ᠮᠣᠯᠣᠨ ᠬᠠᠭᠠᠨMolon khaanМолон хаан ᠴᠤᠤᠲᠤ ᠬᠥᠮᠥᠰ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠣᠯᠣᠨ ᠬᠠᠭᠠᠨMolon khaanМолон хаан

ᠮᠣᠯᠣᠨ ᠬᠠᠭᠠᠨMolon khaanМолон хаан

ᠠᠩᠭᠢᠯᠠᠯ:ᠴᠤᠤᠲᠤ ᠬᠥᠮᠥᠰ
2025-09-25

84

ᠮᠣᠯᠣᠨ ᠬᠠᠭᠠᠨ

      ᠨᠠᠢᠷᠠᠭᠤᠯᠤᠭᠰᠠᠨ ᠨᠢ ᠄ ᠱ · ᠴᠸᠶᠢᠨ — ᠣᠢᠳᠤᠪ 
   ᠬᠢᠶᠠᠳ ᠪᠣᠷᠵᠢᠭᠢᠨ ᠣᠪᠣᠭᠲᠤ ᠮᠣᠯᠣᠨ ᠤ᠋ ᠥᠨᠳᠥᠷ ᠡᠪᠦᠭᠡ ᠬᠠᠷᠭᠤᠴᠠᠭ ᠳᠦᠭᠦᠷᠡᠩ ᠲᠠᠢᠵᠢ ᠡᠪᠦᠭᠡ ᠠᠵᠢ ᠲᠠᠢᠵᠢ᠂ ᠡᠴᠢᠭᠡ ᠨᠢ ᠲᠠᠢᠽᠦᠢ᠍ᠩ ᠬᠠᠭᠠᠨ ᠲᠣᠳᠣᠪᠣᠬ᠎ᠠ ᠶᠤᠮ᠃ᠮᠣᠯᠣᠨ1437 ᠣᠨ ᠳ᠋ᠤ᠌ ᠲᠠᠢᠽᠦᠢ᠍ᠩ ᠬᠠᠭᠠᠨ ᠤ᠋ ᠪᠠᠭ᠎ᠠ ᠬᠠᠲᠤᠨ ᠠᠯᠲᠠᠭᠠᠨ᠎ᠠ ᠠ᠋ᠴᠠ ᠲᠥᠷᠥᠭᠰᠡᠨ ᠠᠬᠠᠮᠠᠳ ᠬᠦᠦ ᠨᠢ ᠪᠢᠯᠡ᠃ᠮᠣᠯᠣᠨ ᠲᠠᠢᠵᠢ1465 ᠣᠨ ᠳ᠋ᠤ᠌ ᠦᠭᠡᠭᠲᠦ ᠬᠠᠭᠠᠨ ᠮᠠᠬᠠᠭᠦᠢ᠍ᠷᠭᠢᠰ ᠢ᠋ ᠠᠯᠠᠭᠳᠠᠭᠰᠠᠨ ᠤ᠋ ᠳᠠᠷᠠᠭ᠎ᠠ ᠬᠠᠭᠠᠨ ᠰᠢᠷᠡᠭᠡ ᠶ᠋ᠢ ᠵᠠᠯᠭᠠᠮᠵᠢᠯᠠᠭᠰᠠᠨ ᠮᠣᠩᠭᠣᠯ ᠤᠯᠤᠰ ᠤ᠋ᠨ28 ᠳ᠋ᠠᠬᠢ ᠬᠠᠭᠠᠨ ᠪᠢᠯᠡ᠃
   ᠲᠠᠢᠽᠦᠢ᠍ᠩ ᠬᠠᠭᠠᠨ ᠲᠣᠳᠣᠪᠣᠬ᠎ᠠ ᠶ᠋ᠢᠨ ᠶᠡᠬᠡ ᠬᠠᠲᠤᠨ ᠨᠢ ᠣᠢᠷᠠᠳ ᠤ᠋ᠨ ᠲᠣᠭᠣᠨ ᠲᠠᠢᠵᠢ ᠶ᠋ᠢᠨ ᠥᠬᠢᠨ᠂ ᠬᠡᠦᠬᠡᠳ ᠦᠭᠡᠢ ᠡᠴᠡ ᠪᠣᠯᠵᠤ ᠬᠠᠷᠯᠢᠭᠤᠨ ᠠᠢᠮᠠᠭ ᠤ᠋ᠨ ᠴᠠᠪᠳᠠᠨ ᠤ᠋ ᠥᠬᠢᠨ ᠠᠯᠲᠠᠭᠠᠨ᠎ᠠ ᠶ᠋ᠢ ᠪᠠᠭ᠎ᠠ ᠬᠠᠲᠤᠨ ᠢ᠋ᠶ᠋ᠠᠨ ᠪᠣᠯᠭᠠᠵᠠᠢ᠃ ᠬᠣᠵᠢᠮ ᠨᠢ ᠠᠯᠲᠠᠭᠠᠨ᠎ᠠ ᠬᠠᠲᠤᠨ ᠢ᠋ᠶ᠋ᠠᠨ ᠨᠣᠶᠠᠨ ᠬᠠᠯᠴᠠᠬᠠᠢ ᠲᠠᠢ ᠶᠠᠪᠤᠯᠴᠠᠯ᠎ᠠ ᠭᠡᠵᠦ ᠬᠠᠷᠠᠳᠠᠵᠤ ᠰᠡᠷᠡᠳᠡᠭᠡᠳ ᠲᠥᠷᠬᠥᠮ ᠳ᠋ᠦ᠍ ᠨᠢ ᠪᠤᠴᠠᠭᠠᠬᠤ ᠳ᠋ᠤ᠌ ᠨᠢ ᠮᠣᠯᠣᠨ ᠨᠠᠭᠠᠴᠤ ᠡᠴᠢᠭᠡ ᠴᠠᠪᠳᠠᠨ ᠤ᠋ ᠳ᠋ᠤ᠌ ᠣᠴᠢᠵᠤ ᠠᠮᠢᠳᠤᠷᠠᠭᠰᠠᠨ ᠶᠤᠮ᠃
   1452 ᠣᠨ ᠳ᠋ᠤ᠌ ᠮᠣᠯᠣᠨ ᠲᠠᠢᠵᠢ ᠶ᠋ᠢᠨ ᠡᠴᠢᠭᠡ ᠲᠠᠢᠽᠦᠢ᠍ᠩ ᠬᠠᠭᠠᠨ  ᠲᠣᠳᠣᠪᠣᠬ᠎ᠠ ᠣᠢᠷᠠᠳ ᠤ᠋ᠨ ᠡᠰᠡᠨ ᠲᠠᠢᠰᠢ ᠳ᠋ᠤ᠌ ᠢᠯᠠᠭᠳᠠᠭᠠᠳ ᠡᠬᠡᠨᠡᠷ ᠠᠯᠲᠠᠭᠠᠨ᠎ᠠ ᠶ᠋ᠢᠨ ᠳᠡᠷᠭᠡᠳᠡ ᠣᠴᠢᠨ ᠬᠠᠳᠠᠮ ᠴᠠᠪᠳᠠᠨ ᠳ᠋ᠤ᠌ ᠬᠣᠣᠷᠯᠠᠭᠳᠠᠭᠰᠠᠨ ᠪᠠᠢᠨ᠎ᠠ᠃ ᠴᠠᠪᠳᠠᠨ ᠢ᠋ ᠦᠬᠦᠭᠰᠡᠨ ᠦ᠌ ᠳᠠᠷᠠᠭ᠎ᠠ ᠣᠩᠭᠢᠶᠠᠳ ᠠᠢᠮᠠᠭ ᠤ᠋ᠨ ᠲᠦᠷᠦᠭᠦᠦ ᠮᠣᠭᠤᠯᠢᠬᠠᠢ ᠸᠠᠩ ᠠᠯᠲᠠᠨ ᠤᠷᠤᠭ ᠤ᠋ᠨ ᠬᠦᠦ ᠮᠣᠯᠣᠨ ᠢ᠋ ᠥᠪᠡᠷ ᠦ᠋ᠨ ᠣᠷᠳᠣᠨ ᠳ᠋ᠤ᠌ ᠪᠠᠨ ᠠᠪᠴᠢᠷᠠᠭᠠᠳ ᠪᠠᠢᠭᠰᠠᠨ ᠦᠶ᠎ᠡ ᠳ᠋ᠦ᠍ ᠮᠣᠯᠣᠨ ᠤ᠋ ᠳᠡᠭᠦᠦ ᠮᠠᠬᠠᠭᠦᠢ᠍ᠷᠭᠢᠰ  ᠬᠠᠭᠠᠨ ᠵᠡᠭᠦᠨ ᠮᠣᠩᠭᠣᠯ ᠤ᠋ᠨ ᠪᠤᠯᠤ ᠲᠠᠢᠰᠢ ᠳ᠋ᠤ᠌ ᠬᠣᠣᠷᠯᠠᠭᠳᠠᠭᠰᠠᠨ ᠲᠤᠯᠠ ᠮᠣᠭᠤᠯᠢᠬᠠᠢ᠂ ᠪᠤᠯᠤ ᠲᠠᠢᠰᠢ ᠳ᠋ᠤ᠌ ᠥᠰᠢᠶᠡᠷᠬᠡᠨ ᠲᠡᠭᠦᠨ ᠲᠡᠢ ᠪᠠᠢᠯᠳᠤᠵᠤ ᠪᠤᠯᠤ ᠨᠣᠶᠠᠨ ᠢ᠋ ᠠᠯᠠᠭᠠᠳ ᠠᠬ᠎ᠠ ᠮᠣᠯᠣᠨ ᠢ᠋ ᠨᠢ1465 ᠣᠨ ᠳ᠋ᠤ᠌ ᠬᠠᠭᠠᠨ ᠣᠷᠣ ᠰᠢᠷᠡᠭᠡᠨ ᠳ᠋ᠦ᠍ ᠡᠷᠭᠦᠮᠵᠢᠯᠡᠨ ᠰᠠᠭᠤᠯᠭᠠᠵᠠᠢ᠃ ᠮᠣᠯᠣᠨ ᠬᠡᠦᠬᠡᠳ ᠠᠬᠤᠢ ᠨᠠᠰᠤᠨ ᠳ᠋ᠤ᠌ ᠪᠠᠨ ᠥᠰᠴᠦ ᠪᠣᠢᠵᠢᠭᠰᠠᠨ ᠡᠢᠮᠦ ᠪᠤᠶᠤ᠃
   1466 ᠣᠨ ᠳ᠋ᠤ᠌ ᠡᠮᠦᠨ᠎ᠡ ᠵᠦᠭ ᠢ᠋ ᠮᠣᠭᠤᠯᠢᠬᠠᠢ ᠴᠡᠷᠢᠭᠯᠡᠵᠦ ᠱᠨᠨᠰᠢ ᠵᠡᠷᠭᠡ ᠭᠠᠵᠠᠷ ᠢ᠋ ᠳᠣᠪᠲᠣᠯᠤᠨ ᠴᠣᠬᠢᠭᠠᠳ ᠮᠥᠨ ᠲᠡᠷᠡ ᠵᠢᠯ ᠳ᠋ᠦ᠍ ᠪᠡᠨ ᠮᠣᠭᠤᠯᠢᠬᠠᠢ ᠣᠷᠳᠣᠰ ᠠᠢᠮᠠᠭ ᠤ᠋ᠨ ᠮᠥᠩᠬᠡ᠂ ᠬᠠᠳᠠᠪᠣᠬ᠎ᠠ ᠬᠣᠶᠠᠷ ᠤ᠋ᠨ ᠢᠳᠬᠠᠯ ᠢ᠋ᠶ᠋ᠠᠷ ᠮᠣᠯᠣᠨ ᠬᠠᠭᠠᠨ ᠢ᠋ ᠠᠯᠠᠵᠠᠢ᠃
   ᠮᠣᠯᠣᠨ ᠬᠠᠭᠠᠨ1465—1466 ᠣᠨ ᠬᠦᠷᠲᠡᠯ᠎ᠡ ᠳᠥᠩᠭᠡᠵᠦ ᠬᠣᠶᠠᠷ ᠵᠢᠯ ᠰᠢᠬᠠᠮ ᠬᠠᠭᠠᠨ ᠰᠢᠷᠡᠭᠡᠨ ᠳ᠋ᠦ᠍ ᠰᠠᠭᠤᠭᠠᠳ ᠢᠳᠡ ᠵᠠᠯᠠᠭᠤ31 ᠨᠠᠰᠤᠨ ᠳ᠋ᠤ᠌ ᠪᠠᠨ ᠡᠢᠨ ᠬᠦ᠌ ᠨᠠᠰᠤᠨ ᠡᠴᠦᠰ ᠪᠣᠯᠵᠠᠢ᠃

   ᠢᠷᠡᠯᠲᠡ᠄《ᠮᠣᠩᠭᠣᠯ ᠤ᠋ᠨ ᠭᠤᠴᠢᠨ ᠵᠢᠷᠭᠤᠭᠠᠨ ᠬᠠᠭᠠᠳ ᠤ᠋ᠨ ᠲᠣᠪᠴᠢ ᠨᠠᠮᠲᠠᠷ》 ᠨᠣᠮ ᠠ᠋ᠴᠠ ᠰᠣᠩᠭᠣᠵᠤ ᠨᠠᠢᠷᠠᠭᠤᠯᠤᠨ ᠰᠡᠢᠷᠡᠭᠦᠯᠪᠡ᠃
   ᠦᠰᠦᠭ ᠠᠮᠢᠯᠠᠭᠤᠯᠤᠭᠰᠠᠨ ᠨᠢ᠄ ᠴᠢ᠊ · ᠤᠷᠠᠨᠴᠡᠴᠡᠭ