ᠮᠣᠩᠭᠣᠯ ᠦᠨᠳᠦᠰᠦᠲᠡᠨ ᠦ ᠰᠢᠯᠭᠠᠷᠠᠭᠰᠠᠨ ᠠᠷᠠᠳᠴᠢᠯᠠᠭᠰᠠᠨ ᠬᠤᠪᠢᠰᠬᠠᠯᠴᠢ ᠰᠢᠨᠡᠯᠠᠮ᠎ᠠ - ᠬᠣᠶᠠᠳᠤᠭᠠᠷ ᠪᠦᠯᠦᠭ᠂ᠥᠯᠵᠡᠢᠵᠢᠷᠭᠠᠯ– ᠭᠢᠯᠠᠯᠵᠠᠭᠰᠠᠨ ᠨᠢᠭᠡ ᠨᠠᠰᠤ4(3) Шинэлам – 2-р бүлэг᠂Өлзийжаргал– гялалзсан нэг нас 4(3)
(ᠭᠤᠷᠪᠠ) ᠪᠠᠷᠠᠭᠤᠨ ᠬᠦᠩ ᠨᠣᠶᠠᠨ ᠴᠣᠭᠲᠤᠸᠴᠢᠷ ᠢ᠋ ᠬᠠᠮᠠᠷ ᠢ᠋ᠶ᠋ᠠᠷ ᠠᠮᠢᠰᠬᠤᠭᠤᠯᠤᠭᠰᠠᠨ ᠨᠢ
1872 ᠣᠨ ᠳ᠋ᠤ᠌ ᠴᠣᠭᠲᠤᠸᠴᠢᠷ ᠲᠤᠰᠠᠯᠠᠭᠴᠢ ᠬᠦᠩ ᠪᠠᠯᠵᠤᠤᠷ ᠤ᠋ᠨ ᠬᠣᠶᠠᠳᠤᠭᠠᠷ ᠳᠡᠭᠦᠦ ᠸᠠᠩᠴᠢᠨ ᠳᠣᠣᠷᠠᠯ ᠲᠠᠢᠵᠢ ᠶ᠋ᠢᠨ ᠭᠠᠭᠴᠠ ᠬᠥᠪᠡᠭᠦᠨ ᠪᠣᠯᠤᠨ ᠵᠠᠶᠠᠭᠠᠪᠠ᠃1894 ᠣᠨ ᠳ᠋ᠤ᠌ ᠦᠦᠰᠢᠨ ᠬᠤᠰᠢᠭᠤᠨ ᠤ᠋ ᠪᠠᠷᠠᠭᠤᠨ ᠲᠤᠰᠠᠯᠠᠭᠴᠢ ᠪᠣᠯᠵᠤ ᠴᠠᠭᠠᠭᠴᠢᠨ ᠭᠠᠬᠠᠢ ᠵᠢᠯ ᠦ᠋ᠨ ᠬᠤᠪᠢᠰᠬᠠᠯ ᠤ᠋ᠨ ᠳᠠᠷᠠᠭ᠎ᠠ ᠬᠥᠬᠡᠬᠣᠲᠠ ᠳ᠋ᠤ᠌ ᠪᠣᠯᠤᠭᠰᠠᠨ《ᠪᠠᠷᠠᠭᠤᠨ ᠴᠢᠭᠤᠯᠭᠠᠨ ᠤ᠋ ᠲᠠᠪᠤᠨ ᠲᠥᠷᠥᠯ ᠨᠠᠢᠷᠠᠮᠳᠠᠭᠰᠠᠨ ᠬᠤᠷᠠᠯ》 ᠳ᠋ᠤ᠌ ᠣᠷᠣᠯᠴᠠᠵᠤ᠂1915 ᠣᠨ ᠳ᠋ᠤ᠌ ᠦᠶ᠎ᠡ ᠤᠯᠠᠷᠢᠨ ᠵᠠᠯᠭᠠᠮᠵᠢᠯᠠᠬᠤ ᠤᠯᠤᠰ ᠲᠤᠷ ᠲᠤᠰᠠᠯᠠᠬᠤ ᠬᠦᠩ ᠢ᠋ᠶ᠋ᠡᠷ ᠡᠷᠭᠦᠮᠵᠢᠯᠡᠭᠳᠡᠪᠡ᠃
1872 ᠣᠨ ᠳ᠋ᠤ᠌ ᠲᠡᠭᠦᠨ ᠦ᠌ ᠠᠪᠠᠭ᠎ᠠ ᠡᠴᠢᠭᠡ ᠪᠠᠯᠵᠤᠤᠷ ᠦᠦᠰᠢᠨ ᠬᠤᠰᠢᠭᠤᠨ ᠤ᠋ ᠲᠠᠪᠤᠨ ᠵᠠᠭᠤᠨ ᠴᠡᠷᠢᠭ ᠦ᠋ᠨ ᠲᠣᠮᠢ ᠴᠢᠯᠠᠭᠤ ᠵᠠᠩᠵᠤᠨ ᠪᠣᠯᠤᠨ ᠪᠠᠲᠤᠨᠠᠰᠤᠨ ᠢ᠋ ᠬᠠᠪᠰᠤᠷᠴᠤ ᠮᠠ᠋ ᠬᠤᠸᠠ ᠯᠦᠩ ᠦ᠋ᠨ ᠤᠷᠪᠠᠯᠭ᠎ᠠ ᠶ᠋ᠢᠨ ᠴᠡᠷᠢᠭ ᠢ᠋ ᠪᠠᠢᠯᠳᠤᠨ ᠤᠬᠤᠷᠢᠭᠤᠯᠵᠤ ᠲᠦᠪᠰᠢᠳᠬᠡᠭᠰᠡᠨ ᠴᠢᠰᠤᠨ ᠭᠠᠪᠢᠶ᠎ᠠ ᠲᠠᠢ ᠭᠡᠮᠡᠨ ᠶᠡᠬᠡ ᠮᠥᠩᠭᠥ ᠵᠣᠭᠣᠰ ᠢ᠋ᠶ᠋ᠠᠷ ᠱᠠᠩᠨᠠᠭᠳᠠᠵᠤ᠂ ᠦᠶ᠎ᠡ ᠤᠯᠠᠷᠢᠨ ᠵᠠᠯᠭᠠᠮᠵᠢᠯᠠᠬᠤ ᠤᠯᠤᠰ ᠲᠤᠷ ᠲᠤᠰᠠᠯᠠᠬᠤ ᠬᠦᠩ ᠢ᠋ᠶ᠋ᠡᠷ ᠡᠷᠭᠦᠮᠵᠢᠯᠡᠭᠳᠡᠪᠡ᠃ ᠲᠤᠬᠠᠢ ᠶ᠋ᠢᠨ ᠦᠶ᠎ᠡ ᠳ᠋ᠦ᠍ ᠪᠠᠯᠵᠤᠤᠷ ᠬᠦᠩ ᠱᠠᠷᠯᠢᠭ ᠤ᠋ᠨ ᠰᠦᠮ᠎ᠡ ᠶ᠋ᠢ ᠥᠷᠭᠡᠳᠬᠡᠨ ᠪᠠᠢᠭᠤᠯᠵᠤ ᠭᠣᠣᠯ ᠳᠤᠭᠠᠩ ᠢ᠋ ᠰᠢᠷ᠎ᠠ ᠥᠩᠭᠡᠲᠦ ᠸᠠᠭᠠᠷ ᠢ᠋ᠶ᠋ᠠᠷ ᠰᠢᠭᠢᠳᠬᠡᠨ ᠰᠦᠷᠯᠢᠭ ᠦᠵᠡᠮᠵᠢᠲᠦ ᠰᠦᠮ᠎ᠡ ᠪᠣᠯᠭᠠᠨ ᠴᠣᠭᠴᠠᠯᠠᠵᠠᠢ᠃
ᠲᠤᠬᠠᠢ ᠶ᠋ᠢᠨ ᠦᠶ᠎ᠡ ᠳ᠋ᠦ᠍ ᠪᠠᠯᠵᠤᠤᠷ ᠬᠦᠩ ᠦᠦᠰᠢᠨ ᠬᠤᠰᠢᠭᠤᠨ ᠤ᠋ ᠠᠷᠪᠠᠨ ᠬᠠᠷᠢᠶᠠᠨ ᠤ᠋ ᠳᠣᠲᠣᠷ᠎ᠠ ᠠ᠋ᠴᠠ ᠪᠠᠷᠠᠭᠤᠨ ᠪᠡᠶ᠎ᠡ ᠶ᠋ᠢᠨ ᠲᠠᠪᠤᠨ ᠨᠤᠲᠤᠭ ᠢ᠋ ᠰᠠᠯᠭᠠᠵᠤ ᠠᠪᠤᠭᠠᠳ ᠵᠠᠰᠠᠭ ᠨᠣᠶᠠᠨ ᠨᠢ ᠪᠣᠯᠵᠤ ᠲᠤᠰᠠᠭᠠᠷ ᠬᠣᠰᠢᠭᠤ ᠪᠣᠯᠭᠠᠬᠤ ᠪᠠᠷ ᠣᠯᠠᠨ ᠲᠠᠯ᠎ᠠ ᠪᠠᠷ ᠣᠷᠣᠯᠳᠣᠭᠰᠠᠨ ᠪᠣᠯᠪᠠᠴᠤ ᠮᠠᠨᠵᠤ ᠴᠢᠩ ᠦ᠋ᠨ ᠵᠠᠰᠠᠭ ᠤ᠋ᠨ ᠭᠠᠵᠠᠷ ᠠ᠋ᠴᠠ ᠵᠥᠪᠰᠢᠶᠡᠷᠡᠭᠰᠡᠨ ᠦᠭᠡᠢ᠃ ᠲᠡᠷᠡ ᠪᠠᠰᠠ ᠬᠣᠰᠢᠭᠤ ᠵᠠᠰᠠᠭ ᠨᠣᠶᠠᠨ ᠴᠠᠭᠳᠤᠷᠰᠡᠷᠡᠩ ᠢ᠋ ᠲᠦᠯᠬᠢᠨ ᠤᠨᠠᠭᠠᠵᠤ ᠥᠪᠡᠷ ᠢ᠋ᠶ᠋ᠡᠨ ᠵᠠᠰᠠᠭ ᠨᠣᠶᠠᠨ ᠪᠣᠯᠬᠤ ᠰᠠᠨᠠᠭ᠎ᠠ ᠡᠪᠦᠷᠯᠡᠵᠦ ᠪᠠᠢᠭᠰᠠᠨ ᠪᠣᠯᠪᠠᠴᠤ ᠶᠡᠷᠦ ᠨᠢ ᠣᠷᠣᠭᠰᠢ ᠦᠭᠡᠢ ᠪᠠᠢᠪᠠ᠃ ᠡᠭᠦᠨ ᠦ᠌ ᠳᠡᠭᠡᠷ᠎ᠡ ᠨᠢ ᠵᠠᠮᠰᠤ ᠯᠠᠮᠠ ᠶ᠋ᠢᠨ ᠠᠮᠢᠨ ᠬᠡᠷᠡᠭ ᠭᠠᠷᠴᠤ ᠵᠠᠰᠠᠭ ᠬᠣᠰᠢᠭᠤ᠂ ᠦᠦᠰᠢᠨ ᠬᠣᠰᠢᠭᠤ᠂ ᠵᠠᠭᠦᠨᠭᠠᠷ ᠳᠠ ᠵᠡᠷᠭᠡ ᠭᠤᠷᠪᠠᠨ ᠶᠠᠮᠤ ᠴᠤᠭᠯᠠᠷᠠᠵᠤ ᠬᠡᠷᠡᠭ ᠰᠢᠢᠳᠬᠡᠬᠦ ᠳ᠋ᠦ᠍ ᠪᠠᠯᠵᠤᠤᠷ ᠡᠮᠢᠶᠡᠨ ᠪᠠᠴᠢᠮᠳᠠᠵᠤ ᠪᠡᠶ᠎ᠡ ᠪᠡᠨ ᠬᠣᠣᠷᠯᠠᠵᠠᠢ᠃ ᠭᠡᠪᠡᠴᠦ ᠪᠠᠯᠵᠤᠤᠷ ᠦᠬᠦᠭᠰᠡᠨ ᠡᠴᠡ ᠪᠣᠯᠵᠤ ᠦᠦᠰᠢᠨ ᠵᠠᠰᠠᠭ ᠨᠣᠶᠠᠨ ᠯᠤᠭ᠎ᠠ ᠶ᠋ᠢᠨ ᠵᠥᠷᠢᠴᠡᠯ ᠰᠢᠢᠳᠪᠦᠷᠢᠯᠡᠭᠳᠡᠭᠰᠡᠨ ᠦᠭᠡᠢ ᠬᠠᠷᠢᠨ ᠪᠠᠯᠵᠤᠤᠷ ᠤ᠋ᠨ ᠠᠴᠢ ᠬᠥᠪᠡᠭᠦᠨ ᠴᠣᠭᠲᠣᠸᠴᠢᠷ ᠤ᠋ᠨ ᠪᠡᠶ᠎ᠡ ᠳᠡᠭᠡᠷ᠎ᠡ ᠦᠷᠭᠦᠯᠵᠢᠯᠡᠵᠡᠢ᠃
ᠴᠠᠭᠠᠨ ᠬᠤᠯᠤᠭᠠᠨ᠎ᠠ ᠵᠢᠯ(1900) ᠳ᠋ᠤ᠌ ᠦᠦᠰᠢᠨ ᠵᠠᠰᠠᠭ ᠨᠣᠶᠠᠨ ᠴᠠᠭᠳᠤᠷᠰᠡᠷᠡᠩ ᠡᠴᠡ ᠴᠣᠭᠲᠣᠸᠴᠢᠷ ᠤ᠋ᠨ ᠲᠠᠪᠤᠳᠤᠭᠠᠷ ᠠᠪᠠᠭ᠎ᠠ ᠪᠣᠯᠬᠤ ᠦ ᠯᠠᠮᠠ ᠷᠠᠭᠪᠠᠵᠠᠮᠰᠤ ᠪᠣᠯᠤᠨ ᠴᠣᠭᠲᠣᠸᠴᠢᠷ ᠲᠤᠰᠠᠯᠠᠭᠴᠢ ᠲᠠᠢᠵᠢ ᠨᠠᠷ ᠢ᠋ ᠦᠦᠰᠢᠨ ᠵᠠᠰᠠᠭ ᠨᠣᠶᠠᠨ ᠤ᠋ ᠡᠷᠬᠡ ᠶ᠋ᠢ ᠪᠤᠯᠢᠶᠠᠯᠳᠤᠪᠠ ᠭᠡᠮᠡᠨ ᠣᠯᠠᠨ ᠭᠠᠵᠠᠷ ᠵᠠᠭᠠᠯᠳᠤᠯᠭ᠎ᠠ ᠬᠢᠭᠰᠡᠨ ᠡᠴᠡ ᠰᠠᠢᠨᠲᠤᠷ᠎ᠠ ᠶ᠋ᠢᠨ ᠰᠠᠢᠳ《ᠲᠣᠭᠣᠯᠲᠠᠢ ᠶ᠋ᠢᠨ ᠰᠦᠮ᠎ᠡ ᠶ᠋ᠢᠨ ᠴᠢᠭᠤᠯᠭᠠᠨ》 ᠢ᠋ ᠴᠢᠭᠤᠯᠭᠠᠵᠤ᠂ ᠶᠡᠬᠡ ᠪᠡᠷ ᠰᠢᠢᠳᠬᠡᠨ ᠵᠣᠪᠠᠭᠠᠭᠰᠠᠨ ᠭᠡᠳᠡᠭ᠃ ᠲᠤᠰ ᠴᠢᠭᠤᠯᠭᠠᠨ ᠤ᠋ ᠲᠤᠬᠠᠢ ᠠᠯᠳᠠᠷᠲᠤ ᠢᠷᠠᠭᠤ ᠨᠠᠢᠷᠠᠭᠴᠢ ᠬᠡᠰᠢᠭ᠌ᠪᠠᠲᠤ《ᠳᠣᠭᠣᠯᠲᠠᠢ ᠶ᠋ᠢᠨ ᠴᠢᠭᠤᠯᠭᠠᠨ》 ᠭᠡᠳᠡᠭ ᠰᠢᠯᠦᠭ ᠲᠡᠭᠡᠨ᠄
《ᠳᠤᠷ᠎ᠠ ᠶ᠋ᠢᠨ ᠰᠠᠢᠳ ᠬᠡᠮᠡᠭᠳᠡᠬᠦ ᠨᠣᠶᠠᠨ ᠢ᠋\\
ᠳᠣᠭᠣᠯᠲᠠᠢ ᠳ᠋ᠤ᠌ ᠵᠠᠯᠠᠨ ᠠᠪᠴᠤ ᠢᠷᠡᠭᠡᠳ\\
ᠲᠤᠯᠬᠤ ᠤᠴᠢᠷ ᠣᠭᠲᠣ ᠦᠭᠡᠢ ᠠᠯᠪᠠᠲᠤ ᠶ᠋ᠢ\\
ᠲᠤᠤᠯᠢᠰᠬᠠᠯᠠᠨ ᠵᠠᠨᠴᠢᠭᠤᠯᠵᠤ ᠤᠶᠠᠭᠤᠯᠪᠠᠢ᠃\\
ᠦ ᠯᠠᠮᠠ ᠵᠢᠴᠢ ᠬᠦᠩ ᠶᠧ ᠲᠠᠢᠵᠢ ᠨᠠᠷ\\
ᠤᠴᠢᠷ ᠦᠭᠡᠢ ᠬᠢᠯᠢᠰᠳᠡᠪᠡᠢ ᠬᠠᠢᠷᠬᠠᠨ\\
ᠤᠯᠤᠰ ᠲᠥᠷᠥ ᠶ᠋ᠢᠨ ᠰᠠᠮᠠᠭᠤᠷᠠᠯ ᠲᠣᠬᠢᠶᠠᠯ\\
ᠣᠯᠠᠨ ᠲᠦᠮᠡᠨ ᠭᠠᠰᠠᠯᠤᠮᠤᠢ ᠬᠠᠢᠷᠬᠠᠨ》 ᠭᠡᠵᠦ ᠦᠨᠡᠨ ᠪᠣᠳᠠᠲᠠᠢ ᠲᠤᠰᠬᠠᠭᠰᠠᠨ ᠪᠠᠢᠨ᠎ᠠ᠃
ᠡᠨᠡ ᠲᠤᠬᠠᠢ ᠪᠠᠳᠠᠷᠠᠭᠤᠯᠲᠤ ᠲᠥᠷᠥ ᠶ᠋ᠢᠨ ᠬᠣᠷᠢᠨ ᠳᠣᠯᠣᠳᠤᠭᠠᠷ ᠣᠨ(1901) ᠦ᠌ ᠵᠤᠨ ᠤ᠋ ᠲᠡᠷᠢᠭᠦᠨ ᠰᠠᠷ᠎ᠠ ᠶ᠋ᠢᠨ ᠬᠣᠷᠢᠨ ᠨᠠᠢ᠍ᠮᠠᠨ ᠳ᠋ᠤ᠌ ᠰᠠᠢᠨᠲᠤᠷ᠎ᠠ ᠶ᠋ᠢᠨ ᠰᠠᠢᠳ ᠠ᠋ᠴᠠ ᠴᠢᠭᠤᠯᠭᠠᠨ ᠤ᠋ ᠳᠠᠷᠤᠭ᠎ᠠ ᠣᠲᠣᠭ ᠪᠡᠢᠯᠡ ᠳ᠋ᠦ᠍ ᠢᠯᠡᠭᠡᠭᠰᠡᠨ ᠪᠢᠴᠢᠭ ᠲᠦ᠍᠄《ᠨᠢᠳᠤᠨᠤᠨ ᠵᠢᠯ ᠦ᠋ᠨ ᠯᠡ ᠰᠠᠷ᠎ᠠ ᠳ᠋ᠤ᠌ ᠰᠠᠢᠳ ᠮᠢᠨᠦ ᠪᠡᠶ᠎ᠡ ᠦᠦᠰᠢᠨ ᠬᠤᠰᠢᠭᠤᠨ ᠤ᠋ ᠲᠣᠭᠣᠯᠲᠠᠢ ᠶ᠋ᠢᠨ ᠰᠦᠮ᠎ᠡ ᠳᠡᠭᠡᠷ᠎ᠡ ᠣᠴᠢᠭᠠᠳ ᠲᠢᠩᠬᠢᠮ ᠦ᠋ᠨ ᠡᠮᠦᠨ᠎ᠡ ᠲᠤᠰᠠᠯᠠᠭᠴᠢ ᠲᠠᠢᠵᠢ ᠴᠣᠭᠲᠣᠸᠴᠢᠷ᠂ ᠲᠣᠢᠨ ᠬᠤᠸᠠᠷᠠᠭ ᠷᠠᠭᠪᠠᠵᠠᠮᠰᠤ ᠨᠠᠷ ᠠ᠋ᠴᠠ ᠰᠢᠭᠦᠨ ᠠᠰᠠᠭᠤᠬᠤ ᠳ᠋ᠤ᠌ ᠥᠪᠡᠷ ᠦ᠋ᠨ ᠴᠢᠷᠦᠭᠳᠡᠭᠰᠡᠨ ᠬᠡᠷᠡᠭ ᠡᠴᠡ ᠪᠤᠰᠤ ᠡᠭᠦᠨ ᠲᠡᠭᠦᠨ ᠯᠦ᠍ᠭᠡ ᠬᠦᠨᠳᠦ ᠪᠠᠢᠲᠤᠭᠠᠢ ᠬᠥᠩᠭᠡᠨ ᠬᠡᠷᠡᠭ ᠴᠦ᠍ ᠬᠠᠷᠠᠬᠠᠨ ᠮᠡᠳᠡᠭᠦᠯᠵᠦ ᠭᠣᠮᠣᠳᠠᠭᠠᠭᠰᠠᠨ ᠶᠠᠪᠤᠳᠠᠯ ᠦᠭᠡᠢ᠃ ᠪᠠᠢᠴᠠᠭᠠᠪᠠᠰᠤ ᠵᠠᠰᠠᠭ ᠪᠡᠢᠰᠡ ᠴᠠᠭᠳᠤᠷᠰᠡᠷᠡᠩ ᠦ᠋ᠨ ᠪᠡᠶ᠎ᠡ ᠣᠷᠣᠰ ᠤ᠋ᠨ ᠰᠤᠷᠭᠠᠭᠤᠯᠢ(ᠪᠣᠷᠣ ᠪᠠᠯᠭᠠᠰᠤᠨ ᠳ᠋ᠠᠬᠢ ᠪᠧᠯᠬᠢ ᠤᠯᠤᠰ ᠤ᠋ᠨ ᠱᠠᠰᠢᠨ ᠤ᠋ ᠭᠠᠵᠠᠷ ᠢ᠋ ᠵᠢᠭᠠᠵᠤ ᠪᠠᠢᠭ᠎ᠠ ᠪᠣᠯᠤᠯᠲᠠᠢ— ᠵᠣᠬᠢᠶᠠᠭᠴᠢ ᠠ᠋ᠴᠠ) ᠳ᠋ᠤ᠌ ᠣᠷᠣᠭᠰᠠᠨ ᠬᠠᠷᠢᠶᠠᠲᠤ ᠬᠤᠰᠢᠭᠤᠨ ᠤ᠋ ᠲᠠᠢᠵᠢ ᠳᠠᠮᠷᠢᠨᠰᠡᠨᠳᠠᠩ ᠵᠡᠷᠭᠡ ᠶ᠋ᠢᠨ ᠲᠠᠢᠵᠢ ᠠᠷᠠᠳ ᠢ᠋ ᠡᠷᠡᠭᠦᠳᠡᠨ ᠰᠢᠭᠦᠵᠦ ᠥᠴᠢᠭ ᠲᠣᠭᠲᠠᠭᠠᠨ ᠴᠢᠭᠤᠯᠭᠠᠨ ᠤ᠋ ᠬᠡᠷᠡᠭ ᠢ᠋ ᠲᠠᠰᠤᠯᠤᠨ ᠰᠢᠢᠳᠬᠡᠭᠴᠢ ᠳᠠᠷᠤᠭ᠎ᠠ ᠶ᠋ᠢᠨ ᠭᠠᠵᠠᠷ ᠠᠯᠪᠠᠨ ᠢ᠋ᠶ᠋ᠠᠷ ᠮᠡᠳᠡᠭᠦᠯᠦᠭᠰᠡᠨ ᠪᠢᠴᠢᠭ ᠦ᠋ᠨ ᠳᠣᠲᠣᠷᠠᠬᠢ ᠥᠴᠢᠭ ᠲᠣᠷ ᠮᠥᠨ ᠳᠠᠮᠷᠢᠨᠰᠡᠨᠳᠠᠩ ᠨᠠᠷ ᠣᠯᠠᠨ ᠤᠯᠤᠰ ᠤ᠋ᠨ ᠶᠠᠮᠤᠨ ᠢ᠋ᠶ᠋ᠠᠷ ᠣᠷᠣᠵᠤ ᠵᠠᠰᠠᠭ ᠢ᠋ ᠡᠵᠡᠷᠬᠡᠨ ᠪᠤᠯᠢᠶᠠᠯᠳᠤᠬᠤ ᠬᠡᠷᠡᠭ ᠢ᠋ ᠰᠢᠢᠳᠬᠡᠭᠰᠡᠨ ᠬᠥᠮᠦᠨ ᠲᠣᠢᠨ ᠷᠠᠭᠪᠠᠵᠠᠮᠰᠤ ᠨᠠᠷ ᠬᠡᠮᠡᠵᠦᠬᠦᠢ᠃ ᠡᠨᠡ ᠢᠨᠦ ᠮᠠᠰᠢ ᠬᠦᠨᠳᠦ ᠤᠴᠢᠷ ᠠᠲᠠᠯ᠎ᠠ ᠡᠩ ᠦ᠋ᠨ ᠪᠦᠳᠦᠭᠦᠯᠢᠭ ᠢ᠋ᠶ᠋ᠡᠷ ᠬᠦᠨᠳᠦ ᠪᠠᠢᠲᠤᠭᠠᠢ ᠬᠥᠩᠭᠡᠨ ᠴᠦ᠍ ᠬᠡᠷᠡᠭ ᠦᠭᠡᠢ ᠭᠡᠮᠡᠨ ᠪᠠᠯᠠᠷᠳᠠᠭᠤᠯᠵᠤ ᠶᠠᠭᠠᠬᠢᠨ ᠪᠣᠯᠤᠮᠤᠢ》 ᠭᠡᠵᠦ ᠪᠢᠴᠢᠭᠰᠡᠨ ᠪᠠᠢᠨ᠎ᠠ᠃
ᠳᠣᠭᠣᠯᠲᠠᠢ ᠶ᠋ᠢᠨ ᠴᠢᠭᠤᠯᠭᠠᠨ ᠠ᠋ᠴᠠ ᠬᠣᠢᠰᠢ ᠴᠣᠭᠲᠤᠸᠴᠢᠷ᠂ ᠴᠠᠭᠳᠤᠷᠰᠡᠷᠡᠩ ᠦ᠋ᠨ ᠸᠠᠩ ᠤ᠋ᠨ ᠣᠷᠳᠣᠨ ᠳ᠋ᠤ᠌ ᠣᠴᠢᠵᠤ ᠠᠯᠪᠠ ᠬᠠᠰᠢᠬᠤ ᠪᠠᠨ ᠪᠣᠯᠢᠵᠤ᠂ ᠬᠦᠩ ᠶᠧ ᠶ᠋ᠢᠨ ᠱᠠᠩ ᠳ᠋ᠠᠭᠠᠨ ᠰᠠᠭᠤᠭᠠᠳ ᠦ ᠯᠠᠮᠠ ᠲᠠᠢ ᠬᠠᠮᠲᠤ ᠳᠤᠭᠤᠢᠯᠠᠩ ᠤ᠋ᠨ ᠣᠯᠠᠨ ᠲᠦᠮᠡᠨ ᠦ᠌ ᠡᠷᠭᠦᠯᠲᠡ ᠵᠠᠭᠠᠯᠳᠤᠯᠭ᠎ᠠ ᠶ᠋ᠢ ᠬᠦᠯᠢᠶᠡᠨ ᠠᠪᠴᠤ ᠲᠤᠬᠠᠢ ᠶ᠋ᠢᠨ ᠦᠶ᠎ᠡ ᠶ᠋ᠢᠨ ᠴᠢᠭᠤᠯᠭᠠᠨ ᠤ᠋ ᠳᠠᠷᠤᠭ᠎ᠠ ᠪᠣᠯᠤᠨ ᠬᠥᠬᠡᠬᠣᠲᠠ ᠶ᠋ᠢᠨ ᠵᠠᠩᠵᠤᠨ ᠶᠠᠮᠤᠨ ᠳ᠋ᠤ᠌ ᠤᠯᠠᠮᠵᠢᠯᠠᠨ ᠮᠡᠳᠡᠭᠦᠯᠳᠡᠭ ᠪᠠᠢᠵᠠᠢ᠃ ᠡᠨᠡ ᠲᠤᠬᠠᠢ ᠬᠡᠪᠲᠦ ᠶᠣᠰᠣ ᠶ᠋ᠢᠨ ᠲᠡᠷᠢᠭᠦᠨ ᠣᠨ(1909) ᠦ᠌ ᠡᠪᠦᠯ ᠦ᠋ᠨ ᠳᠤᠮᠳᠠᠳᠤ ᠰᠠᠷ᠎ᠠ ᠶ᠋ᠢᠨ ᠠᠷᠪᠠᠨ ᠨᠠᠢ᠍ᠮᠠᠨ ᠳ᠋ᠤ᠌ ᠴᠣᠭᠲᠣᠸᠴᠢᠷ᠂ ᠴᠢᠭᠤᠯᠭᠠᠨ ᠤ᠋ ᠳᠠᠷᠤᠭ᠎ᠠ ᠵᠢᠨᠦᠩ ᠵᠠᠰᠠᠭ ᠪᠠᠢᠰᠠ ᠨᠣᠶᠠᠨ᠎ᠠ ᠮᠡᠳᠡᠭᠦᠯᠦᠭᠰᠡᠨ ᠡᠷᠭᠦᠯᠲᠡ ᠶ᠋ᠢᠨ ᠪᠢᠴᠢᠭ ᠲᠦ᠍᠄《ᠥᠴᠦᠬᠡᠨ ᠮᠢᠨᠦ ᠪᠡᠶ᠎ᠡ ᠦᠦᠰᠢᠨ ᠬᠤᠰᠢᠭᠤᠨ ᠤ᠋ ᠲᠤᠰᠠᠯᠠᠭᠴᠢ ᠲᠠᠢᠵᠢ ᠶ᠋ᠢᠨ ᠲᠤᠰᠢᠶᠠᠯ ᠢ᠋ ᠬᠦᠯᠢᠶᠡᠭᠰᠡᠨ ᠡᠴᠡ ᠬᠣᠢᠰᠢ ᠪᠠᠳᠠᠷᠠᠭᠤᠯᠲᠤ ᠲᠥᠷᠥ ᠶ᠋ᠢᠨ ᠬᠣᠷᠢᠨ ᠵᠢᠷᠭᠤᠳᠤᠭᠠᠷ ᠣᠨ ᠬᠦᠷᠲᠡᠯ᠎ᠡ ᠠᠯᠢᠪᠠ ᠪᠦᠷᠢᠳᠦᠯ ᠴᠢᠭᠤᠯᠭᠠᠨ ᠤ᠋ ᠠᠯᠪᠠᠨ ᠠ᠋ᠴᠠ ᠨᠢᠭᠡ ᠴᠦ᠍ ᠣᠰᠣᠯᠳᠠᠭᠰᠠᠨ ᠵᠦᠢᠯ ᠦᠭᠡᠢ ᠪᠢᠯᠡ᠃ ᠮᠥᠨ ᠬᠣᠷᠢᠨ ᠵᠢᠷᠭᠤᠳᠤᠭᠠᠷ ᠣᠨ ᠳ᠋ᠤ᠌ ᠥᠴᠦᠬᠡᠨ ᠪᠢᠳᠡ ᠨᠠᠷ ᠢ᠋ ᠵᠠᠰᠠᠭ ᠠᠯᠳᠠᠭᠤᠯᠵᠤ ᠬᠡᠷᠡᠭ ᠰᠠᠲᠤᠪᠠᠢ ᠭᠡᠮᠡᠨ ᠬᠢᠯᠢᠰ ᠢ᠋ᠶ᠋ᠡᠷ ᠭᠦᠵᠢᠷᠳᠡᠭᠦᠯᠦᠨ ᠵᠠᠭᠠᠯᠳᠤᠭᠰᠠᠨ ᠠ᠋ᠴᠠ ᠬᠣᠢᠰᠢ ᠬᠡᠳᠦᠬᠡᠨ ᠵᠢᠯ ᠦ᠋ᠨ ᠠᠯᠪᠠ ᠶ᠋ᠢᠨ ᠪᠦᠷᠢᠳᠬᠡᠯ ᠡᠴᠡ ᠣᠰᠣᠯᠳᠠᠭᠰᠠᠨ ᠪᠣᠯᠪᠠᠴᠤ ᠡᠭᠦᠨ ᠳ᠋ᠦ᠍ᠷ ᠴᠥᠮ ᠤᠴᠢᠷ ᠪᠣᠢ ᠪᠢᠯᠡ》 ᠭᠡᠳ ᠪᠠᠰᠠ《ᠤᠷᠢᠳ ᠪᠠᠳᠠᠷᠠᠭᠤᠯᠲᠤ ᠲᠥᠷᠥ ᠶ᠋ᠢᠨ ᠬᠣᠷᠢᠨ ᠳᠣᠯᠣᠳᠤᠭᠠᠷ ᠣᠨ ᠳ᠋ᠤ᠌ ᠪᠠᠷᠠᠭᠤᠨ ᠳᠥᠷᠪᠡᠨ ᠬᠠᠷᠢᠶᠠᠨ ᠤ᠋ ᠲᠠᠢᠵᠢ᠂ ᠬᠠᠷᠠᠴᠤᠰ ᠣᠯᠠᠨ ᠲᠦᠮᠡᠨ ᠡᠴᠡ ᠬᠤᠰᠢᠭᠤᠨ ᠤ᠋ ᠳᠦᠷᠢᠮ ᠬᠡᠮᠵᠢᠶ᠎ᠡ ᠡᠪᠳᠡᠷᠡᠪᠡᠢ᠂ ᠳᠠᠭᠠᠭᠠᠵᠤ ᠲᠡᠰᠬᠦ ᠦᠭᠡᠢ ᠣᠯᠠᠨ ᠵᠦᠢᠯ ᠦ᠋ᠨ ᠠᠯᠪᠠ ᠶ᠋ᠢ ᠳᠤᠰᠬᠠᠪᠠ᠃ ᠭᠣᠶᠠᠴᠢ ᠪᠠᠷ ᠭᠠᠵᠠᠷ ᠬᠤᠳᠠᠯᠳᠤᠪᠠᠢ ᠭᠡᠮᠡᠨ ᠣᠯᠠᠨ ᠵᠦᠢᠯ ᠦ᠋ᠨ ᠤᠴᠢᠷ ᠭᠣᠮᠣᠳᠠᠯ ᠭᠠᠷᠭᠠᠵᠤ ᠰᠢᠷ᠎ᠠ ᠵᠣᠣ ᠳᠡᠭᠡᠷ᠎ᠡ ᠴᠤᠭᠯᠠᠷᠠᠨ ᠢᠷᠡᠭᠰᠡᠨ ᠢ᠋ ᠲᠤᠰᠠᠯᠠᠭᠴᠢ ᠮᠢᠨᠦ ᠪᠡᠶ᠎ᠡ ᠪᠡᠷ ᠣᠴᠢᠵᠤ ᠣᠯᠠᠨ ᠤ᠋ ᠮᠡᠳᠡᠭᠦᠯᠦᠭᠰᠡᠨ ᠢ᠋ ᠥᠴᠦᠬᠡᠨ ᠲᠦᠰᠢᠮᠡᠯ ᠳᠠᠷᠤᠨ ᠳᠠᠯᠳᠠᠯᠠᠵᠤ ᠡᠰᠡ ᠴᠢᠳᠠᠬᠤ ᠶ᠋ᠢᠨ ᠲᠤᠯᠠᠳᠠ ᠬᠠᠷᠢᠶᠠᠲᠤ ᠶᠠᠮᠤᠨ ᠪᠠ ᠣᠲᠣᠭ ᠳᠠ ᠪᠡᠢᠯᠡ ᠶ᠋ᠢᠨ ᠶᠠᠮᠤᠨ ᠳ᠋ᠤ᠌ ᠤᠯᠠᠮᠵᠢᠯᠠᠨ ᠮᠡᠳᠡᠭᠦᠯᠦᠭᠰᠡᠨ ᠪᠥᠯᠥᠭᠡ᠃ ᠳᠠᠷᠠᠭ᠎ᠠ ᠪᠠᠷ ᠨᠢ ᠮᠠᠨ ᠤ᠋ ᠨᠣᠶᠠᠨ ᠠ᠋ᠴᠠ ᠲᠠᠢᠵᠢ ᠵᠠᠯᠠᠨ ᠸᠠᠩᠵᠢᠯᠨᠣᠷᠪᠤ᠂ ᠪᠤᠷᠤᠢ ᠨᠠᠷ ᠢ᠋ ᠭᠠᠷᠭᠠᠨ ᠬᠠᠯᠢᠭᠤᠲᠤ ᠠ᠋ᠴᠠ ᠪᠠᠷᠠᠭᠤᠨᠰᠢ ᠨᠠᠷᠢᠨ ᠭᠣᠣᠯ ᠬᠦᠷᠲᠡᠯ᠎ᠡ ᠠᠯᠢ ᠰᠠᠢᠨ ᠭᠠᠵᠠᠷ ᠢ᠋ ᠲᠦᠷᠭᠡᠯᠡᠨ ᠬᠤᠳᠠᠯᠳᠤᠵᠤ ᠭᠤᠷᠪᠠᠨ ᠮᠢᠩᠭᠠᠨ ᠯᠠᠩ ᠮᠥᠩᠭᠥ ᠪᠡᠯᠡᠳᠬᠡᠵᠦ ᠬᠠᠸᠠ ᠲᠦᠪᠰᠢᠨ ᠨᠠᠷ ᠲᠤ᠌ ᠲᠤᠰᠢᠶᠠᠭᠠᠳ ᠱᠠᠨᠰᠢ ᠮᠣᠵᠢ ᠳ᠋ᠤ᠌ ᠮᠣᠷᠳᠠᠭᠤᠯᠰᠤᠭᠠᠢ ᠬᠡᠮᠡᠭᠰᠡᠨ ᠵᠠᠬᠢᠶ᠎ᠠ ᠪᠣᠢ᠃ ᠡᠭᠦᠨ ᠳ᠋ᠦ᠍ᠷ ᠨᠤᠲᠤᠭ ᠤ᠋ᠨ ᠣᠯᠠᠩᠬᠢ ᠭᠠᠵᠠᠷ ᠢ᠋ ᠥᠭᠴᠦ ᠴᠢᠳᠠᠬᠤ ᠦᠭᠡᠢ ᠭᠡᠮᠡᠨ ᠲᠤᠰᠠᠯᠠᠭᠴᠢ ᠨᠠᠳᠤᠷ ᠮᠡᠳᠡᠭᠦᠯᠦᠨ ᠢᠷᠡᠭᠰᠡᠨ᠂ ᠮᠢᠨᠦ ᠪᠡᠶ᠎ᠡ ᠰᠣᠨᠣᠰᠤᠭᠠᠳ ᠬᠡᠷᠡᠭ ᠪᠤᠳᠤᠯᠢᠶᠠᠨ ᠭᠠᠷᠬᠤ ᠪᠣᠯᠵᠣᠰᠢ ᠦᠭᠡᠢ ᠡᠴᠡ ᠠᠶᠤᠵᠤ ᠪᠡᠶ᠎ᠡ ᠪᠡᠷ ᠬᠠᠯᠢᠭᠤᠲᠤ ᠵᠡᠷᠭᠡ ᠶ᠋ᠢᠨ ᠭᠠᠵᠠᠷ ᠲᠤ᠌ ᠣᠴᠢᠪᠠᠢ᠃ ᠲᠡᠨᠳᠡ ᠸᠠᠩᠵᠢᠯᠨᠤᠷᠪᠤ ᠨᠠᠷ ᠲᠤ᠌ ᠵᠣᠯᠭᠠᠨ ᠭᠠᠵᠠᠷ ᠲᠠᠯᠪᠢᠬᠤ ᠶ᠋ᠢ ᠵᠣᠭᠰᠣᠭᠠᠵᠤ᠂ ᠬᠣᠶᠠᠷ ᠡᠲᠡᠭᠡᠳ ᠢ᠋ ᠬᠣᠷᠢᠭᠯᠠᠨ ᠬᠡᠯᠡᠭᠡᠳ ᠡᠯ᠎ᠡ ᠭᠣᠶᠠᠴᠢ ᠪᠠᠷ ᠭᠠᠵᠠᠷ ᠲᠠᠯᠪᠢᠬᠤ ᠵᠡᠷᠭᠡ ᠶ᠋ᠢᠨ ᠣᠯᠠᠨ ᠵᠦᠢᠯ ᠦ᠋ᠨ ᠤᠴᠢᠷ ᠭᠣᠮᠣᠳᠠᠯ ᠢ᠋ ᠴᠢᠭᠤᠯᠭᠠᠨ ᠤ᠋ ᠳᠠᠷᠤᠭ᠎ᠠ ᠨᠠᠷ ᠤ᠋ᠨ ᠭᠠᠵᠠᠷ ᠲᠤ᠌ ᠮᠡᠳᠡᠭᠦᠯᠦᠭᠰᠡᠨ ᠡᠴᠡ ᠥᠭᠡᠷ᠎ᠡ ᠲᠤᠰᠠᠯᠠᠭᠴᠢ ᠮᠢᠨᠦ ᠪᠡᠶ᠎ᠡ ᠳᠤᠭᠤᠢ ᠳᠥᠷᠪᠡᠯᠵᠢᠨ ᠰᠢᠲᠦᠭᠰᠡᠨ ᠲᠡᠷᠢᠭᠦᠨ ᠪᠣᠯᠤᠭᠰᠠᠨ ᠤᠴᠢᠷ ᠣᠭᠲᠣ ᠦᠭᠡᠢ ᠪᠢᠯᠡ᠃ ᠨᠢᠳᠤᠨᠤᠨ ᠵᠢᠯ ᠳᠡᠮᠴᠢ ᠲᠠᠪᠠ᠂ ᠲᠡᠷᠭᠡᠴᠢᠨ ᠰᠢᠷᠠᠬᠦᠦ ᠨᠠᠷ ᠪᠠᠭ᠎ᠠ ᠬᠣᠭᠣᠯᠠᠢᠲᠦ ᠬᠡᠮᠡᠬᠦ ᠨᠢᠭᠡᠨ ᠬᠡᠰᠡᠭ ᠴᠠᠢᠳᠠᠮ ᠭᠠᠵᠠᠷ ᠢ᠋ ᠢᠷᠭᠡᠳ ᠲᠣᠷ ᠮᠣᠷᠳᠠᠭᠤᠯᠰᠤᠭᠠᠢ ᠬᠡᠮᠡᠭᠰᠡᠨ ᠳ᠋ᠦ᠍ ᠭᠣᠶᠠᠴᠢ ᠪᠠᠷ ᠬᠤᠯᠠᠭᠤᠨ ᠬᠤᠳᠠᠯᠳᠤᠵᠤ ᠦᠨ᠎ᠡ ᠮᠥᠩᠭᠥ ᠶ᠋ᠢ ᠬᠤᠪᠢᠶᠠᠯᠴᠠᠨ ᠠᠪᠤᠪᠠᠢ ᠭᠡᠰᠡᠨ ᠬᠡᠷᠡᠭ ᠢ᠋ ᠲᠡᠳᠡ ᠨᠠᠷ ᠠ᠋ᠴᠠ ᠮᠠᠭᠠᠳᠯᠠᠬᠤᠯᠠ ᠳᠠ ᠸᠠᠩ ᠨᠣᠶᠠᠨ ᠤ᠋ ᠬᠠᠲᠤᠨ ᠯᠤᠭ᠎ᠠ ᠨᠡᠢᠯᠡᠵᠦ ᠬᠤᠳᠠᠯᠳᠤᠨ ᠰᠦᠢᠳᠬᠡᠭᠰᠡᠨ ᠢᠨᠦ ᠢᠯᠡᠷᠬᠡᠢ ᠪᠣᠯᠵᠤᠬᠤᠢ᠃ ᠪᠠᠰᠠ ᠡᠷᠭᠦᠮᠵᠢᠯᠡᠯᠲᠦ ᠬᠠᠲᠤᠨ ᠨᠠᠷᠠᠨᠭᠡᠷᠡᠯ ᠢᠵᠠᠭᠤᠷ ᠤ᠋ᠨ ᠪᠠᠢᠭᠤᠯᠤᠭᠰᠠᠨ ᠬᠤᠶᠠᠭ ᠴᠡᠷᠢᠭ ᠢ᠋ᠶ᠋ᠡᠷ ᠡᠳᠦᠷ ᠰᠥᠨᠢ ᠦᠭᠡᠢ ᠪᠡᠷ ᠠᠷᠭᠠᠯ ᠲᠦᠯᠡᠭᠡ ᠡᠭᠦᠷᠦᠭᠦᠯᠬᠦ ᠳ᠋ᠦ᠍ ᠥᠯᠪᠡᠷᠦᠨ ᠲᠠᠭᠠᠷᠠᠵᠤ ᠴᠢᠬᠤᠯᠳᠠᠨ ᠦᠬᠦᠭᠰᠡᠨ ᠪᠠ ᠵᠢᠴᠢ ᠯᠠᠮᠠ ᠬᠠᠷ᠎ᠠ ᠳᠡᠮᠴᠢ᠂ ᠰᠢᠷᠠᠬᠦᠦ ᠨᠠᠷ ᠯᠤᠭ᠎ᠠ ᠰᠢᠳᠠᠷᠳᠠᠵᠤ ᠰᠠᠮᠠᠭᠤᠨ ᠶᠠᠪᠤᠯᠴᠠᠭᠰᠠᠨ ᠠᠨᠤ ᠴᠥᠭᠡᠬᠡᠨ ᠦᠭᠡᠢ᠂ ᠠᠢᠯᠠᠳᠬᠠᠯ ᠰᠡᠩᠭᠡᠵᠠᠪ ᠪᠣᠯᠪᠠᠰᠤ ᠳᠦᠷᠢᠮ ᠬᠡᠮᠵᠢᠶ᠎ᠡ ᠶ᠋ᠢ ᠬᠡᠷᠡᠭᠰᠡᠬᠦ ᠦᠭᠡᠢ ᠶᠡᠬᠡ ᠬᠠᠲᠤᠨ ᠲᠠᠢ ᠰᠡᠳᠬᠢᠯ ᠨᠢᠭᠡᠳᠴᠦ ᠱᠠᠩ ᠳ᠋ᠤ᠌ ᠰᠠᠭᠤᠭᠠᠳ ᠬᠠᠲᠤᠨ ᠯᠤᠭ᠎ᠠ ᠬᠠᠮᠲᠤ ᠪᠠᠷ ᠠᠢᠯ ᠭᠡᠷ ᠡᠴᠡ ᠪᠡᠨ ᠠᠪᠴᠢᠷᠠᠭᠰᠠᠨ ᠵᠠᠷᠤᠴᠠ ᠥᠬᠢᠳ ᠢ᠋ ᠲᠠᠰᠢᠭᠤᠷᠳᠠᠨ ᠵᠠᠨᠴᠢᠭᠰᠠᠨ ᠪᠠ ᠵᠠᠷᠤᠴᠠ ᠠᠯᠪᠠᠲᠤ ᠨᠠᠷ ᠢ᠋ ᠤᠴᠢᠷ ᠦᠭᠡᠢ ᠬᠦᠨᠳᠦᠳᠡ ᠵᠠᠨᠴᠢᠨ᠂ ᠱᠣᠷᠣ ᠵᠠᠰᠠᠵᠤ ᠮᠢᠬ᠎ᠠ ᠶ᠋ᠢ ᠰᠡᠲᠡᠴᠢᠨ ᠴᠣᠭᠣᠯᠵᠤ ᠵᠦᠢᠯ ᠵᠦᠢᠯ ᠦ᠋ᠨ ᠡᠷᠡᠭᠦᠦ ᠲᠤᠯᠭᠠᠵᠤ ᠵᠣᠪᠠᠭᠠᠭᠰᠠᠨ᠁》 ᠭᠡᠬᠦ ᠮᠡᠲᠦ ᠶ᠋ᠢᠨ ᠣᠯᠠᠨ ᠤᠴᠢᠷ ᠤ᠋ᠳ ᠢ᠋ ᠭᠠᠷᠭᠠᠵᠤ《ᠤᠯᠠᠮᠵᠢᠯᠠᠨ ᠮᠡᠳᠡᠭᠦᠯᠪᠡ》 ᠭᠡᠵᠦ ᠪᠢᠴᠢᠵᠦᠬᠦᠢ᠃ ᠲᠤᠬᠠᠢ ᠶ᠋ᠢᠨ ᠦᠶ᠎ᠡ ᠳ᠋ᠦ᠍ ᠦ ᠯᠠᠮᠠ ᠪᠠᠰᠠ ᠬᠥᠬᠡᠬᠣᠲᠠ ᠶ᠋ᠢᠨ ᠵᠠᠬᠢᠷᠤᠭᠴᠢ ᠰᠠᠢᠳ ᠲᠤ᠌《ᠳᠣᠲᠣᠭᠤᠷᠴᠢᠯᠠᠨ ᠮᠡᠳᠡᠭᠦᠯᠬᠦ ᠤᠴᠢᠷ》 ᠭᠡᠰᠡᠨ ᠡᠷᠭᠦᠯᠲᠡ ᠪᠢᠴᠢᠭ ᠲᠡᠭᠡᠨ ᠮᠥᠨ ᠠᠳᠠᠯᠢ ᠪᠠᠷ ᠳᠤᠭᠤᠢᠯᠠᠩ ᠤ᠋ᠨ ᠣᠯᠠᠨ ᠲᠦᠮᠡᠨ ᠦ᠌ ᠤᠴᠢᠷ ᠭᠣᠮᠣᠳᠠᠯ ᠢ᠋ ᠤᠯᠠᠮᠵᠢᠯᠠᠵᠤ᠂《ᠥᠴᠦᠬᠡᠨ ᠦ ᠯᠠᠮᠠ ᠪᠢᠳᠡᠨ ᠳ᠋ᠦ᠍ᠷ ᠣᠯᠠᠨ ᠢ᠋ ᠲᠡᠷᠢᠭᠦᠯᠡᠨ ᠭᠠᠵᠠᠷ ᠳᠡᠯᠡᠬᠡᠢ ᠬᠠᠷᠠᠮᠨᠠᠪᠠ ᠭᠡᠮᠡᠨ ᠬᠢᠯᠢᠰ ᠲᠤᠯᠭᠠᠨ ᠭᠦᠳᠬᠡᠨ ᠵᠠᠭᠠᠯᠳᠤᠭᠰᠠᠨ ᠠ᠋ᠴᠠ ᠭᠠᠳᠠᠨ᠎ᠠ ᠥᠴᠦᠬᠡᠨ ᠦ ᠯᠠᠮᠠ ᠪᠢᠳᠡᠨ ᠦ᠌ ᠪᠡᠶᠡᠰ ᠲᠡᠳᠡ ᠨᠠᠷ ᠤ᠋ᠨ ᠠᠳᠠᠯᠢ ᠭᠣᠶᠠᠴᠢ ᠪᠠᠷ ᠭᠠᠵᠠᠷ ᠬᠤᠳᠠᠯᠳᠤᠵᠤ ᠮᠥᠩᠭᠥ ᠠᠪᠤᠭᠰᠠᠨ ᠤᠴᠢᠷ ᠣᠭᠲᠣ ᠪᠠᠢᠬᠤ ᠦᠭᠡᠢ ᠤᠴᠢᠷ ᠢ᠋ ᠳᠠᠬᠢᠨ ᠳᠠᠪᠲᠠᠨ ᠢᠯᠡᠷᠬᠡᠢᠯᠡᠨ ᠭᠠᠷᠭᠠᠵᠤ ᠮᠡᠳᠡᠭᠦᠯᠪᠡ᠃ ᠡᠷᠭᠢᠨ ᠵᠠᠬᠢᠷᠤᠭᠴᠢ ᠰᠠᠢᠳ ᠲᠣᠯᠢᠳᠠᠵᠤ ᠮᠡᠳᠡᠭᠦᠯᠪᠡᠰᠦ ᠵᠣᠬᠢᠬᠤ ᠭᠠᠵᠠᠷ ᠤ᠋ᠳ ᠲᠤ᠌ ᠰᠣᠨᠣᠰᠬᠠᠨ ᠬᠠᠢᠷᠠᠯᠠᠬᠤ ᠠᠵᠢᠶᠠᠮᠣᠢ》 ᠭᠡᠵᠦ ᠮᠡᠳᠡᠭᠦᠯᠵᠦ ᠪᠠᠢᠭᠰᠠᠨ ᠪᠠᠢᠨ᠎ᠠ᠃
ᠡᠦ ᠯᠠᠮᠠ ᠴᠣᠭᠲᠤᠸᠴᠢᠷ ᠨᠠᠷ ᠠ᠋ᠴᠠ ᠳᠤᠭᠤᠢᠯᠠᠩ ᠤ᠋ᠨ ᠣᠯᠠᠨ ᠲᠦᠮᠡᠨ ᠦ᠌ ᠭᠣᠮᠣᠳᠠᠯ ᠤᠴᠢᠷ ᠤ᠋ᠳ ᠢ᠋ ᠢᠩᠭᠢᠵᠦ ᠤᠯᠠᠮᠵᠢᠯᠠᠨ ᠮᠡᠳᠡᠭᠦᠯᠦᠭᠰᠡᠨ ᠶᠠᠪᠤᠳᠠᠯ ᠬᠡᠳᠦᠢᠪᠡᠷ ᠴᠠᠭᠳᠤᠷᠰᠡᠷᠡᠩ᠂ ᠨᠠᠷᠠᠨᠭᠡᠷᠡᠯ ᠪᠣᠯᠤᠨ ᠴᠣᠭᠲᠤᠸᠴᠢᠷ ᠤ᠋ᠨ ᠬᠣᠭᠣᠷᠣᠨᠳᠣ ᠶ᠋ᠢᠨ ᠲᠡᠮᠡᠴᠡᠯ ᠡᠴᠡ ᠰᠢᠯᠲᠠᠭᠠᠯᠠᠭᠳᠠᠭᠰᠠᠨ ᠪᠣᠯᠪᠠᠴᠤ ᠡᠨᠡ ᠨᠢ ᠲᠤᠬᠠᠢ ᠶ᠋ᠢᠨ ᠦᠶ᠎ᠡ ᠶ᠋ᠢᠨ ᠳᠤᠭᠤᠢᠯᠠᠩ ᠤ᠋ᠨ ᠬᠥᠳᠡᠯᠭᠡᠭᠡᠨ ᠳ᠋ᠦ᠍ ᠲᠤᠩ ᠠᠰᠢᠭᠲᠠᠢ ᠪᠣᠯᠵᠤ ᠪᠠᠢᠭᠰᠠᠨ ᠶᠤᠮ᠃ ᠡᠢᠮᠦ ᠡᠴᠡ ᠴᠠᠭᠳᠤᠷᠰᠡᠷᠡᠩ᠂ ᠨᠠᠷᠠᠨᠭᠡᠷᠡᠯ ᠨᠠᠷ ᠪᠠᠰᠠ ᠠᠷᠭ᠎ᠠ ᠮᠡᠬᠡ ᠬᠡᠷᠡᠭᠯᠡᠵᠦ ᠪᠠᠢᠭᠠᠳ ᠡᠦ ᠯᠠᠮᠠ᠂ ᠴᠣᠭᠲᠤᠸᠴᠢᠷ ᠪᠣᠯᠤᠨ ᠳᠤᠭᠤᠢᠯᠠᠩ ᠤ᠋ᠨ ᠣᠯᠠᠨ ᠲᠦᠮᠡᠨ ᠦ᠌ ᠬᠣᠭᠣᠷᠣᠨᠳᠣ ᠶ᠋ᠢᠨ ᠬᠠᠷᠢᠴᠠᠭ᠎ᠠ ᠶ᠋ᠢ ᠵᠠᠪᠰᠠᠷᠳᠠᠭᠤᠯᠬᠤ ᠪᠠᠷ ᠤᠬᠠᠭᠠᠯᠠᠭᠰᠠᠨ ᠪᠠᠢᠵᠠᠢ᠃ ᠡᠨᠡ ᠲᠤᠬᠠᠢ ᠤᠴᠢᠷ ᠢ᠋ ᠴᠣᠭᠲᠤᠸᠴᠢᠷ ᠠ᠋ᠴᠠ ᠴᠢᠭᠤᠯᠭᠠᠨ ᠤ᠋ ᠳᠠᠷᠤᠭ᠎ᠠ ᠨᠠᠷ ᠲᠤ᠌ ᠮᠡᠳᠡᠭᠦᠯᠦᠭᠰᠡᠨ ᠡᠷᠭᠦᠯᠲᠡ ᠳ᠋ᠦ᠍《ᠮᠥᠨ ᠭᠤᠴᠢᠳᠤᠭᠠᠷ ᠣᠨ ᠳ᠋ᠤ᠌ ᠮᠠᠨ ᠤ᠋ ᠬᠠᠷᠢᠶᠠᠲᠤ ᠵᠠᠰᠠᠭ ᠳᠡᠳ᠋ ᠳᠡ ᠸᠠᠩ ᠨᠣᠶᠠᠨ ᠠ᠋ᠴᠠ ᠲᠠᠢᠵᠢ ᠵᠠᠯᠠᠨ ᠭᠠᠷᠮᠠᠰᠠᠳᠢ ᠂ ᠵᠠᠯᠠᠨ ᠲᠦᠮᠡᠨ ᠨᠠᠷ ᠢ᠋ ᠵᠠᠷᠤᠵᠤ ᠰᠢᠷ᠎ᠠ ᠤᠰᠤᠨ ᠤ᠋ ᠤᠷᠢᠳᠤ ᠪᠡᠶ᠎ᠡ ᠪᠠ ᠬᠣᠢᠲᠤ ᠪᠡᠶ᠎ᠡ ᠶ᠋ᠢᠨ ᠣᠯᠠᠨ ᠲᠠᠢᠵᠢ ᠬᠠᠷᠠᠴᠤᠰ ᠲᠤ᠌ ᠤᠬᠠᠭᠤᠯᠤᠨ ᠬᠡᠯᠡᠭᠰᠡᠨ ᠢᠨᠦ ᠮᠠᠩᠬ᠎ᠠ ᠠ᠋ᠴᠠ ᠪᠠᠷᠠᠭᠤᠨᠰᠢ ᠣᠲᠣᠭ ᠬᠤᠰᠢᠭᠤᠨ ᠤ᠋ ᠰᠠᠪᠠ ᠬᠦᠷᠲᠡᠯ᠎ᠡ ᠪᠠᠷᠠᠭᠤᠨ ᠲᠠᠯ᠎ᠠ ᠶ᠋ᠢᠨ ᠭᠠᠵᠠᠷ ᠢ᠋ ᠴᠥᠮ ᠡᠦ ᠯᠠᠮᠠ᠂ ᠪᠠᠷᠠᠭᠤᠨ ᠲᠤᠰᠠᠯᠠᠭᠴᠢ ᠨᠠᠷ ᠥᠪᠡᠷ ᠦ᠋ᠨ ᠨᠢᠭᠤᠷ ᠠᠰᠢᠭ ᠣᠯᠬᠤ ᠶ᠋ᠢᠨ ᠲᠤᠯᠠ ᠵᠠᠩᠵᠤᠨ ᠤ᠋ ᠭᠠᠵᠠᠷ ᠥᠭᠭᠦᠭᠰᠡᠨ᠂ ᠡᠭᠦᠨ ᠢ᠋ ᠣᠯᠠᠩᠬᠢ ᠪᠦᠭᠦᠳᠡ ᠮᠡᠳᠡᠵᠦ᠂ ᠭᠠᠵᠠᠷ ᠨᠤᠲᠤᠭ ᠢ᠋ᠶ᠋ᠠᠨ ᠬᠠᠮᠠᠭᠠᠯᠠᠲᠤᠭᠠᠢ ᠬᠡᠮᠡᠭᠰᠡᠨ ᠵᠠᠬᠢᠶ᠎ᠠ ᠶ᠋ᠢ ᠰᠣᠨᠣᠰᠤᠭᠠᠳ ᠁ ᠨᠤᠲᠤᠭ ᠤ᠋ᠨ ᠣᠯᠠᠨ ᠲᠠᠢᠵᠢ ᠬᠠᠷᠠᠴᠤᠰ ᠨᠠᠷ ᠯᠠᠮᠠ ᠲᠤᠰᠠᠯᠠᠭᠴᠢ ᠪᠢᠳᠡ ᠨᠠᠷ ᠢ᠋ ᠰᠡᠵᠢᠭ ᠰᠠᠨᠠᠵᠤ ᠪᠢᠳᠡᠨ ᠦ᠌ ᠶᠠᠮᠠᠷ ᠪᠠ ᠦᠭᠡ ᠶ᠋ᠢ ᠰᠣᠨᠣᠰᠬᠤ ᠦᠭᠡᠢ ᠪᠣᠯᠤᠭᠰᠠᠨ ᠠᠨᠤ ᠦᠨᠡᠨ ᠪᠢᠯᠡ》 ᠭᠡᠵᠦ ᠪᠢᠴᠢᠭᠰᠡᠨ ᠪᠠᠢᠨ᠎ᠠ᠃
ᠪᠠᠳᠠᠷᠠᠭᠤᠯᠲᠤ ᠲᠥᠷᠥ ᠶ᠋ᠢᠨ ᠭᠤᠴᠢᠨ ᠨᠢᠭᠡᠳᠦᠭᠡᠷ ᠣᠨ ᠤ᠋ ᠨᠠᠮᠤᠷ ᠤ᠋ᠨ ᠳᠤᠮᠳᠠᠳᠤ ᠰᠠᠷ᠎ᠠ ᠶ᠋ᠢᠨ ᠬᠣᠷᠢᠨ ᠭᠤᠷᠪᠠᠨ ᠳ᠋ᠤ᠌ ᠴᠠᠭᠳᠤᠷᠰᠡᠷᠡᠩ ᠡᠴᠡ ᠴᠣᠭᠲᠤᠸᠴᠢᠷ ᠲᠤ᠌ ᠲᠤᠰᠢᠶᠠᠭᠰᠠᠨ ᠬᠥᠬᠡᠬᠣᠲᠠ ᠶ᠋ᠢᠨ ᠵᠠᠩᠵᠤᠨ ᠰᠠᠢᠳ ᠤ᠋ᠨ ᠪᠢᠴᠢᠭ ᠲᠦ᠍᠄《ᠪᠠᠢᠴᠠᠭᠠᠪᠠᠰᠤ ᠦᠦᠰᠢᠨ ᠬᠤᠰᠢᠭᠤᠨ ᠠ᠋ᠴᠠ ᠡᠷᠭᠦᠨ ᠮᠡᠳᠡᠭᠦᠯᠵᠦ ᠨᠡᠭᠡᠭᠡᠨ ᠬᠠᠭᠠᠯᠬᠤ ᠭᠠᠵᠠᠷ ᠢ᠋ ᠁ ᠬᠠᠷᠢᠶᠠᠲᠤ ᠬᠤᠰᠢᠭᠤᠨ ᠤ᠋ ᠪᠠᠷᠠᠭᠤᠨ ᠲᠤᠰᠠᠯᠠᠭᠴᠢ᠂ ᠡᠦ ᠯᠠᠮᠠ ᠨᠠᠷ ᠤ᠋ᠨ ᠵᠠᠬᠢᠷᠤᠯᠭ᠎ᠠ ᠣᠯᠠᠨ ᠮᠣᠩᠭᠣᠯ ᠴᠤᠭᠯᠠᠷᠠᠵᠤ ᠬᠠᠭᠠᠯᠬᠤ ᠬᠡᠷᠡᠭ ᠢ᠋ ᠬᠥᠨᠳᠡᠯᠢᠳᠦᠭᠰᠡᠨ ᠦ᠌ ᠲᠤᠯᠠ ᠵᠦᠢ ᠢᠨᠦ ᠪᠠᠷᠠᠭᠤᠨ ᠲᠤᠰᠠᠯᠠᠭᠴᠢ ᠳ᠋ᠤ᠌ ᠴᠢᠩᠭᠠᠯᠠᠨ ᠲᠤᠰᠢᠶᠠᠵᠤ᠂ ᠶᠠᠭᠠᠷᠠᠪᠴᠢᠯᠠᠨ ᠵᠥᠪᠯᠡᠯᠳᠦᠵᠦ ᠭᠠᠵᠠᠷ ᠢ᠋ ᠬᠡᠮᠨᠡᠨ ᠲᠠᠯᠪᠢᠲᠤᠭᠠᠢ᠃ ᠬᠡᠷᠪᠡ ᠬᠠᠷᠢᠶᠠᠲᠤ ᠲᠤᠰᠠᠯᠠᠭᠴᠢ ᠳᠠᠬᠢᠨ ᠰᠠᠨᠠᠭ᠎ᠠ ᠪᠠᠢᠵᠤ ᠬᠠᠯᠬᠠᠯᠠᠨ ᠠᠭᠤᠯᠪᠠᠰᠤ ᠮᠠᠨ ᠤ᠋ ᠰᠠᠢᠳ ᠵᠠᠩᠵᠤᠨ ᠮᠥᠨ ᠡᠷᠬᠡᠪᠰᠢ ᠴᠢᠩᠭᠠᠯᠠᠨ ᠪᠤᠷᠤᠭᠤᠰᠢᠶᠠᠵᠤ ᠰᠢᠢᠳᠬᠡᠮᠦᠢ᠃ ᠶᠡᠷᠦ ᠡᠷᠲᠡᠬᠡᠨ ᠬᠡᠯᠡᠭᠰᠡᠨ ᠦᠭᠡᠢ ᠭᠡᠮᠡᠨ ᠪᠢᠲᠡᠭᠡᠢ ᠥᠭᠦᠯᠡᠭᠲᠦᠨ!》 ᠭᠡᠵᠡᠢ᠃ ᠪᠠᠰᠠ ᠪᠠᠳᠠᠷᠠᠭᠤᠯᠲᠤ ᠲᠥᠷᠥ ᠶ᠋ᠢᠨ ᠬᠣᠷᠢᠨ ᠳᠣᠯᠣᠳᠤᠭᠠᠷ ᠣᠨ ᠤ᠋ ᠵᠤᠨ ᠤ᠋ ᠲᠡᠷᠢᠭᠦᠨ ᠰᠠᠷ᠎ᠠ ᠶ᠋ᠢᠨ ᠠᠷᠪᠠᠨ ᠨᠠᠢ᠍ᠮᠠᠨ ᠳ᠋ᠤ᠌ ᠬᠥᠬᠡᠬᠣᠲᠠ ᠶ᠋ᠢᠨ ᠮᠡᠢᠷᠡᠨ ᠦ᠌ ᠵᠠᠩᠭᠢ ᠶ᠋ᠢᠨ ᠪᠢᠴᠢᠭ ᠲᠦ᠍᠄《ᠤᠭ ᠪᠢᠴᠢᠭ ᠲᠣᠷ ᠨᠡᠷ᠎ᠡ ᠪᠦᠬᠦᠢ ᠬᠠᠷᠢᠶᠠᠲᠤ ᠬᠤᠰᠢᠭᠤᠨ ᠤ᠋ ᠲᠤᠰᠠᠯᠠᠭᠴᠢ ᠴᠣᠭᠲᠤᠸᠴᠢᠷ ᠵᠠᠬᠢᠷᠤᠭᠴᠢ᠂ ᠸᠴᠢᠷ ᠵᠠᠬᠢᠷᠤᠭᠴᠢ ᠵᠡᠷᠭᠡ ᠶ᠋ᠢᠨ ᠲᠠᠢᠵᠢ ᠲᠠᠮᠪᠠᠷᠢᠨ ᠨᠠᠷ ᠢ᠋ ᠴᠠᠭ ᠳᠠᠷᠤᠢ ᠵᠠᠷᠯᠠᠨ ᠪᠦᠷᠢᠳᠬᠡᠵᠦ ᠬᠣᠷᠢᠨ ᠲᠠᠪᠤᠨ ᠤ᠋ ᠤᠷᠢᠳ ᠨᠢᠩ ᠲᠢᠶᠣᠤ ᠯᠢᠶᠠᠩ ᠤ᠋ᠨ ᠭᠠᠵᠠᠷ ᠬᠦᠷᠭᠡᠷ᠎ᠡ ᠠᠪᠴᠢᠷᠠᠵᠤ ᠪᠠᠢᠴᠠᠭᠠᠨ ᠰᠢᠭᠦᠬᠦ ᠶ᠋ᠢ ᠬᠦᠯᠢᠶᠡᠯᠭᠡᠰᠦᠭᠡᠢ᠃ ᠡᠨᠡ ᠪᠣᠯᠪᠠᠰᠤ ᠳᠡᠭᠡᠳᠦ ᠵᠠᠷᠯᠢᠭ ᠲᠤᠷ ᠬᠣᠯᠪᠣᠭᠰᠠᠨ ᠴᠢᠬᠤᠯᠠ ᠬᠡᠷᠡᠭ ᠲᠤᠯᠠ ᠥᠴᠦᠬᠡᠨ ᠴᠦ᠍ ᠠᠯᠭᠤᠷᠯᠠᠨ ᠰᠠᠭᠠᠲᠠᠭᠤᠯᠵᠤ ᠶᠠᠯ᠎ᠠ ᠬᠠᠯᠳᠠᠬᠤᠢ ᠳ᠋ᠤᠷ ᠪᠦᠦ ᠭᠥᠷᠥᠭᠦᠯᠦᠭᠲᠦᠨ》 ᠭᠡᠵᠡᠢ᠃
ᠡᠳᠡᠭᠡᠷ ᠤᠴᠢᠷ ᠶᠠᠪᠤᠳᠠᠯ ᠠ᠋ᠴᠠ ᠪᠣᠯᠵᠤ ᠴᠣᠭᠲᠣᠸᠴᠢᠷ ᠪᠣᠯᠤᠨ ᠴᠠᠭᠳᠤᠷᠰᠡᠷᠡᠩ ᠦ᠋ᠨ ᠬᠣᠭᠣᠷᠣᠨᠳᠣᠬᠢ ᠦᠰ ᠵᠥᠷᠢᠴᠡᠯ ᠭᠦᠨ ᠪᠣᠯᠤᠭᠰᠠᠨ ᠲᠤᠯᠠ ᠴᠣᠭᠲᠣᠸᠴᠢᠷ ᠲᠤᠰᠠᠯᠠᠭᠴᠢ᠂ ᠰᠢᠨᠡᠯᠡᠮ᠎ᠡ ᠶ᠋ᠢᠨ ᠤᠳᠤᠷᠢᠳᠤᠭᠰᠠᠨ ᠳᠤᠭᠤᠢᠯᠠᠩ ᠤ᠋ᠨ ᠬᠥᠳᠡᠯᠭᠡᠭᠡᠨ ᠢ᠋ ᠳᠠᠯᠳᠠᠭᠤᠷ ᠳᠡᠮᠵᠢᠵᠦ ᠴᠠᠭᠳᠤᠷᠰᠡᠲᠡᠩ ᠢ᠋ ᠴᠢᠳᠠᠪᠠᠯ ᠲᠦᠯᠬᠢᠨ ᠤᠨᠠᠭᠠᠵᠤ ᠦᠦᠰᠢᠨ ᠬᠤᠰᠢᠭᠤᠨ ᠤ᠋ ᠵᠠᠰᠠᠭ ᠨᠣᠶᠠᠨ ᠪᠣᠯᠬᠤ ᠵᠣᠷᠢᠯᠭ᠎ᠠ ᠳ᠋ᠠᠭᠠᠨ ᠬᠦᠷᠬᠦ ᠪᠡᠷ ᠣᠷᠣᠯᠳᠣᠭᠰᠠᠨ ᠪᠠᠢᠵᠠᠢ᠃
ᠰᠢᠨᠡᠯᠡᠮ᠎ᠡ ᠦᠷᠭᠦᠯᠵᠢ ᠪᠠᠷᠠᠭᠤᠨ ᠬᠦᠩ ᠶᠧ ᠶ᠋ᠢᠨ ᠱᠠᠩ ᠳ᠋ᠤ᠌ ᠣᠴᠢᠵᠤ ᠴᠣᠭᠲᠣᠸᠴᠢᠷ ᠲᠠᠢ ᠶᠠᠷᠢᠯᠴᠠᠵᠤ᠂ ᠵᠠᠷᠢᠮ ᠶᠠᠪᠤᠳᠠᠯ ᠤᠴᠢᠷ ᠳᠡᠭᠡᠷ᠎ᠡ ᠴᠣᠭᠲᠣᠸᠴᠢᠷ ᠢ᠋ᠶ᠋ᠠᠷ《ᠮᠣᠭᠠᠢ ᠪᠠᠷᠢᠭᠤᠯᠬᠤ》 ᠠᠵᠢᠯ ᠢ᠋ ᠬᠢᠭᠰᠡᠨ ᠪᠠᠢᠵᠤ ᠮᠡᠳᠡᠨ᠎ᠡ᠃ ᠲᠡᠷᠡ ᠨᠢᠭᠡ ᠤᠳᠠᠭ᠎ᠠ ᠪᠠᠷᠠᠭᠤᠨ ᠬᠦᠩ ᠴᠣᠭᠲᠣᠸᠴᠢᠷ ᠤ᠋ᠨ ᠱᠠᠩ ᠳᠡᠭᠡᠷ᠎ᠡ ᠣᠴᠢᠵᠤ ᠤᠳᠠᠭᠠᠨ ᠵᠣᠭᠣᠭᠳᠠᠵᠤ ᠪᠤᠴᠠᠬᠤ ᠦᠶᠡᠰ᠄《ᠰᠢᠷ᠎ᠠ ᠠᠪᠤᠵᠢ (ᠨᠠᠷᠠᠨᠭᠡᠷᠡᠯ ᠬᠠᠲᠤᠨ) ᠪᠣᠯᠬᠤ ᠦᠭᠡᠢ ᠪᠠᠢᠨ᠎ᠠ᠂ ᠰᠠᠮᠠᠭᠤᠨ ᠢ᠋ ᠲᠠᠭᠠᠷᠠᠭᠤᠯᠵᠤ ᠳᠤᠭᠵᠢᠷᠭᠤᠯᠴᠢᠬᠠᠪᠠᠯ ᠪᠣᠯᠤᠨ᠎ᠠ ᠤᠤ?》 ᠭᠡᠰᠡᠨ ᠳ᠋ᠦ᠍᠂ ᠴᠣᠭᠲᠣᠸᠴᠢᠷ ᠳᠣᠣᠷ᠎ᠠ ᠨᠢ ᠪᠠᠯᠠᠭ ᠠᠯᠲᠠᠨ ᠪᠠᠷᠠᠭᠤᠨ ᠠᠯᠠᠭ᠎ᠠ ᠪᠠᠷ ᠢ᠋ᠶ᠋ᠠᠨ ᠠᠮᠠ ᠪᠠᠨ ᠬᠠᠭᠠᠰᠬᠢᠵᠦ ᠬᠠᠮᠠᠷ ᠢ᠋ᠶ᠋ᠠᠷ ᠢ᠋ᠶ᠋ᠠᠨ 《ᠬᠧᠩ》(ᠬᠡᠷᠡᠭ ᠳᠡᠭᠡᠷ᠎ᠡ ᠪᠡᠨ ᠰᠠᠨᠠᠭᠠᠨ ᠳ᠋ᠤᠨᠢ ᠤᠨᠤᠵᠤ ᠨᠢᠭᠤᠴᠠ ᠪᠠᠷ ᠵᠥᠪᠰᠢᠶᠡᠷᠡᠨ ᠳᠣᠬᠢᠵᠠᠢ —— ᠵᠣᠬᠢᠶᠠᠭᠴᠢ ᠠ᠋ᠴᠠ) ᠭᠡᠵᠦ ᠳᠤᠤᠭᠠᠷᠴᠤ ᠠᠮᠢᠰᠬᠤᠬᠤ ᠵᠠᠭᠤᠷ᠎ᠠ ᠰᠢᠨᠡᠯᠡᠮ᠎ᠡ ᠰᠠᠨᠠᠭ᠎ᠠ ᠶ᠋ᠢ ᠨᠢ ᠤᠬᠠᠵᠤ ᠬᠤᠷᠳᠤᠨ ᠭᠡᠭᠴᠢ ᠨᠢᠭᠡ ᠲᠣᠯᠣᠭᠠᠢ ᠮᠥᠷᠭᠥᠴᠢᠬᠡᠭᠡᠳ ᠭᠠᠷᠴᠤ ᠣᠳᠴᠠᠢ᠃ ᠰᠢᠨᠠᠯᠠᠮ᠎ᠠ ᠢᠩᠭᠢᠵᠦ ᠵᠥᠷᠢᠴᠡᠯ ᠢ᠋ ᠴᠢᠳᠠᠮᠠᠭᠠᠢ ᠪᠠᠷ ᠠᠰᠢᠭᠯᠠᠵᠤ ᠴᠢᠳᠠᠭᠠᠳ ᠨᠢᠭᠡᠨ ᠲᠣᠭᠣᠰ ᠤ᠋ᠨ ᠤᠲᠤᠭ᠎ᠠ ᠲᠠᠢ ᠬᠦᠷᠡᠩ ᠤᠯᠠᠭᠠᠨ ᠥᠩᠭᠡ ᠶ᠋ᠢᠨ ᠦᠲᠦᠨᠡ ᠴᠢᠯᠠᠭᠤ ᠶ᠋ᠢᠨ ᠵᠢᠩᠰᠡ ᠮᠠᠯᠠᠭ᠎ᠠ ᠲᠠᠢ ᠲᠣᠮᠣ ᠲᠦᠰᠢᠯᠭᠡ ᠲᠡᠢ ᠪᠣᠯᠴᠢᠬᠠᠭᠰᠠᠨ ᠪᠠᠢᠨ᠎ᠠ᠃①
— — — —
① ᠴᠠᠭᠠᠨᠪᠥ᠋ᠳᠤᠨ᠂ ᠶᠠᠩ ᠰᠠᠴᠤᠷᠠᠯᠲᠤ᠄《ᠦᠦᠰᠢᠨ ᠪᠠᠷᠠᠭᠤᠨ ᠲᠤᠰᠠᠯᠠᠭᠴᠢ ᠴᠣᠭᠲᠤᠸᠴᠢᠷ ᠪᠣᠯᠤᠨ ᠴᠠᠭᠳᠤᠷᠰᠡᠷᠡᠩ ᠸᠠᠩ ᠨᠠᠷ ᠤ᠋ᠨ ᠬᠣᠭᠣᠷᠣᠨᠳᠣᠬᠢ ᠵᠥᠷᠢᠴᠡᠯ》᠂《ᠴᠣᠭᠲᠤᠸᠴᠢᠷ ᠤ᠋ᠨ ᠨᠠᠮᠲᠠᠷ》 ᠠ᠋ᠴᠠ ᠦᠨᠳᠦᠰᠦᠯᠡᠪᠡ᠃
ᠦᠰᠦᠭ ᠠᠮᠢᠯᠠᠭᠤᠯᠤᠭᠴᠢ᠄ ᠪᠠᠯ᠂ ᠣᠶᠤᠨᠪᠢᠯᠢᠭ᠌᠂ ᠴᠤᠯᠮᠤᠨᠭᠡᠷᠡᠯ
ᠬᠢᠨᠠᠭᠴᠢ᠄ ᠣᠳᠬᠣᠨᠴᠡᠴᠡᠭ᠂ ᠴᠤᠯᠮᠤᠨᠭᠡᠷᠡᠯ᠂ ᠲ·ᠬᠦᠮᠦᠵᠢᠯᠲᠦ᠂ ᠠᠯᠲᠠᠨᠱᠠ