᠳᠠᠭᠰᠠᠨ ᠢ᠋ ᠪᠤᠭᠤᠷᠴᠢ ᠳᠠᠭᠠᠭ᠎ᠠ ᠦᠭᠡᠢ ᠴᠦ᠍ ᠶᠠᠭ ᠣᠳᠣ ᠵᠥᠴᠢ ᠶ᠋ᠢᠨ ᠲᠤᠬᠠᠢ᠂ ᠲᠡᠭᠦᠨ ᠤ ᠬᠦᠨᠳᠦ ᠡᠪᠡᠳᠴᠢᠨ ᠳ᠋ᠦ᠍ ᠨᠡᠷᠪᠡᠭᠳᠡᠭᠰᠡᠨ ᠲᠤᠬᠠᠢ ᠪᠣᠳᠣᠵᠤ ᠰᠠᠭᠤᠵᠠᠢ᠃ ᠶᠠᠭᠠᠬᠢᠭᠠᠳ ᠴᠤ᠌ ᠶᠤᠮ ᠪᠣᠢ ᠡᠨᠡ ᠦᠳᠡᠰᠢ ᠲᠡᠳᠡᠨ ᠦ᠌ ᠬᠣᠭᠣᠷᠣᠨᠳᠣ ᠴᠣᠬᠣᠮ ᠵᠥᠴᠢ ᠶ᠋ᠢᠨ ᠲᠤᠬᠠᠢ ᠶᠠᠷᠢᠶ᠎ᠠ ᠪᠣᠯᠤᠨ᠎ᠠ ᠭᠡᠵᠦ ᠪᠢᠲᠡᠭᠦᠦ ᠳ᠋ᠡᠭᠡᠨ ᠲᠠᠭᠠᠮᠠᠭᠯᠠᠵᠤ ᠰᠠᠭᠤᠯ᠎ᠠ᠃ ᠪᠦᠬᠦ ᠪᠠᠢᠳᠠᠯ ᠢ᠋ ᠡᠷᠭᠢᠴᠡᠭᠦᠯᠦᠨ ᠪᠣᠳᠣᠵᠤ ᠦᠵᠡᠪᠡᠯ ᠵᠥᠴᠢ ᠡᠴᠡ ᠥᠭᠡᠷ᠎ᠡ ᠢᠩᠭᠢᠵᠦ ᠴᠢᠩᠭᠢᠰ ᠬᠠᠭᠠᠨ ᠢ᠋ ᠪᠣᠳᠣᠯ ᠳ᠋ᠤ᠌ ᠤᠨᠠᠭᠠᠬᠤ ᠵᠦᠢᠯ ᠦᠭᠡᠢ ᠪᠠᠢᠪᠠ᠃ ᠡᠨᠡ ᠣᠯᠠᠨ ᠵᠢᠯ ᠦ᠋ᠨ ᠭᠦᠨ ᠨᠥᠬᠥᠷᠯᠡᠯ ᠦ᠋ᠨ ᠳᠤᠮᠳᠠ ᠴᠢᠩᠭᠢᠰ ᠬᠠᠭᠠᠨ ᠢ᠋ ᠪᠤᠭᠤᠷᠴᠢ ᠲᠠᠢ ᠪᠤᠰᠤᠳ ᠠ᠋ᠴᠠ ᠢᠯᠡᠭᠦᠦ ᠬᠣᠯᠪᠣᠨ ᠭᠠᠩᠨᠠᠭᠰᠠᠨ ᠬᠥᠮᠦᠨ ᠨᠢ ᠵᠥᠴᠢ ᠪᠣᠯᠬᠤ ᠶ᠋ᠢ ᠲᠡᠳᠡ ᠤᠷᠢᠳ ᠨᠢ ᠶᠡᠷᠦ ᠪᠣᠳᠣᠵᠤ ᠦᠵᠡᠭᠡ ᠦᠭᠡᠢ ᠪᠠᠢᠵᠠᠢ᠃ ᠵᠥᠴᠢ ᠭᠡᠭᠴᠢ ᠡᠨᠡ ᠬᠥᠪᠡᠭᠦᠨ ᠪᠥᠷᠲᠡ ᠳ᠋ᠦ᠍ ᠣᠯᠳᠠᠭᠰᠠᠨ ᠨᠢ᠂ ᠪᠠᠰᠠ ᠵᠥᠴᠢ ᠶ᠋ᠢ ᠲᠦᠷᠦᠮᠡᠭᠴᠡ ᠠᠯᠠᠬᠤ ᠶ᠋ᠢ ᠪᠤᠭᠤᠷᠴᠢ ᠳ᠋ᠤ᠌ ᠲᠤᠰᠢᠶᠠᠭᠰᠠᠨ ᠨᠢ ᠪᠦᠭᠦᠳᠡ ᠯᠡ ᠲᠣᠬᠢᠶᠠᠯᠳᠤᠯ ᠮᠡᠲᠦ ᠪᠣᠳᠣᠭᠳᠠᠨ᠎ᠠ᠃ ᠭᠡᠪᠡᠴᠦ ᠡᠨᠡ ᠪᠣᠯ ᠲᠣᠬᠢᠶᠠᠯᠳᠤᠯ ᠪᠢᠰᠢ ᠦᠢᠯᠡ ᠶ᠋ᠢᠨ ᠦᠷ᠎ᠡ ᠪᠠᠢᠭᠰᠠᠨ ᠢ᠋ ᠲᠡᠳᠡ ᠪᠠᠰᠠ ᠯᠠ ᠲᠤᠩᠭᠠᠭᠰᠠᠨ ᠦᠭᠡᠢ᠃ ᠲᠡᠮᠦᠵᠢᠨ ᠪᠣᠯᠤᠭᠠᠳ ᠪᠤᠭᠤᠷᠴᠢ ᠶ᠋ᠢᠨ ᠬᠥᠮᠦᠨ ᠴᠢᠨᠠᠷ᠂ ᠪᠡᠶ᠎ᠡ ᠪᠠᠶᠠᠨ ᠳ᠋ᠠᠭᠡᠨ ᠢᠲᠡᠭᠡᠬᠦ ᠶᠡᠬᠡ ᠢᠲᠡᠭᠡᠯ ᠢ᠋ ᠰᠢᠯᠭᠠᠬᠤ ᠭᠡᠵᠦ ᠲᠩᠷᠢ ᠡᠴᠡ ᠵᠥᠴᠢ ᠶ᠋ᠢ ᠢᠯᠡᠭᠡᠵᠡᠢ᠃ ᠬᠡᠷᠪᠡ ᠪᠤᠭᠤᠷᠴᠢ ᠵᠥᠴᠢ ᠶ᠋ᠢ ᠭᠠᠷᠤᠭᠰᠠᠨ ᠳᠣᠣᠷ᠎ᠠ ᠨᠢ ᠲᠡᠮᠦᠵᠢᠨ ᠦ᠌ ᠬᠡᠯᠡᠭᠰᠡᠨ ᠢ᠋ᠶ᠋ᠡᠷ ᠠᠯᠠᠵᠤ ᠣᠷᠬᠢᠭᠰᠠᠨ ᠪᠣᠯ ᠲᠡᠳᠡᠨ ᠦ᠌ ᠠᠮᠢᠳᠤᠷᠠᠯ᠂ ᠲᠡᠮᠡᠴᠡᠯ ᠴᠢᠨᠠᠭᠰᠢᠳᠠ ᠬᠡᠷᠬᠢᠨ ᠥᠷᠨᠢᠬᠦ ᠪᠣᠯᠤᠭᠰᠠᠨ ᠢ᠋ ᠣᠳᠣ ᠬᠡᠯᠡᠬᠦ ᠳ᠋ᠦ᠍ ᠪᠡᠷᠬᠡ ᠶᠦᠮ᠃ ᠦᠢᠯᠡ ᠶ᠋ᠢᠨ ᠦᠷ᠎ᠡ ᠶ᠋ᠢ ᠤᠭ ᠠ᠋ᠴᠠ ᠥᠭᠡᠷ᠎ᠡ ᠪᠤᠰᠤᠳ ᠦᠢᠯᠡ ᠶᠠᠪᠤᠳᠠᠯ ᠲᠣᠬᠢᠶᠠᠯᠳᠤᠯ ᠢ᠋ᠶ᠋ᠠᠷ ᠣᠷᠣᠯᠠᠭᠤᠯᠤᠨ ᠨᠥᠬᠥᠬᠦ ᠠᠷᠭ᠎ᠠ ᠦᠭᠡᠢ ᠪᠠᠢᠳᠠᠭ ᠪᠢᠯᠡ᠃ ᠣᠳᠣ ᠠ᠋ᠴᠠ ᠶᠠᠭ ᠳᠥᠴᠢᠨ ᠬᠣᠶᠠᠷ ᠵᠢᠯ ᠦ᠋ᠨ ᠡᠮᠦᠨ᠎ᠡ ᠮᠡᠷᠭᠢᠳ ᠦ᠋ᠨ ᠳᠠᠷᠤᠭᠳᠠᠵᠤ ᠰᠦᠢᠷᠡᠭᠰᠡᠨ ᠬᠦᠷᠢᠶᠡᠨ ᠦ᠌ ᠳᠡᠷᠭᠡᠳᠡ ᠡᠴᠡ ᠪᠤᠭᠤᠷᠴᠢ ᠲᠤᠯᠭᠤᠷ ᠪᠡᠶ᠎ᠡ ᠲᠡᠢ ᠪᠥᠷᠲᠡ ᠶ᠋ᠢ ᠳᠠᠭᠠᠭᠤᠯᠤᠨ ᠮᠣᠷᠳᠠᠭᠰᠠᠨ ᠢ᠋ᠶ᠋ᠠᠨ ᠰᠠᠨᠠᠪᠠ᠃ ᠲᠡᠷᠡ ᠡᠳᠦᠷ ᠦ᠋ᠨ ᠶᠠᠪᠤᠳᠠᠯ ᠢ᠋ ᠪᠤᠭᠤᠷᠴᠢ ᠬᠡᠵᠢᠶ᠎ᠡ ᠴᠦ᠍ ᠮᠠᠷᠲᠠᠵᠤ ᠴᠢᠳᠠᠳᠠᠭ ᠦᠭᠡᠢ ᠶᠦᠮ᠃ ᠮᠠᠷᠲᠠᠬᠤ ᠶ᠋ᠢᠨ ᠠᠷᠭ᠎ᠠ ᠦᠭᠡᠢ ᠦᠢᠯᠡ ᠶᠠᠪᠤᠳᠠᠯ ᠤᠴᠢᠷ ᠠ᠋ᠴᠠ ᠲᠡᠷᠡ ᠪᠢᠵᠡ᠃ ᠮᠡᠷᠭᠢᠳ ᠦ᠋ᠨ ᠠᠮᠠ ᠴᠠᠭᠠᠨ ᠮᠣᠷᠢ ᠬᠥᠷᠥᠰᠥᠨ ᠬᠡᠯᠪᠡᠷᠢᠲᠦ ᠠᠳᠤᠭᠤ ᠲᠤᠯᠠ ᠡᠴᠡᠵᠦ ᠴᠤᠴᠠᠬᠤ ᠶ᠋ᠢ ᠮᠡᠳᠡᠬᠦ ᠦᠭᠡᠢ ᠳᠣᠪᠲᠣᠯᠭᠠᠨ᠎ᠠ᠃ ᠮᠡᠷᠭᠢᠳ ᠦ᠋ᠨ ᠬᠦᠷᠢᠶᠡᠨ ᠡᠴᠡ ᠭᠠᠷᠤᠭᠰᠠᠨ ᠠ᠋ᠴᠠ ᠬᠣᠢᠰᠢ ᠮᠣᠷᠢᠨ ᠤ᠋ ᠠᠮᠠ ᠲᠠᠲᠠᠯ ᠦᠭᠡᠢ ᠳᠣᠪᠲᠣᠯᠭᠠᠭᠰᠠᠨ ᠭᠤᠷᠪᠠᠳᠠᠬᠢ ᠡᠳᠦᠷ ᠵᠥᠴᠢ ᠲᠥᠷᠥᠵᠡᠢ᠃
| ᠪᠤᠭᠤᠷᠴᠢ᠂ ᠵᠣᠭᠰᠣᠭᠠᠴᠢ᠃ ᠦᠬᠦᠯ᠎ᠡ ᠭᠡᠵᠦ ᠪᠥᠷᠲᠡ ᠦᠷᠦ ᠡᠪᠡᠳᠦᠯᠲᠡᠢ ᠪᠡᠷ ᠪᠠᠷᠬᠢᠷᠠᠭᠰᠠᠭᠠᠷ ᠠᠪᠠᠴᠤ ᠵᠣᠭᠰᠣᠭᠰᠠᠨ ᠦᠭᠡᠢ᠃ ᠭᠡᠪᠡᠴᠦ ᠪᠥᠷᠲᠡ ᠮᠣᠷᠢᠨ ᠠ᠋ᠴᠠ ᠤᠨᠠᠭᠰᠠᠨ ᠲᠤᠯᠠ ᠶᠠᠭᠠᠬᠢᠬᠤ ᠴᠤ᠌ ᠠᠷᠭ᠎ᠠ ᠦᠭᠡᠢ ᠪᠣᠯᠵᠠᠢ᠃ ᠪᠥᠷᠲᠡ ᠤᠬᠠᠭᠠᠨ ᠦᠭᠡᠢ ᠮᠡᠲᠦ ᠤᠨᠠᠵᠠᠢ᠃ ᠳᠠᠭᠠᠯᠳᠤᠨ ᠶᠠᠪᠤᠭᠰᠠᠨ ᠬᠡᠳᠦᠨ ᠴᠡᠷᠢᠭ ᠭᠦᠢᠴᠡᠨ ᠢᠷᠡᠪᠡ᠃ ᠮᠣᠷᠢᠨ ᠠ᠋ᠴᠠ ᠤᠨᠠᠬᠤ ᠪᠥᠷᠲᠡ ᠶ᠋ᠢ ᠦᠬᠦᠪᠡ ᠭᠡᠵᠦ ᠰᠠᠨᠳᠤᠷᠤᠭᠰᠠᠨ ᠤᠴᠢᠷ ᠡᠢᠨ ᠵᠣᠭᠰᠣᠵᠠᠢ᠃ ᠪᠥᠷᠲᠡ ᠦᠬᠦᠭᠰᠡᠨ ᠦᠭᠡᠢ᠂ ᠬᠠᠷᠢᠨ ᠴᠤ᠌ ᠬᠣᠷᠮᠣᠢ ᠶ᠋ᠢᠨ ᠳᠣᠣᠭᠤᠷ ᠤᠷᠤᠰᠬᠤ ᠴᠢᠰᠤ᠂ ᠤᠰᠤᠨ ᠳᠤᠮᠳᠠ ᠰᠡᠷᠪᠡᠯᠵᠡᠨ ᠴᠢᠷᠠᠯᠠᠬᠤ ᠬᠡᠦᠬᠡᠳ ᠢ᠋ᠶ᠋ᠡᠨ ᠦᠵᠡᠭᠡᠳ ᠴᠣᠴᠢᠨ ᠠᠯᠮᠠᠢᠷᠠᠭᠰᠠᠨ ᠢ᠋ ᠬᠠᠷᠠᠪᠠ᠃ ᠮᠣᠷᠢᠨ ᠤ᠋ ᠳᠠᠪᠬᠢᠭᠠᠨ ᠳᠤᠮᠳᠠ ᠡᠮᠡᠭᠡᠯ ᠳᠡᠭᠡᠷ᠎ᠡ ᠲᠥᠷᠥᠭᠰᠡᠨ ᠬᠥᠭᠡᠷᠦᠬᠦᠢ ᠦᠷ᠎ᠡ ᠪᠡᠨ ᠦᠬᠦᠯ ᠡᠴᠡ ᠬᠠᠮᠠᠭᠠᠯᠠᠬᠤ ᠭᠠᠭᠴᠠ ᠠᠷᠭ᠎ᠠ ᠨᠢ ᠮᠣᠷᠢᠨ ᠠ᠋ᠴᠠ ᠪᠠᠨ ᠤᠨᠠᠬᠤ ᠪᠠᠢᠵᠠᠢ᠃ ᠪᠥᠷᠲᠡ ᠥᠪᠡᠷ ᠢ᠋ ᠪᠡᠨ ᠪᠣᠳᠣᠬᠤ ᠵᠠᠪ ᠪᠠᠢᠭᠰᠠᠨ ᠦᠭᠡᠢ᠂ ᠵᠥᠪᠬᠡᠨ ᠲᠥᠷᠥᠭᠰᠡᠨ ᠦᠷ᠎ᠡ ᠪᠠᠨ ᠯᠠ ᠪᠡᠷᠲᠡᠭᠡᠵᠦ ᠭᠡᠮᠲᠦᠭᠡᠬᠦ ᠦᠭᠡᠢ ᠶ᠋ᠢ ᠬᠢᠴᠢᠶᠡᠭᠰᠡᠨ ᠪᠢᠯᠡ᠃ ᠮᠣᠷᠢᠨ ᠠ᠋ᠴᠠ ᠤᠨᠠᠭᠰᠠᠨ ᠴᠤ᠌ ᠬᠡᠦᠬᠡᠳ ᠨᠢ ᠠᠮᠢᠳᠤ ᠦᠯᠡᠳᠡᠵᠡᠢ᠃ ᠡᠢᠮᠦ ᠦᠶ᠎ᠡ ᠳ᠋ᠦ᠍ ᠶᠠᠭᠠᠬᠢᠬᠤ ᠶᠣᠰᠣᠲᠠᠢ ᠶ᠋ᠢ ᠪᠤᠭᠤᠷᠴᠢ ᠮᠡᠳᠡᠭᠰᠡᠨ ᠦᠭᠡᠢ᠃ ᠪᠥᠷᠲᠡ ᠬᠡᠳᠦᠢ ᠪᠡᠷ ᠣᠭᠲᠣ ᠳᠤᠤᠭᠠᠷᠤᠭ᠎ᠠ ᠦᠭᠡᠢ ᠴᠦ᠍ 《ᠬᠡᠦᠬᠡᠳ ᠢ᠋ ᠮᠢᠨᠢ ᠠᠪᠤᠷᠠᠭᠠᠴᠢ》 ᠭᠡᠵᠦ ᠭᠠᠰᠢᠭᠤᠨ ᠨᠢᠯᠪᠤᠰᠤ ᠭᠠᠰᠠᠯᠠᠩᠲᠤ ᠬᠠᠷᠠᠴᠠ ᠨᠢ ᠭᠤᠶᠤᠵᠤ ᠪᠠᠢᠬᠤ ᠳ᠋ᠤ᠌ ᠪᠤᠭᠤᠷᠴᠢ ᠴᠣᠬᠣᠮ ᠯᠠ ᠲᠩᠷᠢ ᠳ᠋ᠦ᠍ ᠬᠥᠲᠥᠯᠦᠭᠳᠡᠬᠦ ᠰᠢᠭ ᠨᠢᠭᠡ ᠯᠡ ᠮᠡᠳᠡᠬᠦ ᠳ᠋ᠦ᠍ ᠤᠯᠠᠭᠠᠨ ᠨᠢᠯᠴᠠᠭᠠᠢ ᠠᠮᠢᠲᠠᠨ ᠢ᠋ ᠭᠠᠷ ᠲᠠᠭᠠᠨ ᠰᠢᠭᠦᠷᠡᠨ ᠠᠪᠴᠠᠢ᠃ ᠬᠦᠢᠰᠦ ᠶ᠋ᠢ ᠨᠢ ᠲᠠᠰᠤ ᠬᠠᠵᠠᠭᠠᠳ ᠤᠯᠠᠭᠠᠨ ᠨᠢᠯᠵᠠᠷᠠᠢ ᠲᠡᠷᠡ ᠠᠮᠢᠲᠠᠨ ᠢ᠋ ᠠᠷᠪᠠᠯᠵᠠᠭᠤᠯᠤᠨ ᠠᠯᠠᠭᠠᠨ ᠳᠡᠭᠡᠷ᠎ᠡ ᠪᠡᠨ ᠡᠷᠭᠦᠪᠡ᠃ ᠣᠳᠣ ᠲᠡᠭᠦᠨ ᠢ᠋ ᠬᠠᠵᠠᠭᠤ ᠲᠡᠢᠰᠢ ᠰᠢᠳᠡᠬᠦ ᠯᠡ ᠦᠯᠡᠳᠡᠪᠡ᠃ ᠬᠠᠯᠠᠭᠤᠨ ᠨᠣᠢᠲᠠᠨ ᠪᠡᠶ᠎ᠡ ᠲᠡᠢ ᠥᠮᠥᠯᠵᠡᠨ ᠪᠠᠷᠬᠢᠷᠠᠬᠤ ᠲᠡᠷᠡ ᠬᠡᠦᠬᠡᠳ ᠬᠥᠪᠡᠭᠦᠨ ᠪᠠᠢᠭᠰᠠᠨ ᠨᠢ ᠬᠠᠮᠤᠭ ᠤ᠋ᠨ ᠲᠡᠷᠢᠭᠦᠨ ᠳ᠋ᠦ᠍ ᠨᠢᠳᠦᠨ ᠳ᠋ᠦ᠍ ᠲᠤᠰᠤᠭᠰᠠᠨ ᠭᠠᠭᠴᠠ ᠣᠢᠯᠠᠭᠠᠭᠳᠠᠬᠤ ᠲᠡᠮᠳᠡᠭ ᠪᠠᠢᠪᠠ᠃ ᠡᠨᠡ ᠶᠠᠪᠤᠳᠠᠯ ᠬᠣᠷᠣᠮ ᠲᠡᠳᠦᠢ ᠪᠣᠯᠤᠭᠰᠠᠨ ᠴᠤ᠌ ᠪᠥᠷᠲᠡ ᠳ᠋ᠦ᠍ ᠬᠡᠴᠢᠨᠡᠨ ᠤᠳᠠᠬᠤ ᠰᠢᠭ᠋ ᠪᠣᠯᠵᠠᠢ᠃ ᠪᠤᠭᠤᠷᠴᠢ ᠬᠡᠦᠬᠡᠳ ᠢ᠋ ᠨᠢ ᠣᠳᠣᠬᠠᠨ ᠨᠢᠴᠠ ᠰᠢᠳᠡᠬᠦ ᠶᠦᠮ ᠰᠢᠭ ᠰᠠᠨᠠᠭᠳᠠᠭᠰᠠᠨ ᠪᠣᠯᠪᠠᠴᠤ ᠶᠠᠭᠤ ᠴᠤ᠌ ᠳᠤᠤᠭᠠᠷᠴᠤ ᠴᠢᠳᠠᠭᠰᠠᠨ ᠦᠭᠡᠢ᠃ ᠬᠠᠷᠢᠨ ᠪᠤᠭᠤᠷᠴᠢ ᠬᠠᠷᠠᠵᠤ ᠬᠠᠷᠠᠵᠤ ᠤᠯᠠᠭᠠᠨ ᠨᠢᠴᠦᠭᠦᠨ ᠲᠡᠷᠡ ᠠᠮᠢᠲᠠᠨ ᠢ᠋ ᠡᠩᠭᠡᠷ ᠢ᠋ᠶ᠋ᠡᠨ ᠢᠷᠡᠨ ᠡᠪᠦᠷ ᠲᠦ᠍ ᠪᠡᠨ ᠬᠢᠬᠦ ᠳ᠋ᠦ᠍ᠨᠢ ᠪᠥᠷᠲᠡ ᠰᠠᠶᠢ ᠰᠠᠨᠠᠭ᠎ᠠ ᠠᠮᠠᠷᠠᠨ ᠡᠬᠡᠷ ᠲᠡᠳᠡᠨ ᠤᠬᠢᠯᠠᠭᠰᠠᠨ ᠪᠢᠯᠡ᠃ ᠵᠥᠴᠢ ᠶ᠋ᠢᠨ ᠤᠯᠠᠭᠠᠨ ᠨᠢᠯᠵᠠᠷᠠᠢ ᠪᠡᠶ᠎ᠡ᠂ ᠡᠮᠵᠡᠭ ᠪᠢᠴᠢᠬᠠᠨ ᠭᠠᠷ ᠬᠥᠯ ᠪᠤᠭᠤᠷᠴᠢ ᠶ᠋ᠢᠨ ᠴᠡᠭᠡᠵᠢᠨ ᠳ᠋ᠦ᠍ ᠠᠩᠬ᠎ᠠ ᠬᠦᠷᠦᠭᠰᠡᠨ ᠨᠢ ᠣᠳᠣ ᠪᠣᠯᠲᠠᠯ᠎ᠠ ᠮᠡᠳᠡᠷᠡᠭᠳᠡᠬᠦ ᠰᠢᠭ ᠪᠣᠯᠳᠠᠭ ᠶᠤᠮ᠃ ᠲᠡᠨᠳᠡ ᠪᠡᠨ ᠪᠠᠭᠤᠳᠠᠯᠯᠠᠨ ᠭᠠᠯ ᠲᠦᠯᠡᠵᠦ᠂ ᠪᠥᠷᠲᠡ ᠶ᠋ᠢ ᠠᠮᠠᠷᠠᠭᠠᠵᠤ ᠪᠠᠰᠠ ᠰᠢᠨ᠎ᠡ ᠲᠥᠷᠥᠭᠰᠡᠨ ᠬᠥᠪᠡᠭᠦᠨ ᠢ᠋ ᠠᠮᠠᠯᠠᠭᠤᠯᠵᠤ ᠬᠣᠨᠣᠵᠠᠢ᠃ ᠮᠡᠷᠭᠢᠳ ᠦ᠋ᠨ ᠴᠢᠯᠭᠡᠷ ᠪᠥᠬᠡ ᠶ᠋ᠢ ᠬᠡᠴᠢᠨᠡᠨ ᠴᠦ᠍ ᠦᠵᠡᠨ ᠶᠠᠳᠠᠭᠰᠠᠨ ᠭᠡᠯᠡ ᠴᠦ᠍ ᠡᠬᠡ ᠬᠥᠮᠦᠨ ᠦ᠌ ᠶᠣᠰᠣᠭᠠᠷ ᠪᠥᠷᠲᠡ ᠰᠢᠨ᠎ᠡ ᠦᠷ᠎ᠡ ᠪᠡᠨ ᠦᠵᠡᠮᠡᠭᠴᠡ ᠤᠬᠠᠭᠠᠨ ᠦᠭᠡᠢ ᠬᠠᠢᠷᠠᠲᠠᠢ ᠪᠣᠯᠪᠠ᠃ ᠬᠥᠪᠡᠭᠦᠨ ᠡᠬᠡ ᠶ᠋ᠢᠨ ᠢ᠋ᠶ᠋ᠡᠨ ᠤᠭᠤᠷᠠᠭ ᠢ᠋ ᠬᠣᠪᠳᠣᠭᠯᠠᠨ ᠬᠥᠬᠥᠵᠦ ᠪᠥᠷᠲᠡ ᠬᠠᠢᠷᠠᠯᠠᠨ ᠢᠨᠢᠶᠡᠮᠰᠦᠭᠯᠡᠨ ᠰᠢᠷᠳᠡᠵᠦ ᠬᠡᠪᠲᠡᠬᠦ ᠶ᠋ᠢ ᠦᠵᠡᠭᠡᠳ ᠪᠤᠭᠤᠷᠴᠢ 《ᠡᠨᠡ ᠬᠥᠪᠡᠭᠦᠨ ᠬᠡᠷᠪᠡ ᠬᠥᠮᠦᠨ ᠪᠣᠯᠪᠠᠯ ᠲᠡᠭᠦᠨ ᠢ᠋ ᠥᠪᠡᠷ ᠦ᠋ᠨ ᠬᠡᠦᠬᠡᠳ ᠰᠢᠭ ᠬᠠᠮᠠᠭᠠᠯᠠᠵᠤ ᠶᠠᠪᠤᠶ᠎ᠠ》 ᠭᠡᠵᠦ ᠥᠪᠡᠷ ᠲᠡᠭᠡᠨ ᠲᠠᠩᠭᠠᠷᠢᠭᠯᠠᠭᠰᠠᠨ ᠪᠢᠯᠡ᠃ ᠪᠤᠭᠤᠷᠴᠢ ᠡᠨᠡ ᠲᠠᠩᠭᠠᠷᠢᠭ ᠢ᠋ᠶ᠋ᠠᠨ ᠥᠨᠥ ᠬᠦᠷᠲᠡᠯ᠎ᠡ ᠡᠪᠳᠡᠭᠰᠡᠨ ᠦᠭᠡᠢ᠃ ᠬᠠᠷᠢᠨ ᠬᠠᠮᠤᠭ ᠤ᠋ᠨ ᠭᠠᠢᠬᠠᠯᠲᠠᠢ ᠨᠢ ᠲᠡᠮᠦᠵᠢᠨ ᠡᠷᠭᠢᠨ ᠢᠷᠡᠭᠡᠳ ᠪᠥᠷᠲᠡ ᠶ᠋ᠢᠨ ᠬᠥᠪᠡᠭᠦᠨ ᠲᠥᠷᠥᠭᠦᠯᠦᠭᠰᠡᠨ ᠢ᠋᠂ ᠪᠠᠰᠠ ᠪᠤᠭᠤᠷᠴᠢ ᠲᠡᠭᠦᠨ ᠢ᠋ ᠠᠯᠠᠭᠰᠠᠨ ᠦᠭᠡᠢ ᠳ᠋ᠦ᠍ ᠶᠡᠷᠦ ᠠᠭᠤᠷᠯᠠᠵᠤ ᠬᠢᠯᠢᠩᠨᠡᠯ ᠦᠭᠡᠢ ᠲᠠᠭ ᠳᠠᠭᠤ ᠦᠭᠡᠢ ᠥᠩᠭᠡᠷᠡᠵᠡᠢ᠃ ᠵᠥᠴᠢ ᠢᠩᠭᠢᠵᠦ ᠬᠥᠮᠦᠨ ᠪᠣᠯᠤᠭᠰᠠᠨ ᠪᠢᠯᠡ᠃ ᠵᠥᠴᠢ ᠳ᠋ᠦ᠍ ᠦᠬᠦᠯ ᠦᠨᠡᠬᠡᠷ ᠣᠢᠷᠠᠬᠠᠨ ᠪᠠᠢᠪᠠ᠃ ᠨᠢᠯᠬ᠎ᠠ ᠪᠠᠯᠴᠢᠷ ᠵᠥᠴᠢ ᠶ᠋ᠢ ᠲᠡᠮᠦᠵᠢᠨ ᠶᠠᠭᠤ ᠶᠠᠭᠤ ᠦᠭᠡᠢ ᠠᠯᠠᠴᠢᠬᠠᠬᠤ ᠶᠤᠮ ᠰᠢᠭ᠋ ᠪᠤᠭᠤᠷᠴᠢ ᠳ᠋ᠤ᠌ ᠰᠠᠨᠠᠭᠳᠠᠭᠰᠠᠨ ᠦᠶ᠎ᠡ ᠣᠯᠠᠨ᠃ ᠭᠡᠪᠡᠴᠦ ᠮᠠᠭᠤ ᠶᠠᠭᠤᠮ᠎ᠠ ᠪᠣᠯᠤᠭᠰᠠᠨ ᠦᠭᠡᠢ᠃ ᠮᠠᠭᠠᠳ ᠦᠭᠡᠢ ᠲᠡᠮᠦᠵᠢᠨ ᠪᠤᠭᠤᠷᠴᠢ ᠶ᠋ᠢᠨ ᠰᠡᠳᠬᠢᠯ ᠢ᠋ ᠪᠣᠳᠣᠭᠰᠠᠨ ᠴᠤ᠌ ᠪᠠᠢᠵᠤ ᠮᠡᠳᠡᠨ᠎ᠡ᠃ ᠶᠡᠷᠦ ᠨᠢ ᠲᠡᠮᠦᠵᠢᠨ ᠥᠪᠡᠷ ᠢ᠋ᠶ᠋ᠡᠨ ᠯᠡ ᠨᠡᠭᠡᠭᠡᠵᠦ ᠬᠡᠯᠡᠬᠦ ᠦᠭᠡᠢ ᠪᠣᠯ ᠲᠡᠭᠦᠨ ᠦ᠌ ᠶᠠᠭᠤ ᠪᠣᠳᠣᠵᠤ ᠰᠠᠨᠠᠵᠤ ᠪᠠᠢᠭ᠎ᠠ ᠶ᠋ᠢ ᠳᠠᠭᠠᠬᠤ ᠶ᠋ᠢᠨ ᠠᠷᠭ᠎ᠠ ᠦᠭᠡᠢ ᠪᠢᠯᠡ᠃
ᠬᠠᠷᠢᠨ ᠵᠥᠴᠢ ᠶ᠋ᠢᠨ ᠬᠡᠷᠬᠢᠨ ᠲᠥᠷᠥᠭᠰᠡᠨ ᠢ᠋ ᠪᠥᠷᠲᠡ ᠬᠥᠪᠡᠭᠦᠨ ᠳ᠋ᠡᠭᠡᠨ ᠬᠡᠯᠡᠭᠰᠡᠨ ᠪᠠᠢᠵᠠᠢ᠃ ᠡᠭᠦᠨ ᠡᠴᠡ ᠬᠣᠢᠰᠢ ᠪᠤᠭᠤᠷᠴᠢ᠂ ᠵᠥᠴᠢ ᠶ᠋ᠢ ᠥᠪᠡᠷ ᠦ᠋ᠨ ᠬᠥᠪᠡᠭᠦᠨ ᠰᠢᠭ ᠦᠵᠡᠬᠦ ᠪᠣᠯᠤᠭᠰᠠᠨ ᠪᠠᠰᠠ ᠨᠢᠭᠡ ᠰᠢᠯᠲᠠᠭᠠᠨ ᠨᠢ ᠲᠡᠭᠦᠨ ᠦ᠌ ᠶᠣᠰᠣᠯᠠᠵᠤ ᠠᠪᠤᠭᠰᠠᠨ ᠪᠣᠯᠤᠭᠠᠳ ᠲᠠᠲᠠᠪᠤᠷᠢ ᠡᠮᠡᠰ ᠡᠴᠡ ᠣᠳᠣ ᠪᠣᠯᠲᠠᠯ᠎ᠠ ᠬᠥᠪᠡᠭᠦᠨ ᠳᠥᠷᠥᠭᠡ ᠦᠭᠡᠢ ᠶᠠᠪᠤᠳᠠᠯ ᠶᠤᠮ᠃ ᠵᠥᠴᠢ ᠶ᠋ᠢ ᠠᠯᠠᠵᠤ ᠣᠷᠬᠢᠭᠰᠠᠨ ᠪᠣᠯ ᠪᠤᠭᠤᠷᠴᠢ ᠯᠠᠪ ᠬᠥᠪᠡᠭᠦᠨ ᠲᠡᠢ ᠪᠣᠯᠬᠤ ᠪᠠᠢᠭᠰᠠᠨ ᠪᠢᠵᠡ ᠭᠡᠵᠦ ᠪᠣᠳᠣᠭᠰᠠᠨ ᠤᠳᠠᠭ᠎ᠠ ᠴᠤ᠌ ᠣᠯᠠᠨ᠃ ᠭᠡᠪᠡᠴᠦ ᠵᠥᠴᠢ ᠶ᠋ᠢ ᠠᠮᠢᠳᠤ ᠦᠯᠡᠳᠡᠭᠡᠬᠦ ᠳ᠋ᠡᠭᠡᠨ ᠪᠤᠭᠤᠷᠴᠢ ᠡᠳᠦᠢ ᠣᠯᠠᠨ ᠵᠢᠯ ᠪᠣᠯᠬᠤ ᠳ᠋ᠤ᠌ ᠨᠢᠭᠡ ᠴᠦ᠍ ᠤᠳᠠᠭ᠎ᠠ ᠬᠠᠷᠠᠮᠰᠠᠭᠰᠠᠨ ᠦᠭᠡᠢ ᠪᠢᠯᠡ᠃ ᠵᠥᠴᠢ ᠴᠦ᠍ ᠢᠩᠭᠢᠵᠦ ᠪᠣᠳᠣᠬᠤ ᠰᠢᠯᠲᠠᠭ ᠭᠠᠷᠭᠠᠭᠰᠠᠨ ᠦᠭᠡᠢ᠃ ᠳᠤᠭᠤᠯᠭᠠᠪᠤᠷᠢᠲᠠᠢ᠂ ᠲᠡᠪᠴᠢᠶᠡᠷᠢᠲᠡᠢ᠂ ᠤᠬᠠᠭᠠᠨᠲᠠᠢ ᠵᠥᠴᠢ ᠲᠡᠮᠦᠵᠢᠨ ᠦ᠌ ᠪᠦᠬᠦ ᠳᠠᠷᠤᠯᠲᠠ ᠳᠣᠷᠣᠮᠵᠢᠯᠠᠯ ᠢ᠋ ᠳᠠᠰᠤᠨ ᠭᠠᠷᠴᠤ ᠥᠪᠡᠷ ᠢ᠋ ᠪᠡᠨ ᠬᠦᠯᠢᠶᠡᠨ ᠵᠥᠪᠰᠢᠶᠡᠷᠡᠭᠦᠯᠵᠦ ᠴᠢᠳᠠᠬᠤ ᠵᠠᠩᠵᠤᠨ ᠪᠣᠯᠤᠭᠰᠠᠨ ᠶᠤᠮ᠃ ᠵᠥᠴᠢ ᠪᠡᠷ ᠪᠠᠬᠠᠷᠬᠠᠬᠤ ᠦᠭᠡᠢ ᠪᠠᠢᠬᠤ ᠶ᠋ᠢᠨ ᠠᠷᠭ᠎ᠠ ᠦᠭᠡᠢ᠃ ᠵᠥᠴᠢ ᠶ᠋ᠢ ᠬᠡᠨ ᠨᠢᠭᠡᠨ᠂ ᠲᠡᠷᠡ ᠳᠤᠮᠳᠠ ᠪᠠᠨ ᠴᠢᠩᠭᠢᠰ ᠬᠠᠭᠠᠨ ᠰᠠᠢᠨ ᠢ᠋ᠶ᠋ᠠᠷ ᠳᠤᠷᠠᠰᠬᠤ ᠶᠤᠮ ᠤᠤ ᠮᠠᠭᠲᠠᠨ ᠰᠠᠢᠰᠢᠶᠠᠬᠤ ᠪᠦᠷᠢ ᠥᠪᠡᠷ ᠦ᠋ᠨ ᠬᠥᠮᠦᠵᠢᠭᠦᠯᠦᠭᠰᠡᠨ ᠵᠠᠩᠵᠤᠨ ᠭᠡᠵᠦ ᠪᠤᠭᠤᠷᠴᠢ ᠳᠣᠲᠣᠷ᠎ᠠ ᠪᠠᠨ ᠶᠡᠬᠡᠳᠡ ᠬᠥᠭᠡᠷᠦᠨ ᠣᠮᠣᠭᠰᠢᠳᠠᠭ ᠪᠢᠯᠡ᠃ ᠴᠢᠩᠭᠢᠰ ᠬᠠᠭᠠᠨ ᠵᠥᠴᠢ ᠶ᠋ᠢᠨ ᠲᠤᠬᠠᠢ ᠬᠡᠷᠡᠭ ᠢ᠋ ᠵᠠᠪᠠᠯ ᠪᠤᠭᠤᠷᠴᠢ ᠲᠠᠢ ᠬᠡᠯᠡᠯᠴᠡᠵᠦ᠂ ᠶᠡᠷᠦ ᠨᠢ ᠪᠤᠭᠤᠷᠴᠢ ᠶ᠋ᠢ ᠵᠥᠴᠢ ᠶ᠋ᠢᠨ ᠡᠴᠢᠭᠡ ᠨᠢ ᠶᠦᠮ ᠰᠢᠭ ᠬᠠᠨᠳᠤᠳᠠᠭ ᠨᠢ ᠲᠡᠭᠦᠨ ᠢ᠋ ᠠᠮᠢᠳᠤ ᠦᠯᠡᠳᠡᠭᠡᠭᠰᠡᠨ ᠶᠠᠪᠤᠳᠠᠯ ᠢ᠋ ᠵᠥᠪᠳᠡᠭᠡᠵᠦ ᠰᠠᠢᠰᠢᠶᠠᠭᠰᠠᠨ ᠬᠡᠷᠡᠭ ᠮᠡᠲᠦ ᠪᠣᠳᠣᠭᠳᠠᠨ᠎ᠠ᠃ ᠵᠥᠴᠢ ᠴᠢᠩᠭᠢᠰ ᠬᠠᠭᠠᠨ ᠳ᠋ᠤ᠌ ᠵᠢᠳᠬᠦᠵᠦ ᠶᠡᠬᠡ ᠶ᠋ᠢ ᠪᠦᠲᠦᠭᠡᠭᠰᠡᠨ ᠦ᠌ ᠳᠣᠲᠣᠷ᠎ᠠ ᠤᠤᠭᠠᠨ ᠬᠥᠪᠡᠭᠦᠨ ᠦ᠌ ᠬᠤᠪᠢ ᠳ᠋ᠤ᠌ ᠵᠢᠷᠤᠮᠲᠠᠢ᠂ ᠰᠢᠳᠤᠷᠭᠤ᠂ ᠵᠣᠷᠢᠭᠲᠠᠢ ᠪᠠᠢᠵᠤ ᠪᠤᠰᠤᠳ ᠬᠥᠪᠡᠭᠦᠳ ᠲᠦ᠍ ᠰᠠᠢᠨ ᠦᠯᠢᠭᠡᠷ ᠦᠵᠡᠭᠦᠯᠦᠭᠰᠡᠨ ᠢ᠋ ᠴᠢᠩᠭᠢᠰ ᠬᠠᠭᠠᠨ ᠬᠠᠮᠤᠭ ᠠ᠋ᠴᠠ ᠣᠨᠴᠠᠭᠠᠢᠯᠠᠨ ᠦᠨᠡᠯᠡᠳᠡᠭ ᠪᠠᠢᠪᠠ᠃ ᠦᠨᠡᠬᠡᠷ ᠴᠠᠭᠠᠲᠠᠢ᠂ ᠥᠭᠡᠳᠡᠢ᠂ ᠲᠤᠯᠤᠢ ᠭᠤᠷᠪᠠ ᠵᠥᠴᠢ ᠶ᠋ᠢᠨ ᠦᠯᠢᠭᠡᠷ ᠳᠠᠭᠤᠷᠢᠶᠠᠯ ᠳᠣᠣᠷ᠎ᠠ ᠥᠰᠴᠦ ᠬᠥᠮᠦᠵᠢᠭᠰᠡᠨ ᠶᠦᠮ᠃ ᠴᠢᠩᠭᠢᠰ ᠬᠠᠭᠠᠨ ᠥᠪᠡᠷ ᠦ᠋ᠨ ᠰᠡᠳᠬᠢᠯ ᠦ᠋ᠨ ᠭᠦᠨ ᠳ᠋ᠡᠬᠢ ᠵᠥᠷᠢᠴᠡᠯ ᠢ᠋ᠶ᠋ᠡᠨ ᠨᠢᠭᠤᠨ ᠵᠥᠴᠢ ᠶ᠋ᠢ ᠮᠠᠭᠲᠠᠨ ᠡᠷᠭᠦᠮᠵᠢᠯᠡᠬᠦ ᠳ᠋ᠡᠭᠡᠨ ᠬᠠᠷᠠᠮ ᠦᠭᠡᠢ ᠪᠠᠢᠵᠤ ᠴᠢᠳᠠᠭᠰᠠᠨ ᠳ᠋ᠤᠨᠢ ᠪᠤᠭᠤᠷᠴᠢ ᠶᠡᠬᠡ ᠲᠠᠯᠠᠷᠬᠠᠯ ᠲᠠᠢ ᠪᠠᠢᠪᠠ᠃ ᠬᠠᠷᠢᠨ ᠵᠥᠴᠢ ᠤᠷᠭ᠌ᠸᠨᠴᠠ ᠶ᠋ᠢᠨ ᠳᠡᠷᠭᠡᠳᠡ ᠡᠴᠡ ᠬᠥᠳᠡᠯᠵᠦ ᠴᠡᠷᠢᠭ ᠢ᠋ᠶ᠋ᠡᠨ ᠬᠣᠷᠢᠶᠠᠨ ᠡᠷᠭᠢᠵᠦ ᠢᠷᠡᠭᠡ ᠦᠭᠡᠢ ᠨᠢ ᠪᠦᠭᠦᠳᠡ ᠶ᠋ᠢ᠂ ᠲᠡᠷᠡ ᠳᠤᠮᠳᠠ ᠪᠠᠨ ᠪᠤᠭᠤᠷᠴᠢ ᠶ᠋ᠢ ᠬᠦᠷᠲᠡᠯ᠎ᠡ ᠭᠠᠢᠬᠠᠰᠢᠷᠠᠭᠤᠯᠵᠠᠢ᠃ ᠳᠤᠭᠤᠯᠭᠠᠪᠤᠷᠢᠲᠠᠢ᠂ ᠴᠢᠩᠭᠢᠰ ᠬᠠᠭᠠᠨ ᠤ᠋ ᠦᠭᠡ᠂ ᠵᠠᠷᠯᠢᠭ ᠲᠤ᠌ ᠪᠤᠰᠤᠳ ᠠ᠋ᠴᠠ ᠢᠯᠡᠭᠦᠦ ᠦᠨᠡᠨᠴᠢ᠂ ᠬᠦᠨᠳᠦᠳᠬᠡᠯᠲᠡᠢ ᠬᠠᠨᠳᠤᠳᠠᠭ ᠵᠥᠴᠢ ᠢᠩᠭᠢᠪᠡ ᠭᠡᠬᠦ ᠳ᠋ᠦ᠍ ᠢᠲᠡᠭᠡᠮ᠎ᠡ ᠦᠭᠡᠢ᠃ ᠴᠢᠩᠭᠢᠰ ᠬᠠᠭᠠᠨ ᠠ᠋ᠴᠠ ᠵᠢᠭᠠᠵᠤ ᠥᠭᠭᠦᠭᠰᠡᠨ ᠨᠤᠲᠤᠭ ᠢ᠋ ᠲᠣᠬᠣᠨᠢᠭᠤᠯᠬᠤ ᠨᠢ ᠴᠢᠬᠤᠯᠠ ᠴᠤ᠌ ᠴᠢᠩᠭᠢᠰ ᠬᠠᠭᠠᠨ ᠤ᠋ ᠵᠠᠷᠯᠢᠭ ᠢ᠋ ᠳᠠᠭᠠᠨ ᠢᠷᠡᠬᠦ ᠨᠢ ᠶᠡᠷᠦ ᠶᠠᠭᠤᠨ ᠳ᠋ᠤ᠌ ᠰᠠᠭᠠᠳ ᠪᠣᠯᠬᠤ ᠦᠭᠡᠢ ᠶᠠᠪᠤᠳᠠᠯ ᠪᠠᠢᠪᠠ᠃ ᠢᠷᠡᠭᠡ ᠦᠭᠡᠢ ᠶ᠋ᠢᠨ ᠤᠴᠢᠷ ᠢ᠋ ᠪᠤᠭᠤᠷᠴᠢ ᠥᠭᠡᠷ᠎ᠡ ᠵᠦᠢᠯ ᠲᠡᠢ ᠲᠡᠷᠡ ᠳᠤᠮᠳᠠ ᠪᠠᠨ ᠴᠠᠭᠠᠲᠠᠢ ᠲᠠᠢ ᠵᠥᠷᠢᠯᠳᠦᠭᠰᠡᠨ ᠡᠴᠡ ᠪᠣᠯᠪᠠ ᠭᠡᠵᠦ ᠪᠣᠳᠣᠵᠠᠢ᠃ ᠤᠷᠭᠧᠨ᠋ᠴᠠ ᠶ᠋ᠢ ᠠᠪᠬᠤ ᠳ᠋ᠤ᠌ ᠵᠥᠴᠢ ᠢᠯᠡᠳᠲᠡ ᠳᠤᠷ᠎ᠠ ᠦᠭᠡᠢᠴᠡᠨ ᠴᠡᠷᠢᠭ ᠢ᠋ᠶ᠋ᠡᠨ ᠣᠷᠣᠭᠤᠯᠬᠤ ᠦᠭᠡᠢ ᠠᠯᠭᠤᠷᠯᠠᠭᠰᠠᠨ ᠠ᠋ᠴᠠ ᠥᠭᠡᠳᠡᠢ ᠴᠠᠭᠠᠲᠠᠢ ᠨᠠᠷ ᠤ᠋ᠨ ᠴᠡᠷᠢᠭ ᠶᠡᠬᠡ ᠪᠡᠷ ᠦᠬᠦᠭᠰᠡᠨ ᠢ᠋ ᠰᠣᠨᠣᠰᠤᠭᠠᠳ ᠢᠩᠭᠢᠵᠦ ᠦᠵᠡᠬᠦ ᠪᠣᠯᠵᠠᠢ᠃ ᠶᠡᠷᠦ ᠡᠴᠡ ᠤᠷᠭᠧᠨ᠋ᠴᠠ ᠶ᠋ᠢ ᠠᠪᠬᠤ ᠭᠡᠵᠦ ᠴᠠᠭᠠᠲᠠᠢ ᠥᠭᠡᠳᠡᠢ ᠬᠣᠶᠠᠷ ᠢ᠋ ᠢᠯᠡᠭᠡᠭᠰᠡᠨ ᠨᠢ ᠪᠤᠷᠤᠭᠤ ᠪᠠᠢᠯ᠎ᠠ᠃ ᠲᠡᠳᠡᠨ ᠢ᠋ ᠪᠢᠰᠢ ᠶᠠᠳᠠᠵᠤ ᠰᠢᠭᠢᠬᠤᠲᠤᠭ ᠶᠤᠮ ᠤᠤ᠂ ᠡᠰᠡᠪᠡᠯ ᠲᠦᠷᠪᠡᠢ ᠳᠣᠭᠰᠢᠨ ᠴᠤ᠌ ᠶᠤᠮ ᠤᠤ᠂ ᠵᠥᠴᠢ ᠲᠡᠢ ᠬᠡᠯᠡ ᠠᠮᠠ ᠪᠠᠨ ᠣᠯᠤᠯᠴᠠᠬᠤ ᠲᠡᠢᠮᠦ ᠬᠥᠮᠦᠨ ᠢ᠋ ᠢᠯᠡᠭᠡᠬᠦ ᠪᠠᠢᠭᠰᠠᠨ ᠨᠢ ᠣᠳᠣ ᠪᠣᠳᠣᠬᠤ ᠳ᠋ᠤ᠌ ᠵᠥᠪ ᠪᠠᠢᠵᠠᠢ᠃ ᠬᠥᠪᠡᠭᠦᠳ ᠦ᠋ᠨ ᠬᠣᠭᠣᠷᠣᠨᠳᠣᠬᠢ ᠵᠥᠷᠢᠴᠡᠯ ᠡᠴᠡ ᠪᠣᠯᠵᠤ ᠵᠥᠴᠢ ᠡᠷᠭᠢᠵᠦ ᠢᠷᠡᠬᠦ ᠦᠭᠡᠢ ᠰᠢᠯᠲᠠᠭᠯᠠᠬᠤ ᠪᠣᠯᠪᠠ ᠭᠡᠵᠦ ᠪᠤᠭᠤᠷᠴᠢ ᠳᠠᠭᠠᠨ᠎ᠠ᠃ ᠲᠡᠳᠡᠨ ᠣ ᠬᠣᠭᠣᠷᠣᠨᠳᠣ ᠶᠠᠭᠤ ᠭᠡᠭᠴᠢ ᠪᠣᠯᠤᠭᠰᠠᠨ ᠢ᠋ ᠥᠭᠡᠳᠡᠢ ᠪᠤᠭᠤᠷᠴᠢ ᠳ᠋ᠤ᠌ ᠶᠡᠷᠦ ᠬᠡᠯᠡᠬᠦ ᠦᠭᠡᠢ ᠲᠣᠭᠣᠷᠢᠭᠤᠯᠤᠨ ᠥᠩᠭᠡᠷᠡᠭᠡᠨ᠎ᠡ᠃ ᠪᠠᠰᠠ ᠴᠢᠩᠭᠢᠰ ᠬᠠᠭᠠᠨ ᠴᠤ᠌ ᠭᠡᠰᠡᠨ ᠪᠤᠭᠤᠷᠴᠢ ᠠ᠋ᠴᠠ ᠨᠢᠭᠤᠬᠤ ᠮᠡᠲᠦ ᠰᠠᠨᠠᠭᠳᠠᠳᠠᠭ ᠪᠠᠢᠵᠠᠢ᠃ ᠬᠥᠪᠡᠭᠦᠳ ᠦ᠋ᠨ ᠢ᠋ᠶ᠋ᠡᠨ ᠬᠡᠨ ᠨᠢᠭᠡᠨ ᠢ᠋ ᠢᠯᠡᠳᠲᠡ ᠳᠡᠮᠵᠢᠬᠦ᠂ ᠨᠥᠭᠦᠭᠡ ᠶ᠋ᠢ ᠪᠤᠷᠤᠭᠤᠳᠬᠠᠬᠤ ᠨᠢ ᠵᠣᠬᠢᠬᠤ ᠦᠭᠡᠢ ᠭᠡᠵᠦ ᠴᠢᠩᠭᠢᠰ ᠬᠠᠭᠠᠨ ᠦᠵᠡᠭᠰᠡᠨ ᠡᠴᠡ ᠢᠩᠭᠢᠵᠦ ᠲᠡᠪᠴᠢᠨ ᠳᠠᠭᠤ ᠦᠭᠡᠢ ᠥᠩᠭᠡᠷᠡᠭᠰᠡᠨ ᠢ᠋ ᠪᠤᠭᠤᠷᠴᠢ ᠮᠡᠳᠡᠨ᠎ᠡ᠃ ᠲᠡᠭᠡᠭᠡᠳ ᠴᠦ᠍ ᠴᠢᠩᠭᠢᠰ ᠬᠠᠭᠠᠨ ᠵᠥᠪ ᠰᠢᠢᠳᠴᠡᠢ ᠭᠡᠵᠦ ᠪᠣᠳᠣᠭᠰᠠᠨ ᠪᠢᠯᠡ᠃ ᠤᠷᠭᠧᠨ᠋ᠴᠠ ᠶ᠋ᠢ ᠡᠵᠡᠯᠡᠨ ᠠᠪᠬᠤ ᠭᠡᠵᠦ ᠶᠠᠭᠤ ᠪᠣᠯᠤᠭᠰᠠᠨ ᠢ᠋ ᠪᠠᠢᠴᠠᠭᠠᠨ ᠠᠰᠠᠭᠤᠭᠰᠠᠨ ᠪᠣᠯ ᠴᠠᠭᠠᠲᠠᠢ ᠥᠭᠡᠳᠡᠢ ᠨᠠᠷ ᠶᠡᠬᠡ ᠣᠯᠠᠨ ᠭᠣᠮᠣᠳᠠᠯ ᠰᠠᠨᠠᠯ ᠬᠡᠯᠡᠬᠦ ᠳ᠋ᠦ᠍ ᠪᠡᠯᠡᠨ ᠪᠠᠢᠯ᠎ᠠ᠃ ᠬᠡᠷᠡᠭ ᠶᠠᠪᠤᠳᠠᠯ ᠢᠩᠭᠢᠵᠦ ᠡᠷᠭᠢᠪᠡᠯ ᠴᠢᠩᠭᠢᠰ ᠬᠠᠭᠠᠨ ᠬᠥᠪᠡᠭᠦᠳ ᠦ᠋ᠨ ᠢ᠋ᠶ᠋ᠡᠨ ᠬᠡᠨ ᠨᠢᠭᠡ ᠶ᠋ᠢ ᠳᠡᠮᠵᠢᠬᠦ ᠶᠣᠰᠣᠲᠠᠢ ᠪᠣᠯᠬᠤ ᠲᠤᠯᠠ ᠳᠠᠭᠤ ᠦᠭᠡᠢ ᠥᠩᠭᠡᠷᠡᠭᠡᠭᠰᠡᠨ ᠢ᠋ᠶ᠋ᠡᠷ ᠢ᠋ᠶ᠋ᠡᠨ ᠲᠡᠷᠡ ᠬᠡᠴᠡᠭᠦᠦ ᠠᠰᠠᠭᠤᠯᠲᠠ ᠠ᠋ᠴᠠ ᠲᠣᠭᠣᠷᠢᠨ ᠭᠠᠷᠴᠤ ᠴᠢᠳᠠᠵᠠᠢ᠃ ᠪᠠᠰᠠ ᠦᠨᠡᠬᠡᠷ ᠡᠵᠡᠯᠡᠨ ᠠᠪᠤᠭᠰᠠᠨ ᠬᠤᠪᠢᠶᠠᠷᠢᠲᠤ ᠨᠤᠲᠤᠭ ᠢ᠋ᠶ᠋ᠠᠨ ᠲᠣᠬᠣᠨᠢᠭᠤᠯᠬᠤ ᠨᠢ ᠴᠦ᠍ ᠵᠥᠪ ᠭᠡᠵᠦ ᠦᠵᠡᠭᠰᠡᠨ ᠪᠢᠯᠡ᠃ ᠢᠩᠭᠢᠬᠦ ᠨᠢ ᠶᠡᠷᠦ ᠪᠤᠷᠤᠭᠤ ᠵᠦᠢᠯ ᠪᠢᠰᠢ ᠤᠴᠢᠷ ᠠ᠋ᠴᠠ ᠤᠷᠭᠧᠨ᠋ᠴᠠ ᠠ᠋ᠴᠠ ᠪᠤᠴᠠᠵᠤ ᠢᠷᠡᠭᠡ ᠦᠭᠡᠢ ᠵᠥᠴᠢ ᠶ᠋ᠢ ᠲᠠᠢᠪᠤᠩ ᠣᠷᠬᠢᠵᠤ ᠢᠡᠳ᠋ ᠮᠥᠷᠡᠨ ᠢ᠋ ᠤᠷᠤᠭᠤᠳᠠᠨ ᠬᠥᠳᠡᠯᠦᠭᠰᠡᠨ ᠪᠢᠯᠡ᠃ ᠭᠡᠲᠡᠯ᠎ᠡ ᠲᠡᠨᠳᠡ ᠡᠴᠡ ᠡᠷᠭᠢᠨ ᠢᠷᠡᠵᠦ ᠪᠦᠬᠦ ᠴᠡᠷᠢᠭ ᠢ᠋ᠶ᠋ᠡᠨ ᠴᠤᠭᠯᠠᠬᠤ ᠶ᠋ᠢ ᠲᠤᠰᠢᠶᠠᠨ ᠳᠠᠭᠤᠳᠠᠭᠰᠠᠨ ᠵᠠᠷᠯᠢᠭ ᠢ᠋ ᠶᠢᠰᠥᠨᠲᠡᠢ ᠪᠡᠷ ᠢᠯᠡᠭᠡᠭᠰᠡᠨ ᠴᠦ᠍ ᠵᠥᠴᠢ ᠠᠷᠭᠠᠯᠠᠨ ᠢᠷᠡᠭᠰᠡᠨ ᠦᠭᠡᠢ᠃ ᠬᠣᠷᠽᠸᠮ ᠤ᠋ᠨ ᠤᠯᠤᠰ ᠢ᠋ ᠮᠥᠬᠥᠭᠡᠭᠰᠡᠨ ᠶᠡᠬᠡ ᠠᠶᠠᠨ ᠲᠡᠢᠨ ᠦ᠌ ᠡᠴᠦᠰ ᠲᠦ᠍ ᠡᠨᠡ ᠬᠡᠷᠡᠭ ᠢ᠋ ᠥᠴᠦᠬᠡᠨ ᠭᠡᠵᠦ ᠦᠵᠡᠵᠦ ᠪᠣᠯᠬᠤ ᠦᠭᠡᠢ ᠪᠣᠯᠵᠠᠢ᠃ ᠴᠢᠩᠭᠢᠰ ᠬᠠᠭᠠᠨ ᠵᠥᠴᠢ ᠳ᠋ᠦ᠍ ᠬᠢᠯᠢᠩᠨᠡᠬᠦ ᠭᠣᠮᠣᠳᠠᠬᠤ ᠬᠣᠶᠠᠷ ᠤ᠋ᠨ ᠠᠯᠢ ᠨᠢ ᠪᠣᠯᠬᠤ ᠪᠠᠨ ᠣᠢᠯᠠᠭᠠᠬᠤ ᠦᠭᠡᠢ ᠮᠤᠬᠤᠷᠳᠠᠵᠠᠢ᠃
ᠪᠣᠭᠣᠷᠴᠢ ᠥᠪᠡᠷ ᠦ᠋ᠨ ᠪᠣᠳᠣᠯ ᠳ᠋ᠤ᠌ ᠠᠪᠲᠠᠨ ᠴᠢᠩᠭᠢᠰ ᠬᠠᠭᠠᠨ ᠤ᠋ ᠦᠷᠭᠦᠭᠡᠨ ᠳ᠋ᠦ᠍ ᠪᠠᠢᠭ᠎ᠠ ᠶ᠋ᠢ ᠮᠠᠷᠲᠠᠭᠰᠠᠨ ᠮᠡᠲᠦ ᠰᠠᠭᠤᠪᠠ᠃ ᠴᠢᠩᠭᠢᠰ ᠬᠠᠭᠠᠨ ᠲᠣᠯᠣᠭᠠᠢ ᠡᠷᠭᠦᠨ ᠪᠤᠭᠤᠷᠴᠢ ᠶ᠋ᠢ ᠬᠠᠷᠠᠪᠠ᠃
| ᠪᠤᠭᠤᠷᠴᠢ᠃
ᠴᠢᠩᠭᠢᠰ ᠬᠠᠭᠠᠨ ᠵᠥᠭᠡᠯᠡᠨ ᠳᠠᠭᠤ ᠪᠠᠷ ᠡᠢᠨ ᠬᠡᠯᠡᠭᠡᠳ ᠰᠠᠬᠠᠯ ᠢ᠋ᠶ᠋ᠠᠨ ᠢᠯᠪᠢᠨ᠎ᠡ᠃
ᠪᠤᠭᠤᠷᠴᠢ᠂ ᠴᠢ ᠪᠢᠳᠡᠨ ᠦ᠌ ᠵᠠᠯᠠᠭᠤ ᠽᠠᠨᠳᠠᠨ ᠴᠠᠭ ᠳᠠᠭᠤᠰᠴᠤ ᠪᠠᠢᠨ᠎ᠠ ᠳᠠ ᠭᠡᠵᠦ ᠭᠤᠨᠢᠭᠲᠠᠢ ᠬᠡᠯᠡᠪᠡ᠃
ᠪᠢ ᠴᠢᠮᠠᠶ᠋ᠢ ᠣᠯᠠᠨ ᠪᠡᠷᠬᠡ ᠵᠣᠪᠠᠯᠠᠩ ᠳ᠋ᠤ᠌ ᠤᠨᠠᠭᠠᠭᠰᠠᠨ ᠪᠢᠵᠡ᠃ ᠪᠢ ᠣᠳᠣ ᠴᠢᠮᠠᠶ᠋ᠢ ᠨᠢᠭᠡᠨ ᠬᠡᠷᠡᠭ ᠲᠦ᠍ ᠵᠠᠷᠤᠶ᠎ᠠ᠃ ᠡᠨᠡ ᠬᠡᠷᠡᠭ ᠲᠦ᠍ ᠪᠢ ᠪᠣᠳᠣᠵᠤ ᠪᠣᠳᠣᠵᠤ ᠴᠢᠮᠠᠶ᠋ᠢ ᠢᠯᠡᠭᠡᠬᠦ ᠪᠡᠷ ᠰᠢᠢᠳᠦᠯ᠎ᠡ ᠭᠡᠵᠦ ᠴᠢᠩᠭᠢᠰ ᠬᠠᠭᠠᠨ ᠬᠡᠯᠡᠭᠡᠳ ᠳᠠᠭᠤ ᠦᠭᠡᠢ ᠪᠣᠯᠪᠠ᠃
| ᠶᠠᠮᠠᠷ? ᠭᠡᠵᠦ ᠲᠣᠳᠣᠷᠠᠭᠤᠯᠤᠨ ᠠᠰᠠᠭᠤᠬᠤ ᠨᠢ ᠢᠯᠡᠭᠦᠴᠡ ᠪᠥᠭᠡᠳ ᠬᠠᠰᠢ ᠳ᠋ᠠᠭᠠᠨ ᠯᠠ ᠴᠢᠩᠭᠢᠰ ᠬᠠᠭᠠᠨ ᠤ᠋ ᠬᠦᠰᠡᠯ ᠵᠣᠷᠢᠭ ᠢ᠋ ᠪᠤᠴᠠᠭᠠᠵᠤ ᠦᠯᠦ ᠴᠢᠳᠠᠬᠤ ᠲᠤᠯᠠ ᠪᠤᠭᠤᠷᠴᠢ ᠳᠠᠭᠤ ᠦᠭᠡᠢ ᠬᠦᠯᠢᠶᠡᠪᠡ᠃ ᠢᠩᠭᠢᠵᠦ ᠪᠣᠳᠣᠯ ᠪᠣᠯᠵᠤ ᠬᠣᠶᠠᠭᠤᠯᠠᠬᠠᠨ ᠢ᠋ᠶ᠋ᠠᠨ ᠰᠠᠭᠤᠪᠠᠯ ᠡᠴᠦᠰ ᠲᠦ᠋ᠨᠢ ᠵᠠᠪᠠᠯ ᠨᠢᠭᠡ ᠰᠣᠨᠣᠰᠤᠭᠰᠠᠨ ᠬᠥᠮᠦᠨ ᠴᠣᠴᠢᠮᠠᠷ᠂ ᠠᠶᠤᠵᠤ ᠵᠢᠭᠤᠲᠠᠮᠠᠷ᠂ ᠠᠷᠭᠠᠳᠠᠵᠤ ᠭᠣᠶᠣᠮᠠᠷ ᠬᠡᠷᠡᠭ ᠭᠦᠢᠴᠡᠯᠳᠦᠭᠦᠯᠬᠦ ᠶ᠋ᠢ ᠲᠤᠰᠢᠶᠠᠬᠤ ᠲᠤᠯᠠ ᠶᠠᠭᠤ ᠪᠣᠯᠬᠤ ᠶ᠋ᠢ ᠪᠠᠷᠤᠭ ᠳᠠᠭᠠᠬᠤ ᠰᠢᠭ᠋ ᠪᠣᠯᠤᠭᠠᠳ ᠪᠤᠭᠤᠷᠴᠢ ᠶ᠋ᠢᠨ ᠵᠢᠷᠦᠬᠡ ᠲᠦᠭᠰᠢᠨ ᠬᠠᠪᠢᠷᠭ᠎ᠠ ᠪᠠᠨ ᠳᠡᠯᠡᠰᠴᠦ ᠡᠬᠢᠯᠡᠪᠡ᠃ ᠲᠡᠷᠡ ᠶᠠᠮᠠᠷ ᠴᠤ᠌ ᠵᠠᠷᠯᠢᠭ ᠰᠣᠨᠣᠰᠤᠭᠠᠳ ᠢᠩᠭᠢᠵᠦ ᠲᠦᠭᠰᠢᠵᠦ ᠰᠠᠨᠳᠤᠷᠴᠤ ᠶᠠᠪᠤᠭ᠎ᠠ ᠦᠭᠡᠢ ᠪᠢᠯᠡ᠃ ᠴᠢᠩᠭᠢᠰ ᠬᠠᠭᠠᠨ ᠶᠡᠷᠦ ᠨᠢ ᠬᠡᠨ ᠦ᠌ ᠴᠦ᠍ ᠰᠠᠨᠠᠭ᠎ᠠ ᠦᠭᠡᠢ ᠠᠶᠤᠮᠰᠢᠭᠲᠤ ᠴᠡᠭᠡᠷᠯᠡᠯ ᠢ᠋ ᠣᠯᠵᠤ ᠰᠣᠩᠭᠣᠬᠤ ᠳ᠋ᠠᠭᠠᠨ ᠳᠠᠩᠴᠤ ᠭᠠᠷᠭᠠᠭᠤᠳ ᠬᠥᠮᠦᠨ ᠶᠦᠮ᠃
ᠬᠣᠷᠽᠸᠮ ᠳ᠋ᠤ᠌ ᠮᠣᠷᠢᠯᠠᠬᠤ ᠶ᠋ᠢᠨ ᠤᠷᠢᠳᠤ ᠡᠪᠦᠯ ᠦᠷᠭᠦᠭᠡᠨ ᠳ᠋ᠡᠭᠡᠨ ᠳᠠᠭᠤᠳᠠᠵᠤ ᠣᠷᠣᠢᠵᠢᠨ ᠠᠷᠢᠬᠢ ᠳᠠᠷᠠᠰᠤ ᠪᠠᠷ ᠳᠠᠢᠯᠠᠵᠤ ᠡᠯᠳᠡᠪ ᠢ᠋ ᠡᠩ ᠦ᠋ᠨ ᠵᠦᠭᠡᠷ ᠬᠦᠦᠷᠨᠢᠵᠦ ᠰᠠᠭᠤᠭᠠᠳ ᠬᠡᠯᠡᠭᠰᠡᠨ ᠦᠭᠡ ᠶ᠋ᠢ ᠨᠢ ᠣᠳᠣ ᠲᠣᠳᠣ ᠰᠠᠨᠠᠯ᠎ᠠ᠃ ᠡᠨᠡ ᠪᠣᠯ ᠬᠠᠰᠠᠷ ᠤ᠋ᠨ ᠲᠤᠬᠠᠢ ᠪᠠᠢᠪᠠ᠃ ᠴᠢᠩᠭᠢᠰ ᠬᠠᠭᠠᠨ ᠤ᠋ ᠬᠡᠯᠡᠬᠦ ᠦᠭᠡ᠂ ᠪᠠᠭᠤᠯᠭᠠᠬᠤ ᠵᠠᠷᠯᠢᠭ ᠬᠡᠴᠡᠭᠦᠦ ᠬᠦᠨᠳᠦ ᠪᠠᠢᠬᠤ ᠳᠣᠳᠣᠮ ᠲᠡᠭᠦᠨ ᠢ᠋ ᠪᠡᠨ ᠰᠠᠢᠲᠤᠷ ᠣᠢᠯᠠᠭᠠᠭᠤᠯᠬᠤ ᠭᠡᠵᠦ ᠤᠷᠢᠳ ᠠ᠋ᠴᠠ ᠨᠢ ᠲᠠᠢᠯᠪᠤᠷᠢᠯᠠᠨ ᠡᠰᠡᠷᠭᠦᠴᠡᠬᠦ ᠪᠦᠬᠦ ᠰᠢᠯᠲᠠᠭᠠᠨ ᠨᠥᠬᠥᠴᠡᠯ ᠢ᠋ ᠠᠷᠢᠯᠭᠠᠬᠤ ᠶ᠋ᠢᠨ ᠲᠤᠯᠠᠳᠠ ᠤᠳᠠᠭᠠᠨ ᠲᠠᠢᠪᠤᠩ ᠤᠬᠠᠭᠠᠯᠠᠨ ᠶᠠᠷᠢᠳᠠᠭ ᠶᠤᠮ᠃ ᠵᠠᠷᠯᠢᠭ ᠢ᠋ ᠪᠡᠶᠡᠯᠡᠭᠦᠯᠬᠦ ᠲᠡᠷᠡ ᠬᠥᠮᠦᠨ ᠢ᠋ᠶ᠋ᠡᠨ ᠵᠣᠷᠢᠭᠵᠢᠭᠤᠯᠬᠤ᠂ ᠪᠠᠰᠠ ᠴᠢᠩᠭᠢᠰ ᠬᠠᠭᠠᠨ ᠥᠪᠡᠷ ᠢ᠋ ᠪᠡᠨ ᠡᠨᠡ ᠬᠡᠷᠡᠭ ᠲᠦ᠍ ᠪᠤᠷᠤᠭᠤ ᠦᠭᠡᠢ ᠭᠡᠳᠡᠭ ᠢ᠋ ᠨᠤᠲᠠᠯᠠᠬᠤ ᠭᠡᠵᠦ ᠢᠩᠭᠢᠬᠦ ᠪᠥᠯᠥᠭᠡ᠃ ᠬᠡᠷᠪᠡ ᠰᠣᠨᠣᠰᠤᠭᠴᠢ ᠬᠥᠮᠦᠨ ᠲᠡᠭᠦᠨ ᠦ᠌ ᠵᠠᠷᠯᠢᠭ ᠢ᠋ ᠪᠡᠶᠡᠯᠡᠭᠦᠯᠬᠦ ᠦᠭᠡᠢ ᠲᠠᠲᠠᠭᠠᠯᠵᠠᠪᠠᠯ ᠴᠢᠩᠭᠢᠰ ᠬᠠᠭᠠᠨ ᠤ᠋ ᠪᠦᠬᠦ ᠨᠢᠭᠤᠴᠠ ᠶ᠋ᠢ ᠮᠡᠳᠡᠭᠰᠡᠨ ᠦ᠌ ᠬᠤᠪᠢ ᠳ᠋ᠤ᠌ ᠦᠬᠦᠬᠦ ᠯᠡ ᠦᠯᠡᠳᠡᠳᠡᠭ ᠪᠠᠢᠪᠠ᠃ ᠡᠢᠮᠦ ᠡᠴᠡ ᠬᠥᠮᠦᠨ ᠦᠬᠦᠬᠦ ᠶ᠋ᠢ ᠶᠠᠭᠠᠬᠢᠨ ᠬᠦᠰᠡᠬᠦ ᠪᠢᠯᠡ᠃ ᠢᠩᠭᠢᠵᠦ ᠴᠢᠩᠭᠢᠰ ᠬᠠᠭᠠᠨ ᠥᠪᠡᠷ ᠦ᠋ᠨ ᠬᠡᠷᠡᠭ ᠢ᠋ ᠪᠦᠲᠦᠭᠡᠨ᠎ᠡ᠃ ᠡᠨᠡ ᠨᠢ ᠲᠡᠭᠦᠨ ᠦ᠌ ᠰᠢᠯᠭᠠᠷᠠᠭᠰᠠᠨ ᠠᠷᠭ᠎ᠠ ᠶᠤᠮ᠃ ᠬᠣᠷᠽᠸᠮ ᠳ᠋ᠤ᠌ ᠳᠠᠢᠳᠤᠬᠤ ᠶᠡᠬᠡ ᠴᠡᠷᠢᠭ ᠬᠥᠳᠡᠯᠬᠦ ᠡᠴᠡ ᠶᠠᠭ ᠬᠣᠶᠠᠷ ᠰᠠᠷ᠎ᠠ ᠶ᠋ᠢᠨ ᠡᠮᠦᠨ᠎ᠡ ᠪᠤᠭᠤᠷᠴᠢ ᠶ᠋ᠢ ᠳᠠᠭᠤᠳᠠᠭᠰᠠᠨ ᠨᠢ ᠲᠡᠷᠡ ᠪᠠᠢᠪᠠ᠃ ᠲᠡᠷᠡ ᠦᠳᠡᠰᠢ ᠴᠢᠩᠭᠢᠰ ᠬᠠᠭᠠᠨ ᠲᠤᠢᠯ ᠤ᠋ᠨ ᠰᠠᠢᠬᠠᠨ ᠠᠭᠠᠰᠢ ᠲᠠᠢ ᠤᠭᠲᠤᠵᠠᠢ᠃ ᠡᠳᠦᠷ ᠨᠢ ᠵᠥᠴᠢ ᠬᠥᠪᠡᠭᠦᠨ ᠲᠡᠢ ᠪᠡᠨ ᠠᠭᠤᠯᠵᠠᠵᠤ ᠲᠡᠭᠦᠨ ᠦ᠌ ᠦᠭᠡ ᠬᠦᠰᠡᠯ ᠢ᠋ ᠰᠣᠨᠣᠰᠤᠭᠰᠠᠨ ᠨᠢ ᠴᠢᠩᠭᠢᠰ ᠬᠠᠭᠠᠨ ᠢ᠋ ᠪᠠᠶᠠᠰᠬᠠᠵᠠᠢ᠃ ᠶᠡᠬᠡ ᠴᠡᠷᠢᠭ ᠢ᠋ ᠮᠠᠩᠯᠠᠢᠯᠠᠨ ᠬᠣᠷᠽᠧᠮ ᠳ᠋ᠦ᠍ ᠣᠷᠣᠬᠤ ᠬᠦᠰᠡᠯ ᠢ᠋ᠶ᠋ᠡᠨ ᠵᠥᠴᠢ ᠶ᠋ᠢᠨ ᠬᠡᠯᠡᠭᠰᠡᠨ ᠨᠢ ᠴᠢᠩᠭᠢᠰ ᠬᠠᠭᠠᠨ ᠳ᠋ᠤ᠌ ᠦᠨᠡᠬᠡᠷ ᠲᠠᠭᠠᠯᠠᠮᠵᠢᠲᠠᠢ ᠪᠠᠢᠪᠠ᠃ ᠲᠡᠢᠮᠦ ᠤᠴᠢᠷ ᠠ᠋ᠴᠠ ᠡᠭᠦᠨ ᠢ᠋ ᠪᠤᠭᠤᠷᠴᠢ ᠳ᠋ᠤ᠌ ᠳᠣᠭᠣᠯᠭᠠᠬᠤ ᠶᠣᠰᠣᠲᠠᠢ ᠭᠡᠵᠦ ᠦᠵᠡᠵᠡᠢ᠃
| ᠪᠤᠭᠤᠷᠴᠢ᠂ ᠴᠢᠨᠦ ᠬᠥᠮᠦᠵᠢᠭᠦᠯᠦᠭᠰᠡᠨ ᠵᠥᠴᠢ ᠶ᠋ᠢ ᠪᠢ ᠥᠨᠥᠳᠥᠷ ᠪᠠᠬᠠᠳᠤᠵᠤ ᠪᠠᠢᠨ᠎ᠠ᠃ ᠴᠢ ᠲᠡᠭᠦᠨ ᠢ᠋ ᠠᠮᠢᠳᠤ ᠦᠯᠡᠳᠡᠭᠡᠭᠰᠡᠨ ᠨᠢ ᠰᠠᠢᠨ ᠪᠣᠯᠵᠠᠢ᠃ ᠴᠢ ᠯᠠᠪ ᠳᠠᠯᠳᠠ ᠶ᠋ᠢ ᠬᠠᠷᠠᠵᠤ᠂ ᠠᠯᠤᠰ ᠢ᠋ ᠮᠡᠳᠡᠳᠡᠭ ᠰᠢᠳᠢ ᠲᠡᠢ ᠪᠢᠵᠡ ᠭᠡᠵᠦ ᠴᠢᠩᠭᠢᠰ ᠬᠠᠭᠠᠨ ᠬᠥᠭᠡᠷᠴᠦ ᠤᠭᠲᠤᠭᠰᠠᠨ ᠪᠢᠯᠡ᠃ ᠵᠥᠴᠢ ᠶ᠋ᠢ ᠡᠢᠨ ᠮᠠᠭᠲᠠᠭᠰᠠᠨ ᠨᠢ ᠴᠠᠭᠠᠲᠠᠢ ᠶ᠋ᠢᠨ ᠬᠠᠲᠠᠭᠤ ᠦᠭᠡ ᠶ᠋ᠢᠨ ᠳᠠᠷᠠᠭ᠎ᠠ ᠬᠥᠪᠡᠭᠦᠳ ᠦ᠋ᠨ ᠬᠣᠭᠣᠷᠣᠨᠳᠣ ᠪᠣᠢ ᠪᠣᠯᠤᠭᠰᠠᠨ ᠳᠠᠯᠳᠠ ᠵᠥᠷᠢᠴᠡᠯ ᠢ᠋ ᠲᠦᠷ ᠪᠣᠯᠪᠠᠴᠤ ᠲᠠᠢᠳᠬᠤᠷᠠᠭᠤᠯᠵᠠᠢ ᠭᠡᠳᠡᠭ ᠢ᠋ ᠪᠤᠭᠤᠷᠴᠢ ᠣᠢᠯᠠᠭᠠᠪᠠ᠃ ᠪᠤᠭᠤᠷᠴᠢ ᠴᠤ᠌ ᠡᠨᠡ ᠦᠭᠡ ᠶ᠋ᠢ ᠰᠣᠨᠣᠰᠤᠭᠠᠳ ᠶᠡᠬᠡ ᠯᠡ ᠪᠡᠶᠡᠰᠪᠡ᠃ ᠢᠩᠭᠢᠬᠦ ᠨᠢ ᠠᠷᠭ᠎ᠠ ᠦᠭᠡᠢ ᠶᠦᠮ᠃ ᠤᠴᠢᠷ ᠨᠢ ᠵᠥᠴᠢ ᠶ᠋ᠢ ᠬᠡᠷᠬᠢᠨ ᠬᠥᠮᠦᠵᠢᠭᠦᠯᠦᠭᠰᠡᠨ ᠢ᠋ ᠴᠢᠩᠭᠢᠰ ᠬᠠᠭᠠᠨ ᠰᠠᠢᠰᠢᠶᠠᠬᠤ ᠨᠢ ᠶᠡᠷᠦ ᠪᠠᠭ᠎ᠠ ᠬᠡᠷᠡᠭ ᠪᠢᠰᠢ ᠪᠠᠢᠪᠠ᠃
| ᠰᠠᠭᠤ᠂ ᠬᠣᠶᠠᠭᠤᠯᠠ ᠥᠨᠥᠳᠥᠷ ᠰᠠᠢᠬᠠᠨ ᠴᠡᠩᠭᠡᠶ᠎ᠡ᠃ ᠰᠡᠭᠦᠯ ᠦ᠋ᠨ ᠦᠶᠡᠰ ᠴᠢ ᠪᠢᠳᠡ ᠬᠣᠶᠠᠷ ᠶᠡᠷᠦ ᠢᠩᠭᠢᠵᠦ ᠰᠠᠭᠤᠭᠰᠠᠨ ᠦᠭᠡᠢ ᠭᠡᠵᠦ ᠴᠢᠩᠭᠢᠰ ᠬᠠᠭᠠᠨ ᠰᠡᠳᠬᠢᠯ ᠲᠡᠨᠢᠭᠡᠷ ᠬᠡᠯᠡᠪᠡ᠃ ᠲᠡᠳᠡ ᠴᠢᠮᠡᠭᠡ ᠦᠭᠡᠢ ᠣᠯᠠᠨ ᠬᠤᠨᠳᠠᠭ᠎ᠠ ᠲᠣᠭᠲᠠᠭᠠᠵᠤ᠂ ᠮᠢᠬ᠎ᠠ ᠵᠣᠭᠣᠭᠯᠠᠪᠠ᠃ ᠭᠡᠪᠡᠴᠦ ᠴᠢᠩᠭᠢᠰ ᠬᠠᠭᠠᠨ ᠲᠡᠢᠮᠦ ᠨᠢᠭᠡ ᠢᠩᠭᠢᠵᠦ ᠠᠷᠢᠬᠢ ᠳᠠᠷᠠᠰᠤ ᠪᠣᠯᠳᠠᠭ ᠦᠭᠡᠢ ᠶ᠋ᠢ ᠮᠡᠳᠡᠬᠦ ᠲᠤᠯᠠ ᠪᠤᠭᠤᠷᠴᠢ ᠠᠯᠢ ᠪᠣᠯᠬᠤ ᠪᠠᠭ᠎ᠠ ᠤᠤᠭᠤᠵᠤ ᠰᠣᠭᠲᠣᠬᠤ ᠦᠭᠡᠢ ᠶ᠋ᠢ ᠬᠢᠴᠢᠶᠡᠵᠡᠢ᠃
| ᠬᠠᠰᠠᠷ ᠤ᠋ᠨ ᠠᠭᠠᠰᠢ ᠠᠪᠤᠷᠢ ᠲᠡᠪᠴᠢᠰᠢ ᠦᠭᠡᠢ ᠪᠣᠯᠤᠯ᠎ᠠ᠃
ᠴᠢᠩᠭᠢᠰ ᠬᠠᠭᠠᠨ ᠪᠤᠭᠤᠷᠴᠢ ᠶ᠋ᠢᠨ ᠥᠭᠡᠳᠡ ᠡᠴᠡ ᠬᠠᠷᠠᠵᠤ ᠰᠠᠭᠤᠭᠰᠠᠨ ᠢ᠋ᠶ᠋ᠠᠨ ᠭᠡᠨᠡᠳᠲᠡ ᠡᠢᠮᠦ ᠦᠭᠡ ᠠᠮᠠᠨ ᠠ᠋ᠴᠠ ᠤᠨᠠᠭᠠᠪᠠ᠃ ᠦᠳᠡᠰᠢ ᠶ᠋ᠢᠨ ᠲᠤᠷᠰᠢ ᠬᠦᠯᠢᠶᠡᠭᠰᠡᠨ ᠵᠣᠪᠠᠯᠠᠩᠲᠤ᠂ ᠪᠠᠰᠠ ᠲᠦᠭᠰᠢᠭᠦᠷᠢᠲᠦ ᠮᠥᠴᠡ ᠡᠬᠢᠯᠡᠵᠡᠢ᠃ ᠶᠠᠭᠤ ᠬᠡᠯᠡᠬᠦ ᠭᠡᠵᠦ ᠴᠢᠩᠭᠢᠰ ᠬᠠᠭᠠᠨ ᠲᠡᠭᠦᠨ ᠢ᠋ ᠳᠠᠭᠤᠳᠠᠭᠰᠠᠨ ᠢ᠋ ᠰᠠᠶᠢ ᠯᠠ ᠣᠢᠯᠠᠭᠠᠪᠠ᠃ ᠪᠤᠭᠤᠷᠴᠢ ᠴᠢᠩᠭᠢᠰ ᠬᠠᠭᠠᠨ ᠤ᠋ ᠳᠠᠷᠠᠭᠠᠴᠢ ᠶ᠋ᠢᠨ ᠦᠭᠡ ᠶ᠋ᠢ ᠳᠠᠭᠤ ᠦᠭᠡᠢ ᠬᠦᠯᠢᠶᠡᠪᠡ᠃
| ᠬᠠᠰᠠᠷ ᠮᠢᠨᠦ ᠲᠥᠯᠥᠭᠡ ᠠᠮᠢ ᠪᠠᠨ ᠥᠭᠬᠦ ᠶᠣᠰᠣᠲᠠᠢ ᠠ᠋ᠴᠠ ᠪᠤᠰᠤ᠂ ᠮᠢᠨᠦ ᠡᠮᠦᠨ᠎ᠡ ᠡᠴᠡ ᠦᠭᠡ ᠬᠡᠯᠡᠵᠦ᠂ ᠦᠢᠯᠡ ᠲᠢᠭᠯᠡᠬᠦ ᠶᠣᠰᠣ ᠦᠭᠡᠢ ᠬᠥᠮᠦᠨ᠃ ᠭᠡᠲᠡᠯ᠎ᠡ ᠲᠡᠷᠡ ᠢᠮᠠᠭᠲᠠ ᠲᠦᠷᠦᠭᠦᠯᠡᠵᠦ ᠳᠤᠤᠭᠠᠷᠴᠤ᠂ ᠲᠦᠷᠢᠮᠡᠬᠡᠢ ᠵᠠᠩᠨᠠᠭᠰᠠᠭᠠᠷ ᠡᠳᠦᠢ ᠬᠦᠷᠦᠯ᠎ᠡ᠃ ᠴᠢ ᠡᠰᠡ ᠮᠡᠳᠡᠪᠡ ᠭᠡᠵᠦ ᠤᠤ? ᠪᠢ ᠥᠭᠡᠯᠦᠨ ᠡᠬᠡ ᠶ᠋ᠢᠨ ᠰᠡᠳᠬᠢᠯ ᠢ᠋ ᠪᠣᠳᠣᠵᠤ ᠡᠷᠦᠬᠡ ᠭᠡᠷ᠂ ᠥᠨᠢᠷ ᠪᠦᠯᠢ ᠪᠡᠨ ᠭᠤᠲᠤᠭᠠᠬᠤ ᠦᠭᠡᠢ ᠭᠡᠵᠦ ᠡᠳᠦᠢ ᠬᠦᠷᠲᠡᠯ᠎ᠡ ᠲᠡᠪᠴᠢᠪᠡ᠃
ᠲᠡᠮᠦᠵᠢᠨ᠂ ᠬᠠᠰᠠᠷ ᠬᠣᠶᠠᠷ ᠤ᠋ᠨ ᠳᠤᠮᠳᠠᠬᠢ ᠵᠥᠷᠢᠴᠡᠯ ᠳᠡᠩᠳᠡᠭᠦᠦ ᠭᠦᠨᠵᠡᠭᠡᠢ ᠲᠦᠪᠡᠭ ᠲᠡᠢ ᠶ᠋ᠢ ᠬᠠᠮᠤᠭ ᠤ᠋ᠨ ᠰᠠᠢᠨ ᠮᠡᠳᠡᠬᠦ ᠬᠥᠮᠦᠨ ᠪᠣᠯ ᠪᠤᠭᠤᠷᠴᠢ ᠶᠤᠮ᠃ ᠴᠢᠩᠭᠢᠰ ᠬᠠᠭᠠᠨ ᠤ᠋ ᠰᠡᠳᠬᠢᠯ ᠳᠣᠲᠣᠷᠠᠬᠢ ᠠᠭᠤᠷ ᠪᠤᠬᠢᠨᠢᠳᠤᠯ ᠭᠡᠨᠡᠳᠲᠡ ᠳᠡᠯᠪᠡᠷᠡᠵᠦ ᠠᠮᠢᠰᠬᠤᠭ᠎ᠠ ᠨᠢ ᠳᠠᠪᠬᠤᠴᠠᠭᠠᠳ ᠤᠬᠤᠰᠬᠢᠨ ᠥᠨᠳᠡᠢᠵᠦ ᠰᠢᠷᠡᠭᠡ ᠲᠤᠯᠤᠨ ᠪᠣᠰᠪᠠ᠃ ᠪᠤᠭᠤᠷᠴᠢ ᠰᠠᠨᠳᠤᠷᠤᠨ ᠲᠡᠭᠦᠨ ᠢ᠋ ᠲᠠᠢᠪᠤᠰᠢᠷᠠᠭᠤᠯᠵᠤ᠄
| ᠬᠠᠭᠠᠨᠲᠠᠨ ᠲᠠ ᠪᠦᠦ ᠢᠩᠭᠢᠵᠦ ᠪᠤᠬᠢᠨᠢᠳᠤ ᠭᠡᠵᠦ ᠳᠡᠮᠡᠢ ᠯᠡ ᠦᠭᠡᠯᠡᠪᠡ᠃ ᠪᠤᠭᠤᠷᠴᠢ ᠶ᠋ᠢᠨ ᠡᠨᠡ ᠬᠠᠷᠢᠭᠤ ᠦᠭᠡᠢ ᠳᠣᠷᠣᠢ ᠪᠠᠢᠳᠠᠯ ᠳ᠋ᠤ᠌ ᠴᠢᠩᠭᠢᠰ ᠬᠠᠭᠠᠨ ᠤᠯᠠᠮ ᠬᠢᠯᠢᠩᠨᠡᠪᠡ᠃
| ᠬᠠᠰᠠᠷ ᠪᠦᠷ ᠭᠠᠯᠵᠠᠭᠤᠷᠠᠵᠤ᠂ ᠬᠤᠷᠽᠸᠮ ᠳ᠋ᠤ᠌ ᠶᠡᠬᠡ ᠴᠡᠷᠢᠭ ᠬᠥᠳᠡᠯᠭᠡᠬᠦ ᠶ᠋ᠢ ᠰᠢᠭᠦᠮᠵᠢᠯᠡᠵᠦ᠂ ᠨᠠᠮᠠᠶ᠋ᠢ ᠳᠣᠣᠷ᠎ᠠ ᠦᠵᠡᠨ ᠡᠭᠦᠳᠡ ᠬᠠᠶᠠᠵᠤ ᠣᠳᠪᠠ᠃ ᠴᠢ ᠲᠡᠭᠦᠨ ᠢ᠋ ᠳᠠᠯᠳᠠ ᠤᠷᠤᠭᠤᠯ᠃ ᠲᠠᠢᠴᠢᠭᠤᠳ ᠲᠠᠢ ᠪᠠᠢᠯᠳᠤᠬᠤ ᠦᠶ᠎ᠡ ᠳ᠋ᠦ᠍ ᠴᠢᠮᠠᠶ᠋ᠢ ᠰᠢᠷᠬᠠᠲᠤᠬᠤ ᠳ᠋ᠤ᠌ ᠬᠠᠰᠠᠷ ᠴᠢᠮᠠᠶ᠋ᠢ ᠪᠤᠷᠤᠭᠤᠳᠬᠠᠵᠤ 《ᠦᠬᠦᠭᠦᠯ》 ᠭᠡᠵᠦ ᠱᠠᠭᠠᠷᠳᠠᠭᠰᠠᠨ ᠢ᠋ ᠴᠢ ᠮᠠᠷᠲᠠᠭ᠎ᠠ ᠦᠭᠡᠢ ᠪᠢᠵᠡ᠃ ᠪᠢ ᠲᠡᠭᠡᠬᠦ ᠳ᠋ᠦ᠍ ᠴᠢᠮᠠᠶ᠋ᠢ ᠬᠠᠰᠠᠷ ᠤ᠋ᠨ ᠰᠡᠯᠡᠮᠡᠨ ᠡᠴᠡ ᠠᠪᠤᠷᠠᠭᠰᠠᠨ᠃ ᠬᠠᠷᠢᠨ ᠣᠳᠣ ᠴᠢᠮ᠎ᠠ ᠳ᠋ᠤ᠌ ᠪᠢ ᠬᠠᠰᠠᠷ ᠠ᠋ᠴᠠ ᠥᠰᠢᠶ᠎ᠡ ᠪᠡᠨ ᠠᠪᠬᠤ ᠪᠣᠯᠤᠮᠵᠢ ᠭᠤᠶᠤᠶ᠎ᠠ᠃ ᠪᠢ ᠬᠠᠰᠠᠷ ᠤ᠋ᠨ ᠨᠠᠳᠠᠳᠤ ᠬᠢᠭᠰᠡᠨ ᠭᠠᠪᠢᠶ᠎ᠠ ᠶ᠋ᠢ ᠬᠦᠨᠳᠦᠳᠬᠡᠨ ᠨᠡᠷ᠎ᠡ ᠦᠭᠡᠢ ᠦᠬᠦᠯ ᠢ᠋ᠶ᠋ᠡᠷ ᠪᠢᠰᠢ ᠮᠢᠨᠦ ᠢᠲᠡᠭᠡᠯᠲᠦ ᠨᠥᠬᠥᠷ ᠪᠤᠭᠤᠷᠴᠢ ᠶ᠋ᠢᠨ ᠭᠠᠷ ᠢ᠋ᠶ᠋ᠠᠷ ᠦᠬᠦᠭᠦᠯᠦᠨ᠎ᠡ᠃ ᠬᠠᠰᠠᠷ ᠢ᠋ ᠴᠢᠮ᠎ᠠ ᠠ᠋ᠴᠠ ᠥᠭᠡᠷ᠎ᠡ ᠬᠡᠨ ᠦᠬᠦᠭᠦᠯᠬᠦ ᠪᠢᠯᠡ? ᠣᠳᠣ ᠬᠠᠰᠠᠷ ᠢ᠋ ᠴᠢ ᠦᠬᠦᠭᠦᠯ᠂ ᠬᠥᠮᠦᠨ ᠨᠢᠭᠡᠨᠲᠡ ᠬᠦᠰᠡᠯ ᠢ᠋ᠶ᠋ᠡᠨ ᠭᠦᠢᠴᠡᠭᠡᠵᠦ ᠦᠭᠡ ᠪᠡᠨ ᠬᠡᠯᠡᠭᠰᠡᠨ ᠪᠣᠯ ᠦᠬᠦᠬᠦ ᠳ᠋ᠦ᠍ ᠶᠠᠭᠤᠨ ᠳ᠋ᠤ᠌ ᠳᠤᠷ᠎ᠠ ᠦᠭᠡᠢᠴᠡᠬᠦ ᠪᠢᠯᠡ᠃ ᠲᠩᠷᠢ ᠨᠢᠭᠡᠨᠲᠡ ᠢᠩᠭᠢᠵᠦ ᠲᠠᠭᠠᠯᠠᠭᠰᠠᠨ ᠲᠤᠯᠠ ᠬᠡᠨ ᠲᠡᠭᠦᠨ ᠢ᠋ ᠵᠥᠷᠢᠴᠡᠨ᠎ᠡ ᠬᠡᠮᠡᠵᠡᠢ᠃
ᠴᠢᠩᠭᠢᠰ ᠬᠠᠭᠠᠨ ᠤ᠋ ᠳᠠᠩᠴᠤ ᠳᠡᠩᠳᠡᠭᠦᠦ ᠵᠠᠨᠤᠯ ᠲᠠᠢ ᠬᠡᠯᠡᠭᠰᠡᠨ ᠳᠡᠭᠡᠷᠡᠬᠢ ᠦᠭᠡᠰ ᠦ᠋ᠨ ᠴᠠᠭᠠᠨ᠎ᠠ ᠲᠡᠭᠦᠨ ᠦ᠌ ᠦᠵᠡᠵᠦ ᠰᠣᠨᠣᠰᠤᠭ᠎ᠠ ᠦᠭᠡᠢ ᠨᠣᠴᠢᠲᠠᠢ ᠶᠠᠪᠤᠳᠠᠯ ᠨᠢᠭᠤᠭᠳᠠᠵᠤ ᠪᠠᠢᠭ᠎ᠠ ᠶ᠋ᠢ ᠪᠤᠭᠤᠷᠴᠢ ᠮᠡᠳᠡᠷᠡᠯ᠎ᠡ᠃ ᠴᠢᠩᠭᠢᠰ ᠬᠠᠭᠠᠨ ᠠᠭᠤᠷ ᠢ᠋ᠶ᠋ᠠᠨ ᠭᠠᠷᠭᠠᠨ ᠲᠠᠢᠪᠤᠰᠢᠷᠠᠵᠤ ᠭᠡᠳᠡᠷᠭᠦ ᠰᠠᠭᠤᠪᠠ᠃ ᠪᠤᠭᠤᠷᠴᠢ ᠠᠯᠲᠠᠢ ᠶ᠋ᠢᠨ ᠥᠪᠥᠷ ᠲᠦ᠍ ᠡᠪᠦᠯᠵᠢᠭᠡᠳ ᠶᠡᠬᠡ ᠴᠢᠭᠤᠯᠭᠠᠨ ᠳ᠋ᠤ᠌ ᠳᠠᠭᠤᠳᠠᠭᠳᠠᠨ ᠴᠢᠩᠭᠢᠰ ᠬᠠᠭᠠᠨ ᠤ᠋ ᠬᠦᠷᠢᠶᠡᠨ ᠳ᠋ᠦ᠍ ᠢᠷᠡᠭᠰᠡᠭᠡᠷ ᠤᠳᠠᠭ᠎ᠠ ᠦᠭᠡᠢ ᠲᠤᠯᠠ ᠲᠡᠭᠦᠨ ᠢ᠋ ᠡᠵᠡᠭᠦᠢ ᠬᠣᠭᠣᠷᠣᠨᠳᠣ ᠴᠣᠬᠣᠮ ᠶᠠᠭᠤ ᠪᠣᠯᠤᠭᠰᠠᠨ ᠢ᠋ ᠲᠠᠭᠠᠪᠤᠷᠢᠯᠠᠬᠤ ᠦᠭᠡᠢ ᠪᠠᠢᠯ᠎ᠠ᠃ ᠥᠭᠡᠳᠡᠢ ᠶ᠋ᠢ ᠬᠠᠭᠠᠨ ᠰᠠᠭᠤᠷᠢᠨ ᠳ᠋ᠤ᠌ ᠵᠠᠯᠭᠠᠮᠵᠢᠯᠠᠭᠤᠯᠤᠨ ᠰᠠᠭᠤᠯᠭᠠᠬᠤ ᠶ᠋ᠢ ᠵᠠᠷᠯᠢᠭ ᠪᠣᠯᠭᠠᠭᠰᠠᠨ ᠶᠠᠪᠤᠳᠠᠯ ᠬᠠᠰᠠᠷ ᠲᠤ᠌ ᠲᠠᠭᠠᠯᠠᠭᠳᠠᠭᠰᠠᠨ ᠦᠭᠡᠢ ᠪᠡᠷ ᠪᠠᠷᠠᠬᠤ ᠦᠭᠡᠢ ᠭᠣᠮᠣᠳᠠᠯ ᠪᠤᠬᠢᠨᠢᠳᠤᠯ ᠢ᠋ ᠨᠢ ᠣᠷᠭᠢᠯᠤᠭᠤᠯᠤᠭᠰᠠᠨ ᠪᠢᠯᠡ᠃ ᠰᠣᠨᠣᠰᠤᠭᠰᠠᠨ ᠦᠵᠡᠭᠰᠡᠨ ᠪᠦᠭᠦᠳᠡᠭᠡᠷ ᠴᠢᠩᠭᠢᠰ ᠬᠠᠭᠠᠨ ᠤ᠋ ᠵᠠᠯᠭᠠᠮᠵᠢᠯᠠᠭᠴᠢ ᠶ᠋ᠢᠨ ᠲᠤᠬᠠᠢ ᠱᠤᠤᠭᠢᠵᠤ᠂ ᠡᠨᠡ ᠶᠠᠪᠤᠳᠠᠯ ᠤ᠋ᠨ ᠴᠠᠭᠠᠨ᠎ᠠ ᠬᠣᠴᠣᠷᠤᠭᠰᠠᠨ ᠬᠠᠰᠠᠷ ᠪᠣᠯᠤᠭᠠᠳ ᠲᠡᠭᠦᠨ ᠦ᠌ ᠬᠥᠪᠡᠭᠦᠳ ᠦ᠋ᠨ ᠬᠤᠪᠢ ᠲᠠᠪᠢᠯᠠᠩ᠂ ᠢᠷᠡᠭᠡᠳᠦᠢ ᠶ᠋ᠢ ᠲᠡᠳᠦᠢᠯᠡ ᠠᠩᠬᠠᠷᠬᠤ ᠦᠭᠡᠢ ᠪᠠᠢᠭ᠎ᠠ ᠨᠢ ᠬᠠᠰᠠᠷ ᠤ᠋ᠨ ᠪᠤᠬᠢᠨᠢᠳᠤᠯ ᠢ᠋ ᠣᠷᠭᠢᠯᠤᠭᠤᠯᠵᠠᠢ᠃ ᠥᠭᠡᠳᠡᠢ ᠶ᠋ᠢ ᠬᠠᠭᠠᠨ ᠰᠠᠭᠤᠷᠢᠨ ᠳ᠋ᠤ᠌ ᠡᠷᠭᠦᠮᠵᠢᠯᠡᠭᠰᠡᠨ ᠶᠠᠪᠤᠳᠠᠯ ᠢ᠋ᠶ᠋ᠠᠷ ᠳᠠᠯᠢᠮᠳᠠᠭᠤᠯᠤᠨ ᠴᠢᠩᠭᠢᠰ ᠬᠠᠭᠠᠨ ᠥᠪᠡᠷ ᠡᠴᠡ ᠪᠡᠨ ᠬᠣᠢᠰᠢ ᠵᠥᠪᠬᠡᠨ ᠠᠯᠲᠠᠨ ᠤᠷᠤᠭ ᠤ᠋ᠨ ᠬᠥᠪᠡᠭᠦᠳ ᠡᠴᠡ ᠬᠠᠭᠠᠨ ᠰᠠᠭᠤᠷᠢᠨ ᠳ᠋ᠤ᠌ ᠰᠠᠭᠤᠬᠤ ᠪᠠᠷ ᠵᠠᠷᠯᠢᠭ ᠪᠠᠭᠤᠯᠭᠠᠭᠰᠠᠨ ᠨᠢ ᠬᠠᠰᠠᠷ ᠪᠣᠯᠤᠭᠠᠳ ᠪᠤᠰᠤᠳ ᠳᠡᠭᠦᠦ ᠨᠠᠷ ᠢ᠋ᠶ᠋ᠠᠨ᠂ ᠲᠡᠳᠡᠨ ᠦ᠌ ᠦᠷ᠎ᠡ ᠰᠡᠳᠦ ᠶ᠋ᠢ ᠵᠦᠭᠡᠷ ᠯᠡ ᠥᠪᠡᠷᠰᠡᠳ ᠦ᠋ᠨ ᠬᠠᠪᠰᠤᠷᠭ᠎ᠠ᠂ ᠰᠤᠯᠠ ᠢᠷᠭᠡᠨ ᠮᠡᠲᠦ ᠦᠵᠡᠬᠦ ᠪᠡᠷ ᠰᠢᠢᠳᠦᠭᠰᠡᠨ ᠬᠡᠷᠡᠭ ᠶᠦᠮ᠃ ᠡᠭᠦᠨ ᠢ᠋ ᠬᠠᠰᠠᠷ ᠬᠡᠵᠢᠶ᠎ᠡ ᠴᠦ᠍ ᠵᠥᠪᠰᠢᠶᠡᠷᠡᠬᠦ ᠦᠭᠡᠢ ᠪᠢᠯᠡ᠃ ᠲᠡᠭᠦᠨ ᠢ᠋᠂ ᠬᠥᠪᠡᠭᠦᠳ ᠢ᠋ ᠨᠢ ᠡᠩ ᠦ᠋ᠨ ᠨᠢᠭᠡ ᠢᠷᠭᠡᠨ ᠦ᠌ ᠠᠳᠠᠯᠢ ᠦᠵᠡᠬᠦ ᠨᠢ ᠪᠣᠭᠣᠯᠴᠢᠯᠠᠵᠤ ᠳᠠᠷᠤᠯᠠᠭᠰᠠᠨ ᠲᠠᠢ ᠠᠳᠠᠯᠢ ᠠᠭᠠᠷ ᠨᠢᠭᠡ ᠰᠠᠨᠠᠭᠳᠠᠭᠠᠳ ᠲᠡᠰᠦᠭᠰᠡᠨ ᠦᠭᠡᠢ᠃ ᠥᠭᠡᠯᠦᠨ ᠡᠬᠡ ᠶ᠋ᠢᠨ ᠥᠩᠭᠡᠷᠡᠭᠰᠡᠨ ᠦ᠌ ᠳᠠᠷᠠᠭ᠎ᠠ ᠬᠠᠰᠠᠷ ᠤ᠋ᠨ ᠰᠡᠳᠬᠢᠯ ᠰᠠᠨᠠᠭᠠᠨ ᠳ᠋ᠤ᠌ ᠭᠠᠷᠤᠭᠰᠠᠨ ᠥᠭᠡᠷᠡᠴᠢᠯᠡᠯᠲᠡ ᠶ᠋ᠢ ᠴᠢᠩᠭᠢᠰ ᠬᠠᠭᠠᠨ ᠴᠠᠭ ᠲᠤᠨᠢ ᠳ᠋ᠠᠭᠠᠨ ᠮᠡᠳᠡᠵᠦ ᠲᠡᠭᠦᠨ ᠳ᠋ᠦ᠍ ᠠᠯᠲᠠᠨ ᠤᠯᠤᠰ ᠤ᠋ᠨ ᠵᠡᠭᠦᠨ ᠬᠣᠢᠲᠤ ᠨᠤᠲᠤᠭ ᠢ᠋ ᠡᠵᠡᠯᠡᠨ ᠠᠪᠬᠤ ᠬᠡᠷᠡᠭ ᠢ᠋ ᠨᠠᠢᠷ ᠲᠠᠯᠪᠢᠨ ᠥᠭᠭᠦᠭᠰᠡᠨ ᠢ᠋ᠶ᠋ᠡᠷ ᠲᠡᠳᠡᠨ ᠣ ᠬᠣᠭᠣᠷᠣᠨᠳᠣ ᠣᠴᠢ ᠥᠭᠪᠡᠯ ᠳᠦᠷᠡᠯᠵᠡᠨ ᠠᠰᠠᠬᠤ ᠳ᠋ᠤ᠌ ᠪᠡᠯᠡᠨ ᠪᠠᠢᠭᠰᠠᠨ ᠶᠡᠬᠡ ᠲᠦᠢᠮᠡᠷ ᠢ᠋ ᠲᠦᠷ ᠪᠣᠯᠪᠠᠴᠤ ᠨᠠᠮᠵᠢᠭᠠᠭᠰᠠᠨ ᠪᠢᠯᠡ᠃ ᠵᠡᠭᠦᠨ ᠬᠣᠢᠲᠤ ᠬᠢᠲᠠᠳ ᠢ᠋ ᠬᠢᠯᠪᠠᠷ ᠳᠠᠭᠠᠭᠤᠯᠵᠤ ᠣᠯᠠᠨ ᠬᠣᠲᠠ ᠪᠠᠯᠭᠠᠰᠤ ᠶ᠋ᠢ ᠡᠵᠡᠯᠡᠨ ᠠᠪᠤᠭᠰᠠᠨ ᠴᠤ᠌ ᠴᠢᠩᠭᠢᠰ ᠬᠠᠭᠠᠨ ᠥᠪᠡᠷ ᠲᠤᠨᠢ ᠲᠡᠷᠡ ᠨᠤᠲᠤᠭ ᠠ᠋ᠴᠠ ᠭᠠᠭᠴᠠ ᠬᠣᠲᠠ ᠴᠤ᠌ ᠪᠣᠯᠪᠠ ᠥᠮᠴᠢ ᠪᠣᠯᠭᠠᠨ ᠬᠤᠪᠢᠶᠠᠨ ᠥᠭᠭᠦᠭᠰᠡᠨ ᠦᠭᠡᠢ ᠳ᠋ᠦ᠍ ᠬᠠᠰᠠᠷ ᠢ᠋ ᠪᠠᠰᠠ ᠲᠡᠪᠴᠢᠨ ᠥᠩᠭᠡᠷᠡᠵᠡᠢ᠃ ᠤᠳᠠᠯ ᠦᠭᠡᠢ ᠬᠤᠷᠽᠸᠮ ᠳ᠋ᠤ᠌ ᠳᠣᠪᠲᠣᠯᠬᠤ ᠰᠢᠢᠳᠪᠦᠷᠢ ᠭᠠᠷᠤᠭᠰᠠᠨ ᠢ᠋ ᠬᠠᠰᠠᠷ ᠡᠰᠡᠷᠭᠦᠴᠡᠭᠰᠡᠨ ᠨᠢ ᠲᠡᠳᠡᠨ ᠤ ᠵᠥᠷᠢᠴᠡᠯ ᠢ᠋ ᠳᠠᠬᠢᠨ ᠳᠡᠪᠡᠷᠡᠭᠡᠪᠡ᠃ ᠲᠠᠨᠢᠵᠤ ᠮᠡᠳᠡᠬᠦ ᠦᠭᠡᠢ ᠬᠤᠷᠽᠸᠮ ᠳ᠋ᠤ᠌ ᠴᠡᠷᠢᠭ ᠬᠥᠳᠡᠯᠭᠡᠭᠰᠡᠨ ᠡᠴᠡ ᠴᠠᠭ ᠠᠯᠳᠠᠯ ᠦᠭᠡᠢ ᠠᠯᠲᠠᠨ ᠤᠯᠤᠰ᠂ ᠲᠡᠭᠦᠨ ᠦ᠌ ᠬᠦᠷᠰᠢ ᠰᠥᠩ ᠤᠯᠤᠰ ᠢ᠋ ᠡᠬᠢᠯᠡᠨ ᠡᠵᠡᠯᠡᠬᠦ ᠨᠢ ᠵᠥᠪ ᠭᠡᠵᠦ ᠬᠠᠰᠠᠷ ᠬᠠᠲᠠᠭᠤ ᠵᠢᠳᠬᠦᠵᠦ ᠪᠠᠢᠪᠠ᠃ ᠳᠠᠬᠢᠨ ᠳᠠᠬᠢᠨ ᠨᠠᠢᠷᠠᠮᠳᠠᠵᠤ᠂ ᠨᠠᠢᠷᠠᠮᠳᠠᠬᠤ ᠪᠦᠷᠢ ᠢᠲᠡᠭᠡᠯ ᠠᠯᠲᠠᠨ ᠤᠷᠪᠠᠬᠤ ᠠᠯᠲᠠᠨ ᠤᠯᠤᠰ ᠢ᠋ ᠡᠳᠦᠷ ᠬᠦᠯᠢᠶᠡᠯ ᠦᠭᠡᠢ ᠳᠠᠷᠤᠨ ᠰᠥᠨᠥᠭᠡᠬᠦ ᠶ᠋ᠢ ᠬᠠᠰᠠᠷ ᠰᠢᠷᠭᠠᠭᠤ ᠱᠠᠭᠠᠷᠳᠠᠭᠰᠠᠭᠠᠷ ᠪᠠᠢᠯ᠎ᠠ᠃ ᠡᠢᠮᠦ ᠪᠣᠳᠣᠯ ᠲᠠᠢ ᠪᠠᠢᠭᠰᠠᠨ ᠨᠢ ᠭᠠᠭᠴᠠ ᠬᠠᠰᠠᠷ ᠴᠤ᠌ ᠪᠢᠰᠢ ᠶᠦᠮ᠃ ᠠᠯᠲᠠᠨ ᠤᠯᠤᠰ ᠢ᠋ ᠨᠢᠭᠡᠮᠦᠰᠦᠨ ᠳᠠᠷᠤᠵᠤ ᠠᠶᠤᠯ ᠦᠭᠡᠢ ᠪᠣᠯᠭᠠᠬᠤ ᠨᠢ ᠬᠦᠴᠦᠷᠬᠡᠭ᠂ ᠦᠯᠦ ᠮᠡᠳᠡᠬᠦ ᠬᠤᠷᠽᠸᠮ ᠲᠠᠢ ᠬᠢᠬᠦ ᠲᠡᠢᠨ ᠦ᠌ ᠡᠮᠦᠨ᠎ᠡ ᠵᠠᠢᠯᠠᠰᠢ ᠦᠭᠡᠢ ᠬᠡᠷᠡᠭ ᠭᠡᠵᠦ ᠬᠤᠪᠢᠯᠠᠢ ᠨᠠᠷ ᠤ᠋ᠨ ᠬᠡᠰᠡᠭ ᠵᠠᠩᠵᠤᠨ ᠪᠠᠰᠠ ᠬᠠᠰᠠᠷ ᠢ᠋ ᠳᠡᠮᠵᠢᠭᠰᠡᠨ ᠨᠢ ᠴᠢᠩᠭᠢᠰ ᠬᠠᠭᠠᠨ ᠤ᠋ ᠬᠢᠯᠢᠩ ᠢ᠋ ᠪᠠᠳᠠᠷᠠᠭᠠᠵᠠᠢ᠃ ᠭᠡᠪᠡᠴᠦ ᠲᠡᠳᠡᠨ ᠦ᠌ ᠡᠰᠡᠷᠭᠦ ᠢᠯᠡᠷᠬᠡᠢ ᠡᠰᠡᠷᠭᠦᠴᠡᠨ ᠬᠡᠷᠡᠭᠦᠯ ᠲᠡᠮᠡᠴᠡᠯ ᠬᠢᠬᠦ ᠶ᠋ᠢ ᠬᠦᠰᠡᠭᠰᠡᠨ ᠦᠭᠡᠢ᠃ ᠠᠯᠲᠠᠨ ᠤᠯᠤᠰ ᠢ᠋ ᠳᠠᠢᠯᠠᠬᠤ ᠨᠢ ᠵᠥᠪ ᠴᠦ᠍ ᠪᠠᠢᠵᠤ ᠮᠡᠳᠡᠬᠦ ᠶᠦᠮ᠃ ᠭᠡᠪᠡᠴᠦ ᠠᠯᠲᠠᠨ ᠤᠯᠤᠰ ᠢ᠋ ᠬᠠᠰᠠᠷ ᠤ᠋ᠨ ᠬᠡᠯᠡᠭᠡᠳ ᠪᠠᠢᠭ᠎ᠠ ᠰᠢᠭ᠋ ᠲᠡᠢᠮᠦ ᠬᠤᠷᠳᠤᠨ ᠲᠦᠷᠭᠡᠨ ᠡᠵᠡᠯᠡᠨ ᠠᠪᠬᠤ ᠨᠢ ᠶᠠᠭᠤ ᠯᠠ ᠪᠣᠯ᠂ ᠬᠠᠷᠢᠨ ᠲᠡᠭᠦᠨ ᠦ᠌ ᠣᠷᠣᠨ ᠳ᠋ᠤ᠌ ᠠᠯᠲᠠᠨ ᠤᠯᠤᠰ ᠬᠦᠴᠦ ᠪᠡᠨ ᠬᠤᠷᠠᠮᠳᠤᠭᠤᠯᠤᠨ ᠳᠣᠪᠲᠣᠯᠵᠤ ᠴᠢᠳᠠᠬᠤ ᠦᠭᠡᠢ ᠪᠣᠯᠤᠭᠰᠠᠨ ᠡᠨᠡ ᠴᠠᠭ ᠢ᠋ ᠠᠰᠢᠭᠯᠠᠨ ᠬᠤᠷᠽᠸᠮ ᠢ᠋ ᠳᠠᠭᠠᠭᠤᠯᠵᠤ ᠡᠯᠴᠢ ᠪᠡᠨ ᠠᠯᠠᠭᠤᠯᠤᠭᠰᠠᠨ ᠤ᠋ ᠥᠰᠢᠶ᠎ᠡ ᠶ᠋ᠢ ᠠᠪᠬᠤ ᠨᠢ ᠢᠯᠡᠭᠦᠦ ᠴᠢᠬᠤᠯᠠ᠃ ᠠᠯᠤᠰ ᠬᠣᠯᠠ ᠰᠢᠨ᠎ᠡ ᠭᠠᠵᠠᠷ ᠲᠤ᠌ ᠬᠥᠯ ᠢ᠋ᠶ᠋ᠡᠨ ᠲᠠᠯᠪᠢᠵᠤ᠂ ᠨᠤᠲᠤᠭ ᠢ᠋ᠶ᠋ᠠᠨ ᠥᠷᠭᠡᠳᠬᠡᠬᠦ ᠢᠯᠡᠭᠦᠦ ᠪᠣᠯᠤᠮᠵᠢ ᠣᠯᠤᠨ᠎ᠠ ᠭᠡᠵᠦ ᠴᠢᠩᠭᠢᠰ ᠬᠠᠭᠠᠨ ᠦᠵᠡᠵᠦ ᠪᠠᠢᠯ᠎ᠠ᠃ ᠡᠭᠦᠨ ᠡᠴᠡ ᠪᠡᠨ ᠤᠬᠤᠷᠢᠬᠤ ᠶ᠋ᠢ ᠦᠯᠦ ᠬᠦᠰᠡᠵᠡᠢ᠃
ᠪᠤᠭᠤᠷᠴᠢ ᠶ᠋ᠢ ᠡᠪᠦᠯ ᠠᠯᠲᠠᠢ ᠠ᠋ᠴᠠ ᠢᠷᠡᠬᠦ ᠶ᠋ᠢᠨ ᠡᠮᠦᠨ᠎ᠡ ᠬᠠᠰᠠᠷ ᠴᠢᠩᠭᠢᠰ ᠬᠠᠭᠠᠨ ᠳ᠋ᠤ᠌ ᠪᠠᠷᠠᠯᠬᠠᠬᠤ ᠳ᠋ᠠᠭᠠᠨ ᠶᠠᠭᠤ ᠬᠡᠯᠡᠵᠦ ᠶᠠᠷᠢᠭᠰᠠᠨ ᠢ᠋ ᠲᠡᠷᠡ ᠪᠦᠷᠢᠨ ᠬᠡᠯᠡᠭᠰᠡᠨ ᠦᠭᠡᠢ᠃ ᠶᠡᠷᠦ ᠨᠢ ᠡᠨᠡ ᠶᠠᠷᠢᠶ᠎ᠠ ᠶ᠋ᠢ ᠬᠡᠵᠢᠶ᠎ᠡ ᠴᠦ᠍᠂ ᠬᠡᠨ ᠳ᠋ᠦ᠍ ᠴᠦ᠍ ᠬᠡᠯᠡᠬᠦ ᠦᠭᠡᠢ ᠪᠢᠵᠡ᠃ ᠬᠠᠷᠢᠨ ᠪᠤᠭᠤᠷᠴᠢ ᠰᠠᠶᠢ ᠬᠡᠯᠡᠭᠰᠡᠨ ᠦᠭᠡᠨ ᠳ᠋ᠦ᠍ᠨᠢ ᠴᠣᠴᠢᠷᠳᠠᠵᠤ ᠪᠣᠳᠣᠯ ᠳ᠋ᠤ᠌ ᠡᠭᠡᠷᠡᠭᠳᠡᠨ ᠰᠠᠭᠤᠬᠤ ᠶ᠋ᠢ ᠬᠠᠷᠠᠭᠠᠳ ᠲᠡᠷᠡ ᠶᠠᠪᠤᠳᠠᠯ ᠢ᠋ ᠰᠠᠨᠠᠵᠠᠢ᠃ ᠬᠠᠰᠠᠷ ᠢ᠋ ᠲᠤᠢᠯᠪᠤᠷᠢᠲᠠᠢ ᠪᠤᠷᠤᠭᠤᠳᠬᠠᠬᠤ ᠰᠢᠯᠲᠠᠭᠠᠨ ᠦᠭᠡᠢ ᠪᠡᠷ ᠠᠯᠠᠬᠤ ᠨᠢ ᠪᠤᠭᠤᠷᠴᠢ ᠳ᠋ᠤ᠌ ᠬᠡᠴᠡᠭᠦᠦ ᠪᠠᠢᠭ᠎ᠠ ᠶ᠋ᠢ ᠴᠢᠩᠭᠢᠰ ᠬᠠᠭᠠᠨ ᠮᠡᠳᠡᠵᠦ ᠪᠠᠢᠪᠠ᠃
| ᠪᠤᠭᠤᠷᠴᠢ᠂ ᠴᠢ ᠰᠠᠮᠠᠭᠤᠨ ᠪᠣᠳᠣᠯ ᠳ᠋ᠤ᠌ ᠠᠪᠲᠠᠨ ᠪᠦᠦ ᠡᠷᠡᠭᠡᠯᠵᠡ᠃ ᠬᠡᠷᠪᠡ ᠪᠢ ᠶᠡᠬᠡ ᠴᠡᠷᠢᠭ ᠢ᠋ᠶ᠋ᠡᠨ ᠬᠤᠷᠽᠸᠮ ᠤᠷᠤᠭᠤ ᠬᠥᠳᠡᠯᠭᠡᠪᠡᠯ ᠬᠠᠰᠠᠷ ᠥᠪᠡᠷ ᠦ᠋ᠨ ᠬᠦᠴᠦ ᠪᠡᠷ ᠠᠯᠲᠠᠨ ᠤᠯᠤᠰ ᠢ᠋ ᠳᠣᠪᠲᠣᠯᠤᠨ ᠡᠵᠡᠯᠡᠵᠦ ᠠᠪᠤᠨ᠎ᠠ ᠭᠡᠨ᠎ᠡ᠃ ᠴᠢ ᠡᠭᠦᠨ ᠢ᠋ ᠶᠠᠭᠤ ᠭᠡᠵᠦ ᠰᠠᠨᠠᠨ᠎ᠠ? ᠬᠠᠰᠠᠷ ᠲᠡᠭᠡᠵᠦ ᠴᠢᠳᠠᠬᠤ ᠤᠤ?
ᠡᠨᠡ ᠪᠣᠯ ᠲᠡᠭᠡᠵᠦ ᠪᠠᠷᠠᠯᠬᠠᠬᠤ ᠳ᠋ᠠᠭᠠᠨ ᠬᠠᠰᠠᠷ ᠤ᠋ᠨ ᠬᠡᠯᠡᠭᠰᠡᠨ ᠣᠯᠠᠨ ᠦᠭᠡ ᠶ᠋ᠢᠨ ᠨᠢᠭᠡ ᠨᠢ ᠶᠦᠮ᠃ ᠡᠢᠮᠦ ᠦᠭᠡ ᠰᠣᠨᠣᠰᠤᠭᠰᠠᠨ ᠤ᠋ ᠳᠠᠷᠠᠭ᠎ᠠ ᠪᠤᠭᠤᠷᠴᠢ ᠬᠠᠰᠠᠷ ᠢ᠋ ᠥᠮᠥᠭᠯᠡᠵᠦ ᠴᠢᠳᠠᠬᠤ ᠦᠭᠡᠢ ᠶ᠋ᠢ ᠴᠢᠩᠭᠢᠰ ᠬᠠᠭᠠᠨ ᠮᠡᠳᠡᠵᠦ ᠪᠠᠢᠯ᠎ᠠ᠃ ᠦᠨᠡᠬᠡᠷ ᠡᠨᠡ ᠦᠭᠡ ᠶ᠋ᠢ ᠰᠣᠨᠣᠰᠤᠭ᠎ᠠ ᠦᠭᠡᠢ ᠪᠣᠯ ᠪᠤᠭᠤᠷᠴᠢ ᠬᠠᠰᠠᠷ ᠢ᠋ ᠠᠯᠠᠬᠤ ᠦᠭᠡᠢ ᠪᠠᠢᠬᠤ ᠣᠯᠠᠨ ᠰᠢᠯᠲᠠᠭᠠᠨ᠂ ᠲᠡᠭᠦᠨ ᠦ᠌ ᠶᠡᠬᠡ ᠭᠠᠪᠢᠶ᠎ᠠ ᠶ᠋ᠢ ᠳᠤᠷᠠᠳᠤᠨ ᠬᠡᠯᠡᠬᠦ ᠪᠡᠷ ᠪᠡᠯᠡᠳᠬᠡᠵᠦ ᠪᠠᠢᠭᠰᠠᠨ ᠪᠢᠯᠡ᠃ ᠴᠢᠩᠭᠢᠰ ᠬᠠᠭᠠᠨ ᠪᠤᠭᠤᠷᠴᠢ ᠶ᠋ᠢᠨ ᠶᠠᠭᠤ ᠪᠣᠳᠣᠵᠤ᠂ ᠶᠠᠭᠤ ᠬᠡᠯᠡᠬᠦ ᠶ᠋ᠢ ᠰᠢᠭᠤᠳ ᠬᠠᠷᠠᠭᠠᠳ ᠯᠠ ᠭᠠᠳᠠᠷᠯᠠᠨ᠎ᠠ᠃ ᠬᠡᠷᠪᠡ ᠴᠢᠩᠭᠢᠰ ᠬᠠᠭᠠᠨ ᠵᠠᠷᠯᠢᠭ ᠪᠠᠭᠤᠯᠭᠠᠭ᠎ᠠ ᠦᠭᠡᠢ ᠪᠠᠢᠬᠤ ᠳ᠋ᠤ᠌ ᠬᠠᠰᠠᠷ ᠠᠯᠲᠠᠨ ᠤᠯᠤᠰ ᠢ᠋ ᠳᠣᠪᠲᠣᠯᠪᠠᠯ ᠡᠭᠦᠨ ᠢ᠋ ᠴᠣᠬᠣᠮ ᠶᠠᠭᠤ ᠭᠡᠵᠦ ᠨᠡᠷᠡᠯᠡᠬᠦ ᠶ᠋ᠢ ᠪᠤᠭᠤᠷᠴᠢ ᠮᠡᠳᠡᠨ᠎ᠡ᠃ ᠡᠨᠡ ᠪᠣᠯ ᠬᠠᠭᠠᠨ ᠲᠥᠷᠥ ᠶ᠋ᠢᠨ ᠡᠰᠡᠷᠭᠦ ᠤᠯᠠᠭᠠᠨ ᠴᠠᠢᠮ᠎ᠠ ᠰᠠᠮᠠᠭᠤᠨ ᠭᠠᠷᠭᠠᠭᠰᠠᠨ ᠲᠠᠢ ᠠᠳᠠᠯᠢ ᠬᠡᠷᠡᠭ ᠶᠦᠮ᠃ ᠬᠠᠰᠠᠷ ᠢᠩᠭᠢᠵᠦ ᠬᠡᠯᠡᠵᠦ᠂ ᠪᠠᠰᠠ ᠬᠢᠵᠦ ᠴᠢᠳᠠᠬᠤ ᠶ᠋ᠢ ᠪᠤᠭᠤᠷᠴᠢ ᠮᠡᠳᠡᠬᠦ ᠲᠤᠯᠠ ᠰᠡᠳᠬᠢᠯ ᠳ᠋ᠦ᠍ᠨᠢ ᠮᠣᠭᠠᠢ ᠰᠢᠷᠭᠤᠬᠤ ᠮᠡᠲᠦ ᠬᠦᠢᠲᠡᠨ ᠣᠷᠬᠢᠭᠠᠳ ᠶᠠᠪᠤᠴᠢᠬᠠᠬᠤ ᠶ᠋ᠢ ᠮᠡᠳᠡᠷᠡᠵᠡᠢ᠃ ᠪᠠᠰᠠ ᠴᠢᠩᠭᠢᠰ ᠬᠠᠭᠠᠨ ᠲᠡᠭᠦᠨ ᠢ᠋ᠶ᠋ᠡᠷ ᠶᠠᠭᠤ ᠬᠢᠯᠭᠡᠬᠦ ᠭᠡᠵᠦ ᠪᠣᠢ ᠶ᠋ᠢ ᠰᠠᠶᠢ ᠯᠠ ᠵᠢᠩᠬᠢᠨᠢ ᠶᠣᠰᠣᠭᠠᠷ ᠣᠢᠯᠠᠭᠠᠪᠠ᠃ ᠡᠬᠢᠯᠡᠭᠡᠳ ᠲᠡᠷᠡ ᠴᠢᠩᠭᠢᠰ ᠬᠠᠭᠠᠨ ᠢ᠋ ᠢᠳᠬᠠᠨ ᠲᠠᠢᠳᠬᠤᠷᠠᠭᠤᠯᠵᠤ ᠴᠢᠳᠠᠨ᠎ᠠ ᠭᠡᠵᠦ ᠪᠣᠳᠣᠵᠤ᠂ ᠪᠦᠷ ᠢᠲᠡᠭᠡᠵᠦ ᠪᠠᠢᠭᠰᠠᠨ ᠶᠤᠮ᠃ ᠣᠳᠣ ᠭᠡᠨᠡᠳᠲᠡ ᠡᠨᠡ ᠪᠠᠢᠳᠠᠯ ᠳ᠋ᠠᠭᠠᠨ ᠡᠷᠡᠭᠡᠯᠵᠡᠵᠦ ᠡᠬᠢᠯᠡᠪᠡ᠃ ᠬᠠᠰᠠᠷ ᠢ᠋ ᠥᠮᠥᠭᠡᠷᠡᠬᠦ ᠨᠢ ᠬᠠᠭᠠᠨ ᠲᠥᠷᠥ ᠶ᠋ᠢᠨ ᠢ᠋ᠶ᠋ᠡᠨ ᠡᠰᠡᠷᠭᠦ ᠰᠠᠮᠠᠭᠤᠨ ᠳᠡᠭᠳᠡᠭᠡᠬᠦ ᠶ᠋ᠢ ᠳᠡᠮᠵᠢᠭᠰᠡᠨ ᠬᠡᠷᠡᠭ ᠪᠣᠯᠬᠤ ᠪᠠᠢᠪᠠ᠃ ᠡᠨᠡ ᠠᠬ᠎ᠠ ᠳᠡᠭᠦᠦ ᠬᠣᠶᠠᠷ ᠬᠡᠵᠢᠶ᠎ᠡ ᠯᠡ ᠠᠯᠠᠯᠴᠠᠬᠤ ᠪᠣᠯ ᠭᠡᠰᠡᠨ ᠬᠥᠨᠳᠡᠭᠦᠷ ᠪᠣᠯᠭᠣᠮᠵᠢᠯᠠᠯ ᠣᠯᠠᠨ ᠵᠢᠯ ᠦ᠋ᠨ ᠲᠤᠷᠰᠢ ᠪᠤᠭᠤᠷᠴᠢ ᠵᠡᠯᠮ᠎ᠡ ᠨᠠᠷ ᠢ᠋ ᠲᠦᠭᠰᠢᠭᠦᠯᠦᠭᠰᠡᠭᠡᠷ ᠪᠠᠢᠭᠰᠠᠨ ᠪᠥᠭᠡᠳ ᠲᠡᠷᠡ ᠦᠢᠯᠡ ᠯᠠᠢ ᠶ᠋ᠢᠨ ᠴᠠᠭ ᠨᠢ ᠢᠷᠡᠵᠡᠢ᠃ ᠪᠣᠯᠬᠤ ᠪᠣᠯᠬᠤ ᠳ᠋ᠠᠭᠠᠨ ᠴᠢᠩᠭᠢᠰ ᠬᠠᠭᠠᠨ ᠡᠨᠡ ᠬᠡᠷᠡᠭ ᠢ᠋ ᠪᠤᠭᠤᠷᠴᠢ ᠪᠠᠷ ᠭᠦᠢᠴᠡᠯᠳᠦᠭᠦᠯᠬᠦ ᠶ᠋ᠢ ᠬᠦᠰᠡᠵᠡᠢ᠃ ᠶᠠᠭ ᠡᠨᠡ ᠦᠶ᠎ᠡ ᠳ᠋ᠦ᠍ ᠲᠡᠷᠡ ᠰᠠ ᠡᠪᠡᠳᠴᠢᠨ ᠲᠤᠰᠤᠭᠰᠠᠨ ᠵᠠᠯᠮ᠎ᠠ ᠳ᠋ᠤ᠌ ᠠᠲᠠᠭᠠᠷᠬᠠᠬᠤ ᠰᠢᠭ᠋ ᠪᠣᠯᠵᠠᠢ᠃ ᠣᠳᠣ ᠲᠡᠭᠦᠨ ᠳ᠋ᠦ᠍ ᠤᠬᠤᠷᠢᠬᠤ ᠪᠤᠴᠠᠬᠤ᠂ ᠪᠤᠯᠵᠠᠵᠤ ᠪᠤᠯᠲᠠᠬᠤ ᠠᠷᠭ᠎ᠠ ᠨᠢᠭᠡᠨᠲᠡ ᠪᠠᠢᠬᠤ ᠦᠭᠡᠢ ᠪᠠᠢᠯ᠎ᠠ᠃
| ᠲᠡᠮᠦᠵᠢᠨ᠃
ᠴᠢᠩᠭᠢᠰ ᠬᠠᠭᠠᠨ ᠤ᠋ ᠠᠯᠳᠠᠷ ᠭᠣᠩᠰᠢᠨ ᠢ᠋ ᠤᠮᠠᠷᠲᠠᠨ ᠢᠩᠭᠢᠵᠦ ᠳᠠᠭᠤᠳᠠᠬᠤ ᠳ᠋ᠠᠭᠠᠨ ᠪᠣᠭᠣᠷᠴᠢ ᠳ᠋ᠤ᠌ ᠨᠢᠭᠡᠨᠲᠡ ᠡᠷᠡᠭᠡᠯᠵᠡᠬᠦ ᠲᠡᠭᠡᠨᠡᠭᠡᠯᠵᠡᠬᠦ ᠵᠦᠢᠯ ᠦᠭᠡᠢ ᠪᠣᠯᠤᠭᠰᠠᠨ ᠪᠠᠢᠪᠠ᠃
| ᠲᠡᠮᠦᠵᠢᠨ᠂ ᠬᠠᠰᠠᠷ ᠢ᠋ ᠠᠯᠠᠬᠤ ᠲᠡᠢᠮᠦ ᠬᠢᠯᠪᠠᠷ ᠪᠢᠰᠢ᠃ ᠬᠡᠷᠪᠡ ᠲᠡᠷᠡ ᠨᠢᠭᠡᠨᠲᠡ ᠠᠯᠲᠠᠨ ᠤᠯᠤᠰ ᠲᠤ᠌ ᠲᠣᠯᠣᠭᠠᠢ ᠳᠠᠭᠠᠭᠠᠨ ᠳᠣᠪᠲᠣᠯᠬᠤ ᠪᠠᠷ ᠰᠢᠢᠳᠦᠭᠰᠡᠨ ᠪᠣᠯ ᠡᠭᠦᠨ ᠡᠴᠡ ᠪᠡᠨ ᠤᠬᠤᠷᠢᠬᠤ ᠦᠭᠡᠢ᠃ ᠭᠡᠬᠦ ᠳ᠋ᠡᠭᠡᠨ ᠬᠠᠰᠠᠷ ᠪᠣᠯ ᠪᠣᠭᠣᠷᠴᠢ ᠪᠢᠰᠢ᠃ ᠲᠡᠷᠡ ᠪᠣᠯ ᠴᠢᠩᠭᠢᠰ ᠬᠠᠭᠠᠨ ᠲᠠᠨ ᠤ᠋ ᠲᠥᠷᠥᠭᠰᠡᠨ ᠳᠡᠭᠦᠦ᠂ ᠶᠢᠰᠦᠭᠡᠢ ᠪᠠᠭᠠᠲᠤᠷ ᠤ᠋ᠨ ᠬᠥᠪᠡᠭᠦᠨ᠂ ᠶᠡᠬᠡ ᠮᠣᠩᠭᠣᠯ ᠤᠯᠤᠰ ᠲᠤ᠌ ᠬᠠᠮᠤᠭ ᠤ᠋ᠨ ᠶᠡᠬᠡ ᠭᠠᠪᠢᠶᠠᠲᠠᠨ ᠤ᠋ ᠨᠢᠭᠡ᠃ ᠨᠡᠷ᠎ᠡ ᠥᠨᠳᠥᠷ᠂ ᠨᠥᠯᠥᠭᠡ ᠬᠦᠴᠦ ᠶᠡᠬᠡ᠂ ᠬᠥᠪᠡᠭᠦᠳ ᠨᠢ ᠭᠠᠪᠰᠢᠭᠠᠢ᠃ ᠲᠡᠮᠦᠵᠢᠨ ᠴᠢ ᠨᠠᠮᠠᠶ᠋ᠢ ᠬᠠᠰᠠᠷ ᠢ᠋ ᠶᠠᠭᠠᠬᠢᠵᠤ ᠦᠬᠦᠭᠦᠯᠦᠨ᠎ᠡ ᠭᠡᠵᠦ ᠪᠣᠳᠣᠨ᠎ᠠ? ᠴᠢ ᠬᠡᠯᠡᠭᠡᠴᠢ᠃
| ᠪᠢ ᠴᠢᠮᠠᠲᠤ ᠬᠥᠮᠦᠨ ᠶᠠᠭᠠᠬᠢᠵᠤ ᠦᠬᠦᠭᠦᠯᠬᠦ ᠶ᠋ᠢ ᠵᠢᠭᠠᠬᠤ ᠭᠡᠵᠦ ᠤᠤ? ᠴᠢ ᠶᠠᠭᠤ ᠶᠠᠷᠢᠨ᠎ᠠ?
| ᠭᠡᠪᠡᠴᠦ ᠲᠡᠮᠦᠵᠢᠨ ᠴᠢ ᠨᠢᠭᠡ ᠶ᠋ᠢ ᠯᠠᠪ ᠪᠣᠳᠣᠭᠰᠠᠨ ᠪᠢᠵᠡ᠃ ᠪᠢ ᠴᠢᠨᠦ ᠬᠡᠯᠡᠭᠰᠡᠨ ᠢ᠋ᠶ᠋ᠡᠷ ᠬᠢᠶ᠎ᠡ᠃ ᠲᠡᠭᠦᠨ ᠢ᠋ ᠶᠣᠰᠣ ᠪᠤᠰᠤ ᠪᠠᠷ ᠦᠬᠦᠭᠡᠰᠡᠢ ᠭᠡᠵᠦ ᠴᠢ ᠯᠠᠪ ᠬᠦᠰᠡᠬᠦ ᠦᠭᠡᠢ ᠪᠢᠵᠡ᠃ ᠪᠠᠰᠠ ᠬᠠᠰᠠᠷ ᠢ᠋ ᠵᠦᠭᠡᠷ ᠨᠢᠭᠡ ᠬᠥᠮᠦᠨ ᠦ᠌ ᠨᠢᠳᠦᠨ ᠳᠡᠭᠡᠷ᠎ᠡ ᠴᠠᠭᠠᠵᠠᠯᠠᠬᠤ ᠶᠤᠮ ᠤᠤ᠂ ᠠᠨᠳᠠᠭᠤᠷᠠᠨ ᠬᠠᠷᠪᠤᠵᠤ ᠪᠣᠯᠬᠤ ᠦᠭᠡᠢ ᠰᠠᠨᠠᠭᠳᠠᠨ᠎ᠠ᠃ ᠰᠡᠭᠦᠯ ᠳ᠋ᠦ᠍ ᠡᠭᠦᠰᠬᠦ ᠪᠤᠳᠤᠯᠢᠶᠠᠨ ᠰᠠᠮᠠᠭᠤᠨ ᠢ᠋ ᠶᠠᠭᠠᠬᠢᠬᠤ ᠪᠣᠢ? ᠮᠢᠨᠦ ᠠᠮᠢ ᠶᠡᠷᠦ ᠬᠠᠢᠷᠠᠨ ᠪᠢᠰᠢ᠂ ᠬᠠᠷᠢᠨ ᠴᠢᠩᠭᠢᠰ ᠬᠠᠭᠠᠨ ᠤ᠋ ᠶᠡᠬᠡ ᠨᠡᠷ᠎ᠡ ᠬᠠᠢᠷᠠᠨ ᠪᠣᠯᠤᠨ᠎ᠠ᠃
ᠪᠣᠭᠣᠷᠴᠢ ᠶ᠋ᠢᠨ ᠡᠨᠡ ᠤᠬᠠᠭᠠᠨ ᠲᠠᠢ ᠦᠭᠡ ᠶ᠋ᠢ ᠴᠢᠩᠭᠢᠰ ᠬᠠᠭᠠᠨ ᠬᠦᠨᠳᠦᠳᠬᠡᠨ ᠰᠣᠨᠣᠰᠴᠠᠢ᠃
| ᠲᠡᠢᠮᠦ ᠠ᠋᠂ ᠬᠠᠰᠠᠷ ᠢ᠋ ᠦᠬᠦᠭᠦᠯᠬᠦ ᠠᠮᠠᠷ ᠪᠢᠰᠢ᠃ ᠲᠡᠢᠮᠦ ᠪᠣᠯᠬᠣᠷ ᠯᠠ ᠴᠢᠮᠠᠲᠤ ᠬᠡᠯᠡᠪᠡ᠃ ᠬᠠᠰᠠᠷ ᠥᠪᠡᠷ ᠦ᠋ᠨ ᠦᠬᠦᠯ ᠢ᠋ᠶ᠋ᠡᠷ ᠯᠡ ᠦᠬᠦᠮᠡᠷ ᠰᠠᠨ᠃ ᠲᠡᠭᠡᠪᠡᠯ ᠨᠠᠳᠠᠳᠤ ᠬᠣᠣᠷ ᠦᠭᠡᠢ ᠶᠦᠮ᠃ ᠡᠭᠦᠨ ᠢ᠋ ᠴᠢ ᠯᠡ ᠬᠢᠵᠦ ᠴᠢᠳᠠᠨ᠎ᠠ᠃ ᠬᠠᠷᠢᠨ ᠲᠡᠷᠡ ᠵᠢᠯ ᠵᠥᠴᠢ ᠶ᠋ᠢ ᠲᠥᠷᠥᠬᠦ ᠳ᠋ᠦ᠍ ᠠᠮᠢᠳᠤ ᠦᠯᠡᠳᠡᠭᠡᠭᠰᠡᠨ ᠰᠢᠭ ᠢ᠋ᠶ᠋ᠡᠨ ᠬᠢᠯᠪᠠᠷ ᠬᠡᠷᠡᠭ ᠲᠦ᠍ ᠪᠤᠤ ᠪᠣᠳᠣᠭᠠᠷᠠᠢ᠃ ᠪᠠᠷᠰ ᠤ᠋ᠨ ᠰᠡᠭᠦᠯ ᠡᠴᠡ ᠪᠠᠷᠢᠪᠠᠯ ᠪᠤᠤ ᠳᠡᠯᠪᠢ᠃ ᠦᠬᠦᠲᠡᠯ᠎ᠡ ᠨᠢ ᠠᠳᠬᠤᠭᠠᠳ ᠪᠠᠢ ᠭᠡᠳᠡᠭ ᠪᠢᠵᠡ᠃ ᠪᠢ ᠴᠢᠮᠠᠲᠤ ᠰᠠᠨᠠᠭᠤᠯᠭ᠎ᠠ ᠪᠣᠯᠭᠠᠵᠤ ᠵᠥᠴᠢ ᠶ᠋ᠢ ᠬᠠᠮᠲᠤ ᠲᠤᠰᠠᠯᠠᠭᠤᠯᠤᠶᠠ᠃ ᠵᠥᠴᠢ ᠡᠴᠡ ᠪᠤᠤ ᠨᠢᠭᠤ᠃ ᠡᠨᠡ ᠬᠡᠷᠡᠭ ᠢ᠋ ᠵᠥᠴᠢ ᠪᠢᠳᠡ ᠭᠤᠷᠪᠠ ᠯᠠ ᠮᠡᠳᠡᠭ᠃ ᠡᠨᠡ ᠬᠡᠷᠡᠭ ᠲᠦ᠍ ᠵᠥᠴᠢ ᠶ᠋ᠢ ᠲᠤᠰᠠᠯᠠᠭᠤᠯᠪᠠᠯ ᠲᠡᠷᠡ ᠨᠠᠳᠠᠳᠤ ᠤᠯᠠᠮ ᠴᠤ᠌ ᠢᠳᠡᠭᠡᠨ ᠳᠣᠲᠣᠨᠣᠰᠬᠤ ᠪᠢᠵᠡ᠃
ᠢᠩᠭᠢᠵᠦ ᠬᠠᠰᠠᠷ ᠤ᠋ᠨ ᠠᠮᠢᠳᠤᠷᠠᠯ ᠰᠢᠢᠳᠦᠭᠳᠡᠪᠡ᠃ ᠴᠢᠩᠭᠢᠰ ᠬᠠᠭᠠᠨ ᠢᠩᠭᠢᠵᠦ ᠰᠢᠢᠳᠦᠭᠰᠡᠨ ᠢ᠋ ᠪᠤᠭᠤᠷᠴᠢ ᠵᠥᠪ ᠭᠡᠵᠦ ᠡᠷᠭᠢᠯᠲᠡ ᠦᠭᠡᠢ ᠳᠡᠮᠵᠢᠭᠰᠡᠨ ᠪᠥᠭᠡᠳ ᠶᠡᠷᠦ ᠡᠴᠡ ᠪᠠᠨ ᠬᠠᠰᠠᠷ ᠦᠭᠡ ᠬᠡᠯᠡ᠂ ᠦᠢᠯᠡ ᠬᠥᠳᠡᠯᠭᠡᠭᠡᠨ ᠡᠴᠡ ᠪᠡᠨ ᠪᠣᠯᠵᠤ ᠥᠪᠡᠷ ᠢ᠋ᠶ᠋ᠡᠨ ᠯᠡ ᠦᠬᠦᠯ ᠤᠷᠤᠭᠤ ᠪᠠᠨ ᠣᠴᠢᠭᠰᠠᠨ ᠭᠡᠵᠦ ᠦᠵᠡᠵᠡᠢ᠃
ᠡᠷᠭᠦᠨ᠎ᠡ ᠮᠥᠷᠡᠨ ᠦ᠌ ᠡᠬᠢ ᠪᠡᠷ ᠪᠠᠢᠬᠤ ᠨᠤᠲᠤᠭ ᠲᠠᠭᠠᠨ ᠪᠤᠴᠠᠵᠤ ᠬᠠᠷᠢᠭᠰᠠᠨ ᠤ᠋ ᠪᠠᠨ ᠳᠠᠷᠠᠭ᠎ᠠ ᠬᠠᠰᠠᠷ ᠨᠢᠭᠡᠨᠲᠡ ᠦᠬᠦᠭᠰᠡᠨ ᠨᠢ ᠪᠤᠭᠤᠷᠴᠢ ᠪᠣᠯᠤᠭᠠᠳ ᠵᠥᠴᠢ ᠶ᠋ᠢᠨ ᠬᠢᠭᠰᠡᠨ ᠬᠡᠷᠡᠭ ᠭᠡᠳᠡᠭ ᠢ᠋ ᠲᠡᠳᠡᠨ ᠡᠴᠡ ᠭᠠᠳᠠᠨ᠎ᠠ ᠭᠠᠭᠴᠠᠬᠠᠨ ᠴᠢᠩᠭᠢᠰ ᠬᠠᠭᠠᠨ ᠮᠡᠳᠡᠵᠦ ᠪᠠᠢᠯ᠎ᠠ᠃ ᠬᠣᠷᠽᠸᠮ ᠳ᠋ᠤ᠌ ᠶᠡᠬᠡ ᠴᠡᠷᠢᠭ ᠬᠥᠳᠡᠯᠬᠦ ᠡᠴᠡ ᠬᠣᠶᠠᠷᠬᠠᠨ ᠰᠠᠷ᠎ᠠ ᠶ᠋ᠢᠨ ᠡᠮᠦᠨ᠎ᠡ ᠡᠨᠡ ᠬᠡᠷᠡᠭ ᠪᠣᠯᠤᠭᠰᠠᠨ ᠪᠥᠭᠡᠳ ᠴᠢᠩᠭᠢᠰ ᠬᠠᠭᠠᠨ ᠤᠯᠤᠰ ᠳᠠᠶᠠᠭᠠᠷ ᠶᠡᠬᠡ ᠭᠠᠰᠢᠭᠤᠳᠠᠯ ᠵᠠᠷᠯᠠᠬᠤ ᠶ᠋ᠢ ᠬᠣᠷᠢᠭᠯᠠᠵᠤ ᠨᠠᠮ ᠭᠦᠮ ᠥᠩᠭᠡᠷᠡᠭᠡᠭᠡᠳ ᠬᠠᠰᠠᠷ ᠤ᠋ᠨ ᠬᠥᠪᠡᠭᠦᠳ ᠢ᠋ ᠳᠠᠭᠤᠳᠠᠨ ᠠᠪᠴᠢᠷᠠᠵᠤ ᠰᠠᠢᠨ ᠡᠴᠢᠭᠡ ᠶ᠋ᠢᠨ ᠨᠡᠷ᠎ᠡ ᠶ᠋ᠢ ᠡᠷᠭᠦᠵᠦ ᠶᠠᠪᠤᠬᠤ ᠶ᠋ᠢ ᠵᠠᠬᠢᠵᠤ᠂ ᠡᠴᠢᠭᠡ ᠶ᠋ᠢᠨ ᠢ᠋ᠶ᠋ᠡᠨ ᠬᠦᠰᠡᠯ ᠢ᠋ ᠲᠠ ᠨᠠᠷ ᠪᠡᠶᠡᠯᠡᠭᠦᠯᠬᠦ ᠶᠣᠰᠣᠲᠠᠢ ᠭᠡᠵᠦ ᠠᠯᠲᠠᠨ ᠤᠯᠤᠰ ᠲᠤ᠌ ᠶᠠᠪᠤᠬᠤ ᠮᠤᠬᠤᠯᠠᠢ ᠳ᠋ᠤ᠌ ᠲᠡᠳᠡᠨ ᠢ᠋ ᠦᠭᠭᠥᠭᠰᠡᠨ ᠢ᠋ᠶ᠋ᠡᠷ ᠴᠢᠩᠭᠢᠰ ᠬᠠᠭᠠᠨ ᠨᠢᠭᠡ ᠨᠠᠰᠤᠨ ᠳ᠋ᠤ᠌ ᠵᠠᠶᠠᠭᠠᠭᠰᠠᠨ ᠬᠠᠮᠤᠭ ᠤ᠋ᠨ ᠬᠦᠴᠦᠲᠡᠢ ᠥᠷᠢᠰᠦᠯᠳᠦᠭᠴᠢ ᠡᠴᠡ ᠪᠡᠨ ᠨᠡᠷ᠎ᠡ ᠪᠦᠲᠦᠨ ᠰᠠᠯᠵᠤ ᠠᠮᠠᠷᠠᠭᠰᠠᠨ ᠪᠢᠯᠡ᠃ ᠬᠠᠷᠢᠨ ᠥᠨᠥᠳᠥᠷ ᠡᠨᠡ ᠫᠸᠷᠸᠠᠨ ᠤ᠋ ᠬᠥᠨᠳᠡᠢ ᠳ᠋ᠦ᠍ ᠬᠢᠮᠡᠯ ᠪᠣᠷᠣᠭᠠᠨ ᠤ᠋ ᠴᠢᠭᠢᠭᠲᠡᠢ ᠠᠭᠠᠷ ᠰᠡᠩᠭᠢᠨᠡᠬᠦ ᠦᠷᠭᠦᠭᠡᠨ ᠳ᠋ᠦ᠍ ᠴᠢᠩᠭᠢᠰ ᠬᠠᠭᠠᠨ ᠵᠥᠴᠢ ᠶ᠋ᠢᠨ ᠲᠤᠬᠠᠢ ᠣᠯᠠᠨ ᠰᠠᠢᠬᠠᠨ ᠦᠭᠡ ᠬᠡᠯᠡᠵᠦ ᠮᠠᠭᠲᠠᠬᠤ ᠬᠢᠮᠡᠯ ᠬᠠᠭᠤᠷᠮᠠᠭᠴᠢ ᠵᠠᠩ ᠤ᠋ᠨ ᠴᠠᠭᠠᠨ᠎ᠠ ᠴᠣᠬᠣᠮ ᠶᠠᠮᠠᠷ ᠰᠠᠨᠠᠭ᠎ᠠ ᠨᠢᠭᠤᠭᠳᠠᠵᠤ ᠪᠠᠢᠭ᠎ᠠ ᠶ᠋ᠢ ᠮᠡᠳᠡᠷᠡᠬᠦ ᠰᠢᠭ ᠪᠣᠯᠤᠭᠠᠳ ᠪᠤᠭᠤᠷᠴᠢ ᠥᠪᠡᠷ ᠦ᠋ᠨ ᠡᠷᠬᠡ ᠦᠭᠡᠢ ᠬᠠᠰᠠᠷ ᠤ᠋ᠨ ᠦᠬᠦᠯ ᠢ᠋ ᠰᠠᠨᠠᠵᠠᠢ᠃ ᠬᠡᠷᠪᠡ ᠴᠢᠩᠭᠢᠰ ᠬᠠᠭᠠᠨ ᠵᠥᠴᠢ ᠶ᠋ᠢ ᠦᠬᠦᠭᠦᠯ ᠭᠡᠪᠡᠯ ᠪᠤᠭᠤᠷᠴᠢ ᠬᠡᠯᠡᠬᠦ ᠦᠭᠡ ᠪᠡᠨ ᠣᠯᠵᠤ ᠶᠠᠳᠠᠨ᠎ᠠ᠃ ᠴᠢᠩᠭᠢᠰ ᠬᠠᠭᠠᠨ ᠤ᠋ ᠦᠭᠡ ᠶ᠋ᠢᠨ ᠴᠠᠭᠠᠨ᠎ᠠ ᠶᠠᠭ ᠡᠢᠮᠦ ᠰᠠᠨᠠᠭ᠎ᠠ ᠴᠤᠬᠤᠯᠵᠠᠭᠰᠠᠭᠠᠷ ᠪᠠᠢᠭᠰᠠᠨ ᠢ᠋ ᠪᠣᠭᠤᠷᠴᠢ ᠮᠡᠳᠡᠵᠦ ᠪᠠᠢᠯ᠎ᠠ᠃
《ᠲᠩᠷᠢ ᠮᠢᠨᠢ᠂ ᠨᠠᠳᠠᠳᠤ ᠲᠤᠰᠠᠯᠠᠭᠠᠴᠢ᠂ ᠵᠥᠴᠢ ᠶ᠋ᠢ ᠪᠤᠤ ᠦᠬᠦᠭᠦᠯᠦᠭᠡᠴᠢ》 ᠭᠡᠵᠦ ᠪᠣᠭᠣᠷᠴᠢ ᠳᠣᠲᠣᠷ᠎ᠠ ᠪᠠᠨ ᠲᠡᠭᠷᠢ ᠡᠴᠡ ᠭᠤᠶᠤᠨ ᠵᠠᠯᠪᠠᠷᠢᠵᠤ ᠰᠠᠭᠤᠪᠠ᠃ ᠪᠤᠭᠤᠷᠴᠢ ᠣᠯᠠᠨ ᠵᠢᠯ ᠦ᠋ᠨ ᠡᠮᠦᠨ᠎ᠡ 《ᠲᠡᠮᠦᠵᠢᠨ ᠢ᠋ ᠪᠦᠦ ᠦᠬᠦᠭᠦᠯᠦᠭᠡᠴᠢ 》 ᠭᠡᠵᠦ ᠬᠦᠢᠲᠡᠨ ᠠᠭᠤᠯᠠᠨ ᠤ᠋ ᠪᠠᠯ ᠳ᠋ᠤ᠌ ᠲᠡᠭᠷᠢ ᠳ᠋ᠦ᠍ ᠭᠤᠶᠤᠨ ᠮᠥᠷᠭᠥᠭᠰᠡᠨ ᠢ᠋ᠶ᠋ᠡᠨ ᠰᠠᠨᠠᠯ᠎ᠠ᠃ ᠲᠡᠭᠡᠬᠦ ᠳ᠋ᠦ᠍ ᠲᠡᠭᠷᠢ ᠲᠡᠭᠦᠨ ᠦ᠌ ᠭᠤᠶᠤᠯᠲᠠ ᠶ᠋ᠢ ᠰᠣᠨᠣᠰᠴᠤ ᠭᠡᠷᠡᠯᠲᠦ ᠪᠥᠮᠪᠥᠯᠢᠭ ᠢ᠋ᠶ᠋ᠡᠨ ᠢᠯᠡᠭᠡᠵᠦ ᠲᠡᠮᠦᠵᠢᠨ ᠢ᠋ ᠠᠪᠤᠷᠠᠭᠰᠠᠨ ᠪᠢᠯᠡ᠃ ᠣᠳᠣ ᠶᠠᠭ ᠲᠡᠢᠮᠦ ᠶᠠᠪᠤᠳᠠᠯ ᠪᠣᠯᠤᠭᠠᠰᠠᠢ ᠭᠡᠵᠦ ᠬᠦᠰᠡᠵᠦ ᠪᠠᠢᠪᠠ᠃ ᠪᠤᠭᠤᠷᠴᠢ ᠶ᠋ᠢ ᠢᠩᠭᠢᠵᠦ ᠬᠠᠴᠢᠨ ᠮᠡᠯᠡᠭᠡᠷ ᠴᠢᠷᠠᠢᠯᠠᠨ ᠲᠣᠭᠣᠨᠣ ᠥᠭᠡᠳᠡ ᠭᠥᠯᠢᠷᠡᠨ ᠰᠠᠭᠤᠬᠤ ᠶ᠋ᠢ ᠴᠢᠩᠭᠢᠰ ᠬᠠᠭᠠᠨ ᠦᠵᠡᠭᠡᠳ ᠮᠠᠰᠢ ᠶᠡᠬᠡ ᠭᠠᠢᠬᠠᠵᠠᠢ᠃
| ᠪᠤᠭᠤᠷᠴᠢ᠂ ᠴᠢ ᠶᠠᠭᠠᠬᠢᠪᠠ? ᠰᠦᠨᠡᠰᠦ ᠰᠦᠭ ᠦᠵᠡᠭᠰᠡᠨ ᠶᠦ᠍ᠮ ᠰᠢᠭ ᠵᠢᠪᠡᠬᠡᠢ ᠴᠢᠷᠠᠢᠯᠠᠬᠤ ᠴᠢᠨᠢ?
ᠪᠤᠭᠤᠷᠴᠢ ᠰᠠᠶᠢ ᠳᠣᠲᠣᠷ᠎ᠠ ᠪᠣᠳᠣᠯ ᠠ᠋ᠴᠠ ᠪᠠᠨ ᠰᠠᠯᠵᠤ ᠬᠠᠮᠢᠭ᠎ᠠ ᠰᠠᠭᠤᠭ᠎ᠠ ᠪᠠᠨ ᠤᠬᠠᠭᠠᠷᠠᠵᠠᠢ᠃
| ᠬᠠᠭᠠᠨ ᠲᠠ ᠨᠠᠮᠠᠶ᠋ᠢ ᠶᠠᠮᠠᠷ ᠬᠡᠷᠡᠭ ᠲᠦ᠍ ᠵᠠᠷᠤᠬᠤ ᠭᠡᠵᠦ ᠪᠠᠢᠭ᠎ᠠ ᠶ᠋ᠢ ᠪᠢ ᠳᠠᠭᠠᠵᠤ ᠶᠠᠳᠠᠨ᠎ᠠ᠃ ᠵᠣᠪᠠᠯᠠᠩ ᠤ᠋ᠨ ᠲᠦᠷᠭᠡᠨ ᠨᠢ ᠳᠡᠭᠡᠷ᠎ᠡ ᠭᠡᠳᠡᠭ ᠪᠢᠵᠡ ᠭᠡᠵᠦ ᠪᠤᠭᠤᠷᠴᠢ ᠬᠡᠯᠡᠭᠰᠡᠨ ᠨᠢ ᠴᠢᠩᠭᠢᠰ ᠬᠠᠭᠠᠨ ᠢ᠋ 《ᠪᠤᠤ ᠤᠳᠠ᠂ ᠦᠭᠡ ᠪᠡᠨ ᠰᠢᠭᠤᠳ ᠬᠡᠯᠡ》 ᠭᠡᠰᠡᠨ ᠲᠡᠢ ᠠᠳᠠᠯᠢ ᠰᠣᠨᠣᠰᠳᠠᠪᠠ᠃ ᠴᠢᠩᠭᠢᠰ ᠬᠠᠭᠠᠨ ᠪᠤᠭᠤᠷᠴᠢ ᠶ᠋ᠢᠨ ᠦᠭᠡ ᠶ᠋ᠢ ᠣᠢᠯᠠᠭᠠᠵᠤ ᠢᠨᠢᠶᠡᠮᠰᠦᠭᠯᠡᠪᠡ᠃
| ᠪᠤᠭᠤᠷᠴᠢ᠂ ᠴᠢ ᠮᠢᠨᠦ ᠬᠡᠯᠡᠬᠦ ᠦᠭᠡ ᠶ᠋ᠢ ᠰᠣᠨᠣᠰᠤᠭᠠᠳ ᠯᠠᠪᠲᠠᠢ ᠪᠠᠶᠠᠷᠯᠠᠬᠤ ᠪᠢᠵᠡ᠃ ᠪᠢ ᠴᠢᠮᠠᠶ᠋ᠢ ᠶᠡᠷᠦ ᠪᠠᠶᠠᠷᠯᠠᠭᠤᠯᠵᠤ ᠪᠠᠢᠭᠰᠠᠨ ᠤᠳᠠᠭ᠎ᠠ ᠦᠭᠡᠢ ᠪᠢᠰᠢ ᠤᠤ? ᠴᠢᠩᠭᠢᠰ ᠬᠠᠭᠠᠨ ᠤ᠋ ᠰᠡᠳᠬᠢᠯ ᠳᠦᠭᠦᠷᠡᠩ ᠬᠡᠯᠡᠭᠰᠡᠨ ᠡᠨᠡ ᠦᠭᠡ ᠪᠤᠭᠤᠷᠴᠢ ᠶ᠋ᠢ ᠰᠡᠷᠡᠭᠡᠬᠦ ᠪᠢᠰᠢ ᠬᠠᠷᠢᠨ ᠴᠤ᠌ ᠬᠠᠭᠤᠴᠢᠨ ᠭᠤᠨᠢᠭᠲᠤ ᠲᠡᠦᠬᠡ ᠶ᠋ᠢ ᠰᠠᠨᠠᠭᠳᠠᠭᠤᠯᠤᠭᠰᠠᠨ ᠲᠤᠯᠠ ᠲᠡᠷᠡ ᠭᠦᠨᠵᠡᠭᠡᠢ ᠰᠠᠨᠠᠭ᠎ᠠ ᠠᠯᠳᠠᠪᠠ᠃
| ᠶᠠᠭᠠᠬᠢᠪᠠ ᠴᠢ? ᠪᠢ ᠴᠢᠮᠠᠲᠤ ᠪᠠᠬᠠᠲᠠᠢ ᠰᠠᠢᠬᠠᠨ ᠦᠭᠡ ᠬᠡᠯᠡᠵᠦ ᠪᠠᠢᠬᠤ ᠳ᠋ᠤ᠌ ᠰᠠᠨᠠᠭ᠎ᠠ ᠠᠯᠳᠠᠵᠤ ᠭᠤᠨᠢᠭᠯᠠᠬᠤ ᠴᠢᠨᠢ? ᠪᠢ ᠪᠤᠷᠤᠭᠤ ᠵᠥᠷᠢᠭᠦᠦ ᠦᠭᠡ ᠬᠡᠯᠡᠪᠡ ᠤᠤ? ᠴᠢ ᠬᠡᠯᠡ! ᠭᠡᠵᠦ ᠴᠢᠩᠭᠢᠰ ᠬᠠᠭᠠᠨ ᠪᠤᠭᠤᠷᠴᠢ ᠶ᠋ᠢᠨ ᠤᠷᠮ᠎ᠠ ᠦᠭᠡᠢ ᠭᠤᠨᠢᠭᠲᠠᠢ ᠪᠠᠢᠳᠠᠯ ᠢ᠋ ᠦᠵᠡᠭᠡᠳ ᠪᠤᠬᠢᠨᠢᠳᠤᠨ ᠰᠢᠨᠠᠯᠵᠠᠢ᠃
| ᠪᠢ ᠡᠷᠲᠡᠨ ᠦ᠌ ᠳᠡᠮᠡᠢ ᠶᠠᠪᠤᠳᠠᠯ ᠢ᠋ ᠰᠠᠨᠠᠯ᠎ᠠ᠃ ᠬᠠᠭᠠᠨ ᠲᠠ 《ᠭᠦᠮᠦᠳᠠ ᠶ᠋ᠢ ᠣᠴᠢᠵᠤ ᠠᠪᠴᠢᠷᠠ》 ᠭᠡᠬᠦ ᠳ᠋ᠡᠭᠡᠨ ᠶᠠᠭ ᠡᠢᠮᠦ ᠦᠭᠡ ᠬᠡᠯᠡᠭᠰᠡᠨ ᠪᠢᠯᠡ᠃ ᠲᠡᠷᠡ ᠶᠠᠪᠤᠳᠠᠯ ᠰᠠᠨᠠᠭᠳᠠᠭᠠᠳ ᠭᠡᠵᠦ ᠪᠤᠭᠤᠷᠴᠢ ᠦᠨᠡᠨ ᠢ᠋ᠶ᠋ᠡᠨ ᠬᠡᠯᠡᠪᠡ᠃ ᠦᠷᠭᠦᠭᠡᠨ ᠳ᠋ᠦ᠍ ᠭᠡᠨᠡᠳᠲᠡ ᠲᠦᠭᠰᠢᠭᠦᠷᠢ ᠲᠡᠢ ᠨᠠᠮ ᠵᠢᠮ ᠪᠣᠯᠤᠯ᠎ᠠ᠃ ᠴᠢᠩᠭᠢᠰ ᠬᠠᠭᠠᠨ ᠪᠤᠭᠤᠷᠴᠢ ᠶ᠋ᠢᠨ ᠡᠨᠡ ᠭᠡᠨᠡᠳᠲᠡ ᠶ᠋ᠢᠨ ᠦᠭᠡᠨ ᠳ᠋ᠦ᠍ ᠪᠠᠯᠠᠮᠠᠭᠳᠠᠨ ᠬᠠᠷᠠᠴᠠ ᠪᠠᠭᠤᠯᠭᠠᠵᠤ ᠪᠣᠳᠣᠯ ᠳ᠋ᠤ᠌ ᠠᠪᠲᠠᠪᠠ᠃ ᠲᠡᠭᠡᠭᠡᠳ ᠪᠤᠭᠤᠷᠴᠢ ᠶ᠋ᠢ ᠠᠷᠭᠠᠳᠠᠵᠤ ᠲᠠᠢᠳᠬᠤᠷᠠᠭᠤᠯᠬᠤ ᠰᠠᠨᠠᠭ᠎ᠠ ᠲᠠᠢ
| ᠪᠤᠭᠤᠷᠴᠢ᠂ ᠪᠢ ᠲᠡᠷᠡ ᠶᠠᠪᠤᠳᠠᠯ ᠢ᠋ ᠶᠠᠭᠠᠬᠢᠵᠤ ᠮᠠᠷᠲᠠᠨ᠎ᠠ᠃ ᠪᠢ ᠯᠡ ᠴᠢᠮᠠᠲᠤ ᠲᠡᠭᠡᠵᠦ ᠬᠡᠯᠡᠭᠡ ᠦᠭᠡᠢ ᠪᠣᠯ᠂ ᠶᠠᠳᠠᠵᠤ ᠬᠡᠳᠦ ᠬᠣᠨᠣᠭ ᠤ᠋ᠨ ᠳᠠᠷᠠᠭ᠎ᠠ ᠬᠡᠯᠡᠭᠰᠡᠨ ᠪᠣᠯ ᠶᠡᠷᠦ ᠡᠢᠮᠦ ᠶᠠᠪᠤᠳᠠᠯ ᠪᠣᠯᠬᠤ ᠦᠭᠡᠢ ᠪᠠᠢᠪᠠ᠃ ᠡᠨᠡ ᠬᠡᠷᠡᠭ ᠲᠦ᠍ ᠴᠦ᠍ ᠭᠠᠭᠴᠠᠬᠠᠨ ᠨᠠᠮᠠᠶ᠋ᠢ ᠪᠤᠷᠤᠭᠤᠳᠬᠠᠬᠤ ᠶᠣᠰᠣᠲᠠᠢ ᠶᠤᠮ ᠭᠡᠪᠡ᠃ ᠴᠢᠩᠭᠢᠰ ᠬᠠᠭᠠᠨ ᠤ᠋ ᠡᠨᠡ ᠬᠠᠷᠠᠮᠰᠠᠯ ᠤ᠋ᠨ ᠦᠭᠡ ᠪᠤᠭᠤᠷᠴᠢ ᠶ᠋ᠢᠨ ᠰᠡᠳᠬᠢᠯ ᠦ᠋ᠨ ᠲᠡᠪᠴᠢᠶᠡᠷᠢ ᠶ᠋ᠢ ᠪᠠᠷᠠᠭᠳᠠᠭᠤᠯᠵᠠᠢ᠃ ᠪᠤᠭᠤᠷᠴᠢ ᠶ᠋ᠢᠨ ᠤᠤᠭᠤᠭᠰᠠᠨ ᠠᠷᠢᠬᠢ ᠭᠡᠨᠡᠳᠲᠡ ᠳᠡᠭᠡᠭᠰᠢ ᠥᠭᠰᠥᠨ ᠬᠣᠳᠣᠭᠣᠳᠣᠨ ᠠ᠋ᠴᠠ ᠲᠠᠷᠢᠬᠢᠨ ᠳ᠋ᠤ᠌ ᠭᠠᠷᠴᠤ ᠵᠢᠷᠦᠬᠡ ᠨᠢ ᠤᠷᠠᠭᠳᠠᠬᠤ ᠰᠢᠭ᠋ ᠰᠢᠮᠰᠢᠷᠡᠨ ᠱᠠᠷᠬᠢᠷᠠᠵᠤ᠂ ᠨᠢᠯᠪᠤᠰᠤ ᠨᠢ ᠬᠠᠯᠠᠭᠤ ᠣᠷᠭᠢᠯᠤᠨ ᠨᠢᠳᠦ ᠳᠦᠭᠦᠷᠦᠯ᠎ᠡ᠃ ᠶᠠᠭᠠᠬᠢᠵᠤ ᠴᠤ᠌ ᠬᠦᠴᠦᠯᠡᠭᠡᠳ ᠨᠢᠯᠪᠤᠰᠤ ᠨᠢ ᠲᠡᠭᠦᠨ ᠳ᠋ᠦ᠍ ᠳᠡᠢᠯᠳᠡᠭᠰᠡᠨ ᠦᠭᠡᠢ ᠡᠵᠡᠨ ᠦᠭᠡᠢ ᠮᠡᠲᠦ ᠤᠷᠤᠰᠤᠨ ᠭᠠᠷᠴᠠᠢ᠃
| ᠴᠢ ᠪᠢᠲᠡᠭᠡᠢ ᠤᠬᠢᠯᠠ᠃
ᠪᠤᠭᠤᠷᠴᠢ ᠶ᠋ᠢᠨ ᠲᠣᠮᠣ ᠲᠣᠮᠣ ᠳᠤᠰᠤᠯ ᠨᠢᠯᠪᠤᠰᠤ ᠶ᠋ᠢ ᠴᠢᠩᠭᠢᠰ ᠬᠠᠭᠠᠨ ᠬᠠᠷᠠᠵᠤ ᠴᠢᠳᠠᠭᠰᠠᠨ ᠦᠭᠡᠢ ᠲᠠᠯᠲᠠᠷᠢᠪᠠ᠃
ᠡᠨᠡ ᠪᠣᠯ ᠬᠠᠮᠤᠭ ᠤ᠋ᠨ ᠠᠶᠤᠮᠰᠢᠭᠲᠤ ᠶᠠᠪᠤᠳᠠᠯ ᠪᠠᠢᠭᠰᠠᠨ ᠶᠤᠮ᠃ ᠪᠤᠭᠤᠷᠴᠢ ᠲᠡᠭᠦᠨ ᠢ᠋ ᠰᠠᠨᠠᠬᠤ ᠦᠭᠡᠢ ᠭᠡᠵᠦ᠂ ᠡᠷᠭᠢᠵᠦ ᠳᠤᠷᠠᠰᠬᠤ ᠦᠭᠡᠢ ᠶᠦᠮ ᠰᠠᠨ ᠭᠡᠵᠦ ᠬᠡᠴᠢᠨᠡᠨ ᠵᠢᠯ ᠬᠢᠴᠢᠶᠡᠵᠦ᠂ ᠰᠡᠳᠬᠢᠯ ᠢ᠋ᠶ᠋ᠡᠨ ᠬᠦᠴᠦ ᠪᠡᠷ ᠪᠠᠷᠢᠭᠰᠠᠭᠠᠷ ᠢᠷᠡᠭᠰᠡᠨ ᠪᠢᠯᠡ᠃ ᠭᠡᠲᠡᠯ᠎ᠡ ᠣᠳᠣ ᠭᠡᠨᠡᠳᠲᠡ ᠪᠡᠶ᠎ᠡ ᠪᠡᠨ ᠪᠠᠷᠢᠵᠤ ᠳᠡᠢᠯᠬᠦ ᠪᠡᠨ ᠪᠣᠯᠢᠭᠠᠳ ᠠᠩᠬ᠎ᠠ ᠤᠳᠠᠭ᠎ᠠ ᠬᠡᠦᠬᠡᠳ ᠠᠳᠠᠯᠢ ᠭᠠᠰᠢᠭᠤᠨ ᠢ᠋ᠶ᠋ᠠᠷ ᠮᠡᠭᠰᠢᠨ ᠤᠬᠢᠯᠠᠪᠠ᠃ ᠪᠦᠷ ᠡᠬᠡᠷ ᠲᠡᠳᠡᠨ ᠤᠬᠢᠯᠠᠵᠠᠢ᠃ ᠴᠢᠩᠭᠢᠰ ᠬᠠᠭᠠᠨ ᠳ᠋ᠤ᠌ ᠬᠡᠯᠡᠬᠦ ᠦᠭᠡ᠂ ᠲᠠᠢᠳᠬᠤᠷᠠᠭᠤᠯᠬᠤ ᠠᠷᠭ᠎ᠠ ᠳᠠᠩᠴᠤ ᠣᠯᠳᠠᠭᠰᠠᠨ ᠦᠭᠡᠢ᠂ ᠲᠠᠢᠴᠢᠭᠤᠳ ᠢ᠋ ᠳᠠᠷᠤᠭᠰᠠᠨ ᠤ᠋ ᠬᠣᠢᠲᠤᠨ ᠵᠤᠨ ᠤᠨᠤᠨ ᠤ᠋ ᠰᠡᠷᠢᠭᠦᠨ ᠪᠤᠯᠠᠭ ᠤ᠋ᠨ ᠡᠬᠢᠨ ᠳ᠋ᠦ᠍ ᠵᠤᠰᠠᠵᠤ ᠪᠠᠢᠬᠤ ᠦᠶ᠎ᠡ ᠳ᠋ᠦ᠍᠂ ᠨᠢᠭᠡ ᠡᠳᠦᠷ ᠲᠡᠮᠦᠵᠢᠨ ᠶᠠᠭ ᠥᠨᠥᠳᠥᠷ ᠦ᠋ᠨ ᠬᠢ ᠰᠢᠭ ᠦᠭᠡ ᠶ᠋ᠢ ᠪᠤᠭᠤᠷᠴᠢ ᠳ᠋ᠤ᠌ ᠬᠡᠯᠡᠭᠰᠡᠨ ᠪᠢᠯᠡ᠃ ᠪᠤᠭᠤᠷᠴᠢ ᠲᠡᠭᠡᠬᠦ ᠳ᠋ᠦ᠍ ᠬᠣᠷᠢᠨ ᠳᠥᠷᠪᠡᠨ ᠨᠠᠰᠤᠲᠠᠢ ᠪᠠᠢᠪᠠ᠃
| ᠪᠤᠭᠤᠷᠴᠢ᠂ ᠴᠢ ᠮᠢᠨᠦ ᠬᠡᠯᠡᠬᠦ ᠦᠭᠡ ᠶ᠋ᠢ ᠰᠣᠨᠣᠰᠤᠭᠠᠳ ᠯᠠᠪᠲᠠᠢ ᠪᠠᠶᠠᠷᠯᠠᠬᠤ ᠪᠢᠵᠡ᠃ ᠪᠢ ᠴᠢᠮᠠᠶ᠋ᠢ ᠶᠡᠷᠦ ᠪᠠᠶᠠᠷᠯᠠᠭᠤᠯᠵᠤ ᠪᠠᠢᠭᠰᠠᠨ ᠤᠳᠠᠭ᠎ᠠ ᠦᠭᠡᠢ ᠪᠢᠰᠢ ᠤᠤ ᠭᠡᠵᠦ ᠲᠡᠮᠦᠵᠢᠨ ᠢ᠋ ᠢᠨᠢᠶᠡᠮᠰᠦᠭᠯᠡᠨ ᠬᠡᠯᠡᠬᠦ ᠳ᠋ᠦ᠍ ᠪᠤᠭᠤᠷᠴᠢ ᠴᠣᠬᠣᠮ ᠶᠠᠭᠤ ᠭᠡᠬᠦ ᠶ᠋ᠢ ᠳᠠᠭᠠᠭᠰᠠᠨ ᠦᠭᠡᠢ ᠃
| ᠴᠢᠨᠦ ᠰᠦᠢ ᠲᠠᠯᠪᠢᠭᠰᠠᠨ ᠭᠦᠮᠦᠳᠠ ᠣᠳᠣ ᠠᠷᠪᠠᠨ ᠵᠢᠷᠭᠤᠭᠠᠨ ᠨᠠᠰᠤ ᠬᠦᠷᠴᠡᠢ᠃ ᠴᠢ ᠭᠦᠮᠦᠳᠠ ᠪᠠᠨ ᠠᠪᠴᠢᠷᠠᠵᠤ ᠪᠠᠭ᠎ᠠ ᠡᠬᠡᠨᠡᠷ ᠢ᠋ᠶ᠋ᠡᠨ ᠪᠣᠯᠭᠠᠬᠤ ᠴᠠᠭ ᠴᠢᠨᠢ ᠪᠣᠯᠤᠭᠰᠠᠨ ᠪᠢᠰᠢ ᠤᠤ? ᠡᠰᠡᠪᠡᠯ ᠴᠢ ᠮᠠᠷᠲᠠᠪᠠ ᠤᠤ?
ᠡᠨᠡ ᠦᠭᠡᠨ ᠳ᠋ᠦ᠍ ᠪᠤᠭᠤᠷᠴᠢ ᠦᠨᠡᠬᠡᠷ ᠶᠡᠬᠡ ᠪᠠᠶᠠᠷᠯᠠᠭᠰᠠᠨ ᠪᠢᠯᠡ᠃ ᠲᠠᠩᠬᠢᠯ ᠪᠠᠭ᠎ᠠ ᠨᠠᠰᠤᠨ ᠳ᠋ᠤ᠌ ᠨᠠᠬᠤ ᠪᠠᠶᠠᠨ ᠡᠴᠢᠭᠡ ᠶ᠋ᠢᠨ ᠢ᠋ᠶ᠋ᠡᠨ ᠰᠦᠢ ᠲᠠᠯᠪᠢᠭᠰᠠᠨ ᠭᠦᠮᠦᠳᠠ ᠶ᠋ᠢ ᠶᠠᠭᠠᠬᠢᠨ ᠮᠠᠷᠲᠠᠬᠤ ᠪᠢᠯᠡ᠃ ᠲᠡᠮᠦᠵᠢᠨ ᠦ᠌ ᠠᠢᠮᠠᠭ ᠲᠤ᠌ ᠢᠷᠡᠵᠦ ᠠᠷᠪᠠᠭᠠᠳ ᠵᠢᠯ ᠪᠣᠯᠬᠤ ᠳ᠋ᠤ᠌ ᠪᠤᠭᠤᠷᠴᠢ ᠨᠢᠭᠡᠨᠲᠡ ᠪᠥᠷᠲᠡ ᠶ᠋ᠢᠨ ᠰᠠᠳᠤᠨ ᠤ᠋ ᠣᠶᠤᠳᠤᠰᠡᠴᠡᠨ ᠪᠦᠰᠡᠭᠦᠢ ᠶ᠋ᠢ ᠡᠬᠡᠨᠡᠷ ᠪᠣᠯᠭᠠᠨ ᠠᠪᠴᠤ ᠥᠬᠢᠨ ᠦᠷ᠎ᠡ ᠲᠡᠢ ᠪᠣᠯᠤᠭᠰᠠᠨ ᠴᠤ᠌ ᠭᠦᠮᠦᠳᠠ ᠶ᠋ᠢ ᠮᠠᠷᠲᠠᠭᠰᠠᠨ ᠦᠭᠡᠢ᠃ ᠭᠦᠮᠦᠳᠠ ᠨᠢᠭᠡᠨᠲᠡ ᠪᠠᠯᠴᠢᠷ ᠪᠠᠢᠭᠰᠠᠨ᠂ ᠪᠠᠰᠠ ᠲᠡᠮᠦᠵᠢᠨ ᠲᠡᠳᠡ ᠲᠠᠢᠴᠢᠭᠤᠳ ᠲᠠᠢ ᠳᠠᠢᠳᠤᠵᠤ ᠪᠠᠢᠭᠰᠠᠨ ᠵᠡᠷᠭᠡ ᠡᠴᠡ ᠪᠣᠯᠤᠭᠠᠳ ᠪᠤᠭᠤᠷᠴᠢ ᠭᠦᠮᠦᠳᠠ ᠶ᠋ᠢᠨ ᠲᠤᠬᠠᠢ ᠠᠮᠠ ᠨᠡᠭᠡᠭᠡᠵᠦ ᠳᠤᠤᠭᠠᠷᠬᠤ ᠦᠭᠡᠢ ᠪᠠᠢᠵᠠᠢ᠃ ᠤᠴᠢᠷ ᠨᠢ ᠭᠦᠮᠦᠳᠠ ᠶ᠋ᠢᠨ ᠡᠴᠢᠭᠡ ᠲᠣᠷᠭᠠᠨ ᠪᠠᠶᠠᠨ ᠪᠣᠯ ᠲᠠᠢᠴᠢᠭᠤᠳ ᠤ᠋ᠨ ᠳᠤᠮᠳᠠ ᠨᠡᠷᠡᠲᠡᠢ ᠬᠥᠮᠦᠨ ᠪᠢᠯᠡ᠃ ᠳᠠᠢᠰᠤᠨ ᠡᠴᠡ ᠪᠡᠨ ᠡᠬᠡᠨᠡᠷ ᠠᠪᠬᠤ ᠶ᠋ᠢ ᠬᠡᠨ ᠲᠠᠭᠠᠰᠢᠶᠠᠬᠤ ᠪᠣᠢ ᠭᠡᠵᠦ ᠪᠤᠭᠤᠷᠴᠢ ᠪᠣᠯᠭᠣᠮᠵᠢᠯᠠᠵᠤ ᠪᠠᠢᠭᠰᠠᠨ ᠬᠡᠳᠦᠢ ᠴᠦ᠍ ᠨᠢᠭᠡ ᠴᠦ᠍ ᠮᠥᠴᠡ ᠭᠦᠮᠦᠳᠠ ᠪᠠᠨ ᠮᠠᠷᠲᠠᠭᠰᠠᠨ ᠦᠭᠡᠢ ᠶᠠᠪᠤᠵᠠᠢ᠃ ᠬᠠᠷᠢᠨ ᠲᠡᠮᠦᠵᠢᠨ ᠲᠡᠭᠦᠨ ᠦ᠌ ᠪᠣᠳᠣᠭᠰᠠᠨ ᠢ᠋ ᠨᠡᠪᠲᠡ ᠬᠠᠷᠠᠭᠰᠠᠨ ᠮᠡᠲᠦ ᠢᠩᠭᠢᠵᠦ ᠬᠡᠯᠡᠭᠰᠡᠨ ᠨᠢ ᠲᠤᠢᠯ ᠤ᠋ᠨ ᠰᠡᠳᠬᠢᠯ ᠳᠣᠭᠳᠣᠯᠤᠮ᠎ᠠ ᠪᠠᠶᠠᠷᠲᠠᠢ ᠬᠡᠷᠡᠭ ᠪᠣᠯᠵᠠᠢ᠃
| ᠪᠤᠭᠤᠷᠴᠢ ᠴᠢ ᠶᠠᠪᠤ᠂ ᠭᠦᠮᠦᠳᠠ ᠪᠠᠨ ᠣᠴᠢᠵᠤ ᠠᠪᠴᠢᠷᠠ᠂ ᠲᠡᠷᠡ ᠣᠳᠣ ᠨᠢᠭᠡᠨᠲᠡ ᠨᠠᠰᠤ ᠪᠡᠶ᠎ᠡ ᠭᠦᠢᠴᠡᠵᠦ ᠦᠵᠡᠰᠬᠦᠯᠡᠩ ᠲᠡᠢ ᠡᠮ᠎ᠡ ᠪᠣᠯᠤᠭ᠎ᠠ ᠪᠢᠵᠡ? ᠤᠳᠠᠪᠠᠯ ᠥᠭᠡᠷ᠎ᠡ ᠬᠥᠮᠦᠨ ᠳ᠋ᠦ᠍ ᠥᠭᠴᠦ ᠮᠡᠳᠡᠨ᠎ᠡ᠃ ᠣᠳᠣ ᠪᠢᠳᠡ ᠲᠠᠢᠴᠢᠭᠤᠳ ᠤ᠋ᠨ ᠭᠣᠣᠯ ᠬᠦᠴᠦ ᠶ᠋ᠢ ᠨᠢᠭᠡᠨᠲᠡ ᠳᠠᠷᠤᠭᠰᠠᠨ ᠪᠣᠯᠬᠣᠷ ᠴᠢ ᠣᠴᠢᠵᠤ ᠭᠦᠮᠦᠳᠠ ᠶ᠋ᠢ ᠠᠪᠴᠢᠷᠠ ᠭᠡᠵᠦ ᠲᠡᠮᠦᠵᠢᠨ ᠬᠡᠯᠡᠭᠰᠡᠨ ᠪᠢᠯᠡ᠃ ᠢᠩᠭᠢᠬᠦ ᠶ᠋ᠢ ᠥᠭᠡᠯᠦᠨ ᠡᠬᠡ ᠴᠦ᠍ ᠳᠠᠮᠵᠢᠨ ᠰᠠᠢᠰᠢᠶᠠᠵᠤ ᠪᠠᠢᠪᠠ᠃ ᠲᠡᠢᠯᠳᠡᠭᠰᠡᠨ ᠲᠠᠢᠴᠢᠭᠤᠳ ᠤ᠋ᠨ ᠢᠷᠭᠡᠳ ᠢ᠋ ᠬᠣᠷᠢᠶᠠᠨ ᠠᠪᠤᠭᠰᠠᠨ ᠴᠤ᠌ ᠲᠣᠷᠭᠠᠨ ᠪᠠᠶᠠᠨ ᠤ᠋ ᠬᠦᠷᠢᠶ᠎ᠡ ᠶ᠋ᠢ ᠲᠡᠳᠡ ᠳᠣᠪᠲᠣᠯᠤᠭ᠎ᠠ ᠦᠭᠡᠢ ᠨᠢ ᠰᠠᠢᠨ ᠪᠣᠯᠵᠠᠢ᠃ ᠲᠡᠢᠮᠦ ᠪᠣᠯᠬᠣᠷ ᠲᠣᠷᠭᠠᠨ ᠪᠠᠶᠠᠨ ᠲᠡᠮᠦᠵᠢᠨ ᠲᠡᠢ ᠡᠪᠰᠡᠭᠰᠡᠨ ᠪᠤᠭᠤᠷᠴᠢ ᠶ᠋ᠢ ᠲᠠᠯᠠᠷᠬᠠᠯ ᠲᠠᠢ ᠤᠭᠲᠤᠬᠤ ᠨᠢ ᠭᠠᠷᠴᠠᠭ᠎ᠠ ᠦᠭᠡᠢ ᠭᠡᠵᠦ ᠲᠡᠷᠡ ᠪᠣᠳᠣᠭᠰᠠᠨ ᠨᠢ ᠶᠠᠮᠠᠷ ᠠᠶᠤᠮᠰᠢᠭᠲᠠᠢ ᠠᠯᠳᠠᠭ᠎ᠠ ᠪᠣᠯᠤᠭᠰᠠᠨ ᠢ᠋ ᠣᠳᠣ ᠴᠤ᠌ ᠰᠠᠨᠠᠬᠤ ᠳ᠋ᠤ᠌ ᠡᠮᠭᠡᠨᠢᠯᠲᠡᠢ᠃ ᠲᠡᠢᠮᠦ ᠴᠦ᠍ ᠤᠴᠢᠷ ᠠ᠋ᠴᠠ ᠪᠤᠭᠤᠷᠴᠢ ᠰᠡᠳᠬᠢᠯ ᠦ᠋ᠨ ᠬᠥᠪᠴᠢ ᠲᠠᠰᠤᠷᠠᠨ ᠭᠠᠰᠠᠯᠤᠨ ᠤᠬᠢᠯᠠᠭᠰᠠᠨ ᠪᠢᠯᠡ᠃ ᠢᠯᠠᠯᠲᠠ ᠳ᠋ᠠᠭᠠᠨ ᠳᠡᠩᠳᠡᠭᠦᠦ ᠡᠷᠳᠦᠵᠦ ᠢᠲᠡᠭᠡᠭᠰᠡᠨ ᠨᠢ ᠪᠤᠭᠤᠷᠴᠢ ᠶ᠋ᠢ ᠳᠥᠩᠭᠡᠵᠢ ᠲᠠᠪᠤᠨ ᠴᠡᠷᠢᠭ ᠦ᠋ᠨ ᠬᠠᠮᠲᠤ ᠲᠣᠷᠭᠠᠨ ᠪᠠᠶᠠᠨ ᠤ᠋ ᠬᠦᠷᠢᠶ᠎ᠡ ᠤᠷᠤᠭᠤ ᠶᠠᠪᠤᠬᠤ ᠳ᠋ᠤ᠌ ᠬᠦᠷᠭᠡᠪᠡ᠃ ᠬᠡᠨ ᠴᠦ᠍ ᠲᠡᠭᠦᠨ ᠢ᠋ ᠰᠡᠷᠡᠮᠵᠢᠯᠡᠭᠦᠯᠵᠦ ᠰᠠᠨᠠᠭᠤᠯᠤᠭᠰᠠᠨ ᠦᠭᠡᠢ᠃ ᠭᠠᠭᠴᠠᠬᠠᠨ ᠣᠶᠤᠳᠤᠰᠡᠴᠡᠨ ᠯᠡ ᠡᠮ᠎ᠡ ᠬᠥᠮᠦᠨ ᠦ᠌ ᠪᠡᠨ ᠠᠲᠠᠭᠠᠴᠢ ᠵᠠᠩ ᠢ᠋ᠶ᠋ᠠᠷ ᠥᠭᠡᠷ᠎ᠡ ᠡᠬᠡᠨᠡᠷ ᠪᠠᠭᠤᠯᠭᠠᠬᠤ ᠪᠠᠷ ᠶᠠᠪᠤᠵᠤ ᠪᠣᠢ ᠡᠷ᠎ᠡ ᠨᠥᠬᠥᠷ ᠢ᠋ᠶ᠋ᠡᠨ ᠲᠠᠭᠠᠰᠢᠶᠠᠭᠰᠠᠨ ᠦᠭᠡᠢ ᠦᠯᠡᠳᠡᠭᠰᠡᠨ ᠴᠦ᠍ ᠭᠠᠳᠠᠨ᠎ᠠ ᠪᠠᠨ ᠪᠠᠶᠠᠷ ᠬᠥᠷ ᠲᠡᠢ ᠦᠳᠡᠵᠡᠢ᠃ ᠲᠡᠮᠦᠵᠢᠨ ᠴᠦ᠍᠂ ᠬᠡᠨ ᠨᠢ ᠴᠦ᠍ ᠮᠠᠭᠤ ᠶᠠᠭᠤᠮ᠎ᠠ ᠰᠠᠨᠠᠭᠰᠠᠨ ᠦᠭᠡᠢ᠃ ᠪᠤᠭᠤᠷᠴᠢ᠂ ᠲᠣᠷᠭᠠᠨ ᠪᠠᠶᠠᠨ ᠤ᠋ ᠬᠦᠷᠢᠶᠡᠨ ᠳ᠋ᠦ᠍ ᠣᠴᠢᠵᠤ ᠪᠠᠭ᠎ᠠ ᠶ᠋ᠢᠨ ᠰᠦᠢᠲᠦ ᠭᠦᠮᠦᠳᠠ ᠪᠠᠨ ᠦᠵᠡᠭᠡᠳ ᠬᠡᠮᠵᠢᠶᠡᠯᠡᠰᠢ ᠦᠭᠡᠢ ᠶᠡᠬᠡ ᠠᠵᠠ ᠵᠢᠷᠭᠠᠯᠲᠠᠢ ᠪᠣᠯᠵᠠᠢ᠃ ᠭᠦᠮᠦᠳᠠ ᠦᠨᠡᠬᠡᠷ ᠠᠷᠢᠯᠭᠠᠭᠰᠠᠨ ᠰᠣᠩᠭᠢᠨ᠎ᠠ ᠰᠢᠭ᠋ ᠬᠠᠮᠢᠭ᠎ᠠ ᠠ᠋ᠴᠠ ᠨᠢ ᠬᠠᠷᠠᠭᠰᠠᠨ ᠴᠤ᠌ ᠴᠡᠪᠡᠷᠬᠡᠨ ᠪᠦᠰᠡᠭᠦᠢ ᠪᠣᠯᠤᠨ ᠥᠰᠴᠡᠢ᠃ ᠲᠣᠷᠭᠠᠨ ᠪᠠᠶᠠᠨ ᠡᠷᠲᠡᠨ ᠦ᠌ ᠰᠦᠢ ᠪᠡᠨ ᠮᠠᠷᠲᠠᠭ᠎ᠠ ᠦᠭᠡᠢ ᠠᠵᠢ᠃ ᠪᠤᠭᠤᠷᠴᠢ ᠶ᠋ᠢ ᠪᠥᠭᠡᠮ ᠪᠠᠶᠠᠷ ᠪᠣᠯᠤᠨ ᠤᠭᠲᠤᠵᠤ ᠭᠤᠷᠪᠠ ᠬᠣᠨᠣᠭ ᠨᠠᠢᠷ ᠴᠡᠩᠭᠡᠯ ᠬᠢᠵᠦ᠂ ᠥᠬᠢᠨ ᠢ᠋ᠶ᠋ᠡᠨ ᠶᠣᠰᠣ ᠲᠥᠷᠥ ᠲᠡᠢ ᠥᠭᠪᠡ᠃ ᠭᠦᠮᠦᠳᠠ ᠶ᠋ᠢᠨ ᠭᠡᠨᠡᠨ ᠢᠯᠳᠠᠮ ᠠᠭᠠᠰᠢᠨ ᠳ᠋ᠤ᠌ ᠠᠪᠲᠠᠵᠤ ᠭᠤᠷᠪᠠ ᠬᠣᠨᠣᠬᠤ ᠳ᠋ᠠᠭᠠᠨ ᠪᠤᠭᠤᠷᠴᠢ ᠠᠪᠠᠯᠢ ᠡᠬᠡᠨᠡᠷ ᠣᠶᠤᠲᠤᠰᠡᠴᠡᠨ ᠳ᠋ᠡᠭᠡᠨ ᠣᠭᠲᠣᠬᠠᠨ ᠴᠤ᠌ ᠬᠠᠢᠷ᠎ᠠ ᠰᠡᠳᠬᠢᠯ ᠦᠭᠡᠢ ᠪᠡᠨ ᠣᠢᠯᠠᠭᠠᠪᠠ᠃ ᠠᠮᠢᠰᠬᠤᠯ ᠳ᠋ᠤ᠌ ᠭᠬᠢᠷᠲᠦᠵᠦ᠂ ᠠᠯᠠᠭᠠᠨ ᠳ᠋ᠤ᠌ ᠪᠢᠴᠠᠷᠠᠮᠠᠷ ᠡᠮᠵᠡᠭ᠂ ᠡᠩᠬᠦᠷᠡᠢ ᠭᠦᠮᠦᠳᠠ ᠶ᠋ᠢ ᠦᠵᠡᠭᠡᠳ ᠬᠠᠢᠷ᠎ᠠ ᠳᠤᠷᠠᠯᠠᠯ ᠭᠡᠳᠡᠭ ᠡᠢᠮᠦ ᠰᠢᠨᠠᠯᠤᠭ᠎ᠠ ᠲᠠᠢ᠂ ᠪᠠᠰᠠ ᠡᠩᠬᠦᠷᠡᠢ ᠨᠢᠯᠬ᠎ᠠ ᠪᠠᠢᠳᠠᠭ ᠭᠡᠵᠦ ᠰᠠᠨᠠᠭᠰᠠᠨ ᠦᠭᠡᠢ ᠶᠠᠪᠤᠭᠰᠠᠨ ᠢ᠋ᠶ᠋ᠠᠨ ᠯᠠ ᠤᠬᠠᠭᠠᠷᠠᠵᠠᠢ᠃ ᠪᠤᠭᠤᠷᠴᠢ ᠳᠡᠩᠳᠡᠭᠦᠦ ᠬᠠᠢᠷᠠᠯᠠᠭᠰᠠᠨ ᠳ᠋ᠠᠭᠠᠨ ᠪᠣᠯᠤᠭᠠᠳ ᠭᠦᠮᠦᠳᠠ ᠶ᠋ᠢ ᠡᠷ᠎ᠡ ᠶ᠋ᠢᠨ ᠶᠣᠰᠣᠭᠠᠷ ᠡᠳ᠋ᠯᠡᠵᠦ᠂ ᠥᠬᠢᠨ ᠪᠡᠶ᠎ᠡ ᠶ᠋ᠢ ᠨᠢ ᠡᠪᠳᠡᠵᠦ ᠵᠢᠷᠦᠬᠡᠯᠡᠭᠰᠡᠨ ᠦᠭᠡᠢ᠃ ᠲᠡᠷᠡ ᠵᠦᠭᠡᠷ ᠯᠡ ᠭᠠᠯ ᠤ᠋ᠨ ᠭᠡᠷᠡᠯ ᠳ᠋ᠦ᠍ ᠭᠦᠮᠦᠳᠠ ᠶ᠋ᠢᠨ ᠭᠤᠸ᠎ᠠ ᠴᠢᠷᠠᠢ ᠶ᠋ᠢ ᠰᠢᠷᠳᠡᠨ ᠨᠣᠢᠷ ᠦᠭᠡᠢ ᠬᠣᠨᠣᠳᠠᠭ ᠪᠠᠢᠪᠠ᠃ ᠬᠣᠯᠠ ᠣᠢᠷ᠎ᠠ ᠳ᠋ᠤ᠌ ᠵᠠᠷ ᠲᠤ᠌ ᠭᠠᠷᠴᠤ ᠡᠬᠢᠯᠡᠭᠰᠡᠨ ᠲᠡᠮᠦᠵᠢᠨ ᠦ᠌ ᠰᠢᠳᠠᠷ ᠨᠥᠬᠥᠷ ᠪᠤᠭᠤᠷᠴᠢ ᠳ᠋ᠤ᠌ ᠭᠦᠮᠦᠳᠠ ᠶᠠᠭ ᠯᠠ ᠬᠡᠦᠬᠡᠳ ᠰᠢᠭ ᠡᠷᠬᠡᠯᠡᠨ ᠳᠤᠷᠠᠯᠠᠵᠠᠢ᠃ ᠲᠣᠷᠭᠠᠨ ᠪᠠᠶᠠᠨ ᠴᠦ᠍ ᠬᠦᠴᠦᠷᠬᠡᠭ ᠬᠠᠮᠠᠭᠠᠯᠠᠭᠴᠢ ᠲᠠᠢ ᠪᠣᠯᠤᠯ᠎ᠠ ᠭᠡᠵᠦ ᠪᠠᠶᠠᠷᠯᠠᠪᠠ᠃ ᠭᠡᠪᠡᠴᠦ ᠪᠤᠭᠤᠷᠴᠢ ᠭᠦᠮᠦᠳᠠ ᠬᠣᠶᠠᠷ ᠤ᠋ᠨ ᠳᠡᠩᠳᠡᠭᠦᠦ ᠨᠢᠯᠬ᠎ᠠ ᠡᠮᠵᠡᠭ ᠳᠤᠷᠠᠯᠠᠯ ᠶᠡᠷᠦ ᠳ᠋ᠡᠭᠡᠨ ᠯᠡ ᠬᠡᠳᠦᠬᠡᠨ ᠬᠣᠨᠣᠭ ᠤ᠋ᠨ ᠨᠠᠰᠤ ᠲᠠᠢ ᠪᠠᠢᠪᠠ᠃
ᠪᠤᠭᠤᠷᠴᠢ ᠶ᠋ᠢ ᠲᠣᠷᠭᠠᠨ ᠪᠠᠶᠠᠨ ᠤ᠋ ᠳ᠋ᠤ᠌ ᠢᠷᠡᠭᠰᠡᠨ ᠰᠤᠷᠠᠭ ᠬᠠᠪᠢ ᠣᠷᠴᠢᠮ ᠤ᠋ᠨ ᠲᠠᠢᠴᠢᠭᠤᠳ ᠤ᠋ᠨ ᠬᠦᠷᠢᠶᠡᠨ ᠳ᠋ᠦ᠍ ᠲᠠᠷᠬᠠᠵᠤ ᠲᠡᠮᠦᠵᠢᠨ ᠳ᠋ᠦ᠍ ᠢᠯᠠᠭᠳᠠᠭᠰᠠᠨ ᠳ᠋ᠠᠭᠠᠨ ᠦᠰ ᠰᠠᠨᠠᠭᠰᠠᠨ ᠲᠠᠷᠭᠤᠲᠠᠢ ᠵᠠᠯᠠᠭᠤ ᠡᠷᠡᠰ ᠢ᠋ ᠲᠤᠷᠬᠢᠷᠠᠨ ᠪᠤᠭᠤᠷᠴᠢ ᠶ᠋ᠢᠨ ᠵᠠᠮ ᠢ᠋ ᠤᠲᠤᠵᠤ ᠪᠠᠢᠵᠠᠢ᠃ ᠲᠡᠳᠡᠨ ᠦ᠌ ᠬᠤᠪᠢ ᠳ᠋ᠤ᠌ ᠪᠤᠭᠤᠷᠴᠢ ᠠ᠋ᠴᠠ ᠥᠰᠢᠶ᠎ᠡ ᠠᠪᠬᠤ ᠨᠢ ᠲᠡᠮᠦᠵᠢᠨ ᠡᠴᠡ ᠥᠰᠢᠶ᠎ᠡ ᠠᠪᠤᠭᠰᠠᠨ ᠲᠠᠢ ᠠᠳᠠᠯᠢ ᠬᠡᠷᠡᠭ ᠪᠠᠢᠯ᠎ᠠ᠃ ᠪᠤᠭᠤᠷᠴᠢ ᠭᠦᠮᠦᠳᠠ ᠶ᠋ᠢ ᠠᠪᠴᠤ ᠭᠡᠷ ᠦ᠋ᠨ ᠵᠦᠭ ᠬᠥᠳᠡᠯᠦᠭᠰᠡᠨ ᠦ᠌ ᠮᠠᠷᠭᠠᠰᠢ ᠲᠡᠳᠡ ᠲᠠᠷᠭᠤᠲᠠᠢ ᠶ᠋ᠢᠨ ᠤᠲᠤᠭᠠᠨ ᠳ᠋ᠤ᠌ ᠣᠷᠣᠵᠤ ᠪᠠᠷᠢᠭᠳᠠᠪᠠ᠃ ᠲᠠᠢᠴᠢᠭᠤᠳ ᠶᠠᠭᠤ ᠬᠢᠬᠦ ᠪᠡᠨ ᠠᠯᠢ ᠡᠷᠲᠡ ᠲᠥᠯᠥᠪᠯᠡᠭᠰᠡᠨ ᠪᠠᠢᠯ᠎ᠠ᠃ ᠳᠠᠭᠠᠯᠳᠤᠭᠴᠢ ᠬᠡᠳᠦᠨ ᠴᠡᠷᠢᠭ ᠲᠦᠳᠡᠯ ᠦᠭᠡᠢ ᠠᠯᠠᠭᠳᠠᠵᠤ᠂ ᠪᠤᠭᠤᠷᠴᠢ ᠣᠯᠠᠨ ᠬᠥᠮᠦᠨ ᠦ᠌ ᠡᠰᠡᠷᠭᠦ ᠶᠠᠭᠠᠬᠢᠵᠤ ᠴᠤ᠌ ᠡᠰᠡ ᠴᠢᠳᠠᠭᠠᠳ ᠡᠴᠦᠰ ᠲᠦ᠋ᠨᠢ ᠬᠦᠴᠦᠨ ᠳ᠋ᠦ᠍ ᠠᠪᠲᠠᠨ ᠪᠠᠷᠢᠭᠳᠠᠪᠠ᠃ ᠪᠤᠭᠤᠷᠴᠢ ᠶ᠋ᠢ ᠰᠢᠭᠤᠳ ᠠᠯᠠᠴᠢᠬᠠᠭᠠ ᠦᠭᠡᠢ ᠶ᠋ᠢᠨ ᠤᠴᠢᠷ ᠲᠡᠷᠡ ᠳᠣᠣᠷ᠎ᠠ ᠪᠠᠨ ᠲᠣᠳᠣᠷᠬᠠᠢ ᠪᠣᠯᠵᠠᠢ᠃ ᠲᠠᠢᠴᠢᠭᠤᠳ ᠦᠭᠡ ᠳᠤᠤᠭᠠᠷᠴᠤ ᠶᠠᠭᠠᠬᠢᠬᠤ ᠪᠣᠢ᠂ ᠡᠢᠬᠦ ᠪᠣᠢ ᠭᠡᠵᠦ ᠶᠠᠷᠢᠯᠴᠠᠭᠰᠠᠨ ᠴᠤ᠌ ᠦᠭᠡᠢ᠂ ᠪᠤᠭᠤᠷᠴᠢ ᠶ᠋ᠢ ᠬᠠᠷᠠᠭᠤᠯᠵᠤ ᠪᠠᠢᠭᠠᠳ ᠬᠠᠢᠷᠠᠲᠠᠢ ᠭᠦᠮᠦᠳᠠ ᠶ᠋ᠢ ᠨᠢ ᠨᠢᠴᠦᠭᠦᠯᠡᠨ ᠡᠭᠡᠯᠵᠢᠯᠡᠨ ᠬᠦᠴᠦᠷᠬᠡᠭᠯᠡᠵᠦ ᠪᠠᠬ᠎ᠠ ᠪᠠᠨ ᠬᠠᠩᠭᠠᠭᠠᠳ ᠨᠢᠴᠦᠭᠦᠨ ᠲᠡᠭᠦᠨ ᠢ᠋ ᠥᠷᠥᠭᠡᠰᠦᠨ ᠬᠥᠯ ᠡᠴᠡ ᠨᠢ ᠮᠣᠳᠣᠨ ᠤ᠋ ᠮᠥᠴᠢᠷ ᠡᠴᠡ ᠳᠡᠭᠦᠵᠢᠯᠡᠵᠦ ᠣᠷᠬᠢᠪᠠ᠃ ᠬᠡᠭᠡᠷ᠎ᠡ ᠶ᠋ᠢᠨ ᠲᠠᠩᠰᠤᠭ ᠴᠡᠴᠡᠭ ᠰᠢᠭ ᠠᠷᠢᠭᠤᠬᠠᠨ ᠭᠦᠮᠦᠳᠠ ᠶ᠋ᠢᠨ ᠴᠢᠷᠠᠢ ᠬᠣᠷᠣᠮ ᠤ᠋ᠨ ᠳᠣᠲᠣᠷ᠎ᠠ ᠥᠩᠭᠡ ᠠᠯᠲᠠᠨ ᠭᠡᠷᠡᠯ ᠪᠥᠬᠥᠬᠦ ᠶ᠋ᠢ ᠬᠠᠷᠠᠬᠤ ᠳ᠋ᠤ᠌ ᠨᠢᠳᠦ ᠬᠠᠯᠲᠤᠷᠢᠨᠠ᠃ ᠭᠦᠮᠦᠳᠠ ᠪᠠᠷᠤᠭ ᠠᠮᠢ ᠲᠠᠯᠪᠢᠭᠰᠠᠨ ᠪᠠᠢᠪᠠ᠃ ᠪᠤᠭᠤᠷᠴᠢ ᠶ᠋ᠢ ᠮᠣᠳᠣ ᠲᠠᠢ ᠬᠦᠯᠢᠵᠦ ᠭᠦᠮᠦᠳᠠ ᠶ᠋ᠢᠨ ᠲᠣᠯᠣᠭᠠᠢ ᠳᠣᠣᠷ᠎ᠠ ᠬᠠᠶᠠᠵᠠᠢ᠃ ᠲᠡᠳᠡ ᠶᠠᠪᠤᠬᠤ ᠳ᠋ᠠᠭᠠᠨ ᠪᠤᠭᠤᠷᠴᠢ ᠭᠦᠮᠦᠳᠠ ᠬᠣᠶᠠᠷ ᠤ᠋ᠨ ᠭᠦᠷᠡᠭᠡᠨ ᠤ ᠰᠤᠳᠠᠰᠤ ᠶ᠋ᠢ ᠲᠠᠰᠤ ᠬᠡᠷᠴᠢᠬᠦ ᠪᠡᠨ ᠮᠠᠷᠲᠠᠭᠰᠠᠨ ᠦᠭᠡᠢ᠃ ᠲᠠᠢᠴᠢᠭᠤᠳ ᠨᠢᠭᠡ ᠴᠦ᠍ ᠦᠭᠡ ᠳᠤᠤᠭᠠᠷᠤᠯ ᠦᠭᠡᠢ ᠶᠠᠪᠤᠵᠤ ᠣᠳᠬᠤ ᠳ᠋ᠤ᠌ ᠪᠤᠭᠤᠷᠴᠢ ᠭᠦᠮᠦᠳᠠ ᠬᠣᠶᠠᠷ ᠤ᠋ᠨ ᠴᠢᠰᠤ ᠨᠡᠢᠯᠡᠨ ᠤᠷᠤᠰᠤᠭᠰᠠᠭᠠᠷ ᠬᠣᠴᠣᠷᠪᠠ᠃ ᠬᠠᠢᠷᠠᠲᠠᠢ᠂ ᠳᠡᠩᠳᠡᠭᠦᠦ ᠬᠠᠢᠷᠠᠲᠠᠢ ᠭᠦᠮᠦᠳᠠ ᠨᠢ ᠬᠠᠷᠠᠭᠰᠠᠭᠠᠷ ᠪᠠᠢᠲᠠᠯ᠎ᠠ ᠪᠦᠬᠦ ᠴᠢᠰᠤ ᠪᠠᠨ ᠳᠤᠰᠤᠯ ᠳᠤᠰᠤᠯ ᠢ᠋ᠶ᠋ᠠᠷ ᠶᠡᠭᠦᠯᠡᠵᠦ ᠤᠳᠠᠭᠠᠨ ᠲᠠᠷᠴᠢᠯᠠᠨ ᠰᠢᠨᠠᠯᠵᠤ ᠦᠬᠦᠵᠡᠢ᠃ ᠭᠦᠮᠦᠳᠠ ᠶ᠋ᠢᠨ ᠴᠢᠰᠤ ᠪᠤᠭᠤᠷᠴᠢ ᠶ᠋ᠢᠨ ᠲᠣᠯᠣᠭᠠᠢ ᠤᠷᠤᠭᠤ ᠠᠰᠬᠠᠷᠠᠭᠰᠠᠭᠠᠷ ᠭᠡᠷᠡᠯᠲᠦ ᠬᠠᠷ᠎ᠠ ᠨᠢᠳᠦ ᠨᠢ ᠤᠨᠲᠠᠷᠠᠵᠤ᠂ ᠴᠢᠰᠤᠨ ᠳ᠋ᠠᠭᠠᠨ ᠨᠣᠷᠤᠭᠰᠠᠨ ᠭᠡᠵᠢᠭᠡ ᠨᠢ ᠨᠢᠭᠤᠷ ᠢ᠋ ᠨᠢ ᠰᠡᠷᠪᠡᠭᠡᠨᠡᠭᠦᠯᠦᠭᠰᠡᠭᠡᠷ ᠪᠠᠢᠯ᠎ᠠ᠃ ᠪᠤᠭᠤᠷᠴᠢ ᠴᠤ᠌ ᠪᠠᠰᠠ ᠦᠬᠦᠵᠦ ᠪᠠᠢᠪᠠ᠃
ᠬᠠᠷᠢᠨ ᠲᠡᠭᠦᠨ ᠢ᠋ ᠮᠣᠳᠣ ᠨᠠᠯᠠᠭᠤᠯᠵᠤ ᠰᠠᠭᠤᠯᠭᠠᠭᠠᠳ ᠬᠦᠯᠢᠭᠰᠡᠨ ᠨᠢ ᠠᠪᠤᠷᠠᠯ ᠪᠣᠯᠵᠤ ᠠᠷᠠᠢ ᠴᠤ᠌ ᠴᠢᠰᠤ ᠪᠠᠨ ᠶᠡᠭᠦᠯᠡᠵᠦ ᠳᠠᠭᠤᠰᠤᠭ᠎ᠠ ᠦᠭᠡᠢ ᠪᠠᠢᠬᠤ ᠳ᠋ᠤ᠌ ᠡᠷᠢᠯ ᠦ᠋ᠨ ᠬᠥᠮᠦᠨ ᠲᠠᠭᠠᠷᠠᠵᠤ ᠭᠦᠮᠦᠳᠠ ᠶ᠋ᠢ ᠲᠠᠨᠢᠭᠰᠠᠨ ᠢ᠋ᠶ᠋ᠠᠷ ᠲᠣᠷᠭᠠᠨ ᠪᠠᠶᠠᠨ ᠤ᠋ ᠳ᠋ᠤ᠌ ᠬᠡᠯᠡ ᠥᠭᠴᠦ᠂ ᠪᠤᠭᠤᠷᠴᠢ ᠠᠪᠤᠷᠠᠭᠳᠠᠭᠰᠠᠨ ᠴᠤ᠌ ᠡᠢᠮᠦ ᠠᠶᠤᠮᠰᠢᠭᠲᠤ ᠦᠬᠦᠯ ᠢ᠋ ᠦᠵᠡᠭᠰᠡᠨ ᠲᠣᠷᠭᠠᠨ ᠪᠠᠶᠠᠨ ᠲᠡᠰᠦᠭᠰᠡᠨ ᠦᠭᠡᠢ ᠵᠢᠷᠦᠬᠡ ᠨᠢ ᠬᠠᠭᠠᠷᠠᠵᠤ ᠦᠬᠦᠭᠡᠳ᠂ ᠡᠬᠡᠨᠡᠷ ᠨᠢ ᠰᠣᠯᠢᠶᠠᠷᠠᠭᠰᠠᠨ ᠪᠢᠯᠡ᠃ ᠭᠦᠮᠦᠳᠠ ᠶ᠋ᠢᠨ ᠡᠨᠡ ᠠᠶᠤᠮᠰᠢᠭᠲᠤ ᠦᠬᠦᠯ ᠢ᠋ ᠪᠤᠭᠤᠷᠴᠢ ᠭᠠᠭᠴᠠᠬᠠᠨ ᠲᠡᠮᠦᠵᠢᠨ ᠳ᠋ᠦ᠍ ᠬᠡᠯᠡᠭᠰᠡᠨ ᠪᠥᠭᠡᠳ ᠲᠡᠮᠦᠵᠢᠨ ᠪᠤᠭᠤᠷᠴᠢ ᠠ᠋ᠴᠠ ᠳᠤᠲᠠᠭᠤ ᠦᠭᠡᠢ ᠴᠣᠴᠢᠵᠤ ᠭᠦᠮᠦᠳᠠ ᠶ᠋ᠢᠨ ᠦᠬᠦᠯ ᠳ᠋ᠦ᠍ ᠥᠪᠡᠷ ᠢ᠋ ᠪᠡᠨ ᠪᠤᠷᠤᠭᠤᠳᠬᠠᠬᠤ ᠪᠣᠯᠵᠠᠢ᠃ ᠭᠦᠮᠦᠳᠠ ᠶ᠋ᠢᠨ ᠦᠬᠦᠯ ᠪᠤᠭᠤᠷᠴᠢ ᠳ᠋ᠤ᠌ ᠭᠦᠨᠵᠡᠭᠡᠢ ᠴᠣᠬᠢᠯᠲᠠ ᠪᠣᠯᠵᠤ ᠨᠢᠭᠡ ᠬᠡᠰᠡᠭ ᠲᠡᠷᠡ ᠤᠬᠠᠭᠠᠨ ᠰᠣᠯᠢᠶᠠᠲᠠᠢ ᠮᠡᠲᠦ ᠪᠣᠯᠤᠭᠠᠳ ᠰᠥᠨᠢ ᠬᠠᠷ᠎ᠠ ᠳᠠᠷᠤᠵᠤ ᠵᠡᠭᠦᠳᠦᠯᠡᠬᠦ ᠨᠢ ᠣᠯᠠᠰᠢᠷᠠᠵᠤ᠂ ᠪᠦᠷ ᠰᠡᠭᠦᠯ ᠳ᠋ᠡᠭᠡᠨ ᠬᠠᠵᠠᠭᠤ ᠪᠠᠷ ᠬᠡᠪᠲᠡᠬᠦ ᠡᠬᠡᠨᠡᠷ ᠢ᠋ᠶ᠋ᠡᠨ ᠪᠠᠭᠠᠯᠵᠠᠭᠤᠷᠳᠠᠨ ᠠᠯᠠᠬᠤ ᠰᠢᠬᠠᠭᠰᠠᠨ ᠠ᠋ᠴᠠ ᠬᠣᠢᠰᠢ ᠲᠡᠳᠡ ᠭᠡᠷ ᠲᠤᠰᠠᠭᠠᠷᠯᠠᠵᠠᠢ᠃ ᠭᠦᠮᠦᠳᠠ ᠶ᠋ᠢᠨ ᠦᠬᠦᠭᠰᠡᠨ ᠨᠢ ᠪᠤᠭᠤᠷᠴᠢ ᠶ᠋ᠢᠨ ᠰᠡᠳᠬᠢᠯ ᠳ᠋ᠦ᠍ ᠪᠠᠢᠭᠰᠠᠨ ᠡᠮᠡᠭᠲᠡᠢ ᠬᠥᠮᠦᠨ ᠢ᠋ ᠬᠠᠢᠷᠠᠯᠠᠵᠤ ᠡᠩᠬᠦᠷᠡᠢᠯᠡᠬᠦ ᠳᠠᠳᠤᠯ᠂ ᠬᠦᠰᠡᠯ ᠢ᠋ ᠨᠢᠭᠡᠮᠦᠰᠦᠨ ᠦᠭᠡᠢ ᠬᠢᠭᠰᠡᠨ ᠪᠢᠯᠡ᠃ ᠲᠡᠷᠡ ᠴᠠᠭ ᠠ᠋ᠴᠠ ᠬᠣᠢᠰᠢ ᠪᠤᠭᠤᠷᠴᠢ ᠡᠮ᠎ᠡ ᠬᠥᠮᠦᠨ ᠳ᠋ᠦ᠍ ᠬᠥᠨᠳᠡᠢ ᠬᠦᠢᠲᠡᠨ ᠬᠠᠨᠳᠤᠬᠤ ᠪᠣᠯᠵᠠᠢ᠃ ᠡᠨᠡ ᠨᠢ ᠲᠡᠭᠦᠨ ᠢ᠋ ᠭᠡᠷ ᠪᠦᠯᠢ ᠶ᠋ᠢᠨ ᠠᠮᠢᠳᠤᠷᠠᠯ ᠠ᠋ᠴᠠ ᠬᠣᠯᠠᠳᠠᠭᠤᠯᠵᠤ ᠭᠡᠷ ᠲᠡᠭᠡᠨ ᠣᠷᠣᠵᠤ ᠡᠬᠡᠨᠡᠷ ᠲᠡᠢ ᠪᠡᠨ ᠨᠢᠭᠡ ᠬᠥᠨᠵᠢᠯᠡ ᠳ᠋ᠦ᠍ ᠬᠡᠪᠲᠡᠬᠦ ᠨᠢ ᠵᠢᠩᠬᠢᠨᠢ ᠲᠠᠮᠤᠯᠠᠯ ᠪᠣᠯᠤᠨ ᠬᠤᠪᠢᠷᠠᠪᠠ᠃ ᠭᠦᠮᠦᠳᠠ ᠶ᠋ᠢ ᠠᠪᠬᠤ ᠪᠠᠷ ᠶᠠᠭᠠᠬᠢᠬᠤ ᠭᠡᠵᠦ ᠣᠴᠢᠪᠠ ᠭᠡᠵᠦ ᠪᠣᠳᠣᠬᠤ ᠪᠦᠷᠢ ᠦᠬᠦᠬᠦ ᠳ᠋ᠡᠭᠡᠨ ᠠᠪᠤᠷᠠᠯ ᠡᠷᠢᠨ ᠰᠢᠷᠳᠡᠭᠰᠡᠭᠡᠷ ᠪᠠᠢᠭᠰᠠᠨ ᠬᠥᠭᠡᠷᠦᠬᠦᠨ ᠨᠢᠳᠦ ᠨᠢ᠂ ᠠᠩᠭᠠᠯᠵᠠᠭᠰᠠᠭᠠᠷ ᠪᠠᠢᠭᠰᠠᠨ ᠤᠷᠤᠭᠤᠯ ᠨᠢ ᠦᠵᠡᠭᠳᠡᠭᠡᠳ ᠰᠥᠨᠢ ᠣᠷᠢᠯᠠᠨ ᠪᠣᠰᠴᠤ ᠢᠷᠡᠳᠡᠭ ᠪᠠᠢᠯ᠎ᠠ᠃
ᠢᠩᠭᠢᠵᠦ ᠪᠤᠭᠤᠷᠴᠢ ᠭᠡᠷ ᠣᠷᠣᠨ ᠤ᠋ ᠠᠮᠢᠳᠤᠷᠠᠯ ᠠ᠋ᠴᠠ ᠡᠭᠦᠷᠢᠳᠡ ᠵᠢᠭᠤᠲᠠᠬᠤ ᠪᠣᠯᠵᠤ ᠪᠦᠬᠦ ᠴᠠᠭ ᠢ᠋ᠶ᠋ᠠᠨ ᠴᠡᠷᠢᠭ ᠲᠡᠢᠨ ᠦ᠌ ᠬᠡᠷᠡᠭ ᠲᠦ᠍ ᠵᠣᠷᠢᠭᠤᠯᠬᠤ ᠪᠣᠯᠵᠠᠢ᠃ ᠲᠡᠷᠡ ᠠᠯᠢ ᠪᠣᠯᠬᠣᠷ ᠭᠦᠮᠦᠳᠠ ᠶ᠋ᠢᠨ ᠦᠬᠦᠯ ᠢ᠋ ᠰᠠᠨᠠᠬᠤ ᠦᠭᠡᠢ ᠶ᠋ᠢ ᠬᠢᠴᠢᠶᠡᠳᠡᠭ ᠪᠢᠯᠡ᠃ ᠲᠡᠮᠦᠵᠢᠨ ᠴᠦ᠍ ᠪᠤᠭᠤᠷᠴᠢ ᠶ᠋ᠢ ᠠᠯᠢ ᠪᠣᠯᠬᠤ ᠪᠠᠷ ᠳᠡᠮᠵᠢᠬᠦ᠂ ᠰᠠᠨᠠᠭ᠎ᠠ ᠰᠡᠳᠬᠢᠯ ᠢ᠋ ᠨᠢ ᠲᠠᠢᠪᠤᠩ ᠪᠠᠢᠯᠭᠠᠬᠤ ᠶ᠋ᠢ ᠬᠢᠴᠢᠶᠡᠨ᠎ᠡ᠃ ᠬᠠᠷᠢᠨ ᠥᠨᠥᠳᠥᠷ ᠰᠠᠨᠠᠮᠰᠠᠷ ᠦᠭᠡᠢ ᠬᠡᠯᠡᠭᠰᠡᠨ ᠦᠭᠡ ᠲᠡᠳᠡᠨ ᠦ᠌ ᠰᠡᠳᠬᠢᠯ ᠦ᠋ᠨ ᠰᠢᠷᠬ᠎ᠠ ᠶ᠋ᠢ ᠡᠢᠨ ᠰᠡᠳᠡᠷᠡᠭᠡᠵᠡᠢ᠃ ᠪᠤᠭᠤᠷᠴᠢ ᠭᠡᠨᠡᠳᠲᠡ ᠤᠬᠢᠯᠠᠬᠤ ᠪᠠᠨ ᠪᠣᠯᠢᠵᠤ ᠠᠶᠠᠭ᠎ᠠ ᠲᠠᠢ ᠠᠷᠢᠬᠢ ᠠᠪᠴᠤ ᠭᠣᠳ ᠵᠠᠯᠭᠢᠯᠠᠭᠠᠳ ᠶᠡᠷᠦ ᠶᠠᠭᠤ ᠴᠤ᠌ ᠪᠣᠯᠤᠭ᠎ᠠ ᠦᠭᠡᠢ ᠶᠦᠮ ᠰᠢᠭ
| ᠲᠡᠮᠦᠵᠢᠨ ᠴᠢ ᠶᠠᠭᠤ ᠬᠢᠬᠦ ᠪᠡᠨ ᠳᠠᠷᠤᠢ ᠬᠡᠯᠡ᠃ ᠰᠥᠨᠢ ᠳᠠᠭᠤᠰᠤᠯ᠎ᠠ᠃ ᠮᠠᠷᠭᠠᠰᠢ ᠪᠢ ᠡᠷᠲᠡᠬᠡᠨ ᠮᠣᠷᠳᠠᠰᠤᠭᠠᠢ ᠭᠡᠬᠦ ᠳ᠋ᠡᠭᠡᠨ ᠪᠤᠭᠤᠷᠴᠢ ᠵᠥᠴᠢ ᠶ᠋ᠢᠨ ᠲᠤᠬᠠᠢ ᠪᠣᠳᠣᠵᠤ ᠪᠠᠢᠪᠠ᠃
| ᠵᠠ ᠶᠠᠭᠠᠬᠢᠮᠡᠢ ᠴᠢ ᠠᠰᠢᠭᠦᠢ ᠲᠠᠢᠪᠤᠰᠢᠷᠠᠪᠠ ᠤᠤ? ᠣᠳᠣ ᠪᠢ ᠴᠢᠮᠠᠲᠤ ᠳᠠᠬᠢᠵᠤ ᠭᠦᠮᠦᠳᠠ ᠶ᠋ᠢ ᠰᠠᠨᠠᠭᠤᠯᠬᠤ ᠦᠭᠡᠢ᠃
| ᠴᠢ ᠶᠠᠭᠤ ᠬᠦᠰᠡᠭᠰᠡᠨ ᠢ᠋ᠶ᠋ᠡᠨ ᠬᠡᠯᠡ᠃ ᠶᠠᠭᠤ ᠴᠤ᠌ ᠪᠠᠢᠭᠰᠠᠨ ᠪᠢ ᠪᠡᠶᠡᠯᠡᠭᠦᠯᠦᠨ᠎ᠡ ᠭᠡᠬᠦ ᠳ᠋ᠡᠭᠡᠨ ᠪᠤᠭᠤᠷᠴᠢ ᠶ᠋ᠢᠨ ᠳᠣᠲᠣᠷ᠎ᠠ ᠬᠡᠨ ᠡᠴᠡ ᠴᠦ᠍ ᠶᠦᠮ ᠪᠣᠢ ᠥᠰᠢᠶ᠎ᠡ ᠠᠪᠬᠤ ᠭᠠᠰᠢᠭᠤᠨ ᠬᠦᠰᠡᠯ ᠣᠷᠭᠢᠯᠤᠭᠰᠠᠭᠠᠷ ᠪᠠᠢᠭ᠎ᠠ ᠶ᠋ᠢ ᠮᠡᠳᠡᠯ᠎ᠡ᠃
| ᠪᠢ ᠴᠢᠮᠠᠶ᠋ᠢ᠁ ᠰᠥᠪᠡᠭᠡᠳᠡᠢ ᠶ᠋ᠢᠨ ᠲᠡᠢᠰᠢ ᠢᠯᠡᠭᠡᠶ᠎ᠡ᠃
| ᠶᠠᠭᠤ ᠭᠡᠨ᠎ᠡ ᠠ᠋? ᠭᠡᠵᠦ ᠪᠤᠭᠤᠷᠴᠢ ᠦᠨᠡᠨ ᠡᠴᠡ ᠪᠡᠨ ᠭᠠᠢᠬᠠᠨ ᠳᠠᠭᠤ ᠠᠯᠳᠠᠯ᠎ᠠ᠃
| ᠴᠢ ᠰᠢᠨ᠎ᠡ ᠨᠤᠲᠤᠭ ᠪᠡᠯᠴᠢᠭᠡᠷ᠂ ᠬᠣᠲᠠ ᠪᠠᠯᠭᠠᠰᠤ ᠦᠵᠡᠵᠦ ᠬᠡᠢ ᠮᠣᠷᠢ ᠪᠠᠨ ᠰᠡᠷᠭᠦᠭᠡᠵᠦ ᠤᠢᠳᠬᠠᠷ ᠢ᠋ᠶ᠋ᠠᠨ ᠦᠷᠭᠦᠭᠡᠵᠦ ᠦᠵᠡ᠃ ᠰᠦᠪᠡᠭᠡᠳᠡᠢ ᠵᠡᠪᠡ ᠬᠣᠶᠠᠷ ᠴᠢ ᠪᠢᠳᠡ ᠬᠣᠶᠠᠷ ᠤ᠋ᠨ ᠨᠢᠭᠡ ᠶ᠋ᠢ ᠣᠴᠢᠬᠤ ᠠ᠋ᠴᠠ ᠨᠠᠭᠠᠰᠢ ᠢᠷᠡᠬᠦ ᠦᠭᠡᠢ ᠪᠣᠯᠤᠯᠲᠠᠢ᠃ ᠴᠢ ᠣᠴᠢᠵᠤ ᠲᠡᠷᠡ ᠠᠢᠬᠤᠪᠲᠤᠷ ᠵᠠᠭᠤᠳᠠᠭ ᠨᠣᠬᠠᠳ ᠢ᠋ ᠣᠷᠣᠰ ᠤ᠋ᠨ ᠪᠣᠷᠪᠢ ᠠ᠋ᠴᠠ ᠰᠠᠯᠭᠠᠵᠤ ᠠᠪᠴᠢᠷᠠ᠃ ᠲᠡᠭᠡᠭᠡᠳ ᠲᠡᠳᠡᠨ ᠢ᠋ ᠢᠷᠡᠮᠡᠭᠴᠡ ᠬᠠᠷᠢᠵᠠᠭᠠᠶ᠎ᠠ᠃
| ᠬᠠᠭᠠᠨᠲᠠᠨ ᠲᠠ᠂ ᠴᠢᠩ ᠦᠨᠡᠨ ᠬᠡᠯᠡᠨ᠎ᠡ ᠤᠤ? ᠭᠡᠵᠦ ᠪᠤᠭᠤᠷᠴᠢ ᠰᠠᠶᠢ ᠯᠠ ᠬᠠᠮᠢᠭ᠎ᠠ ᠪᠠᠢᠭ᠎ᠠ ᠪᠠᠨ ᠤᠬᠠᠭᠠᠷᠠᠬᠤ ᠰᠢᠭ᠋ ᠬᠡᠯᠡᠪᠡ᠃
| ᠲᠡᠢᠮᠦ ᠠ᠋᠂ ᠪᠢ ᠦᠨᠡᠨ ᠬᠡᠯᠡᠵᠦ ᠪᠠᠢᠨ᠎ᠠ᠃ ᠴᠢ ᠲᠣᠷᠭᠠᠨ ᠴᠡᠷᠢᠭ ᠡᠴᠡ ᠪᠡᠨ ᠥᠪᠡᠷ ᠦ᠋ᠨ ᠬᠦᠰᠡᠭᠰᠡᠨ ᠢ᠋ᠶ᠋ᠡᠷ ᠠᠪᠴᠤ ᠤᠳᠤᠭᠲᠤᠨ᠃ ᠬᠠᠷᠢᠨ ᠰᠦᠪᠡᠭᠡᠳᠡᠢ ᠵᠡᠪᠡ ᠬᠣᠶᠠᠷ ᠲᠠᠢ ᠨᠡᠢᠯᠡᠭᠡᠳ ᠪᠤᠤ ᠪᠦᠷ ᠴᠠᠭᠠᠰᠢ ᠪᠠᠨ ᠶᠠᠪᠤᠴᠢᠬ᠎ᠠ᠃ ᠲᠡᠳᠡᠨ ᠢ᠋ ᠳᠠᠭᠠᠭᠤᠯᠵᠤ ᠠᠪᠴᠢᠷᠠ᠃ ᠢᠷᠡᠭᠰᠡᠨ ᠬᠣᠢᠨ᠎ᠠ ᠨᠢ ᠪᠢ ᠲᠡᠷᠡ ᠠᠢᠬᠤᠪᠲᠤᠷ ᠵᠠᠭᠤᠳᠠᠭ ᠨᠣᠬᠠᠳ ᠢ᠋ ᠰᠠᠢᠨ ᠵᠠᠯᠬᠠᠭᠠᠶᠠ ᠭᠡᠵᠦ ᠴᠢᠩᠭᠢᠰ ᠬᠠᠭᠠᠨ ᠬᠥᠬᠥᠷᠡᠪᠡ᠃
| ᠵᠥᠴᠢ ᠶ᠋ᠢ ᠠᠯᠠ ᠭᠡᠵᠦ ᠬᠡᠯᠡᠭᠡ ᠦᠭᠡᠢ ᠳ᠋ᠦ᠍ᠨᠢ ᠪᠤᠭᠤᠷᠴᠢ ᠰᠡᠳᠬᠢᠯ ᠴᠡᠯᠮᠡᠨ ᠪᠠᠶᠠᠷᠯᠠᠵᠤ ᠭᠦᠮᠦᠳᠠ ᠶ᠋ᠢᠨ ᠦᠬᠦᠯ ᠦ᠋ᠨ ᠲᠤᠬᠠᠢ ᠭᠤᠨᠢᠭᠲᠤ ᠪᠣᠳᠣᠯ ᠠ᠋ᠴᠠ ᠪᠠᠭ᠎ᠠ ᠪᠣᠯᠪᠠᠴᠤ ᠰᠠᠯᠪᠠ᠃ ᠲᠡᠭᠡᠭᠡᠳ ᠲᠩᠷᠢ ᠵᠥᠴᠢ ᠶ᠋ᠢ ᠬᠠᠷᠠᠵᠠᠢ ᠭᠡᠵᠦ ᠲᠠᠯᠠᠷᠬᠠᠨ ᠪᠣᠳᠣᠪᠠ᠃
ᠣᠷᠣᠰ ᠭᠡᠵᠦ ᠶᠠᠮᠠᠷ ᠰᠢᠤᠬᠠᠨ ᠤᠯᠤᠰ ᠪᠠᠢᠳᠠᠭ ᠢ᠋ ᠦᠵᠡᠬᠦ ᠬᠦᠰᠡᠯ ᠪᠤᠭᠤᠷᠴᠢ ᠳ᠋ᠤ᠌ ᠨᠡᠩ ᠶᠡᠬᠡ ᠪᠠᠢᠭᠰᠠᠨ ᠪᠢᠯᠡ᠃ ᠪᠤᠭᠤᠷᠴᠢ ᠳᠣᠲᠣᠷ᠎ᠠ ᠪᠠᠨ ᠰᠦᠪᠡᠭᠡᠳᠡᠢ ᠵᠡᠪᠡ ᠬᠣᠶᠠᠷ ᠲᠤ᠌ ᠠᠲᠠᠭᠠᠷᠬᠠᠵᠤ ᠪᠠᠢᠭᠰᠠᠨ ᠲᠤᠯᠠ ᠴᠢᠩᠭᠢᠰ ᠬᠠᠭᠠᠨ ᠤ᠋ ᠡᠨᠡ ᠵᠠᠷᠯᠢᠭ ᠲᠤ᠌ ᠶᠡᠬᠡ ᠪᠠᠶᠠᠷᠯᠠᠵᠠᠢ᠃ ᠪᠠᠰᠠ ᠳᠡᠭᠡᠷ᠎ᠡ ᠨᠢ ᠴᠢᠩᠭᠢᠰ ᠬᠠᠭᠠᠨ ᠵᠥᠴᠢ ᠬᠥᠪᠡᠭᠦᠨ ᠢ᠋ᠶ᠋ᠡᠨ ᠬᠥᠨᠥᠭᠡᠬᠦ ᠰᠡᠳᠬᠢᠯ ᠦᠭᠡᠢ ᠪᠠᠢᠭ᠎ᠠ ᠶ᠋ᠢ ᠮᠡᠳᠡᠵᠦ ᠠᠪᠤᠪᠠ᠃ ᠪᠢ ᠳᠡᠮᠡᠢ ᠬᠠᠷᠠᠳᠠᠵᠠᠢ ᠭᠡᠵᠦ ᠪᠤᠭᠤᠷᠴᠢ ᠪᠣᠳᠣᠭᠰᠠᠨ ᠶᠤᠮ᠃ ᠲᠡᠷᠡ ᠰᠥᠨᠢ᠂ ᠪᠤᠭᠤᠷᠴᠢ ᠳᠣᠭᠳᠣᠯᠤᠨ ᠬᠥᠭᠡᠷᠴᠦ᠂ ᠮᠠᠷᠭᠠᠰᠢ ᠡᠴᠢᠭᠡ ᠶ᠋ᠢ ᠪᠡᠨ ᠳᠠᠭᠠᠵᠤ ᠠᠶᠠᠨ ᠳ᠋ᠤ᠌ ᠮᠣᠷᠳᠠᠬᠤ ᠭᠡᠵᠦ ᠪᠠᠢᠭ᠎ᠠ ᠪᠠᠯᠴᠢᠷ ᠪᠠᠨᠳᠢ ᠰᠢᠭ᠋ ᠨᠣᠢᠷ ᠦᠭᠡᠢ ᠬᠣᠨᠣᠪᠠ᠃ ᠠᠰᠠᠷ ᠲᠤᠨᠢ ᠥᠨᠥ ᠥᠨᠳᠥᠷ ᠬᠠᠮᠠᠷᠲᠤ᠂ ᠶᠡᠬᠡ ᠳᠠᠭᠤᠲᠤ ᠬᠠᠷᠢ ᠴᠢᠰᠤᠨ ᠤ᠋ ᠪᠦᠰᠡᠭᠦᠢ ᠨᠢᠴᠦᠭᠦᠨ ᠲᠡᠯᠴᠢᠯᠡᠵᠦ ᠬᠡᠪᠲᠡᠨ᠎ᠡ᠃ ᠪᠤᠭᠤᠷᠴᠢ ᠲᠡᠭᠦᠨ ᠢ᠋ ᠴᠦ᠍ ᠲᠣᠭᠣᠭᠰᠠᠨ ᠦᠭᠡᠢ ᠬᠥᠯᠪᠡᠷᠢᠭᠰᠡᠭᠡᠷ ᠪᠠᠢᠯ᠎ᠠ᠃ ᠡᠨᠡ ᠰᠥᠨᠢ ᠪᠤᠭᠤᠷᠴᠢ ᠰᠡᠳᠬᠢᠯ ᠬᠥᠳᠡᠯᠦᠨ ᠪᠠᠶᠠᠷᠯᠠᠭᠠᠳ ᠵᠣᠭᠰᠣᠭᠰᠠᠨ ᠦᠭᠡᠢ ᠲᠤᠩ ᠴᠤ᠌ ᠶᠡᠬᠡ ᠶ᠋ᠢ ᠲᠤᠩᠭᠠᠨ ᠪᠣᠳᠣᠵᠠᠢ᠃ ᠰᠣᠨᠣᠰᠤᠭᠰᠠᠨ ᠪᠠᠶᠠᠷᠲᠤ ᠮᠡᠳᠡᠭᠡ ᠪᠡᠨ ᠬᠤᠪᠢᠶᠠᠯᠴᠠᠬᠤ ᠳᠣᠲᠣᠨᠣ ᠬᠥᠮᠦᠨ ᠦᠭᠡᠢ ᠶᠠᠪᠤᠭ᠎ᠠ ᠪᠠᠨ ᠥᠨᠥ ᠰᠥᠨᠢ ᠯᠡ ᠭᠣᠣᠯ ᠳ᠋ᠠᠭᠠᠨ ᠣᠷᠣᠲᠠᠯ᠎ᠠ ᠮᠡᠳᠡᠷᠡᠵᠡᠢ᠃ ᠪᠤᠭᠤᠷᠴᠢ ᠡᠨᠡ ᠭᠠᠵᠠᠷ ᠳᠡᠭᠡᠷ᠎ᠡ ᠴᠣᠷ ᠭᠠᠭᠴᠠᠭᠠᠷ ᠬᠣᠴᠣᠷᠴᠠᠢ᠃ ᠭᠦᠮᠦᠳᠠ ᠠ᠋ᠴᠠ ᠬᠣᠢᠰᠢ ᠲᠡᠷᠡ ᠳᠠᠬᠢᠨ ᠶᠠᠮᠠᠷ ᠴᠤ᠌ ᠡᠮ᠎ᠡ ᠶ᠋ᠢ ᠲᠡᠢᠮᠦ ᠭᠦᠨᠵᠡᠭᠡᠢ ᠳᠣᠲᠣᠨᠣ ᠪᠠᠷ ᠬᠠᠢᠷᠠᠯᠠᠭᠰᠠᠨ ᠦᠭᠡᠢ᠃ ᠬᠠᠢᠷᠠᠯᠠᠶ᠎ᠠ ᠭᠡᠳ ᠴᠦ᠍ ᠲᠡᠭᠦᠨ ᠦ᠌ ᠰᠡᠳᠬᠢᠯ ᠨᠢᠭᠡᠨᠲᠡ ᠬᠣᠭᠣᠰᠣᠷᠠᠭᠰᠠᠨ ᠪᠠᠢᠵᠠᠢ᠃ ᠭᠡᠲᠡᠯ᠎ᠡ ᠲᠡᠰᠴᠦ ᠰᠤᠷᠤᠭᠰᠠᠨ ᠠᠮᠢᠳᠤᠷᠠᠯ ᠢ᠋ᠶ᠋ᠠᠨ ᠥᠭᠡᠷᠡᠴᠢᠯᠡᠬᠦ ᠬᠦᠰᠡᠯ ᠶᠠᠭᠠᠬᠢᠭᠠᠳ᠂ ᠬᠠᠮᠢᠭ᠎ᠠ ᠠ᠋ᠴᠠ ᠢᠩᠭᠢᠵᠦ ᠣᠷᠭᠢᠯᠤᠭᠠᠳ ᠪᠠᠢᠭ᠎ᠠ ᠶ᠋ᠢ ᠪᠤᠭᠤᠷᠴᠢ ᠣᠢᠯᠠᠭᠠᠭᠰᠠᠨ ᠦᠭᠡᠢ ᠦᠷ ᠴᠠᠢᠯᠭᠠᠵᠠᠢ᠃
ᠠᠷᠪᠠᠨ ᠭᠤᠷᠪᠠᠨ ᠨᠠᠰᠤᠲᠠᠢ ᠳ᠋ᠠᠭᠠᠨ ᠠᠩᠬ᠎ᠠ ᠲᠡᠮᠦᠵᠢᠨ ᠢ᠋ ᠳᠠᠭᠠᠨ ᠶᠠᠪᠤᠭᠰᠠᠨ ᠰᠢᠭ᠋ ᠢ᠋ᠶ᠋ᠡᠨ ᠡᠷᠡᠰ ᠰᠢᠢᠳᠪᠦᠷᠢ ᠶ᠋ᠢᠨ ᠡᠮᠦᠨ᠎ᠡ ᠲᠤᠯᠵᠤ ᠢᠷᠡᠭᠰᠡᠨ ᠢ᠋ᠶ᠋ᠡᠨ ᠪᠤᠭᠤᠷᠴᠢ ᠭᠡᠨᠡᠳᠲᠡ ᠣᠢᠯᠠᠭᠠᠪᠠ᠃ ᠲᠡᠷᠡ ᠵᠢᠷ ᠦ᠋ᠨ ᠬᠥᠮᠦᠨ ᠰᠢᠭ ᠬᠠᠢᠷᠠᠯᠠᠵᠤ ᠳᠤᠷᠠᠯᠠᠵᠤ᠂ ᠦᠷ᠎ᠡ ᠬᠡᠦᠬᠡᠳ ᠢ᠋ᠶ᠋ᠡᠨ ᠥᠰᠬᠡᠵᠦ᠂ ᠳᠡᠷᠭᠡᠳᠡ ᠪᠡᠨ ᠳᠠᠭᠠᠭᠤᠯᠤᠨ ᠶᠠᠪᠤᠬᠤ ᠶ᠋ᠢ ᠬᠦᠰᠡᠵᠦ ᠪᠠᠢᠵᠠᠢ᠃ ᠬᠠᠷᠢᠨ ᠣᠳᠣ ᠬᠦᠰᠡᠭᠰᠡᠨ ᠢ᠋ᠶ᠋ᠡᠨ ᠪᠡᠶᠡᠯᠡᠭᠦᠯᠬᠦ ᠲᠡᠢᠮᠦ ᠴᠠᠭ ᠬᠤᠭᠤᠴᠠᠭ᠎ᠠ ᠦᠯᠡᠳᠡᠭᠰᠡᠨ ᠦᠭᠡᠢ᠃ ᠪᠤᠭᠤᠷᠴᠢ ᠲᠡᠮᠦᠵᠢᠨ ᠳ᠋ᠦ᠍ ᠠᠲᠠᠭᠠᠷᠬᠠᠬᠤ ᠰᠢᠭ᠋ ᠪᠣᠯᠪᠠ᠃ ᠭᠡᠪᠡᠴᠦ ᠡᠨᠡ ᠪᠣᠳᠣᠯ ᠠ᠋ᠴᠠ ᠪᠠᠨ ᠠᠶᠤᠵᠠᠢ᠃ ᠭᠡᠲᠡᠯ᠎ᠡ ᠲᠩᠷᠢ ᠲᠡᠭᠦᠨ ᠳ᠋ᠦ᠍ ᠬᠢᠯᠢᠩᠨᠡᠵᠦ ᠬᠥᠪᠡᠭᠦᠨ ᠵᠠᠶᠠᠭᠠᠭᠰᠠᠨ ᠦᠭᠡᠢ ᠨᠢ ᠭᠠᠴᠢᠯᠠᠩᠲᠠᠢ᠃ ᠡᠨᠡ ᠪᠣᠯ ᠲᠡᠭᠦᠨ ᠦ᠌ ᠭᠤᠨᠢᠭ ᠬᠠᠷᠠᠭᠤᠰᠤᠯ ᠤ᠋ᠨ ᠦᠨᠳᠦᠰᠦ ᠪᠠᠢᠯ᠎ᠠ᠃ ᠪᠤᠭᠤᠷᠴᠢ ᠨᠢᠭᠡᠨ ᠵᠦᠢᠯ ᠢ᠋ ᠰᠠᠨᠠᠮᠠᠭᠴᠠ ᠴᠣᠴᠢᠨ ᠥᠨᠳᠡᠢᠵᠡᠢ᠃ ᠪᠦᠷ ᠪᠣᠳᠣᠬᠤ ᠪᠦᠷᠢ ᠵᠢᠷᠦᠬᠡ ᠨᠢ ᠳᠣᠭᠳᠣᠯᠤᠨ ᠴᠡᠴᠡᠷᠡᠵᠦ ᠪᠠᠢᠵᠠᠢ᠃ ᠡᠨᠡ ᠪᠣᠯ ᠣᠯᠠᠨ ᠵᠢᠯ ᠥᠪᠡᠷ ᠡᠴᠡ ᠪᠡᠨ ᠴᠦ᠍ ᠨᠢᠭᠤᠵᠤ ᠶᠠᠪᠤᠭᠰᠠᠨ ᠪᠣᠳᠣᠯ ᠶᠤᠮ᠃ ᠣᠳᠣ ᠲᠡᠭᠦᠨ ᠳ᠋ᠦ᠍ ᠡᠷᠭᠢᠵᠦ ᠪᠤᠴᠠᠬᠤ᠂ ᠡᠷᠡᠭᠡᠯᠵᠡᠨ ᠲᠡᠭᠡᠨᠡᠭᠡᠯᠵᠡᠬᠦ ᠴᠠᠭ ᠨᠢᠭᠡᠨᠲᠡ ᠦᠭᠡᠢ ᠪᠣᠯᠤᠭᠰᠠᠨ ᠢ᠋ ᠰᠠᠢᠲᠤᠷ ᠮᠡᠳᠡᠵᠦ ᠪᠠᠢᠪᠠ᠃ ᠲᠡᠢᠮᠦ ᠤᠴᠢᠷ ᠠ᠋ᠴᠠ ᠠᠯᠭᠤᠷᠯᠠᠵᠤ ᠬᠣᠢᠰᠢᠯᠠᠭᠤᠯᠬᠤ ᠶ᠋ᠢ ᠬᠦᠰᠡᠭᠰᠡᠨ ᠦᠭᠡᠢ ᠪᠣᠰᠴᠤ ᠵᠡᠷᠭᠡᠯᠡᠳᠡᠭᠡ ᠠᠰᠠᠷ ᠲᠤ᠌ ᠤᠨᠲᠠᠵᠤ ᠪᠠᠢᠭᠰᠠᠨ ᠬᠡᠷᠡᠭᠡ ᠶ᠋ᠢ ᠳᠠᠭᠤᠳᠠᠨ ᠪᠣᠰᠬᠠᠪᠠ᠃ ᠪᠠᠰᠠ ᠥᠨᠥᠬᠢ ᠪᠠᠭᠳᠠᠳ᠋ ᠤ᠋ᠨ ᠡᠮ᠎ᠡ ᠶ᠋ᠢ ᠴᠦ᠍ ᠡᠮᠡᠰ ᠦ᠋ᠨ ᠭᠡᠷ ᠤᠷᠤᠭᠤ ᠬᠥᠭᠡᠭᠡᠵᠦ ᠶᠠᠪᠤᠭᠤᠯᠪᠠ᠃ ᠦᠷ ᠴᠠᠢᠵᠤ ᠲᠩᠷᠢ ᠶ᠋ᠢᠨ ᠪᠠᠷᠠᠭᠤᠨ ᠬᠠᠶᠠᠭ᠎ᠠ ᠴᠠᠢᠷᠠᠵᠠᠢ᠃ ᠬᠡᠷᠡᠭᠡ ᠬᠡᠵᠢᠶ᠎ᠡ ᠴᠦ᠍ ᠰᠡᠷᠭᠡᠭ ᠪᠠᠢᠳᠠᠭ ᠵᠠᠩ ᠢ᠋ᠶ᠋ᠠᠷ ᠢ᠋ᠶ᠋ᠠᠨ ᠨᠢᠳᠦ ᠪᠡᠨ ᠭᠢᠯᠠᠯᠵᠠᠭᠤᠯᠤᠨ ᠣᠷᠣᠵᠤ ᠢᠷᠡᠪᠡ᠃ ᠣᠳᠣ ᠬᠡᠷᠡᠭᠡ ᠬᠣᠷᠢ ᠬᠦᠷᠴᠦ᠂ ᠵᠠᠯᠠᠭᠤ ᠪᠠᠷᠰ ᠤ᠋ᠨ ᠠᠮᠠᠨ ᠳ᠋ᠤ᠌ ᠭᠠᠷ ᠢ᠋ᠶ᠋ᠠᠨ ᠬᠢᠬᠦ ᠡᠴᠡ ᠪᠤᠴᠠᠬᠤ ᠦᠭᠡᠢ ᠠᠭᠠᠭ ᠣᠮᠣᠭ ᠳᠦᠭᠦᠷᠡᠩ ᠨᠠᠰᠤᠨ ᠳᠡᠭᠡᠷ᠎ᠡ ᠪᠡᠨ ᠶᠠᠪᠤᠭ᠎ᠠ ᠪᠢᠯᠡ᠃ ᠴᠢᠩᠭᠢᠰ ᠬᠠᠭᠠᠨ ᠤ᠋ ᠶᠡᠬᠡ ᠲᠣᠷᠭᠠᠨ ᠴᠡᠷᠢᠭ ᠦ᠋ᠨ ᠬᠠᠮᠤᠭ ᠤ᠋ᠨ ᠰᠢᠯᠢᠳᠡᠭ ᠵᠠᠭᠤᠲᠤ ᠶ᠋ᠢ ᠵᠠᠬᠢᠷᠴᠤ ᠪᠤᠭᠤᠷᠴᠢ ᠶ᠋ᠢᠨ ᠳᠡᠷᠭᠡᠳᠡ ᠡᠴᠡ ᠠᠯᠬᠤᠮ ᠴᠤ᠌ ᠬᠣᠯᠠᠳᠬᠤ ᠦᠭᠡᠢ ᠶᠠᠪᠤᠭᠰᠠᠭᠠᠷ ᠤᠳᠠᠵᠠᠢ᠃ ᠬᠠᠷᠢᠨ ᠢᠩᠭᠢᠵᠦ ᠦᠷ ᠴᠥᠷ ᠢ᠋ᠶ᠋ᠡᠷ ᠳᠠᠭᠤᠳᠠᠭᠰᠠᠨ ᠳ᠋ᠤ᠌ ᠬᠡᠷᠡᠭᠡ ᠣᠭᠲᠣ ᠭᠠᠢᠬᠠᠭᠰᠠᠨ ᠦᠭᠡᠢ᠃ ᠡᠵᠢ ᠶ᠋ᠢ ᠪᠡᠨ ᠨᠠᠰᠤ ᠪᠠᠷᠠᠬᠤ ᠳ᠋ᠤ᠌ ᠬᠡᠷᠡᠭᠡ ᠶᠢᠰᠦᠨ ᠨᠠᠰᠤᠲᠠᠢ ᠪᠠᠢᠭᠰᠠᠨ ᠪᠥᠭᠡᠳ ᠬᠣᠢᠲᠤᠨ ᠵᠢᠯ ᠨᠢ ᠪᠤᠭᠤᠷᠴᠢ ᠲᠡᠭᠦᠨ ᠢ᠋ ᠳᠡᠷᠭᠡᠳᠡ ᠪᠡᠨ ᠠᠪᠴᠢᠷᠠᠵᠤ ᠰᠢᠳᠠᠷ ᠴᠡᠷᠢᠭ ᠢ᠋ᠶ᠋ᠡᠷ ᠢ᠋ᠶ᠋ᠡᠨ ᠮᠠᠯᠯᠠᠭᠤᠯᠵᠠᠢ᠃ ᠡᠴᠢᠭᠡ ᠨᠢ ᠬᠡᠨ ᠪᠣᠯᠬᠤ ᠶ᠋ᠢ ᠬᠡᠷᠡᠭᠡ ᠡᠬᠡ ᠡᠴᠡ ᠪᠡᠨ ᠠᠰᠠᠭᠤᠭᠰᠠᠨ ᠴᠤ᠌ ᠦᠭᠡᠢ᠂ ᠪᠠᠰᠠ ᠡᠬᠡ ᠨᠢ ᠬᠡᠷᠡᠭ ᠪᠣᠯᠭᠠᠵᠤ ᠬᠡᠯᠡᠭᠰᠡᠨ ᠦᠭᠡᠢ ᠥᠩᠭᠡᠷᠡᠵᠡᠢ᠃ ᠲᠡᠢᠮᠦ ᠤᠴᠢᠷ ᠠ᠋ᠴᠠ ᠬᠡᠷᠡᠭᠡ ᠡᠬᠡ ᠡᠴᠢᠭᠡ ᠶ᠋ᠢᠨ ᠡᠯᠪᠡᠷᠢᠯ ᠬᠠᠢᠷ᠎ᠠ ᠠ᠋ᠴᠠ ᠬᠣᠯᠠ ᠬᠥᠨᠳᠡᠢ ᠶᠠᠭ ᠯᠠ ᠡᠵᠡᠨ ᠦ᠌ ᠪᠡᠨ ᠲᠤᠷᠬᠢᠷᠠᠬᠤ ᠶ᠋ᠢ ᠬᠦᠯᠢᠶᠡᠭᠴᠢ ᠵᠠᠭᠤᠳᠠᠭ ᠨᠣᠬᠠᠢ ᠰᠢᠭ᠋ ᠪᠣᠯᠤᠨ ᠬᠥᠮᠦᠵᠢᠵᠡᠢ᠃ ᠬᠡᠷᠡᠭᠡ ᠳ᠋ᠦ᠍ ᠪᠤᠭᠤᠷᠴᠢ ᠡᠵᠡᠨ ᠦ᠌ ᠬᠢᠨᠢ ᠦᠭᠡ ᠵᠠᠷᠯᠢᠭ ᠠ᠋ᠴᠠ ᠡᠷᠬᠢᠮ ᠭᠡᠭᠡᠨ ᠵᠦᠢᠯ ᠡᠨᠡ ᠭᠠᠵᠠᠷ ᠳᠡᠭᠡᠷ᠎ᠡ ᠦᠭᠡᠢ ᠶᠦᠮ᠃ ᠪᠤᠭᠤᠷᠴᠢ ᠡᠵᠡᠨ ᠦ᠌ ᠪᠡᠨ ᠵᠠᠷᠯᠢᠭ ᠢ᠋ ᠪᠡᠶᠡᠯᠡᠭᠦᠯᠬᠦ ᠨᠢ ᠲᠡᠭᠦᠨ ᠦ᠌ ᠭᠠᠭᠴᠠ ᠬᠦᠰᠡᠯ ᠵᠢᠷᠭᠠᠯ ᠪᠢᠯᠡ᠃ ᠣᠳᠣ ᠴᠤ᠌ ᠲᠡᠢᠮᠦ ᠯᠡ ᠰᠡᠳᠬᠢᠯ ᠢ᠋ᠶ᠋ᠡᠷ ᠶᠠᠭᠤ ᠬᠡᠯᠡᠬᠦ ᠶ᠋ᠢ ᠨᠢ ᠬᠦᠯᠢᠶᠡᠨ ᠰᠠᠭᠤᠵᠤ ᠪᠠᠢᠪᠠ᠃ ᠪᠤᠭᠤᠷᠴᠢ ᠲᠡᠮᠦᠵᠢᠨ ᠦ᠌ ᠡᠨᠡ ᠨᠢᠭᠤᠴᠠ ᠬᠦᠦ ᠶ᠋ᠢ ᠤᠳᠠᠭᠠᠨ ᠠᠵᠢᠭᠯᠠᠪᠠ᠃ ᠬᠡᠷᠡᠭᠡ ᠡᠬᠡ ᠶ᠋ᠢ ᠪᠡᠨ ᠢᠯᠡᠭᠦᠦ ᠳᠠᠭᠤᠷᠢᠶᠠᠵᠠᠢ᠃ ᠬᠠᠷᠢᠨ ᠳᠣᠭᠣᠭᠰᠢ ᠲᠣᠩᠭᠣᠢᠨ ᠰᠠᠭᠤᠭ᠎ᠠ ᠶ᠋ᠢ ᠨᠢ ᠬᠠᠯᠲᠤ ᠬᠠᠷᠠᠪᠠᠯ ᠲᠡᠮᠦᠵᠢᠨ ᠦ᠌ ᠵᠠᠯᠠᠭᠤ ᠶ᠋ᠢᠨ ᠲᠥᠷᠬᠦ ᠲᠠᠨᠢᠭᠳᠠᠬᠤ ᠠᠵᠢ᠃ ᠬᠡᠷᠡᠭᠡ ᠪᠣᠯ ᠬᠤᠪᠢ ᠵᠠᠶᠠᠭ᠎ᠠ ᠦᠭᠡᠢ ᠬᠥᠪᠡᠭᠦᠨ ᠭᠡᠵᠦ ᠪᠤᠭᠤᠷᠴᠢ ᠲᠡᠭᠦᠨ ᠢ᠋ ᠦᠷᠭᠦᠯᠵᠢᠳᠡ ᠦᠷᠦ ᠡᠪᠡᠳᠦᠨ ᠪᠣᠳᠣᠳᠠᠭ ᠪᠢᠯᠡ᠃ ᠬᠡᠷᠪᠡ ᠬᠡᠷᠡᠭᠡ ᠶ᠋ᠢ ᠲᠡᠮᠦᠵᠢᠨ ᠦ᠌ ᠬᠥᠪᠡᠭᠦᠨ ᠭᠡᠳᠡᠭ ᠢ᠋ ᠪᠥᠷᠲᠡ ᠮᠡᠳᠡᠭᠰᠡᠨ ᠪᠣᠯ ᠲᠡᠷᠡ ᠠᠯᠢ ᠡᠷᠲᠡ ᠠᠯᠠᠭᠳᠠᠬᠤ ᠪᠠᠢᠭᠰᠠᠨ ᠭᠡᠳᠡᠭ ᠲᠦ᠍ ᠪᠤᠭᠤᠷᠴᠢ ᠣᠳᠣ ᠴᠤ᠌ ᠡᠷᠡᠭᠡᠯᠵᠡᠬᠦ ᠦᠭᠡᠢ ᠢᠲᠡᠭᠡᠭᠰᠡᠨ ᠬᠡᠪ ᠢ᠋ᠶ᠋ᠡᠷ ᠪᠠᠢᠪᠠ᠃ ᠲᠡᠢᠮᠦ ᠤᠴᠢᠷ ᠠ᠋ᠴᠠ ᠪᠤᠭᠤᠷᠴᠢ ᠬᠡᠷᠡᠭᠡ ᠶ᠋ᠢᠨ ᠬᠡᠨ ᠪᠣᠯᠬᠤ ᠶ᠋ᠢ ᠲᠠᠰᠤ ᠨᠢᠭᠤᠭᠰᠠᠨ ᠪᠥᠭᠡᠳ ᠣᠳᠣ ᠴᠤ᠌ ᠢᠯᠡᠴᠢᠯᠡᠬᠦ ᠶ᠋ᠢ ᠬᠦᠰᠡᠭᠰᠡᠨ ᠦᠭᠡᠢ᠃ ᠪᠤᠭᠤᠷᠴᠢ ᠲᠡᠮᠦᠵᠢᠨ ᠦ᠌ ᠬᠥᠪᠡᠭᠦᠨ ᠬᠡᠷᠡᠭᠡ ᠶ᠋ᠢ ᠡᠭᠦᠷᠢᠳᠡ ᠪᠤᠯᠢᠶᠠᠨ ᠠᠪᠬᠤ ᠪᠠᠷ ᠰᠢᠢᠳᠴᠡᠢ᠃ ᠪᠤᠭᠤᠷᠴᠢ ᠠᠵᠠ ᠵᠢᠷᠭᠠᠯᠲᠠᠢ ᠠᠮᠢᠳᠤᠷᠠᠬᠤ ᠶ᠋ᠢ ᠬᠦᠰᠡᠵᠦ ᠪᠠᠢᠪᠠ᠃
| ᠬᠡᠷᠡᠭᠡ ᠬᠥᠪᠡᠭᠦᠨ ᠮᠢᠨᠢ ᠰᠣᠨᠣᠰ᠃
ᠡᠨᠡ ᠬᠡᠳᠦᠨ ᠦᠭᠡ ᠶ᠋ᠢ ᠬᠣᠭᠣᠯᠠᠢ ᠳᠠᠪᠠᠭᠤᠯᠤᠨ ᠬᠡᠯᠡᠬᠦ ᠭᠡᠵᠦ ᠪᠤᠭᠤᠷᠴᠢ ᠴᠠᠢ ᠴᠢᠨᠠᠬᠤ ᠶ᠋ᠢᠨ ᠳᠠᠢᠲᠠᠢ ᠬᠤᠭᠤᠴᠠᠭᠠᠨ ᠳ᠋ᠤ᠌ ᠠᠮᠢᠰᠬᠤᠯ ᠲᠦᠭᠵᠢᠨ ᠰᠠᠭᠤᠪᠠ᠃ ᠡᠢᠮᠦ ᠦᠭᠡ ᠬᠡᠯᠡᠵᠦ ᠦᠵᠡᠭᠡ ᠦᠭᠡᠢ ᠳᠡᠭᠡᠷ᠎ᠡ ᠪᠠᠰᠠ ᠲᠡᠭᠦᠨ ᠦ᠌ ᠦᠭᠡ ᠶ᠋ᠢ ᠬᠡᠷᠡᠭᠡ ᠬᠡᠷᠬᠢᠨ ᠬᠦᠯᠢᠶᠡᠨ ᠠᠪᠬᠤ ᠨᠢ ᠡᠷᠡᠭᠡᠯᠵᠡᠭᠡ ᠲᠡᠢ ᠪᠠᠢᠭᠰᠠᠨ ᠨᠢ ᠲᠡᠭᠦᠨ ᠢ᠋ ᠢᠩᠭᠢᠵᠦ ᠰᠢᠨᠠᠯᠭᠠᠵᠠᠢ᠃ ᠬᠠᠷᠢᠨ ᠣᠳᠣ ᠨᠢᠭᠡᠨᠲᠡ ᠬᠡᠯᠡᠵᠦ ᠴᠢᠳᠠᠭᠠᠳ ᠰᠠᠨᠠᠭ᠎ᠠ ᠠᠮᠠᠷᠠᠵᠠᠢ᠃ ᠬᠡᠷᠡᠭᠡ ᠵᠠᠷᠯᠢᠭ ᠰᠣᠨᠣᠰᠳᠠᠭ ᠶᠣᠰᠣᠭᠠᠷ ᠢ᠋ᠶ᠋ᠠᠨ ᠲᠣᠩᠭᠣᠢᠨ ᠰᠠᠭᠤᠭᠰᠠᠭᠠᠷ ᠪᠠᠢᠭ᠎ᠠ ᠨᠢ ᠪᠣᠭᠤᠷᠴᠢ ᠳ᠋ᠤ᠌ ᠲᠡᠭᠦᠨ ᠦ᠌ ᠴᠢᠷᠠᠢ ᠵᠢᠰᠦ ᠬᠡᠷᠬᠢᠨ ᠬᠤᠪᠢᠷᠠᠬᠤ ᠶ᠋ᠢ ᠬᠠᠷᠠᠬᠤ ᠪᠣᠯᠤᠮᠵᠢ ᠣᠯᠭᠣᠭᠰᠠᠨ ᠦᠭᠡᠢ᠃ ᠪᠤᠭᠤᠷᠴᠢ ᠯᠠ ᠥᠪᠡᠷ ᠢ᠋ᠶ᠋ᠡᠨ ᠳᠣᠭᠳᠣᠯᠤᠨ ᠴᠡᠴᠡᠷᠡᠭᠰᠡᠭᠡᠷ ᠪᠠᠢᠵᠠᠢ᠃ ᠬᠡᠷᠡᠭᠡ ᠡᠵᠡᠨ ᠦ᠌ ᠪᠡᠨ ᠳᠠᠷᠠᠭ᠎ᠠ ᠶ᠋ᠢᠨ ᠦᠭᠡ ᠶ᠋ᠢ ᠬᠦᠯᠢᠶᠡᠨ ᠰᠠᠭᠤᠭᠰᠠᠨ ᠬᠡᠪ ᠢ᠋ᠶ᠋ᠡᠷ ᠠᠵᠢ᠃
| ᠬᠡᠷᠡᠭᠡ ᠴᠢ ᠡᠭᠦᠨ ᠡᠴᠡ ᠬᠣᠢᠰᠢ ᠪᠤᠤ ᠢᠩᠭᠢᠵᠦ ᠲᠣᠩᠭᠣᠢᠨ ᠰᠠᠭᠤ᠃
ᠪᠤᠭᠤᠷᠴᠢ ᠦᠭᠡ ᠪᠡᠨ ᠦᠷᠭᠦᠯᠵᠢᠯᠡᠭᠦᠯᠵᠦ ᠴᠢᠳᠠᠯ ᠦᠭᠡᠢ ᠲᠠᠰᠤᠯᠵᠠᠢ᠃ ᠤᠴᠢᠷ ᠨᠢ ᠬᠡᠷᠡᠭᠡ ᠲᠣᠯᠣᠭᠠᠢ ᠡᠷᠭᠦᠨ ᠲᠡᠭᠦᠨ ᠢ᠋ ᠡᠭᠴᠡ ᠰᠢᠷᠳᠡᠵᠡᠢ᠃ ᠬᠡᠷᠡᠭᠡ ᠶ᠋ᠢᠨ ᠬᠠᠷᠠᠴᠠᠨ ᠳ᠋ᠤ᠌ ᠭᠠᠢᠬᠠᠭᠰᠠᠨ ᠰᠢᠨᠵᠢ ᠢᠯᠡᠷᠡᠨ᠎ᠡ᠃ ᠪᠤᠭᠤᠷᠴᠢ ᠲᠡᠭᠦᠨ ᠦ᠌ ᠡᠨᠡ ᠬᠠᠷᠠᠴᠠ ᠠ᠋ᠴᠠ ᠴᠣᠴᠢᠵᠤ ᠪᠦᠷ ᠲᠦᠭᠰᠢᠨ ᠨᠢᠳᠦ ᠪᠤᠷᠤᠭᠤᠯᠠᠵᠠᠢ᠃ ᠤᠴᠢᠷ ᠨᠢ ᠲᠡᠭᠦᠨ ᠦ᠌ ᠥᠭᠡᠳᠡ ᠡᠴᠡ ᠬᠣᠷᠢᠨ ᠨᠠᠰᠤᠲᠠᠢ ᠲᠡᠮᠦᠵᠢᠨ ᠰᠢᠷᠲᠡᠵᠦ ᠪᠠᠢᠬᠤ ᠰᠢᠭ᠋ ᠦᠵᠡᠭᠳᠡᠵᠡᠢ᠃ ᠭᠡᠪᠡᠴᠦ ᠪᠤᠭᠤᠷᠴᠢ ᠳ᠋ᠤ᠌ ᠰᠠᠨᠠᠭᠠᠨ ᠡᠴᠡ ᠪᠡᠨ ᠤᠬᠤᠷᠢᠬᠤ ᠬᠦᠰᠡᠯ ᠲᠥᠷᠥᠭᠰᠡᠨ ᠦᠭᠡᠢ᠃ ᠲᠡᠭᠡᠭᠡᠳ ᠬᠡᠷᠡᠭᠡ ᠶ᠋ᠢ ᠡᠭᠴᠡ ᠰᠢᠷᠲᠡᠵᠦ ᠪᠠᠢᠭᠠᠳ᠄
| ᠬᠥᠪᠡᠭᠦᠨ ᠮᠢᠨᠢ᠂ ᠴᠢ ᠮᠢᠨᠦ ᠬᠡᠯᠡᠬᠦ ᠶ᠋ᠢ ᠰᠣᠨᠣᠰ᠂ ᠴᠢ ᠪᠣᠯ ᠮᠢᠨᠦ ᠲᠥᠷᠥᠭᠰᠡᠨ ᠬᠥᠪᠡᠭᠦᠨ ᠶᠦᠮ᠃ ᠡᠬᠡ ᠴᠢᠨᠢ ᠴᠢᠮ᠎ᠠ ᠳ᠋ᠤ᠌ ᠯᠠᠪ ᠡᠨᠡ ᠲᠤᠬᠠᠢ ᠬᠡᠯᠡᠭᠡ ᠦᠭᠡᠢ ᠪᠢᠵᠡ᠃ ᠣᠳᠣ ᠴᠢ ᠨᠢᠭᠡᠨᠲᠡ ᠨᠠᠰᠤ ᠪᠡᠶ᠎ᠡ ᠵᠢᠭᠰᠠᠵᠤ᠂ ᠤᠬᠠᠭᠠᠨ ᠴᠢᠨᠢ ᠲᠡᠭᠰᠢᠷᠡᠵᠡᠢ᠃ ᠡᠨᠡ ᠡᠳᠦᠷ ᠡᠴᠡ ᠬᠣᠢᠰᠢ ᠴᠢ ᠴᠢᠩᠭᠢᠰ ᠬᠠᠭᠠᠨ ᠤ᠋ ᠰᠢᠳᠠᠷ ᠰᠠᠢᠳ ᠪᠤᠭᠤᠷᠴᠢ ᠶ᠋ᠢᠨ ᠬᠥᠪᠡᠭᠦᠨ ᠮᠡᠲᠦ ᠶᠠᠪᠤᠭᠲᠤᠨ᠃ ᠪᠢ ᠬᠥᠭᠰᠢᠷᠡᠵᠦ ᠪᠠᠢᠨ᠎ᠠ᠃ ᠬᠠᠷᠢᠨ ᠬᠡᠷᠡᠭᠡ ᠴᠢ ᠵᠠᠯᠮ᠎ᠠ ᠶ᠋ᠢᠨ ᠬᠥᠪᠡᠭᠦᠨ ᠶᠢᠰᠦᠨᠲᠡᠢ ᠶ᠋ᠢᠨ ᠠᠳᠠᠯᠢ ᠡᠴᠢᠭᠡ ᠪᠡᠨ ᠵᠠᠯᠭᠠᠮᠵᠢᠯᠠᠬᠤ ᠪᠣᠯᠤᠨ᠎ᠠ᠃ ᠪᠢ ᠴᠢᠨᠦ ᠲᠤᠬᠠᠢ ᠴᠢᠩᠭᠢᠰ ᠬᠠᠭᠠᠨ ᠳ᠋ᠤ᠌ ᠠᠢᠯᠠᠳᠬᠠᠵᠤ ᠴᠢᠮᠠᠶ᠋ᠢ ᠥᠪᠡᠷ ᠦ᠋ᠨ ᠳᠣᠣᠷ᠎ᠠ ᠮᠢᠩᠭᠠᠨ ᠤ᠋ ᠨᠣᠶᠠᠨ ᠢ᠋ᠶ᠋ᠠᠷ ᠡᠷᠭᠦᠮᠵᠢᠯᠡᠨ᠎ᠡ᠃ ᠴᠢ ᠮᠢᠨᠦ ᠦᠬᠦᠭᠰᠡᠨ ᠦ᠌ ᠳᠠᠷᠠᠭ᠎ᠠ ᠠᠯᠲᠠᠢ ᠶ᠋ᠢᠨ ᠲᠦᠮᠡᠨ ᠢ᠋ᠶ᠋ᠡᠨ ᠵᠠᠬᠢᠷᠴᠤ ᠡᠴᠢᠭᠡ ᠪᠡᠨ ᠵᠠᠯᠭᠠᠮᠵᠢᠯᠠᠨ ᠰᠠᠭᠤᠵᠤ ᠦᠷ᠎ᠡ ᠬᠡᠦᠬᠡᠳ ᠴᠢᠨᠢ ᠴᠦ᠍ ᠡᠨᠡ ᠮᠡᠲᠦ ᠪᠡᠷ ᠶᠠᠪᠤᠬᠤ ᠪᠣᠯᠤᠨ᠎ᠠ᠃ ᠪᠤᠭᠤᠷᠴᠢ ᠮᠢᠨᠦ ᠦᠷ᠎ᠡ ᠤᠳᠤᠮ ᠦᠶ᠎ᠡ ᠶ᠋ᠢᠨ ᠦᠶ᠎ᠡ ᠳ᠋ᠦ᠍ ᠲᠠᠰᠤᠷᠠᠬᠤ ᠦᠭᠡᠢ ᠮᠥᠩᠬᠡ ᠦᠷᠭᠦᠯᠵᠢᠯᠡᠬᠦ ᠪᠣᠯᠤᠨ᠎ᠠ ᠭᠡᠵᠦ ᠰᠥᠨᠢᠵᠢᠨ ᠪᠣᠳᠣᠭᠰᠠᠨ ᠦᠭᠡ ᠪᠡᠨ ᠬᠡᠯᠡᠵᠦ ᠰᠠᠨᠠᠭ᠎ᠠ ᠠᠮᠠᠷᠠᠭᠠᠳ ᠲᠣᠯᠣᠭᠠᠢ ᠡᠷᠭᠦᠪᠡᠯ ᠬᠡᠷᠡᠭᠡ ᠶ᠋ᠢᠨ ᠨᠢᠯᠪᠤᠰᠤ ᠮᠡᠯᠲᠡᠷᠡᠭᠰᠡᠨ ᠨᠢᠳᠦ ᠶ᠋ᠢ ᠣᠯᠵᠤ ᠬᠠᠷᠠᠵᠠᠢ᠃ ᠪᠤᠭᠤᠷᠴᠢ ᠶ᠋ᠢᠨ ᠵᠢᠷᠦᠬᠡᠨ ᠦ᠌ ᠤᠭ ᠲᠤ᠌ ᠨᠢᠭᠡ ᠤᠲᠠᠰᠤ ᠳᠤᠭᠭᠢᠨ ᠳᠤᠤᠭᠠᠷᠴᠤ ᠲᠠᠰᠤᠷᠠᠬᠤ ᠰᠢᠭ᠋ ᠪᠣᠯᠤᠭᠠᠳ ᠨᠢᠯᠪᠤᠰᠤ ᠨᠢ ᠰᠤᠯᠠ ᠠᠰᠬᠠᠷᠠᠭᠠᠳ ᠥᠪᠡᠷ ᠢ᠋ᠶ᠋ᠡᠨ ᠴᠦ᠍ ᠮᠠᠲᠠᠯ ᠦᠭᠡᠢ ᠭᠠᠷ ᠢ᠋ᠶ᠋ᠠᠨ ᠰᠤᠩᠭᠠᠵᠤ᠂
| ᠬᠥᠪᠡᠭᠦᠨ ᠮᠢᠨᠢ᠂ ᠨᠠᠭᠠᠰᠢ ᠢᠷ᠎ᠡ ᠭᠡᠵᠦ ᠰᠢᠪᠡᠨᠡᠵᠡᠢ᠃
ᠬᠡᠷᠡᠭᠡ ᠬᠡᠦᠬᠡᠳ ᠠᠳᠠᠯᠢ ᠮᠥᠯᠬᠥᠨ ᠢᠷᠡᠭᠡᠳ ᠪᠤᠭᠤᠷᠴᠢ ᠶ᠋ᠢᠨ ᠡᠪᠦᠳᠦᠭ ᠢ᠋ ᠲᠡᠪᠡᠷᠢᠭᠡᠳ ᠭᠠᠰᠢᠭᠤᠨ ᠢ᠋ᠶ᠋ᠠᠷ ᠪᠠᠷᠬᠢᠷᠠᠨ ᠤᠬᠢᠯᠠᠵᠤ᠂
| ᠠᠪᠤ ᠮᠢᠨᠢ᠂ ᠲᠠ ᠶᠠᠭᠤᠨ ᠤ᠋ ᠤᠴᠢᠷ ᠨᠠᠮᠠᠶ᠋ᠢ ᠢᠩᠭᠢᠵᠦ ᠤᠳᠠᠭᠠᠨ ᠵᠠᠯᠬᠠᠭᠠᠭᠰᠠᠨ ᠶᠤᠮ ᠪᠣᠢ ᠭᠡᠵᠦ ᠰᠢᠪᠡᠨᠡᠭᠰᠡᠭᠡᠷ ᠪᠠᠢᠵᠢ᠃ ᠬᠠᠲᠠᠭᠤ ᠪᠡᠷᠬᠡ ᠬᠥᠮᠦᠵᠢᠯ ᠲᠡᠢ ᠬᠡᠷᠡᠭᠡ ᠶ᠋ᠢ ᠢᠩᠭᠢᠵᠦ ᠤᠬᠢᠯᠠᠨ᠎ᠠ ᠭᠡᠵᠦ ᠰᠠᠨᠠᠭ᠎ᠠ ᠦᠭᠡᠢ ᠤᠴᠢᠷ ᠪᠤᠭᠤᠷᠴᠢ ᠲᠤᠢᠯ ᠤ᠋ᠨ ᠶᠡᠬᠡ ᠪᠡᠷ ᠰᠠᠨᠳᠤᠷᠴᠤ ᠪᠦᠷ ᠶᠠᠭᠠᠬᠢᠬᠤ ᠴᠤ᠌ ᠤᠴᠢᠷ ᠢ᠋ᠶ᠋ᠠᠨ ᠣᠯᠣᠯ ᠦᠭᠡᠢ ᠲᠠᠭ ᠰᠠᠭᠤᠵᠠᠢ᠃ ᠭᠡᠪᠡᠴᠦ ᠲᠡᠳᠡ ᠬᠤᠷᠳᠤᠨ ᠲᠠᠢᠪᠤᠰᠢᠷᠠᠵᠠᠢ᠃ ᠬᠡᠷᠡᠭᠡ ᠶ᠋ᠢᠨ ᠡᠨᠡ ᠨᠢᠯᠪᠤᠰᠤ᠂ ᠢᠲᠡᠭᠡᠯ ᠪᠤᠭᠤᠷᠴᠢ ᠶ᠋ᠢ ᠨᠢᠭᠡᠮᠦᠰᠦᠨ ᠡᠵᠡᠮᠳᠡᠵᠦ᠂ ᠣᠳᠣ ᠲᠡᠷᠡ ᠬᠡᠷᠡᠭᠡ ᠶ᠋ᠢ ᠥᠪᠡᠷ ᠦ᠋ᠨ ᠲᠥᠷᠥᠭᠰᠡᠨ ᠬᠥᠪᠡᠭᠦᠨ ᠭᠡᠳᠡᠭ ᠲᠦ᠍ ᠪᠠᠲᠤ ᠢᠲᠡᠭᠡᠯᠲᠡᠢ ᠪᠣᠯᠵᠠᠢ᠃ ᠪᠤᠭᠤᠷᠴᠢ ᠠᠵᠠ ᠵᠢᠷᠭᠠᠯᠲᠠᠢ ᠪᠠᠢᠯ᠎ᠠ᠃ ᠬᠥᠪᠡᠭᠦᠨ ᠦᠷ᠎ᠡ ᠲᠡᠢ ᠪᠠᠢᠬᠤ ᠭᠡᠳᠡᠭ ᠬᠡᠴᠢᠨᠡᠨ ᠶᠡᠬᠡ ᠬᠤᠪᠢ ᠵᠣᠬᠢᠶᠠᠯ ᠪᠣᠯᠬᠤ ᠶ᠋ᠢ ᠪᠤᠭᠤᠷᠴᠢ ᠢᠩᠭᠢᠵᠦ ᠨᠢᠭᠡ ᠦᠵᠡᠵᠦ ᠮᠡᠳᠡᠷᠡᠵᠡᠢ᠃ ᠣᠳᠣ ᠲᠡᠭᠦᠨ ᠦ᠌ ᠥᠩᠭᠡᠷᠡᠭᠦᠯᠦᠭᠰᠡᠨ ᠪᠣᠯᠤᠭᠠᠳ ᠦᠯᠡᠳᠡᠭᠰᠡᠨ ᠠᠮᠢᠳᠤᠷᠠᠯ ᠤ᠋ᠨ ᠵᠣᠷᠢᠯᠭ᠎ᠠ ᠤᠳᠬ᠎ᠠ᠂ ᠨᠠᠷᠠ ᠲᠠᠢ ᠡᠳᠦᠷ ᠮᠡᠲᠦ ᠲᠣᠳᠣ ᠲᠣᠮᠣᠷᠠᠭᠤᠨ ᠪᠣᠯᠪᠠ᠃
ᠬᠡᠷᠡᠭᠡ ᠶ᠋ᠢᠨ ᠠᠵᠠ ᠵᠢᠷᠭᠠᠯ ᠳ᠋ᠤ᠌ ᠬᠡᠮᠵᠢᠶ᠎ᠡ ᠪᠠᠢᠭᠰᠠᠨ ᠦᠭᠡᠢ᠃ ᠠᠩᠬ᠎ᠠ ᠠᠷᠪᠠᠨ ᠨᠠᠰᠤᠲᠠᠢ ᠳ᠋ᠤᠨᠢ ᠳᠠᠭᠠᠭᠤᠯᠤᠨ ᠶᠠᠪᠤᠭᠰᠠᠨ ᠪᠤᠭᠤᠷᠴᠢ ᠡᠵᠡᠨ ᠨᠢ ᠡᠴᠢᠭᠡ ᠨᠢ ᠪᠠᠢᠭᠠᠰᠠᠢ ᠭᠡᠰᠡᠨ ᠳᠠᠯᠳᠠ ᠬᠦᠰᠡᠯ ᠰᠡᠳᠬᠢᠯ ᠢ᠋ ᠨᠢ ᠨᠡᠪᠲᠡ ᠡᠵᠡᠮᠳᠡᠭᠰᠡᠭᠡᠷ ᠢᠷᠡᠭᠰᠡᠨ ᠢ᠋ ᠬᠡᠷᠡᠭᠡ ᠥᠪᠡᠷ ᠢ᠋ᠶ᠋ᠡᠨ ᠴᠦ᠍ ᠮᠡᠳᠡᠬᠦ ᠦᠭᠡᠢ ᠶᠠᠪᠤᠭᠰᠠᠨ ᠨᠢ ᠪᠤᠭᠤᠷᠴᠢ ᠶ᠋ᠢᠨ ᠦᠭᠡ ᠶ᠋ᠢ ᠰᠣᠨᠣᠰᠤᠭᠠᠳ ᠲᠡᠭᠡᠵᠦ ᠪᠠᠬᠠᠷᠳᠠᠨ ᠪᠠᠶᠠᠷᠯᠠᠬᠤ ᠳ᠋ᠤ᠌ ᠬᠦᠷᠭᠡᠵᠡᠢ᠃ ᠬᠠᠲᠠᠭᠤ ᠬᠠᠷᠭᠢᠰ᠂ ᠬᠠᠢᠷ᠎ᠠ ᠡᠨᠡᠷᠢᠯ ᠦᠭᠡᠢ ᠰᠡᠳᠬᠢᠯ᠂ ᠬᠥᠮᠦᠵᠢᠯ ᠨᠢ ᠨᠢᠭᠡᠨ ᠮᠥᠴᠡ ᠶ᠋ᠢᠨ ᠳᠣᠲᠣᠷ᠎ᠠ ᠵᠥᠭᠡᠯᠡᠷᠡᠨ ᠥᠭᠡᠷᠡᠴᠢᠯᠡᠭᠳᠡᠵᠦ ᠲᠡᠷᠡ ᠥᠭᠡᠷ᠎ᠡ ᠬᠥᠮᠦᠨ ᠪᠣᠯᠤᠨ ᠬᠤᠪᠢᠷᠠᠵᠤ ᠪᠠᠢᠬᠤ ᠨᠢ ᠬᠡᠷᠡᠭᠡ ᠳ᠋ᠦ᠍ ᠲᠣᠳᠣ ᠮᠡᠳᠡᠷᠡᠭᠳᠡᠭᠰᠡᠨ ᠪᠢᠯᠡ᠃ ᠬᠥᠮᠦᠨ ᠦ᠌ ᠦᠷ᠎ᠡ ᠶ᠋ᠢ ᠴᠢᠨᠣ᠎ᠠ ᠶ᠋ᠢᠨ ᠡᠭᠦᠷ ᠲᠦ᠍ ᠠᠪᠠᠴᠢᠵᠤ ᠬᠠᠶᠠᠯ᠎ᠠ ᠴᠤ᠌ ᠲᠡᠭᠦᠨ ᠦ᠌ ᠰᠡᠳᠬᠢᠯ ᠡᠴᠡ ᠡᠬᠡ ᠡᠴᠢᠭᠡ ᠪᠡᠨ ᠬᠠᠢᠷᠠᠯᠠᠵᠤ ᠬᠦᠰᠡᠬᠦ ᠳᠠᠳᠤᠯ ᠨᠢ ᠬᠡᠵᠢᠶ᠎ᠡ ᠴᠦ᠍ ᠦᠯᠦ ᠠᠷᠢᠯᠬᠤ ᠶ᠋ᠢᠨ ᠠᠳᠠᠯᠢ ᠬᠠᠷ᠎ᠠ ᠨᠢᠯᠬ᠎ᠠ ᠠ᠋ᠴᠠ ᠲᠢᠭ ᠴᠢᠩᠭ᠎ᠠ ᠴᠡᠷᠢᠭ ᠦ᠋ᠨ ᠠᠮᠢᠳᠤᠷᠠᠯ ᠳ᠋ᠤ᠌ ᠨᠤᠬᠤᠯᠠᠭᠳᠠᠭᠰᠠᠨ ᠴᠤ᠌ ᠡᠬᠡ ᠡᠴᠢᠭᠡ ᠪᠡᠨ ᠬᠦᠰᠡᠮᠵᠢᠯᠡᠬᠦ᠂ ᠡᠷᠬᠡᠯᠡᠵᠦ ᠦᠨᠦᠰᠦᠭᠦᠯᠬᠦ ᠬᠡᠦᠬᠡᠳ ᠵᠠᠩ ᠨᠢ ᠬᠡᠷᠡᠭᠡ ᠡᠴᠡ ᠣᠭᠲᠣᠬᠠᠨ ᠴᠤ᠌ ᠬᠠᠶᠠᠭᠳᠠᠭᠰᠠᠨ ᠦᠭᠡᠢ ᠬᠠᠷᠢᠨ ᠴᠤ᠌ ᠰᠡᠳᠬᠢᠯ ᠦ᠋ᠨ ᠭᠦᠨ ᠳ᠋ᠦ᠍ ᠤᠯᠠᠮ ᠬᠦᠴᠦᠲᠡᠢ ᠪᠣᠯᠤᠭᠰᠠᠭᠠᠷ ᠢᠷᠡᠭᠰᠡᠨ ᠢ᠋ ᠥᠪᠡᠷ ᠢ᠋ᠶ᠋ᠡᠨ ᠴᠦ᠍ ᠮᠡᠳᠡᠭᠰᠡᠨ ᠦᠭᠡᠢ ᠪᠢᠯᠡ᠃ ᠬᠠᠷᠢᠨ ᠪᠤᠭᠤᠷᠴᠢ ᠬᠡᠷᠡᠭ ᠦ᠋ᠨ ᠤᠴᠢᠷ ᠢ᠋ ᠤᠳᠠᠭᠠᠰᠢᠷᠠᠭᠤᠯᠵᠤ ᠥᠪᠡᠷ ᠢ᠋ ᠪᠡᠨ ᠵᠣᠪᠠᠭᠠᠬᠤ ᠶ᠋ᠢ ᠬᠦᠰᠡᠭᠰᠡᠨ ᠦᠭᠡᠢ ᠲᠤᠯᠠ ᠬᠡᠷᠡᠭᠡ ᠶ᠋ᠢᠨ ᠲᠤᠬᠠᠢ ᠴᠢᠩᠭᠢᠰ ᠬᠠᠭᠠᠨ ᠳ᠋ᠤ᠌ ᠲᠡᠷᠡ ᠡᠳᠦᠷ ᠢ᠋ᠶ᠋ᠡᠨ ᠮᠡᠳᠡᠭᠦᠯᠵᠡᠢ᠃ ᠬᠡᠳᠦᠢ ᠪᠡᠷ ᠡᠨᠡ ᠣᠯᠠᠨ ᠵᠢᠯ ᠥᠪᠡᠷ ᠦ᠋ᠨ ᠲᠥᠷᠥᠭᠰᠡᠨ ᠦᠷ᠎ᠡ ᠶ᠋ᠢ ᠬᠡᠯᠡ ᠴᠢᠮᠡᠭᠡ ᠦᠭᠡᠢ ᠳᠠᠷᠤᠭᠳᠠᠭᠤᠯᠤᠨ ᠶᠠᠪᠤᠭᠰᠠᠨ ᠤ᠋ ᠤᠴᠢᠷ ᠢ᠋ ᠪᠤᠭᠤᠷᠴᠢ ᠢᠲᠡᠭᠡᠵᠦ ᠦᠨᠡᠮᠰᠢᠬᠦ ᠪᠡᠷ ᠲᠠᠢᠯᠪᠤᠷᠢᠯᠠᠭᠠ ᠦᠭᠡᠢ ᠴᠦ᠍ ᠴᠢᠩᠭᠢᠰ ᠬᠠᠭᠠᠨ ᠮᠥᠨ ᠯᠡ ᠪᠤᠭᠤᠷᠴᠢ ᠶ᠋ᠢᠨ ᠠᠳᠠᠯᠢ ᠳᠣᠭᠳᠣᠯᠤᠨ ᠬᠥᠭᠡᠷᠴᠡᠢ᠃ ᠴᠢᠩᠭᠢᠰ ᠬᠠᠭᠠᠨ ᠪᠤᠭᠤᠷᠴᠢ ᠶ᠋ᠢ ᠠᠵᠠ ᠵᠢᠷᠭᠠᠯᠲᠠᠢ ᠪᠠᠢᠭᠠᠰᠠᠢ ᠭᠡᠵᠦ ᠦᠨᠡᠨ ᠰᠡᠳᠬᠢᠯ ᠡᠴᠡ ᠪᠡᠨ ᠬᠦᠰᠡᠬᠦ ᠤᠴᠢᠷ ᠳᠠᠷᠤᠢ ᠬᠡᠷᠡᠭᠡ ᠶ᠋ᠢ ᠳᠠᠭᠤᠳᠠᠨ ᠢᠷᠡᠭᠦᠯᠵᠡᠢ᠃ ᠬᠡᠷᠡᠭᠡ ᠬᠡᠵᠢᠶ᠎ᠡ ᠴᠦ᠍ ᠴᠢᠩᠭᠢᠰ ᠬᠠᠭᠠᠨ ᠳ᠋ᠤ᠌ ᠢᠩᠭᠢᠵᠦ ᠪᠡᠶ᠎ᠡ ᠪᠡᠷ ᠪᠠᠷᠠᠯᠬᠠᠵᠤ ᠪᠠᠢᠭᠰᠠᠨ ᠦᠭᠡᠢ ᠲᠤᠯᠠ ᠶᠡᠬᠡ ᠪᠠᠯᠠᠮᠠᠭᠳᠠᠵᠠᠢ᠃ ᠬᠠᠷᠢᠨ ᠴᠢᠩᠭᠢᠰ ᠬᠠᠭᠠᠨ ᠬᠡᠷᠡᠭᠡ ᠶ᠋ᠢ ᠦᠵᠡᠮᠡᠭᠴᠡ ᠪᠡᠨ ᠲᠡᠭᠦᠨ ᠢ᠋ ᠪᠤᠭᠤᠷᠴᠢ ᠶ᠋ᠢᠨ ᠦᠷ᠎ᠡ ᠭᠡᠳᠡᠭ ᠲᠦ᠍ ᠡᠷᠡᠭᠡᠯᠵᠡᠬᠦ ᠦᠭᠡᠢ ᠢᠲᠡᠭᠡᠵᠡᠢ᠃ ᠲᠠᠨᠢᠯ ᠳᠣᠲᠣᠨᠣ ᠲᠥᠷᠬᠦ ᠲᠡᠢ ᠨᠢᠳᠦᠨ ᠳ᠋ᠦ᠍ ᠳᠤᠯᠠᠭᠠᠬᠠᠨ ᠴᠢᠷᠠᠢ ᠲᠠᠢ ᠲᠡᠷᠡ ᠵᠠᠯᠠᠭᠤ ᠲᠡᠭᠦᠨ ᠦ᠌ ᠦᠨᠡᠨᠴᠢ ᠨᠥᠬᠥᠷ ᠪᠤᠭᠤᠷᠴᠢ ᠶ᠋ᠢᠨ ᠬᠥᠪᠡᠭᠦᠨ ᠪᠠᠢᠬᠤ ᠠ᠋ᠴᠠ ᠥᠭᠡᠷ᠎ᠡ ᠠᠷᠭ᠎ᠠ ᠪᠠᠢᠭᠰᠠᠨ ᠦᠭᠡᠢ᠃ ᠬᠡᠷᠡᠭᠡ ᠶ᠋ᠢ ᠦᠵᠡᠭᠡᠳ ᠴᠢᠩᠭᠢᠰ ᠬᠠᠭᠠᠨ ᠤ᠋ ᠪᠠᠶᠠᠷ ᠪᠠᠬᠠᠳᠤᠯ ᠤᠯᠠᠮ ᠨᠡᠮᠡᠭᠳᠡᠵᠡᠢ᠃ ᠪᠤᠭᠤᠷᠴᠢ ᠴᠤ᠌ ᠴᠢᠩᠭᠢᠰ ᠬᠠᠭᠠᠨ ᠢ᠋ ᠢᠲᠡᠭᠡᠭᠦᠯᠵᠦ ᠴᠢᠳᠠᠭᠰᠠᠨ ᠳ᠋ᠠᠭᠠᠨ ᠲᠠᠢᠪᠤᠰᠢᠷᠠᠨ ᠪᠠᠶᠠᠷᠯᠠᠵᠠᠢ᠃
| ᠴᠢᠨᠦ ᠡᠴᠢᠭᠡ ᠪᠤᠭᠤᠷᠴᠢ ᠪᠣᠯ ᠳᠡᠭᠡᠳᠦ ᠲᠩᠷᠢ ᠡᠴᠡ ᠨᠠᠳᠠᠳᠤ ᠬᠤᠪᠢᠶᠠᠵᠤ ᠥᠭᠭᠦᠭᠰᠡᠨ ᠮᠢᠨᠦ ᠭᠠᠭᠴᠠ ᠦᠨᠡᠨᠴᠢ ᠨᠥᠬᠥᠷ ᠮᠢᠨᠢ ᠶᠦᠮ᠃ ᠪᠢ ᠪᠤᠭᠤᠷᠴᠢ ᠪᠣᠯᠤᠨ ᠪᠤᠰᠤᠳ ᠨᠥᠬᠥᠳ ᠦ᠋ᠨ ᠬᠦᠴᠦ ᠪᠡᠷ ᠡᠨᠡ ᠶᠡᠬᠡ ᠤᠯᠤᠰ ᠢ᠋ ᠪᠠᠢᠭᠤᠯᠤᠯ᠎ᠠ᠃ ᠬᠠᠷᠢᠨ ᠴᠢ ᠪᠤᠭᠤᠷᠴᠢ ᠡᠴᠢᠭᠡ ᠪᠡᠨ ᠵᠠᠯᠭᠠᠮᠵᠢᠯᠠᠨ ᠮᠢᠨᠦ ᠲᠥᠯᠥᠭᠡ ᠵᠢᠳᠬᠦᠭᠲᠦᠨ᠃ ᠪᠢ ᠴᠢᠮᠠᠶ᠋ᠢ ᠶᠡᠬᠡ ᠲᠣᠷᠭᠠᠨ ᠴᠡᠷᠢᠭ ᠦ᠋ᠨ ᠮᠢᠩᠭᠠᠨ ᠤ᠋ ᠨᠣᠶᠠᠨ ᠢ᠋ᠶ᠋ᠠᠷ ᠡᠷᠭᠦᠮᠵᠢᠯᠡᠵᠦ ᠰᠠᠢᠨ ᠡᠴᠢᠭᠡ ᠶ᠋ᠢᠨ ᠢ᠋ᠶ᠋ᠡᠨ ᠬᠤᠪᠢ ᠬᠡᠰᠢᠭ ᠢ᠋ ᠦᠶ᠎ᠡ ᠶ᠋ᠢᠨ ᠦᠶ᠎ᠡ ᠳ᠋ᠦ᠍᠂ ᠦᠷ᠎ᠡ ᠶ᠋ᠢᠨ ᠦᠷ᠎ᠡ ᠳ᠋ᠦ᠍ ᠡᠵᠡᠮᠰᠢᠵᠦ ᠶᠠᠪᠤᠬᠤ ᠵᠠᠷᠯᠢᠭ ᠪᠠᠭᠤᠯᠭᠠᠶ᠎ᠠ ᠭᠡᠵᠦ ᠴᠢᠩᠭᠢᠰ ᠬᠠᠭᠠᠨ ᠪᠠᠬᠠᠷᠬᠠᠯ ᠲᠠᠢ ᠬᠡᠯᠡᠵᠡᠢ᠃
ᠴᠢᠩᠭᠢᠰ ᠬᠠᠭᠠᠨ ᠤ᠋ ᠡᠨᠡ ᠵᠠᠷᠯᠢᠭ ᠢ᠋ ᠰᠢᠭᠢᠬᠤᠲᠤᠭ ᠲᠡᠷᠡ ᠡᠳᠦᠷ ᠲᠤᠨᠢ ᠣᠯᠠᠨ ᠳ᠋ᠤ᠌ ᠲᠤᠩᠬᠠᠭᠯᠠᠭᠰᠠᠨ ᠪᠥᠭᠡᠳ ᠡᠨᠡ ᠡᠳᠦᠷ ᠡᠴᠡ ᠡᠬᠢᠯᠡᠨ ᠪᠤᠭᠤᠷᠴᠢ ᠪᠣᠯᠤᠨ ᠬᠡᠷᠡᠭᠡ ᠶ᠋ᠢᠨ ᠰᠢᠨ᠎ᠡ ᠠᠵᠠ ᠵᠢᠷᠭᠠᠯᠲᠠᠢ ᠠᠮᠢᠳᠤᠷᠠᠯ ᠡᠬᠢᠯᠡᠭᠰᠡᠨ ᠪᠢᠯᠡ᠃ ᠶᠠᠭᠤᠮ᠎ᠠ ᠢᠩᠭᠢᠵᠦ ᠰᠠᠨᠠᠭᠠᠨ ᠳ᠋ᠤ᠌ ᠣᠷᠣᠮ᠎ᠠ ᠦᠭᠡᠢ ᠪᠡᠷ ᠬᠤᠷᠳᠤᠨ ᠲᠡᠭᠡᠬᠦ ᠳ᠋ᠡᠭᠡᠨ ᠡᠢᠮᠦ ᠰᠠᠢᠨ ᠰᠠᠢᠬᠠᠨ ᠢ᠋ᠶ᠋ᠠᠷ ᠬᠤᠪᠢᠷᠠᠵᠤ ᠥᠭᠡᠷᠡᠴᠢᠯᠡᠭᠳᠡᠨ᠎ᠡ ᠭᠡᠵᠦ ᠪᠤᠭᠤᠷᠴᠢ ᠰᠠᠨᠠᠭᠰᠠᠨ ᠦᠭᠡᠢ᠃ ᠪᠠᠰᠠ ᠬᠡᠷᠡᠭᠡ ᠶ᠋ᠢᠨ ᠣᠯᠠᠨ ᠣᠯᠠᠨ ᠠᠰᠠᠭᠤᠯᠲᠠ ᠳ᠋ᠤ᠌ ᠬᠠᠷᠢᠭᠤ ᠥᠭᠴᠦ ᠥᠪᠡᠷ ᠦ᠋ᠨ ᠦᠵᠡᠭᠡ ᠦᠭᠡᠢ ᠠᠮᠢᠳᠤᠷᠠᠯ ᠢ᠋ ᠵᠣᠬᠢᠶᠠᠨ ᠶᠠᠷᠢᠬᠤ ᠬᠡᠷᠡᠭ ᠪᠤᠭᠤᠷᠴᠢ ᠳ᠋ᠤ᠌ ᠲᠤᠯᠭᠠᠷᠠᠵᠠᠢ᠃ ᠡᠬᠡ ᠲᠡᠢ ᠨᠢ ᠬᠡᠷᠬᠢᠨ ᠤᠴᠠᠷᠠᠭᠰᠠᠨ᠂ ᠪᠠᠰᠠ ᠶᠠᠭᠠᠬᠢᠭᠠᠳ ᠲᠡᠭᠦᠨ ᠢ᠋ ᠣᠷᠬᠢᠨ ᠶᠠᠪᠤᠭᠰᠠᠨ᠂ ᠶᠠᠭᠤᠨ ᠤ᠋ ᠤᠴᠢᠷ ᠥᠪᠡᠷ ᠦ᠋ᠨ ᠬᠥᠪᠡᠭᠦᠨ ᠭᠡᠳᠡᠭ ᠢ᠋ᠶ᠋ᠡᠨ ᠨᠢᠭᠤᠭᠰᠠᠨ ᠭᠡᠳ ᠪᠦᠬᠦ ᠵᠦᠢᠯ ᠦ᠋ᠨ ᠤᠴᠢᠷ ᠢ᠋ ᠬᠡᠷᠡᠭᠡ ᠳ᠋ᠦ᠍ ᠲᠠᠢᠯᠪᠤᠷᠢᠯᠠᠬᠤ ᠬᠡᠷᠡᠭᠲᠡᠢ ᠪᠣᠯᠵᠠᠢ᠃ ᠬᠡᠷᠡᠭᠡ ᠪᠦᠬᠦᠨ ᠢ᠋ ᠮᠡᠳᠡᠵᠦ᠂ ᠥᠪᠡᠷ ᠦ᠋ᠨ ᠡᠭᠡᠳᠡᠷᠡᠭᠡᠲᠡᠢ ᠬᠤᠪᠢ ᠲᠠᠪᠢᠯᠠᠩ ᠤ᠋ᠨ ᠦᠨᠡᠨ ᠤᠴᠢᠷ ᠢ᠋ ᠲᠣᠳᠣᠷᠠᠭᠤᠯᠵᠤ ᠣᠢᠯᠠᠭᠠᠬᠤ ᠶ᠋ᠢ ᠬᠦᠰᠡᠬᠦ ᠨᠢ ᠵᠦᠢ ᠶ᠋ᠢᠨ ᠬᠡᠷᠡᠭ ᠪᠣᠯᠵᠠᠢ᠃ ᠡᠨᠡ ᠪᠣᠯ ᠳᠠᠢᠰᠤᠨ ᠲᠠᠢ ᠨᠢᠭᠤᠷ ᠲᠤᠯᠤᠨ ᠪᠠᠢᠯᠳᠤᠬᠤ ᠠ᠋ᠴᠠ ᠬᠡᠳᠦᠨ ᠬᠤᠪᠢ ᠬᠡᠴᠡᠭᠦᠦ ᠬᠡᠷᠡᠭ ᠲᠤᠯᠠ ᠪᠤᠭᠤᠷᠴᠢ ᠬᠡᠷᠡᠭᠡ ᠶ᠋ᠢᠨ ᠱᠠᠭᠠᠷᠳᠠᠯᠭ᠎ᠠ ᠳ᠋ᠤ᠌ ᠠᠯᠭᠤᠷ ᠲᠠᠢᠪᠤᠩ ᠬᠠᠨᠳᠤᠵᠤ᠂ ᠪᠠᠰᠠ ᠲᠡᠭᠦᠨ ᠦ᠌ ᠪᠠᠶᠠᠷᠯᠠᠭᠰᠠᠨ ᠳᠡᠪᠡᠷᠡᠭᠦᠨ ᠰᠡᠳᠬᠢᠯ ᠢ᠋ ᠭᠣᠮᠣᠳᠠᠭᠠᠬᠤ ᠦᠭᠡᠢ ᠶ᠋ᠢ ᠬᠢᠴᠢᠶᠡᠵᠦ ᠪᠠᠢᠯ᠎ᠠ᠃ ᠬᠠᠷᠢᠨ ᠰᠥᠪᠡᠭᠡᠳᠡᠢ ᠶ᠋ᠢᠨ ᠠᠷᠤ ᠠ᠋ᠴᠠ ᠶᠠᠪᠤᠬᠤ ᠳ᠋ᠠᠭᠠᠨ ᠬᠡᠷᠡᠭᠡ ᠶ᠋ᠢᠨ ᠮᠢᠩᠭᠠᠲᠤ ᠶ᠋ᠢ ᠳᠠᠭᠠᠭᠤᠯᠤᠨ ᠶᠠᠪᠤᠬᠤ ᠶ᠋ᠢ ᠴᠢᠩᠭᠢᠰ ᠬᠠᠭᠠᠨ ᠵᠠᠷᠯᠢᠭ ᠪᠣᠯᠭᠠᠭᠰᠠᠨ ᠨᠢ ᠡᠴᠢᠭᠡ ᠬᠦᠦ ᠬᠣᠶᠠᠷ ᠢ᠋ ᠵᠢᠭᠠᠬᠠᠨ ᠰᠠᠲᠠᠭᠠᠷᠠᠭᠤᠯᠵᠤ᠂ ᠪᠤᠭᠤᠷᠴᠢ ᠳ᠋ᠤ᠌ ᠠᠪᠤᠷᠠᠯ ᠪᠣᠯᠵᠤ ᠬᠡᠷᠡᠭᠡ ᠶ᠋ᠢᠨ ᠠᠮᠢᠳᠤᠷᠠᠯ ᠢ᠋ ᠦᠨᠡᠮᠰᠢᠯ ᠲᠡᠢ ᠲᠠᠢᠯᠪᠤᠷᠢᠯᠠᠬᠤ ᠠᠷᠭ᠎ᠠ ᠪᠠᠨ ᠪᠣᠳᠣᠵᠤ ᠰᠡᠳᠬᠢᠬᠦ ᠬᠤᠭᠤᠴᠠᠭ᠎ᠠ ᠣᠯᠳᠠᠵᠠᠢ᠃ ᠶᠠᠪᠤᠬᠤ ᠭᠠᠵᠠᠷ ᠬᠣᠯᠠ᠂ ᠬᠡᠳᠦᠢ ᠪᠡᠷ ᠡᠵᠡᠯᠡᠭᠳᠡᠨ ᠪᠠᠭᠤᠵᠤ ᠥᠭᠭᠦᠭᠰᠡᠨ ᠴᠦ᠍ ᠡᠰᠡᠷᠭᠦᠴᠡᠯ ᠦ᠋ᠨ ᠰᠠᠮᠠᠭᠤᠨ᠂ ᠭᠠᠵᠠᠷ ᠰᠠᠢ ᠦᠭᠡᠢ ᠳᠡᠭᠳᠡᠭᠰᠡᠭᠡᠷ ᠲᠤᠯᠠ ᠲᠡᠷᠡ ᠬᠡᠷᠡᠭᠡ ᠶ᠋ᠢᠨ ᠰᠢᠯᠢᠳᠡᠭ ᠲᠣᠷᠭᠠᠨ ᠴᠡᠷᠢᠭ ᠢ᠋ ᠳᠠᠭᠠᠭᠤᠯᠬᠤ ᠨᠢ ᠭᠠᠷᠴᠠᠭ᠎ᠠ ᠦᠭᠡᠢ ᠵᠥᠪ ᠪᠠᠢᠵᠠᠢ᠃ ᠪᠤᠭᠤᠷᠴᠢ ᠶ᠋ᠢ ᠰᠥᠪᠡᠭᠡᠳᠡᠢ ᠶ᠋ᠢᠨ ᠲᠡᠢᠰᠢ ᠣᠷᠣᠰ ᠭᠠᠵᠠᠷ ᠲᠤ᠌ ᠢᠯᠡᠭᠡᠬᠦ ᠵᠠᠷᠯᠢᠭ ᠪᠠᠭᠤᠯᠭᠠᠭᠰᠠᠨ ᠠ᠋ᠴᠠ ᠪᠠᠨ ᠬᠣᠢᠰᠢ ᠴᠢᠩᠭᠢᠰ ᠬᠠᠭᠠᠨ ᠪᠠᠰᠠ ᠯᠠ ᠨᠣᠢᠷ ᠦᠭᠡᠢ ᠬᠣᠨᠣᠬᠤ ᠪᠣᠯᠵᠠᠢ᠃ ᠪᠣᠭᠤᠷᠴᠢ ᠶ᠋ᠢ ᠮᠣᠷᠳᠠᠬᠤ ᠬᠦᠷᠲᠡᠯ᠎ᠡ ᠲᠡᠭᠦᠨ ᠳ᠋ᠦ᠍ ᠪᠣᠳᠣᠵᠤ ᠰᠢᠢᠳᠬᠦ ᠶᠠᠭᠤᠮ᠎ᠠ ᠶᠡᠬᠡ ᠪᠠᠢᠯ᠎ᠠ᠃ ᠪᠤᠭᠤᠷᠴᠢ ᠶ᠋ᠢ ᠶᠠᠪᠤᠴᠢᠬᠠᠪᠠᠯ ᠬᠤᠷᠽᠸᠮ ᠤ᠋ᠨ ᠡᠨᠡ ᠪᠦᠭᠴᠢᠮ᠎ᠡ ᠬᠠᠷᠠᠩᠭᠤᠢ ᠲᠡᠭᠷᠢ ᠳᠣᠣᠷ᠎ᠠ ᠭᠠᠪ ᠭᠠᠭᠴᠠᠭᠠᠷ ᠬᠠᠶᠠᠭᠳᠠᠬᠤ ᠮᠡᠲᠦ ᠰᠡᠳᠬᠢᠭᠳᠡᠭᠡᠳ ᠲᠡᠷᠡ ᠥᠪᠡᠷ ᠢ᠋ ᠪᠡᠨ ᠶᠡᠷᠦ ᠣᠢᠯᠠᠭᠠᠬᠤ ᠦᠭᠡᠢ ᠪᠣᠯᠵᠠᠢ᠃ ᠪᠤᠭᠤᠷᠴᠢ ᠭᠡᠨᠡᠳᠲᠡ ᠥᠪᠡᠷ ᠦ᠋ᠨ ᠬᠥᠪᠡᠭᠦᠨ ᠢ᠋ ᠵᠠᠷᠯᠠᠭᠰᠠᠨ ᠨᠢ ᠢᠩᠭᠢᠵᠦ ᠰᠢᠨᠠᠯᠬᠤ ᠦᠨᠳᠦᠰᠦ ᠪᠣᠯᠤᠭᠰᠠᠨ ᠭᠡᠳᠡᠭ ᠲᠦ᠍ ᠢᠲᠡᠭᠡᠬᠦ ᠶ᠋ᠢ ᠬᠦᠰᠡᠭᠰᠡᠨ ᠦᠭᠡᠢ᠃ ᠪᠤᠭᠤᠷᠴᠢ ᠶ᠋ᠢ ᠲᠡᠭᠦᠨ ᠲᠡᠢ ᠪᠤᠯᠢᠶᠠᠴᠠᠯᠳᠤᠬᠤ ᠬᠥᠮᠦᠨ ᠭᠡᠨᠡᠳᠲᠡ ᠭᠠᠷᠴᠤ ᠢᠷᠡᠭᠰᠡᠨ ᠳ᠋ᠦ᠍ ᠴᠢᠩᠭᠢᠰ ᠬᠠᠭᠠᠨ ᠶᠡᠬᠡᠳᠡ ᠴᠣᠴᠢᠷᠳᠠᠭᠰᠠᠨ ᠪᠢᠯᠡ᠃ ᠡᠭᠦᠨ ᠡᠴᠡ ᠡᠮᠦᠨ᠎ᠡ ᠪᠤᠭᠤᠷᠴᠢ ᠶ᠋ᠢ ᠶᠡᠷᠦ ᠬᠥᠮᠦᠨ ᠪᠢᠰᠢ ᠶᠦ᠍ᠮ ᠰᠢᠭ ᠬᠥᠮᠦᠨ ᠪᠢᠰᠢ ᠶᠦ᠍ᠮ ᠰᠢᠭ᠂ ᠦᠷ᠎ᠡ ᠬᠡᠦᠬᠡᠳ᠂ ᠠᠷᠤ ᠭᠡᠷ ᠦᠭᠡᠢ ᠮᠡᠲᠦ ᠰᠡᠳᠬᠢᠵᠦ᠂ ᠵᠠᠷᠤᠵᠤ ᠰᠤᠷᠤᠭᠰᠠᠨ ᠰᠡᠳᠬᠢᠯ ᠳ᠋ᠦ᠍ᠨᠢ ᠣᠳᠣ ᠲᠡᠷᠡ ᠥᠪᠡᠷ ᠦ᠋ᠨ ᠬᠥᠪᠡᠭᠦᠨ ᠢ᠋ ᠬᠠᠢᠷᠠᠯᠠᠨ᠎ᠠ᠃ ᠬᠥᠪᠡᠭᠦᠨ ᠦ᠌ ᠪᠡᠨ ᠲᠥᠯᠥᠭᠡ ᠰᠠᠨᠠᠭ᠎ᠠ ᠵᠣᠪᠠᠨ ᠵᠢᠳᠬᠦᠨ᠎ᠡ ᠭᠡᠵᠦ ᠪᠣᠳᠣᠬᠤ ᠪᠠᠷ ᠪᠤᠭᠤᠷᠴᠢ ᠳᠠᠬᠢᠨ ᠲᠡᠭᠦᠨ ᠳ᠋ᠦ᠍ ᠡᠷᠭᠢᠵᠦ ᠢᠷᠡᠬᠦ ᠦᠭᠡᠢ ᠣᠳᠬᠤ ᠮᠡᠲᠦ ᠬᠠᠴᠢᠨ ᠪᠣᠳᠣᠯ ᠲᠥᠷᠥᠬᠦ ᠪᠣᠯᠵᠠᠢ᠃ ᠪᠠᠰᠠ ᠡᠨᠡ ᠣᠯᠠᠨ ᠵᠢᠯ ᠦ᠋ᠨ ᠬᠤᠭᠤᠴᠠᠭᠠᠨ ᠳ᠋ᠤ᠌ ᠪᠤᠭᠤᠷᠴᠢ ᠢᠩᠭᠢᠵᠦ ᠲᠠᠭ ᠳᠠᠭᠤ ᠦᠭᠡᠢ ᠶᠠᠪᠤᠭᠰᠠᠨ ᠮᠥᠷᠲᠡᠭᠡᠨ ᠭᠡᠨᠡᠳᠲᠡ ᠰᠥᠪᠡᠭᠡᠳᠠᠢ ᠶ᠋ᠢᠨ ᠵᠦᠭ ᠣᠳᠬᠤ ᠶ᠋ᠢᠨ ᠡᠮᠦᠨ᠎ᠡ ᠥᠪᠡᠷ ᠦ᠋ᠨ ᠬᠥᠪᠡᠭᠦᠨ ᠭᠡᠵᠦ ᠨᠢᠭᠡ ᠴᠡᠷᠢᠭ ᠢ᠋ ᠵᠠᠷᠯᠠᠭᠰᠠᠨ ᠨᠢ ᠴᠠᠭᠠᠨ᠎ᠠ ᠪᠠᠨ ᠰᠡᠵᠢᠭᠲᠡᠢ ᠰᠠᠨᠠᠭᠳᠠᠭᠠᠳ ᠪᠣᠯᠤᠭᠰᠠᠨ ᠦᠭᠡᠢ᠃ ᠭᠡᠪᠡᠴᠦ ᠣᠳᠣ ᠲᠡᠭᠦᠨ ᠳ᠋ᠦ᠍ ᠡᠨᠡ ᠲᠤᠬᠠᠢ ᠬᠡᠯᠡᠵᠦ ᠵᠥᠪᠯᠡᠬᠦ ᠬᠥᠮᠦᠨ ᠳᠠᠩᠴᠤ ᠪᠠᠢᠭᠰᠠᠨ ᠦᠭᠡᠢ᠃ ᠰᠢᠭᠢᠬᠤᠲᠤᠭ ᠤ᠋ᠨ ᠬᠡᠯᠡᠭᠰᠡᠨ ᠢ᠋ᠶ᠋ᠡᠷ ᠬᠡᠷᠡᠭᠡ ᠶ᠋ᠢ ᠨᠠᠢ᠍ᠮᠠᠨ ᠤ᠋ ᠨᠤᠲᠤᠭ ᠠ᠋ᠴᠠ ᠪᠤᠭᠤᠷᠴᠢ ᠥᠪᠡᠷ ᠢ᠋ᠶ᠋ᠡᠨ ᠣᠯᠤᠭᠰᠠᠨ ᠨᠢ ᠦᠨᠡᠨ ᠠᠵᠢ᠃ ᠬᠠᠷᠢᠨ ᠲᠡᠭᠦᠨ ᠦ᠌ ᠲᠥᠷᠥᠭᠰᠡᠨ ᠦᠷ᠎ᠡ ᠭᠡᠳᠡᠭ ᠢ᠋ ᠬᠡᠨ ᠴᠦ᠍ ᠪᠠᠲᠤᠯᠠᠭᠰᠠᠨ ᠦᠭᠡᠢ ᠭᠡᠵᠦ ᠰᠢᠭᠢᠬᠤᠲᠤᠭ ᠬᠡᠯᠡᠵᠡᠢ᠃ ᠪᠤᠭᠤᠷᠴᠢ ᠶ᠋ᠢ ᠶᠠᠪᠤᠭᠤᠯᠬᠤ ᠪᠣᠯᠤᠭᠰᠠᠨ ᠨᠢ ᠭᠠᠷᠴᠠᠭ᠎ᠠ ᠦᠭᠡᠢ ᠬᠡᠷᠡᠭ ᠪᠣᠯᠬᠣᠷ ᠶᠠᠭᠠᠬᠢᠬᠤ ᠴᠤ᠌ ᠠᠷᠭ᠎ᠠ ᠪᠠᠢᠭᠰᠠᠨ ᠦᠭᠡᠢ᠃ ᠪᠤᠭᠤᠷᠴᠢ ᠶ᠋ᠢ ᠶᠠᠪᠤᠮᠠᠭᠴᠠ ᠬᠡᠨ ᠴᠦ᠍ ᠲᠡᠭᠦᠨ ᠢ᠋ ᠬᠠᠮᠠᠭᠠᠯᠠᠬᠤ ᠦᠭᠡᠢ ᠶᠦ᠍ᠮ ᠰᠢᠭ ᠬᠠᠷ᠎ᠠ ᠲᠥᠷᠥᠭᠰᠡᠨ ᠨᠢ ᠤᠯᠠᠮ ᠭᠦᠨᠵᠡᠭᠡᠢᠷᠡᠵᠡᠢ᠃ ᠪᠠᠰᠠ ᠪᠤᠭᠤᠷᠴᠢ᠂ ᠵᠥᠴᠢ ᠶ᠋ᠢᠨ ᠠᠳᠠᠯᠢ ᠬᠡᠵᠢᠶ᠎ᠡ ᠴᠦ᠍ ᠡᠷᠭᠢᠵᠦ ᠢᠷᠡᠬᠦ ᠦᠭᠡᠢ ᠪᠡᠷ ᠲᠡᠭᠦᠨ ᠢ᠋ ᠬᠠᠶᠠᠨ ᠣᠳᠬᠤ ᠮᠡᠲᠦ ᠰᠠᠨᠠᠭᠳᠠᠭᠠᠳ ᠠᠭᠤᠷ ᠬᠢᠯᠢᠩ ᠨᠢ ᠭᠡᠨ᠎ᠡ ᠭᠡᠨ᠎ᠡ ᠣᠪᠣᠯᠵᠠᠨ᠎ᠠ᠃ ᠴᠢᠩᠭᠢᠰ ᠬᠠᠭᠠᠨ ᠥᠪᠡᠷ ᠦ᠋ᠨ ᠰᠡᠳᠬᠢᠯ ᠰᠠᠨᠠᠭᠠᠨ ᠳ᠋ᠤ᠌ ᠭᠠᠷᠤᠭᠰᠠᠨ ᠭᠦᠨ ᠥᠭᠡᠷᠡᠴᠢᠯᠡᠯᠲᠡ ᠶ᠋ᠢ ᠠᠩᠵᠠᠭᠠᠷᠠᠵᠤ ᠮᠡᠳᠡᠬᠦ ᠦᠭᠡᠢ ᠪᠠᠢᠵᠠᠢ᠃ ᠴᠢᠩᠭᠢᠰ ᠬᠠᠭᠠᠨ ᠠᠭᠤᠤ ᠶᠡᠬᠡ ᠨᠡᠷ᠎ᠡ ᠰᠦᠷ ᠦ᠋ᠨ ᠢ᠋ᠶ᠋ᠡᠨ ᠪᠣᠭᠣᠯᠭᠠᠨ ᠳᠣᠣᠷ᠎ᠠ ᠶᠠᠳᠠᠷᠠᠵᠤ᠂ ᠬᠢᠵᠠᠭᠠᠷ ᠦᠭᠡᠢ ᠶᠡᠬᠡ ᠭᠠᠭᠴᠠᠭᠠᠷᠳᠠᠯ ᠳ᠋ᠤ᠌ ᠠᠪᠲᠠᠭᠰᠠᠨ ᠢ᠋ᠶ᠋ᠠᠨ ᠳᠠᠩᠴᠤ ᠣᠢᠯᠠᠭᠠᠭᠰᠠᠨ ᠦᠭᠡᠢ᠂ ᠣᠢᠯᠠᠭᠠᠬᠤ ᠴᠤ᠌ ᠠᠷᠭ᠎ᠠ ᠦᠭᠡᠢ ᠪᠣᠯᠵᠠᠢ᠃
ᠦᠰᠦᠭ ᠠᠮᠢᠯᠠᠭᠤᠯᠤᠭᠴᠢ᠄ ᠬᠡᠷᠡᠢᠳ· ᠮᠥᠩᠬᠡᠨᠠᠰᠤᠨ᠂ ᠠᠯᠲᠠᠨᠴᠡᠴᠡᠭ᠂ ᠠᠯᠲᠠᠨᠴᠢᠮᠡᠭ᠂
ᠬᠡᠯᠡᠰᠣᠶᠣᠯ(ᠪᠤᠤ ᠸᠸᠨ ᠬᠤᠸᠠ)᠂ ᠰᠡᠴᠡᠨᠴᠢᠮᠡᠭ᠂ ᠳᠡᠭᠦᠦᠵᠠᠶᠠᠭ᠎ᠠ
ᠬᠢᠨᠠᠭᠴᠢ᠄ ᠣᠳᠬᠠᠨᠰᠣ᠎ᠠ᠂ ᠲ· ᠬᠦᠮᠦᠵᠢᠯᠲᠦ᠂ ᠨᠠᠷᠠᠨ᠂ ᠰᠡᠴᠡᠨᠴᠢᠮᠡᠭ᠂
ᠭᠠᠷᠮ᠎ᠠ᠂ ᠮᠣᠩᠭᠣᠯ ᠰᠦᠨᠡᠰᠦ᠂ ᠰᠡᠬᠡᠭᠡᠷᠡᠯ᠂ ᠠᠷᠢᠭᠤᠨ᠎ᠠ
