ᠮᠣᠩᠭᠣᠯ ᠠᠳᠤᠭᠤ-ᠲᠠᠪᠤᠨ ᠬᠣᠰᠢᠭᠤ ᠮᠠᠯ ᠤ᠋ᠨ ᠲᠣᠪᠴᠢ ᠲᠠᠨᠢᠯᠴᠠᠭᠤᠯᠭ᠎ᠠ-ᠳᠣᠯᠣᠳ • ᠨᠠᠮᠵᠢᠯMongol aduuМонгол адуу-Таван хушуу малын товч танилчуулга ᠲᠠᠪᠤᠨ ᠬᠣᠰᠢᠭᠤ ᠮᠠᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠣᠩᠭᠣᠯ ᠠᠳᠤᠭᠤ-ᠲᠠᠪᠤᠨ ᠬᠣᠰᠢᠭᠤ ᠮᠠᠯ ᠤ᠋ᠨ ᠲᠣᠪᠴᠢ ᠲᠠᠨᠢᠯᠴᠠᠭᠤᠯᠭ᠎ᠠ-ᠳᠣᠯᠣᠳ • ᠨᠠᠮᠵᠢᠯMongol aduuМонгол адуу-Таван хушуу малын товч танилчуулга

ᠮᠣᠩᠭᠣᠯ ᠠᠳᠤᠭᠤ-ᠲᠠᠪᠤᠨ ᠬᠣᠰᠢᠭᠤ ᠮᠠᠯ ᠤ᠋ᠨ ᠲᠣᠪᠴᠢ ᠲᠠᠨᠢᠯᠴᠠᠭᠤᠯᠭ᠎ᠠ-ᠳᠣᠯᠣᠳ • ᠨᠠᠮᠵᠢᠯMongol aduuМонгол адуу-Таван хушуу малын товч танилчуулга

2025-09-25

226

ᠳᠥᠷᠪᠡ᠂ ᠮᠣᠩᠭᠣᠯ ᠠᠳᠤᠭᠤ

ᠲᠠᠪᠤᠨ ᠬᠣᠰᠢᠭᠤ ᠮᠠᠯ ᠤ᠋ᠨ ᠲᠣᠪᠴᠢ ᠲᠠᠨᠢᠯᠴᠠᠭᠤᠯᠭ᠎ᠠ Таван хушуу малын товч танилчуулга

                                      ᠳᠣᠯᠣᠳ• ᠨᠠᠮᠵᠢᠯ 

   ᠮᠣᠩᠭᠣᠯ ᠠᠳᠤᠭᠤ᠂ ᠠᠳᠤᠭᠤᠨ ᠤ᠋ ᠡᠭᠦᠯᠳᠡᠷ ᠦ᠋ᠨ ᠠᠩᠭᠢᠯᠠᠯ ᠳ᠋ᠤ᠌᠂ ᠣᠨᠣᠯᠭ᠎ᠠ᠂ ᠬᠥᠯᠥᠰᠢ ᠂ ᠰᠦ ᠵᠡᠷᠭᠡ ᠡᠳ᠋ᠯᠡᠯ ᠬᠡᠷᠡᠭᠯᠡᠭᠡ ᠶ᠋ᠢ ᠤᠶᠠᠯᠳᠤᠭᠤᠯᠤᠭᠰᠠᠨ ᠡᠷᠲᠡᠨ ᠦ᠌ ᠡᠭᠦᠯᠳᠡᠷ ᠦ᠋ᠨ ᠬᠠᠷᠢᠶᠠᠨ ᠳ᠋ᠤ᠌ ᠬᠠᠷᠢᠶᠠᠯᠠᠭᠳᠠᠨ᠎ᠠ᠃
   ᠮᠣᠩᠭᠣᠯ ᠠᠳᠤᠭᠤ ᠪᠣᠯ ᠮᠣᠩᠭᠣᠯ ᠤ᠋ᠨ ᠥᠨᠳᠥᠷᠯᠢᠭ ᠪᠣᠯᠤᠨ ᠲᠡᠭᠦᠨ ᠦ᠌ ᠣᠷᠴᠢᠨ ᠳ᠋ᠠᠬᠢ ᠥᠷᠭᠡᠨ ᠠᠭᠤᠳᠠᠮ ᠭᠠᠵᠠᠷ ᠨᠤᠲᠤᠭ ᠲᠠᠬᠢ ᠡᠷᠡᠰ ᠳᠡᠰ ᠬᠤᠪᠢᠷᠠᠯᠲᠠ ᠶᠡᠬᠡ ᠪᠠᠢᠭᠠᠯᠢ ᠶ᠋ᠢᠨ ᠨᠥᠬᠥᠴᠡᠯ ᠪᠠᠢᠳᠠᠯ ᠪᠣᠯᠤᠨ ᠠᠭᠤᠷ ᠠᠮᠢᠰᠬᠤᠯ ᠤ᠋ᠨ ᠬᠠᠯᠠᠭᠤᠨ ᠬᠦᠢᠲᠡᠨ ᠨᠢ ᠲᠣᠭᠲᠠᠪᠤᠷᠢ ᠦᠭᠡᠢ ᠬᠠᠲᠠᠭᠤ ᠴᠢᠩᠭ᠎ᠠ ᠣᠷᠴᠢᠨ ᠠᠬᠤᠢ ᠳ᠋ᠤ᠌᠂ ᠮᠣᠩᠭᠣᠯᠴᠤᠳ ᠤᠷᠲᠤ ᠤᠳᠠᠭᠠᠨ ᠲᠡᠦᠬᠡᠨ ᠬᠤᠭᠤᠴᠠᠭᠠᠨ᠎ᠠ᠂ ᠠᠬᠤᠢ ᠠᠮᠢᠳᠤᠷᠠᠯ ᠬᠡᠷᠡᠭᠯᠡᠭᠡᠨ ᠳ᠋ᠡᠭᠡᠨ ᠵᠣᠬᠢᠴᠠᠭᠤᠯᠤᠨ᠂ ᠵᠢᠯ ᠲᠤᠷᠰᠢᠳᠠ ᠪᠡᠯᠴᠢᠭᠡᠷ ᠦ᠋ᠨ ᠮᠠᠯᠯᠠᠭ᠎ᠠ ᠪᠠᠷ ᠴᠢᠩᠭ᠎ᠠ ᠨᠢᠮᠪᠠᠢ ᠰᠢᠯᠢᠨ ᠰᠣᠩᠭᠣᠵᠤ ᠪᠣᠢᠵᠢᠭᠤᠯᠤᠭᠰᠠᠨ ᠤᠨᠤᠭᠠᠷᠢ ᠪᠠᠷ ᠭᠣᠣᠯᠴᠢᠯᠠᠭᠰᠠᠨ᠂ ᠬᠦᠯᠦᠰᠢ ᠂ ᠰᠦ ᠵᠡᠷᠭᠡ ᠡᠳ᠋ᠯᠡᠯ ᠬᠡᠷᠡᠭᠯᠡᠭᠡ ᠶ᠋ᠢ ᠤᠶᠠᠯᠳᠤᠭᠤᠯᠤᠭᠰᠠᠨ᠂ ᠮᠠᠯᠵᠢᠬᠤ ᠳ᠋ᠤ᠌ ᠳᠥᠭᠥᠮ᠂ ᠡᠳ᠋ᠯᠡᠵᠦ ᠬᠡᠷᠡᠭᠯᠡᠬᠦ ᠳ᠋ᠦ᠍ ᠣᠨᠴᠠ ᠲᠡᠰᠪᠦᠷᠢ ᠳᠠᠭᠠᠭᠠᠴᠠ ᠲᠠᠢ᠂ ᠳᠡᠯᠡᠬᠡᠢ ᠳ᠋ᠠᠬᠢᠨ ᠳ᠋ᠤ᠌ ᠨᠡᠷ᠎ᠡ ᠠᠯᠳᠠᠷᠰᠢᠭᠰᠠᠨ ᠨᠢᠭᠡᠨ ᠰᠢᠯᠢᠳᠡᠭ ᠰᠠᠢᠨ ᠡᠷᠲᠡᠨ ᠦ᠌ ᠡᠭᠦᠯᠳᠡᠷ ᠦ᠋ᠨ ᠠᠳᠤᠭᠤ ᠶᠤᠮ᠃
   ᠮᠣᠩᠭᠣᠯ ᠠᠳᠤᠭᠤᠨ ᠤ᠋ ᠲᠠᠷᠬᠠᠴᠠ ᠨᠢ ᠶᠡᠬᠡ ᠥᠷᠭᠡᠨ ᠪᠥᠭᠡᠳ ᠲᠣᠭ᠎ᠠ ᠲᠣᠯᠣᠭᠠᠢ ᠨᠢ ᠮᠠᠰᠢ ᠠᠷᠪᠢᠨ ᠪᠠᠢᠳᠠᠭ᠃ ᠮᠠᠨ ᠤ᠋ ᠤᠯᠤᠰ ᠤ᠋ᠨ ᠠᠳᠤᠭᠤᠨ ᠤ᠋ ᠭᠤᠷᠪᠠᠨ ᠤ᠋ ᠨᠢᠭᠡ ᠬᠤᠪᠢ ᠢᠯᠡᠭᠦᠦ ᠨᠢ ᠪᠦᠷ ᠮᠣᠩᠭᠣᠯ ᠠᠳᠤᠭᠤ ᠪᠣᠯᠤᠨ᠎ᠠ᠃ ᠡᠭᠦᠨ ᠳ᠋ᠦ᠍᠂ ᠮᠣᠩᠭᠣᠯ ᠠᠳᠤᠭᠤ ᠶ᠋ᠢ ᠥᠪᠥᠷ ᠮᠣᠩᠭᠣᠯ ᠪᠣᠯᠤᠨ ᠵᠡᠭᠦᠨ ᠬᠣᠢᠲᠤ ᠶ᠋ᠢᠨ ᠯᠢᠶᠣᠤᠨᠢᠩ᠂ ᠬᠢᠷᠢᠨ᠂ ᠬᠠᠷᠠᠮᠦ᠋ᠷᠡᠨ ᠵᠡᠷᠭᠡ ᠭᠤᠷᠪᠠᠨ ᠮᠣᠵᠢ ᠣᠷᠣᠨ ᠳ᠋ᠤ᠌ ᠶᠡᠬᠡ ᠠᠷᠪᠢᠨ ᠢ᠋ᠶ᠋ᠠᠷ ᠮᠠᠯᠵᠢᠵᠤ ᠪᠠᠢᠬᠤ ᠠ᠋ᠴᠠ ᠭᠠᠳᠠᠨ᠎ᠠ᠂ ᠰᠢᠨᠵᠢᠶᠠᠩ᠂ ᠬᠥᠬᠡᠨᠠᠭᠤᠷ᠂ ᠭᠠᠨᠰᠦ᠂ ᠨᠢᠩᠰᠢᠶᠠ᠂ ᠾᠧᠪᠧᠢ ᠵᠡᠷᠭᠡ ᠪᠤᠰᠤᠳ ᠮᠣᠵᠢ ᠣᠷᠣᠨ ᠳ᠋ᠤ᠌ ᠪᠠᠰᠠ ᠠᠳᠠᠯᠢ ᠪᠤᠰᠤ ᠲᠣᠭ᠎ᠠ ᠪᠠᠷ ᠮᠠᠯᠵᠢᠵᠤ ᠪᠠᠢᠨ᠎ᠠ᠃ ᠤᠯᠤᠰ ᠤ᠋ᠨ ᠭᠠᠳᠠᠭᠠᠳᠤ ᠳ᠋ᠤ᠌᠂ ᠮᠣᠩᠭᠣᠯ ᠤᠯᠤᠰ ᠲᠤ᠌ ᠣᠯᠠᠨ ᠲᠣᠭ᠎ᠠ ᠪᠠᠷ ᠮᠠᠯᠵᠢᠵᠤ ᠪᠠᠢᠬᠤ ᠶ᠋ᠢ ᠭᠠᠷᠭᠠᠪᠠᠯ᠂ ᠪᠤᠷᠢᠶᠠᠳ᠂ ᠬᠠᠯᠢᠮᠠᠭ᠂ ᠠᠯᠲᠠᠢ᠂ ᠳᠤᠸᠠ᠂ ᠬᠠᠰᠠᠭ᠂ ᠬᠢᠷᠭᠢᠰ ᠵᠡᠷᠭᠡ ᠤᠯᠤᠰ ᠣᠷᠣᠨ ᠨᠤᠭᠤᠳ ᠲᠤ᠌ ᠪᠠᠰᠠ ᠠᠳᠠᠯᠢ ᠪᠤᠰᠤ ᠲᠣᠭ᠎ᠠ ᠪᠠᠷ ᠮᠠᠯᠵᠢᠵᠤ ᠪᠣᠢ᠃ ᠳᠡᠯᠡᠬᠡᠢ ᠶ᠋ᠢᠨ ᠨᠡᠷ᠎ᠡ ᠠᠯᠳᠠᠷᠲᠤ ᠠᠷᠠᠪ ᠠᠳᠤᠭᠤ ᠵᠡᠷᠭᠡ ᠠᠽᠢᠶ᠎ᠠ ᠶ᠋ᠢᠨ ᠨᠡᠷᠡᠲᠦ ᠠᠳᠤᠭᠤᠨ ᠤ᠋ ᠡᠭᠦᠯᠳᠡᠷ ᠦ᠋ᠳ ᠦ᠋ᠨ ᠪᠣᠢᠵᠢᠭᠤᠯᠤᠯᠲᠠ ᠶ᠋ᠢᠨ ᠲᠡᠦᠬᠡᠨ ᠳ᠋ᠦ᠍ ᠮᠣᠩᠭᠣᠯ ᠠᠳᠤᠭᠤᠨ ᠤ᠋ ᠤᠳᠤᠮ ᠵᠣᠬᠢᠬᠤ ᠬᠡᠮᠵᠢᠶ᠎ᠡ ᠪᠡᠷ ᠠᠭᠤᠯᠵᠤ ᠪᠠᠢᠳᠠᠭ᠃ ᠮᠣᠩᠭᠣᠯ ᠠᠳᠤᠭᠤᠨ ᠤ᠋ ᠲᠠᠷᠬᠠᠴᠠ ᠨᠢ ᠶᠡᠬᠡ ᠥᠷᠭᠡᠨ ᠪᠣᠯᠬᠣᠷ᠂ ᠡᠯ᠎ᠡ ᠭᠠᠵᠠᠷ ᠣᠷᠣᠨ ᠤ᠋ ᠪᠠᠢᠭᠠᠯᠢ ᠣᠷᠴᠢᠨ ᠠᠬᠤᠢ ᠶ᠋ᠢᠨ ᠨᠥᠬᠥᠴᠡᠯ ᠠᠳᠠᠯᠢ ᠦᠭᠡᠢ ᠵᠡᠷᠭᠡ ᠣᠯᠠᠨ ᠵᠦᠢᠯ ᠦ᠋ᠨ ᠰᠢᠯᠲᠠᠭᠠᠨ ᠠ᠋ᠴᠠ ᠰᠢᠯᠲᠠᠭᠠᠯᠠᠵᠤ᠂ ᠡᠯ᠎ᠡ ᠭᠠᠵᠠᠷ ᠣᠷᠣᠨ ᠳ᠋ᠤ᠌ ᠥᠪᠡᠷᠮᠢᠴᠡ ᠰᠢᠨᠵᠢ ᠣᠨᠴᠠᠯᠢᠭ ᠪᠦᠬᠦᠢ ᠭᠠᠵᠠᠷ ᠣᠷᠣᠨ ᠤ᠋ ᠰᠢᠯᠢᠳᠡᠭ ᠡᠭᠦᠯᠳᠡᠷ ᠦ᠋ᠳ ᠪᠣᠢ ᠪᠣᠯᠵᠠᠢ᠂ ᠤᠯᠤᠰ ᠤ᠋ᠨ ᠳᠣᠲᠣᠭᠠᠳᠤᠬᠢ ᠡᠭᠦᠯᠳᠡᠷ ᠢ᠋ᠶ᠋ᠡᠷ ᠵᠢᠱ᠌ᠢᠶᠡᠯᠡᠬᠦ ᠳ᠋ᠦ᠍᠂ ᠦᠵᠦᠮᠦᠴᠢᠨ ᠠᠳᠤᠭᠤ᠂ ᠱᠠᠩᠳᠤ ᠶ᠋ᠢᠨ ᠭᠣᠣᠯ ᠠᠳᠤᠭᠤ᠂ ᠬᠡᠰᠢᠭᠲᠡᠨ ᠦ᠌ ᠪᠠᠢᠴᠠ ᠭᠣᠣᠯ ᠤ᠋ᠨ︵ᠪᠠᠢᠴᠠ ᠭᠧᠦ︶ᠲᠡᠮᠦᠷ ᠲᠤᠭᠤᠷᠠᠢᠲᠤ ᠠᠳᠤᠭᠤ᠂ ᠦᠦᠰᠢᠨ ᠠᠳᠤᠭᠤ᠂ ᠬᠠᠷᠠᠮᠦ᠋ᠷᠡᠨ ᠦ᠌ ᠨᠦᠩ ᠠᠨ ᠠᠳᠤᠭᠤ ᠭᠡᠬᠦ ᠮᠡᠲᠦ᠃ ᠮᠠᠨ ᠤ᠋ ᠤᠯᠤᠰ ᠤ᠋ᠨ ᠡᠯ᠎ᠡ ᠭᠠᠵᠠᠷ ᠤ᠋ᠳ ᠲᠤ᠌ ᠰᠢᠨ᠎ᠡ ᠪᠡᠷ ᠪᠣᠢᠵᠢᠭᠤᠯᠤᠭᠰᠠᠨ ᠭᠤᠷᠪᠠᠨ ᠭᠣᠣᠯ ᠤ᠋ᠨ ᠠᠳᠤᠭᠤ᠂ ᠰᠢᠨᠡᠬᠡᠨ ᠭᠣᠣᠯ ᠤ᠋ᠨ ᠠᠳᠤᠭᠤ᠂ ᠣᠷᠴᠣᠨ ᠠᠳᠤᠭᠤ᠂ ᠰᠢᠨᠵᠢᠶᠠᠩ ᠤ᠋ᠨ ᠶᠠᠨ ᠴᠢ ᠠᠳᠤᠭᠤ ᠵᠡᠷᠭᠡ ᠰᠢᠨ᠎ᠡ ᠡᠭᠦᠯᠳᠡᠷ ᠦ᠋ᠳ ᠢ᠋ ᠪᠣᠢᠵᠢᠭᠤᠯᠬᠤ ᠳ᠋ᠤ᠌᠂ ᠮᠣᠩᠭᠣᠯ ᠠᠳᠤᠭᠤ ᠶ᠋ᠢ ᠡᠬᠡ ᠶ᠋ᠢᠨ ᠤᠳᠤᠮ ᠢ᠋ᠶ᠋ᠠᠷ ᠬᠡᠷᠡᠭᠯᠡᠵᠡᠢ᠃
   ᠮᠣᠩᠭᠣᠯ ᠠᠳᠤᠭᠤ᠂ ᠪᠡᠶ᠎ᠡ ᠪᠢᠯᠳᠠᠷ ᠢ᠋ᠶ᠋ᠠᠷ ᠳᠤᠮᠳᠠ ᠵᠡᠷᠭᠡ᠂ ᠲᠣᠯᠣᠭᠠᠢ ᠶ᠋ᠢᠨ ᠶᠡᠬᠡ ᠪᠠᠭ᠎ᠠ ᠨᠢ ᠲᠡᠩᠴᠡᠭᠦᠬᠡᠨ᠂ ᠮᠠᠩᠨᠠᠢ ᠨᠢ ᠥᠷᠭᠡᠨ᠂ ᠨᠢᠳᠦ ᠨᠢ ᠪᠦᠯᠲᠡᠭᠡᠷ᠂ ᠬᠠᠮᠠᠷ ᠤ᠋ᠨ ᠬᠢᠩᠭ᠎ᠠ ᠨᠢ ᠰᠢᠯᠤᠭᠤᠨ ᠬᠠᠶᠠ ᠵᠠᠷᠢᠮ ᠨᠢ ᠪᠠᠰᠠ ᠪᠠᠭ᠎ᠠ ᠵᠡᠷᠭᠡ ᠮᠣᠩᠬᠣᠷ ᠰᠢᠭ᠋᠂ ᠬᠠᠮᠠᠷ ᠤ᠋ᠨ ᠨᠦᠬᠡ ᠨᠢ ᠲᠣᠮᠣ᠂ ᠴᠢᠬᠢ ᠨᠢ ᠪᠣᠰᠤᠭ᠎ᠠ ᠶᠡᠬᠡ ᠪᠠᠭ᠎ᠠ ᠨᠢ ᠲᠣᠬᠢᠷᠠᠮᠵᠢᠲᠠᠢ᠂ ᠬᠦᠵᠦᠭᠦᠦ ᠨᠢ ᠪᠣᠭᠣᠨᠢᠪᠲᠤᠷ ᠮᠥᠷᠲᠡᠭᠡᠨ ᠮᠢᠬᠠᠯᠢᠭ᠂ ᠮᠤᠨᠳᠠᠭ᠎ᠠ ᠨᠠᠮᠬᠠᠨ᠂ ᠴᠡᠭᠡᠵᠢ ᠲᠡᠨᠢᠭᠦᠨ ᠥᠷᠭᠡᠨ᠂ ᠨᠢᠷᠤᠭᠤ ᠲᠡᠭᠰᠢ ᠥᠷᠭᠡᠨ᠂ ᠲᠠᠰᠢᠶ᠎ᠠ ᠨᠢ ᠪᠠᠭ᠎ᠠ ᠵᠡᠷᠭᠡ ᠲᠠᠰᠢᠭᠤ᠂ ᠬᠡᠪᠡᠯᠢ ᠲᠣᠮᠣ ᠰᠢᠭ᠋᠂ ᠳᠥᠷᠪᠡᠨ ᠮᠥᠴᠢ ᠪᠤᠯᠴᠢᠩ ᠰᠠᠢᠲᠠᠢ ᠭᠢᠰᠬᠢᠯᠲᠡ ᠲᠥᠪ ᠬᠦᠴᠦᠯᠢᠭ᠂ ᠲᠤᠭᠤᠷᠠᠢ ᠨᠢ ᠬᠠᠲᠠᠭᠤ ᠪᠡᠬᠢᠯᠢᠭ ᠂ ᠠᠷᠠᠰᠤ ᠨᠢ ᠵᠤᠵᠠᠭᠠᠨ᠂ ᠪᠡᠶ᠎ᠡ ᠦᠰᠦ ᠨᠢ ᠨᠢᠭ ᠪᠥᠭᠡᠳ ᠵᠤᠵᠠᠭᠠᠨ᠂ ᠳᠡᠯ ᠰᠡᠭᠦᠯ ᠰᠠᠬᠠᠯᠯᠢᠭ ᠵᠤᠵᠠᠭᠠᠨ ᠮᠥᠷᠲᠡᠭᠡᠨ ᠤᠷᠲᠤ ᠪᠠᠢᠳᠠᠭ᠃ ᠵᠢᠰᠦ ᠨᠢ ᠬᠦᠷᠡᠩ ᠂ ᠬᠡᠭᠡᠷ ᠂ ᠬᠠᠷ᠎ᠠ ᠵᠡᠷᠭᠡ ᠪᠠᠷᠠᠭᠠᠨ ᠵᠢᠰᠦᠮ ᠢ᠋ᠶ᠋ᠡᠷ ᠭᠣᠣᠯᠯᠠᠵᠤ ᠂ ᠰᠠᠭᠠᠷᠠᠯ ᠂ ᠰᠢᠷᠭ᠎ᠠ ᠂ ᠪᠣᠷᠣ ᠂ ᠠᠯᠠᠭ ᠂ ᠴᠣᠬᠣᠷ ᠭᠡᠬᠦ ᠮᠡᠲᠦ ᠣᠯᠠᠨ ᠵᠦᠢᠯ ᠦ᠋ᠨ ᠵᠢᠰᠦᠮ ᠪᠦᠷ ᠪᠠᠢᠨ᠎ᠠ ᠃
   ᠮᠣᠩᠭᠣᠯ ᠠᠳᠤᠭᠤᠨ ᠤ᠋ ᠪᠡᠶ᠎ᠡ ᠶ᠋ᠢᠨ ᠶᠡᠬᠡ ᠪᠠᠭ᠎ᠠ ᠨᠢ ᠡᠯ᠎ᠡ ᠭᠠᠵᠠᠷ ᠬᠣᠭᠣᠷᠣᠨᠳᠣ ᠪᠠᠨ ᠨᠡᠯᠢᠶᠡᠳ ᠵᠥᠷᠢᠶᠡᠲᠡᠢ᠃
   ᠮᠣᠩᠭᠣᠯ ᠠᠳᠤᠭᠤᠨ ᠤ᠋ ᠪᠡᠶ᠎ᠡ ᠶ᠋ᠢᠨ ᠳᠤᠮᠳᠠᠴᠢ ᠬᠡᠮᠵᠢᠭᠳᠡᠯ ᠄
   ᠠᠵᠢᠷᠭ᠎ᠠ᠂ ᠮᠤᠨᠳᠠᠭᠠᠨ ᠤ᠋ ᠬᠡᠰᠡᠭ ᠦ᠋ᠨ ᠥᠨᠳᠥᠷ 127.7 ᠰᠡᠨᠲ᠋ᠢᠮᠧᠲ᠋ᠷ᠂ ᠴᠡᠭᠡᠵᠢᠨ ᠪᠦᠰᠡᠯᠡᠭᠦᠷ 158.1 ᠰᠡᠨᠲ᠋ᠢᠮᠧᠲ᠋ᠷ᠂ ᠪᠡᠶ᠎ᠡ ᠶ᠋ᠢᠨ ᠲᠠᠰᠢᠭᠤ ᠤᠷᠲᠤ 135.6 ᠰᠡᠨᠲ᠋ᠢᠮᠧᠲ᠋ᠷ᠃
   ᠭᠡᠭᠦᠦ᠂ ᠮᠤᠨᠳᠠᠭᠠᠨ ᠤ᠋ ᠬᠡᠰᠡᠭ ᠦ᠋ᠨ ᠥᠨᠳᠥᠷ 127.2 ᠰᠡᠨᠲ᠋ᠢᠮᠧᠲ᠋ᠷ᠂ ᠴᠡᠭᠡᠵᠢᠨ ᠪᠦᠰᠡᠯᠡᠭᠦᠷ 155.2 ᠰᠡᠨᠲ᠋ᠢᠮᠧᠲ᠋ᠷ᠂ ᠪᠡᠶ᠎ᠡ ᠶ᠋ᠢᠨ ᠲᠠᠰᠢᠭᠤ ᠤᠷᠲᠤ 133.4 ᠰᠡᠨᠲ᠋ᠢᠮᠧᠲ᠋ᠷ᠂
   ᠠᠭᠲᠠ᠂ ᠮᠤᠨᠳᠠᠭᠠᠨ ᠤ᠋ ᠬᠡᠰᠡᠭ ᠦ᠋ᠨ ᠥᠨᠳᠥᠷ 131.7 ᠰᠡᠨᠲ᠋ᠢᠮᠧᠲ᠋ᠷ᠂ ᠴᠡᠭᠡᠵᠢᠨ ᠪᠦᠰᠡᠯᠡᠭᠦᠷ 155.7 ᠰᠡᠨᠲ᠋ᠢᠮᠧᠲ᠋ᠷ᠂ ᠪᠡᠶ᠎ᠡ ᠶ᠋ᠢᠨ ᠲᠠᠰᠢᠭᠤ ᠤᠷᠲᠤ 134.1 ᠰᠡᠨᠲ᠋ᠢᠮᠧᠲ᠋ᠷ᠂ ᠠᠮᠢᠳᠤ ᠶ᠋ᠢᠨ ᠵᠢᠩ 316.8 ᠺᠢᠯᠣᠭ᠌ᠷᠠᠮ
   ᠮᠣᠩᠭᠣᠯ ᠠᠳᠤᠭᠤᠨ ᠤ᠋ ᠳᠠᠪᠬᠢᠬᠤ ᠬᠤᠷᠳᠤᠴᠠ ᠨᠡᠯᠢᠶᠡᠳ ᠰᠠᠢᠨ᠂ ᠣᠨᠣᠯᠭ᠎ᠠ ᠪᠠᠷ ᠠᠯᠤᠰ ᠠᠶᠠᠯᠠᠬᠤ ᠳ᠋ᠤ᠌ ᠬᠤᠷᠳᠤᠨ ᠪᠥᠭᠡᠳ ᠳᠠᠭᠠᠭᠠᠴᠠ ᠰᠠᠢᠲᠠᠢ᠂ ᠡᠳᠦᠷ ᠲᠤᠷᠰᠢ ᠤᠨᠤᠵᠤ᠂ ᠰᠥᠨᠢ ᠣᠷᠣᠢ ᠳ᠋ᠠᠭᠠᠨ ᠪᠡᠯᠴᠢᠭᠡᠷ ᠲᠦ᠍ ᠢᠳᠡᠰᠢᠯᠡᠭᠦᠯᠦᠨ ᠣᠯᠠᠨ ᠡᠳᠦᠷ ᠦᠷᠭᠦᠯᠵᠢᠯᠡᠨ ᠠᠶᠠᠯᠠᠬᠤ ᠳ᠋ᠤ᠌ ᠬᠦᠴᠦ ᠰᠤᠯᠠᠷᠠᠳᠠᠭ ᠦᠭᠡᠢ᠃ ᠲᠡᠷᠭᠡᠨ ᠳ᠋ᠦ᠍ ᠬᠥᠯᠬᠦ ᠪᠤᠶᠤ ᠠᠨᠵᠢᠰᠤ ᠲᠠᠲᠠᠭᠤᠯᠬᠤ ᠳ᠋ᠤ᠌ ᠬᠦᠴᠦ ᠴᠢᠳᠠᠯ ᠶᠡᠬᠡ ᠪᠥᠭᠡᠳ ᠳᠠᠭᠠᠭᠠᠴᠠᠲᠠᠢ᠃ ᠮᠠᠯᠵᠢᠬᠤ ᠣᠷᠣᠨ ᠳ᠋ᠤ᠌ ᠮᠣᠩᠭᠣᠯ ᠠᠳᠤᠭᠤ ᠶ᠋ᠢ ᠤᠨᠤᠭᠠᠷᠢ ᠳ᠋ᠤ᠌ ᠭᠣᠣᠯᠴᠢᠯᠠᠨ ᠬᠡᠷᠡᠭᠯᠡᠵᠦ᠂ ᠲᠠᠷᠢᠶᠠᠯᠠᠬᠤ ᠣᠷᠣᠨ ᠳ᠋ᠤ᠌ ᠬᠥᠯᠦᠰᠢᠨ ᠳ᠋ᠦ᠍ ᠬᠡᠷᠡᠭᠯᠡᠳᠡᠭ᠃
   ᠮᠣᠩᠭᠣᠯ ᠠᠳᠤᠭᠤᠨ ᠤ᠋ ᠳᠠᠪᠬᠢᠬᠤ ᠬᠤᠷᠳᠤᠴᠠ ᠶ᠋ᠢᠨ ᠬᠡᠮᠵᠢᠯᠲᠡ ᠳ᠋ᠦ᠍ ᠪᠦᠳᠦᠭᠦᠨ ᠠᠭᠲᠠ᠂ 1000 ᠮᠧᠲ᠋ᠷ ᠢ᠋ 1 ᠮᠢᠨᠦ᠋ᠲ 21.3 ᠰᠧᠺᠦ᠋ᠨ᠋ᠳ᠋ ᠂ 5000 ᠮᠧᠲ᠋ᠷ ᠢ᠋ 6 ᠮᠢᠨᠦ᠋ᠲ 10 ᠰᠧᠺᠦ᠋ᠨ᠋ᠳ᠋ ᠂ 15 ᠺᠢᠯᠣᠮᠧᠲ᠋ᠷ ᠢ᠋ 23 ᠮᠢᠨᠦ᠋ᠲ 57.4 ᠰᠧᠺᠦ᠋ᠨ᠋ᠳ᠋ ᠳᠠᠪᠬᠢᠵᠠᠢ᠃
   ᠶᠡᠷᠦ ᠶ᠋ᠢᠨ ᠠᠭᠲᠠ ᠶ᠋ᠢ ᠤᠨᠤᠭᠠᠳ ᠡᠳᠦᠷ ᠲᠦ᠍ 70︱80 ᠺᠢᠯᠣᠮᠧᠲ᠋ᠷ ᠶᠠᠪᠤᠵᠤ ᠳᠡᠢᠯᠦᠨ᠎ᠡ ᠂ ᠰᠠᠢᠨ ᠠᠭᠲᠠ ᠤᠨᠤᠪᠠᠯ ᠡᠳᠦᠷ ᠲᠦ᠍ 100︱150 ᠺᠢᠯᠣᠮᠧᠲ᠋ᠷ ᠶᠠᠪᠤᠵᠤ ᠳᠡᠢᠯᠳᠡᠭ ᠃ ᠳᠥᠷᠪᠡᠨ ᠮᠣᠷᠢ ᠬᠥᠯᠦᠭᠰᠡᠨ ᠵᠢᠶᠣᠤᠫᠢ ᠬᠦᠷᠳᠦᠲᠦ ᠲᠡᠷᠭᠡᠨ ᠳ᠋ᠦ᠍ 2000︱2500 ᠺᠢᠯᠣᠭ᠌ᠷᠠᠮ ᠲᠡᠭᠡᠭᠡᠰᠢ ᠲᠡᠭᠡᠭᠡᠪᠦᠷᠢᠯᠡᠭᠡᠳ ᠬᠡᠭᠡᠷ ᠬᠥᠳᠡᠭᠡ ᠶ᠋ᠢᠨ ᠰᠢᠷᠣᠢ ᠶ᠋ᠢᠨ ᠵᠠᠮ ᠢ᠋ᠶ᠋ᠠᠷ ᠡᠳᠦᠷ ᠲᠦ᠍ 30 ᠢᠯᠡᠭᠦᠦ ᠺᠢᠯᠣᠮᠧᠲ᠋ᠷ ᠠᠶᠠᠯᠠᠬᠤ ᠳ᠋ᠤ᠌ ᠠᠵᠢᠭ ᠴᠤ᠌ ᠦᠭᠡᠢ ᠶᠠᠪᠤᠵᠤ ᠯᠠ ᠪᠠᠢᠳᠠᠭ ᠃
   ᠭᠡᠭᠦᠦ ᠶ᠋ᠢᠨ ᠰᠦᠨ ᠦ᠌ ᠭᠠᠷᠤᠯᠲᠠ᠄ ᠤᠨᠠᠭᠠᠯᠠᠭᠰᠠᠨ ᠭᠡᠭᠦᠦ ᠶ᠋ᠢ ᠵᠤᠨ ᠤ᠋ 6 ᠰᠠᠷ᠎ᠠ ᠶ᠋ᠢᠨ ᠳᠤᠮᠳᠠᠴᠢ ᠠ᠋ᠴᠠ 9 ᠰᠠᠷ᠎ᠠ ᠶ᠋ᠢᠨ ᠰᠡᠭᠦᠯᠴᠢ ᠬᠦᠷᠲᠡᠯ᠎ᠡ ᠰᠠᠭᠠᠵᠤ ᠴᠡᠬᠡ ᠭᠠᠷᠭᠠᠵᠤ ᠠᠰᠢᠭᠯᠠᠳᠠᠭ᠃ ᠮᠣᠩᠭᠣᠯᠴᠤᠳ᠂ ᠭᠡᠢᠴᠢᠨ ᠵᠣᠴᠢᠳ ᠲᠠᠭᠠᠨ ᠴᠡᠭᠡ ᠶ᠋ᠢ ᠳᠡᠭᠡᠳᠦ ᠶᠣᠰᠣᠨ ᠤ᠋ ᠬᠦᠨᠳᠦᠳᠬᠡᠯ ᠪᠤᠶᠤ ᠢᠳᠡᠭᠡᠨ ᠤᠮᠳᠠᠭᠠᠨ ᠤ᠋ ᠳᠡᠭᠡᠵᠢ ᠪᠣᠯᠭᠠᠨ ᠰᠥᠩᠨᠡᠨ ᠪᠠᠷᠢᠬᠤ ᠠ᠋ᠴᠠ ᠭᠠᠳᠠᠨ᠎ᠠ᠂ ᠥᠪᠡᠷᠲᠡᠭᠡᠨ ᠡᠷᠬᠢᠮ ᠤᠮᠳᠠᠭᠠᠨ ᠪᠣᠯᠭᠠᠵᠤ ᠤᠤᠭᠤᠳᠠᠭ᠃ ᠴᠡᠬᠡ᠂ ᠰᠢᠮ᠎ᠡ ᠲᠡᠵᠢᠭᠡᠯ ᠪᠦᠷᠢᠨ ᠲᠡᠭᠦᠯᠳᠡᠷ᠂ ᠬᠥᠮᠦᠨ ᠦ᠌ ᠪᠡᠶ᠎ᠡ ᠶ᠋ᠢ ᠰᠢᠮᠡᠵᠢᠭᠦᠯᠦᠨ ᠴᠢᠭᠢᠷᠠᠭᠵᠢᠭᠤᠯᠳᠠᠭ᠂ ᠠᠭᠤᠰᠬᠢᠨ ᠤ᠋ ᠰᠦᠷᠢᠶ᠎ᠡ ᠂ ᠰᠢᠬᠢᠷ ᠰᠢᠵᠢᠩ ᠡᠪᠡᠳᠴᠢᠨ ᠂ ᠰᠠ ᠮᠡᠳᠡᠷᠡᠯ ᠦ᠋ᠨ ᠡᠪᠡᠳᠴᠢᠨ ᠵᠡᠷᠭᠡ ᠣᠯᠠᠨ ᠵᠦᠢᠯ ᠦ᠋ᠨ ᠡᠪᠡᠳᠴᠢᠨ ᠢ᠋ ᠵᠠᠰᠠᠬᠤ ᠳ᠋ᠤ᠌ ᠵᠣᠬᠢᠬᠤ ᠬᠡᠮᠵᠢᠶᠡᠨ ᠦ᠌ ᠬᠠᠪᠰᠤᠷᠤᠮᠵᠢ ᠵᠠᠰᠠᠯᠭ᠎ᠠ ᠪᠣᠯᠳᠠᠭ ᠃ 
   ᠭᠡᠭᠦᠦ ᠶ᠋ᠢᠨ ᠰᠦᠨ ᠦ᠌ ᠭᠠᠷᠴᠠ᠄ ᠡᠳᠦᠷ ᠲᠦ᠍ 4︱5 ᠤᠳᠠᠭ᠎ᠠ ᠰᠠᠭᠠᠬᠤ ᠳ᠋ᠤ᠌᠂ ᠤᠳᠠᠭ᠎ᠠ ᠪᠦᠷᠢ 500 ᠮᠢᠯᠢᠯᠢᠲ᠋ᠷ ᠡᠴᠡ ᠳᠡᠭᠡᠭᠰᠢ ᠰᠦ ᠭᠠᠷᠳᠠᠭ ᠃
   ᠮᠣᠩᠭᠣᠯ ᠠᠳᠤᠭᠤ᠂ ᠪᠠᠢᠭᠠᠯᠢ ᠶ᠋ᠢᠨ ᠠᠭᠤᠷ ᠠᠮᠢᠰᠬᠤᠯ ᠠᠨᠠᠢ ᠰᠢᠭ᠋᠂ ᠡᠷᠡᠰ ᠲᠠᠰᠤ ᠬᠤᠪᠢᠷᠠᠯᠲᠠ ᠶᠡᠬᠡᠲᠡᠢ᠂ ᠠᠳᠠᠯᠢ ᠪᠤᠰᠤ ᠣᠷᠴᠢᠨ ᠲᠣᠭᠣᠷᠢᠨ ᠤ᠋ ᠨᠥᠬᠥᠴᠡᠯ ᠳ᠋ᠦ᠍ ᠬᠡᠪ ᠦ᠋ᠨ ᠪᠠᠢᠳᠠᠯ ᠢ᠋ᠶ᠋ᠠᠷ ᠵᠣᠬᠢᠴᠠᠵᠤ ᠴᠢᠳᠠᠳᠠᠭ᠃ ᠵᠢᠯ ᠲᠤᠷᠰᠢ ᠪᠡᠯᠴᠢᠭᠡᠷᠯᠡᠨ᠂ ᠶᠠᠮᠠᠷᠴᠤ ᠨᠥᠬᠥᠪᠥᠷᠢ ᠲᠡᠵᠢᠭᠡᠯ ᠪᠤᠶᠤ ᠫᠧᠩ ᠰᠠᠷᠠᠪᠴᠢ ᠵᠡᠷᠭᠡ ᠪᠡᠯᠡᠳᠬᠡᠯ ᠲᠥᠬᠥᠭᠡᠷᠦᠮᠵᠢ ᠬᠡᠷᠡᠭᠰᠡᠬᠦ ᠦᠭᠡᠢ ᠪᠡᠷ ᠴᠠᠰᠤ ᠵᠤᠳ ᠭᠠᠩ ᠭᠠᠮᠰᠢᠭ ᠢ᠋ ᠠᠵᠢᠭ ᠦᠭᠡᠢ ᠲᠤᠭᠤᠯᠵᠤ ᠴᠢᠳᠠᠨ᠎ᠠ᠂ ᠡᠯᠳᠡᠪ ᠵᠦᠢᠯ ᠦ᠋ᠨ ᠵᠤᠳ ᠭᠠᠮᠰᠢᠭ ᠲᠤ᠌ ᠲᠤᠢᠯ ᠤ᠋ᠨ ᠲᠡᠰᠪᠦᠷᠢ ᠳᠠᠭᠠᠭᠠᠴᠠ ᠲᠠᠢ ᠪᠥᠭᠡᠳ ᠡᠪᠡᠳᠴᠢᠨ ᠬᠢᠵᠢᠭ ᠢ᠋ ᠡᠰᠡᠷᠭᠦᠴᠡᠬᠦ ᠴᠢᠳᠠᠪᠤᠷᠢ ᠪᠠᠷ ᠲᠤᠩ ᠰᠠᠢᠨ᠂ ᠤᠳᠤᠮᠰᠢᠯ ᠨᠢ ᠲᠣᠭᠲᠠᠭᠤᠨ ᠪᠠᠢᠳᠠᠭ᠂ ᠡᠪᠡᠰᠦ ᠤᠷᠭᠤᠮᠠᠯ ᠤ᠋ᠨ ᠤᠷᠭᠤᠯᠲᠠ ᠶ᠋ᠢᠨ ᠬᠤᠭᠤᠴᠠᠭᠠᠨ ᠳ᠋ᠤ᠌ ᠪᠡᠯᠴᠢᠭᠡᠷᠯᠡᠨ ᠶᠡᠬᠡ ᠲᠦᠷᠭᠡᠨ ᠲᠠᠷᠭᠤ ᠠᠪᠴᠤ ᠴᠢᠳᠠᠳᠠᠭ᠃ ᠮᠣᠩᠭᠣᠯ ᠠᠳᠤᠭᠤᠨ ᠤ᠋ ᠦᠷᠡᠵᠢᠯᠲᠡ ᠶ᠋ᠢᠨ ᠨᠣᠷᠮ᠎ᠠ ᠶ᠋ᠢᠨ ᠥᠨᠳᠥᠷ ᠡᠰᠡᠬᠦ ᠨᠢ ᠪᠠᠢᠭᠠᠯᠢ ᠣᠷᠴᠢᠨ ᠠᠬᠤᠢ᠂ ᠡᠪᠡᠰᠦ ᠪᠡᠯᠴᠢᠭᠡᠷ ᠦ᠋ᠨ ᠤᠷᠭᠤᠴᠠ᠂ ᠨᠢᠭᠡᠨ ᠰᠦᠷᠦᠭ ᠳᠠᠬᠢ ᠭᠡᠭᠦᠦ ᠶ᠋ᠢᠨ ᠲᠣᠭᠠᠨ ᠤ᠋ ᠣᠯᠠᠨ ᠴᠥᠭᠡᠨ ᠭᠡᠬᠦ ᠮᠡᠲᠦ ᠣᠯᠠᠨ ᠲᠠᠯ᠎ᠠ ᠶ᠋ᠢᠨ ᠨᠥᠬᠥᠴᠡᠯ ᠰᠢᠯᠲᠠᠭᠠᠨ ᠠ᠋ᠴᠠ ᠰᠢᠯᠲᠠᠭᠠᠯᠠᠨ᠎ᠠ᠃
   ᠮᠣᠩᠭᠣᠯ ᠠᠳᠤᠭᠤᠨ ᠤ᠋ ᠠᠵᠢᠷᠭ᠎ᠠ ᠥᠪᠡᠷ ᠦ᠋ᠨ ᠬᠤᠷᠢᠶᠠᠭᠰᠠᠨ ᠰᠦᠷᠦᠭ ᠦ᠋ᠨ ᠪᠦᠬᠦ ᠠᠳᠤᠭᠤ ᠪᠠᠨ ᠦᠷᠭᠦᠯᠵᠢᠳᠡ ᠠᠵᠢᠭᠯᠠᠵᠤ᠂ ᠰᠠᠯᠵᠤ ᠪᠤᠲᠠᠷᠠᠬᠤ ᠪᠤᠶᠤ ᠬᠣᠴᠣᠷᠴᠤ ᠭᠡᠭᠡᠭᠳᠡᠬᠦ ᠶ᠋ᠢ ᠨᠢ ᠠᠩᠬᠠᠷᠤᠨ ᠰᠦᠷᠦᠭ ᠡᠴᠡ ᠪᠡᠨ ᠵᠠᠢᠳᠠᠨ ᠬᠣᠯᠠᠳᠠᠭᠰᠠᠳ ᠢ᠋ ᠳᠠᠷᠤᠢ ᠳ᠋ᠤᠨᠢ ᠬᠣᠷᠢᠶᠠᠨ ᠠᠪᠴᠢᠷᠠᠳᠠᠭ᠂ ᠪᠤᠰᠤᠳ ᠠᠷᠢᠶᠠᠲᠠᠨ ᠠᠮᠢᠲᠠᠨ᠂ ᠰᠦᠷᠦᠭ ᠲᠦ᠋ᠨᠢ ᠰᠦᠷᠳᠡᠭᠦᠯᠦᠯ ᠪᠣᠯᠬᠤ ᠦᠶ᠎ᠡ ᠳ᠋ᠦ᠍ ᠠᠮᠢ ᠴᠥᠯᠡᠨ ᠬᠠᠯᠳᠠᠨ ᠢᠷᠡᠭᠰᠡᠳ ᠲᠡᠢ ᠲᠡᠮᠡᠴᠡᠵᠦ᠂ ᠰᠦᠷᠦᠭ ᠢ᠋ᠶ᠋ᠡᠨ ᠬᠠᠮᠠᠭᠠᠯᠠᠳᠠᠭ᠃ ᠪᠠᠰᠠ ᠡᠬᠡ ᠪᠡᠨ ᠭᠢᠰᠬᠢᠳᠡᠭ ᠦᠭᠡᠢ ᠪᠥᠭᠡᠳ ᠥᠬᠢᠨ ᠲᠥᠯ ᠢ᠋ᠶ᠋ᠡᠨ ᠦᠷᠡᠵᠢᠬᠦ ᠨᠠᠰᠤᠨ ᠳ᠋ᠤ᠌ ᠬᠥᠷᠥᠭᠰᠡᠭᠡᠷ ᠪᠦᠬᠦᠨ ᠢ᠋ ᠰᠦᠷᠦᠭ ᠡᠴᠡ ᠪᠡᠨ ᠢᠯᠭᠠᠨ ᠭᠠᠷᠭᠠᠵᠤ ᠥᠭᠡᠷ᠎ᠡ ᠰᠦᠷᠦᠭ ᠲᠦ᠍ ᠣᠷᠣᠭᠤᠯᠬᠤ ᠭᠠᠢᠬᠠᠮ᠎ᠠ ᠣᠨᠴᠠᠭᠠᠢ ᠤᠬᠠᠭᠠᠨ ᠮᠡᠳᠡᠷᠡᠮᠵᠢ ᠲᠡᠢ ᠶᠦᠮ᠃
   ᠮᠣᠩᠭᠣᠯ ᠠᠳᠤᠭᠤᠨ ᠤ᠋ ᠪᠠᠰᠠ ᠨᠢᠭᠡᠨ ᠣᠨᠴᠠᠭᠠᠢ ᠣᠨᠴᠠᠯᠢᠭ ᠭᠡᠪᠡᠯ᠂ ᠠᠭᠤᠷ ᠠᠮᠢᠰᠬᠤᠯ ᠤ᠋ᠨ ᠬᠤᠪᠢᠷᠠᠯᠲᠠ ᠶ᠋ᠢ ᠤᠷᠢᠳᠴᠢᠯᠠᠨ ᠮᠡᠳᠡᠬᠦ ᠮᠡᠳᠡᠷᠡᠮᠵᠢ ᠲᠡᠢ᠃ ᠦᠨᠦᠷᠯᠡᠬᠦ᠂ ᠰᠣᠨᠣᠰᠬᠤ ᠡᠷᠬᠡᠲᠡᠨ ᠨᠢ ᠬᠥᠭᠵᠢᠯᠲᠡ ᠰᠠᠢᠲᠠᠢ ᠪᠣᠯᠬᠣᠷ᠂ ᠬᠣᠯᠠ ᠠ᠋ᠴᠠ ᠬᠥᠮᠦᠨ ᠠᠮᠢᠲᠠᠨ ᠤ᠋ ᠳᠠᠭᠤᠨ ᠴᠢᠮᠡᠭᠡ ᠪᠤᠶᠤ ᠦᠨᠦᠷ ᠢ᠋ ᠢᠯᠭᠠᠪᠤᠷᠢᠯᠠᠨ ᠮᠡᠳᠡᠳᠡᠭ᠃ ᠨᠤᠲᠤᠭ ᠢ᠋ᠶ᠋ᠠᠨ ᠮᠠᠷᠲᠠᠳᠠᠭ ᠦᠭᠡᠢ᠂ ᠬᠡᠳᠦᠢ ᠬᠣᠯᠠ ᠶᠠᠪᠤᠭᠰᠠᠨ ᠴᠤ᠌ ᠲᠣᠬᠢᠶᠠᠯ ᠣᠯᠳᠠᠪᠠᠯ ᠨᠤᠲᠤᠭ ᠲᠠᠭᠠᠨ ᠪᠤᠴᠠᠵᠤ ᠢᠷᠡᠳᠡᠭ᠃
   ᠬᠣᠢᠰᠢᠳᠠ ᠂ ᠡᠯ᠎ᠡ ᠭᠠᠵᠠᠷ ᠣᠷᠣᠨ ᠲᠤᠰ ᠲᠤᠰ ᠤ᠋ᠨ ᠪᠠᠢᠭᠠᠯᠢ ᠣᠷᠴᠢᠨ ᠠᠬᠤᠢ ᠨᠥᠬᠥᠴᠡᠯ ᠪᠠᠢᠳᠠᠯ ᠪᠣᠯᠤᠨ ᠠᠵᠤ ᠠᠬᠤᠢ ᠶ᠋ᠢᠨ ᠬᠡᠷᠡᠭᠴᠡᠭᠡ ᠱᠠᠭᠠᠷᠳᠠᠯᠭ᠎ᠠ ᠳ᠋ᠠᠭᠠᠨ ᠵᠣᠬᠢᠴᠠᠭᠤᠯᠤᠨ᠂ ᠮᠣᠩᠭᠣᠯ ᠠᠳᠤᠭᠤᠨ ᠤ᠋ ᠰᠢᠯᠢᠳᠡᠭ ᠰᠠᠢᠨ ᠰᠢᠨᠵᠢ ᠴᠢᠨᠠᠷ ᠪᠣᠯᠤᠨ ᠳᠠᠪᠠᠭᠤᠯᠢᠭ ᠣᠨᠴᠠᠯᠢᠭ ᠢ᠋ ᠤᠯᠠᠮ ᠨᠢᠭᠡ ᠠᠯᠬᠤᠮ ᠪᠠᠳᠠᠷᠠᠭᠤᠯᠤᠨ ᠰᠠᠢᠬᠠᠨ ᠠᠰᠢᠭᠯᠠᠬᠤ ᠶ᠋ᠢᠨ ᠲᠤᠰᠠᠳᠠ᠂ ᠡᠭᠦᠯᠳᠡᠷ ᠦ᠋ᠨ ᠳᠣᠲᠣᠷ᠎ᠠ ᠨᠢ ᠰᠢᠯᠢᠨ ᠰᠣᠩᠭᠣᠵᠤ ᠪᠣᠢᠵᠢᠭᠤᠯᠬᠤ ᠠᠷᠭ᠎ᠠ ᠪᠠᠷ ᠤᠳᠤᠮᠰᠢᠯ ᠤ᠋ᠨ ᠴᠡᠪᠡᠷ ᠴᠢᠨᠠᠷ ᠢ᠋ ᠬᠠᠮᠠᠭᠠᠯᠠᠬᠤ ᠶ᠋ᠢ ᠴᠢᠬᠤᠯᠠᠴᠢᠯᠠᠨ᠂ ᠠᠷᠠᠴᠢᠯᠠᠭ᠎ᠠ ᠮᠠᠯᠯᠠᠭ᠎ᠠ ᠶ᠋ᠢᠨ ᠠᠷᠭ᠎ᠠ ᠪᠠᠷᠢᠯ ᠢ᠋ᠶ᠋ᠠᠨ ᠶᠡᠬᠡᠪᠡᠷ ᠰᠠᠢᠵᠢᠷᠠᠭᠤᠯᠬᠤ ᠬᠡᠷᠡᠭᠲᠡᠢ᠃ ᠨᠢᠳᠦᠨ ᠡᠮᠦᠨᠡᠬᠢ ᠠᠰᠢᠭ ᠲᠤᠰᠠ ᠶ᠋ᠢ ᠬᠠᠷᠠᠵᠤ᠂ ᠲᠥᠰᠥᠪ ᠲᠥᠯᠥᠪᠯᠡᠭᠡ ᠦᠭᠡᠢ᠂ ᠮᠡᠷᠭᠡᠵᠢᠯ ᠦ᠋ᠨ ᠵᠢᠯᠣᠭᠣᠳᠤᠯᠭ᠎ᠠ ᠦᠭᠡᠢ ᠪᠡᠷ ᠥᠭᠡᠷ᠎ᠡ ᠪᠤᠰᠤᠳ ᠠᠳᠤᠭᠤᠨ ᠤ᠋ ᠡᠭᠦᠯᠳᠡᠷ ᠢ᠋ᠶ᠋ᠡᠷ ᠳᠤᠷ᠎ᠠ ᠪᠠᠷ ᠢ᠋ᠶ᠋ᠠᠨ ᠬᠠᠮᠢᠶ᠎ᠠ ᠦᠭᠡᠢ ᠡᠷᠯᠢᠰᠡᠵᠢᠭᠦᠯᠬᠦ ᠶ᠋ᠢ ᠬᠢᠵᠠᠭᠠᠷᠯᠠᠪᠠᠯ ᠵᠣᠬᠢᠨ᠎ᠠ᠃


ᠮᠣᠩᠭᠣᠯ ᠠᠳᠤᠭᠤ Монгол Адуу
ᠬᠢᠲᠠᠳ ᠨᠡᠷ᠎ᠡ᠄ 蒙古马

    ᠦᠰᠦᠭ ᠠᠮᠢᠯᠠᠭᠤᠯᠤᠭᠴᠢ᠄ ᠳᠣᠯᠣᠳ• ᠨᠠᠮᠵᠢᠯ
    ᠬᠢᠨᠠᠭᠴᠢ᠄ ᠣᠳᠬᠠᠨᠰᠣ᠎ᠠ