ᠰᠣᠶᠣᠯ ᠤ᠋ᠨ ᠵᠢᠭᠠᠨ ᠰᠤᠷᠭᠠᠯᠲᠠ-ᠰᠤᠷᠲᠠᠯᠲᠤ Soyolyn zaan surgalt-SurtaltСоёлын заан сургалт-Сурталт ᠲᠣᠷᠭᠠᠨ ᠵᠢᠯᠣᠭᠣ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠰᠣᠶᠣᠯ ᠤ᠋ᠨ ᠵᠢᠭᠠᠨ ᠰᠤᠷᠭᠠᠯᠲᠠ-ᠰᠤᠷᠲᠠᠯᠲᠤ Soyolyn zaan surgalt-SurtaltСоёлын заан сургалт-Сурталт

ᠰᠣᠶᠣᠯ ᠤ᠋ᠨ ᠵᠢᠭᠠᠨ ᠰᠤᠷᠭᠠᠯᠲᠠ-ᠰᠤᠷᠲᠠᠯᠲᠤ Soyolyn zaan surgalt-SurtaltСоёлын заан сургалт-Сурталт

2025-09-25

3086

ᠰᠣᠶᠣᠯ ᠤ᠋ᠨ ᠵᠢᠭᠠᠨ ᠰᠤᠷᠭᠠᠯᠲᠠ

  ᠵᠣᠬᠢᠶᠠᠭᠴᠢ᠄ ᠰᠤᠷᠲᠠᠯᠲᠤ  
  ᠤᠶᠠᠩᠭᠠᠯᠠᠭᠴᠢ᠄ ᠪᠠᠢ ᠨᠠ 

    ᠬᠡᠯᠡ ᠪᠡᠨ ᠪᠤᠤ ᠰᠤᠷ ᠭᠡᠮᠡᠨ ᠬᠡᠯᠡ ᠶ᠋ᠢ ᠴᠢᠨᠢ ᠣᠭᠲᠣᠯᠤᠭᠰᠠᠨ ᠬᠥᠮᠦᠨ ᠪᠠᠢᠬᠤ ᠦᠭᠡᠢ ᠬᠡᠯᠡ ᠪᠡᠨ ᠪᠤᠤ ᠬᠡᠷᠡᠭᠯᠡ ᠭᠡᠮᠡᠨ ᠭᠠᠷ ᠢ᠋ ᠴᠢᠨᠢ ᠳᠠᠭᠠᠷᠢᠭᠰᠠᠨ ᠬᠥᠮᠦᠨ ᠴᠦ᠍ ᠪᠠᠢᠬᠤ ᠦᠭᠡᠢ ᠬᠡᠯᠡ ᠪᠡᠨ ᠰᠤᠷ ᠬᠡᠮᠡᠵᠦ ᠬᠡᠯᠡ ᠪᠢᠴᠢᠭ ᠦ᠋ᠨ ᠨᠣᠮ ᠢ᠋ ᠴᠢᠨᠢ ᠪᠠᠰᠠ ᠬᠡᠪᠯᠡᠭᠰᠡᠭᠡᠷ᠂ ᠬᠡᠯᠡ ᠪᠡᠨ ᠬᠡᠷᠡᠭᠯᠡ ᠬᠡᠮᠡᠵᠦ ᠬᠢᠴᠢᠶᠡᠯ ᠦ᠋ᠨ ᠴᠠᠭ ᠢ᠋ ᠴᠢᠨᠢ ᠪᠠᠰᠠ ᠬᠠᠩᠭᠠᠭᠰᠠᠭᠠᠷ᠃ ᠡᠨᠡ ᠪᠣᠯ ᠲᠥᠷᠥ ᠶ᠋ᠢᠨ ᠲᠣᠭᠲᠠᠭᠠᠯ᠃ ᠳᠦᠷᠢᠮ ᠲᠣᠭᠲᠠᠭᠠᠯ ᠢ᠋ ᠲᠤᠭᠤᠰᠢᠲᠠᠢ ᠣᠢᠯᠭᠠᠬᠤ ᠨᠢ ᠮᠠᠰᠢ ᠵᠠᠩᠭᠢᠯᠠᠭ᠎ᠠ᠃ ᠪᠤᠷᠤᠭᠤ ᠣᠢᠯᠭᠠᠪᠠᠯ ᠪᠤᠴᠠᠬᠤ ᠵᠠᠮ ᠳ᠋ᠤ᠌ ᠪᠠᠨ ᠰᠢᠷᠣᠢ ᠲᠡᠭᠡᠭᠡᠬᠦ ᠶᠠᠪᠤᠳᠠᠯ ᠭᠠᠷᠤᠨ᠎ᠠ᠃ ᠡᠢᠮᠦ ᠡᠴᠡ ᠪᠢᠳᠡ ᠣᠳᠣᠬᠠᠨ ᠳ᠋ᠤ᠌ 《ᠬᠡᠯᠡ ᠪᠢᠴᠢᠭ ᠢ᠋ᠶ᠋ᠡᠨ ᠴᠣᠬᠣᠮ ᠬᠡᠷᠬᠢᠨ ᠵᠢᠭᠠᠨ ᠰᠤᠷᠭᠠᠬᠤ ᠪᠣᠢ?》 ᠭᠡᠳᠡᠭ ᠭᠠᠭᠴᠠᠬᠠᠨ ᠰᠡᠳᠦᠪ ᠢ᠋ ᠬᠠᠮᠲᠤ ᠪᠠᠷ ᠶᠠᠷᠢᠯᠴᠠᠨ ᠰᠤᠳᠤᠯᠬᠤ ᠠ᠋ᠴᠠ ᠪᠢᠰᠢ ᠬᠠᠷᠢᠨ ᠥᠭᠡᠷ᠎ᠡ ᠰᠠᠪᠠᠭ᠎ᠠ ᠦᠭᠡᠢ ᠵᠦᠢᠯ ᠳ᠋ᠦ᠍ ᠰᠠᠨᠠᠭ᠎ᠠ ᠵᠣᠪᠠᠭᠰᠠᠨ ᠤ᠋ ᠬᠡᠷᠡᠭ ᠣᠭᠲᠣ ᠠᠯᠠᠭ᠎ᠠ ᠭᠡᠵᠦ ᠪᠢ ᠪᠣᠳᠣᠨ᠎ᠠ᠃ 《ᠬᠡᠯᠡ ᠪᠡᠨ ᠰᠤᠷᠬᠤ ᠡᠰᠡᠬᠦ ᠨᠢ ᠥᠷᠥᠭᠡᠯ ᠦ᠋ᠨ ᠤᠴᠢᠷ ᠪᠢᠰᠢ᠂ ᠬᠡᠵᠢᠶ᠎ᠡ ᠢᠮᠠᠭᠲᠠ ᠥᠪᠡᠷ ᠦ᠋ᠨ ᠬᠢᠨᠢ ᠡᠭᠦᠷᠭᠡ ᠪᠠᠢᠳᠠᠭ᠃》 ᠳᠡᠯᠡᠬᠡᠢ ᠳ᠋ᠦ᠍ ᠠᠯᠢ ᠴᠤ᠌ ᠦᠨᠳᠦᠰᠦᠲᠡᠨ ᠭᠡᠳ ᠴᠢᠨᠦ ᠡᠮᠦᠨ᠎ᠡ ᠡᠴᠡ ᠬᠡᠯᠡ ᠶ᠋ᠢ ᠴᠢᠨᠢ ᠰᠤᠷᠴᠤ ᠥᠪᠯᠡᠬᠦ ᠭᠡᠳ ᠵᠢᠳᠬᠦᠳᠡᠭ ᠲᠡᠢᠮᠦ ᠠᠯᠪᠠ ᠪᠠᠢᠳᠠᠭ ᠦᠭᠡᠢ ᠶᠤᠮ᠃ ᠤᠴᠢᠷ ᠨᠢ ᠲᠡᠷᠡ ᠪᠣᠯ ᠴᠢᠨᠦ 《ᠥᠷᠲᠡᠭ ᠦᠭᠡᠢ》 ᠥᠮᠴᠢ ᠪᠠᠢᠭ᠎ᠠ᠃ ᠬᠡᠯᠡ ᠶ᠋ᠢ ᠨᠢ ᠭᠠᠪᠠᠯᠠᠵᠤ ᠭᠢᠨᠳᠠᠨ ᠳ᠋ᠤ᠌ ᠬᠣᠷᠢᠭ᠎ᠠ ᠦᠭᠡᠢ ᠪᠠᠢᠬᠤ ᠳ᠋ᠤ᠌ ᠪᠢᠳᠡ ᠬᠠᠷᠢᠨ ᠬᠡᠯᠡᠨ ᠦ᠌ ᠪᠡᠨ ᠤᠷᠤᠭᠤᠯ ᠢ᠋ ᠣᠶᠣᠵᠤ᠂ ᠠᠮᠠ ᠶ᠋ᠢ ᠲᠠᠭᠯᠠᠵᠤ ᠬᠠᠯᠳᠠᠵᠤ ᠪᠣᠯᠣᠰᠢ ᠦᠭᠡᠢ ᠬᠠᠮᠠᠭᠤ ᠪᠣᠯᠭᠠᠵᠤ ᠬᠡᠯᠡ ᠪᠡᠨ ᠱᠣᠭᠣᠳᠪᠤᠷᠢᠯᠠᠵᠤ᠂ ᠱᠣᠷᠣᠩ ᠲᠠᠢᠰᠢ ᠲᠦᠯᠬᠢᠬᠦ ᠮᠡᠲᠦ ᠬᠠᠴᠢᠨ ᠦᠵᠡᠭᠳᠡᠯ ᠢᠯᠡᠷᠡᠬᠦ ᠰᠢᠭ ᠪᠣᠯᠵᠤ ᠪᠠᠢᠨ᠎ᠠ᠃ ᠡᠨᠡ ᠨᠢ ᠥᠨᠥᠳᠥᠷ ᠦ᠋ᠨ ᠤᠯᠤᠰ ᠤ᠋ᠨ ᠬᠡᠯᠡᠨ ᠦ᠌ ᠡᠷᠬᠡ ᠴᠢᠯᠥᠭᠡ ᠶ᠋ᠢ ᠭᠦᠢᠴᠡᠳ ᠲᠠᠨᠢᠭ᠎ᠠ ᠦᠭᠡᠢ ᠡᠴᠡ ᠪᠣᠯᠵᠤ᠂ ᠥᠪᠡᠷᠰᠡᠳ ᠦ᠋ᠨ ᠢ᠋ᠶ᠋ᠡᠨ ᠰᠣᠶᠣᠯ ᠤ᠋ᠨ ᠬᠥᠳᠡᠯᠦᠩᠭᠦᠢ ᠤᠬᠠᠮᠰᠠᠷ ᠢ᠋ᠶ᠋ᠠᠨ ᠰᠤᠯᠠᠷᠠᠭᠤᠯᠵᠤ ᠢᠳᠡᠪᠬᠢ ᠠᠵᠢᠯᠯᠠᠭ᠎ᠠ ᠪᠠᠨ ᠨᠠᠵᠠᠭᠠᠢᠷᠠᠭᠤᠯᠤᠭᠰᠠᠨ ᠶᠠᠪᠤᠳᠠᠯ ᠪᠣᠯᠬᠤ ᠶᠤᠮ᠃ ᠶᠠᠭ ᠡᠢᠮᠦ ᠡᠴᠡ ᠪᠢᠳᠡ ᠴᠠᠭ ᠲᠥᠷᠥ ᠶ᠋ᠢᠨ ᠪᠣᠳᠣᠯᠭ᠎ᠠ ᠶ᠋ᠢ ᠨᠡᠪᠲᠡᠷᠬᠡᠢ ᠡᠵᠡᠮᠰᠢᠵᠦ ᠠᠵᠢᠯ ᠢ᠋ᠶ᠋ᠠᠨ ᠡᠷᠡᠭᠦᠯ ᠢ᠋ᠶ᠋ᠡᠷ ᠥᠷᠨᠢᠭᠦᠯᠬᠦ ᠡᠴᠡ ᠪᠢᠰᠢ ᠬᠠᠷᠢᠨ ᠭᠡᠯᠮᠡᠭᠳᠡᠨ ᠴᠣᠴᠢᠵᠤ ᠤᠬᠠᠭ᠎ᠠ ᠠᠯᠳᠠᠵᠤ᠂ ᠡᠭᠦᠨ ᠦ᠌ ᠡᠴᠦᠰ ᠲᠦ᠍ ᠬᠥᠮᠦᠨ ᠢ᠋ ᠬᠠᠷᠠᠵᠤ ᠬᠥᠨᠳᠡᠯᠡᠨ ᠪᠤᠶᠠᠨ ᠳᠡᠭᠡᠷ᠎ᠡ ᠬᠡᠪᠲᠡᠬᠦ ᠶ᠋ᠢ ᠭᠣᠷᠢᠳᠠᠭᠰᠠᠨ ᠬᠣᠭᠣᠰᠣᠨ ᠵᠡᠭᠦᠳᠦ ᠪᠡᠷ ᠪᠡᠶ᠎ᠡ ᠪᠡᠨ ᠲᠠᠢᠳᠬᠤᠷᠠᠭᠤᠯᠵᠤ ᠶᠠᠭᠠᠬᠢᠭᠰᠠᠨ ᠴᠤ᠌ ᠪᠣᠯᠬᠤ ᠦᠭᠡᠢ᠃
    ᠬᠡᠯᠡ ᠪᠢᠴᠢᠭ ᠪᠣᠯ ᠰᠣᠶᠣᠯ ᠤ᠋ᠨ ᠠᠴᠢᠶᠠᠯᠠᠪᠤᠷᠢ ᠬᠡᠯᠡ ᠪᠢᠴᠢᠭ ᠦ᠋ᠨ ᠪᠠᠭᠰᠢ ᠪᠣᠯ ᠰᠣᠶᠣᠯ ᠤ᠋ᠨ ᠠᠴᠢᠶᠠᠯᠠᠭᠴᠢ᠂ ᠬᠡᠯᠡ ᠨᠢᠭᠡᠳᠦᠭᠡᠷ ᠪᠢᠴᠢᠭ ᠬᠣᠶᠠᠳᠤᠭᠠᠷ᠃ ᠬᠡᠯᠡ ᠪᠣᠯ ᠨᠢᠭᠡ ᠦᠨᠳᠦᠰᠦᠲᠡᠨ ᠦ᠌ ᠰᠣᠶᠣᠯ ᠤ᠋ᠨ ᠨᠣᠶᠠᠨ ᠣᠷᠭᠢᠯ᠂ ᠠᠮᠢᠨ ᠰᠦᠨᠡᠰᠦ᠂ ᠰᠡᠳᠬᠢᠯ ᠦ᠋ᠨ ᠭᠠᠯ᠂ ᠰᠣᠶᠣᠯ ᠤ᠋ᠨ ᠨᠠᠷᠠ ᠮᠥᠨ᠃ ᠬᠡᠯᠡ ᠶ᠋ᠢ ᠳᠠᠪᠠᠬᠤ ᠰᠣᠶᠣᠯ ᠭᠡᠵᠦ ᠪᠠᠢᠳᠠᠭ ᠦᠭᠡᠢ᠃ ᠬᠡᠯᠡᠨ ᠦ᠌ ᠠᠮᠢᠨ ᠰᠦᠨᠡᠰᠦ ᠨᠢ ᠬᠡᠷᠡᠭᠯᠡᠭᠡᠨ ᠳ᠋ᠦ᠍ ᠪᠣᠢ ᠬᠡᠯᠡ ᠶ᠋ᠢ ᠥᠭᠦᠯᠡᠵᠦ ᠪᠠᠢᠵᠤ ᠠᠮᠢ ᠣᠷᠣᠭᠤᠯᠳᠠᠭ᠂ ᠬᠡᠷᠡᠭᠯᠡᠵᠦ ᠪᠠᠢᠵᠤ ᠬᠥᠯ ᠳ᠋ᠦ᠍ ᠣᠷᠣᠭᠤᠯᠳᠠᠭ᠂ ᠬᠠᠷᠢᠯᠴᠠᠵᠤ ᠪᠠᠢᠵᠤ ᠬᠦᠯᠦᠭ ᠪᠣᠯᠭᠠᠳᠠᠭ ᠬᠠᠮᠠᠭᠠᠯᠠᠵᠤ ᠪᠠᠢᠵᠤ ᠮᠥᠩᠬᠡ ᠣᠷᠣᠰᠢᠭᠤᠯᠳᠠᠭ᠃ ᠬᠡᠯᠡ ᠶ᠋ᠢ ᠬᠡᠯᠡᠬᠦ ᠳ᠋ᠦ᠍ ᠪᠣᠢ᠂ ᠬᠠᠪᠲᠠᠰᠤᠨ ᠳ᠋ᠤ᠌ ᠣᠨᠢᠰᠤᠯᠠᠭᠠᠳ ᠬᠠᠳᠠᠭᠠᠯᠠᠬᠤ ᠳ᠋ᠤ᠌ ᠪᠠᠢᠳᠠᠭ ᠦᠭᠡᠢ᠃ ᠬᠡᠯᠡ ᠶ᠋ᠢ ᠬᠡᠷᠡᠭᠯᠡᠬᠦ ᠳ᠋ᠦ᠍ ᠪᠣᠢ ᠬᠡᠮᠡᠷᠯᠢᠭ ᠢ᠋ᠶ᠋ᠡᠷ ᠪᠠᠭᠯᠠᠭᠠᠳ ᠬᠤᠷᠢᠶᠠᠬᠤ ᠳ᠋ᠤ᠌ ᠪᠠᠢᠳᠠᠭ ᠦᠭᠡᠢ᠂ ᠬᠡᠯᠡ ᠪᠡᠨ ᠬᠡᠷᠡᠭᠯᠡᠬᠦ ᠡᠰᠡᠬᠦ ᠨᠢ ᠴᠢᠳᠠᠪᠤᠷᠢ ᠶ᠋ᠢᠨ ᠠᠰᠠᠭᠤᠳᠠᠯ ᠪᠢᠰᠢ᠂ ᠤᠬᠠᠮᠰᠠᠷ ᠤ᠋ᠨ ᠠᠰᠠᠭᠤᠳᠠᠯ᠃ ᠡᠭᠦᠨ ᠲᠡᠢ ᠤᠴᠢᠷᠯᠠᠵᠤ ᠬᠠᠮᠤᠭ ᠤ᠋ᠨ ᠡᠩ ᠦ᠋ᠨ ᠪᠥᠭᠡᠳ ᠬᠠᠮᠤᠭ ᠤ᠋ᠨ ᠨᠡᠢᠲᠡᠯᠢᠭ ᠵᠢᠱ᠌ᠢᠶ᠎ᠡ ᠲᠠᠲᠠᠬᠤ ᠶᠤᠮ ᠪᠣᠯ᠄ ᠮᠠᠨ ᠤ᠋ ᠬᠡᠯᠡ ᠪᠢᠴᠢᠭ ᠦ᠋ᠨ ᠵᠢᠷᠭᠢᠭᠡ ᠬᠣᠯᠪᠣᠭᠠᠨ ᠳ᠋ᠤ᠌ ᠪᠠᠭᠰᠢ ᠨᠠᠷ ᠨᠡᠷ᠎ᠡ ᠪᠡᠨ ᠥᠷᠥᠭᠡᠯ ᠦ᠋ᠨ ᠦᠰᠦᠭ ᠪᠢᠴᠢᠭ ᠢ᠋ᠶ᠋ᠡᠷ ᠲᠡᠮᠳᠡᠭᠯᠡᠵᠦ᠂ ᠬᠡᠯᠡ ᠪᠢᠴᠢᠭ ᠦ᠋ᠨ ᠦᠵᠡᠭᠳᠡᠯ ᠢ᠋ ᠥᠷᠥᠭᠡᠯ ᠦ᠋ᠨ ᠦᠭᠡ ᠬᠡᠯᠡ᠂ ᠦᠰᠦᠭ ᠪᠢᠴᠢᠭ ᠢ᠋ᠶ᠋ᠡᠷ ᠬᠠᠴᠢᠯᠴᠠᠨ ᠠᠰᠠᠭᠤᠨ ᠵᠥᠪᠯᠡᠬᠦ ᠨᠢ ᠲᠡᠷᠡ ᠴᠢᠭ ᠢ᠋ᠶ᠋ᠡᠷ ᠢ᠋ᠶ᠋ᠡᠨ 《ᠺᠣᠨᠰᠫᠧᠺᠲ ᠢ᠋ᠶ᠋ᠡᠨ ᠥᠷᠥᠭᠡᠯ ᠦ᠋ᠨ ᠦᠰᠦᠭ ᠪᠢᠴᠢᠭ ᠢ᠋ᠶ᠋ᠡᠷ ᠪᠢᠴᠢᠵᠦ ᠬᠢᠴᠢᠶᠡᠯ ᠢ᠋ᠶ᠋ᠡᠨ ᠬᠠᠷᠢ ᠬᠡᠯᠡ ᠪᠡᠷ ᠬᠢᠴᠢᠶᠡᠯᠯᠡᠭᠰᠡᠨ》 ᠲᠡᠢ ᠶᠠᠮᠠᠷ ᠴᠤ᠌ ᠢᠯᠭᠠᠭ᠎ᠠ ᠦᠭᠡᠢ ᠶᠤᠮ᠃ ᠬᠡᠷᠪᠡ ᠡᠭᠦᠨ ᠢ᠋ ᠪᠢᠳᠡ ᠶᠠᠯᠢᠮ ᠦᠭᠡᠢᠬᠡᠨ ᠥᠴᠦᠬᠡᠨ ᠤᠴᠢᠷ ᠭᠡᠮᠡᠨ ᠣᠮᠲᠣᠭᠠᠢᠯᠠᠪᠠᠯ ᠶᠠᠭ ᠯᠠ 《ᠡᠬᠡ ᠬᠡᠯᠡ ᠮᠢᠨᠢ ᠮᠠᠨᠳᠤᠲᠤᠭᠠᠢ》 ᠭᠡᠵᠦ ᠬᠠᠰᠬᠢᠷᠴᠢᠬᠠᠭᠠᠳ ᠲᠠᠢᠪᠤᠰᠢᠷᠠᠭᠤᠯᠬᠤ ᠡᠮ ᠢ᠋ᠶ᠋ᠡᠨ ᠤᠤᠭᠤᠴᠢᠬᠠᠭᠠᠳ ᠯᠤᠭᠰᠢᠭᠤᠨ ᠰᠤᠳᠠᠯ ᠢ᠋ᠶ᠋ᠠᠨ ᠬᠠᠨᠠᠴᠢᠬᠠᠭᠠᠳ ᠴᠠᠭ ᠢ᠋ᠶ᠋ᠠᠨ ᠬᠦᠯᠢᠶᠡᠵᠦ ᠪᠠᠢᠬᠤ ᠲᠠᠢ ᠡᠭᠡᠭᠡ ᠠᠳᠠᠯᠢ ᠪᠣᠯᠤᠨ᠎ᠠ᠃ ᠥᠪᠡᠷ ᠦ᠋ᠨ ᠢ᠋ᠶ᠋ᠡᠨ ᠦᠭᠡ ᠬᠡᠯᠡ ᠪᠡᠨ ᠥᠪᠡᠷᠰᠡᠳ ᠢ᠋ᠶ᠋ᠡᠨ ᠣᠷᠬᠢᠬᠤ ᠨᠢ ᠬᠠᠮᠤᠭ ᠤ᠋ᠨ ᠠᠶᠤᠮᠰᠢᠭᠲᠠᠢ ᠶᠤᠮ᠃ ᠁ ᠤᠴᠢᠷ ᠨᠢ ᠣᠷᠴᠢᠯᠠᠩ ᠤ᠋ᠨ ᠲᠦᠮᠡᠨ ᠤᠴᠢᠷ ᠬᠡᠵᠢᠶ᠎ᠡ ᠢᠮᠠᠭᠲᠠ ᠪᠠᠭ᠎ᠠ ᠠ᠋ᠴᠠ ᠭᠠᠷᠳᠠᠵᠤ ᠪᠣᠳᠠᠲᠠᠢ ᠠ᠋ᠴᠠ ᠡᠭᠦᠰᠬᠦ ᠡᠴᠡ ᠡᠬᠢᠯᠡᠳᠡᠭ ᠲᠦᠭᠡᠮᠡᠯ ᠵᠢᠮ᠎ᠡ ᠬᠠᠤᠯᠢ ᠲᠠᠢ ᠶᠤᠮ᠃ ᠰᠤᠳᠠᠯ ᠢ᠋ᠶ᠋ᠠᠷ ᠤᠷᠤᠰᠳᠠᠭ ᠢ᠋ ᠨᠢ ᠴᠢᠰᠤ ᠭᠡᠳᠡᠭ᠂ ᠰᠡᠳᠬᠢᠯ ᠢ᠋ᠶ᠋ᠡᠷ ᠤᠷᠤᠰᠳᠠᠭ ᠢ᠋ ᠨᠢ ᠰᠣᠶᠣᠯ ᠭᠡᠳᠡᠭ ᠶᠤᠮ᠃ ᠶᠠᠭ ᠡᠢᠮᠦ ᠡᠴᠡ ᠬᠥᠮᠦᠨ ᠲᠥᠷᠥᠯᠬᠢᠲᠡᠨ ᠦ᠌ ᠰᠤᠷᠭᠠᠨ ᠬᠥᠮᠦᠵᠢᠯ᠂ ᠬᠡᠯᠡ ᠪᠢᠴᠢᠭ ᠦ᠋ᠨ ᠵᠢᠭᠠᠨ ᠰᠤᠷᠭᠠᠯᠲᠠ ᠠ᠋ᠴᠠ ᠦᠨᠳᠦᠰᠦᠯᠡᠭᠰᠡᠨ ᠶᠤᠮ᠃ ᠪᠤᠰᠤᠳ ᠬᠢᠴᠢᠶᠡᠯ ᠲᠥᠷᠥᠯ ᠨᠢ《ᠬᠡᠯᠡ ᠪᠢᠴᠢᠭ》 ᠬᠡᠮᠡᠬᠦ ᠠᠪᠤᠷᠭᠤ ᠪᠦᠳᠦᠭᠦᠨ ᠠᠭᠠᠷᠤ ᠽᠠᠨᠳᠠᠨ ᠠ᠋ᠴᠠ ᠰᠠᠯᠠᠭᠠᠯᠠᠵᠤ ᠨᠠᠮᠠᠭᠠᠯᠠᠭᠰᠠᠨ ᠪᠠᠢᠳᠠᠭ᠃ ᠲᠡᠭᠡᠬᠦ ᠪᠡᠷ ᠬᠡᠯᠡ ᠪᠢᠴᠢᠭ ᠨᠢ ᠣᠨᠳᠣᠣ ᠬᠢᠴᠢᠶᠡᠯ ᠲᠥᠷᠥᠯ ᠡᠴᠡ ᠪᠦᠷ ᠥᠭᠡᠷ᠎ᠡ ᠪᠠᠢᠳᠠᠭ᠃ ᠲᠡᠷᠡ ᠨᠢ ᠰᠦᠨᠡᠰᠦ ᠲᠡᠢ᠂ ᠰᠦᠯᠳᠡ ᠲᠡᠢ᠂ ᠪᠡᠶ᠎ᠡ ᠮᠠᠬᠠᠪᠣᠳ ᠲᠠᠢ᠂ ᠪᠣᠳᠣᠯ ᠤᠬᠠᠭᠠᠨ ᠲᠠᠢ ᠪᠠᠢᠳᠠᠭ᠃ ᠲᠡᠭᠦᠨ ᠢ᠋ ᠪᠠᠰᠠ ᠪᠤᠲᠠ ᠮᠠᠯ ᠤ᠋ᠨ ᠲᠠᠮᠠᠭ᠎ᠠ᠂ ᠪᠤᠭ ᠮᠠᠯ ᠤ᠋ᠨ ᠢᠮ ᠲᠡᠢ ᠵᠦᠢᠷᠯᠡᠵᠦ ᠪᠣᠯᠳᠠᠭ ᠤᠴᠢᠷ ᠲᠠᠢ᠃ ᠲᠡᠷᠡ ᠨᠢ ᠬᠠᠷᠠᠭ᠎ᠠ ᠶ᠋ᠢ ᠬᠡᠷᠡᠯᠳᠦᠭᠦᠯᠳᠡᠭ ᠨᠠᠷᠠ ᠪᠣᠯᠳᠠᠭ᠂ ᠰᠡᠳᠬᠢᠯ ᠢ᠋ ᠳᠤᠯᠠᠭᠠᠯᠠᠳᠠᠭ ᠳᠥᠯᠥ ᠪᠣᠯᠳᠠᠭ᠂ ᠠᠮᠢᠰᠬᠤᠯ ᠠᠪᠤᠭᠤᠯᠳᠠᠭ ᠠᠭᠠᠷ ᠪᠣᠯᠳᠠᠭ ᠠᠮᠢᠳᠤᠷᠠᠯ ᠢ᠋ ᠵᠣᠬᠢᠶᠠᠳᠠᠭ ᠭᠡᠷ ᠪᠣᠯᠳᠠᠭ᠂ ᠵᠢᠷᠭᠠᠯ ᠢ᠋ ᠪᠦᠲᠦᠭᠡᠳᠡᠭ ᠥᠷᠭᠥᠭᠡ ᠪᠣᠯᠳᠠᠭ᠃ ᠡᠢᠮᠦ ᠡᠴᠡ ᠪᠢᠳᠡ ᠡᠬᠡ ᠤᠯᠤᠰ ᠤ᠋ᠨ ᠢ᠋ᠶ᠋ᠠᠨ ᠠᠭᠤᠳᠠᠮ ᠡᠩᠭᠡᠷ ᠲᠦ᠍ ᠡᠯᠢᠭᠡ ᠨᠢᠭᠡᠲᠡᠢ ᠲᠠᠪᠢᠨ ᠵᠢᠷᠭᠤᠭᠠᠨ ᠠᠬᠠᠨ ᠳᠡᠭᠦᠦ ᠲᠡᠢ ᠪᠡᠨ ᠬᠢᠲᠠᠳ ᠬᠡᠯᠡ ᠪᠡᠷ ᠰᠠᠭᠠᠳ ᠦᠭᠡᠢ ᠰᠣᠯᠢᠯᠴᠠᠬᠤ ᠶ᠋ᠢᠨ ᠳᠠᠭᠠᠤ ᠥᠪᠡᠷ ᠦ᠋ᠨ ᠢ᠋ᠶ᠋ᠡᠨ ᠡᠬᠡ ᠬᠡᠯᠡᠨ ᠦ᠌ ᠨᠢᠭᠡᠳᠦᠭᠡᠷ ᠬᠠᠷᠢᠭᠤᠴᠠᠯᠭᠠᠲᠠᠨ ᠰᠢᠳᠠᠷ ᠬᠠᠮᠠᠭᠠᠯᠠᠭᠴᠢ ᠪᠣᠯᠵᠤ ᠴᠢᠳᠠᠬᠤ ᠬᠡᠷᠡᠭᠲᠡᠢ᠃
    ᠣᠳᠣ ᠳᠡᠭᠡᠳᠦ ᠳᠤᠮᠳᠠᠳᠤ ᠳ᠋ᠤ᠌ ᠬᠡᠯᠡ ᠪᠢᠴᠢᠭ ᠦ᠋ᠨ ᠬᠢᠴᠢᠶᠡᠯ ᠨᠢ ᠨᠢᠭᠡ ᠵᠦᠢᠯ ᠦ᠋ᠨ ᠵᠢᠭᠠᠨ ᠰᠤᠷᠭᠠᠯᠲᠠ ᠠ᠋ᠴᠠ ᠥᠭᠡᠷ᠎ᠡ ᠨᠢᠭᠡ ᠵᠦᠢᠯ ᠦ᠋ᠨ ᠵᠢᠭᠠᠨ ᠰᠤᠷᠭᠠᠯᠲᠠ ᠳ᠋ᠤ᠌ ᠰᠢᠯᠵᠢᠵᠦ ᠪᠠᠢᠨ᠎ᠠ᠃ ᠥᠩᠭᠡᠷᠡᠭᠰᠡᠨ ᠦ᠌ ᠵᠢᠭᠠᠨ ᠰᠤᠷᠭᠠᠯᠲᠠ ᠣᠶᠤᠨ ᠤᠬᠠᠭᠠᠨ ᠳ᠋ᠤ᠌ ᠥᠨᠢᠳᠡ ᠰᠡᠢᠯᠦᠭᠡᠰᠦᠲᠡᠢ ᠨᠠᠨᠳᠢᠨ ᠬᠥᠷᠥᠩᠭᠡ ᠪᠣᠯᠵᠤ ᠦᠯᠡᠳᠡᠨ᠎ᠡ᠃ ᠰᠡᠳᠬᠢᠯ ᠵᠢᠷᠦᠬᠡᠨ ᠳ᠋ᠦ᠍ ᠤᠳᠠᠭᠠᠨ ᠵᠢᠯ ᠭᠦᠨ ᠬᠠᠳᠠᠩᠰᠢᠭᠰᠠᠨ ᠡᠨᠡ ᠬᠦ ᠵᠢᠭᠠᠨ ᠰᠤᠷᠭᠠᠯᠲᠠ ᠶ᠋ᠢᠨ ᠮᠤᠨᠳᠠᠭ ᠠᠷᠭ᠎ᠠ ᠲᠤᠷᠰᠢᠯᠭ᠎ᠠ ᠮᠠᠨᠢ ᠬᠠᠢᠷ᠎ᠠ ᠪᠠᠬᠠᠷᠬᠠᠯ ᠳᠤᠷᠠᠰᠤᠮᠵᠢ ᠮᠥᠷᠥᠭᠡᠳᠦᠯ ᠢᠲᠡᠭᠡᠯ ᠰᠡᠳᠬᠢᠯ ᠥᠭᠬᠦ ᠪᠡᠷ ᠦᠯᠦ ᠪᠠᠷᠠᠨ ᠬᠣᠢᠰᠢᠳᠠ ᠶ᠋ᠢᠨ ᠴᠦ᠍ ᠰᠢᠨ᠎ᠡ ᠨᠢᠭᠡ ᠵᠦᠢᠯ ᠦ᠋ᠨ ᠵᠢᠭᠠᠨ ᠰᠤᠷᠭᠠᠯᠲᠠ ᠳ᠋ᠤ᠌ ᠳᠠᠮ ᠲᠣᠮ ᠪᠣᠯᠬᠤ ᠨᠢ ᠳᠠᠮᠵᠢᠭ ᠦᠭᠡᠢ᠃ ᠣᠳᠣ ᠬᠡᠯᠡ ᠪᠢᠴᠢᠭ ᠢ᠋ ᠤᠬᠠᠮᠰᠠᠷ ᠠ᠋ᠴᠠ ᠪᠠᠨ ᠰᠤᠷᠬᠤ ᠠ᠋ᠴᠠ ᠪᠢᠰᠢ ᠠᠯᠪᠠᠳᠠᠯᠭ᠎ᠠ ᠪᠠᠷ ᠰᠤᠷᠬᠤ ᠴᠠᠭ ᠪᠢᠰᠢ ᠪᠣᠯᠤᠭᠰᠠᠨ᠂ ᠰᠣᠶᠣᠯ ᠤ᠋ᠨ ᠥᠷᠲᠡᠭ ᠡᠴᠡ ᠰᠤᠷᠬᠤ ᠠ᠋ᠴᠠ ᠪᠢᠰᠢ ᠰᠢᠯᠭᠠᠯᠲᠠ ᠶ᠋ᠢᠨ ᠬᠡᠷᠡᠭᠴᠡᠭᠡ ᠡᠴᠡ ᠰᠤᠷᠬᠤ ᠴᠠᠭ ᠪᠢᠰᠢ ᠪᠣᠯᠤᠭᠰᠠᠨ᠃ ᠡᠨᠡ ᠪᠣᠯ ᠰᠢᠨ᠎ᠡ ᠴᠠᠭ ᠦᠶ᠎ᠡ ᠶ᠋ᠢᠨ ᠬᠡᠯᠡ ᠪᠢᠴᠢᠭ ᠦ᠋ᠨ ᠵᠢᠭᠠᠨ ᠰᠤᠷᠭᠠᠯᠲᠠ ᠶ᠋ᠢᠨ ᠠᠮᠢᠨ ᠰᠦᠨᠡᠰᠦ ᠮᠥᠨ᠃ ᠠᠮᠢᠨ ᠰᠦᠨᠡᠰᠦᠨ ᠡᠴᠡ ᠨᠢ ᠭᠠᠷᠲᠠᠬᠤ ᠨᠢ ᠠᠯᠢᠪᠠ ᠠᠵᠢᠯ ᠤ᠋ᠨ ᠠᠮᠵᠢᠯᠲᠠ ᠳ᠋ᠤ᠌ ᠬᠦᠷᠬᠦ ᠭᠠᠷ ᠠᠪᠤᠯᠭ᠎ᠠ ᠪᠢᠵᠡ᠃ ᠪᠢᠳᠡ ᠣᠳᠣ ᠰᠢᠨ᠎ᠡ ᠵᠢᠭᠠᠨ ᠰᠤᠷᠭᠠᠬᠤ ᠦᠵᠡᠯᠲᠡ ᠪᠠ ᠰᠢᠨ᠎ᠡ ᠥᠷᠲᠡᠭ ᠦ᠋ᠨ ᠦᠵᠡᠯᠲᠡ ᠪᠡᠷ ᠬᠡᠯᠡ ᠪᠢᠴᠢᠭ ᠦ᠋ᠨ ᠵᠢᠭᠠᠨ ᠰᠤᠷᠭᠠᠯᠲᠠ ᠪᠠᠨ ᠦᠷᠭᠦᠯᠵᠢᠯᠡᠭᠦᠯᠬᠦ ᠵᠠᠮ ᠤ᠋ᠨ ᠪᠠᠯᠴᠢᠷ ᠲᠤ᠌ ᠢᠷᠡᠭᠡᠳ ᠪᠠᠢᠨ᠎ᠠ᠃ ᠡᠨᠡ ᠬᠦ ᠰᠣᠶᠣᠯ ᠤ᠋ᠨ ᠥᠷᠲᠡᠭ ᠪᠠ ᠣᠢᠯᠠᠭᠠᠭᠳᠠᠬᠤᠨ ᠳ᠋ᠤ᠌ ᠬᠤᠷᠳᠤᠨ ᠰᠢᠯᠵᠢᠬᠦ ᠨᠢ ᠣᠳᠣᠬᠠᠨ ᠤ᠋ ᠠᠵᠢᠯ ᠤ᠋ᠨ ᠭᠣᠣᠯᠳᠠᠯᠭ᠎ᠠ ᠶᠤᠮ᠃ᠰᠣᠶᠣᠯ ᠤ᠋ᠨ ᠥᠷᠲᠡᠭ ᠲᠡᠢ ᠬᠢᠴᠢᠶᠡᠯ ᠪᠣᠯᠭᠠᠬᠤ ᠳ᠋ᠤ᠌ ᠲᠤᠩᠭᠠᠯᠲᠠ ᠱᠠᠭᠠᠷᠳᠠᠨ᠎ᠠ᠂ ᠠᠷᠭ᠎ᠠ ᠬᠡᠷᠡᠭᠰᠡᠨ᠎ᠡ᠂ ᠪᠡᠯᠡᠳᠬᠡᠯ ᠣᠷᠣᠨ᠎ᠠ᠂ ᠲᠠᠨᠢᠯᠲᠠ ᠭᠣᠣᠯᠯᠠᠨ᠎ᠠ ᠰᠦᠭ ᠰᠦᠨᠡᠰᠦ ᠰᠠᠭᠤᠷᠢᠯᠠᠨ᠎ᠠ᠃ ᠡᠨᠡ ᠪᠦᠬᠦᠨ ᠦ᠌ ᠡᠴᠦᠰ ᠲᠦ᠍ ᠥᠷᠲᠡᠭ ᠦ᠋ᠨ ᠦᠵᠡᠯᠲᠡ ᠪᠤᠶᠤ ᠡᠭᠡᠯᠢᠲᠡᠢ ᠳᠠᠳᠬᠠᠯ ᠢ᠋ᠶ᠋ᠠᠨ ᠥᠭᠡᠷᠡᠴᠢᠯᠡᠬᠦ ᠨᠢ ᠴᠢᠬᠤᠯᠠ ᠠ᠋ᠴᠠ ᠴᠢᠬᠤᠯᠠ᠃ ᠶᠠᠷᠢᠶᠠᠨ ᠦᠭᠡᠢ ᠨᠢᠭᠡ ᠵᠦᠢᠯ ᠦ᠋ᠨ ᠥᠷᠲᠡᠭ ᠦ᠋ᠨ ᠦᠵᠡᠯᠲᠡ ᠪᠤᠶᠤ ᠳᠠᠳᠬᠠᠯ ᠠ᠋ᠴᠠ ᠥᠭᠡᠷ᠎ᠡ ᠨᠢᠭᠡ ᠵᠦᠢᠯ ᠦ᠋ᠨ ᠥᠷᠲᠡᠭ ᠦ᠋ᠨ ᠦᠵᠡᠯᠲᠡ ᠪᠤᠶᠤ ᠳᠠᠳᠬᠠᠯ ᠳ᠋ᠤ᠌ ᠰᠢᠯᠵᠢᠬᠦ ᠨᠢ 《ᠲᠥᠷᠥᠯ ᠠᠷᠠᠯᠵᠢᠬᠤ》 ᠮᠡᠲᠦ ᠪᠥᠭᠡᠳ 《ᠲᠠᠷᠢᠬᠢ ᠪᠠᠨ ᠤᠬᠢᠶᠠᠬᠤ》 ᠰᠢᠭ᠋ ᠲᠦᠪᠡᠭ ᠲᠡᠢ ᠶᠠᠪᠤᠴᠠ ᠶ᠋ᠢ ᠥᠩᠭᠡᠷᠡᠭᠦᠯᠦᠨ᠎ᠡ᠃ ᠬᠡᠷᠪᠡ ᠪᠢᠳᠡ ᠡᠨᠡ ᠬᠦ ᠰᠢᠯᠵᠢᠯᠲᠡ ᠶ᠋ᠢᠨ ᠡᠮᠦᠨ᠎ᠡ ᠰᠡᠮᠡᠬᠡᠷ ᠰᠠᠭᠤᠬᠤ ᠪᠤᠶᠤ ᠨᠠᠵᠠᠭᠠᠢ ᠰᠡᠳᠬᠢᠪᠡᠯ ᠬᠠᠷᠢᠭᠤᠴᠠᠯᠭ᠎ᠠ ᠪᠠᠨ ᠠᠯᠳᠠᠵᠤ ᠶᠣᠰᠣᠲᠠᠢ 《ᠠᠮᠢᠳᠤ ᠬᠡᠭᠦᠷ》 ᠲᠡᠳᠦᠢ ᠪᠣᠯᠤᠨ᠎ᠠ᠃ ᠠᠭᠤᠯᠠ ᠶ᠋ᠢ ᠨᠠᠭᠠᠰᠢ ᠨᠡᠭᠦᠯᠭᠡᠵᠦ ᠴᠢᠳᠠᠬᠤ ᠦᠭᠡᠢ ᠪᠣᠯ ᠠᠭᠤᠯᠠ ᠲᠠᠢᠰᠢ ᠣᠴᠢ᠂ ᠠᠭᠤᠯᠵᠠᠬᠤ ᠴᠠᠭ ᠯᠠᠪ ᠪᠣᠢ᠃ ᠤᠷᠤᠰᠬᠠᠯ ᠢ᠋ ᠵᠣᠭᠰᠣᠭᠠᠵᠤ ᠴᠢᠳᠠᠬᠤ ᠦᠭᠡᠢ ᠪᠣᠯ ᠤᠷᠤᠰᠬᠠᠯ ᠢ᠋ ᠳᠠᠭᠠᠭᠠᠳ  ᠶᠠᠪᠤ᠂ ᠠᠯᠬᠤᠮ ᠨᠢᠭᠡᠳᠬᠡᠬᠦ ᠴᠠᠭ ᠯᠠᠪ ᠪᠣᠢ᠃ ᠳᠠᠳᠬᠠᠯ ᠬᠡᠮᠡᠭᠴᠢ ᠲᠡᠪᠴᠢᠬᠦ ᠶ᠋ᠢᠨ ᠠᠷᠭ᠎ᠠ ᠦᠭᠡᠢ ᠳᠡᠩᠳᠡᠭᠦᠦ ᠨᠠᠭᠠᠯᠢᠩᠬᠠᠢ ᠪᠣᠯᠪᠠᠴᠤ ᠨᠢᠭᠡ ᠨᠠᠰᠤ ᠪᠠᠨ ᠭᠠᠭᠴᠠ ᠲᠡᠭᠦᠨ ᠲᠡᠢ ᠵᠢᠭᠤᠷᠠᠬᠤ ᠠᠯᠪᠠ ᠠᠯᠠᠭ᠎ᠠ᠃ ᠨᠢᠭᠡ ᠯᠡ ᠬᠡᠪᠰᠢᠯ ᠳ᠋ᠦ᠍ ᠨᠢᠭᠡᠮᠦᠰᠦᠨ ᠣᠷᠢᠶᠠᠭᠳᠠᠬᠤ ᠶᠣᠰᠣ ᠡᠭᠡᠨᠡᠭᠲᠡ ᠣᠷᠣᠰᠢᠳᠠᠭ ᠦᠭᠡᠢ᠃ ᠲᠡᠪᠴᠢᠬᠦ ᠵᠦᠢᠯ ᠢ᠋ ᠲᠡᠪᠴᠢᠵᠦ᠂ᠳᠠᠰᠬᠤ ᠵᠦᠢᠯ ᠳ᠋ᠦ᠍ ᠳᠠᠰᠬᠤ ᠯᠠ ᠬᠡᠷᠡᠭᠲᠡᠢ᠃ ᠥᠭᠡᠷᠡᠴᠢᠯᠡᠵᠦ ᠡᠰᠡ ᠴᠢᠳᠠᠬᠤ ᠠᠬᠤᠢ ᠲᠠᠢ ᠪᠠᠨ ᠡᠪᠯᠡᠷᠡᠰᠢ ᠦᠭᠡᠢ ᠪᠠᠢᠬᠤ ᠨᠢ ᠥᠪᠡᠷ ᠢ᠋ ᠪᠡᠨ ᠢᠮᠠᠭᠲᠠ ᠪᠣᠳᠠᠲᠤ ᠠᠬᠤᠢ ᠠ᠋ᠴᠠ ᠬᠥᠨᠳᠡᠢᠷᠡᠭᠦᠯᠵᠦ᠂ ᠠᠵᠢᠯ ᠢ᠋ᠶ᠋ᠠᠨ ᠦᠨᠡᠰᠦᠨ ᠣᠪᠣᠭᠠᠨ ᠳ᠋ᠤ᠌ ᠭᠡᠭᠡᠭᠰᠡᠨ᠂ ᠶᠠᠭᠤ ᠪᠦᠬᠦᠨ ᠢ᠋ ᠲᠣᠭᠣᠵᠤ ᠶᠠᠳᠠᠭᠰᠠᠨ᠂ ᠣᠶᠤᠨ ᠤ᠋ ᠥᠨᠥᠴᠢᠷᠡᠯ ᠳ᠋ᠦ᠍ ᠣᠷᠣᠭᠤᠯᠳᠠᠭ᠃ ᠬᠥᠮᠦᠨ ᠡᠴᠡ ᠬᠥᠳᠡᠯᠦᠩᠭᠦᠢ ᠳᠡᠮᠵᠢᠯᠭᠡ ᠣᠯᠤᠨ᠎ᠠ ᠭᠡᠵᠦ ᠪᠢᠲᠡᠭᠡᠢ ᠭᠣᠷᠢᠳᠠ ᠥᠷᠥᠭᠡᠯ ᠦ᠋ᠨ ᠬᠥᠳᠡᠯᠦᠩᠭᠦᠢ ᠠᠵᠢᠯᠯᠠᠭ᠎ᠠ ᠪᠠᠷ ᠥᠪᠡᠷ ᠦ᠋ᠨ ᠢ᠋ᠶ᠋ᠡᠨ ᠬᠥᠳᠡᠯᠦᠩᠭᠦᠢ ᠴᠢᠨᠠᠷ ᠢ᠋ ᠪᠠᠳᠠᠷᠠᠭᠤᠯᠤᠨ᠎ᠠ ᠭᠡᠮᠡᠨ ᠪᠢᠲᠡᠭᠡᠢ ᠰᠠᠨᠠᠭᠠᠰᠢᠷᠠ᠃ ᠡᠨᠡ ᠬᠦ ᠪᠦᠲᠦᠯ ᠦᠭᠡᠢ ᠪᠣᠳᠣᠯ ᠨᠢ ᠤᠷᠤᠭᠤ ᠲᠠᠲᠠᠬᠤ ᠠ᠋ᠴᠠ ᠥᠭᠡᠷ᠎ᠡ ᠰᠠᠢᠨ ᠲᠡᠭᠦᠰᠬᠡᠯ ᠦᠵᠡᠭᠦᠯᠳᠡᠭ ᠦᠭᠡᠢ᠃ ᠥᠪᠡᠷ ᠦ᠋ᠨ ᠢ᠋ᠶ᠋ᠡᠨ ᠬᠥᠳᠡᠯᠦᠩᠭᠦᠢ ᠪᠡᠷ ᠥᠷᠥᠭᠡᠯ ᠦ᠋ᠨ ᠬᠥᠳᠡᠯᠦᠩᠭᠦᠢ ᠶ᠋ᠢ ᠳᠠᠢᠴᠢᠯᠠᠬᠤ ᠨᠢ ᠬᠡᠯᠡ ᠰᠤᠷᠬᠤ ᠶ᠋ᠢᠨ ᠬᠠᠮᠤᠭ ᠤ᠋ᠨ ᠪᠦᠲᠦᠮᠵᠢᠲᠡᠢ ᠵᠠᠮ ᠪᠠᠢᠭ᠎ᠠ ᠪᠢᠵᠡ᠃ ᠬᠡᠷᠪᠡ ᠨᠢᠯᠬ᠎ᠠ ᠬᠥᠪᠡᠭᠦᠨ ᠴᠢᠨᠢ ᠠᠭᠤᠯᠠ ᠪᠠᠢᠪᠠᠯ ᠠᠭᠤᠯᠠ ᠲᠡᠰᠢ ᠪᠡᠨ ᠣᠴᠢ! ᠬᠥᠭᠵᠢᠮ ᠰᠢᠭ ᠢᠷᠠᠭᠤ ᠬᠡᠯᠡ ᠪᠡᠷ ᠥᠭᠭᠢᠶᠡᠮᠦᠷ ᠬᠠᠢᠷ᠎ᠠ ᠪᠠᠨ ᠥᠭᠴᠦ ᠴᠢᠳᠠᠨ᠎ᠠ᠃ ᠬᠡᠷᠪᠡ ᠨᠢᠷᠠᠢ ᠥᠬᠢᠨ ᠴᠢᠨᠢ ᠤᠷᠤᠰᠬᠠᠯ ᠪᠠᠢᠪᠠᠯ ᠤᠷᠤᠰᠬᠠᠯ ᠳᠠᠭᠠᠵᠤ ᠶᠠᠪᠤ! ᠬᠡᠮᠡᠷᠯᠢᠭ ᠰᠢᠭ ᠲᠣᠷᠭᠠᠨ ᠬᠡᠯᠡ ᠪᠡᠷ ᠥᠭᠭᠦᠭᠡᠵᠢ ᠬᠠᠢᠷ᠎ᠠ ᠪᠠᠨ ᠣᠯᠭᠣᠵᠤ ᠴᠢᠳᠠᠨ᠎ᠠ᠂ ᠤᠬᠠᠮᠰᠠᠷ ᠠ᠋ᠴᠠ ᠪᠠᠨ ᠰᠤᠷᠬᠤ ᠪᠠ ᠤᠬᠠᠭᠠᠯᠢᠭ ᠵᠢᠭᠠᠬᠤ᠂ ᠤᠷᠮ᠎ᠠ ᠲᠠᠢ ᠰᠤᠷᠬᠤ ᠪᠠ ᠤᠷᠠᠨ ᠵᠢᠭᠠᠬᠤ᠂ ᠬᠥᠭᠵᠢᠯ ᠲᠡᠢ ᠰᠤᠷᠬᠤ ᠪᠠ ᠬᠥᠳᠡᠯᠦᠩᠭᠦᠢ ᠵᠢᠭᠠᠬᠤ ᠥᠨᠳᠥᠷ ᠲᠦᠪᠰᠢᠨ ᠳ᠋ᠦ᠍ ᠬᠦᠷᠭᠡᠬᠦ ᠬᠡᠷᠡᠭᠲᠡᠢ᠃ ᠬᠡᠷᠪᠡ ᠪᠠᠭᠰᠢ ᠰᠤᠷᠤᠭᠴᠢ ᠬᠣᠶᠠᠷ ᠲᠠᠯ᠎ᠠ ᠪᠠᠷ ᠢ᠋ᠶ᠋ᠠᠨ ᠴᠥᠮ ᠠᠯᠪᠠᠷᠠᠬᠤ ᠪᠣᠯᠪᠠᠯ ᠮᠤᠬᠤᠷ ᠣᠯᠣᠭᠠᠢ ᠳ᠋ᠤ᠌ ᠡᠷᠭᠢᠯᠳᠦᠭᠰᠡᠨ ᠶᠠᠪᠤᠳᠠᠯ ᠪᠣᠯᠤᠨ᠎ᠠ᠃ ᠮᠡᠳᠡᠭᠡᠵᠢ 《ᠵᠠᠳᠠᠯᠤᠯᠲᠠ》 ᠬᠡᠮᠡᠭᠴᠢ ᠳᠠᠳᠬᠠᠯ ᠮᠠᠨᠢ ᠲᠡᠦᠬᠡ ᠪᠣᠯᠵᠤ ᠳᠤᠷᠠᠰᠤᠭᠳᠠᠨ᠎ᠠ᠃ ᠤᠩᠰᠢᠭᠤᠯᠬᠤ ᠪᠢᠴᠢᠭᠦᠯᠬᠦ᠂ ᠶᠠᠷᠢᠭᠤᠯᠬᠤ ᠨᠢ ᠵᠠᠩᠭᠢᠯᠠᠭ᠎ᠠ ᠪᠣᠯᠤᠨ᠎ᠠ᠃ ᠪᠥᠮᠪᠥᠷᠴᠡᠭ ᠢ᠋ ᠪᠦᠬᠦᠨ ᠢ᠋ᠶ᠋ᠡᠷ ᠨᠢ ᠡᠬᠡ ᠬᠡᠯᠡ ᠪᠡᠷ ᠨᠢ ᠳᠠᠭᠤᠳᠠᠭᠤᠯᠵᠤ ᠪᠠᠢᠭᠠᠯᠢ ᠳᠡᠯᠡᠬᠡᠢ ᠪᠡᠨ ᠪᠠᠢᠳᠠᠭ ᠢ᠋ᠶ᠋ᠠᠷ ᠨᠢ ᠡᠬᠡ ᠬᠡᠯᠡ ᠪᠡᠷ ᠨᠢ ᠨᠡᠷᠡᠯᠡᠭᠦᠯᠵᠦ᠂ ᠤᠩᠰᠢᠵᠤ ᠴᠢᠳᠠᠳᠠᠭ᠂ ᠪᠢᠴᠢᠵᠦ ᠴᠢᠳᠠᠳᠠᠭ᠂ ᠶᠠᠷᠢᠵᠤ ᠴᠢᠳᠠᠳᠠᠭ ᠬᠥᠮᠦᠨ ᠪᠣᠯᠭᠠᠬᠤ ᠨᠢ ᠭᠣᠣᠯ ᠵᠣᠷᠢᠯᠭ᠎ᠠ ᠪᠠᠢᠬ᠎ᠠ! ᠬᠡᠷᠪᠡ ᠭᠠᠷᠠᠭ ᠲᠤ᠌ ᠬᠣᠶᠠᠷᠬᠠᠨ ᠬᠢᠴᠢᠶᠡᠯ ᠭᠡᠮᠡᠨ ᠪᠠᠰᠤᠭᠠᠳ ᠤᠯᠤᠰ ᠤ᠋ᠨ ᠰᠢᠯᠭᠠᠯᠲᠠ ᠶ᠋ᠢᠨ ᠥᠷᠲᠡᠭ ᠦᠭᠡᠢ ᠭᠡᠮᠡᠨ ᠣᠮᠲᠣᠭᠠᠢᠯᠠᠭᠠᠳ ᠯᠠ ᠪᠠᠢᠪᠠᠯ ᠪᠢᠳᠡᠨ ᠥᠪᠡᠷᠰᠡᠳ ᠦ᠋ᠨ ᠢ᠋ᠶ᠋ᠡᠨ ᠡᠮᠦᠨ᠎ᠡ ᠨᠦᠬᠡ ᠮᠠᠯᠲᠠᠵᠤ᠂ ᠬᠠᠵᠠᠢᠭᠰᠠᠨ ᠳᠡᠭᠡᠷ᠎ᠡ ᠪᠡᠨ ᠨᠢᠳᠤᠷᠭᠠᠳᠠᠭᠰᠠᠨ ᠶᠠᠪᠤᠳᠠᠯ ᠪᠣᠯᠤᠨ᠎ᠠ᠃ ᠬᠡᠯᠡ ᠪᠢᠴᠢᠭ ᠦ᠋ᠨ ᠬᠢᠴᠢᠶᠡᠯ ᠪᠦᠷᠢ ᠡᠴᠡ ᠬᠡᠯᠡ ᠰᠣᠶᠣᠯ ᠤ᠋ᠨ ᠬᠣᠷᠸ᠎ᠠ ᠳ᠋ᠤ᠌ ᠨᠡᠪᠲᠡᠷᠡᠬᠦ ᠰᠣᠶᠣᠯ ᠤ᠋ᠨ ᠵᠠᠮ ᠪᠣᠢ ᠭᠡᠳᠡᠭ ᠢ᠋ ᠪᠠᠲᠤ ᠢᠳᠡᠭᠡ! ᠬᠠᠮᠤᠭ ᠤ᠋ᠨ ᠭᠣᠢᠳᠠ ᠬᠠᠮᠤᠭ ᠤ᠋ᠨ ᠤᠷᠠᠨ᠂ ᠬᠠᠮᠤᠭ ᠤ᠋ᠨ ᠪᠠᠶᠠᠷᠲᠠᠢ ᠬᠠᠮᠤᠭ ᠤ᠋ᠨ ᠵᠢᠷᠭᠠᠯ ᠲᠠᠢ᠂ ᠬᠠᠮᠤᠭ ᠤ᠋ᠨ ᠤᠷᠮ᠎ᠠ ᠲᠠᠢ ᠬᠠᠮᠤᠭ ᠤ᠋ᠨ ᠥᠷᠲᠡᠭ ᠲᠡᠢ᠂ ᠬᠣᠷᠸ᠎ᠠ ᠳ᠋ᠤ᠌ ᠬᠣᠣᠰ ᠦᠭᠡᠢ ᠬᠠᠮᠤᠭ ᠤ᠋ᠨ ᠭᠣᠢᠳᠠ ᠬᠡᠪ ᠴᠢᠨᠠᠷ ᠤ᠋ᠨ ᠬᠢᠴᠢᠶᠡᠯ ᠪᠣᠯᠭᠠᠪᠠᠯ ᠲᠠ ᠪᠢᠳᠡᠨ ᠦ᠌ ᠰᠠᠨᠠᠭᠰᠠᠨ ᠶᠠᠭᠤᠮ᠎ᠠ ᠪᠦᠲᠦᠨ᠎ᠡ᠃(《ᠵᠠᠭᠤᠨ ᠵᠢᠯ ᠦ᠋ᠨ ᠪᠠᠬᠠᠷᠬᠠᠯ》 ᠠ᠋ᠴᠠ ᠰᠣᠩᠭᠣᠪᠠ)  

  ᠰᠤᠷᠲᠠᠯᠲᠤ (ᠬᠠᠢᠯᠠᠷ ᠳᠠᠬᠢ ᠨᠢᠭᠡᠳᠦᠭᠡᠷ ᠳᠤᠮᠳᠠᠳᠤ ᠰᠤᠷᠭᠠᠭᠤᠯᠢ ᠶ᠋ᠢᠨ ᠠᠵᠢᠯ ᠠ᠋ᠴᠠ ᠠᠮᠠᠷᠠᠭᠰᠠᠨ ᠠᠬᠠᠮᠠᠳ ᠪᠠᠭᠰᠢ)
  ᠪᠠᠢ ᠨᠠ (ᠬᠠᠢᠯᠠᠷ ᠳᠠᠬᠢ ᠨᠢᠭᠡᠳᠦᠭᠡᠷ ᠳᠤᠮᠳᠠᠳᠤ ᠰᠤᠷᠭᠠᠭᠤᠯᠢ ᠶ᠋ᠢᠨ ᠬᠡᠯᠡ ᠪᠢᠴᠢᠭ ᠦ᠋ᠨ ᠪᠠᠭᠰᠢ)᠂
  ᠢᠷᠡᠯᠲᠡ᠄ ᠨᠣᠮᠢᠨ ᠲᠡᠭᠷᠢ ᠲᠠᠪᠴᠠᠩ᠂
  ᠵᠢᠷᠤᠭ ᠲᠠᠭᠠᠷᠠᠭᠤᠯᠵᠤ᠂ ᠦᠰᠦᠭ ᠠᠮᠢᠯᠠᠭᠤᠯᠵᠤ ᠬᠠᠲᠠᠭᠰᠠᠨ ᠨᠢ᠄ ᠭᠠᠸᠠ
  ᠬᠢᠨᠠᠭᠴᠢ᠄ ᠭᠠᠷᠮ᠎ᠠ