ᠮᠠᠬᠠᠭᠦᠷᠭᠢᠰ ᠬᠠᠭᠠᠨMakhüürkhs khaanМахүүрхс хаан ᠴᠤᠤᠲᠤ ᠬᠥᠮᠥᠰ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠠᠬᠠᠭᠦᠷᠭᠢᠰ ᠬᠠᠭᠠᠨMakhüürkhs khaanМахүүрхс хаан

ᠮᠠᠬᠠᠭᠦᠷᠭᠢᠰ ᠬᠠᠭᠠᠨMakhüürkhs khaanМахүүрхс хаан

ᠠᠩᠭᠢᠯᠠᠯ:ᠴᠤᠤᠲᠤ ᠬᠥᠮᠥᠰ
2025-09-26

175

ᠮᠠᠬᠠᠭᠦᠷᠭᠢᠰ ᠬᠠᠭᠠᠨ

      ᠨᠠᠢᠷᠠᠭᠤᠯᠤᠭᠰᠠᠨ ᠨᠢ ᠄ ᠱ · ᠴᠸᠶᠢᠨ — ᠣᠢᠳᠤᠪ
   ᠬᠢᠶᠠᠳ ᠪᠣᠷᠵᠢᠭᠢᠨ ᠣᠪᠣᠭᠲᠤ ᠮᠠᠬᠠᠭᠦᠷᠭᠢᠰ ᠪᠣᠯ1454 ᠣᠨ ᠳ᠋ᠤ᠌8 ᠨᠠᠰᠤᠲᠠᠢ ᠪᠠᠯᠴᠢᠷ ᠬᠡᠦᠬᠡᠳ ᠪᠠᠢᠬᠤ ᠳ᠋ᠤ᠌ ᠪᠠᠨ ᠬᠠᠭᠠᠨ ᠣᠷᠣ ᠰᠠᠭᠤᠷᠢᠨ ᠢ᠋ ᠵᠠᠯᠭᠠᠮᠵᠢᠯᠠᠨ ᠰᠠᠭᠤᠭᠰᠠᠨ ᠮᠣᠩᠭᠣᠯ ᠤ᠋ᠨ26 ᠳ᠋ᠠᠬᠢ ᠬᠠᠭᠠᠨ ᠪᠢᠯᠡ᠃ ᠪᠠᠭ᠎ᠠ ᠳ᠋ᠤ᠌ ᠨᠢ ᠠᠬ᠎ᠠ ᠮᠣᠯᠣᠨ ᠢ᠋ ᠲᠡᠭᠦᠨ ᠢ᠋ ᠥᠭᠡᠭ ᠳᠣᠲᠣᠷ᠎ᠠ ᠰᠠᠭᠤᠯᠭᠠᠨ ᠶᠠᠪᠤᠳᠠᠭ ᠪᠠᠢᠭᠰᠠᠨ ᠠ᠋ᠴᠠ ᠲᠡᠭᠦᠨ ᠢ᠋ ᠦᠬᠡᠭᠲᠦ ᠬᠠᠭᠠᠨ ᠭᠡᠵᠦ ᠨᠡᠷᠡᠯᠡᠵᠦ ᠪᠠᠢᠭᠰᠠᠨ ᠪᠠᠢᠨ᠎ᠠ᠃
   ᠮᠠᠬᠠᠭᠦᠷᠭᠢᠰ ᠡᠬᠡ ᠥᠭᠡᠷ᠎ᠡ ᠲᠡᠢ ᠪᠣᠯᠪᠠᠴᠤ ᠲᠠᠢᠽᠦᠢ᠍ᠩ ᠬᠠᠭᠠᠨ ᠲᠣᠳᠣᠪᠣᠬ᠎ᠠ ᠶ᠋ᠢᠨ ᠬᠣᠶᠠᠳᠤᠭᠠᠷ ᠬᠦᠦ ᠪᠢᠯᠡ᠃
   ᠵᠡᠭᠦᠨ ᠮᠣᠩᠭᠣᠯ ᠤ᠋ᠨ ᠬᠠᠷᠠᠭᠴᠢᠨ ᠤ᠋ ᠪᠤᠯᠤ ᠨᠣᠶᠠᠨ ᠮᠠᠬᠠᠭᠦᠷᠭᠢᠰ ᠢ᠋ ᠶᠡᠬᠡ ᠬᠠᠭᠠᠨ ᠤ᠋ ᠣᠷᠣᠨ ᠳ᠋ᠤ᠌ ᠰᠠᠭᠤᠯᠭᠠᠬᠤ ᠪᠠᠷ ᠡᠷᠭᠦᠮᠵᠢᠯᠡᠭᠰᠡᠨ ᠶᠦᠮ᠃ ᠲᠡᠭᠦᠨ ᠦ᠌ ᠵᠣᠷᠢᠯᠭ᠎ᠠ ᠨᠢ ᠪᠤᠰᠤᠳ ᠹᠧᠣᠳᠠᠯ ᠨᠣᠶᠠᠳ ᠲᠠᠢ ᠡᠷᠬᠡ ᠠᠰᠢᠭ ᠪᠤᠯᠢᠶᠠᠯᠳᠤᠬᠤ ᠪᠠᠭᠠᠵᠢ ᠰᠠᠭᠤᠷᠢ ᠪᠣᠯᠭᠠᠬᠤ ᠶ᠋ᠢᠨ ᠲᠥᠯᠥᠭᠡ ᠶᠦᠮ᠃ ᠮᠠᠬᠠᠭᠦᠷᠭᠢᠰ ᠬᠠᠭᠠᠨ ᠰᠠᠭᠤᠷᠢ ᠵᠠᠯᠭᠠᠮᠵᠢᠯᠠᠭᠰᠠᠨ ᠤ᠋ ᠳᠠᠷᠠᠭ᠎ᠠ ᠡᠬᠡ ᠰᠠᠮᠤᠷ ᠬᠠᠲᠤᠨ ᠪᠦᠬᠦ ᠴᠡᠷᠢᠭ ᠢ᠋ ᠶᠡᠷᠦᠩᠬᠡᠢᠯᠡᠨ ᠵᠢᠯᠣᠭᠣᠳᠴᠤ ᠪᠤᠯᠤ ᠲᠠᠢᠰᠢ ᠵᠡᠷᠭᠡ ᠲᠡᠷᠢᠭᠦᠲᠡᠢ ᠹᠧᠣᠳᠠᠯᠴᠤᠳ ᠣᠢᠷᠠᠳ ᠢ᠋ ᠪᠤᠲᠠ ᠴᠣᠬᠢᠵᠤ ᠶᠡᠬᠡ ᠬᠡᠮᠵᠢᠶᠡᠨ ᠦ᠌ ᠣᠯᠵᠠ ᠠᠰᠢᠭ ᠣᠯᠤᠭᠰᠠᠨ ᠪᠠᠢᠨ᠎ᠠ᠃
   1457 ᠣᠨ ᠳ᠋ᠤ᠌ ᠪᠤᠯᠤ ᠲᠡᠢᠰᠢ ᠮᠣᠩᠭᠣᠯ ᠣᠷᠣᠨ ᠤ᠋ ᠠᠵᠤ ᠠᠬᠤᠢ ᠶ᠋ᠢ ᠬᠥᠭᠵᠢᠭᠦᠯᠬᠦ ᠵᠣᠷᠢᠯᠭ᠎ᠠ ᠪᠠᠷ ᠮᠢᠩ ᠤᠯᠤᠰ ᠲᠠᠢ ᠨᠠᠢ᠍ᠮᠠᠢ ᠠᠷᠠᠯᠵᠢᠶ᠎ᠠ ᠬᠢᠬᠦ ᠶ᠋ᠢ ᠵᠣᠷᠢᠵᠤ ᠢᠯᠴᠢ ᠲᠣᠮᠢᠯᠠᠭᠰᠠᠨ ᠪᠣᠯᠪᠠᠴᠤ ᠮᠢᠩ ᠤᠯᠤᠰ ᠣᠢᠰᠢᠶᠠᠭᠰᠠᠨ ᠦᠭᠡᠢ ᠡᠴᠡ ᠪᠣᠯᠵᠤ᠂ ᠶᠡᠬᠡ ᠴᠡᠷᠢᠭ ᠳᠠᠢᠴᠢᠯᠠᠨ ᠮᠢᠩ ᠤᠯᠤᠰ ᠤ᠋ᠨ ᠱᠠᠨᠰᠢ᠂ ᠭᠠᠨᠰᠦ ᠶ᠋ᠢ ᠳᠣᠪᠲᠣᠯᠵᠠᠢ᠃ ᠳᠣᠪᠲᠣᠯᠤᠯᠲᠠ ᠲᠤᠩ ᠬᠠᠲᠠᠭᠤ ᠰᠢᠷᠦᠭᠦᠨ ᠪᠠᠢᠭᠰᠠᠨ ᠪᠣᠯᠬᠣᠷ ᠠᠷᠭ᠎ᠠ ᠪᠤᠰᠤ ᠬᠡᠯᠡᠯᠴᠡᠭᠡᠷ ᠬᠢᠵᠦ ᠨᠥᠬᠥᠷᠰᠡᠭ ᠬᠠᠷᠢᠯᠴᠠᠭ᠎ᠠ ᠲᠣᠭᠲᠠᠭᠠᠨ ᠠᠷᠠᠯᠵᠢᠶ᠎ᠠ ᠮᠠᠢᠮᠠᠢ ᠬᠢᠬᠦ ᠪᠡᠷ ᠵᠥᠪᠰᠢᠶᠡᠷᠡᠵᠡᠢ᠃
   1560 ᠣᠨ ᠳ᠋ᠤ᠌ ᠪᠤᠯᠤ ᠲᠠᠢᠰᠢ ᠭᠤᠷᠪᠠᠨ ᠵᠠᠮ ᠬᠤᠪᠢᠶᠠᠨ ᠮᠢᠩ ᠤᠯᠤᠰ ᠢ᠋ ᠳᠠᠢᠯᠠᠵᠠᠢ᠃1461 ᠣᠨ ᠳ᠋ᠤ᠌ ᠮᠢᠩ ᠤᠯᠤᠰ ᠤ᠋ᠨ ᠥᠭᠡᠷ᠎ᠡ ᠨᠢᠭᠡ ᠮᠣᠵᠢ ᠶ᠋ᠢ ᠳᠠᠢᠯᠠᠵᠠᠢ᠃1462 ᠣᠨ ᠳ᠋ᠤ᠌ ᠳᠠᠬᠢᠨ ᠵᠡᠭᠦᠨ ᠲᠡᠢᠰᠢ ᠤᠷᠢᠶᠠᠩᠬᠠᠢ ᠶ᠋ᠢ ᠳᠡᠢᠯᠵᠡᠢ᠃1465 ᠣᠨ ᠳ᠋ᠤ᠌ ᠮᠠᠬᠠᠭᠦᠷᠭᠢᠰ ᠬᠠᠭᠠᠨ᠂ ᠪᠤᠯᠤ ᠲᠠᠢᠰᠢ ᠲᠠᠢ ᠡᠶ᠎ᠡ ᠡᠪᠳᠡᠷᠡᠵᠦ᠂ ᠪᠤᠯᠤ ᠲᠠᠢᠰᠢ ᠥᠪᠡᠷ ᠦ᠋ᠨ ᠬᠦᠴᠦᠨ ᠳ᠋ᠦ᠍ ᠪᠡᠨ ᠡᠷᠳᠦᠵᠦ ᠦᠬᠡᠭᠲᠦ ᠬᠠᠭᠠᠨ ᠮᠠᠬᠠᠭᠦᠷᠭᠢᠰ ᠢ᠋ ᠬᠣᠣᠷᠯᠠᠨ ᠠᠯᠠᠵᠠᠢ᠃
   ᠮᠠᠬᠠᠭᠦᠷᠭᠢᠰ ᠬᠠᠭᠠᠨ1454—1465 ᠣᠨ ᠬᠦᠷᠲᠡᠯ᠎ᠡ ᠮᠣᠩᠭᠣᠯ ᠤ᠋ᠨ ᠶᠡᠬᠡ ᠬᠠᠭᠠᠨ ᠤ᠋ ᠰᠠᠭᠤᠷᠢᠨ ᠳ᠋ᠤ᠌11 ᠵᠢᠯ ᠰᠠᠭᠤᠭᠠᠳ20 ᠨᠠᠰᠤᠲᠠᠢ ᠳ᠋ᠤ᠌ ᠪᠠᠨ ᠡᠢᠨ ᠬᠦ᠌ ᠬᠣᠣᠷᠯᠠᠭᠳᠠᠵᠤ ᠨᠠᠰᠤ ᠪᠠᠷᠠᠭᠰᠠᠨ ᠪᠠᠢᠨ᠎ᠠ᠃

   ᠢᠷᠡᠯᠲᠡ᠄《ᠮᠣᠩᠭᠣᠯ ᠤ᠋ᠨ ᠭᠤᠴᠢᠨ ᠵᠢᠷᠭᠤᠭᠠᠨ ᠬᠠᠭᠠᠳ ᠤ᠋ᠨ ᠲᠣᠪᠴᠢ ᠨᠠᠮᠲᠠᠷ》 ᠨᠣᠮ ᠠ᠋ᠴᠠ ᠰᠣᠩᠭᠣᠵᠤ ᠨᠠᠢᠷᠠᠭᠤᠯᠤᠨ ᠰᠡᠢᠷᠡᠭᠦᠯᠪᠡ᠃
   ᠦᠰᠦᠭ ᠠᠮᠢᠯᠠᠭᠤᠯᠤᠭᠰᠠᠨ ᠨᠢ᠄ ᠴᠢ᠊ · ᠤᠷᠠᠨᠴᠡᠴᠡᠭ