ᠲᠠᠪᠤᠨ ᠨᠢᠷᠤᠭᠤ ᠲᠠᠢ ᠰᠢᠪᠡᠷ ᠪᠠᠢᠰᠢᠩ-ᠲᠤᠭᠴᠢ ᠯᠤᠪᠰᠠᠩ Tavan nuruutai shavar baishin-Таван нуруутай шавар байшин-Тугч Лувсан
ᠲᠠᠪᠤᠨ ᠨᠢᠷᠤᠭᠤ ᠲᠠᠢ ᠰᠢᠪᠡᠷ ᠪᠠᠢᠰᠢᠩ
ᠵᠣᠬᠢᠶᠠᠭᠴᠢ᠄ ᠲᠤᠭᠴᠢ ᠯᠤᠪᠰᠠᠩ
ᠤᠶᠠᠩᠭᠠᠯᠠᠭᠴᠢ᠄ ᠬᠠᠷᠭᠤᠢ
ᠳᠡᠭᠡᠷ᠎ᠡ ᠵᠠᠭᠤᠨ ᠤ᠋ ᠳᠤᠮᠳᠠᠴᠢ ᠪᠠᠷ ᠮᠠᠨ ᠤ᠋ ᠬᠢᠨ
ᠲᠠᠪᠤᠨ ᠨᠢᠷᠤᠭᠤᠲᠤ ᠰᠢᠪᠠᠷ ᠪᠠᠢᠰᠢᠩ ᠲᠠᠢ ᠪᠠᠢᠭᠰᠠᠨ
ᠲᠤᠬᠠᠢ ᠶ᠋ᠢᠨ ᠦᠶ᠎ᠡ ᠶ᠋ᠢᠨ ᠬᠠᠢᠯᠠᠰᠤᠨ ᠨᠢᠷᠤᠭᠤ ᠲᠠᠢ ᠭᠡᠷ
ᠲᠠᠪᠤᠨ ᠳᠠᠪᠬᠤᠷ ᠠᠰᠠᠷ ᠠ᠋ᠴᠠ ᠰᠦᠷᠯᠢᠬᠦᠨ ᠪᠠᠢᠭᠰᠠᠨ
ᠰᠢᠪᠡᠷ ᠲᠣᠭᠣᠰᠣ ᠳᠡᠭᠳᠡᠭᠡᠳ ᠪᠠᠢᠬᠤ ᠠ᠋ᠴᠠ ᠪᠢᠰᠢ
ᠰᠠᠯᠬᠢ ᠵᠢᠪᠠᠷ ᠨᠡᠪᠲᠡᠷᠡᠬᠦ ᠶ᠋ᠢ ᠮᠡᠳᠡᠳᠡᠭ ᠦᠭᠡᠢ ᠪᠠᠢᠭᠰᠠᠨ
ᠠᠪᠤ ᠡᠵᠢ ᠪᠡᠨ ᠣᠷᠢᠶᠠᠭᠠᠳ ᠠᠬ᠎ᠠ ᠳᠡᠭᠦᠦ ᠲᠠᠪᠤᠭᠤᠯᠠ
ᠠᠷᠰᠢ ᠶ᠋ᠢᠨ ᠲᠠᠪᠤᠨ ᠠᠯᠠᠭ᠎ᠠ ᠰᠢᠭ᠋ ᠠᠷᠪᠠᠢᠵᠤ ᠪᠠᠢᠭᠰᠠᠨ
ᠰᠢᠪᠡᠷ ᠲᠤᠯᠭ᠎ᠠ ᠨᠢ ᠡᠯᠡᠭᠳᠡᠵᠦ ᠰᠡᠳᠡᠷᠡᠳᠡᠭ ᠪᠣᠯᠪᠠᠴᠤ
ᠰᠢᠷᠣᠢ ᠳᠡᠪᠢᠰᠦᠭᠰᠡᠨ ᠬᠠᠨᠵᠤ ᠨᠢ ᠪᠥᠬᠡ ᠯᠡ ᠪᠠᠢᠭᠰᠠᠨ
ᠱᠠᠯᠠ ᠨᠢ ᠴᠤᠭᠤᠴᠢᠨ ᠬᠣᠲᠣᠭᠣᠷ ᠭᠦᠳᠦᠭᠦᠷ ᠭᠠᠷᠤᠭᠰᠠᠨ ᠴᠤ᠌
ᠣᠷᠣᠢ ᠨᠢ ᠶᠡᠷᠦ ᠬᠣᠲᠣᠢᠵᠤ ᠪᠥᠭᠲᠥᠢᠳᠡᠭ ᠦᠭᠡᠢ ᠪᠠᠢᠭᠰᠠᠨ
ᠰᠢᠨᠠᠭ᠎ᠠ ᠲᠣᠭᠣᠭ᠎ᠠ ᠠ᠋ᠴᠠ ᠢᠯᠡᠭᠦᠦ ᠡᠳ᠋ᠯᠡᠯ ᠦᠭᠡᠢ ᠴᠤ᠌
ᠰᠢᠨᠵᠢᠵᠦ ᠰᠠᠭᠤᠮᠠᠷ ᠴᠡᠮᠴᠡᠭᠡᠷᠬᠡᠨ ᠡᠷᠦᠬᠡ ᠪᠠᠢᠭᠰᠠᠨ
ᠡᠷᠭᠢᠨᠡᠭ ᠠᠪᠳᠠᠷ᠎ᠠ ᠠ᠋ᠴᠠ ᠥᠭᠡᠷ᠎ᠡ ᠥᠪ ᠦᠭᠡᠢ ᠴᠤ᠌
ᠡᠷᠬᠢᠮ ᠲᠠᠩᠰᠤᠭ ᠠᠮᠢᠳᠤᠷᠠᠯ ᠲᠠᠢ ᠠᠢᠯ ᠪᠠᠢᠭᠰᠠᠨ
ᠴᠠᠭᠠᠰᠤ ᠪᠠᠷ ᠨᠠᠭᠠᠭᠰᠠᠨ ᠡᠭᠦᠳᠡ ᠴᠣᠩᠬᠣ ᠲᠠᠢ ᠴᠤ᠌
ᠴᠠᠭᠯᠠᠰᠢ ᠦᠭᠡᠢ ᠳᠤᠯᠠᠭᠠᠬᠠᠨ ᠣᠷᠣᠨ ᠪᠠᠢᠭᠰᠠᠨ
ᠴᠠᠭᠠᠨ ᠢᠮᠠᠭᠠᠨ ᠤ᠋ ᠬᠦᠨᠵᠢᠯᠡᠨ ᠳ᠋ᠦ᠍ ᠬᠥᠯᠴᠢᠭᠰᠡᠨ ᠴᠤ᠌
ᠴᠠᠭᠠᠨ᠎ᠠ ᠪᠠᠨ ᠨᠢᠭᠡ ᠵᠦᠢᠯ ᠦ᠋ᠨ ᠵᠢᠷᠭᠠᠯ ᠲᠠᠢ ᠪᠠᠢᠭᠰᠠᠨ
ᠰᠢᠷᠢᠳᠡᠭ ᠳᠡᠪᠢᠰᠦᠨ ᠰᠢᠬᠠᠯᠴᠠᠵᠤ ᠰᠠᠭᠤᠴᠢᠬᠠᠭᠠᠳ
ᠰᠢᠰᠢ ᠶ᠋ᠢᠨ ᠪᠤᠳᠠᠭ᠎ᠠ ᠢᠳᠡᠵᠦ ᠯᠡ ᠪᠠᠢᠭᠰᠠᠨ
ᠰᠢᠨᠵᠢ ᠳᠦᠷᠰᠦ ᠦᠭᠡᠢ ᠠᠭᠠᠰᠢᠯᠠᠵᠤ ᠵᠠᠩᠨᠠᠴᠢᠬᠠᠭᠠᠳ
ᠰᠢᠳᠡᠮ ᠲᠠᠰᠢᠭᠤᠷ ᠤ᠋ᠨ ᠠᠮᠲᠠ ᠶ᠋ᠢ ᠬᠤᠪᠢᠶᠠᠯᠴᠠᠵᠤ ᠪᠠᠢᠭᠰᠠᠨ
ᠰᠥᠨᠢ ᠪᠣᠯᠪᠠᠯ ᠲᠣᠰᠣᠨ ᠳ᠋ᠸᠨᠭ ᠲᠦ᠍ ᠪᠥᠭᠡᠮᠨᠡᠷᠡᠯᠳᠦᠨ
ᠪᠥᠭᠡᠰᠦ ᠠᠯᠠᠨ ᠤᠷᠤᠯᠳᠤᠵᠤ ᠯᠠ ᠪᠠᠢᠭᠰᠠᠨ
ᠬᠦᠢᠲᠡᠨ ᠪᠣᠯᠪᠠᠯ ᠬᠣᠪᠣᠩ ᠤ᠋ᠨ ᠴᠣᠭ ᠲᠤ᠌ ᠬᠤᠮᠤᠷᠠᠯᠳᠤᠨ
ᠣᠨᠢᠰᠣᠭ᠎ᠠ ᠲᠠᠭᠠᠯᠴᠠᠨ ᠬᠥᠭᠡᠷᠦᠯᠳᠦᠵᠦ ᠯᠡ ᠪᠠᠢᠭᠰᠠᠨ᠁
ᠲᠠᠪᠤᠨ ᠨᠢᠷᠤᠭᠤ ᠲᠠᠢ ᠰᠢᠪᠡᠷ ᠪᠠᠢᠰᠢᠩ ᠳ᠋ᠠᠬᠢ
ᠲᠡᠳᠡᠭᠡᠷ ᠱᠣᠭ ᠢᠨᠢᠶᠡᠳᠦᠮ ᠲᠡᠢ ᠦᠯᠢᠭᠡᠷ ᠦ᠋ᠳ ᠢ᠋
ᠲᠣᠭᠠᠯᠠᠭᠠᠳ ᠪᠠᠢᠪᠠᠯ ᠪᠠᠷᠠᠭᠳᠠᠬᠤ ᠶᠤᠮ ᠪᠢᠰᠢ
ᠳᠣᠲᠣᠷ᠎ᠠ ᠪᠠᠨ ᠡᠭᠡᠨᠡᠭᠲᠡ ᠳᠤᠷᠠᠰᠴᠤ ᠶᠠᠪᠤᠳᠠᠭ ᠰᠠᠨ
ᠬᠠᠯᠢᠭᠰᠠᠨ ᠠᠪᠤ ᠡᠵᠢ ᠶ᠋ᠢᠨ ᠢ᠋ᠶ᠋ᠡᠨ ᠪᠤᠮᠪᠠᠨ ᠳ᠋ᠤ᠌
ᠬᠠᠩᠰᠢ ᠪᠠᠷ ᠰᠢᠷᠣᠢ ᠨᠡᠮᠡᠨ ᠲᠦᠯᠡᠰᠢ ᠬᠦᠷᠭᠡᠯ᠎ᠡ
ᠰᠢᠪᠡᠷ ᠪᠠᠢᠰᠢᠩ ᠤ᠋ᠨ ᠪᠠᠭᠤᠷᠢ ᠪᠠᠢᠳᠠᠭ ᠪᠣᠯᠪᠠ ᠤᠤ ᠭᠡᠳ
ᠰᠢᠪᠠᠭ ᠮᠠᠩᠬᠠᠨ ᠳᠤᠮᠳᠠᠭᠤᠷ ᠴᠠᠭᠠᠰᠢ ᠪᠠᠨ ᠶᠠᠪᠤᠯ᠎ᠠ
ᠡᠯᠡᠰᠦᠨ ᠳ᠋ᠦ᠍ ᠳᠠᠷᠤᠭᠳᠠᠭᠰᠠᠨ ᠭᠠᠵᠠᠷ ᠨᠢ ᠪᠠᠢᠬᠤ ᠠ᠋ᠴᠠ
ᠡᠪᠳᠡᠷᠡᠵᠦ ᠬᠠᠭᠤᠴᠢᠷᠠᠭᠰᠠᠨ ᠣᠷᠣᠮ ᠨᠢ ᠦᠭᠡᠢ ᠪᠠᠢᠯ᠎ᠠ
ᠳᠠᠯᠠᠨ ᠵᠢᠯ ᠦ᠋ᠨ ᠰᠠᠯᠬᠢ ᠪᠣᠷᠣᠭᠠᠨ ᠤ᠋ ᠬᠥᠯ ᠳ᠋ᠦ᠍
ᠲᠠᠯᠬᠢᠭᠳᠠᠵᠤ ᠪᠤᠯᠠᠭᠳᠠᠭᠰᠠᠨ ᠨᠢ ᠬᠠᠷᠠᠮᠰᠠᠯᠲᠠᠢ ᠪᠠᠢᠯ᠎ᠠ
ᠳᠠᠪᠬᠤᠷ ᠬᠥᠮᠦᠰᠬᠡᠯᠡᠭᠰᠡᠨ ᠰᠢᠷᠭᠠᠯ ᠮᠠᠩᠬᠠᠳ
ᠲᠠᠪᠤᠨ ᠨᠢᠷᠤᠭᠤ ᠲᠠᠢ ᠪᠠᠢᠰᠢᠩ ᠰᠢᠭ᠋ ᠬᠠᠷᠠᠭᠳᠠᠯ᠎ᠠ
ᠲᠣᠭᠣᠰᠣᠲᠤ ᠭᠡᠷ ᠦ᠋ᠨ ᠡᠭᠦᠳᠡᠨ ᠲᠠᠯ᠎ᠠ ᠳ᠋ᠤ᠌ ᠬᠡᠢᠰᠦᠭᠰᠡᠨ
ᠳᠠᠯᠪᠠᠭᠠᠲᠤ ᠬᠡᠢᠮᠣᠷᠢ ᠮᠠᠨᠳᠤᠭ᠎ᠠ ᠰᠢᠭ᠋ ᠰᠠᠨᠠᠭᠳᠠᠯ᠎ᠠ
ᠬᠥᠨᠥᠭ ᠳᠡᠭᠦᠵᠢᠯᠡᠨ ᠬᠣᠨᠢ ᠪᠠᠨ ᠰᠠᠭᠠᠭᠰᠠᠨ ᠡᠵᠢ ᠶ᠋ᠢᠨ
ᠬᠦᠦ ᠪᠡᠨ ᠰᠠᠷᠠᠪᠴᠢᠯᠠᠨ ᠮᠣᠢᠲᠣᠭ ᠠᠯᠬᠤᠯᠠᠭᠰᠠᠨ ᠰᠡᠭᠦᠳᠡᠷ
ᠠᠳᠤᠭᠤ ᠳᠡᠯᠯᠡᠨ ᠠᠯᠤᠰ ᠢ᠋ ᠪᠠᠷᠠᠯᠠᠭᠰᠠᠨ ᠠᠪᠤ
ᠠᠲᠤᠭᠠᠷ ᠪᠦᠳᠦᠭᠦᠨ ᠬᠣᠶᠠᠷ ᠶᠠᠰᠢᠯ ᠭᠠᠳᠠᠰᠤ ᠁
ᠡᠬᠡ ᠪᠠᠢᠭᠠᠯᠢ ᠶ᠋ᠢᠨ ᠤᠷᠠᠯᠠᠭᠰᠠᠨ ᠵᠢᠷᠤᠭ ᠤ᠋ᠳ ᠢ᠋
ᠡᠯᠡᠰᠦ ᠲᠡᠢ ᠨᠢ ᠪᠢᠲᠡᠭᠦᠯᠡᠨ ᠡᠩᠭᠡᠷ ᠲᠡᠭᠡᠨ ᠰᠠᠮᠤᠷᠤᠯᠠ
ᠲᠠᠪᠤᠨ ᠨᠢᠷᠤᠭᠤ ᠲᠠᠢ ᠰᠢᠪᠠᠷ ᠪᠠᠢᠰᠢᠩ ᠢ᠋ᠶ᠋ᠠᠨ
ᠲᠠᠯ᠎ᠠ ᠶ᠋ᠢᠨ ᠲᠠᠢᠪᠤᠭᠤᠬᠠᠨ ᠡᠯᠢᠭᠡᠨ ᠳ᠋ᠦ᠍ ᠮᠥᠷᠥᠭᠡᠳᠦᠯᠡ᠃
ᠦᠰᠦᠭ ᠠᠮᠢᠯᠠᠭᠤᠯᠤᠭᠴᠢ᠄ ᠲᠤᠭᠴᠢ ᠯᠤᠪᠰᠠᠩ
ᠦᠰᠦᠭ ᠬᠠᠳᠠᠭᠴᠢ᠄ ᠪᠠᠢ ᠰᠠᠷᠠᠨ᠎ᠠ
ᠬᠢᠨᠠᠭᠴᠢ ᠪᠠᠭᠰᠢ᠄ ᠲᠤᠭᠴᠢ ᠯᠤᠪᠰᠠᠩ