ᠡᠵᠢ ᠳ᠋ᠦ᠍ ᠪᠡᠨ ᠡᠷᠭᠦᠬᠦ ᠳᠠᠭᠤᠤ Eejdee örgökh duuЭэждээ өргөх дуу ᠬᠡᠦᠬᠡᠳ ᠦᠨ ᠳᠠᠭᠤᠤ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠡᠵᠢ ᠳ᠋ᠦ᠍ ᠪᠡᠨ ᠡᠷᠭᠦᠬᠦ ᠳᠠᠭᠤᠤ Eejdee örgökh duuЭэждээ өргөх дуу

ᠡᠵᠢ ᠳ᠋ᠦ᠍ ᠪᠡᠨ ᠡᠷᠭᠦᠬᠦ ᠳᠠᠭᠤᠤ Eejdee örgökh duuЭэждээ өргөх дуу

2025-09-25

225

ᠡᠵᠢ ᠳ᠋ᠦ᠍ ᠪᠡᠨ ᠡᠷᠭᠦᠬᠦ ᠳᠠᠭᠤᠤ

ᠬᠤᠪᠢᠰ ᠬᠥᠭᠵᠢᠮ ᠦ᠋ᠨ ᠠᠩᠭᠢ ᠶ᠋ᠢᠨ 
ᠭᠡᠷ ᠪᠦᠯᠢ ᠶ᠋ᠢᠨ ᠲᠤᠰᠬᠠᠢ ᠲᠠᠯᠠᠪᠤᠷ 
ᠡᠩᠬᠦᠷᠡᠢᠯᠡᠨ ᠥᠰᠬᠡᠭᠰᠡᠨ ᠡᠵᠢ ᠶ᠋ᠢᠨ ᠮᠢᠨᠢ ᠪᠦᠪᠡᠢ 
ᠡᠷᠳᠡᠮ ᠦ᠋ᠨ ᠣᠷᠭᠢᠯ ᠳ᠋ᠠᠬᠢ ᠰᠤᠷᠭᠠᠯ ᠪᠠᠢᠵᠠᠢ ᠬᠦ 
ᠴᠠᠭᠠᠨ ᠰᠦ ᠲᠡᠢ ᠬᠠᠩᠭᠢᠨᠠᠭᠤᠯᠤᠨ ᠬᠠᠢᠷᠠᠯᠠᠳᠠᠭ 
ᠬᠠᠢᠷᠠᠯᠠᠬᠤ ᠰᠡᠳᠬᠢᠯ ᠦ᠋ᠨ ᠲᠠᠲᠠᠯ ᠪᠠᠢᠵᠠᠢ ᠬᠦ 
ᠬᠥᠭᠡᠷᠦᠬᠦᠢᠯᠡᠨ ᠥᠰᠬᠡᠭᠰᠡᠨ ᠡᠵᠢ ᠶ᠋ᠢᠨ ᠮᠢᠨᠢ ᠪᠦᠪᠡᠢ 
ᠬᠦᠮᠦᠨᠭᠦᠨᠯᠢᠭ ᠶᠣᠰᠣᠨ ᠤ᠋ ᠰᠤᠷᠭᠠᠯ ᠪᠠᠢᠵᠠᠢ ᠬᠦ 
ᠬᠡᠴᠡᠭᠦᠦ ᠪᠡᠷᠬᠡ ᠬᠦᠦ ᠪᠡᠨ ᠰᠤᠷᠭᠠᠭᠰᠠᠨ 
ᠡᠳᠡ ᠬᠣᠶᠠᠷ ᠤ᠋ᠨ ᠤᠬᠠᠭᠠᠨ ᠪᠠᠢᠵᠠᠢ ᠬᠦ
ᠠ ᠁ ᠠ ᠁ ᠠ᠁
ᠡᠳᠡ ᠬᠣᠶᠠᠷ ᠤ᠋ᠨ ᠤᠬᠠᠭᠠᠨ ᠪᠠᠢᠵᠠᠢ ᠬᠦ
ᠡᠵᠢ ᠶ᠋ᠢᠨ ᠢ᠋ᠶ᠋ᠡᠨ ᠵᠠᠬᠢᠭᠰᠠᠨ ᠡᠨᠡᠬᠦ ᠰᠤᠷᠭᠠᠯ ᠢ᠋
ᠡᠨᠡᠬᠡᠨ ᠪᠠᠶᠠᠨ ᠳ᠋ᠤ᠌ ᠪᠠᠨ ᠰᠢᠩᠭᠡᠭᠡᠵᠦ ᠦᠰᠵᠡᠢ ᠪᠢ 
ᠡᠩᠬᠦᠷᠡᠢ ᠪᠢᠴᠢᠬᠠᠨ ᠬᠣᠩᠭᠣᠷ ᠦᠷ᠎ᠡ ᠳ᠋ᠦ᠍ ᠪᠡᠨ
ᠡᠷᠬᠢᠮᠯᠡᠨ ᠵᠠᠬᠢᠳᠠᠭ ᠰᠤᠷᠭᠠᠯ ᠨᠢ ᠪᠣᠯᠵᠠᠢ ᠬᠦ
ᠠ ᠁ ᠠ ᠁ ᠠ᠁
ᠡᠷᠬᠢᠮᠯᠡᠨ ᠵᠠᠬᠢᠳᠠᠭ ᠰᠤᠷᠭᠠᠯ ᠨᠢ ᠪᠣᠯᠵᠠᠢ ᠬᠦ

    ᠢᠷᠡᠯᠲᠡ᠄ ᠰᠦᠯᠵᠢᠶᠡᠨ ᠡᠴᠡ ᠰᠡᠢᠷᠡᠭᠦᠯᠪᠡ
    ᠦᠰᠦᠭ ᠠᠮᠢᠯᠠᠭᠤᠯᠤᠭᠰᠠᠨ ᠨᠢ ᠄ ᠴᠢ᠊ · ᠤᠷᠠᠨᠴᠡᠴᠡᠭ